ᠪᠠᠭᠰᠢ ᠪᠤᠯᠤᠨ ᠠᠬᠠᠰ ᠵᠠᠬᠠᠰ ᠤᠨ ᠢᠶᠠᠨ ᠦᠭᠡ ᠶᠢ ᠰᠤᠨᠤᠰᠬᠤ ᠶᠢᠨ ᠤᠴᠢᠷ
ᠨᠡᠶᠢᠲᠡᠯᠡᠭᠰᠡᠨ ᠴᠠᠭ᠄
2020/5/22
                                                 ᠪᠣᠣ ᠺᠠᠢ ᠬᠤᠸᠠ      ᠭᠡᠤᠭᠡᠳ ᠤᠨ ᠨᠢᠯᠬ᠎ᠠ ᠪᠠᠭ᠎ᠠ ᠦᠶ᠎ᠡ ᠶᠢᠨ ᠡᠷᠳᠡᠮ ᠪᠣᠯ ᠦᠭᠡ ᠶᠠᠷᠢᠵᠣ ᠴᠢᠳᠠᠬᠰᠠᠨ ᠶᠠᠪᠣᠳᠠᠯ ᠪᠣᠯᠬᠤ ᠪᠢᠯᠡ᠃ ᠦᠭᠡ ᠶᠠᠷᠢᠵᠣ ᠴᠢᠳᠠᠬᠰᠠᠨ ᠢᠶᠠᠷ ᠦᠪᠡᠷ ᠤᠨ ᠦᠵᠡᠯ ᠰᠡᠳᠬᠢᠯᠭᠡ ᠪᠠᠨ ᠢᠯᠡᠳᠭᠡᠨ᠂ ᠣᠶᠢᠯᠡ ᠠᠵᠢᠯᠯᠠᠭ᠎ᠠ ᠪᠠᠨ ᠵᠢᠯᠣᠭᠤ ᠴᠣᠯᠪᠣᠭᠤᠷ ᠲᠤ ᠣᠷᠣᠭᠤᠯᠵᠣ ᠴᠢᠳᠠᠳᠠᠬ᠃ ᠡᠶᠢᠨ ᠬᠦ ᠦᠭᠡ ᠬᠢᠭᠡᠳ ᠠᠵᠢᠯᠯᠠᠭ᠎ᠠ ᠨᠢᠭᠡᠳᠴᠦ᠂ ᠵᠦᠪ ᠲᠦᠪ ᠤᠬᠠᠭᠠᠨ ᠰᠡᠳᠬᠢᠬᠦᠢ ᠪᠠᠷ ᠣᠷᠣᠰᠢᠨ ᠠᠮᠢᠳᠣᠷᠠᠬᠤ ᠪᠣᠯᠣᠮᠵᠢ ᠡᠬᠦᠳᠴᠦ᠂ ᠨᠡᠶᠢᠭᠡᠮ ᠳᠤ ᠠᠯᠬᠤᠨ ᠣᠷᠣᠬᠤ ᠨᠦᠬᠦᠴᠡᠯ ᠢ ᠪᠦᠷᠢᠯᠳᠦᠬᠦᠯᠳᠡᠭ᠃ ᠢᠩᠬᠢᠬᠦ ᠳᠤ ᠰᠣᠷᠭᠠᠭᠤᠯᠢ ᠭᠡᠳᠡᠭ ᠴᠢᠬᠤᠯᠠ ᠪᠣᠭᠤᠮᠳᠠ ᠲᠠᠭᠠᠷᠠᠯᠳᠣᠬᠤ ᠶᠣᠮ᠃ ᠭᠡᠤᠭᠡᠳ ᠢ ︽ᠬᠦᠮᠥᠨ ᠪᠣᠯᠬᠤ ᠪᠠᠭ᠎ᠠ ᠠᠴᠠ ᠪᠠᠨ᠂ ᠬᠦᠯᠥᠭ ᠪᠣᠯᠬᠤ ᠣᠨᠠᠭᠠᠨ ᠠᠴᠠ ᠪᠠᠨ︾ ᠭᠡᠳᠡᠭ ᠦᠭᠡ ᠦᠰᠴᠦ ᠲᠣᠮᠣᠭᠠᠵᠢᠬᠤ᠂ ᠰᠣᠷᠴᠣ ᠬᠦᠮᠥᠵᠢᠬᠦ ᠡᠬᠦᠳᠡᠨ ᠠᠴᠠ ᠠᠩᠬᠠᠯᠠᠨ ᠰᠣᠷᠭᠠᠮᠵᠢᠯᠠᠬᠰᠠᠨ ᠪᠠᠶᠢᠳᠠᠬ᠃      ᠰᠣᠷᠭᠠᠭᠤᠯᠢ ᠪᠣᠯ ᠰᠣᠷᠭᠠᠨ ᠬᠦᠮᠥᠵᠢᠯ ᠤᠨ ᠵᠢᠮ᠎ᠡ ᠬᠠᠣᠯᠢ᠂ ᠰᠣᠷᠭᠠᠭᠤᠯᠢ ᠶᠢᠨ ᠲᠦᠷᠢᠮ ᠭᠤᠷᠢᠮ ᠢᠶᠠᠷ ᠰᠣᠷᠣᠬᠴᠢᠳ ᠢ ᠲᠦᠯᠥᠪᠰᠢᠬᠦᠯᠥᠨ ᠬᠦᠮᠥᠵᠢᠬᠦᠯᠬᠦ ︽ᠡᠷᠳᠡᠮ ᠤᠨ ᠦᠯᠥᠭᠡᠢ︾ ᠶᠣᠮ᠃ ᠡ᠊ᠨᠳᠡ ᠭᠡᠤᠭᠡᠳ ᠦᠰᠦᠭ ᠪᠢᠴᠢᠭ ᠰᠣᠷᠣᠨ᠎ᠠ᠂ ᠦᠭᠡ ᠰᠣᠨᠣᠰᠴᠣ ᠰᠣᠷᠣᠨ᠎ᠠ᠃ ᠢᠩᠬᠢᠬᠦ ᠳᠤ ︽ᠦᠭᠡ ᠲᠠᠨᠢᠪᠠᠯ ᠰᠡᠴᠡᠨ᠂ ᠦᠯᠢᠭᠡᠷᠯᠡᠵᠦ ᠮᠡᠳᠡᠪᠡᠯ ᠮᠡᠷᠭᠡᠨ︾ ᠭᠡᠳᠡᠭ ᠠᠯᠢ ᠴᠣ᠋ ᠨᠠᠰᠣᠨ ᠳᠤ᠂ ᠬᠡᠵᠢᠶ᠎ᠡ ᠴᠣ᠋ ᠮᠡᠳᠡᠵᠦ ᠴᠡᠨᠡᠵᠦ ᠶᠠᠪᠣᠬᠤ ᠰᠣᠷᠭᠠᠯ ᠦᠭᠡ ᠭᠡᠤᠭᠡᠳ ᠲᠤ ᠲᠣᠰᠠᠯᠠᠬᠤ ᠪᠣᠯᠣᠨ᠎ᠠ᠃ ᠦᠭᠡ ᠬᠡᠯᠡᠵᠦ ᠴᠢᠳᠠᠬᠰᠠᠨ᠂ ᠡᠰᠡᠬᠦᠯ᠎ᠡ ᠦᠭᠡ ᠰᠣᠨᠣᠰᠴᠣ ᠡᠬᠢᠯᠡᠭᠰᠡᠨ ᠨᠢ ᠭᠡᠤᠭᠡᠳ ᠢ ᠦᠭᠡ ᠰᠣᠨᠣᠰᠴᠣ ᠴᠢᠳᠠᠯ᠎ᠠ ᠭᠡᠵᠦ ᠦᠨᠡᠯᠡᠬᠦ ᠦᠭᠡᠢ ᠶᠣᠮ᠃ ᠣᠴᠢᠷ ᠨᠢ ᠦᠭᠡ ᠰᠣᠨᠣᠰᠬᠤ ᠳᠤ ᠡᠷᠳᠡᠮ ᠣᠷᠣᠨ᠎ᠠ᠃       —  ᠦᠭᠡ ᠰᠣᠨᠣᠰᠴᠣ ᠰᠣᠷᠬᠤ ᠳᠤ ᠴᠠᠬ ᠬᠡᠷᠡᠭᠰᠡᠨ᠎ᠡ᠃ ᠠᠯᠢ ᠴᠠᠬ ᠲᠤ ᠶᠠᠮᠠᠷ ᠦᠭᠡ ᠶᠢ ᠰᠣᠨᠣᠰᠬᠤ ᠪᠣᠯ ᠠᠩᠬᠠᠨ ᠤ ᠡᠷᠳᠡᠮ ᠶᠣᠮ᠃ ᠬᠢᠴᠢᠶᠠᠯ ᠤᠨ ᠴᠠᠬ ᠤᠨ ᠲᠦᠴᠢᠨ ᠮᠢᠨᠦ᠋ᠲ ᠲᠤ ᠭᠡᠤᠭᠡᠳ ᠪᠠᠭᠰᠢ ᠶᠢᠨ ᠦᠭᠡ ᠶᠢ ᠬᠢᠴᠢᠶᠠᠯ ᠤᠨ ᠠᠭᠤᠯᠭ᠎ᠠ ᠲᠠᠢ ᠬᠤᠯᠪᠣᠬᠳᠠᠭᠤᠯᠣᠨ ᠰᠣᠨᠣᠰᠴᠣ᠂ ᠰᠣᠷᠭᠠᠭᠤᠯᠢ ᠶᠢᠨ ᠬᠦᠮᠥᠵᠢᠯ ᠤᠨ ᠵᠢᠮ᠎ᠡ ᠬᠠᠣᠯᠢ ᠶᠣᠰᠣᠭᠠᠷ ᠡᠷᠳᠡᠮ ᠮᠡᠳᠡᠯᠭᠡ ᠶᠢ ᠰᠢᠰᠲ᠋ᠧᠮ ᠲᠠᠢ ᠰᠣᠷᠬᠤ ᠳᠤ ᠣᠶᠢᠯᠡᠴᠢᠯᠡᠬᠦᠯᠥᠨ᠎ᠡ᠃ ᠡᠶᠢᠨ ᠬᠦ ᠬᠢᠴᠢᠶᠡᠯ ᠤᠨ ᠴᠠᠬ ᠤᠨ ᠲᠦᠴᠢᠨ ᠮᠢᠨᠦ᠋ᠲ ᠢ ᠬᠦᠢᠴᠡᠳ ᠠᠰᠢᠬᠯᠠᠵᠣ᠂ ᠪᠠᠭᠰᠢ ᠶᠢᠨ ᠦᠭᠡ ᠶᠢ ᠰᠣᠨᠣᠰᠴᠣ ᠰᠣᠷᠬᠤ ᠭᠡᠷᠡᠭᠳᠡᠢ᠃ ᠪᠠᠭᠰᠢ ᠶᠢᠨ ᠶᠠᠷᠢᠶ᠎ᠠ ᠶᠢ ᠶᠠᠮᠠᠷ ᠣᠪᠣᠷ ᠢᠶᠠᠷ ᠰᠣᠨᠣᠰᠬᠤ ᠪᠣᠯ ᠰᠣᠷᠣᠬᠴᠢ ᠨᠢᠭᠡ ᠪᠦᠷᠢ ᠶᠢᠨ ᠰᠣᠷᠣᠯᠭ᠎ᠠ ᠶᠢᠨ ᠬᠢᠷᠢ ᠪᠦᠳᠦᠮᠵᠢ ᠯᠦᠭᠡ ᠬᠤᠯᠪᠣᠬᠳᠠᠬᠤ ᠨᠠᠷᠢᠨ ᠠᠰᠠᠭᠤᠳᠠᠯ ᠶᠣᠮ᠃ ᠡᠬᠦᠨ ᠢ ᠪᠣᠳᠠᠳᠠᠢ ᠪᠠᠷ ᠵᠢᠱᠢᠶᠡᠯᠡᠬᠦ ᠳᠤ᠄ ᠣᠣᠯ ᠤᠨ ᠣᠯᠣᠰ ᠤᠨ ᠬᠦᠯ ᠪᠦᠮᠪᠦᠭᠡ ᠶᠢᠨ ᠪᠠᠬ ᠤᠨ ᠰᠣᠷᠭᠠᠬᠴᠢ ᠪᠠᠶᠢᠬᠰᠠᠨ ᠣᠷᠢᠳᠣᠬᠢ ᠶᠣᠭᠤᠰᠯᠠᠸᠢᠶ᠎ᠠ ᠶᠢᠨ ᠮᠢᠷᠣ᠋ ᠠᠴᠠ ︽ᠣᠪᠣᠷ ᠠᠯᠢᠪᠠ ᠶᠢ ᠲᠣᠬᠳᠠᠭᠠᠨ᠎ᠠ︾ ᠬᠡᠵᠦ ᠲᠣᠮᠳᠠᠳᠣ ᠣᠯᠣᠰ ᠤᠨ ᠬᠦᠯ ᠪᠦᠮᠪᠦᠭᠡ ᠶᠢᠨ ᠪᠠᠬ ᠤᠨ ᠬᠢᠷᠢ ᠪᠦᠳᠦᠮᠵᠢ ᠶᠢᠨ ᠣᠯᠵᠣ ᠠᠯᠳᠠᠬᠰᠠᠨ ᠢ ᠳ᠋ᠦᠩᠨᠡᠭᠰᠡᠨ ᠪᠠᠶᠢᠳᠠᠬ ᠢ ᠲᠣᠷᠠᠳᠣᠭᠤᠰᠢᠳᠠᠢ᠃      — ᠦᠭᠡ ᠰᠣᠨᠣᠰᠴᠣ ᠰᠣᠷᠬᠤ ᠳᠤ ᠣᠷᠣᠨ ᠵᠠᠢ ᠭᠡᠷᠡᠭᠰᠡᠨ᠎ᠡ᠃ ᠶᠠᠮᠠᠷ ᠣᠷᠣᠨ ᠵᠠᠢ ᠳᠤ ᠦᠭᠡ ᠰᠣᠨᠣᠰᠬᠤ ᠪᠣᠯ ᠡᠷᠳᠡᠮᠰᠢᠬᠦ ᠶᠢᠨ ᠦᠷᠬᠦᠯᠵᠢᠯᠡᠯ ᠪᠣᠯᠬᠤ ᠶᠣᠮ᠃ ᠭᠡᠤᠭᠡᠳ ᠬᠢᠴᠢᠶᠡᠯ ᠤᠨ ᠲᠠᠩᠬᠢᠮ ᠳᠤ ᠪᠠᠭᠰᠢ ᠶᠢᠨ ᠦᠭᠡ ᠶᠢ ᠰᠠᠶᠢᠳᠣᠷ ᠰᠣᠨᠣᠰᠴᠣ᠂ ᠡᠷᠳᠡᠮ ᠮᠡᠳᠡᠯᠭᠡ ᠡᠵᠡᠮᠰᠢᠬᠦ ᠰᠠᠭᠤᠷᠢ ᠶᠢ ᠲᠠᠯᠪᠢᠵᠣ᠂ ᠰᠣᠷᠴᠣ ᠬᠦᠮᠥᠵᠢᠬᠦ ᠶᠢᠨ ᠵᠠᠮ ᠢ ᠡᠯᠬᠦᠭᠰᠡᠨ ᠪᠠᠶᠢᠪᠠᠯ᠂ ᠭᠡᠷ ᠪᠦᠯᠢ ᠳᠤ ᠪᠠᠨ ᠡᠴᠢᠭᠡ ᠡᠭᠡ ᠶᠢᠨ ᠦᠭᠡ ᠶᠢ ᠬᠢᠴᠢᠶᠡᠨ ᠰᠣᠨᠣᠰᠴᠣ᠂ ᠬᠦᠮᠥᠨ ᠪᠣᠯᠬᠤ ᠣᠬᠠᠭᠠᠨ ᠢ ᠰᠣᠷᠴᠣ᠂ ᠰᠣᠷᠳᠠᠯ ᠲᠠᠢ ᠬᠡᠣᠭᠡᠳ ᠪᠣᠯᠵᠣ ᠬᠦᠮᠥᠵᠢᠬᠦ ᠶᠣᠰᠣᠳᠠᠢ᠃ ᠰᠣᠷᠳᠠᠯ ᠭᠡᠳᠡᠭ ᠪᠣᠯ ᠭᠡᠷ ᠪᠦᠯᠢ ᠠᠴᠠ ᠣᠯᠠᠮᠵᠢᠯᠠᠯ ᠲᠠᠢ ᠶᠣᠮ᠃ ︽ᠠᠪᠤ ᠶᠢᠨ ᠦᠭᠡ ᠠᠯᠳᠠ ᠡᠵᠢ ᠶᠢᠨ ᠦᠭᠡ ᠡᠷᠳᠡᠨᠢ︾ ᠭᠡᠳᠡᠭ ᠰᠢᠣ᠃ ︽ᠡᠷᠭᠡ ᠲᠠᠩᠬᠢ︾ ᠭᠡᠳᠡᠭ ᠦᠭᠡ ᠪᠠᠷᠤᠬ ᠯᠠ ︽ᠦᠭᠡᠨ ᠳᠤ ᠣᠷᠣᠳᠠᠬ ᠦᠭᠡᠢ︾ ᠭᠡᠳᠡᠭ ᠤᠨ ᠨᠦᠬᠦᠭᠡ ᠨᠡᠷᠡᠶᠢᠳᠦᠯ ᠪᠣᠯᠬᠤ ᠪᠠᠶᠢᠬ᠎ᠠ᠃ ᠦᠭᠡᠨ ᠳᠤ ᠣᠷᠣᠳᠠᠬ ᠦᠭᠡᠢ ᠠᠴᠠ ᠪᠣᠯᠵᠣ ᠰᠣᠷᠳᠠᠯ ᠦᠬᠡᠶᠢᠳᠡᠬᠦ᠂ ᠦᠭᠡᠨ ᠳᠤ ᠣᠷᠣᠳᠠᠬ ᠦᠭᠡᠢ ᠠᠴᠠ ᠪᠣᠯᠵᠣ ᠬᠠᠣᠯᠢ ᠳᠤ ᠣᠨᠠᠳᠠᠬ ᠵᠢᠱᠢᠶ᠎ᠡ ᠶᠢ ᠠᠯᠢ ᠶᠢ ᠨᠢ ᠲᠡᠷᠡ ᠬᠡᠬᠦ ᠪᠣᠢ᠃ ᠡᠶᠢᠨ ᠬᠦ ᠶᠠᠭᠤᠮ᠎ᠠ ᠶᠢ ᠴᠠᠬ ᠲᠠᠢ᠂ ᠲᠢᠭ ᠲᠠᠢ᠂ ᠬᠠᠷᠢᠭᠤᠴᠠᠯᠭ᠎ᠠ ᠲᠠᠢ ᠬᠢᠵᠦ ᠬᠦᠢᠴᠡᠳᠭᠡᠬᠦ ᠪᠣᠯ ᠰᠣᠷᠳᠠᠯ ᠲᠠᠢ ᠪᠣᠯᠵᠣ ᠬᠦᠮᠥᠵᠢᠬᠦ ᠶᠢᠨ ᠡᠬᠢᠯᠡᠯ ᠪᠣᠯᠣᠨ᠎ᠠ᠃ ᠬᠦᠮᠦᠨ ᠨᠡᠶᠢᠭᠡᠮ ᠲᠡᠭᠡᠷ᠎ᠡ ᠴᠣ᠋ ᠡᠨᠡ ᠬᠦ ᠶᠣᠰᠣᠭᠠᠷ ᠬᠢᠵᠦ ᠬᠦᠢᠴᠡᠳᠬᠡᠪᠡᠯ᠂ ᠬᠤᠵᠢᠮ ᠤᠨ ᠰᠠᠶᠢᠨ ᠦᠷ᠎ᠡ ᠲᠠᠭᠠᠪᠣᠷᠢ ᠳᠤ ᠬᠦᠷᠭᠡᠨ᠎ᠡ ᠭᠡᠳᠡᠭ ᠢ ︽ᠬᠦᠮᠥᠨ ᠠᠬ᠎ᠠ ᠲᠠᠢ ᠲᠡᠪᠡᠯ ᠵᠠᠬ᠎ᠠ ᠲᠠᠢ ᠰᠠᠶᠢᠬᠠᠨ︾ ᠬᠡᠳᠡᠭ ᠰᠣᠷᠭᠠᠯ ᠦᠭᠡ ᠪᠠᠳᠣᠯᠠᠨ᠎ᠠ᠃      — ᠦᠭᠡ ᠰᠣᠨᠣᠰᠴᠣ ᠰᠣᠷᠬᠤ ᠳᠤ ᠠᠷᠭ᠎ᠠ ᠣᠬᠠᠭᠠᠨ ᠭᠡᠷᠡᠭᠰᠡᠨ᠎ᠡ᠃ ᠭᠡᠤᠭᠡᠳ ᠲᠤ ᠦᠭᠡ ᠶᠢ ᠶᠠᠭᠠᠬᠢᠵᠣ ᠰᠣᠨᠣᠰᠬᠤ ᠠᠷᠭ᠎ᠠ ᠣᠬᠠᠭᠠᠨ ᠢ ᠰᠣᠷᠭᠠᠶ᠎ᠠ᠃ ᠦᠭᠡ ᠰᠣᠨᠣᠰᠴᠣ ᠰᠣᠷᠬᠤ ᠳᠤ ᠬᠦᠯᠢᠴᠡᠩᠬᠦᠢ ᠪᠠᠶᠢᠬᠤ ᠴᠢᠬᠤᠯᠠ ᠶᠣᠮ᠃ ᠭᠡᠤᠭᠡᠳ ᠦᠬᠦᠯᠡᠭᠴᠢ ᠶᠢᠨ ᠦᠬᠡ ᠶᠢ ᠰᠣᠨᠣᠰᠬᠤ ᠳᠤ ᠲᠡᠪᠴᠢᠶᠡᠷᠢ ᠲᠠᠢ ᠪᠠᠶᠢᠬᠤ ᠭᠡᠷᠡᠭᠳᠡᠢ᠂ ᠲᠡᠳᠡᠨ ᠤ ᠦᠬᠦᠯᠡᠵᠦ ᠪᠠᠶᠢᠭ᠎ᠠ ᠵᠦᠢᠯᠡᠰ ᠢ ᠰᠡᠳᠬᠢᠯ ᠳᠤ ᠪᠠᠨ ᠲᠣᠬᠳᠠᠭᠠᠨ ᠰᠣᠨᠣᠰᠴᠣ᠂ ᠲᠠᠭᠠᠣ ᠳᠤ ᠨᠢ ᠰᠢᠬᠦᠮᠵᠢᠯᠡᠯ ᠲᠠᠢ ᠬᠦᠯᠢᠶᠡᠨ ᠠᠪᠣᠪᠠᠯ ᠵᠣᠬᠢᠨ᠎ᠠ᠃ ᠬᠠᠷᠢᠨ ︽ᠡᠨᠡ ᠶᠠᠷᠢᠬ᠂ ᠪᠢ ᠰᠣᠨᠣᠰᠴᠣ ᠦᠭᠬᠦᠶ᠎ᠡ︾ ᠭᠡᠳᠡᠭ ᠭᠡ ᠳᠤ ᠪᠠᠨ ᠭᠠᠷᠣᠬᠰᠠᠨ ᠣᠪᠣᠷ ᠪᠠᠶᠢᠳᠠᠯ ᠢᠶᠠᠷ ᠬᠠᠨᠳᠣᠳᠠᠬ ᠪᠣᠯ ᠨᠢᠭᠡᠯᠡ ᠰᠣᠨᠣᠰᠬᠤ ᠦᠭᠡᠢ ᠨᠢ ᠳᠡᠭᠡᠷ᠎ᠡ ᠭᠡᠮᠡᠷ᠃ ᠪᠠᠰᠠ ᠦᠭᠡ ᠰᠣᠨᠣᠰᠴᠣ ᠰᠣᠷᠬᠤ ᠳᠤ ᠦᠷ᠎ᠡ ᠳ᠋ᠦᠩ ᠲᠠᠢ ᠪᠠᠶᠢᠬᠤ ᠴᠢᠬᠤᠯᠠ ᠶᠣᠮ᠃ ᠰᠣᠷᠭᠠᠯ ᠰᠢᠬᠦᠮᠵᠢᠯᠡᠯ ᠴᠣ᠋ ᠪᠣᠯᠤᠬ᠂ ᠰᠣᠯᠠ ᠵᠣᠭᠤᠬ ᠴᠣ᠋ ᠪᠣᠯᠤᠬ᠂ ᠭᠡᠤᠭᠡᠳ ᠦᠬᠦᠯᠡᠭᠴᠢ ᠶᠢᠨ ᠦᠭᠡ ᠶᠢ ︽ᠪᠠᠷᠠᠭᠤᠨ ᠴᠢᠬᠢ ᠪᠠᠷ ᠣᠷᠣᠭᠤᠯᠵᠣ᠂ ᠵᠠᠬᠦᠨ ᠴᠢᠬᠢ ᠪᠠᠷ ᠭᠠᠷᠭᠠᠵᠣ︾ ᠶᠠᠭᠠᠬᠢᠬᠰᠠᠨ ᠴᠣ᠋ ᠪᠣᠯᠬᠤ ᠦᠭᠡᠢ᠃ ︽ᠦᠭᠡᠨ ᠳᠤ ᠣᠷᠣᠬᠤ ᠦᠭᠡᠢ︾ ᠭᠡᠳᠡᠭ ᠪᠣᠯ ᠰᠣᠨᠣᠰᠣᠬᠴᠢ ᠶᠢᠨ ᠦᠷ᠎ᠡ ᠳ᠋ᠦᠩ ᠦᠭᠡᠢ ᠠᠵᠢᠯᠯᠠᠭ᠎ᠠ ᠶᠢ ᠰᠢᠬᠦᠮᠵᠢᠯᠡᠵᠦ ᠬᠡᠯᠡᠭᠰᠡᠨ ᠦᠭᠡ ᠶᠣᠮ᠃ ᠡᠶᠢᠮᠦ ᠠᠴᠠ ᠦᠬᠦᠯᠡᠭᠴᠢ ᠶᠢᠨ ᠦᠭᠡ ᠶᠢ ︽ᠬᠦᠯᠢᠴᠡᠩᠬᠦᠢ︾᠂ ︽ᠦᠷ᠎ᠡ ᠳ᠋ᠦᠩ︾᠎ ᠲᠠᠢ ᠰᠣᠨᠣᠰᠴᠣ ︽ᠰᠣᠷᠳᠠᠯ ᠲᠠᠢ ᠬᠡᠣᠭᠡᠳ︾ ᠪᠣᠯᠬᠤ ᠶᠢ ᠵᠢᠭᠠᠬᠤ ᠭᠡᠷᠡᠭᠳᠡᠢ᠃      ᠦᠭᠡ ᠰᠣᠨᠣᠰᠴᠣ ᠰᠣᠷᠬᠤ ᠶᠠᠪᠣᠳᠠᠯ ᠰᠣᠷᠭᠠᠭᠤᠯᠢ ᠶᠢᠨ ᠠᠯᠢ ᠴᠣ᠋ ᠨᠠᠰᠣᠨ ᠤ ᠰᠣᠷᠣᠬᠴᠢ ᠭᠡᠣᠭᠡᠳ ᠲᠤ ᠪᠣᠳᠠᠳᠣ ᠠᠴᠢ ᠬᠤᠯᠪᠣᠬᠳᠠᠯ ᠲᠠᠢ ᠪᠠᠶᠢᠳᠠᠬ᠃ ᠰᠣᠷᠭᠠᠭᠤᠯᠢ ᠶᠢᠨ ᠰᠣᠷᠭᠠᠨ ᠬᠦᠮᠥᠵᠢᠯ ᠳᠤ᠂ ᠭᠡᠷ ᠪᠦᠯᠢ ᠶᠢᠨ ᠰᠣᠷᠭᠠᠨ ᠬᠦᠮᠥᠵᠢᠯ ᠳᠤ ᠡᠨᠡ ᠬᠦ ᠡᠩ ᠵᠢᠷ ᠤᠨ ᠣᠶᠢᠯᠡ ᠠᠵᠢᠯᠯᠠᠭ᠎ᠠ ᠮᠠᠰᠢ ᠴᠢᠬᠤᠯᠠ ᠪᠠᠶᠢᠳᠠᠬ ᠢ ᠨᠡᠶᠢᠳᠡ ᠲᠡᠯᠡᠬᠡᠢ ᠶᠢᠨ ᠰᠣᠷᠭᠠᠨ ᠬᠦᠮᠥᠵᠢᠯ ᠤᠨ ᠣᠶᠢᠯᠡᠳᠦᠯᠬᠡ ᠵᠦᠪ ᠲᠠᠯ᠎ᠠ ᠠᠴᠠ ᠨᠣᠳᠠᠯᠠᠬᠰᠠᠭᠠᠷ ᠪᠣᠢ ᠶᠣᠮ᠃ ᠦᠭᠡ ᠶᠢ ᠰᠠᠶᠢᠨ ᠰᠠᠶᠢᠬᠠᠨ ᠰᠣᠨᠣᠰᠣᠬᠰᠠᠨ ᠢᠶᠠᠷ ︽ᠰᠣᠷᠳᠠᠯ︾᠎ ᠲᠠᠢ ᠪᠣᠯᠣᠨ ᠬᠦᠮᠥᠵᠢᠵᠦ᠂ ᠬᠦᠮᠥᠨ ᠠᠷᠠᠳ ᠲᠦᠷᠦ ᠬᠦᠷᠦᠨ ᠳᠤ ᠲᠣᠰᠠ ᠲᠠᠢ ᠬᠦᠮᠥᠨ ᠪᠤᠯᠵᠤ ᠭᠦᠮᠦᠵᠢᠭᠳᠡᠭᠦ ᠶᠤᠮ᠃                                           ᠬᠠᠶ᠋ᠢᠬ᠄ ᠬᠤᠷᠴᠢᠨ ᠪᠠᠷᠠᠭᠤᠨ ᠭᠠᠷᠤᠨ ᠲᠤᠮᠳᠠᠳᠤ                                                   ᠬᠤᠰᠢᠭᠤᠨ ᠤ ᠵᠢᠭᠠᠬᠤ ᠶᠢ ᠰᠤᠳᠤᠯᠬᠤ ᠲᠠᠰᠤᠬ                                                   ︵ᠰᠦᠶ᠎ᠠ ᠨᠠᠶᠢᠷᠠᠭᠤᠯᠪᠠ︶                                                           2020 ᠤᠨ ᠤ 2 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号