ᠪᠤᠤ ᠲᠤᠶᠠᠭ᠎ᠠ | | | ᠪᠢ ᠪᠤᠯ ᠨᠢᠭᠡᠨ ᠡᠭᠡᠯ ᠵᠢᠷ ᠤᠨ ᠮᠤᠩᠭᠤᠯ ᠪᠠᠭ᠎ᠠ ᠰᠤᠷᠭᠠᠭᠤᠯᠢ ᠶᠢᠨ ᠬᠢᠳᠠᠳ ᠬᠡᠯᠡᠨ ᠤ ᠪᠠᠭᠰᠢ ᠶᠤᠮ᠃ ᠡᠨᠡ | ᠬᠦ ᠬᠠᠳᠠᠭᠤᠵᠢᠯᠲᠠᠢ ᠪᠤᠯᠪᠠᠴᠦ ᠦᠩᠭᠡ ᠭᠡᠷᠡᠯ ᠲᠠᠢ ᠠᠵᠢᠯ ᠤᠨ ᠪᠠᠶᠢᠷᠢᠨ ᠳᠡᠭᠡᠷ᠎ᠡ ᠪᠠᠨ ᠠᠵᠢᠯᠯᠠᠭᠠᠳ ᠨᠢᠭᠡᠨᠳᠡ | ᠬᠤᠷᠢᠨ ᠭᠡᠳᠦᠨ ᠵᠢᠯ ᠪᠤᠯᠴᠢᠬᠠᠯ᠎ᠠ᠃ ᠶᠡᠷᠦ ᠨᠢ ᠰᠠᠶ᠋ᠢ ᠠᠵᠢᠯ ᠳᠤ ᠭᠠᠷᠤᠭᠰᠠᠨ ᠲᠡᠷᠡ ᠬᠡᠳᠦᠨ ᠵᠢᠯ ᠳᠤ ᠬᠢᠳᠠᠳ | ᠬᠡᠯᠡᠨ ᠤ ᠪᠠᠭᠰᠢ ᠳᠤᠲᠠᠳᠠᠭ ᠰᠢᠯᠳᠠᠭᠠᠨ ᠠᠴᠠ ᠶᠤᠮ ᠤᠤ᠂ ᠪᠢ ᠭᠤᠷᠪᠠᠨ ᠠᠩᠭᠢ ᠶᠢᠨ ᠵᠠᠭᠤ ᠭᠠᠷᠤᠢ | ᠰᠤᠷᠤᠭᠴᠢᠳ ᠲᠤ ᠬᠢᠳᠠᠳ ᠬᠡᠯᠡᠨ ᠤ ᠬᠢᠴᠢᠶᠡᠯ ᠵᠢᠭᠠᠳᠠᠬ ᠪᠠᠶᠢᠯ᠎ᠠ᠃ ᠠᠵᠢᠯ ᠤᠨ ᠡᠬᠦᠷᠭᠡ ᠨᠡᠯᠢᠶᠡᠳ ᠬᠦᠨᠳᠦ | ᠪᠠᠶᠢᠭᠰᠠᠨ ᠲᠤᠯᠠ ᠰᠤᠷᠭᠠᠭᠤᠯᠢ ᠠᠴᠠ ᠨᠠᠳᠠ ᠳᠤ ᠠᠩᠭᠢ ᠶᠢᠨ ᠡᠷᠬᠢᠯᠡᠭᠴᠢ ᠶᠢᠨ ᠠᠵᠢᠯ ᠢ ᠶᠡᠷᠦ ᠲᠤᠬᠢᠷᠠᠭᠤᠯᠤᠭᠰᠠᠨ | ᠦᠭᠡᠢ᠃ ᠭᠡᠪᠡᠴᠦ ᠰᠤᠷᠭᠠᠭᠤᠯᠢ ᠶᠢᠨ ᠠᠵᠢᠯ ᠤᠨ ᠴᠢᠬᠤᠯᠠᠴᠢᠯᠠᠭ᠎ᠠ ᠠᠴᠠ ᠪᠤᠯᠵᠦ᠂ 2008 ᠤᠨ ᠤ ᠨᠠᠮᠤᠷ ᠠᠴᠠ | ᠡᠬᠢᠯᠡᠵᠦ ᠠᠩᠭᠢ ᠶᠢᠨ ᠡᠷᠬᠢᠯᠡᠭᠴᠢ ᠶᠢᠨ ᠠᠵᠢᠯ ᠢ ᠡᠬᠦᠷᠭᠡᠯᠡᠭᠡᠳ ᠨᠢᠭᠡᠨᠳᠡ 12 ᠵᠢᠯ ᠤᠨ ᠨᠢᠭᠤᠷ ᠢ ᠦᠵᠡᠴᠢᠬᠡᠯ᠎ᠡ᠃ | ᠦᠨᠦ ᠨᠢᠭᠡᠨᠳᠡ ᠬᠤᠶᠠᠷ ᠡᠭᠡᠯᠵᠢ ᠶᠢᠨ ᠠᠩᠭᠢ ᠶᠢ ᠲᠡᠭᠦᠰᠭᠡᠭᠡᠳ᠂ ᠠᠩᠭᠢ ᠶᠢᠨ ᠡᠷᠬᠢᠯᠡᠭᠴᠢ ᠶᠢᠨ ᠠᠵᠢᠯ ᠳᠤ | ᠤᠷᠬᠢᠯᠤᠮ᠎ᠠ ᠬᠠᠯᠠᠭᠤᠨ ᠬᠠᠶᠢᠷ᠎ᠠ ᠰᠡᠳᠬᠢᠯᠭᠡ ᠲᠠᠢ ᠪᠤᠯᠪᠠ᠃ ᠬᠦᠮᠦᠰ ᠬᠡᠷᠪᠡ ᠠᠷᠠᠳ ᠤᠨ ᠪᠠᠭᠰᠢ ᠶᠢᠨ ᠠᠵᠢᠯ | ᠦᠢᠯᠡᠰ ᠢ ᠲᠦᠢᠯ ᠤᠨ ᠦᠩᠭᠡ ᠭᠡᠷᠡᠯᠲᠡᠢ ᠭᠡᠳᠡᠭ ᠶᠤᠮ ᠪᠤᠯ ᠮᠢᠨᠤ ᠦᠵᠡᠬᠦ ᠪᠠᠷ᠂ ᠠᠩᠭᠢ ᠶᠢᠨ ᠡᠷᠬᠢᠯᠡᠭᠴᠢ | ᠪᠤᠯᠬᠤ ᠨᠢ ᠨᠡᠩ ᠦᠩᠭᠡ ᠭᠡᠷᠡᠯᠲᠡᠢ ᠮᠦᠷᠳᠡᠭᠡᠨ ᠵᠤᠯ ᠵᠢᠷᠭᠠᠯ ᠲᠠᠢ ᠶᠠᠪᠤᠳᠠᠯ ᠶᠤᠮ᠃ ᠬᠦᠮᠦᠰ ᠨᠠᠳᠠ ᠠᠴᠠ᠄ ︽ | ᠠᠩᠭᠢ ᠶᠢᠨ ᠡᠷᠬᠢᠯᠡᠭᠴᠢ ᠶᠢᠨ ᠠᠵᠢᠯ ᠤᠨ ᠠᠮᠵᠢᠯᠲᠠ ᠤᠯᠬᠤ ᠶᠢᠨ ᠤᠷᠢᠳᠠᠯ ᠨᠢ ᠶᠠᠭᠤ ᠪᠤᠢ︖︾ ᠭᠡᠵᠦ | ᠠᠰᠠᠭᠤᠪᠠᠯ ᠨᠢ ᠪᠢ ᠲᠡᠬᠦᠨ ᠳᠤ᠄ ︽ᠬᠠᠶᠢᠷ᠎ᠠ︾ ᠭᠡᠵᠦ ᠪᠠᠳᠤᠲᠠᠢ ᠬᠠᠷᠢᠭᠤᠯᠵᠦ ᠦᠭᠬᠦᠨ᠎ᠡ᠃ ᠬᠡᠷᠪᠡ ᠠᠩᠭᠢ ᠶᠢᠨ | ᠡᠷᠬᠢᠯᠡᠭᠴᠢ ᠪᠤᠯᠤᠭᠰᠠᠳ ᠬᠠᠷᠢᠭᠤᠴᠠᠯᠭᠠᠲᠦ ᠰᠡᠳᠬᠢᠯᠭᠡ ᠪᠠᠷ ᠠᠩᠭᠢ ᠪᠠᠨ ᠳᠤᠳᠤᠮᠳᠠᠵᠦ᠂ ᠴᠢᠩ ᠦᠨᠡᠨ | ᠰᠡᠳᠬᠢᠯ ᠠᠴᠠ ᠪᠠᠨ ᠬᠡᠤᠬᠡᠳ ᠪᠤᠯᠭᠠᠨ ᠳᠤ ᠡᠷᠭᠡ ᠲᠡᠭᠰᠢ ᠬᠠᠨᠳᠦᠨ᠂ ᠬᠢᠴᠢᠶᠡᠯ ᠲᠦᠷᠦᠯ ᠤᠨ ᠪᠠᠭᠰᠢ ᠨᠠᠷ ᠲᠠᠢ | ᠰᠡᠳᠬᠢᠯ ᠨᠢᠭᠡᠳᠦᠨ᠂ ᠬᠡᠷ ᠤᠨ ᠠᠬᠠᠮᠠᠳ ᠪᠤᠯᠭᠠᠨ ᠲᠠᠢ ᠡᠶ᠎ᠡ ᠵᠤᠬᠢᠴᠠᠩᠭᠤᠢ ᠬᠠᠷᠢᠴᠠᠵᠦ᠂ ᠳᠡᠳᠡᠨ ᠤ ᠢᠳᠡᠭᠡᠯ | ᠨᠠᠶᠢᠳᠠᠪᠤᠷᠢ ᠶᠢ ᠬᠦᠯᠢᠶᠡᠵᠦ ᠴᠢᠳᠠᠳᠠᠭ ᠲᠤ ᠯᠡ ᠬᠦᠷᠪᠡᠯ ᠯᠠᠪᠳᠠᠢ ᠰᠢᠯᠢᠳᠡᠭ ᠰᠠᠶᠢᠨ ᠠᠩᠭᠢ ᠨᠡᠶᠢᠳᠡ ᠶᠢ ᠪᠠᠶᠢᠭᠤᠯᠵᠦ | ᠴᠢᠳᠠᠨ᠎ᠠ᠃ ᠳᠤᠤᠷ᠎ᠠ ᠪᠢ ᠪᠠᠭ᠎ᠠ ᠰᠤᠷᠭᠠᠭᠤᠯᠢ ᠶᠢᠨ ᠠᠩᠭᠢ ᠶᠢᠨ ᠡᠷᠬᠢᠯᠡᠭᠴᠢ ᠶᠢᠨ ᠠᠵᠢᠯ ᠤᠨ ᠭᠤᠤᠯ ᠪᠤᠯᠬᠤ | ᠬᠡᠳᠦᠨ ᠬᠡᠯᠬᠢᠶ᠎ᠡ ᠶᠢ ᠳᠤᠷᠠᠳᠴᠦ᠂ ᠦᠪᠡᠷ ᠤᠨ ᠪᠤᠲᠠᠲᠦ ᠦᠩᠭᠡᠷᠡᠯᠲᠡ ᠪᠠᠨ ᠳᠡᠯᠭᠡᠶ᠎ᠡ᠃ | ᠨᠢᠭᠡ᠂ ᠠᠩᠭᠢ ᠶᠢᠨ ᠬᠠᠮᠢᠶᠠᠷᠤᠯᠲᠠ ᠪᠠᠨ ᠴᠢᠩᠭ᠎ᠠ ᠨᠢᠮᠪᠠᠢ ᠪᠠᠶᠢᠯᠭᠠᠬᠤ ᠬᠡᠷᠡᠭᠳᠡᠢ᠃ | ᠠᠷᠪᠠᠨ ᠬᠡᠳᠦᠨ ᠵᠢᠯ ᠤᠨ ᠲᠤᠷᠰᠢᠬᠢ ᠠᠩᠭᠢ ᠶᠢᠨ ᠬᠠᠮᠢᠶᠠᠷᠤᠯᠲᠠ ᠶᠢᠨ ᠠᠵᠢᠯ ᠢᠶᠠᠨ ᠡᠷᠬᠢᠴᠡᠭᠦᠯᠪᠡᠯ᠂ | ᠠᠩᠭᠢ ᠪᠠᠨ ᠰᠠᠶᠢᠳᠤᠷ ᠬᠠᠮᠢᠶᠠᠷᠤᠶ᠎ᠠ ᠬᠡᠪᠡᠯ ᠶᠡᠭᠡ ᠤᠶᠤᠨ ᠤᠬᠠᠭᠠᠨ ᠬᠡᠷᠡᠭᠰᠡᠬᠦ ᠦᠭᠡᠢ᠂ ᠵᠦᠪᠬᠡᠨ ᠨᠢᠭᠡ ᠯᠡ | ᠵᠤᠷᠪᠤᠰ ᠢ ᠴᠡᠭᠡᠵᠢᠯᠡᠪᠡᠯ ᠪᠤᠯᠴᠢᠬᠠᠨ᠎ᠠ᠂ ᠲᠡᠷᠡ ᠨᠢ ᠳᠠᠷᠤᠢ ︽ᠪᠠᠷᠢᠮᠳᠠᠯᠠᠬᠤ︾ ᠶᠠᠪᠤᠳᠠᠯ ᠪᠤᠯᠤᠨ᠎ᠠ᠃ ᠠᠩᠭᠢ ᠶᠢᠨ | ᠡᠷᠬᠢᠯᠡᠭᠴᠢ ᠪᠠᠶᠢᠭᠰᠠᠨ ᠪᠠᠭᠰᠢ ᠨᠠᠷ ᠪᠤᠯ ᠠᠩᠭᠢ ᠶᠢᠨ ᠠᠵᠢᠯ ᠢ ᠰᠢᠢᠳᠪᠤᠷᠢᠯᠡᠭᠡᠳ ᠪᠠᠷᠠᠰᠢ ᠦᠭᠡᠢ ᠤᠯᠠᠨ | ᠠᠰᠠᠭᠤᠳᠠᠯ ᠤᠷᠤᠰᠢᠳᠠᠭ ᠬᠡᠰᠡᠨ ᠢ ᠪᠡᠶᠡᠴᠢᠯᠡᠨ ᠤᠶᠢᠯᠠᠭᠠᠨ᠎ᠠ᠃ ᠤᠴᠢᠷ ᠨᠢ ᠮᠠᠨ ᠤ ᠠᠵᠢᠯ ᠪᠤᠯ ᠨᠢᠭᠡ ᠠᠩᠭᠢ ᠶᠢᠨ | ᠬᠡᠤᠬᠡᠳ ᠢ ᠰᠠᠶᠢᠳᠤᠷ ᠳᠠᠭᠠᠭᠤᠯᠵᠦ᠂ ᠰᠠᠶᠢᠳᠤᠷ ᠬᠦᠮᠦᠵᠢᠬᠦᠯᠬᠦ ᠶᠠᠪᠤᠳᠠᠯ ᠪᠤᠯᠤᠨ᠎ᠠ᠃ ᠡᠬᠦᠨ ᠳᠤ ᠰᠤᠷᠤᠭᠴᠢ ᠶᠢᠨ | ᠵᠦᠪ ᠰᠠᠶᠢᠨ ᠳᠠᠳᠬᠠᠯ ᠢ ᠬᠦᠮᠦᠵᠢᠬᠦᠯᠴᠢᠭᠡᠪᠡᠯ ᠠᠩᠭᠢ ᠶᠢᠨ ᠬᠠᠮᠢᠶᠠᠷᠤᠯᠲᠠ ᠠᠶᠠᠨᠳᠠᠭᠠᠨ ᠰᠢᠯᠢᠳᠡᠭᠵᠢᠨ᠎ᠡ᠃ | 1. ᠰᠠᠶᠢᠨ ᠰᠠᠶᠢᠬᠠᠨ ᠳᠠᠳᠬᠠᠯ ᠢ ᠬᠦᠮᠦᠵᠢᠬᠦᠯᠬᠦ | ᠨᠢᠭᠡᠳᠦᠭᠡᠷ ᠤᠨ ᠠᠴᠠ ᠨᠢ ᠡᠬᠢᠯᠡᠨ ᠰᠤᠷᠤᠭᠴᠢᠳ ᠤᠨ ᠢᠶᠠᠨ ᠰᠠᠶᠢᠨ ᠰᠠᠶᠢᠬᠠᠨ ᠠᠮᠢᠳᠤᠷᠠᠵᠦ ᠰᠤᠷᠤᠯᠴᠠᠬᠤ | ᠳᠠᠳᠬᠠᠯ ᠢ ᠬᠦᠮᠦᠵᠢᠬᠦᠯᠬᠦ ᠬᠡᠷᠡᠭᠳᠡᠢ᠃ ᠡᠬᠦᠨ ᠳᠤ ᠰᠠᠶᠢᠨ ᠰᠠᠶᠢᠬᠠᠨ ᠦᠢᠯᠡ ᠠᠵᠢᠯᠯᠠᠭᠠᠨ ᠤ ᠳᠠᠳᠬᠠᠯ ᠢ | ᠬᠦᠮᠦᠵᠢᠬᠦᠯᠬᠦ ᠨᠢ ᠨᠡᠩ ᠴᠢᠬᠤᠯᠠ ᠪᠠᠶᠢᠳᠠᠭ᠃ ᠰᠤᠷᠤᠭᠴᠢᠳ ᠤᠨ ᠢᠶᠠᠨ ᠰᠠᠨᠳᠠᠯᠢ ᠳᠤ ᠳᠡᠭᠰᠢ ᠰᠠᠭᠤᠬᠤ᠂ ᠪᠢᠷ ᠢᠶᠠᠨ | ᠵᠦᠪ ᠪᠠᠷᠢᠬᠤ᠂ ᠬᠢᠴᠢᠶᠡᠯ ᠢᠶᠠᠨ ᠠᠩᠬᠠᠷᠤᠯ ᠲᠠᠢ ᠰᠤᠨᠤᠰᠬᠤ᠂ ᠪᠠᠭᠰᠢ ᠠᠴᠠ ᠦᠭᠡ ᠠᠰᠠᠭᠤᠬᠤ᠂ ᠨᠠᠶᠢᠵᠢ | ᠨᠠᠷ ᠲᠠᠢ ᠪᠠᠨ ᠡᠪᠳᠡᠢ ᠬᠠᠷᠢᠯᠴᠠᠬᠤ᠂ ᠠᠩᠭᠢ ᠶᠢᠨ ᠵᠢᠵᠢᠬᠦᠷ ᠢᠶᠠᠨ ᠰᠠᠶᠢᠳᠦᠷ ᠬᠢᠬᠦ ᠁ ᠵᠡᠷᠭᠡ ᠦᠭᠡ ᠶᠠᠷᠢᠶ᠎ᠠ᠂ | ᠬᠦᠳᠡᠯᠦᠯ ᠪᠠᠷᠢᠯ ᠢ ᠨᠢ ᠴᠦᠮ ᠬᠦᠯᠢᠴᠡᠩᠬᠦᠢ ᠵᠢᠭᠠᠵᠦ ᠪᠠᠶᠢᠭᠠᠳ ᠲᠦᠷᠢᠮᠵᠢᠬᠦᠯᠬᠦ ᠬᠡᠷᠡᠭᠳᠡᠢ᠃ ᠡᠳᠦᠷ ᠪᠤᠯᠭᠠᠨ | ᠮᠦᠷᠳᠡᠨ ᠪᠠᠶᠢᠴᠠᠭᠠᠵᠦ᠂ ᠳᠠᠰᠬᠠᠬᠤ ᠶᠢ ᠪᠠᠷᠢᠮᠳᠠᠯᠠᠬᠤ ᠬᠡᠷᠡᠭᠳᠡᠢ᠃ ᠬᠠᠷᠢᠨ ᠬᠠᠶᠠ ᠨᠢᠭᠡ ᠴᠢᠩᠭᠠᠷᠠᠭᠠᠳ᠂ ᠬᠠᠶᠠ | ᠨᠢᠭᠡ ᠰᠤᠯᠠᠷᠠᠵᠦ ᠤᠭᠲᠦ ᠪᠤᠯᠬᠤ ᠦᠭᠡᠢ᠃ ᠬᠡᠷᠪᠡ ᠠᠩᠭᠢ ᠳᠤ ᠪᠠᠨ ᠶᠠᠮᠠᠷ ᠨᠢᠭᠡᠨ ᠲᠤᠭᠳᠠᠭᠠᠯ ᠭᠠᠷᠭᠠᠬᠤ ᠪᠤᠶᠤ | ᠱᠠᠭᠠᠷᠳᠠᠯᠭ᠎ᠠ ᠲᠤᠷᠠᠳᠤᠭᠰᠠᠨ ᠪᠤᠯ ᠵᠠᠪᠠᠯ ᠡᠴᠦᠰ ᠲᠤ ᠨᠢ ᠲᠤᠯᠳᠠᠯ᠎ᠠ ᠪᠠᠷᠢᠮᠳᠠᠯᠠᠬᠤ ᠬᠡᠷᠡᠭᠳᠡᠢ᠃ ︽ᠨᠢᠭᠡ ᠰᠠᠶᠢᠨ | ᠳᠠᠳᠬᠠᠯ ᠢ ᠪᠦᠷᠢᠳᠦᠬᠦᠯᠬᠦ ᠳᠤ 21 ᠡᠳᠦᠷ ᠪᠠᠷᠢᠮᠳᠠᠯᠠᠨ᠎ᠠ︾ ᠭᠡᠳᠡᠭ ᠢᠶᠠᠷ ᠢᠩᠬᠢᠵᠦ ᠤᠷᠳᠦ ᠬᠤᠭᠤᠴᠠᠭ᠎ᠠ ᠪᠠᠷ | ᠴᠦᠬᠦᠷᠡᠰᠢ ᠦᠭᠡᠢ ᠪᠠᠷᠢᠮᠳᠠᠯᠠᠪᠠᠯ ᠰᠠᠶ᠋ᠢ ᠳᠡᠳᠡᠨ ᠢ ᠬᠠᠪᠰᠤᠷᠴᠦ ᠰᠠᠶᠢᠨ ᠰᠠᠶᠢᠬᠠᠨ ᠵᠠᠩ ᠳᠠᠳᠬᠠᠯ ᠲᠠᠢ ᠪᠤᠯᠭᠠᠵᠦ | ᠴᠢᠳᠠᠨ᠎ᠠ᠃ ᠡᠶᠢᠮᠦ ᠠᠴᠠ ᠠᠩᠭᠢ ᠶᠢᠨ ᠡᠷᠬᠢᠯᠡᠭᠴᠢ ᠶᠢᠨ ᠬᠠᠮᠢᠶᠠᠷᠤᠯᠲᠠ ᠶᠢ ᠨᠢᠭᠡ ᠯᠡ ᠦᠭᠡ ᠪᠠᠷ | ᠬᠤᠷᠢᠶᠠᠩᠭᠤᠶᠢᠯᠠᠪᠠᠯ ︽ᠪᠠᠷᠢᠮᠳᠠᠯᠠᠬᠤ︾᠃ ᠪᠤᠲᠠᠲᠠᠢ ᠳᠤᠷᠠᠳᠪᠠᠯ᠂ ᠪᠢ ᠠᠩᠭᠢ ᠶᠢᠨ ᠰᠤᠷᠤᠭᠴᠢ ᠪᠠᠨ | ᠭᠤᠳᠤᠮᠵᠢᠨ ᠳᠤ ᠠᠯᠬᠤᠬᠤ ᠳᠤ ᠪᠠᠨ ᠪᠠᠷᠠᠭᠤᠨ ᠮᠦᠷ ᠢᠶᠠᠨ ᠳᠠᠭᠠᠵᠦ ᠠᠯᠬᠤᠨ᠎ᠠ᠂ ᠱᠠᠳᠤ ᠪᠠᠷ ᠭᠠᠷᠴᠦ | ᠪᠠᠭᠤᠬᠤ ᠳᠤ ᠪᠠᠨ ᠬᠦᠩᠭᠡᠨ ᠬᠦᠩᠭᠡᠨ ᠠᠯᠬᠤᠨ᠎ᠠ᠂ ᠡᠳᠦᠷ ᠪᠤᠯᠭᠠᠨ ᠤᠯᠠᠭᠠᠨ ᠪᠦᠴᠡ ᠪᠠᠨ ᠡᠷᠬᠡᠪᠰᠢ ᠵᠡᠬᠦᠨ᠎ᠡ ᠭᠡᠵᠦ | ᠬᠠᠯᠠᠰᠢᠷᠠᠯ ᠦᠭᠡᠢ ᠪᠠᠷ ᠶᠠᠷᠢᠵᠦ ᠰᠤᠷᠭᠠᠭᠰᠠᠭᠠᠷ ᠪᠠᠶᠢᠵᠦ ᠳᠠᠳᠬᠠᠯᠵᠢᠭᠤᠯᠪᠠ᠃ ᠶᠤᠰᠤᠲᠠᠢ ᠯᠡ ︽ᠤᠷᠤᠯᠳᠤᠭᠰᠠᠭᠠᠷ | ᠤᠷᠤᠯᠳᠤᠭᠰᠠᠭᠠᠷ ᠳᠠᠷᠬᠠᠨ ᠪᠤᠯᠤᠨ᠎ᠠ᠂ ᠤᠶᠤᠭᠰᠠᠭᠠᠷ ᠤᠶᠤᠭᠰᠠᠭᠠᠷ ᠤᠷᠠᠨ ᠪᠤᠯᠤᠨ᠎ᠠ︾ ᠬᠡᠬᠦᠴᠢᠯᠡᠨ ︽ | ᠪᠠᠷᠢᠮᠳᠠᠯᠠᠭᠰᠠᠭᠠᠷ ᠪᠠᠷᠢᠮᠳᠠᠯᠠᠭᠰᠠᠭᠠᠷ ᠳᠠᠳᠬᠠᠯ ᠲᠠᠢ ᠪᠤᠯᠭᠠᠨ᠎ᠠ︾ ᠭᠡᠳᠡᠭ ᠢ ᠠᠵᠢᠯ ᠤᠨ ᠳᠤᠮᠳᠠ ᠪᠠᠨ ᠠᠴᠠ | ᠤᠶᠢᠯᠠᠭᠠᠵᠠᠢ᠃ | 2. ᠪᠡᠶ᠎ᠡ ᠪᠠᠨ ᠪᠠᠷᠢᠬᠤ ᠴᠢᠳᠠᠪᠤᠷᠢ ᠶᠢ ᠬᠦᠮᠦᠵᠢᠬᠦᠯᠬᠦ | ᠭᠠᠷᠠᠭ ᠪᠦᠷᠢ ᠶᠢᠨ ᠠᠩᠭᠢ ᠶᠢᠨ ᠬᠤᠷᠠᠯ ᠢ ᠰᠠᠶᠢᠳᠤᠷ ᠠᠰᠢᠭᠯᠠᠵᠦ᠂ ᠰᠤᠷᠤᠭᠴᠢᠳ ᠢ ᠦᠪᠡᠷ ᠢᠶᠠᠷ ᠨᠢ | ᠠᠰᠠᠭᠤᠳᠠᠯ ᠢ ᠨᠢ ᠢᠯᠡᠷᠡᠬᠦᠯᠦᠨ᠂ ᠦᠪᠡᠷ ᠢᠶᠠᠷ ᠨᠢ ᠠᠰᠠᠭᠤᠳᠠᠯ ᠢ ᠨᠢ ᠰᠢᠢᠳᠪᠤᠷᠢᠯᠡᠬᠦ ᠠᠷᠭ᠎ᠠ ᠶᠢ ᠡᠷᠢᠬᠦᠯᠳᠡᠭ᠃ | ᠨᠢᠭᠡ ᠬᠤᠭᠤᠴᠠᠭ᠎ᠠ ᠪᠢ ᠭᠠᠷᠠᠭ ᠪᠦᠷᠢ ᠠᠩᠭᠢ ᠶᠢᠨ ᠳᠠᠷᠤᠭ᠎ᠠ ᠪᠠᠨ ᠰᠤᠯᠢᠵᠦ᠂ ᠰᠤᠷᠤᠭᠴᠢ ᠪᠤᠯᠭᠠᠨ ᠳᠤ | ᠠᠩᠭᠢ ᠶᠢᠨ ᠳᠠᠷᠤᠭ᠎ᠠ ᠪᠤᠯᠵᠦ ᠠᠩᠭᠢ ᠪᠠᠨ ᠬᠠᠮᠢᠶᠠᠷᠬᠤ ᠵᠠᠪᠰᠢᠶᠠᠨ ᠢ ᠤᠯᠭᠤᠬᠤ ᠪᠠᠷ ᠳᠠᠮᠵᠢᠨ᠂ ᠳᠡᠳᠡᠨ ᠳᠤ | ᠠᠩᠭᠢ ᠶᠢᠨ ᠠᠵᠢᠯ ᠤᠨ ᠬᠦᠴᠢᠷᠳᠡᠯ ᠢ ᠮᠡᠳᠡᠷᠡᠬᠦᠯᠵᠦ᠂ ᠠᠩᠭᠢ ᠶᠢᠨ ᠠᠵᠢᠯ ᠢ ᠳᠡᠮᠵᠢᠬᠦ ᠪᠠ ᠤᠶᠢᠯᠠᠭᠠᠳᠠᠭ ᠵᠦᠪ | ᠰᠠᠶᠢᠬᠠᠨ ᠪᠡᠶ᠎ᠡ ᠪᠠᠨ ᠪᠠᠷᠢᠬᠤ ᠴᠢᠳᠠᠪᠤᠷᠢ ᠲᠠᠢ ᠪᠤᠯᠭᠠᠭᠰᠠᠨ ᠶᠤᠮ᠃ ᠪᠠᠰᠠ ᠳᠤᠷᠠᠳᠪᠠᠯ᠂ ᠪᠢ ᠰᠤᠷᠤᠯᠭ᠎ᠠ ᠶᠢᠨ | ᠬᠤᠭᠤᠴᠠᠭ᠎ᠠ ᠡᠬᠢᠯᠡᠬᠦ ᠪᠦᠷᠢ ᠰᠤᠷᠤᠭᠴᠢᠳ ᠲᠠᠢ ᠪᠠᠨ ᠶᠠᠷᠢᠯᠴᠠᠵᠦ ᠪᠠᠶᠢᠭᠠᠳ ᠲᠤᠰ ᠬᠤᠭᠤᠴᠠᠭᠠᠨ ᠤ ᠠᠩᠭᠢ | ᠨᠢᠭᠡᠴᠢ ᠶᠢᠨ ᠢᠶᠠᠨ ᠬᠠᠮᠳᠦ ᠶᠢᠨ ᠬᠠᠷᠠᠯᠲᠠ ᠪᠠᠨ ᠲᠤᠭᠳᠠᠭᠠᠳᠠᠭ᠃ ᠨᠢᠭᠡ ᠤᠳᠠᠭ᠎ᠠ ᠮᠠᠨ ᠤ ᠠᠩᠭᠢ ᠶᠢᠨ ᠬᠠᠮᠳᠦ ᠶᠢᠨ | ᠬᠠᠷᠠᠯᠲᠠ ᠪᠠᠨ ᠲᠤᠰ ᠬᠤᠭᠤᠴᠠᠭᠠᠨ ᠤ ︽ᠰᠤᠷᠭᠠᠭᠤᠯᠢ ᠶᠢᠨ ᠳᠠᠷᠤᠭ᠎ᠠ ᠬᠤᠨᠳᠠᠭᠠᠲᠦ ᠬᠦᠯ ᠪᠦᠮᠪᠦᠭᠡ ᠶᠢᠨ | ᠤᠷᠤᠯᠳᠤᠭᠠᠨ︾ ᠳᠤ ᠨᠢᠭᠡᠳᠦᠭᠡᠷ ᠲᠠᠰ ᠲᠤ ᠤᠷᠤᠬᠤ ᠪᠠᠷ ᠴᠢᠷᠮᠠᠶᠢᠨ᠎ᠠ ᠬᠡᠵᠦ ᠲᠤᠭᠳᠠᠪᠠ᠃ ᠲᠤᠰ ᠬᠠᠷᠠᠯᠲᠠ ᠪᠠᠨ | ᠪᠡᠶᠡᠯᠡᠬᠦᠯᠬᠦ ᠶᠢᠨ ᠲᠦᠯᠦᠭᠡ ᠬᠠᠮᠳᠦ ᠪᠠᠷ ᠴᠢᠷᠮᠠᠶᠢᠭᠰᠠᠨ ᠤ ᠳ᠋ᠦᠩ ᠳᠤ᠂ ᠦᠨᠡᠬᠡᠷ 2018 ᠤᠨ ᠳᠤ | ᠰᠤᠷᠭᠠᠭᠤᠯᠢ ᠶᠢᠨ ᠢᠶᠠᠨ ︽ᠬᠦᠯ ᠪᠦᠮᠪᠦᠭᠡ ᠶᠢᠨ ᠤᠷᠤᠯᠳᠤᠭᠠᠨ︾ ᠳᠤ ᠡᠷᠡᠭᠳᠡᠢ ᠡᠮᠡᠭᠳᠡᠢ ᠶᠢᠨ ᠳᠤᠭᠤᠶᠢᠯᠠᠩ ᠴᠦᠮ | ᠲᠦᠷᠦᠭᠦᠯᠡᠵᠦ᠂ ︽ᠬᠤᠤᠰ ᠲᠦᠷᠦᠬᠦᠦ︾ ᠶᠢᠨ ᠬᠤᠨᠳᠠᠭ᠎ᠠ ᠶᠢ ᠭᠠᠷᠳᠠᠵᠦ᠂ ᠬᠦᠯ ᠭᠠᠵᠠᠷ ᠲᠤᠯᠬᠤ ᠦᠭᠡᠢ | ᠪᠤᠯᠳᠠᠯ᠎ᠠ ᠪᠠᠶᠠᠷᠯᠠᠨ ᠵᠤᠷᠢᠬᠵᠢᠭᠰᠠᠨ ᠪᠢᠯᠡ᠃ ᠪᠠᠰᠠ ᠨᠢᠭᠡ ᠬᠤᠭᠤᠴᠠᠭ᠎ᠠ ᠡᠬᠢᠯᠡᠬᠦ ᠳᠤ ᠪᠢᠳᠡ ᠪᠦᠬᠦᠳᠡᠭᠡᠷ ᠢᠶᠠᠨ | ᠳᠠᠭᠤᠨ ᠬᠤᠭᠤᠯᠠᠢ ᠨᠢᠭᠡᠳᠡᠢ ᠪᠠᠷ ︽ᠲᠤᠰ ᠬᠤᠭᠤᠴᠠᠭᠠᠨ ᠳᠤ ᠭᠠᠷᠠᠭ ᠪᠦᠷᠢ ︿ᠰᠢᠯᠵᠢᠮᠡᠯ ᠤᠯᠠᠭᠠᠨ ᠲᠤᠭ﹀ ᠢ | ᠠᠯᠳᠠᠯ ᠦᠭᠡᠢ ᠤᠯᠬᠤ ᠪᠠᠷ ᠴᠢᠷᠮᠠᠶᠢᠨ᠎ᠠ︾ ᠭᠡᠵᠦ ᠶᠠᠷᠢᠯᠴᠠᠨ ᠲᠤᠭᠳᠠᠪᠠ᠃ ᠶᠠᠷᠢᠯᠴᠠᠭᠠᠨ ᠤ ᠳᠤᠮᠳᠠ ᠬᠦᠮᠦᠨ | ᠪᠦᠬᠦᠨ ᠶᠠᠭᠠᠬᠢᠵᠦ ᠴᠢᠷᠮᠠᠶᠢᠬᠤ ᠲᠤᠬᠠᠢ ᠵᠤᠷᠢᠭ ᠢᠶᠠᠨ ᠢᠯᠡᠳᠬᠡᠵᠡᠭᠡᠪᠡ᠃ ᠢᠩᠬᠢᠭᠰᠡᠨ ᠠᠴᠠ ᠠᠩᠭᠢ ᠳᠤ ᠪᠠᠨ | ᠦᠢᠮᠡᠯᠳᠦᠬᠦ ᠦᠵᠡᠭᠳᠡᠯ ᠴᠦᠬᠡᠷᠡᠵᠦ᠂ ᠠᠩᠭᠢ ᠶᠢᠨ ᠠᠷᠢᠭᠤᠨ ᠴᠡᠪᠡᠷ ᠴᠦ ᠮᠡᠳᠡᠭᠳᠡᠮ᠎ᠡ ᠰᠠᠶᠢᠵᠢᠷᠠᠭᠰᠠᠨ ᠪᠢᠯᠡ᠃ | ᠰᠤᠷᠤᠭᠴᠢ ᠪᠦᠷᠢ ᠶᠢᠨ ᠤᠬᠠᠮᠰᠠᠷ ᠠᠴᠠ ᠪᠠᠨ ᠪᠡᠶ᠎ᠡ ᠪᠠᠨ ᠪᠠᠷᠢᠬᠤ ᠳᠠᠳᠬᠠᠯ ᠢ ᠢᠩᠬᠢᠵᠦ ᠬᠦᠮᠦᠵᠢᠬᠦᠯᠵᠠᠢ᠃ ᠡᠬᠦᠨ ᠤ | ᠤᠯᠠᠮ ᠳᠤ ᠮᠠᠨ ᠤ ᠠᠩᠭᠢ ᠶᠢᠨ ᠬᠠᠮᠳᠦ ᠨᠡᠶᠢᠳᠡᠴᠢ ᠢᠷᠠᠭᠤ ᠠᠯᠳᠠᠷᠲᠦ ᠰᠡᠳᠬᠢᠯᠭᠡ ᠮᠠᠰᠢ ᠴᠢᠩᠭ᠎ᠠ ᠪᠤᠯᠤᠭᠰᠠᠨ | ᠮᠦᠷᠳᠡᠭᠡᠨ ᠰᠤᠷᠤᠭᠴᠢ ᠨᠢᠭᠡᠪᠦᠷᠢ ᠴᠦᠮ ᠠᠩᠭᠢ ᠶᠢᠨ ᠢᠶᠠᠨ ᠲᠦᠯᠦᠭᠡ ᠪᠤᠳᠤᠵᠦ᠂ ᠡᠳᠦᠷ ᠪᠤᠯᠭᠠᠨ ᠤ | ᠠᠵᠢᠯᠯᠠᠭᠠᠨ ᠳᠤ ᠬᠠᠮᠤᠭ ᠤᠨ ᠰᠠᠶᠢᠨ ᠪᠡᠶᠡᠯᠡᠬᠦᠯᠬᠦ ᠪᠠᠷ ᠴᠢᠷᠮᠠᠶᠢᠳᠠᠭ ᠪᠤᠯᠵᠠᠭᠠᠭᠰᠠᠨ ᠶᠤᠮ᠃ ᠤᠯᠠᠨ ᠤ | ᠴᠢᠷᠮᠠᠶᠢᠯᠭ᠎ᠠ ᠪᠠᠷ ᠵᠢᠷᠭᠤᠭᠠᠨ ᠵᠢᠯ ᠤᠨ ᠲᠤᠷᠰᠢ᠂ ᠰᠤᠷᠤᠯᠭ᠎ᠠ ᠶᠢᠨ ᠬᠤᠭᠤᠴᠠᠭ᠎ᠠ ᠪᠦᠷᠢ ᠳᠤ ᠴᠦᠮ | ᠰᠤᠷᠭᠠᠭᠤᠯᠢ ᠶᠢᠨ ᠤᠯᠠᠭᠠᠨ ᠲᠤᠭᠴᠢ ᠲᠡᠷᠢᠬᠦᠨ ᠤ ᠠᠩᠭᠢ ᠨᠢᠭᠡᠴᠡ ᠪᠤᠯᠵᠦ᠂ ᠵᠢᠯ ᠪᠦᠷᠢ ᠰᠢᠯᠢᠳᠡᠭ ᠠᠩᠭᠢ | ᠨᠡᠶᠢᠳᠡ ᠪᠠᠷ ᠦᠨᠡᠯᠡᠭᠳᠡᠭᠰᠡᠭᠡᠷ ᠢᠷᠡᠵᠡᠢ᠃ ︽ᠤᠯᠠᠨ ᠤ ᠬᠦᠴᠦᠨ ᠳᠤ ᠤᠪᠤᠭ᠎ᠠ ᠪᠤᠰᠤᠨ᠎ᠠ︾ ᠭᠡᠳᠡᠭ ᠢᠶᠠᠷ ᠠᠩᠭᠢ | ᠮᠠᠨᠢ ᠰᠢᠯᠢᠳᠡᠭ ᠰᠠᠶᠢᠨ ᠠᠮᠵᠢᠯᠲᠠ ᠤᠯᠵᠦ ᠶᠠᠪᠤᠭ᠎ᠠ ᠶᠢᠨ ᠦᠨᠳᠦᠰᠦ ᠨᠢ ᠮᠢᠨᠤ ᠬᠡᠤᠬᠡᠳ ᠤᠳ ᠮᠢᠨᠤ ᠠᠵᠢᠯ ᠢ ︽ | ᠤᠷᠤᠯᠠᠭᠰᠠᠨ︾ ᠤ ᠬᠢ ᠶᠤᠮ᠃ | ᠬᠤᠶᠠᠷ᠂ ᠰᠤᠷᠤᠭᠴᠢ ᠶᠢᠨ ︽ᠰᠡᠳᠬᠢᠯ ᠢ ᠮᠡᠳᠡᠭᠴᠢ︾ ᠪᠤᠯᠬᠤ ᠬᠡᠷᠡᠭᠳᠡᠢ᠃ | 2008 ᠤᠨ ᠤ 9 ᠰᠠᠷ᠎ᠠ ᠳᠤ ᠲᠤᠰᠤᠭᠰᠠᠨ ᠠᠩᠭᠢ ᠪᠤᠯ ᠮᠢᠨᠤ ᠠᠩᠬᠠᠨ ᠤ ᠠᠩᠭᠢ ᠪᠠᠶᠢᠭᠰᠠᠨ ᠶᠤᠮ᠃ | ᠡᠨᠡ ᠠᠩᠭᠢ ᠳᠤ 35 ᠰᠤᠷᠤᠭᠴᠢ ᠲᠠᠢ᠂ 21 ᠡᠷᠡᠭᠳᠡᠢ ᠰᠤᠷᠤᠭᠴᠢ᠂ 14 ᠡᠮᠡᠭᠳᠡᠢ ᠰᠤᠷᠤᠭᠴᠢ ᠲᠠᠢ ᠪᠠᠶᠢᠪᠠ᠃ | ᠡᠷᠡᠭᠳᠡᠢ ᠰᠤᠷᠤᠭᠴᠢ ᠶᠢᠨ ᠲᠤᠭ᠎ᠠ ᠤᠯᠠᠨ ᠪᠠᠶᠢᠭᠰᠠᠨ ᠪᠤᠯᠬᠤᠷ ᠲᠦᠢᠳᠭᠡᠷ ᠨᠢ ᠴᠦ ᠤᠯᠠᠨ ᠪᠠᠶᠢᠵᠠᠢ᠃ ᠳᠡᠯᠡᠬᠡᠢ | ᠳᠡᠭᠡᠷᠡᠬᠢ ᠳᠤᠷ᠎ᠠ ᠶᠢᠨ ᠨᠢᠭᠡ ᠡᠬᠡ ᠬᠦᠮᠦᠨ ᠦᠪᠡᠷ ᠤᠨ ᠬᠡᠤᠬᠡᠳ ᠢᠶᠠᠨ ᠪᠦᠷ ᠬᠠᠮᠤᠭ ᠤᠨ ᠰᠠᠶᠢᠬᠠᠨ ᠬᠡᠵᠦ | ᠪᠤᠳᠤᠳᠠᠭ ᠲᠠᠢ ᠡᠬᠡᠬᠡ ᠠᠳᠠᠯᠢ ᠪᠠᠷ ᠮᠢᠨᠤ ᠨᠢᠳᠦᠨ ᠳᠤ ᠠᠩᠬᠢ ᠶᠢᠨ ᠮᠢᠨᠢ ᠬᠡᠤᠬᠡᠳ ᠨᠢᠭᠡᠪᠦᠷᠢ ᠴᠦᠮ ᠲᠡᠶᠢᠮᠦ ᠴᠦ | ᠬᠦᠭᠡᠷᠦᠬᠦᠨ᠂ ᠲᠡᠶᠢᠮᠦ ᠴᠦ ᠰᠡᠷᠬᠦᠯᠡᠩ᠂ ᠲᠡᠶᠢᠮᠦ ᠴᠦ ᠪᠠᠭ᠋ᠠᠷᠬᠠᠯ ᠢ ᠳᠠᠳᠠᠮᠠᠷ ᠬᠠᠷᠠᠭᠳᠠᠨ᠎ᠠ᠃ ᠮᠢᠨᠤ ᠰᠤᠷᠤᠭᠴᠢᠳ ᠢ | ᠮᠠᠭᠤᠰᠢᠶᠠᠬᠤ ᠬᠦᠮᠦᠨ ᠭᠠᠷᠬᠤ ᠦᠶ᠎ᠡ ᠳᠤ ᠪᠢ ᠲᠤᠩ ᠴᠦ ᠲᠠᠭ᠎ᠠ ᠦᠭᠡᠢ ᠪᠤᠯᠳᠠᠭ᠃ ᠤᠴᠢᠷ ᠨᠢ ᠪᠢ ᠨᠢᠭᠡᠨᠳᠡ | ᠳᠡᠳᠡᠨ ᠢ ᠦᠪᠡᠷ ᠤᠨ ᠬᠡᠤᠬᠡᠳ ᠲᠠᠢ ᠪᠠᠨ ᠠᠳᠠᠯᠢᠬᠠᠨ ᠪᠤᠳᠤᠴᠢᠬᠠᠭᠰᠠᠨ ᠠᠴᠠ ᠪᠤᠯᠤᠭᠰᠠᠨ ᠪᠠᠶᠢᠬ᠎ᠠ᠃ ︽ᠠᠪᠤ ᠶᠢᠨ | ᠬᠡᠤᠬᠡᠳ ᠠᠳᠠᠯᠢ ᠦᠭᠡᠢ᠂ ᠠᠷᠪᠠᠨ ᠬᠤᠷᠤᠭᠤ ᠳᠡᠭᠰᠢ ᠦᠭᠡᠢ︾ ᠭᠡᠳᠡᠭ ᠢᠶᠠᠷ ᠬᠡᠤᠬᠡᠳ ᠪᠤᠯᠭᠠᠨ ᠰᠡᠴᠡᠨ ᠰᠡᠷᠭᠦᠯᠡᠩ | ᠪᠠᠶᠢᠬᠤ ᠪᠢᠰᠢ᠂ ᠮᠦᠨ ᠴᠦ ᠬᠡᠤᠬᠡᠳ ᠪᠤᠯᠭᠠᠨ ᠨᠤᠮᠤᠬᠠᠨ ᠰᠢᠳᠤᠷᠭᠤ ᠪᠠᠶᠢᠵᠦ ᠴᠢᠳᠠᠬᠤ ᠦᠭᠡᠢ᠃ ᠠᠩᠭᠢ ᠶᠢᠨ | ᠡᠷᠬᠢᠯᠡᠭᠴᠢ ᠪᠤᠯᠤᠭᠰᠠᠳ ᠬᠡᠤᠬᠡᠳ ᠤᠳ ᠤᠨ ᠳᠠᠪᠠᠭᠤᠯᠢᠭ ᠲᠠᠯ᠎ᠠ ᠶᠢ ᠢᠳᠡᠪᠬᠢᠳᠡᠢ ᠢᠯᠡᠷᠡᠬᠦᠯᠦᠨ᠂ ᠬᠡᠤᠬᠡᠳ | ᠪᠤᠯᠭᠠᠨ ᠤ ᠪᠤᠰᠤᠳ ᠠᠴᠠ ᠤᠨᠴᠠᠯᠢᠭᠳᠠᠬᠤ ᠲᠠᠯ᠎ᠠ ᠶᠢ ᠤᠶᠢᠯᠠᠭᠠᠵᠦ ᠠᠪᠤᠪᠠᠯ ᠳᠡᠳᠡᠨ ᠢ ᠬᠠᠮᠢᠶᠠᠷᠬᠤ ᠳᠤ ᠲᠦᠬᠦᠮ | ᠪᠤᠯᠴᠢᠬᠠᠨ᠎ᠠ᠃ ᠡᠶᠢᠮᠦ ᠠᠴᠠ ᠬᠡᠤᠬᠡᠳ ᠪᠤᠯᠭᠠᠨ ᠤ ︽ᠰᠡᠳᠬᠢᠯ ᠢ ᠮᠡᠳᠡᠭᠴᠢ︾ ᠪᠤᠯᠤᠶ᠎ᠠ ᠭᠡᠪᠡᠯ ᠳᠤᠤᠷᠠᠬᠢ ᠬᠡᠳᠦᠨ | ᠲᠠᠯ᠎ᠠ ᠶᠢ ᠠᠩᠬᠠᠷᠪᠠᠯ ᠵᠦᠢᠳᠡᠢ᠃ | 1. ᠬᠡᠤᠬᠡᠳ ᠨᠢᠭᠡᠪᠦᠷᠢ ᠶᠢ ᠤᠶᠢᠯᠠᠭᠠᠬᠤ | ᠡᠩ ᠤᠨ ᠦᠶ᠎ᠡ ᠳᠤ ᠪᠢ ᠳᠠᠩᠳᠠ ᠬᠡᠤᠬᠡᠳ ᠤᠳ ᠲᠠᠢ ᠪᠠᠨ ᠴᠤᠭ ᠲᠤᠭᠯᠠᠳᠠᠭ᠃ ᠦᠷᠯᠦᠭᠡ ᠪᠤᠯᠭᠠᠨ | ᠬᠡᠤᠬᠡᠳ ᠤᠳ ᠢᠶᠠᠨ ᠲᠤᠰᠴᠦ ᠠᠪᠤᠮᠠᠭᠴᠠ ᠪᠢ ᠳᠡᠳᠡᠨ ᠲᠠᠢ ᠬᠠᠮᠳᠦ ᠰᠤᠷᠭᠠᠭᠤᠯᠢ ᠶᠢᠨ ᠬᠦᠷᠢᠶ᠎ᠡ᠂ ᠲᠠᠮᠢᠷ ᠤᠨ | ᠲᠠᠯᠠᠪᠠᠢ᠂ ᠠᠩᠭᠢ ᠶᠢᠨ ᠬᠡᠷ᠂ ᠬᠢᠴᠢᠶᠡᠯ ᠤᠨ ᠵᠠᠪᠰᠠᠷ ᠤᠨ ᠲᠠᠮᠢᠷ ᠤᠨ ᠬᠦᠳᠡᠯᠭᠡᠭᠡᠨ ᠁ ᠵᠡᠷᠭᠡ ᠳᠤ ᠬᠡᠤᠬᠡᠳ | ᠬᠠᠮᠢᠭ᠎ᠠ ᠪᠠᠶᠢᠪᠠᠯ ᠪᠢ ᠳᠡᠨᠳᠡ ᠳᠠᠭᠠᠵᠦ ᠶᠠᠪᠤᠳᠠᠭ᠃ ᠳᠡᠳᠡᠨ ᠲᠠᠢ ᠴᠤᠭ ᠪᠠᠶᠢᠵᠦ ᠯᠠ ᠪᠠᠶᠢᠪᠠᠯ ᠠᠯᠢ ᠨᠢᠭᠡ ᠲᠠᠢ ᠨᠢ | ᠵᠤᠭᠤᠭᠳᠠᠬᠤ ᠪᠤᠶᠤ ᠬᠠᠮᠳᠦ ᠲᠤᠭᠯᠠᠭᠠᠮ ᠬᠢᠳᠡᠭ᠃ ᠢᠩᠬᠢᠵᠦ ᠲᠤᠭᠯᠠᠭᠠᠮ ᠤᠨ ᠳᠤᠮᠳᠠ᠂ ᠰᠤᠷᠤᠯᠴᠠᠯᠭ᠎ᠠ ᠶᠢᠨ | ᠳᠤᠮᠳᠠ᠂ ᠪᠠᠶᠠᠷ ᠢᠨᠢᠶᠡᠳᠦ ᠶᠢᠨ ᠳᠤᠮᠳᠠ ᠬᠡᠤᠬᠡᠳ ᠨᠢᠭᠡᠪᠦᠷᠢ ᠶᠢ ᠤᠶᠢᠯᠠᠭᠠᠵᠦ᠂ ᠠᠯᠢ ᠨᠢ ᠰᠡᠳᠬᠢᠯ ᠳᠤ ᠪᠠᠨ | ᠪᠤᠳᠤᠯᠭ᠎ᠠ ᠲᠠᠢ ᠪᠠᠶᠢᠬᠤ᠂ ᠠᠯᠢ ᠨᠢ ᠠᠶᠤᠮᠠᠳᠠᠭᠠᠢ ᠪᠠᠶᠢᠬᠤ᠂ ᠠᠯᠢ ᠨᠢ ᠬᠡᠷᠡᠭ ᠦᠳᠦᠭᠡᠭᠴᠢ ᠪᠠᠶᠢᠭ᠎ᠠ᠂ ᠠᠯᠢ ᠨᠢ | ᠵᠤᠷᠢᠮᠠᠭ᠂ ᠠᠯᠢ ᠨᠢ ᠱᠠᠯᠠᠮᠠᠭ᠂ ᠠᠯᠢ ᠨᠢ ᠵᠤᠬᠢᠶᠠᠨ ᠪᠠᠶᠢᠭᠤᠯᠬᠤ ᠳᠤ ᠪᠠᠨ ᠰᠦᠷᠡᠭᠡᠢ ᠁ ᠵᠡᠷᠭᠡ ᠶᠢ | ᠤᠶᠢᠯᠠᠭᠠᠭᠠᠳ ᠠᠪᠴᠢᠬᠠᠳᠠᠭ᠃ ᠨᠢᠭᠡᠳᠦᠭᠡᠷ ᠤᠨ ᠤ ᠬᠡᠤᠬᠡᠳ ᠴᠤᠪᠤᠭᠤ ᠳᠡᠭᠵᠢᠨ᠂ ᠬᠡᠨᠡᠨ ᠴᠠᠶᠢᠯᠭᠠᠨ ᠪᠠᠶᠢᠳᠠᠭ | ᠪᠦᠭᠡᠳ ᠡᠷᠬᠡᠯᠡᠵᠦ ᠠᠯᠢᠶᠠᠯᠠᠬᠤ ᠳᠤᠷᠠᠳᠠᠢ ᠪᠠᠶᠢᠳᠠᠭ᠃ ᠳᠡᠭᠡᠭᠡᠳ ᠯᠡ ᠪᠢ ᠡᠳᠡᠭᠡᠷ ᠬᠦᠭᠡᠷᠦᠬᠦᠨ ︽ᠠᠮᠢᠳᠠᠳ︾ | ᠲᠤ ᠪᠠᠨ ᠡᠷᠬᠡᠯᠡᠬᠦ ᠵᠠᠪᠰᠢᠶᠠᠨ ᠦᠭᠳᠡᠭ ᠪᠤᠯᠵᠠᠢ᠃ | ᠮᠢᠨᠤ ᠠᠩᠭᠢ ᠳᠤ × × ᠭᠡᠳᠡᠭ ᠨᠡᠷ᠎ᠡ ᠳᠤ ᠭᠠᠷᠤᠭᠰᠠᠨ ᠠᠯᠢᠶ᠎ᠡ ᠲᠦᠢᠳᠬᠡᠷ ᠬᠦᠦ ᠪᠠᠶᠢᠭᠰᠠᠨ᠃ ᠲᠡᠷᠡ | ᠮᠦᠷᠳᠡᠭᠡᠨ ᠡᠵᠢ ᠨᠢ ᠭᠡᠳᠦᠷᠬᠡᠢ ᠡᠩᠬᠦᠷᠡᠶᠢᠯᠡᠨ ᠡᠷᠬᠡᠯᠡᠬᠦᠯᠦᠭᠰᠡᠨ ᠠᠴᠠ ᠪᠤᠯᠵᠦ ᠶᠠᠭᠤᠨ ᠠᠴᠠ ᠴᠦ ᠠᠶᠤᠬᠤ ᠦᠭᠡᠢ᠂ | ᠬᠡᠨ ᠤ ᠬᠡᠯᠡᠭᠰᠡᠨ ᠦᠭᠡ ᠶᠢ ᠴᠦ ᠰᠤᠨᠤᠰᠬᠤ ᠦᠭᠡᠢ᠃ ᠡᠶᠢᠮᠦ ᠬᠡᠤᠬᠡᠳ ᠲᠠᠢ ᠶᠤᠰᠤ ᠶᠠᠷᠢᠬᠤ ᠨᠢ ︽ᠡᠯᠵᠢᠬᠡᠨ | ᠴᠢᠬᠢᠨ ᠳᠤ ᠠᠯᠳᠠᠨ ᠬᠢᠪᠡᠴᠦ ᠰᠠᠵᠢᠨ᠎ᠠ᠂ ᠠᠷᠭᠠᠯ ᠬᠢᠪᠡᠴᠦ ᠰᠠᠵᠢᠨ᠎ᠠ︾ ᠭᠡᠳᠡᠭ ᠲᠠᠢ ᠠᠳᠠᠯᠢ ᠪᠢᠯᠡ᠃ ᠡᠨᠡ | ᠪᠠᠶᠢᠳᠠᠯ ᠳᠤ ᠪᠢ ᠲᠤᠰ ᠰᠤᠷᠤᠭᠴᠢ ᠶᠢ ︽ᠨᠤᠮᠬᠠᠳᠬᠠᠬᠤ︾ ᠶᠢᠨ ᠲᠦᠯᠦᠭᠡ ᠲᠡᠬᠦᠨ ᠲᠠᠢ ᠰᠠᠨᠠᠭ᠎ᠠ ᠪᠠᠨ | ᠤᠯᠤᠯᠴᠠᠬᠤ ᠠᠷᠭ᠎ᠠ ᠶᠢ ᠰᠤᠩᠭᠤᠪᠠ᠃ ᠲᠤᠰ ᠰᠤᠷᠤᠭᠴᠢ ᠶᠢᠨ ᠠᠪᠤ ᠨᠢ ᠡᠷᠳᠡ ᠨᠠᠰᠦ ᠪᠠᠷᠠᠵᠦ᠂ ᠡᠵᠢ ᠨᠢ | ᠪᠤᠰᠤᠳ ᠲᠤ ᠴᠤᠩᠬᠤ ᠵᠦᠯᠬᠦᠵᠦ ᠬᠠᠷᠠᠮᠵᠢ ᠤᠯᠤᠨ ᠠᠮᠢᠳᠤᠷᠠᠵᠦ ᠪᠠᠶᠢᠬᠤ ᠶᠢ ᠤᠶᠢᠯᠠᠭᠠᠵᠦ ᠮᠡᠳᠡᠭᠡᠳ᠂ ᠪᠢ | ᠲᠡᠬᠦᠨ ᠤ ᠳᠡᠷᠭᠡᠳᠡᠬᠢ ᠪᠤᠰᠤᠳ ᠦᠯᠢᠭᠡᠷ ᠵᠢᠱᠢᠶ᠎ᠡ ᠪᠠᠷ ᠲᠡᠬᠦᠨ ᠤ ᠡᠵᠢ ᠲᠦᠢᠯ ᠤᠨ ᠬᠢᠯᠪᠠᠷ ᠦᠭᠡᠢ ᠭᠡᠳᠡᠭ ᠢ | ᠮᠡᠳᠡᠬᠦᠯᠪᠡ᠃ ᠲᠡᠬᠦᠨ ᠳᠤ ᠶᠠᠭᠠᠬᠢᠵᠦ ᠬᠢᠬᠦ ᠨᠢ ᠰᠠᠶ᠋ᠢ ᠡᠵᠢ ᠪᠠᠨ ᠠᠴᠢᠯᠠᠵᠦ ᠪᠠᠶᠢᠬᠤ ᠳᠤ ᠲᠤᠭᠠᠴᠢᠭᠳᠠᠨ᠎ᠠ ᠭᠡᠳᠡᠭ ᠢ | ᠵᠢᠩᠬᠢᠨᠢ ᠮᠡᠳᠡᠬᠦᠯᠵᠡᠢ᠃ ᠲᠡᠷᠡ ᠬᠡᠤᠬᠡᠳ ᠡᠵᠢ ᠳᠤ ᠪᠠᠨ ᠲᠤᠩ ᠬᠠᠶᠢᠷᠠᠲᠠᠢ ᠪᠤᠯᠬᠤᠷ ᠮᠢᠨᠤ ᠡᠨᠡᠬᠦ | ᠵᠢᠯᠤᠭᠤᠳᠤᠯᠭ᠎ᠠ ᠳᠤ ᠤᠶᠠᠷᠠᠨ ᠤᠬᠠᠭᠠᠷᠠᠵᠦ᠂ ᠲᠡᠬᠦᠨ ᠠᠴᠠ ᠬᠤᠶᠢᠰᠢ ᠡᠵᠢ ᠶᠢᠨ ᠢᠶᠠᠨ ᠦᠭᠡ ᠶᠢ ᠨᠡᠯᠢᠶᠡᠳ | ᠰᠤᠨᠤᠰᠳᠠᠭ ᠪᠤᠯᠵᠠᠢ᠃ | ᠢᠩᠬᠢᠵᠦ ᠬᠡᠤᠬᠡᠳ ᠪᠤᠯᠭᠠᠨ ᠤ ᠵᠠᠩ ᠠᠪᠤᠷᠢ ᠶᠢ ᠤᠶᠢᠯᠠᠭᠠᠵᠦ ᠠᠪᠬᠤ ᠨᠢ ᠳᠠᠷᠠᠭ᠎ᠠ ᠪᠠᠷ ᠬᠡᠤᠬᠡᠳ ᠢᠶᠠᠨ | ᠬᠠᠨᠳᠤᠯᠭ᠎ᠠ ᠲᠠᠢ ᠰᠤᠷᠭᠠᠵᠦ ᠬᠦᠮᠦᠵᠢᠬᠦᠯᠬᠦ ᠳᠤ ᠡᠯᠪᠡᠭ ᠪᠠᠶᠠᠯᠢᠭ ︽ᠡᠬᠢ ᠰᠤᠷᠪᠤᠯᠵᠢ︾ ᠪᠤᠯᠳᠠᠭ ᠮᠦᠷᠳᠡᠭᠡᠨ | ᠬᠡᠤᠬᠡᠳ ᠪᠤᠯᠭᠠᠨ ᠤ ᠤᠨᠴᠠᠯᠢᠭ ᠲᠤ ᠨᠢ ᠵᠤᠬᠢᠴᠠᠭᠤᠯᠤᠨ ᠠᠵᠢᠯ ᠲᠤᠬᠢᠷᠠᠭᠤᠯᠬᠤ ᠳᠤ ᠴᠦ ᠠᠰᠢᠬᠲᠡᠢ ᠪᠠᠶᠢᠳᠠᠭ᠃ | 2. ᠬᠡᠤᠬᠡᠳ ᠪᠤᠯᠭᠠᠨ ᠳᠤ ᠢᠳᠡᠭᠡᠯ ᠤᠯᠭᠤᠬᠤ | 2012 ᠤᠨ ᠤ ᠦᠶ᠎ᠡ ᠳᠤ ᠮᠢᠨᠤ ᠠᠩᠭᠢ ᠲᠦᠷᠪᠡᠳᠦᠭᠡᠷ ᠤᠨ ᠪᠠᠶᠢᠭᠰᠠᠨ᠃ ᠮᠠᠨ ᠤ ᠠᠩᠭᠢ ᠳᠤ | ᠲᠦᠩᠯᠢᠶᠤᠤ ᠬᠤᠲᠠ ᠶᠢᠨ ᠬᠦᠳᠡᠭᠡ ᠲᠤᠰᠬᠤᠨ ᠠᠴᠠ × × ᠭᠡᠳᠡᠭ ᠬᠦᠦ ᠰᠤᠷᠤᠭᠴᠢ ᠰᠢᠯᠵᠢᠨ ᠢᠷᠡᠵᠡᠢ᠃ ᠡᠨᠡ | ᠬᠦᠦ ᠶᠢᠨ ᠡᠴᠢᠬᠡ ᠡᠬᠡ ᠨᠢ ᠤᠷᠳᠤ ᠬᠤᠭᠤᠴᠠᠭ᠎ᠠ ᠪᠠᠷ ᠭᠠᠳᠠᠭᠰᠢ ᠪᠠᠨ ᠬᠦᠴᠦᠨ ᠤ ᠠᠵᠢᠯ ᠬᠢᠵᠦ᠂ ᠲᠠᠷᠡ ᠡᠪᠦᠭᠡ | ᠡᠮᠡᠭᠡ ᠲᠠᠢ ᠪᠠᠨ ᠬᠡᠷ ᠲᠤ ᠪᠠᠨ ᠠᠮᠢᠳᠤᠷᠠᠳᠠᠭ ᠪᠠᠶᠢᠪᠠ᠂ ᠭᠡᠪᠡᠴᠦ ᠲᠤᠰ ᠰᠤᠷᠤᠭᠴᠢ ᠡᠪᠦᠭᠡ ᠡᠮᠡᠭᠡ ᠶᠢᠨ ᠢᠶᠠᠨ | ᠦᠭᠡᠨ ᠳᠤ ᠳᠡᠮᠡᠢ ᠤᠷᠤᠳᠠᠭ ᠦᠭᠡᠢ ᠪᠠᠶᠢᠭᠰᠠᠨ ᠪᠤᠯᠬᠤᠷ ᠰᠤᠷᠤᠯᠭ᠎ᠠ ᠪᠠᠨ ᠵᠤᠭᠰᠤᠭᠠᠳ ᠬᠤᠶᠠᠷ ᠵᠢᠯ ᠪᠤᠯᠵᠠᠢ᠃ | ᠰᠢᠯᠵᠢᠵᠦ ᠢᠷᠡᠬᠦ ᠳᠤ ᠪᠠᠨ ᠮᠠᠨ ᠤ ᠲᠦᠷᠪᠡᠳᠦᠭᠡᠷ ᠤᠨ ᠳᠤ ᠳᠠᠭᠠᠷᠠᠴᠢᠬᠠᠪᠠ᠂ ᠦᠨᠡᠨ ᠳᠤ ᠪᠠᠨ 14 ᠨᠠᠰᠤᠯᠠᠭᠰᠠᠨ | ᠡᠨᠡ ᠬᠦᠦ ᠵᠢᠷᠭᠤᠳᠤᠭᠠᠷ ᠤᠨ ᠳᠤ ᠤᠷᠤᠪᠠᠯ ᠵᠤᠬᠢᠬᠤ ᠪᠠᠶᠢᠭᠰᠠᠨ᠃ ᠨᠠᠰᠦ ᠨᠢ ᠬᠡᠳᠦᠷᠡᠭᠰᠡᠨ ᠢᠶᠠᠷ ᠪᠠᠷᠠᠬᠤ ᠦᠭᠡᠢ | ᠰᠢᠨ᠎ᠡ ᠨᠢᠭᠡᠨ ᠤᠷᠴᠢᠨ ᠳᠤ ᠢᠷᠡᠭᠰᠡᠨ ᠳᠤ ᠪᠠᠨ ᠲᠡᠷᠡ ᠶᠠᠭ ᠳᠠᠰᠬᠤ ᠦᠭᠡᠢ ᠪᠠᠶᠢᠯ᠎ᠠ᠃ ᠰᠠᠶ᠋ᠢ ᠡᠬᠢᠯᠡᠬᠦ ᠳᠤ ᠪᠠᠨ | ᠮᠠᠨ ᠤ ᠠᠩᠭᠢ ᠶᠢᠨ ᠰᠤᠷᠤᠯᠭ᠎ᠠ ᠠᠮᠢᠳᠤᠷᠠᠯ ᠤᠨ ᠠᠶᠢᠵᠠᠮ ᠴᠤᠬᠢᠯᠭ᠎ᠠ ᠶᠢ ᠶᠠᠭ ᠳᠠᠭᠠᠵᠦ ᠲᠡᠶᠢᠯᠬᠦ ᠦᠭᠡᠢ ᠮᠦᠷᠳᠡᠭᠡᠨ | ᠪᠤᠰᠤᠳ ᠨᠦᠬᠦᠳ ᠲᠠᠢ ᠪᠠᠨ ᠴᠤᠭ ᠲᠤᠭᠯᠠᠬᠤ ᠦᠭᠡᠢ᠂ ᠦᠭᠡ ᠴᠦ ᠬᠡᠯᠡᠬᠦ ᠳᠤᠷ᠎ᠠ ᠦᠭᠡᠢ ᠳᠤᠲᠤᠭᠠᠲᠦ | ᠰᠡᠳᠬᠢᠯ ᠨᠢ ᠲᠤᠩ ᠬᠡᠪᠡᠷᠡᠭ ᠭᠡᠤᠭᠡᠳ ᠪᠠᠶᠢᠪᠠ᠃ ᠲᠤᠰ ᠬᠡᠤᠬᠡᠳ ᠢ ᠡᠷᠳᠡ ᠨᠢᠭᠡᠨ ᠡᠳᠦᠷ ᠬᠠᠮᠳᠤ ᠶᠢᠨ | ᠠᠮᠢᠳᠤᠷᠠᠯ ᠳᠤ ᠲᠠᠰᠬᠠᠬᠤ ᠶᠢᠨ ᠲᠦᠯᠦᠭᠡ ᠶᠠᠭᠤᠨ ᠤ ᠲᠦᠷᠦᠬᠦᠨ ᠳᠤ ᠠᠩᠭᠢ ᠶᠢᠨ ᠬᠤᠷᠠᠯ ᠤᠨ ᠴᠠᠭ ᠢ ᠠᠰᠢᠭᠯᠠᠨ | ᠨᠢᠭᠡ ᠤᠳᠠᠭᠠᠨ ᠤ ᠰᠡᠳᠬᠢᠯᠭᠡ ᠶᠢᠨ ᠰᠤᠯᠢᠯᠴᠠᠭᠠᠨ ᠤ ᠠᠵᠢᠯᠯᠠᠭ᠎ᠠ ᠦᠷᠨᠢᠬᠦᠯᠵᠡᠢ᠃ ᠠᠩᠭᠢ ᠶᠢᠨ ᠬᠤᠷᠠᠯ | ᠡᠬᠢᠯᠡᠮᠡᠭᠴᠡ ᠪᠢ ᠬᠡᠤᠬᠡᠳ ᠤᠳ ᠲᠤ ᠪᠠᠨ᠄ ︽ᠪᠠᠭᠰᠢ ᠨᠢ ᠲᠤᠰ ᠬᠤᠭᠤᠴᠠᠭ᠎ᠠ ᠡᠬᠢᠯᠡᠭᠰᠡᠨ ᠠᠴᠠ ᠲᠤᠩ ᠪᠠᠶᠠᠷᠳᠠᠢ | ᠪᠠᠶᠢᠭ᠎ᠠ ᠶᠢ ᠲᠠ ᠨᠠᠷ ᠠᠵᠢᠵᠦ ᠮᠡᠳᠡᠭᠰᠡᠨ ᠤᠤ᠂ ᠶᠠᠮᠠᠷ ᠨᠢᠭᠡᠨ ᠤᠴᠢᠷ ᠪᠠᠭᠰᠢ ᠶᠢ ᠨᠢ ᠢᠩᠬᠢᠵᠦ ᠪᠠᠶᠠᠷᠯᠠᠭᠤᠯᠵᠦ | ᠪᠠᠶᠢᠭ᠎ᠠ ᠶᠢ ᠲᠠ ᠨᠠᠷ ᠳᠠᠭᠠᠵᠦ ᠦᠵᠡ︾ ᠬᠡᠬᠦ ᠲᠠᠢ ᠵᠡᠷᠭᠡ ᠬᠡᠤᠭᠡᠳ ᠤᠳ ᠪᠦᠷ ᠶᠠᠩᠵᠦ ᠪᠦᠷᠢ ᠪᠠᠷ ᠳᠠᠭᠠᠮᠠᠭᠯᠠᠵᠦ | ᠡᠬᠢᠯᠡᠯ᠎ᠡ᠃ ᠡᠨᠡ ᠦᠶ᠎ᠡ ᠳᠤ ᠪᠢ ᠰᠤᠷᠤᠭᠴᠢᠳ ᠢᠶᠠᠨ ᠨᠠᠮ ᠪᠤᠯᠭᠠᠵᠦ᠄ ︽ᠲᠤᠰ ᠰᠤᠷᠤᠯᠭ᠎ᠠ ᠶᠢᠨ ᠬᠤᠭᠤᠴᠠᠭ᠎ᠠ | ᠡᠬᠢᠯᠡᠮᠡᠭᠴᠡ ᠮᠠᠨ ᠤ ᠠᠩᠭᠢ ᠳᠤ ᠤᠬᠠᠭᠠᠨ ᠲᠤᠮᠤᠭ᠎ᠠ ᠲᠠᠢ ᠨᠢᠭᠡ ᠰᠤᠷᠤᠭᠴᠢ ᠨᠡᠮᠡᠭᠳᠡᠯ᠎ᠡ ᠭᠡᠵᠦ ᠪᠠᠭᠰᠢ ᠨᠢ | ᠲᠦᠢᠯ ᠢᠶᠠᠷ ᠪᠠᠶᠠᠷᠯᠠᠵᠦ ᠪᠠᠶᠢᠨ᠎ᠠ ᠰᠢᠤ᠂ ᠲᠠ ᠨᠠᠷ ᠬᠡᠯᠡᠪᠡᠯ ᠪᠠᠭᠰᠢ ᠨᠢ ᠪᠠᠶᠠᠷᠯᠠᠬᠤ ᠶᠤᠰᠤᠲᠡᠢ ᠤᠤ᠂ | ᠦᠭᠡᠢ ᠤᠤ︖︾ ᠬᠡᠵᠦ ᠬᠡᠤᠬᠡᠳ ᠤᠳ ᠤᠨ ᠪᠤᠳᠤᠵᠦ ᠤᠯᠤᠭ᠎ᠠ ᠦᠭᠡᠢ ᠵᠦᠢᠯ ᠢ ᠨᠢ ᠶᠠᠷᠢᠴᠢᠬᠠᠯ᠎ᠠ᠃ ᠡᠳᠡᠭᠡᠷ | ᠦᠭᠡᠨ ᠳᠤ ᠰᠢᠨ᠎ᠠ ᠰᠢᠯᠵᠢᠵᠤ ᠢᠷᠡᠭᠰᠡᠨ ᠰᠤᠷᠤᠭᠴᠢ ᠶᠢᠨ ᠰᠡᠳᠬᠢᠯ ᠰᠠᠷᠭᠦᠵᠤ ᠨᠢᠳᠦ ᠨᠢ ᠬᠡᠷᠡᠯᠳᠦᠵᠦ ᠪᠠᠶᠢᠯ᠎ᠠ᠃ | ᠲᠡᠷᠡ ᠴᠠᠭ ᠠᠴᠠ ᠬᠤᠶᠢᠰᠢ ᠠᠩᠭᠢ ᠶᠢᠨ ᠬᠡᠤᠬᠡᠳ ᠤᠳ ᠰᠢᠨ᠎ᠡ ᠪᠠᠷ ᠰᠢᠯᠵᠢᠵᠦ ᠢᠷᠡᠭᠰᠡᠨ ᠬᠠᠮᠳᠦ | ᠰᠤᠷᠤᠯᠭᠠᠳᠠᠨ ᠢᠶᠠᠨ ᠠᠩᠬᠠᠷᠴᠦ ᠡᠬᠢᠯᠡᠪᠡ᠃ ᠮᠦᠨ ᠴᠦ ᠲᠡᠬᠦᠨ ᠲᠠᠢ ᠢᠯᠡᠬᠦᠦ ᠵᠤᠭᠤᠭᠳᠠᠵᠦ᠂ ᠬᠠᠮᠳᠦ ᠲᠤᠭᠯᠠᠳᠠᠭ | ᠪᠤᠯᠵᠠᠭᠠᠪᠠ᠃ ᠪᠢ ᠴᠦ ᠵᠠᠪᠰᠢᠶᠠᠨ ᠢ ᠠᠯᠳᠠᠯ ᠦᠭᠡᠢ ᠲᠠᠬᠦᠨ ᠤ ᠪᠡᠶ᠎ᠡ ᠳᠡᠭᠡᠷᠡᠬᠢ ᠳᠠᠪᠠᠭᠤᠯᠢᠭ ᠲᠠᠯ᠎ᠠ ᠶᠢ | ᠵᠤᠷᠢᠯᠭ᠎ᠠ ᠲᠠᠢ ᠬᠠᠶᠢᠵᠦ ᠡᠬᠢᠯᠡᠪᠡ᠃ ᠨᠢᠭᠡ ᠤᠳᠠᠭᠠᠨ ᠤ ᠰᠤᠷᠭᠠᠭᠤᠯᠢ ᠠᠴᠠ ᠲᠤᠬᠢᠷᠠᠭᠤᠯᠤᠭᠰᠠᠨ ᠬᠤᠷᠠᠯ ᠤᠨ | ᠭᠡᠷ ᠤᠨ ᠰᠢᠷᠡᠭᠡ ᠰᠠᠨᠳᠠᠯᠢ ᠶᠢ ᠵᠦᠭᠡᠭᠡᠬᠦ ᠠᠵᠢᠯ ᠢ ᠬᠦᠢᠴᠡᠳᠬᠡᠬᠦ ᠶᠠᠪᠤᠴᠠ ᠳᠤ ᠡᠨᠡ ᠬᠡᠤᠬᠡᠳ ᠪᠤᠰᠤᠳ ᠠᠴᠠ ᠬᠤᠯᠠ | ᠬᠦᠨᠳᠦ ᠡᠬᠦᠷᠭᠡ ᠶᠢ ᠭᠠᠷᠮᠠᠭᠠᠶᠢᠯᠠᠨ ᠬᠦᠢᠴᠡᠳᠬᠡᠭᠰᠡᠨ ᠪᠤᠯᠬᠤᠷ ᠨᠢ ᠤᠯᠠᠨ ᠢᠶᠠᠷ ᠢᠶᠠᠨ ᠲᠡᠬᠦᠨ ᠢ ︽ᠠᠪᠤᠷᠭᠤ | ᠬᠦᠴᠦᠳᠡᠨ × ×︾ ᠭᠡᠵᠦ ᠨᠡᠷᠡᠯᠡᠵᠡᠢ᠃ ᠪᠠᠭᠰᠢ ᠪᠤᠯᠤᠨ ᠨᠦᠬᠦᠳ ᠤᠨ ᠢᠶᠠᠨ ᠮᠠᠭᠳᠠᠬᠤ ᠶᠢ ᠰᠤᠨᠤᠰᠤᠭᠠᠳ | ᠲᠡᠬᠦᠨ ᠤ ᠴᠢᠷᠡᠢ ᠨᠢ ᠤᠯᠠᠶᠢᠵᠦ᠂ ᠡᠪ ᠦᠭᠡᠶᠢᠷᠡᠭᠰᠡᠨ ᠪᠤᠯᠪᠠᠴᠦ ᠪᠡᠶ᠎ᠡ ᠳᠤ ᠪᠠᠨ ᠢᠳᠡᠭᠡᠯ ᠲᠠᠢ ᠪᠤᠯᠤᠭᠰᠠᠨ ᠨᠢ | ᠢᠯᠡᠷᠬᠡᠢ ᠪᠠᠶᠢᠯ᠎ᠠ᠃ ᠳᠠᠷᠠᠭ᠎ᠠ ᠬᠤᠭᠤᠴᠠᠭ᠎ᠠ ᠨᠢ ᠪᠢ ᠲᠡᠬᠦᠨ ᠤ ᠪᠡᠶ᠎ᠡ ᠪᠢᠯᠳᠠᠷ ᠴᠢᠬᠢᠷᠠᠭ ᠪᠠᠶᠢᠬᠤ ᠳᠠᠪᠠᠭᠤᠯᠢᠭ | ᠲᠠᠯ᠎ᠠ ᠶᠢ ᠦᠨᠳᠦᠰᠦᠯᠡᠨ᠂ ᠪᠡᠶ᠎ᠡ ᠲᠠᠮᠢᠷ ᠤᠨ ᠬᠡᠰᠢᠬᠦᠨ ᠪᠤᠯᠭᠠᠵᠦ᠂ ᠪᠠᠭᠰᠢ ᠪᠠᠨ ᠬᠠᠪᠰᠤᠷᠤᠨ ᠠᠩᠭᠢ ᠪᠠᠨ ᠰᠠᠶᠢᠳᠤᠷ | ᠬᠠᠮᠢᠶᠠᠷᠬᠤ ︽ᠡᠬᠦᠷᠭᠡ︾ ᠶᠢ ᠲᠡᠬᠦᠨ ᠳᠤ ᠲᠤᠰᠢᠶᠠᠪᠠ᠃ ᠢᠩᠬᠢᠵᠦ ᠢᠳᠡᠭᠡᠯ ᠤᠨ ᠡᠷᠴᠢ ᠨᠢ ᠴᠢᠩᠭᠠᠷᠠᠭᠰᠠᠨ × × | ᠬᠦᠦ᠂ ᠠᠯᠭᠤᠷ ᠠᠭᠠᠵᠢᠮ ᠳᠤ ᠪᠠᠨ ᠴᠤᠪᠤᠭᠤ ᠳᠡᠭᠵᠢᠨ ᠪᠤᠯᠤᠭᠰᠠᠨ ᠮᠦᠷᠳᠡᠭᠡᠨ ᠰᠤᠷᠤᠯᠭ᠎ᠠ ᠳᠤ ᠪᠠᠨ ᠴᠦ | ᠴᠢᠷᠮᠠᠶᠢᠳᠠᠭ ᠪᠤᠯᠵᠠᠢ᠃ ᠨᠡᠩ ᠮᠠᠭᠳᠠᠭᠤᠰᠢᠲᠡᠢ ᠨᠢ ᠮᠢᠨᠤ ᠰᠠᠶᠢᠨ ᠬᠠᠪᠰᠤᠷᠤᠭᠴᠢ ᠪᠤᠯᠵᠦ ᠠᠩᠭᠢ ᠪᠠᠨ ᠰᠠᠶᠢᠨ | ᠬᠠᠮᠢᠶᠠᠷᠳᠠᠭ ᠪᠤᠯᠪᠠ᠃ ᠡᠳᠡᠭᠡᠷ ᠵᠢᠵᠢᠭ ᠰᠠᠵᠢᠭ ᠵᠦᠢᠯ ᠤᠳ ᠨᠢ ᠭᠡᠳᠦ᠋ᠢᠪᠡᠷ ᠶᠠᠯᠢᠮ ᠦᠭᠡᠢ ᠶᠠᠪᠤᠳᠠᠯ ᠤᠳ | ᠪᠤᠯᠪᠠᠴᠦ᠂ ᠨᠢᠭᠡ ᠨᠢᠭᠡ ᠪᠠᠷ ᠢᠶᠠᠨ ᠬᠡᠤᠬᠡᠳ ᠤᠨ ᠰᠡᠳᠬᠢᠯ ᠳᠤ ᠬᠠᠶᠢᠷ᠎ᠠ ᠶᠢᠨ ᠬᠦᠮᠦᠵᠢᠯ ᠪᠤᠯᠤᠭᠰᠠᠨ ᠪᠠᠶᠢᠬ᠎ᠠ ᠭᠡᠵᠦ | ᠪᠢ ᠰᠡᠮ ᠪᠤᠳᠤᠨ᠂ ︽ᠢᠳᠡᠭᠡᠯ ᠤᠨ ᠲᠦᠷᠦᠭᠡᠨ ᠳᠤ ᠢᠷᠡᠭᠡᠳᠦᠢ ᠪᠤᠰᠤᠨ᠎ᠠ︾ ᠭᠡᠳᠡᠭ ᠦᠭᠡ ᠶᠢ ᠬᠦᠨᠵᠡᠭᠡᠢ | ᠤᠶᠢᠯᠠᠭᠠᠵᠠᠢ᠃ | 3. ᠦᠨᠦᠴᠢᠨ ᠦᠷᠦᠭᠡᠰᠦᠨ ᠬᠡᠤᠬᠡᠳ ᠲᠤ ᠤᠨᠴᠠᠭᠠᠢ ᠬᠠᠯᠠᠮᠵᠢ ᠦᠭᠬᠦ | ᠬᠡᠤᠬᠡᠳ ᠪᠤᠯᠭᠠᠨ ᠤ ᠳᠤᠳᠠᠵᠦ ᠪᠠᠶᠢᠭ᠎ᠠ ᠬᠠᠶᠢᠷ᠎ᠠ ᠪᠦᠷ ᠠᠳᠠᠯᠢ ᠦᠭᠡᠢ᠃ ᠵᠠᠷᠢᠮ ᠬᠡᠤᠭᠡᠳᠤᠨ ᠠᠪᠤ ᠡᠵᠢ ᠨᠢ | ᠤᠷᠤᠭ ᠰᠠᠯᠤᠭᠰᠠᠨ ᠠᠴᠠ ᠬᠡᠤᠬᠡᠳ ᠨᠢ ᠰᠡᠳᠬᠢᠯ ᠤᠨ ᠵᠤᠪᠠᠭᠤᠷᠢ ᠳᠤ ᠤᠷᠤᠭᠰᠠᠨ ᠪᠠᠶᠢᠳᠠᠭ᠂ ᠵᠠᠷᠢᠮ ᠬᠡᠤᠭᠡᠳ ᠢ | ᠬᠡᠳᠦᠷᠬᠡᠢ ᠴᠢᠩᠭ᠎ᠠ ᠪᠠᠷᠢᠵᠦ᠂ ᠵᠤᠳᠤᠵᠦ ᠵᠠᠨᠴᠢᠵᠤ ᠰᠤᠷᠭᠠᠳᠠᠭ ᠠᠴᠠ ᠵᠤᠷᠢᠭ ᠵᠢᠷᠦᠭᠡ ᠦᠭᠡᠢ ᠠᠶᠤᠮᠠᠳᠠᠭᠠᠢ | ᠪᠤᠯᠤᠭᠰᠠᠨ ᠪᠠᠶᠢᠳᠠᠭ ᠁ ᠡᠨᠡ ᠮᠡᠳᠦ ᠶᠢᠨ ᠠᠰᠠᠭᠤᠳᠠᠯ ᠢ ᠠᠩᠭᠢ ᠶᠢᠨ ᠡᠷᠬᠢᠯᠡᠭᠴᠢ ᠪᠠᠭᠰᠢ ᠠᠴᠠ ᠬᠡᠷ ᠤᠨ | ᠠᠬᠠᠮᠠᠳ ᠲᠠᠢ ᠬᠠᠮᠵᠢᠵᠦ ᠪᠠᠶᠢᠭᠠᠳ᠂ ᠵᠦᠪ ᠵᠢᠯᠤᠭᠤᠳᠤᠯᠭ᠎ᠠ ᠪᠤᠶᠤ ᠰᠠᠨᠠᠭᠤᠯᠭ᠎ᠠ ᠦᠭᠴᠦ᠂ ᠬᠡᠤᠬᠡᠳ ᠤᠨ ᠤᠶᠤᠨ | ᠰᠠᠨᠠᠭᠠᠨ ᠤ ᠲᠠᠯ᠎ᠠᠶᠢᠨ ᠬᠤᠭᠤᠰᠤᠷᠠᠯ ᠪᠤᠶᠤ ᠳᠤᠳᠠᠭᠰᠠᠨ ᠬᠠᠶᠢᠷ᠎ᠠ ᠶᠢ ᠨᠢ ᠨᠦᠬᠦᠪᠦᠷᠢᠯᠡᠵᠦ ᠪᠤᠯᠤᠨ᠎ᠠ᠃ ᠬᠡᠪᠡᠴᠦ | ᠠᠮᠢᠳᠤᠷᠠᠯ ᠨᠢ ᠲᠦᠢᠯ ᠤᠨ ᠬᠦᠴᠢᠷᠳᠡᠢ ᠮᠦᠷᠳᠡᠭᠡᠨ ᠠᠪᠤ ᠡᠵᠢ ᠦᠭᠡᠢ ᠦᠨᠦᠴᠢᠷᠡᠭᠰᠡᠨ ᠬᠡᠤᠬᠡᠳ ᠲᠤ ᠬᠠᠶᠢᠷ᠎ᠠ | ᠨᠦᠬᠦᠪᠦᠷᠢᠯᠡᠬᠦ ᠳᠤ ᠲᠤᠩ ᠬᠦᠴᠢᠷᠳᠡᠢ ᠪᠠᠶᠢᠳᠠᠭ᠃ ᠡᠶᠢᠮᠦ ᠠᠴᠠ ᠪᠢ ᠠᠩᠭᠢ ᠶᠢᠨ ᠬᠡᠤᠬᠡᠳ ᠤᠨ ᠲᠤᠳᠤᠷ᠎ᠠ ᠬᠡᠷᠪᠡ | ᠦᠨᠦᠴᠢᠨ ᠦᠷᠦᠭᠡᠰᠦᠨ ᠬᠡᠤᠬᠡᠳ ᠪᠠᠶᠢᠪᠠᠯ ᠳᠡᠳᠡᠨ ᠳᠤ ᠠᠯᠢ ᠴᠢᠳᠠᠬᠤ ᠪᠠᠷ ᠪᠤᠯᠤᠮᠵᠢ ᠤᠯᠭᠤᠨ᠂ ᠢᠯᠡᠬᠦᠬᠡᠨ | ᠬᠠᠶᠢᠷ᠎ᠠ ᠬᠠᠯᠠᠮᠵᠢ ᠦᠭᠬᠦ ᠶᠢ ᠴᠢᠬᠤᠯᠠᠴᠢᠯᠠᠨ ᠦᠵᠡᠳᠡᠭ᠃ | ᠮᠢᠨᠤ ᠳᠡᠭᠡᠷ᠎ᠡ ᠡᠭᠡᠯᠵᠢ ᠶᠢᠨ ᠠᠩᠭᠢ ᠳᠤ ᠰᠤᠷᠤᠯᠴᠠᠳᠠᠭ ᠨᠢᠭᠡᠨ ᠬᠡᠤᠬᠡᠨ ᠰᠤᠷᠤᠭᠴᠢ ᠶᠢ × × ᠭᠡᠳᠡᠭ᠃ | ᠲᠤᠰ ᠰᠤᠷᠤᠭᠴᠢ ᠤᠢ ᠪᠢᠯᠢᠭ ᠤᠨ ᠨᠡᠭᠡᠭᠡᠭᠳᠡᠯ ᠲᠤᠳᠠᠮᠠᠭ ᠠᠴᠠ ᠰᠤᠷᠤᠯᠭ᠎ᠠ ᠳᠤ ᠪᠠᠨ ᠲᠤᠩ ᠬᠦᠴᠢᠷᠳᠡᠳᠡᠭ᠂ ᠬᠡᠷ | ᠪᠦᠯᠢ ᠶᠢᠨ ᠠᠮᠢᠳᠤᠷᠠᠯ ᠨᠢ ᠴᠦ ᠮᠠᠰᠢ ᠬᠦᠴᠢᠷᠳᠡᠢ ᠪᠠᠶᠢᠪᠠ᠃ ᠤᠴᠢᠷ ᠨᠢ ᠡᠨᠡ ᠬᠡᠤᠬᠡᠳ ᠤᠨ ᠠᠪᠤ ᠡᠵᠢ ᠨᠢ ᠡᠷᠳᠡ | ᠨᠠᠰᠤ ᠪᠠᠷᠠᠵᠦ ᠦᠨᠦᠴᠢᠨ ᠬᠡᠤᠬᠡᠳ ᠪᠤᠯᠴᠢᠬᠠᠪᠠ᠃ ᠡᠪᠦᠭᠡ ᠡᠮᠡᠭᠡ ᠨᠢ ᠬᠤᠭ ᠨᠤᠪᠰᠢ ᠲᠡᠬᠦᠵᠦ ᠠᠮᠢᠳᠤᠷᠠᠯ ᠢᠶᠠᠨ | ᠠᠷᠭᠠᠴᠠᠭᠠᠳᠠᠭ ᠪᠠᠶᠢᠯ᠎ᠠ᠃ ᠠᠩᠭᠢ ᠶᠢᠨ ᠬᠡᠤᠬᠡᠳ ᠤᠳ ᠴᠦ ᠲᠡᠬᠦᠨ ᠢ ᠲᠤᠤᠷ᠎ᠠ ᠦᠵᠡᠬᠦ ᠪᠤᠶᠤ ᠲᠤᠷᠤᠮᠵᠢᠯᠠᠬᠤ | ᠮᠡᠳᠦ ᠶᠢᠨ ᠦᠵᠡᠭᠳᠡᠯ ᠲᠠᠢ ᠪᠠᠶᠢᠪᠠ᠃ ᠠᠩᠭᠢ ᠶᠢᠨ ᠡᠷᠬᠢᠯᠡᠭᠴᠢ ᠪᠤᠯᠤᠭᠰᠠᠨ ᠪᠢ ᠡᠳᠡᠭᠡᠷ ᠪᠠᠶᠢᠳᠠᠯ ᠢ ᠤᠶᠢᠯᠠᠭᠠᠭᠰᠠᠨ | ᠰᠠᠭᠤᠷᠢᠨ ᠳᠤ ᠨᠢᠭᠡ ᠤᠳᠠᠭᠠᠨ ᠤ ︽ᠬᠦᠮᠦᠨ ᠪᠦᠬᠦᠨ ᠨᠢᠭᠡᠨ ᠭᠡᠷᠡᠯᠲᠦ ᠤᠳᠤᠨ ᠮᠦᠨ︾ ᠬᠡᠬᠦ ᠭᠤᠤᠯ ᠰᠡᠳᠦᠪᠲᠦ | ᠠᠩᠭᠢ ᠶᠢᠨ ᠬᠤᠷᠠᠯ ᠬᠢᠪᠡ᠃ ᠡᠨᠡ ᠬᠤᠷᠠᠯ ᠨᠢ ᠬᠡᠤᠬᠡᠳ ᠪᠤᠯᠭᠠᠨ ᠤ ᠴᠢᠳᠠᠮᠠᠭᠠᠢ ᠲᠠᠯ᠎ᠠ ᠪᠠᠨ ᠭᠠᠶᠢᠬᠠᠭᠤᠯᠵᠦ᠂ | ᠵᠢᠩᠬᠢᠨᠢ ︽ᠬᠡᠷᠡᠯᠲᠦ ᠤᠳᠤᠨ︾ ᠪᠤᠯᠬᠤ ᠶᠢ ᠵᠤᠷᠢᠬᠵᠢᠭᠤᠯᠤᠭᠰᠠᠨ ᠦᠢᠯᠡ ᠠᠵᠢᠯᠯᠠᠭ᠎ᠠ ᠪᠤᠯᠤᠭᠰᠠᠨ ᠶᠤᠮ᠃ | ᠬᠦᠳᠡᠯᠭᠡᠭᠡᠨ ᠳᠡᠭᠡᠷ᠎ᠡ ᠬᠦᠮᠦᠨ ᠪᠦᠬᠦᠨ ᠦᠪᠡᠷ ᠤᠨ ᠴᠢᠳᠠᠮᠠᠭᠠᠢ ᠲᠠᠯ᠎ᠠ ᠪᠠᠨ ᠠᠳᠠᠯᠢ ᠪᠤᠰᠤ ᠠᠷᠭ᠎ᠠ ᠪᠠᠷ ᠤᠯᠠᠨ ᠤ | ᠡᠮᠦᠨ᠎ᠡ ᠢᠯᠡᠷᠡᠬᠦᠯᠵᠡᠢ᠃ ᠭᠡᠪᠡᠴᠦ ᠦᠨᠦ ᠬᠦᠭᠡᠷᠦᠬᠦᠢ × × ᠮᠢᠨᠢ ᠶᠠᠭᠤ ᠴᠦ ᠲᠤᠤᠭᠠᠷᠬᠤ ᠦᠭᠡᠢ ᠰᠠᠭᠤᠵᠦ | ᠪᠠᠶᠢᠯ᠎ᠠ᠃ ᠲᠡᠭᠡᠭᠡᠳ ᠪᠢ ᠲᠡᠬᠦᠨ ᠤ ᠳᠠᠪᠠᠭᠤᠯᠢᠭ ᠲᠠᠯ᠎ᠠ ᠶᠢ ᠨᠢ ᠢᠯᠠᠷᠠᠭᠦᠯᠵᠦ ᠤᠯᠠᠨ ᠳᠤ ᠦᠵᠡᠭᠦᠯᠪᠡ᠃ | ︽ᠶᠠᠳᠠᠭᠤ ᠠᠶᠢᠯ ᠤᠨ ᠬᠡᠤᠬᠡᠳ ᠡᠷᠳᠡ ᠤᠠᠭᠭᠠᠵᠢᠳᠠᠭ︾ ᠬᠡᠰᠡᠨ ᠦᠭᠡ ᠨᠢᠭᠡ ᠴᠦ ᠪᠤᠷᠤᠭᠤ ᠦᠭᠡᠢ᠂ | ᠲᠤᠰ ᠰᠤᠷᠤᠭᠴᠢ ᠬᠡᠳᠦ᠋ᠢᠪᠡᠷ ᠰᠤᠷᠤᠯᠭ᠎ᠠ ᠠᠨᠠᠢ ᠪᠤᠯᠪᠠᠴᠦ ᠠᠵᠢᠯᠯᠠᠵᠦ ᠬᠦᠳᠡᠯᠮᠦᠷᠢᠯᠡᠬᠦ ᠴᠢᠳᠠᠪᠤᠷᠢ ᠨᠢ ᠤᠨᠴᠠᠭᠠᠢ | ᠰᠠᠶᠢᠨ ᠪᠠᠶᠢᠵᠦ᠂ ᠬᠠᠷᠠᠬᠠᠨ ᠪᠠᠭ᠎ᠠ ᠠᠴᠠ ᠪᠠᠨ ᠬᠡᠷ ᠤᠨ ᠠᠵᠢᠯ ᠳᠤ ᠭᠠᠷᠰᠢᠭᠰᠠᠨ ᠪᠠᠶᠢᠪᠠ᠃ ᠲᠡᠬᠦᠨ ᠤ ᠭᠠᠵᠠᠷ | ᠱᠦᠬᠦᠷᠳᠡᠬᠦ᠂ ᠰᠢᠷᠡᠭᠡ ᠰᠠᠨᠳᠠᠯᠢ ᠳᠡᠭᠰᠢᠯᠡᠬᠦ᠂ ᠱᠠᠯᠠ ᠵᠦᠯᠬᠦᠬᠦ ᠵᠡᠷᠭᠡ ᠴᠢᠳᠠᠪᠤᠷᠢ ᠨᠢ ᠪᠤᠰᠤᠳ ᠬᠡᠤᠬᠡᠳ ᠤᠳ ᠠᠴᠠ | ᠪᠦᠷ ᠳᠠᠪᠠᠭᠰᠠᠨ ᠪᠠᠶᠢᠳᠠᠭ᠃ ᠪᠢ ᠡᠬᠦᠨ ᠢ ᠨᠢ ᠠᠳᠬᠤᠵᠦ ᠠᠩᠭᠢ ᠶᠢᠨ ᠰᠤᠷᠤᠭᠴᠢᠳ ᠲᠤ ᠬᠠᠨᠳᠦᠨ᠄ | — ᠮᠠᠨ ᠤ ᠠᠩᠭᠢ ᠶᠢᠨ ᠬᠡᠤᠬᠡᠳ ᠪᠤᠯᠭᠠᠨ ᠴᠦᠮ ︽ᠬᠡᠷᠡᠯᠲᠦ ᠤᠳᠤᠨ︾ ᠮᠦᠨ ᠪᠠᠶᠢᠭ᠎ᠠ ᠳᠤ | ᠪᠠᠭᠰᠢ ᠨᠢ ᠲᠤᠩ ᠪᠠᠶᠠᠷᠯᠠᠨ ᠤᠮᠤᠭᠰᠢᠵᠦ ᠪᠠᠶᠢᠨ᠎ᠠ᠃ ᠮᠠᠨ ᠤ × × ᠴᠦ ᠲᠠ ᠨᠠᠷ ᠲᠠᠢ ᠠᠳᠠᠯᠢᠬᠠᠨ | ᠠᠩᠭᠢ ᠶᠢᠨ ᠢᠶᠠᠨ ᠨᠢᠭᠡᠨ ︽ᠬᠡᠷᠡᠯᠲᠦ ᠤᠳᠤᠨ︾ ᠰᠢᠤ᠃ ᠬᠦᠮᠦᠨ ᠪᠦᠬᠦᠨ ᠦᠪᠡᠷ ᠤᠨ ᠬᠡᠰᠡᠨ ᠳᠠᠪᠠᠭᠤᠯᠢᠭ | ᠲᠠᠯ᠎ᠠ ᠪᠠᠷ ᠢᠶᠠᠨ ᠡᠨᠡ ᠠᠩᠭᠢ ᠪᠠᠨ ᠬᠡᠷᠡᠯᠳᠦᠬᠦᠯᠵᠦ ᠪᠠᠶᠢᠨ᠎ᠠ᠃ ᠬᠤᠵᠢᠮ ᠬᠡᠤᠬᠡᠳ ᠤᠳ ᠮᠢᠨᠢ ᠪᠤᠰᠤᠳ ᠢ | ᠦᠨᠡᠯᠡᠬᠦ ᠳᠤ ᠪᠠᠨ ᠪᠤᠰᠤᠳ ᠤᠨ ᠳᠠᠪᠠᠭᠤᠯᠢᠭ ᠲᠠᠯ᠎ᠠ ᠶᠢ ᠵᠤᠷᠢᠭᠳᠠᠢ ᠢᠯᠡᠷᠡᠬᠦᠯᠵᠦ᠂ ᠳᠤᠳᠠᠭᠳᠠᠯ ᠢ ᠨᠢ ᠪᠠᠭᠠᠰᠬᠠᠨ | ᠦᠵᠡᠬᠦ ᠶᠤᠰᠤ ᠶᠢ ᠵᠠᠪᠠᠯ ᠤᠶᠢᠯᠠᠭᠠᠬᠤ ᠬᠡᠷᠡᠭᠳᠡᠢ ᠰᠢᠤ ᠬᠡᠵᠦ ᠰᠤᠷᠭᠠᠵᠦ ᠬᠦᠮᠦᠵᠢᠬᠦᠯᠦᠭᠰᠡᠨ ᠠᠴᠠ ᠬᠤᠶᠢᠰᠢ | ᠬᠡᠤᠭᠡᠳ ᠤᠳ ᠵᠦᠪ ᠬᠦᠮᠦᠨ ᠪᠤᠯᠬᠤ ᠪᠠᠷ ᠴᠢᠷᠮᠠᠶᠢᠵᠦ ᠡᠬᠢᠯᠡᠵᠡᠭᠡᠭᠰᠡᠨ ᠪᠢᠯᠡ᠃ | ᠦᠨᠦᠴᠢᠨ ᠬᠡᠤᠬᠡᠳ ᠤᠳ ᠢ ᠶᠠᠷᠢᠭᠰᠠᠭᠠᠷ ᠪᠤᠳᠤᠯ ᠨᠢᠭᠡ ᠯᠡ ᠬᠦᠨᠳᠦᠷᠡᠬᠦ ᠶᠤᠮ᠃ ᠮᠢᠨᠤ ᠦᠨᠦ ᠶᠢᠨ | ᠡᠷᠬᠢᠯᠡᠵᠦ ᠪᠠᠶᠢᠭ᠎ᠠ ᠠᠩᠭᠢ ᠳᠤ ᠬᠡᠯᠡ ᠶᠡᠷᠢᠶᠠᠨ ᠤ ᠵᠡᠷᠡᠮᠳᠡᠭ ᠲᠠᠢ ᠬᠦᠦ ᠰᠤᠷᠤᠭᠴᠢ ᠪᠠᠶᠢᠳᠠᠭ᠂ ᠬᠦᠭᠡᠷᠦᠬᠦᠢ ᠡᠨᠡ | ᠬᠦᠦ ᠮᠦᠨ ᠨᠢᠭᠡᠨ ᠦᠨᠦᠴᠢᠨ ᠬᠡᠤᠬᠡᠳ ᠪᠢᠯᠡ᠃ ᠡᠨᠡ ᠬᠦᠦ ᠶᠢᠨ ᠪᠠᠶ᠎ᠠ ᠮᠠᠬᠠᠪᠤᠳ ᠨᠢ ᠳᠠᠩᠴᠦ ᠡᠴᠡᠩᠬᠡᠢ | ᠲᠤᠷᠠᠩᠬᠠᠢ ᠪᠤᠯᠬᠤᠷ ᠪᠤᠭᠴᠦ ᠪᠠᠨ ᠴᠦ ᠡᠷᠬᠦᠵᠦ ᠳᠠᠭᠠᠭᠠᠬᠤ ᠦᠭᠡᠢ᠃ ᠡᠬᠡ ᠶᠢᠨ ᠢᠶᠠᠨ ᠬᠡᠪᠡᠯᠢ ᠳᠤ ᠶᠡᠭᠡ | ᠬᠡᠮᠵᠢᠶᠡᠨ ᠤ ᠰᠢᠮ᠎ᠡ ᠳᠡᠵᠢᠭᠡᠯ ᠳᠤᠳᠠᠭᠰᠠᠨ ᠠᠴᠠ ᠪᠤᠯᠪᠠᠤ ᠬᠡᠤᠬᠡᠨ ᠬᠡᠯᠡ ᠨᠢ ᠬᠦᠭᠵᠢᠬᠡ ᠦᠭᠡᠢ᠂ ᠦᠭᠡ | ᠶᠠᠷᠢᠬᠤ ᠳᠤ ᠪᠠᠨ ᠴᠦ ᠲᠤᠳᠤ ᠦᠭᠡᠢ ᠪᠠᠶᠢᠳᠠᠭ ᠶᠤᠮ᠃ ᠬᠡᠳᠦ᠋ᠢᠪᠡᠷ ᠪᠡᠶ᠎ᠡ ᠮᠠᠬᠠᠪᠤᠳ ᠨᠢ ᠲᠤᠷᠤᠢ ᠪᠠᠭᠤᠷᠠᠢ᠂ | ᠬᠦᠴᠦ ᠲᠡᠩᠬᠡᠭᠡ ᠮᠠᠭᠤᠳᠠᠢ᠂ ᠦᠰᠦᠯᠲᠡ ᠨᠢ ᠤᠳᠠᠭᠠᠨ ᠪᠤᠯᠪᠠᠴᠦ ᠤᠶᠤᠨ ᠤᠬᠠᠭᠠᠨ ᠨᠢ ᠪᠦᠳᠦᠨ᠂ ᠰᠤᠷᠤᠯᠭ᠎ᠠ | ᠬᠢᠴᠢᠶᠡᠯ ᠳᠤ ᠪᠠᠨ ᠲᠦᠢᠯ ᠤᠨ ᠴᠢᠷᠮᠠᠶᠢᠯᠳᠠ ᠲᠠᠢ ᠶᠤᠮ᠃ ᠡᠪᠦᠭᠡ ᠡᠮᠡᠭᠡ ᠲᠠᠢ ᠪᠠᠨ ᠭᠤᠷᠪᠠᠭᠤᠯᠠ ᠠᠮᠢᠳᠤᠷᠠᠵᠦ | ᠪᠠᠶᠢᠭ᠎ᠠ ᠳᠡᠳᠡᠨ ᠤ ᠬᠢᠨ ᠳᠤ ᠨᠡᠶᠢᠭᠡᠮ ᠤᠨ ᠡᠯ᠎ᠡ ᠡᠳᠡᠭᠡᠳ ᠠᠴᠠ ᠬᠠᠪᠰᠤᠷᠤᠯᠭ᠎ᠠ ᠦᠵᠡᠬᠦᠯᠦᠭᠰᠡᠭᠡᠷ ᠢᠷᠡᠵᠡᠢ᠃ ᠪᠢ | ᠲᠡᠬᠦᠨ ᠤ ᠠᠩᠭᠢ ᠶᠢᠨ ᠡᠷᠬᠢᠯᠡᠭᠴᠢ ᠪᠤᠯᠤᠭᠰᠠᠨ ᠤ ᠬᠤᠪᠢ ᠳᠤ ᠬᠡᠷ ᠤᠨ ᠠᠬᠠᠮᠠᠳ ᠢᠶᠠᠨ ᠵᠤᠬᠢᠶᠠᠨ ᠪᠠᠶᠢᠭᠤᠯᠵᠦ᠂ | ᠵᠢᠯ ᠪᠤᠯᠭᠠᠨ ᠠᠮᠢᠳᠤᠷᠠᠯ ᠳᠤ ᠨᠢ ᠲᠤᠰᠠᠯᠠᠮᠵᠢ ᠦᠵᠡᠬᠦᠯᠳᠡᠭ᠃ ᠡᠬᠦᠨ ᠠᠴᠠ ᠭᠠᠳᠠᠨ᠎ᠠ ᠪᠢ ᠠᠩᠭᠢ ᠶᠢᠨ | ᠰᠤᠷᠤᠭᠴᠢ ᠪᠠᠨ ᠳᠠᠶᠢᠴᠢᠯᠠᠨ᠂ ᠲᠤᠰ ᠰᠤᠷᠤᠭᠴᠢ ᠶᠢ ᠬᠠᠪᠰᠤᠷᠴᠦ ᠬᠠᠯᠠᠮᠵᠢᠯᠠᠬᠤ ᠠᠵᠢᠯᠯᠠᠭ᠎ᠠ ᠶᠢ ᠪᠠᠶᠢᠩᠭᠤ ᠶᠢᠨ | ᠴᠢᠨᠠᠷᠲᠡᠢ ᠪᠠᠷᠢᠮᠳᠠᠯᠠᠭᠰᠠᠭᠠᠷ ᠢᠷᠡᠵᠡᠢ᠃ ᠬᠡᠤᠬᠡᠳ ᠤᠳ ᠮᠠᠨᠢ ᠡᠳᠦᠷ ᠪᠤᠯᠭᠠᠨ ᠡᠭᠡᠯᠵᠢᠯᠡᠨ ᠲᠡᠭᠦᠨ ᠤ ᠪᠢᠷ ᠨᠤᠮ ᠢ ᠨᠢ | ᠪᠤᠭᠴᠤᠨ ᠠᠴᠠ ᠨᠢ ᠭᠠᠷᠭᠠᠬᠤ᠂ ᠭᠠᠳᠠᠷ ᠬᠦᠷᠮ᠎ᠡ ᠶᠢ ᠨᠢ ᠡᠮᠦᠰᠬᠡᠬᠦ᠂ ᠪᠤᠭᠴᠦ ᠶᠢ ᠨᠢ ᠡᠬᠦᠷᠴᠦ ᠪᠠᠭᠤᠬᠤ᠂ | ᠠᠰᠠᠷ ᠤᠨ ᠱᠠᠳᠤ ᠪᠠᠷ ᠬᠦᠳᠦᠯᠦᠨ ᠠᠯᠬᠤᠬᠤ ᠁ ᠵᠡᠷᠭᠡ ᠬᠠᠯᠠᠮᠵᠢᠯᠠᠬᠤ ᠠᠵᠢᠯᠯᠠᠭ᠎ᠠ ᠶᠢ ᠬᠡᠪ ᠤᠨ ᠵᠤᠷᠰᠢᠯ | ᠪᠤᠯᠭᠠᠨ ᠬᠢᠭᠰᠡᠭᠡᠷ ᠢᠷᠡᠵᠡᠢ᠃ ᠡᠶᠢᠨᠬᠦ ᠡᠨᠡ ᠬᠦᠦ ᠡᠪᠦᠭᠡ ᠡᠮᠡᠭᠡ ᠶᠢᠨ ᠳᠤᠲᠤᠮᠳᠠᠯᠭᠠ ᠪᠡ ᠠᠩᠭᠢ ᠶᠢᠨ ᠨᠠᠶᠢᠵᠠ | ᠨᠦᠬᠦᠳ ᠤᠨ ᠢᠶᠠᠨ ᠬᠠᠯᠠᠮᠵᠢᠯᠠᠯ ᠲᠤᠤᠷ᠎ᠠ ᠲᠠᠪᠤᠨ ᠵᠢᠯ ᠤᠨ ᠬᠢᠴᠢᠶᠡᠯ ᠰᠤᠷᠤᠯᠭ᠎ᠠ ᠪᠠᠨ ᠠᠮᠵᠢᠯᠲᠠ ᠲᠠᠢ | ᠦᠩᠭᠡᠷᠡᠭᠦᠯᠵᠡᠢ᠃ ᠬᠡᠳᠡᠯ᠎ᠡ ︽ᠭᠠᠢ ᠭᠠᠵᠠᠷ ᠲᠤᠤᠷ᠎ᠠ ᠠᠴᠠ︾ ᠭᠡᠳᠡᠭ ᠢᠶᠠᠷ 2019 ᠤᠨ ᠤ 5 ᠰᠠᠷ᠎ᠠ ᠳᠤ ᠲᠡᠷᠡ | ᠡᠩ ᠤᠨ ᠬᠠᠨᠢᠶᠠᠳᠦ ᠲᠠᠭᠰᠢᠭᠤᠷ ᠭᠦᠷᠴᠦ ᠰᠠᠭᠦᠯᠠᠷ ᠨᠢ ᠭᠦᠨᠳᠤᠷᠡᠭᠡᠳ᠂ ᠠᠮᠢᠰᠬᠤᠯ ᠤᠨ ᠰᠠᠭᠠᠳ ᠲᠤ ᠤᠴᠠᠷᠠᠪᠠ᠃ | ᠬᠦᠨᠳᠦ ᠡᠪᠡᠳᠴᠢᠳᠡᠨ ᠤ ᠦᠷᠦᠭᠡᠨ ᠳᠤ ᠡᠮᠴᠢᠯᠡᠬᠦᠯᠵᠦ ᠪᠠᠶᠢᠬᠤ ᠬᠤᠭᠤᠴᠠᠭᠠᠨ ᠳᠤ ᠨᠢ ᠪᠢ ᠡᠳᠦᠷ ᠪᠤᠯᠭᠠᠨ | ᠡᠮᠨᠡᠯᠭᠡ ᠶᠢᠨ ᠬᠤᠷᠢᠶ᠎ᠠ ᠳᠤ ᠤᠴᠢᠳᠠᠭ᠃ ᠤᠴᠢᠷ ᠨᠢ ᠲᠡᠬᠦᠨ ᠤ ᠡᠪᠦᠭᠡ ᠡᠮᠡᠭᠡ ᠨᠢ ᠨᠠᠰᠤ ᠠᠬᠢᠬᠰᠡᠨ ᠢᠶᠠᠷ ᠪᠠᠷᠠᠬᠤ | ᠦᠭᠡᠢ ᠦᠰᠦᠭ ᠪᠢᠴᠢᠭ ᠲᠠᠨᠢᠬᠤ ᠦᠭᠡᠢ ᠪᠤᠯᠬᠤᠷ ᠡᠮᠴᠢ ᠲᠠᠢ ᠬᠠᠷᠢᠯᠴᠠᠵᠦ᠂ ᠶᠠᠭᠠᠬᠢᠵᠦ ᠡᠮᠨᠡᠬᠦᠯᠬᠦ ᠲᠤᠬᠠᠢ ᠪᠠᠨ | ᠶᠠᠷᠢᠯᠴᠠᠨ ᠵᠦᠪᠯᠠᠵᠦ ᠴᠢᠳᠠᠬᠤ ᠦᠭᠡᠢ ᠪᠤᠯᠬᠤᠷ ᠪᠢ ᠡᠷᠬᠡᠪᠰᠢ ᠲᠤᠬᠠᠢ ᠶᠢᠨ ᠲᠠᠯᠠᠪᠤᠷ ᠲᠤ ᠨᠢ ᠬᠦᠷᠬᠦ ᠴᠢᠬᠤᠯᠠ ᠲᠠᠢ | ᠪᠠᠶᠢᠯ᠎ᠠ᠃ ᠲᠤᠬᠠᠢ ᠶᠢᠨ ᠦᠶ᠎ᠡ ᠳᠤ ᠠᠮᠢᠰᠬᠤᠯ ᠤᠨ ᠡᠷᠭᠡᠳᠡᠨ ᠨᠢ ᠤᠯᠠᠮ ᠢᠶᠠᠷ ᠮᠠᠭᠤᠳᠠᠵᠦ᠂ ᠪᠠᠴᠢᠮ ᠠᠪᠤᠷᠠᠯᠳᠠ ᠳᠤ | ᠤᠷᠤᠭᠠᠳ᠂ ᠯᠤᠳᠤ ᠶᠡᠭᠡ ᠡᠮᠨᠡᠯᠭᠡ ᠶᠢᠨ ᠰᠦᠢᠳᠭᠡᠯ ᠲᠤᠰᠢᠶᠠᠬᠤ ᠬᠡᠷᠡᠭᠳᠡᠢ ᠪᠤᠯᠤᠭᠰᠠᠨ ᠦᠶ᠎ᠡ ᠳᠤ ᠨᠢ ᠪᠢ ᠶᠠᠭ ᠯᠡ | ᠲᠡᠬᠦᠨ ᠤ ᠬᠡᠷ ᠤᠨ ᠬᠦᠮᠦᠨ ᠨᠢ ᠰᠢᠭ ᠰᠠᠨᠳᠤᠷᠤᠨ ᠳᠡᠪᠡᠳᠠᠬᠦ ᠶᠢᠨ ᠵᠡᠷᠭᠡ ᠪᠠᠷ ᠲᠤᠰᠠᠯᠠᠮᠵᠢ ᠦᠭᠴᠦ ᠲᠡᠶᠢᠯᠬᠦ | ᠪᠠᠶᠢᠭᠤᠯᠤᠮᠵᠢ ᠲᠠᠢ ᠴᠦᠮ ᠬᠤᠯᠪᠤᠭ᠎ᠠ ᠠᠪᠴᠦ ᠪᠠᠶᠢᠭᠠᠳ ᠬᠡᠤᠬᠡᠳ ᠤᠨ ᠠᠮᠢ ᠶᠢ ᠠᠪᠤᠷᠠᠬᠤ ᠪᠠᠷ ᠬᠦᠴᠦᠯᠡᠭᠰᠡᠨ | ᠪᠢᠯᠡ᠃ ︽ᠲᠤᠰᠤᠯ ᠢ ᠬᠤᠷᠢᠶᠠᠪᠠᠯ ᠳᠠᠯᠠᠢ ᠪᠤᠯᠤᠨ᠎ᠠ︾ ᠭᠡᠳᠡᠭ ᠳᠠᠪᠴᠠᠩ ᠢᠶᠠᠷ ᠳᠠᠮᠵᠢᠨ᠂ ᠬᠠᠯᠠᠭᠤᠨ ᠰᠡᠳᠬᠢᠯᠲᠦ | ᠬᠦᠮᠦᠰ ᠤᠨ ᠳᠡᠮᠵᠢᠯᠭᠡ ᠲᠤᠤᠷ᠎ᠠ ᠪᠢᠰᠢᠬᠦᠢ ᠤᠯᠠᠨ ᠡᠮᠨᠡᠬᠦᠯᠬᠦ ᠵᠤᠭᠤᠰ ᠴᠤᠭᠯᠠᠭᠤᠯᠤᠭᠠᠳ᠂ ᠳᠠᠷᠤᠢ ᠲᠤᠤᠷ᠎ᠠ ᠨᠢ | ᠡᠮᠴᠢᠯᠡᠬᠦᠯᠦᠭᠰᠡᠨ ᠠᠴᠠ ᠬᠠᠭᠠᠰ ᠵᠢᠯ ᠭᠠᠷᠤᠢ ᠶᠢᠨ ᠵᠠᠰᠠᠯᠭ᠎ᠠ ᠪᠠᠷ ᠦᠨᠦ ᠨᠡᠯᠢᠶᠡᠳ ᠢᠯᠡᠷᠢ ᠪᠤᠯᠤᠭᠰᠠᠨ ᠪᠠᠶᠢᠨ᠎ᠠ᠃ | ᠲᠤᠰ ᠰᠤᠷᠤᠭᠴᠢ ᠶᠢᠨ ᠡᠮᠨᠡᠯᠭᠡ ᠳᠤ ᠰᠠᠭᠤᠵᠦ ᠪᠠᠶᠢᠭ᠎ᠠ ᠬᠤᠭᠤᠴᠠᠭᠠᠨ ᠳᠤ ᠨᠢ ᠪᠢ ᠲᠤᠭ᠎ᠠ ᠦᠭᠡᠢ ᠤᠯᠠᠨ ᠤᠳᠠᠭ᠎ᠠ | ᠬᠡᠷ ᠤᠨ ᠬᠤᠭᠤᠯᠠ ᠪᠠᠨ ᠬᠦᠷᠭᠡᠵᠦ ᠬᠠᠷᠠᠭᠠᠯᠵᠠᠭᠰᠠᠨ ᠠᠴᠠ ᠲᠡᠬᠦᠨ ᠤ ᠨᠠᠳᠠ ᠳᠤ ᠨᠠᠶᠢᠳᠠᠮᠠᠳᠠᠭᠠᠢ ᠰᠡᠳᠬᠢᠯ ᠨᠢ | ᠡᠪᠦᠭᠡ ᠡᠮᠡᠭᠡ ᠠᠴᠠ ᠪᠠᠨ ᠳᠠᠪᠠᠴᠢᠬᠠᠭᠰᠠᠨ ᠪᠠᠶᠢᠯ᠎ᠠ᠃ | ᠠᠯᠢ ᠨᠢᠭᠡᠨ ᠠᠩᠭᠢ ᠶᠢᠨ ᠡᠷᠬᠢᠯᠡᠭᠴᠢ ᠪᠠᠭᠰᠢ ᠳᠤ ᠴᠦ ᠦᠨᠦᠴᠢᠨ ᠦᠷᠦᠭᠡᠰᠦᠨ ᠬᠡᠤᠬᠡᠳ ᠳᠠᠭᠠᠷᠠᠯᠳᠤᠬᠤ ᠨᠢ | ᠡᠩ ᠤᠨ ᠶᠠᠪᠤᠳᠠᠯ ᠡ᠃ ᠡᠳᠡᠭᠡᠷ ᠬᠡᠤᠬᠡᠳ ᠲᠤ ᠪᠢᠳᠡ ᠢᠯᠡᠬᠦᠬᠡᠨ ᠬᠠᠶᠢᠷ᠎ᠠ ᠬᠠᠯᠠᠮᠵᠢ ᠪᠠᠨ ᠬᠦᠷᠳᠡᠭᠡᠵᠦ᠂ ᠵᠦᠪ | ᠵᠠᠮ ᠢᠶᠠᠷ ᠰᠠᠶᠢᠬᠠᠨ ᠬᠦᠳᠦᠯᠬᠦ ᠳᠤ ᠬᠦᠷᠪᠡᠯ ᠬᠤᠵᠢᠮ ᠢᠷᠡᠭᠡᠳᠦᠢ ᠳᠤ ᠨᠡᠶᠢᠭᠡᠮ ᠨᠡᠶᠢᠳᠡ ᠳᠤ ᠪᠠᠨ ᠲᠤᠰᠠᠲᠠᠢ ᠬᠦᠮᠦᠨ | ᠪᠤᠯᠬᠤ ᠨᠢ ᠳᠠᠮᠵᠢᠭ ᠦᠭᠡᠢ᠃ ᠡᠶᠢᠮᠦ ᠠᠴᠠ ᠪᠢᠳᠡ ᠨᠡᠶᠢᠭᠡᠮ ᠨᠡᠶᠢᠳᠡ ᠶᠢᠨ ᠡᠶ᠎ᠡ ᠵᠤᠬᠢᠴᠠᠩᠭᠤᠢ ᠬᠦᠭᠵᠢᠯ ᠤᠨ | ᠲᠦᠯᠦᠭᠡ ᠬᠠᠶᠢᠷ᠎ᠠ ᠲᠤᠳᠠᠭᠰᠠᠨ ᠬᠡᠤᠬᠡᠳ ᠲᠤ ᠶᠡᠬᠡᠬᠡᠨ ᠬᠠᠯᠠᠮᠵᠢ ᠪᠠᠨ ᠬᠦᠷᠳᠡᠭᠡᠵᠦ ᠪᠠᠶᠢᠶ᠎ᠠ᠃ | ᠭᠤᠷᠪᠠ᠂ ᠬᠢᠴᠢᠶᠡᠯ ᠲᠦᠷᠦᠯ ᠤᠨ ᠪᠠᠭᠰᠢ ᠨᠠᠷ ᠲᠠᠢ ᠰᠠᠶᠢᠳᠤᠷ ᠬᠠᠮᠵᠢᠯᠴᠠᠬᠤ ᠬᠡᠷᠡᠭᠳᠡᠢ᠃ | ᠠᠩᠭᠢ ᠶᠢᠨ ᠡᠷᠬᠢᠯᠡᠭᠴᠢ ᠪᠤᠯᠤᠭᠰᠠᠨ ᠪᠠᠭᠰᠢ ᠦᠪᠡᠷ ᠤᠨ ᠵᠢᠭᠠᠵᠦ ᠪᠠᠶᠢᠭ᠎ᠠ ᠬᠢᠴᠢᠶᠡᠯ ᠲᠦᠷᠦᠯ ᠢᠶᠠᠨ ᠰᠠᠶᠢᠨ | ᠵᠢᠭᠠᠭᠠᠳ ᠯᠡ ᠪᠤᠯᠬᠤ ᠦᠭᠡᠢ᠂ ᠦᠪᠡᠷ ᠤᠨ ᠴᠢᠨᠢ ᠠᠩᠭᠢ ᠡᠷᠭᠡᠪᠰᠢ ᠡᠯ᠎ᠡ ᠬᠢᠴᠢᠶᠡᠯ ᠲᠦᠷᠦᠯ ᠳᠤ ᠪᠠᠨ ᠪᠦᠷ | ᠰᠢᠯᠢᠳᠡᠭ ᠰᠠᠶᠢᠨ ᠪᠠᠶᠢᠪᠠᠯ ᠵᠤᠬᠢᠨ᠎ᠠ ᠭᠡᠵᠦ ᠪᠢ ᠪᠤᠳᠤᠳᠠᠭ᠃ ᠡᠶᠢᠮᠦ ᠠᠴᠠ ᠰᠢᠯᠢᠳᠡᠭ ᠠᠩᠭᠢ ᠨᠢᠭᠡᠴᠢ ᠶᠢ | ᠪᠠᠶᠢᠭᠤᠯᠬᠤ ᠨᠢ ᠠᠩᠭᠢ ᠶᠢᠨ ᠡᠷᠬᠢᠯᠡᠭᠴᠢ ᠪᠠᠭᠰᠢ ᠶᠢᠨ ᠭᠠᠭᠴᠠ ᠬᠦᠮᠦᠨ ᠤ ᠤᠴᠢᠷ ᠪᠢᠰᠢ᠂ ᠠᠩᠭᠢ ᠶᠢᠨ ᠡᠷᠬᠢᠯᠡᠭᠴᠢ | ᠪᠠᠭᠰᠢ ᠡᠷᠬᠡᠪᠰᠢ ᠦᠪᠡᠷ ᠤᠨ ᠠᠩᠭᠢ ᠳᠤ ᠪᠠᠨ ᠬᠢᠴᠢᠶᠡᠯ ᠤᠷᠤᠵᠦ ᠪᠠᠶᠢᠭ᠎ᠠ ᠡᠯ᠎ᠡ ᠬᠢᠴᠢᠶᠡᠯ ᠲᠦᠷᠦᠯ ᠤᠨ ᠪᠠᠭᠰᠢ | ᠨᠠᠷ ᠲᠠᠢ ᠰᠠᠶᠢᠳᠦᠷ ᠬᠠᠮᠵᠢᠯᠴᠠᠵᠦ᠂ ᠬᠦᠴᠦᠨ ᠢᠶᠠᠨ ᠨᠢᠭᠡᠳᠬᠡᠪᠡᠯ ᠠᠩᠭᠢ ᠪᠠᠨ ᠨᠡᠩ ᠰᠢᠯᠢᠳᠡᠭ ᠪᠤᠯᠭᠠᠵᠦ ᠴᠢᠳᠠᠨ᠎ᠠ᠃ | 2014 ᠤᠨ ᠤ ᠨᠠᠮᠤᠷ ᠠᠴᠠ ᠪᠢ ᠬᠤᠶᠠᠳᠤᠭᠠᠷ ᠡᠭᠡᠯᠵᠢ ᠶᠢᠨ ᠠᠩᠭᠢ ᠪᠠᠨ ᠲᠤᠰᠪᠠ᠃ ᠮᠡᠳᠡᠭᠡᠵᠢ ᠪᠠᠷ᠂ | ᠨᠡᠶᠢᠭᠡᠮ ᠤᠨ ᠬᠡᠯᠡ ᠤᠷᠴᠢᠨ ᠤ ᠨᠦᠯᠦᠭᠡ ᠠᠴᠠ ᠪᠤᠯᠵᠦ ᠮᠠᠨ ᠤ ᠮᠤᠩᠭᠤᠯ ᠰᠤᠷᠭᠠᠭᠤᠯᠢ ᠳᠤ ᠤᠷᠤᠵᠦ ᠢᠷᠡᠭᠰᠡᠨ | ᠬᠡᠤᠬᠡᠳ ᠤᠳ ᠤᠨ ᠲᠤᠳᠤᠷ᠎ᠠ ᠮᠤᠩᠭᠤᠯ ᠦᠭᠡ ᠪᠠᠨ ᠪᠦᠷᠢᠨ ᠪᠦᠳᠦᠨ ᠶᠠᠷᠢᠵᠦ ᠴᠢᠳᠠᠳᠠᠭ ᠨᠢ ᠳᠡᠮᠡᠢ ᠬᠡᠳᠦ ᠦᠭᠡᠢ | ᠪᠠᠶᠢᠯ᠎ᠠ᠃ ᠤᠨᠴᠠᠭᠠᠶᠢᠯᠠᠨ᠂ ᠮᠠᠨ ᠤ ᠡᠨᠡᠬᠦ ᠡᠸᠡᠩᠬᠢ᠂ ᠳᠠᠭᠤᠷ᠂ ᠬᠤᠷᠴᠢᠨ ᠮᠤᠩᠭᠤᠯ᠂ ᠪᠤᠷᠢᠶᠠᠳ ᠮᠤᠩᠭᠤᠯ᠂ | ᠦᠭᠡᠯᠡᠳ ᠮᠤᠩᠭᠤᠯ ᠁ ᠵᠡᠷᠭᠡ ᠠᠳᠠᠯᠢ ᠪᠤᠰᠤ ᠦᠨᠳᠦᠰᠦᠲᠡᠨ ᠶᠠᠰᠤᠳᠠᠨ ᠲᠦᠪᠯᠡᠷᠡᠨ ᠰᠠᠭᠤᠭᠰᠠᠨ | ᠬᠤᠰᠢᠭᠤᠨ ᠳᠤ ᠠᠪᠴᠦ ᠬᠡᠯᠡᠪᠡᠯ ᠮᠤᠩᠭᠤᠯ ᠬᠡᠯᠡ ᠪᠢᠴᠢᠭ ᠤᠨ ᠬᠢᠴᠢᠶᠡᠯ ᠢ ᠵᠢᠭᠠᠨ ᠰᠤᠷᠭᠠᠬᠤ ᠨᠢ ᠮᠠᠰᠢ ᠬᠦᠴᠢᠷᠳᠡᠢ | ᠬᠢᠴᠢᠶᠡᠯ ᠲᠦᠷᠦᠯ ᠪᠤᠯᠤᠭᠠᠳ ᠪᠠᠶᠢᠪᠠ᠃ ᠡᠨᠡ ᠪᠠᠶᠢᠳᠠᠯ ᠳᠤ ᠴᠢᠭᠯᠡᠬᠦᠯᠦᠨ ᠪᠢ ᠮᠤᠩᠭᠤᠯ ᠬᠡᠯᠡ ᠪᠢᠴᠢᠭ ᠤᠨ | ᠬᠢᠴᠢᠶᠡᠯ ᠤᠷᠤᠳᠠᠭ ᠪᠠᠭᠰᠢ ᠶᠢ ᠬᠠᠪᠰᠤᠷᠤᠨ ᠳᠡᠮᠵᠢᠵᠦ ᠡᠬᠢᠯᠡᠪᠡ᠃ | ᠶᠠᠭᠤᠨ ᠤ ᠲᠦᠷᠦᠬᠦᠨ ᠳᠤ ᠪᠢ ᠰᠤᠷᠤᠭᠴᠢ ᠬᠤᠭᠤᠷᠤᠨᠳᠦ ᠪᠠᠨ ᠮᠤᠩᠭᠤᠯ ᠢᠶᠠᠷ ᠶᠠᠷᠢᠬᠤ ᠶᠢ ᠨᠢ ᠴᠢᠩᠭ᠎ᠠ | ᠱᠠᠭᠠᠷᠳᠠᠵᠦ᠂ ᠦᠪᠡᠷ ᠢᠶᠠᠨ ᠬᠡᠳᠦ᠋ᠢᠪᠡᠷ ᠬᠢᠳᠠᠳ ᠬᠡᠯᠡᠨ ᠤ ᠪᠠᠭᠰᠢ ᠪᠤᠯᠪᠠᠴᠦ ᠰᠤᠷᠤᠭᠴᠢᠳ ᠲᠤ ᠪᠠᠨ ᠳᠠᠭᠤᠷᠢᠶᠠᠯ | ᠪᠤᠯᠬᠤ ᠶᠢᠨ ᠲᠦᠯᠦᠭᠡ ᠳᠡᠳᠡᠨ ᠲᠠᠢ ᠮᠤᠩᠭᠤᠯ ᠢᠶᠠᠷ ᠶᠠᠷᠢᠬᠤ ᠶᠢ ᠪᠠᠷᠢᠮᠳᠠᠯᠠᠵᠦ ᠡᠬᠢᠯᠡᠪᠡ᠃ ᠡᠬᠦᠨ ᠤ ᠬᠠᠮᠳᠦ | ᠦᠷᠯᠦᠭᠡ ᠶᠢᠨ ᠤᠩᠰᠢᠯᠭ᠎ᠠ ᠪᠦᠷᠢ ᠳᠤ ᠡᠷᠳᠡᠯᠡᠨ ᠢᠷᠡᠵᠦ᠂ ᠰᠢᠨ᠎ᠡ ᠰᠤᠷᠤᠭᠰᠠᠨ ᠦᠭᠡᠰ ᠢ ᠨᠢ ᠰᠤᠨᠤᠰᠴᠦ ᠪᠢᠴᠢᠨ᠂ | ᠠᠯᠳᠠᠵᠦ ᠲᠠᠰᠢᠶᠠᠷᠠᠭᠰᠠᠨ ᠢ ᠳᠠᠷᠤᠢ ᠳᠤᠤᠷ᠎ᠠ ᠨᠢ ᠵᠠᠰᠠᠭᠤᠯᠤᠭᠠᠳ᠂ ᠮᠤᠩᠭᠤᠯ ᠬᠡᠯᠡ ᠪᠢᠴᠢᠭ ᠤᠨ ᠤᠩᠰᠢᠯᠭ᠎ᠠ ᠶᠢ ᠨᠢ | ᠬᠢᠯᠭᠡᠳᠡᠭ᠃ ᠢᠩᠬᠢᠵᠦ ᠪᠠᠷᠢᠮᠳᠠᠯᠠᠭᠰᠠᠨ ᠤ ᠳ᠋ᠦᠩ ᠳᠤ ᠮᠠᠨ ᠤ ᠰᠤᠷᠤᠭᠴᠢᠳ ᠡᠳᠦᠷ ᠤᠨ ᠰᠤᠷᠤᠭᠰᠠᠨ ᠢᠶᠠᠨ | ᠡᠳᠦᠷ ᠲᠤ ᠨᠢ ᠪᠠᠳᠤᠳᠬᠠᠨ᠂ ᠳᠠᠷᠠᠭ᠎ᠠ ᠦᠷᠯᠦᠭᠡᠨ ᠤ ᠠᠩᠭᠢ ᠶᠢᠨ ᠡᠷᠬᠢᠯᠡᠭᠴᠢ ᠪᠠᠭᠰᠢ ᠶᠢᠨ ᠰᠤᠨᠤᠰᠴᠦ ᠪᠢᠴᠢᠬᠦ | ᠳᠠᠪᠠᠭ᠎ᠠ ᠶᠢ ᠰᠢᠯᠤᠭᠤᠬᠠᠨ ᠳᠠᠪᠠᠶ᠎ᠠ ᠭᠡᠵᠦ ᠴᠢᠷᠮᠠᠶᠢᠵᠠᠭᠠᠳᠠᠭ ᠪᠤᠯᠤᠭᠰᠠᠨ ᠪᠠᠶᠢᠨ᠎ᠠ᠃ ᠮᠠᠨ ᠤ ᠠᠩᠭᠢ ᠬᠡᠯᠡ | ᠪᠢᠴᠢᠭ ᠤᠨ ᠬᠢᠴᠢᠶᠡᠯ ᠢᠶᠠᠨ ᠰᠠᠶᠢᠨ ᠰᠤᠷᠤᠭᠰᠠᠨ ᠠᠴᠠ ᠲᠤᠭᠠᠨ ᠤ ᠬᠢᠴᠢᠶᠡᠯ ᠤᠨ ᠤᠩᠰᠢᠨ ᠤᠶᠢᠯᠠᠭᠠᠬᠤ | ᠴᠢᠳᠠᠪᠤᠷᠢ ᠨᠢ ᠴᠦ ᠰᠠᠶᠢᠨ ᠪᠤᠯᠵᠠᠢ᠃ ᠬᠡᠪᠡᠴᠦ ᠴᠡᠭᠡᠵᠢ ᠪᠤᠳᠤᠯᠭ᠎ᠠ ᠶᠢᠨ ᠲᠠᠯ᠎ᠠ ᠪᠠᠷ ᠬᠠᠶᠠ ᠵᠠᠷᠢᠮ ᠰᠤᠷᠤᠭᠴᠢ | ᠮᠦᠨ ᠴᠦ ᠠᠨᠠᠶᠢᠬᠠᠨ ᠲᠤᠯᠠ ᠪᠢ ᠬᠡᠷ ᠤᠨ ᠠᠬᠠᠮᠠᠳ ᠲᠠᠢ ᠪᠠᠨ ᠬᠠᠮᠵᠢᠯᠴᠠᠨ᠂ ᠡᠳᠡᠭᠡᠷ ᠰᠤᠷᠤᠭᠴᠢᠳ ᠲᠤ ᠡᠳᠦᠷ | ᠪᠤᠯᠭᠠᠨ ᠴᠡᠭᠡᠵᠢ ᠪᠠᠷ ᠪᠤᠳᠤᠬᠤ ᠪᠤᠯᠪᠠᠰᠤᠷᠠᠯ ᠬᠢᠯᠭᠡᠬᠦ ᠶᠢ ᠪᠠᠷᠢᠮᠳᠠᠯᠠᠪᠠ᠃ ᠡᠨᠡ ᠮᠡᠳᠦᠴᠢᠯᠡᠨ ᠪᠢ ᠡᠯ᠎ᠡ ᠲᠦᠷᠦᠯ ᠤᠨ | ᠪᠠᠭᠰᠢ ᠲᠠᠢ ᠪᠠᠶᠢᠩᠭᠤ ᠨᠡᠪᠳᠡᠷᠡᠯᠴᠠᠬᠦ ᠪᠠᠷ ᠳᠠᠮᠵᠢᠨ ᠰᠤᠷᠤᠭᠴᠢᠳ ᠤᠨ ᠪᠤᠰᠤᠳ ᠬᠢᠴᠢᠶᠡᠯ ᠳᠡᠭᠡᠷᠡᠬᠢ ᠢᠯᠡᠷᠡᠯ ᠢ ᠨᠢ | ᠳᠠᠷᠤᠢ ᠳᠤᠤᠷ᠎ᠠ ᠨᠢ ᠤᠶᠢᠯᠠᠭᠠᠵᠦ᠂ ᠬᠦᠯᠢᠴᠡᠩᠭᠦᠢ ᠳᠠᠭᠠᠭᠠᠮᠠᠭᠠᠢ ᠬᠦᠮᠦᠵᠢᠬᠦᠯᠵᠦ ᠤᠷᠤᠯᠳᠤᠭᠰᠠᠨ ᠠᠴᠠ ᠮᠠᠨ ᠤ | ᠠᠩᠭᠢ ᠬᠤᠭᠤᠴᠠᠭ᠎ᠠ ᠪᠤᠯᠭᠠᠨ ᠤ ᠬᠤᠭᠤᠴᠠᠭᠠᠨ ᠡᠴᠦᠰ ᠤᠨ ᠪᠠᠶᠢᠴᠠᠭᠠᠯᠲᠠ ᠳᠤ ᠡᠯ᠎ᠡ ᠬᠢᠴᠢᠶᠡᠯ ᠲᠦᠷᠦᠯ ᠳᠤ ᠪᠠᠨ | ᠴᠦᠮ ᠤᠨ ᠳᠤᠲᠤᠷ᠎ᠠ ᠪᠠᠨ ᠤᠷᠦ᠋ᠢᠯᠠᠳᠠᠭ ᠪᠤᠯᠪᠠ᠃ ᠬᠢᠷᠢ ᠲᠡᠩᠴᠡᠯᠲᠡ ᠶᠢᠨ ᠨᠤᠷᠮ᠎ᠠ ᠨᠢ ᠴᠦ ᠪᠤᠰᠤᠳ | ᠠᠩᠭᠢ ᠠᠴᠠ ᠦᠨᠳᠦᠷᠬᠡᠨ ᠪᠠᠶᠢᠯ᠎ᠠ᠃ ᠢᠩᠬᠢᠭᠰᠡᠨ ᠠᠴᠠ ᠠᠩᠭᠢ ᠶᠢᠨ ᠰᠤᠷᠤᠯᠴᠠᠬᠤ ᠠᠭᠤᠷ ᠠᠮᠢᠰᠬᠤᠯ ᠤᠯᠠᠮ ᠠᠴᠠ | ᠰᠠᠶᠢᠵᠢᠷᠠᠭᠰᠠᠨ ᠪᠠᠶᠢᠨ᠎ᠠ᠃ ︽ᠨᠢᠭᠡ ᠰᠤᠷᠤᠭᠴᠢ ᠳᠤ ᠠᠪᠴᠦ ᠬᠡᠯᠡᠪᠡᠯ ᠵᠦᠪᠬᠡᠨ ᠰᠠᠶᠢᠨ ᠵᠢᠭᠠᠳᠠᠭ ᠪᠠᠭᠰᠢ | ᠲᠤᠬᠢᠶᠠᠯᠳᠤᠪᠠᠯ ᠡᠨᠡ ᠬᠡᠤᠬᠡᠳ ᠰᠠᠶᠢᠨ ᠰᠤᠷᠤᠭᠠᠳ ᠲᠡᠶᠢᠯᠦᠨ᠎ᠡ ᠭᠡᠵᠦ ᠬᠡᠯᠡᠬᠦ ᠶᠢᠨ ᠠᠷᠭ᠎ᠠ ᠦᠭᠡᠢ᠂ ᠬᠠᠷᠢᠨ | ᠲᠡᠬᠦᠨ ᠳᠤ ᠨᠢᠭᠡᠨ ᠰᠠᠶᠢᠨ ᠬᠠᠮᠳᠤᠯᠢᠭ ᠲᠤᠬᠢᠶᠠᠯᠳᠤᠬᠤ ᠨᠢ ᠲᠡᠬᠦᠨ ᠤ ᠦᠰᠦᠨ ᠪᠤᠶᠢᠵᠢᠯᠲᠠ ᠬᠢᠭᠡᠳ ᠠᠯᠬᠤᠮ | ᠳᠠᠪᠰᠢᠯᠲᠠ ᠳᠤ ᠡᠶᠡᠷᠬᠦ ᠨᠦᠯᠦᠭᠡ ᠪᠤᠯᠵᠦ᠂ ᠰᠠᠶᠢᠨ ᠰᠤᠷᠬᠤ ᠳᠤ ᠨᠢ ᠡᠷᠴᠢ ᠬᠦᠴᠦ ᠦᠭᠳᠡᠭ︾ ᠬᠡᠵᠦ ᠨᠢᠭᠡᠨ | ᠡᠷᠳᠡᠮᠳᠡᠨ ᠶᠠᠷᠢᠵᠦ ᠦᠩᠭᠡᠷᠡᠭᠰᠡᠨ᠃ ᠡᠶᠢᠮᠦ ᠠᠴᠠ ᠪᠢ ᠲᠡᠷᠡᠬᠦ ᠦᠭᠡᠳᠡ ᠳᠠᠪᠰᠢᠯᠲᠠ ᠲᠠᠢ ︽ᠬᠠᠮᠳᠤᠯᠢᠭ︾ ᠢ | ᠪᠠᠶᠢᠭᠤᠯᠬᠤ ᠪᠠᠷ ᠨᠡᠩ ᠴᠢᠷᠮᠠᠶᠢᠨ᠎ᠠ᠃ | ᠲᠦᠷᠪᠡ᠂ ᠬᠡᠷ ᠤᠨ ᠠᠬᠠᠮᠠᠳ ᠨᠢᠭᠡᠪᠦᠷᠢ ᠶᠢ ᠬᠦᠨᠳᠦᠳᠬᠡᠨ ᠤᠶᠢᠯᠠᠭᠠᠬᠤ ᠬᠡᠷᠡᠭᠳᠡᠢ᠃ | ᠪᠠᠭᠰᠢ ᠨᠠᠷ ᠤᠨ ᠶᠠᠷᠢᠶ᠎ᠠ ᠵᠤᠭᠤᠭ ᠠᠴᠠ ᠠᠯᠢ ᠨᠢᠭᠡ ᠬᠡᠷ ᠤᠨ ᠠᠬᠠᠮᠠᠳ ᠨᠢ ᠬᠡᠤᠬᠡᠳ ᠢᠶᠠᠨ ᠬᠠᠮᠢᠶᠠᠷᠬᠤ | ᠦᠭᠡᠢ ᠪᠠᠶᠢᠨ᠎ᠠ᠂ ᠠᠯᠢ ᠨᠢᠭᠡ ᠬᠡᠷ ᠤᠨ ᠠᠬᠠᠮᠠᠳ ᠨᠢ ᠪᠠᠭᠰᠢ ᠲᠠᠢ ᠬᠠᠮᠵᠢᠯᠴᠠᠬᠤ ᠦᠭᠡᠢ ᠪᠠᠶᠢᠨ᠎ᠠ ᠭᠡᠵᠦ ᠡᠯᠳᠡᠪ ︽ | ᠵᠤᠪᠠᠯᠠᠩ︾ ᠲᠤᠭᠠᠴᠢᠬᠤ ᠶᠢ ᠨᠢ ᠳᠠᠩᠳᠠ ᠰᠤᠨᠤᠰᠳᠠᠬ᠃ ᠡᠨᠡ ᠪᠤᠯ ᠡᠩ ᠤᠨ ᠦᠵᠡᠭᠳᠡᠯ᠂ ᠪᠢ ᠴᠦ ᠬᠡᠰᠡᠨ ᠰᠠᠶ᠋ᠢ | ᠡᠬᠢᠯᠡᠬᠦ ᠳᠤ ᠪᠠᠨ ᠢᠩᠬᠢᠵᠦ ᠶᠠᠷᠢᠳᠠᠭ ᠯᠡ ᠪᠠᠶᠢᠭᠰᠠᠨ᠂ ᠬᠤᠵᠢᠮ ᠨᠢ ᠢᠩᠬᠢᠵᠦ ᠶᠠᠷᠢᠬᠤ ᠨᠢ ᠪᠤᠷᠤᠭᠤ ᠭᠡᠳᠡᠭ ᠢᠶᠠᠨ | ᠮᠠᠳᠠᠵᠠᠢ᠃ ᠡᠨᠡ ᠨᠢ ᠮᠢᠨᠤ ᠬᠡᠤᠬᠡᠨ ᠤ ᠰᠤᠷᠭᠠᠭᠤᠯᠢ ᠳᠤ ᠤᠷᠤᠭᠰᠠᠨ ᠲᠠᠢ ᠬᠤᠯᠪᠤᠭ᠎ᠠ ᠲᠠᠢ ᠶᠤᠮ᠃ ᠬᠡᠤᠬᠡᠨ ᠮᠢᠨᠢ | ᠰᠤᠷᠭᠠᠭᠤᠯᠢ ᠳᠤ ᠤᠷᠤᠭᠰᠠᠨ ᠠᠴᠠ ᠬᠤᠶᠢᠰᠢ ᠪᠢ ᠴᠦ ᠬᠡᠰᠡᠨ ᠬᠡᠷ ᠤᠨ ᠠᠬᠠᠮᠠᠳ ᠪᠤᠯᠪᠠ᠃ ᠦᠪᠡᠷ ᠢᠶᠠᠨ ᠬᠡᠷ ᠤᠨ | ᠠᠬᠠᠮᠠᠳ ᠪᠤᠯᠤᠭᠰᠠᠨ ᠤ ᠳᠠᠷᠠᠭ᠎ᠠ᠂ ᠬᠡᠷ ᠤᠨ ᠠᠬᠠᠮᠠᠳ ᠪᠤᠯᠬᠤ ᠨᠢ ᠲᠡᠶᠢᠮᠦ ᠴᠦ ᠬᠢᠯᠪᠠᠷ ᠪᠢᠰᠢ ᠭᠡᠳᠡᠭ ᠢ | ᠤᠶᠢᠯᠠᠭᠠᠭᠰᠠᠨ ᠠᠴᠠ ᠦᠪᠡᠷ ᠤᠨ ᠠᠩᠭᠢ ᠶᠢᠨ ᠬᠡᠷ ᠤᠨ ᠠᠬᠠᠮᠠᠳ ᠢᠶᠠᠨ ᠨᠡᠩ ᠤᠶᠢᠯᠠᠭᠠᠵᠦ ᠡᠬᠢᠯᠡᠭᠰᠡᠨ ᠪᠢᠯᠡ᠃ | ᠨᠢᠭᠡ ᠰᠢᠯᠢᠳᠡᠭ ᠰᠠᠶᠢᠨ ᠠᠩᠭᠢ ᠶᠢᠨ ᠡᠷᠬᠢᠯᠡᠭᠴᠢ ᠪᠤᠯᠤᠶ᠎ᠠ ᠭᠡᠪᠡᠯ ᠬᠡᠷ ᠤᠨ ᠠᠬᠠᠮᠠᠳ ᠨᠢᠭᠡᠪᠦᠷᠢ ᠶᠢ ᠬᠦᠨᠳᠦᠳᠬᠡᠨ | ᠤᠶᠢᠯᠠᠭᠠᠵᠦ ᠰᠤᠷᠬᠤ ᠬᠡᠷᠡᠭᠳᠡᠢ᠃ ᠬᠠᠮᠤᠭ ᠭᠤᠤᠯ ᠨᠢ ᠬᠡᠷ ᠤᠨ ᠠᠬᠠᠮᠠᠳ ᠤᠨ ᠪᠠᠶᠢᠷᠢᠨ ᠳᠤ ᠵᠤᠭᠰᠤᠨ | ᠠᠰᠠᠭᠤᠳᠠᠯ ᠢ ᠪᠤᠳᠤᠯᠬᠢᠯᠠᠵᠦ ᠰᠤᠷᠬᠤ ᠶᠠᠪᠤᠳᠠᠯ ᠪᠤᠯᠤᠨ᠎ᠠ᠃ | 1. ᠬᠡᠷ ᠤᠨ ᠠᠬᠠᠮᠠᠳ ᠪᠠ ᠪᠠᠭᠰᠢ ᠶᠢᠨ ᠬᠠᠷᠢᠴᠠᠭ᠎ᠠ | ᠡᠳᠦᠷ ᠳᠤᠲᠤᠮ ᠤᠨ ᠠᠮᠢᠳᠤᠷᠠᠯ ᠰᠤᠷᠤᠯᠴᠠᠯᠭ᠎ᠠ ᠶᠢᠨ ᠳᠤᠮᠳᠠ ᠰᠤᠷᠤᠭᠴᠢ ᠪᠠ ᠰᠤᠷᠤᠭᠴᠢ ᠶᠢᠨ | ᠬᠤᠭᠤᠷᠤᠨᠳᠦ᠂ ᠪᠠᠭᠰᠢ ᠪᠠ ᠰᠤᠷᠤᠭᠴᠢ ᠶᠢᠨ ᠬᠤᠭᠤᠷᠤᠨᠳᠦ᠂ ᠬᠡᠷ ᠤᠨ ᠠᠬᠠᠮᠠᠳ ᠪᠠ ᠪᠠᠭᠰᠢ ᠶᠢᠨ ᠳᠤᠮᠳᠠ᠂ | ᠬᠡᠷ ᠤᠨ ᠠᠬᠠᠮᠠᠳ ᠪᠠ ᠬᠡᠷ ᠤᠨ ᠠᠬᠠᠮᠠᠳ ᠤᠨ ᠳᠤᠮᠳᠠ ᠵᠦᠢᠯ ᠪᠤᠯᠭᠠᠨ ᠤ ᠵᠦᠷᠢᠴᠡᠯ ᠪᠤᠶᠤ ᠰᠢᠢᠳᠪᠤᠷᠢᠯᠡᠬᠦ | ᠴᠢᠬᠤᠯᠠ ᠲᠠᠢ ᠤᠴᠢᠷ ᠤᠳ ᠡᠬᠦᠰᠳᠡᠭ᠃ ︽ᠲᠤᠭᠤᠯᠵᠦ ᠭᠠᠷᠬᠤ ᠠᠴᠠ ᠪᠢᠰᠢ᠂ ᠲᠤᠭᠤᠷᠢᠵᠦ ᠭᠠᠷᠳᠠᠭ ᠦᠭᠡᠢ︾ | ᠭᠡᠳᠡᠭ ᠢᠶᠠᠷ ᠡᠳᠡᠭᠡᠷ ᠤᠴᠢᠷ ᠤᠳ ᠢ ᠡᠪᠯᠡᠬᠦᠯᠬᠦ ᠳᠤ ᠪᠢᠳᠡ ᠬᠡᠷ ᠤᠨ ᠠᠬᠠᠮᠠᠳ ᠲᠠᠢ ᠯᠡ ᠬᠠᠮᠵᠢᠵᠦ ᠪᠠᠶᠢᠭᠠᠳ | ᠰᠢᠢᠳᠪᠤᠷᠢᠯᠡᠳᠡᠭ᠃ ᠡᠶᠢᠮᠦ ᠠᠴᠠ ᠭᠡᠷ ᠤᠨ ᠠᠬᠠᠮᠠᠳ ᠬᠢᠭᠡᠳ ᠠᠩᠭᠢ ᠶᠢᠨ ᠡᠷᠬᠢᠯᠡᠭᠴᠢ ᠶᠢᠨ ᠬᠠᠷᠢᠴᠠᠭ᠎ᠠ ᠶᠢ ᠵᠢᠭᠠᠰᠤ | ᠤᠰᠤᠨ ᠤ ᠬᠠᠷᠢᠴᠠᠭ᠎ᠠ ᠬᠡᠵᠦ ᠬᠡᠯᠡᠵᠦ ᠪᠤᠯᠤᠨ᠎ᠠ᠃ ᠭᠡᠷᠪᠡ ᠪᠢᠳᠡ ᠤᠷᠤᠨ ᠪᠠᠶᠢᠷᠢ ᠪᠠᠨ ᠰᠤᠯᠢᠵᠦ ᠰᠡᠳᠬᠢᠵᠦ | ᠴᠢᠳᠠᠳᠠᠭ ᠯᠡ ᠶᠤᠮ ᠪᠤᠯ ᠬᠡᠷ ᠤᠨ ᠠᠬᠠᠮᠠᠳ ᠲᠠᠢ ᠡᠶ᠎ᠡ ᠵᠤᠬᠢᠴᠠᠯ ᠲᠠᠢ ᠬᠠᠷᠢᠯᠴᠠᠵᠦ ᠲᠡᠶᠢᠯᠦᠨ᠎ᠡ᠃ ᠳᠡᠭᠡᠬᠦ ᠳᠤ | ᠬᠦᠷᠪᠡᠯ ᠬᠦᠴᠢᠷ ᠠᠰᠠᠭᠤᠳᠠᠯ ᠨᠢ ᠴᠦ ᠠᠶᠠᠨᠳᠠᠭᠠᠨ ᠬᠢᠯᠪᠠᠷᠬᠠᠨ ᠠᠰᠠᠭᠤᠳᠠᠯ ᠪᠤᠯᠴᠢᠬᠠᠨ᠎ᠠ᠃ | 2. ᠬᠡᠷ ᠤᠨ ᠠᠬᠠᠮᠠᠳ ᠢᠶᠠᠨ ᠤᠶᠢᠯᠠᠭᠠᠬᠤ | ᠪᠢᠳᠡ ᠬᠡᠷ ᠤᠨ ᠠᠬᠠᠮᠠᠳ ᠲᠠᠢ ᠠᠭᠤᠯᠵᠠᠮᠠᠭᠴᠠ ᠲᠠᠨ ᠤ ᠬᠡᠤᠬᠡᠳ ᠤᠨ ᠡᠨᠡ ᠨᠢ ᠪᠤᠯᠬᠤ ᠦᠭᠡᠢ᠂ ᠲᠡᠷᠡ ᠨᠢ | ᠪᠤᠯᠬᠤ ᠦᠭᠡᠢ᠂ ᠬᠡᠤᠬᠡᠳ ᠢᠶᠠᠨ ᠶᠠᠭᠤᠨ ᠳᠤ ᠬᠠᠮᠢᠶᠠᠷᠬᠤ ᠦᠭᠡᠢ ᠪᠠᠶᠢᠳᠠᠭ ᠶᠤᠮ ᠬᠡᠵᠦ ᠰᠤᠷᠤᠭᠴᠢ ᠪᠠᠨ ᠵᠠᠩᠨᠠᠵᠦ | ᠪᠠᠶᠢᠬᠤ ᠰᠢᠬ ᠦᠴᠦᠬᠡᠨ ᠴᠦ ᠨᠠᠶᠢᠷ ᠢᠯᠳᠠᠷ ᠬᠠᠶᠠᠬᠤ ᠦᠭᠡᠢ ᠰᠢᠬᠦᠮᠵᠢᠯᠡᠵᠦ ᠭᠠᠷᠬᠤ ᠨᠢ ᠢᠯᠡᠬᠦᠦ ᠳᠤ ᠪᠠᠨ ᠡᠰᠡᠷᠬᠦ | ᠦᠢᠯᠡᠳᠦᠯ ᠦᠵᠡᠭᠦᠯᠦᠨ᠎ᠡ᠃ ᠪᠠᠭᠰᠢ ᠳᠤ ᠰᠢᠬᠦᠮᠵᠢᠯᠡᠭᠳᠡᠭᠰᠡᠨ ᠬᠡᠷ ᠤᠨ ᠠᠬᠠᠮᠠᠳ ᠯᠠᠪ ᠪᠠᠭᠰᠢ ᠲᠠᠢ ᠳᠠᠬᠢᠨ | ᠠᠭᠤᠯᠵᠠᠬᠤ ᠶᠢ ᠬᠦᠰᠡᠬᠦ ᠦᠭᠡᠢ᠃ ᠪᠠᠭᠰᠢ ᠳᠤ ᠰᠢᠬᠦᠮᠵᠢᠯᠡᠭᠳᠡᠭᠰᠡᠨ ᠭᠡᠷ ᠤᠨ ᠠᠬᠠᠮᠠᠳ ᠬᠡᠷ ᠲᠤ ᠪᠠᠨ ᠤᠴᠢᠭᠠᠳ | ᠬᠡᠤᠬᠡᠳ ᠲᠤ ᠪᠠᠨ ᠠᠭᠤᠷ ᠢᠶᠠᠨ ᠭᠠᠷᠭᠠᠬᠤ ᠨᠢ ᠯᠠᠪᠳᠠᠢ︕ ᠢᠩᠬᠢᠭᠡᠳ ᠬᠡᠤᠬᠡᠳ ᠬᠢᠭᠡᠳ ᠬᠡᠷ ᠤᠨ ᠠᠬᠠᠮᠠᠳ | ᠬᠠᠮᠳᠦ ᠳᠤ ᠪᠠᠨ ᠠᠩᠭᠢ ᠶᠢᠨ ᠡᠷᠬᠢᠯᠡᠭᠴᠢ ᠠᠴᠠ ᠵᠢᠷᠦᠭᠡᠰᠢᠶᠡᠵᠦ ᠡᠬᠢᠯᠡᠨ᠎ᠡ᠂ ᠴᠠᠭᠠᠰᠢᠯᠠᠪᠠᠯ ᠳᠤᠷ᠎ᠠ ᠦᠭᠡᠶᠢᠴᠡᠨᠡ᠃ | ᠡᠶᠢᠮᠦ ᠠᠴᠠ ᠪᠢᠳᠡ ᠶᠠᠭᠠᠬᠢᠬᠰᠡᠨ ᠴᠦ ᠭᠡᠷ ᠤᠨ ᠠᠬᠠᠮᠠᠳ ᠤᠨ ᠪᠡᠶ᠎ᠡ ᠪᠠᠨ ᠬᠦᠨᠳᠦᠳᠬᠡᠬᠦ ᠰᠡᠳᠬᠢᠯᠭᠡ ᠶᠢ ᠪᠠᠯᠠᠯᠵᠦ | ᠪᠤᠯᠬᠤ ᠦᠭᠡᠢ᠂ ᠨᠢᠭᠤᠷ ᠨᠢᠳᠦ ᠦᠭᠡᠢ ᠰᠢᠬᠦᠮᠵᠢ ᠲᠠᠯᠪᠢᠵᠦ ᠶᠠᠭᠠᠬᠢᠭᠰᠠᠨ ᠴᠦ ᠪᠤᠯᠳᠠᠭ ᠦᠭᠡᠢ ᠶᠤᠮ᠃ ᠬᠡᠷᠪᠡ | ᠢᠩᠬᠢᠬᠦ ᠳᠤ ᠬᠦᠷᠪᠡᠯ ᠪᠢᠳᠡ ᠬᠡᠷ ᠤᠨ ᠠᠬᠠᠮᠠᠳ ᠤᠨ ᠢᠶᠠᠨ ᠢᠳᠡᠭᠡᠯ ᠳᠡᠮᠵᠢᠯᠭᠡ ᠶᠢ ᠪᠦᠷᠢᠮᠦᠰᠦᠨ ᠠᠯᠳᠠᠵᠦ᠂ ᠪᠠᠭᠰᠢ | ᠬᠢᠭᠡᠳ ᠭᠡᠷ ᠤᠨ ᠠᠬᠠᠮᠠᠳ ᠤᠨ ᠬᠤᠭᠤᠷᠤᠨᠳᠤᠬᠢ ᠬᠠᠷᠢᠯᠴᠠᠭᠠᠨ ᠤ ᠬᠠᠭᠠᠯᠭ᠎ᠠ ᠮᠠᠨᠢ ᠠᠶᠠᠨᠳᠠᠭᠠᠨ ᠪᠢᠳᠡᠬᠦᠮᠵᠢᠯᠡᠭᠳᠡᠵᠦ᠂ | ᠬᠡᠤᠬᠡᠳ ᠢ ᠰᠤᠷᠭᠠᠵᠦ ᠬᠦᠮᠦᠵᠢᠬᠦᠯᠬᠦ ᠳᠤ ᠨᠡᠩ ᠴᠦ ᠶᠡᠭᠡ ᠬᠦᠴᠢᠷᠳᠡᠯᠭᠡ ᠲᠤᠯᠭᠠᠷᠠᠬᠤ ᠪᠤᠯᠤᠨ᠎ᠠ᠃ ᠬᠡᠷ ᠤᠨ | ᠠᠬᠠᠮᠠᠳ ᠠᠩᠭᠢ ᠶᠢᠨ ᠡᠷᠬᠢᠯᠡᠭᠴᠢ ᠪᠠᠭᠰᠢ ᠲᠠᠢ ᠠᠭᠤᠯᠵᠠᠬᠤ ᠪᠤᠯᠭᠠᠨ ᠳᠤ ᠬᠡᠤᠬᠡᠳ ᠤᠨ ᠢᠶᠠᠨ ᠰᠠᠶᠢᠨ ᠴᠢᠮᠡᠭᠡ ᠶᠢ | ᠤᠯᠵᠦ ᠰᠤᠨᠤᠰᠤᠶ᠎ᠠ ᠭᠡᠵᠦ ᠭᠤᠷᠢᠯᠠᠬᠤ ᠨᠢ ᠯᠠᠪᠳᠠᠢ᠃ ᠭᠡᠳᠡᠯ᠎ᠡ ᠪᠢᠳᠡ ᠠᠭᠤᠯᠵᠠᠮᠠᠭᠴᠠ ᠬᠡᠤᠬᠡᠳ ᠤᠨ ᠬᠢᠨᠢ | ᠬᠦᠷᠦᠯᠴᠡᠬᠦ ᠦᠭᠡᠢ ᠵᠦᠢᠯ ᠢ ᠶᠠᠷᠢᠵᠦ ᠯᠡ ᠪᠠᠶᠢᠪᠠᠯ ᠬᠡᠷ ᠤᠨ ᠠᠬᠠᠮᠠᠳ ᠤᠨ ᠰᠡᠳᠬᠢᠯᠭᠡ ᠶᠡᠭᠡ ᠬᠦᠨᠳᠦ ᠪᠠᠶᠢᠳᠠᠯ ᠳᠤ | ᠤᠷᠤᠴᠢᠬᠠᠨ᠎ᠠ᠃ ᠬᠡᠷᠪᠡ ᠪᠢᠳᠡ ᠦᠪᠡᠷ ᠢ ᠪᠠᠨ ᠬᠡᠷ ᠤᠨ ᠠᠬᠠᠮᠠᠳ ᠤᠨ ᠪᠠᠶᠢᠷᠢᠨ ᠳᠤ ᠲᠠᠯᠪᠢᠭᠠᠳ᠂ ᠤᠷᠮ᠎ᠠ | ᠰᠡᠳᠬᠢᠯᠭᠡ ᠮᠠᠨᠢ ᠶᠠᠮᠠᠷᠬᠠᠨ ᠪᠤᠯᠬᠤ ᠲᠤᠬᠠᠢ ᠪᠠᠶᠢᠷᠢ ᠪᠠᠨ ᠰᠤᠯᠢᠨ ᠪᠤᠳᠤᠯᠬᠢᠯᠠᠵᠦ ᠦᠵᠡᠪᠡᠯ᠂ ᠦᠨᠡᠨ ᠬᠦ ᠬᠡᠷ ᠤᠨ | ᠠᠬᠠᠮᠠᠳ ᠢ ᠪᠠᠨ ᠤᠶᠢᠯᠠᠭᠠᠵᠦ ᠲᠡᠶᠢᠯᠬᠦ ᠪᠤᠯᠤᠨ᠎ᠠ᠃ | ᠲᠡᠶᠢᠮᠦ ᠠᠴᠠ ᠪᠢ ᠬᠡᠷ ᠤᠨ ᠠᠬᠠᠮᠠᠳ ᠲᠠᠢ ᠬᠠᠷᠢᠯᠴᠠᠬᠤ ᠳᠤ ᠪᠠᠨ ᠳᠡᠳᠡᠨ ᠤ ᠨᠡᠷ᠎ᠡ ᠬᠦᠨᠳᠦ ᠶᠢ | ᠬᠦᠨᠳᠦᠳᠬᠡᠬᠦ ᠶᠢ ᠠᠩᠬᠠᠷᠳᠠᠭ ᠠᠴᠠ ᠭᠠᠳᠠᠨ᠎ᠠ᠂ ᠳᠡᠳᠡᠨ ᠲᠠᠢ ᠶᠠᠷᠢᠯᠴᠠᠬᠤ ᠠᠷᠭ᠎ᠠ ᠬᠡᠯᠪᠡᠷᠢ ᠪᠠᠨ ᠴᠦ ᠮᠠᠰᠢ | ᠠᠩᠬᠠᠷᠳᠠᠭ ᠶᠤᠮ᠃ | 3. ᠬᠡᠷ ᠤᠨ ᠠᠬᠠᠮᠠᠳ ᠲᠠᠢ ᠬᠠᠷᠢᠯᠴᠠᠬᠤ ᠠᠷᠭ᠎ᠠ | ᠬᠡᠷ ᠤᠨ ᠠᠬᠠᠮᠠᠳ ᠲᠠᠢ ᠶᠠᠷᠢᠯᠴᠠᠬᠤ ᠪᠤᠯᠭᠠᠨ ᠳᠤ ᠪᠠᠨ ᠬᠡᠤᠬᠡᠳ ᠤᠨ ᠬᠢᠨᠢ ᠳᠠᠪᠰᠢᠯᠲᠠ ᠲᠠᠢ ᠲᠠᠯ᠎ᠠ ᠶᠢ | ᠨᠤᠳᠠᠯᠠᠭᠰᠠᠨ ᠰᠠᠭᠤᠷᠢᠨ ᠳᠡᠭᠡᠷ᠎ᠡ ᠭᠡᠷ ᠤᠨ ᠠᠬᠠᠮᠠᠳ ᠤᠨ ᠠᠵᠢᠯ ᠠᠮᠢᠳᠤᠷᠠᠯ ᠢ ᠨᠢ ᠬᠠᠯᠠᠮᠵᠢᠯᠠᠨ ᠠᠰᠠᠭᠤᠵᠦ᠂ | ᠳᠡᠳᠡᠨ ᠢ ᠶᠡᠬᠡᠬᠡᠨ ᠤᠶᠢᠯᠠᠭᠠᠵᠦ ᠪᠠᠶᠢᠭ᠎ᠠ ᠡᠬᠦᠳᠡᠨ ᠠᠴᠠ ᠬᠠᠷᠢᠯᠴᠠᠪᠠᠯ᠂ ᠳᠡᠳᠡᠨ ᠤ ᠰᠡᠳᠬᠢᠯ ᠳᠤ ᠯᠠᠪ ᠳᠤᠯᠠᠭᠠᠬᠠᠨ | ᠰᠠᠨᠠᠭᠳᠠᠨ᠎ᠠ᠃ ᠡᠨᠡ ᠰᠠᠭᠤᠷᠢᠨ ᠳᠤ ᠪᠠᠭᠰᠢ ᠨᠠᠷ ᠲᠤ ᠳᠡᠮᠵᠢᠯᠭᠡ ᠦᠭᠬᠦ ᠪᠤᠶᠤ ᠬᠠᠮᠵᠢᠯᠴᠠᠭ᠎ᠠ ᠦᠵᠡᠬᠦᠯᠬᠦ ᠶᠢ | ᠭᠡᠷ ᠤᠨ ᠠᠬᠠᠮᠠᠳ ᠲᠤ ᠪᠠᠨ ᠨᠠᠶᠢᠳᠠᠨ᠎ᠠ᠃ ᠳᠡᠭᠡᠬᠦ ᠳᠤ ᠬᠡᠷ ᠤᠨ ᠠᠬᠠᠮᠠᠳ ᠨᠠᠷ ᠴᠦ ᠠᠮᠠᠷᠬᠠᠨ ᠨᠠᠶᠢᠳᠠᠯᠭ᠎ᠠ ᠶᠢ | ᠬᠦᠯᠢᠶᠡᠨ ᠠᠪᠬᠤ ᠮᠦᠷᠳᠡᠭᠡᠨ ᠳᠤᠷᠠᠲᠠᠶᠢᠶ᠎ᠠ ᠠᠩᠭᠢ ᠶᠢᠨ ᠠᠵᠢᠯ ᠤᠨ ᠲᠦᠯᠦᠭᠡ ᠦᠢᠯᠡᠴᠢᠯᠡᠬᠦ ᠪᠤᠯᠤᠨ᠎ᠠ᠃ | ᠪᠢ ᠶᠡᠷᠦ ᠳᠤ ᠪᠠᠨ ᠲᠤᠭᠳᠠᠭᠰᠠᠨ ᠬᠤᠭᠤᠴᠠᠭ᠎ᠠ ᠲᠠᠢ ᠪᠠᠷ ᠬᠡᠷ ᠤᠨ ᠠᠬᠠᠮᠠᠳ ᠤᠨ ᠬᠤᠷᠠᠯ ᠬᠢᠵᠦ᠂ ᠬᠡᠷ ᠤᠨ | ᠠᠬᠠᠮᠠᠳ ᠲᠤ ᠪᠠᠨ ᠬᠡᠤᠬᠡᠳ ᠤᠨ ᠬᠢᠨᠢ ᠪᠠᠶᠢᠳᠠᠯ ᠢ ᠬᠠᠷᠢᠭᠤ ᠲᠤᠰᠬᠠᠳᠠᠭ᠂ ᠨᠡᠩ ᠴᠢᠬᠤᠯᠠ ᠨᠢ ᠬᠡᠷ ᠤᠨ | ᠠᠬᠠᠮᠠᠳ ᠲᠠᠢ ᠪᠠᠨ ᠬᠠᠮᠳᠦ ᠠᠩᠭᠢ ᠶᠢᠨ ᠢᠶᠠᠨ ᠶᠡᠭᠡ ᠪᠠᠭ᠎ᠠ ᠶᠠᠪᠤᠳᠠᠯ ᠤᠳ ᠢᠶᠠᠨ ᠶᠠᠷᠢᠯᠴᠠᠨ ᠵᠦᠪᠯᠡᠳᠡᠭ᠃ ᠬᠡᠷ ᠤᠨ | ᠠᠬᠠᠮᠠᠳ ᠳᠤᠷᠠᠳᠠᠢ ᠯᠡ ᠶᠤᠮ ᠪᠤᠯ ᠪᠢ ᠴᠢᠳᠠᠬᠤ ᠶᠢᠨ ᠬᠢᠷᠢ ᠪᠠᠷ ᠳᠡᠳᠡᠨ ᠢ ᠠᠩᠭᠢ ᠶᠢᠨ ᠢᠶᠠᠨ ᠡᠯ᠎ᠡ ᠵᠦᠢᠯ ᠤᠨ | ᠬᠦᠳᠡᠯᠭᠡᠭᠡᠨ ᠳᠤ ᠪᠠᠨ ᠤᠷᠢᠳᠠᠭ ᠶᠤᠮ᠃ ᠬᠦᠳᠡᠯᠭᠡᠭᠡᠨ ᠢᠶᠠᠨ ᠲᠦᠰᠦᠪᠯᠡᠬᠦ ᠳᠤ ᠪᠠᠨ ᠳᠡᠳᠡᠨ ᠢᠶᠠᠷ ᠬᠦᠳᠡᠯᠭᠡᠭᠡᠨ ᠢ | ᠦᠷ᠎ᠡ ᠪᠦᠳᠦᠮᠵᠢᠲᠡᠢ ᠶᠠᠪᠤᠭᠳᠠᠭᠤᠯᠬᠤ ᠠᠷᠭ᠎ᠠ ᠤᠬᠠᠭᠠᠨ ᠳᠤᠷᠠᠳᠤᠭᠤᠯᠵᠦ᠂ ᠢᠳᠡᠪᠬᠢᠵᠢᠯ ᠢ ᠨᠢ ᠳᠠᠶᠢᠴᠢᠯᠠᠳᠠᠭ᠃ | ᠢᠩᠬᠢᠵᠦ ᠳᠠᠰᠬᠠᠭᠰᠠᠨ ᠠᠴᠠ ᠪᠤᠯᠵᠦ ᠬᠡᠷ ᠤᠨ ᠠᠬᠠᠮᠠᠳ ᠤᠳ ᠮᠠᠨᠢ ᠠᠩᠭᠢ ᠶᠢᠨ ᠬᠦᠳᠡᠯᠭᠡᠭᠡᠨ ᠶᠠᠪᠤᠭᠳᠠᠬᠤ ᠪᠦᠷᠢ | ᠰᠠᠨᠠᠭᠠᠴᠢᠯᠠᠭ᠎ᠠ ᠠᠴᠠ ᠪᠠᠨ ᠰᠤᠷᠭᠠᠭᠤᠯᠢ ᠳᠤ ᠬᠦᠷᠦᠯᠴᠡᠨ ᠢᠷᠡᠭᠡᠳ᠂ ᠠᠩᠭᠢ ᠶᠢᠨ ᠬᠡᠷ ᠢ ᠴᠢᠮᠡᠭᠯᠡᠵᠦ ᠦᠭᠬᠦ᠂ | ᠬᠡᠤᠬᠡᠳ ᠤᠳ ᠢ ᠬᠠᠮᠢᠶᠠᠷᠴᠦ ᠦᠭᠬᠦ᠂ ᠬᠤᠪᠴᠠᠰᠦ ᠵᠠᠰᠠᠯ ᠢ ᠨᠢ ᠴᠢᠮᠡᠵᠦ ᠦᠭᠬᠦ ᠁ ᠮᠡᠳᠦ ᠪᠠᠷ ᠬᠠᠪᠰᠤᠷᠤᠯᠭ᠎ᠠ | ᠦᠵᠡᠬᠦᠯᠳᠡᠭ ᠪᠤᠯᠪᠠ᠃ ᠪᠢ ᠴᠦ ᠬᠡᠰᠡᠨ ᠬᠡᠷ ᠤᠨ ᠠᠬᠠᠮᠠᠳ ᠲᠤ ᠪᠠᠨ ᠤᠷᠮ᠎ᠠ ᠬᠠᠶᠢᠷᠠᠯᠠᠬᠤ ᠵᠤᠷᠢᠯᠲᠠ ᠠᠴᠠ | ᠬᠦᠳᠡᠯᠭᠡᠭᠡᠨ ᠢᠶᠠᠨ ᠳ᠋ᠦᠩᠨᠡᠬᠦ ᠳᠤ ᠪᠠᠨ ᠰᠤᠷᠤᠭᠴᠢᠳ ᠢᠶᠠᠨ ᠱᠠᠩᠨᠠᠨ ᠵᠤᠷᠢᠬᠵᠢᠭᠤᠯᠬᠤ ᠶᠢᠨ ᠬᠠᠮᠳᠦ ᠬᠡᠷ ᠤᠨ | ᠠᠬᠠᠮᠠᠳ ᠢᠶᠠᠨ ᠴᠦ ᠱᠠᠩᠨᠠᠳᠠᠭ ᠪᠠᠶᠢᠪᠠ᠃ ᠡᠨᠡ ᠮᠡᠳᠦ ᠪᠠᠷ ᠬᠡᠷ ᠤᠨ ᠠᠬᠠᠮᠠᠳ ᠨᠠᠷ ᠲᠠᠢ ᠬᠠᠮᠳᠦ ᠳᠤ ᠪᠠᠨ ᠪᠠᠶᠠᠷ | ᠪᠠᠭ᠋ᠠᠳᠤᠯ ᠬᠢᠭᠡᠳ ᠠᠮᠵᠢᠯᠲᠠ ᠤᠯᠤᠯᠲᠠ ᠪᠠᠨ ᠬᠤᠪᠢᠶᠠᠯᠴᠠᠬᠤ ᠨᠢ ᠬᠡᠤᠬᠡᠳ ᠤᠨ ᠦᠰᠦᠨ ᠪᠤᠶᠢᠵᠢᠯᠲᠠ ᠳᠤ ︽ | ᠪᠤᠰᠤᠳ ᠢ ᠬᠦᠨᠳᠦᠳᠬᠡᠵᠦ ᠪᠠᠶᠢᠭ᠎ᠠ ᠨᠢ ᠦᠪᠡᠷ ᠢ ᠪᠠᠨ ᠬᠦᠨᠳᠦᠳᠭᠡᠵᠦ ᠪᠠᠶᠢᠭ᠎ᠠ ᠤᠴᠢᠷ︾ ᠭᠡᠳᠡᠭ ᠶᠤᠰᠤᠨ ᠢ | ᠳᠠᠮ ᠢᠶᠠᠷ ᠤᠯᠠᠮᠵᠢᠯᠠᠭᠰᠠᠨ ᠪᠢᠯᠡ᠃ | ᠡᠳᠡᠭᠡᠷ ᠵᠢᠯ ᠤᠳ ᠲᠤ ᠪᠢ ᠬᠡᠷ ᠤᠨ ᠠᠬᠠᠮᠠᠳ ᠢᠶᠠᠨ ᠤᠶᠢᠯᠠᠭᠠᠨ ᠬᠦᠨᠳᠦᠳᠬᠡᠵᠦ᠂ ᠳᠡᠳᠡᠨ ᠲᠠᠢ ᠲᠤᠳᠤᠨᠤ | ᠨᠠᠶᠢᠵᠠ ᠮᠡᠳᠦ ᠨᠦᠬᠦᠷᠰᠡᠭ ᠬᠠᠷᠢᠴᠠᠭ᠎ᠠ ᠪᠠᠶᠢᠭᠤᠯᠤᠭᠰᠠᠨ ᠠᠴᠠ ᠳᠡᠳᠡ ᠮᠢᠨᠤ ᠠᠵᠢᠯ ᠢ ᠨᠡᠩ ᠳᠡᠮᠵᠢᠳᠡᠭ ᠪᠤᠯᠤᠭᠰᠠᠨ | ᠪᠦᠭᠡᠳ ᠬᠡᠷ ᠪᠦᠯᠢ ᠶᠢᠨ ᠤᠴᠢᠷ ᠢᠶᠠᠨ ᠴᠦ ᠵᠠᠷᠢᠮ ᠳᠤ ᠪᠠᠨ ᠨᠠᠳᠠ ᠲᠠᠢ ᠵᠦᠪᠳᠡᠯᠴᠡᠳᠡᠭ ᠪᠤᠯᠤᠭᠰᠠᠨ ᠪᠠᠶᠢᠨ᠎ᠠ᠃ | ᠲᠠᠪᠤ᠂ ᠰᠤᠷᠭᠠᠭᠤᠯᠢ ᠶᠢᠨ ᠠᠵᠢᠯ ᠨᠢᠭᠡᠪᠦᠷᠢ ᠶᠢ ᠰᠡᠳᠬᠢᠯ ᠲᠠᠯᠪᠢᠨ ᠰᠠᠶᠢᠳᠤᠷ ᠬᠦᠢᠴᠡᠳᠬᠡᠬᠦ ᠬᠡᠷᠡᠭᠳᠡᠢ᠃ | ᠪᠢ ᠪᠤᠯ ᠨᠢᠭᠡᠨ ᠡᠭᠡᠯ ᠶᠡᠷᠦᠮᠳᠡᠭ᠂ ᠴᠢᠳᠠᠪᠤᠷᠢ ᠮᠡᠬᠦᠰᠬᠡᠨ ᠪᠠᠭᠰᠢ ᠶᠤᠮ ᠡ᠃ ᠲᠤᠬᠠᠶᠢᠯᠠᠪᠠᠯ ᠪᠢ ᠳᠠᠭᠤᠯᠠᠵᠦ | ᠪᠦᠵᠢᠭᠯᠡᠬᠦ᠂ ᠵᠢᠷᠤᠵᠦ ᠴᠢᠮᠡᠭᠯᠡᠬᠦ ᠵᠡᠷᠭᠡ ᠴᠢᠳᠠᠪᠤᠷᠢ ᠪᠠᠷ ᠪᠦᠷ ᠠᠨᠠᠶᠢᠬᠠᠨ᠃ ᠲᠡᠶᠢᠮᠦ ᠠᠴᠠ ᠪᠢ | ᠰᠤᠷᠭᠠᠭᠤᠯᠢ ᠶᠢᠨ ᠢᠶᠠᠨ ᠲᠤᠬᠢᠷᠠᠭᠤᠯᠤᠭᠰᠠᠨ ᠶᠠᠮᠠᠷ ᠨᠢᠭᠡᠨ ᠠᠵᠢᠯ ᠢ ᠴᠦ ᠬᠡᠰᠡᠨ ᠤᠰᠤᠯᠳᠤᠬᠤ ᠠᠴᠠ ᠬᠢᠴᠢᠶᠡᠨ᠂ | ᠪᠤᠰᠤᠳ ᠠᠴᠠ ᠤᠷᠢᠳᠴᠢᠯᠠᠨ ᠪᠡᠯᠡᠳᠬᠡᠯ ᠬᠢᠵᠦ ᠪᠦᠳᠦᠮᠵᠢᠲᠡᠢ ᠬᠢᠶ᠎ᠡ ᠬᠡᠵᠦ ᠠᠷᠭ᠎ᠠ ᠪᠦᠬᠦᠨ ᠢ ᠰᠦᠪᠡᠭᠴᠢᠯᠡᠳᠡᠭ | ᠶᠤᠮ᠃ ᠮᠡᠳᠡᠭᠡᠵᠢ ᠪᠠᠷ᠂ ᠮᠠᠨ ᠤ ᠰᠤᠷᠭᠠᠭᠤᠯᠢ ᠪᠤᠯ ᠬᠤᠰᠢᠭᠤᠨ ᠲᠦᠪ ᠲᠤ ᠪᠠᠨ ᠪᠠᠶᠢᠭ᠎ᠠ ᠴᠤᠷᠢ ᠶᠢᠨ ᠭᠠᠭᠴᠠ | ᠮᠤᠩᠭᠤᠯ ᠢᠶᠠᠷ ᠬᠢᠴᠢᠶᠡᠯᠯᠡᠳᠡᠭ ᠰᠤᠷᠭᠠᠭᠤᠯᠢ ᠪᠤᠯᠬᠤᠷ ᠤᠷᠠᠯᠢᠭ ᠤᠨ ᠲᠠᠯ᠎ᠠ ᠪᠠᠷ ᠤᠨᠴᠠᠯᠢᠬᠲᠦ ᠰᠤᠷᠭᠠᠭᠤᠯᠢ ᠪᠤᠯᠵᠠᠢ᠃ | ᠲᠡᠶᠢᠮᠦ ᠠᠴᠠ ᠮᠠᠨ ᠤ ᠰᠤᠷᠭᠠᠭᠤᠯᠢ ᠬᠤᠭᠤᠴᠠᠭ᠎ᠠ ᠪᠦᠷᠢ ᠤᠷᠠᠯᠢᠭ ᠰᠤᠶᠤᠯ ᠤᠨ ᠬᠦᠳᠡᠯᠭᠡᠭᠡᠨ ᠢ ᠤᠯᠠᠨᠳᠠ | ᠦᠷᠨᠢᠬᠦᠯᠳᠡᠭ᠃ ᠲᠤᠬᠠᠶᠢᠯᠠᠪᠠᠯ᠂ ᠳᠤᠮᠳᠠ ᠠᠩᠭᠢ ᠶᠢᠨ ᠬᠦᠳᠡᠯᠭᠡᠭᠡᠨ᠂ ᠭᠤᠤᠯ ᠰᠡᠳᠦᠪᠲᠦ ᠠᠩᠭᠢ ᠶᠢᠨ ᠬᠤᠷᠠᠯ᠂ | ᠰᠢᠯᠦᠭ ᠤᠨ ᠤᠷᠤᠯᠳᠤᠭᠠᠨ᠂ ᠨᠠᠶᠢᠷᠠᠯ ᠳᠠᠭᠤᠨ ᠤ ᠮᠦᠷᠦ᠋ᠢᠴᠡᠭᠡᠨ᠂ ᠤᠷᠠᠯᠢᠭ ᠤᠨ ᠨᠠᠶᠢᠷ ᠁ ᠵᠡᠷᠭᠡ | ᠬᠦᠳᠡᠯᠭᠡᠭᠡᠨ ᠨᠦᠭᠦᠳ ᠴᠠᠰᠤᠨ ᠯᠠᠪᠰᠠ ᠮᠡᠳᠦ ᠳᠠᠷᠠᠭ᠎ᠠ ᠳᠠᠷᠠᠭᠠᠯᠠᠨ ᠴᠦᠷᠬᠦᠯᠡᠳᠡᠭ᠃ ᠪᠢ ᠠᠯᠢ ᠴᠦ ᠤᠷᠤᠯᠳᠤᠭᠠᠨ | ᠮᠦᠷᠦ᠋ᠢᠴᠡᠭᠡᠨ ᠳᠤ ᠨᠢ ᠠᠩᠭᠢ ᠶᠢᠨ ᠬᠡᠤᠬᠡᠳ ᠢᠶᠠᠨ ᠢᠳᠡᠭᠡᠯ ᠲᠡᠬᠦᠯᠳᠡᠷ ᠤᠷᠤᠯᠴᠠᠭᠤᠯᠬᠤ ᠪᠠᠷ ᠨᠠᠷᠢᠨ ᠬᠢᠨᠠᠮᠠᠭᠠᠢ | ᠰᠡᠳᠬᠢᠯ ᠲᠠᠯᠪᠢᠨ ᠪᠡᠯᠡᠳᠬᠡᠳᠡᠭ᠃ | ᠬᠡᠳᠦ᠋ᠢᠪᠡᠷ ᠪᠢ ᠲᠤᠪᠤᠶᠢᠮ᠎ᠠ ᠴᠢᠳᠠᠪᠤᠷᠢ ᠦᠭᠡᠢ ᠭᠡᠳᠡᠭ ᠪᠤᠯᠪᠠᠴᠦ ᠠᠪᠢᠶᠠᠰᠯᠢᠭ ᠪᠠᠭᠰᠢ ᠮᠠᠨ ᠤ | ᠰᠤᠷᠭᠠᠭᠤᠯᠢ ᠳᠤ ᠮᠤᠩ ᠦᠭᠡᠢ ᠤᠯᠠᠨ ᠪᠤᠯᠬᠤᠷ ᠳᠡᠳᠡᠨ ᠤ ᠠᠪᠢᠶᠠᠰ ᠲᠤ ᠲᠦᠰᠢᠨ᠂ ᠳᠡᠳᠡᠨ ᠢᠶᠠᠷ | ᠵᠢᠯᠤᠭᠤᠳᠤᠭᠤᠯᠤᠨ ᠰᠤᠷᠤᠭᠴᠢᠳ ᠲᠤ ᠪᠠᠨ ᠳᠠᠭᠤᠤ ᠪᠦᠵᠢᠭ ᠢ ᠨᠢ ᠡᠵᠡᠮᠰᠢᠬᠦᠯᠳᠡᠭ᠃ ᠡᠨᠡ ᠰᠠᠭᠤᠷᠢᠨ ᠳᠡᠭᠡᠷ᠎ᠡ ᠪᠢ | ᠦᠪᠡᠷ ᠢᠶᠠᠨ ᠢᠯᠡᠬᠦᠬᠡᠨ ᠬᠦᠴᠦ ᠭᠠᠷᠭᠠᠨ ᠰᠤᠷᠤᠭᠴᠢ ᠪᠠᠨ ᠪᠤᠯᠪᠠᠰᠤᠷᠠᠩᠭᠤᠢ ᠪᠤᠯᠳᠠᠯ᠎ᠡ ᠨᠢ ᠪᠤᠯᠪᠠᠰᠤᠷᠠᠭᠤᠯᠳᠠᠭ᠃ | ᠠᠮᠠᠷᠠᠬᠤ ᠴᠠᠭ ᠢᠶᠠᠨ ᠴᠦ ᠦᠷᠡᠭᠳᠡᠬᠦᠯᠵᠦ ᠪᠠᠶᠢᠭᠠᠳ᠂ ᠬᠦᠳᠡᠯᠭᠡᠭᠡᠨ ᠤ ᠪᠠᠨ ᠴᠢᠨᠠᠷ ᠴᠢᠨᠰᠠᠭ᠎ᠠ ᠪᠠᠨ ᠪᠠᠳᠤᠯᠠᠬᠤ ᠶᠢ | ᠯᠡ ᠪᠤᠳᠤᠳᠠᠭ᠃ ᠡᠬᠦᠨ ᠤ ᠵᠡᠷᠭᠡ ᠪᠠᠷ ᠪᠤᠰᠤᠳ ᠠᠴᠠ ᠤᠨᠴᠠᠯᠢᠭᠳᠠᠬᠤ ᠵᠦᠢᠯ ᠲᠠᠢ ᠪᠤᠯᠭᠠᠬᠤ ᠪᠠᠷ ᠰᠢᠨ᠎ᠡ | ᠡᠬᠦᠳᠦᠯᠲᠡ ᠲᠠᠢ ᠵᠦᠢᠯ ᠢ ᠬᠦᠳᠡᠯᠭᠡᠭᠡᠨ ᠳᠤ ᠪᠠᠨ ᠤᠷᠤᠭᠤᠯᠬᠤ ᠶᠢ ᠠᠩᠬᠠᠷᠳᠠᠭ᠃ ᠶᠠᠭ ᠢᠩᠬᠢᠵᠦ ᠮᠠᠨ ᠤ | ᠠᠩᠭᠢ ᠨᠢ ᠪᠤᠰᠤᠳ ᠠᠴᠠ ᠤᠷᠢᠳᠴᠢᠯᠠᠵᠦ ᠪᠡᠯᠡᠳᠬᠡᠳᠡᠭ ᠪᠦᠭᠡᠳ ᠪᠤᠰᠤᠳ ᠠᠴᠠ ᠢᠯᠡᠬᠦᠦ ᠴᠠᠭ ᠵᠠᠷᠤᠴᠠᠭᠤᠯᠤᠨ | ᠪᠤᠯᠪᠠᠰᠤᠷᠠᠳᠠᠭ ᠠᠴᠠ ᠡᠯ᠎ᠡ ᠵᠦᠢᠯ ᠤᠨ ᠤᠷᠤᠯᠳᠤᠭᠠᠨ ᠬᠦᠳᠡᠯᠭᠡᠭᠡᠨ ᠳᠤ ᠶᠡᠷᠦ ᠠᠴᠠ ᠬᠠᠨᠤᠮᠵᠢᠲᠠᠢ ᠰᠠᠶᠢᠨ ᠦᠷ᠎ᠡ | ᠳ᠋ᠦᠩ ᠢ ᠬᠦᠷᠳᠡᠭᠰᠡᠭᠡᠷ ᠢᠷᠡᠵᠡᠢ᠃ ᠮᠦᠨ ᠴᠦ ᠰᠤᠷᠭᠠᠭᠤᠯᠢ ᠨᠡᠶᠢᠳᠡ ᠳᠤ ᠮᠡᠳᠡᠷᠡᠭᠳᠡᠭᠰᠡᠨ ᠰᠢᠯᠢᠳᠡᠭ ᠠᠩᠭᠢ | ᠨᠢᠭᠡᠴᠢ ᠶᠢᠨ ᠨᠢᠭᠡ ᠨᠢ ᠪᠤᠯᠤᠭᠰᠠᠨ ᠶᠤᠮ᠃ ᠡᠨᠡ ᠨᠢ ᠮᠢᠨᠤ ᠠᠩᠭᠢ ᠶᠢᠨ ᠡᠷᠬᠢᠯᠡᠭᠴᠢ ᠶᠢᠨ ᠠᠵᠢᠯ ᠤᠨ ᠳᠤᠮᠳᠠᠬᠢ | ᠤᠮᠤᠭᠰᠢᠯ ᠪᠤᠯᠵᠦ ᠨᠠᠮ᠎ᠠ ᠶᠢ ᠵᠤᠷᠢᠬᠵᠢᠭᠤᠯᠤᠭᠰᠠᠭᠠᠷ ᠡ᠃ | ᠡᠬᠦᠨ ᠳᠤ ᠵᠠᠷᠢᠮ ᠬᠦᠮᠦᠨ᠄ ︽ᠲᠠᠨ ᠤ ᠠᠩᠭᠢ ᠳᠤ ᠲᠤᠬᠢᠶᠠᠭᠰᠠᠨ ᠰᠤᠷᠤᠭᠴᠢ ᠴᠦᠮ ᠰᠠᠶᠢᠨ ᠰᠤᠷᠤᠭᠴᠢ︾ | ᠭᠡᠵᠦ ᠬᠡᠯᠡᠳᠡᠭ᠃ ᠵᠠᠷᠢᠮ ᠨᠢ ᠪᠠᠰᠠ᠄ ︽ᠲᠠᠨ ᠤ ᠠᠩᠭᠢ ᠶᠢᠨ ᠭᠡᠷ ᠤᠨ ᠠᠬᠠᠮᠠᠳ ᠴᠢᠨᠢ ᠴᠦᠮ | ᠬᠠᠷᠢᠭᠤᠴᠠᠯᠭ᠎ᠠ ᠲᠠᠢ︾ ᠭᠡᠵᠦ ᠶᠠᠷᠢᠳᠠᠭ᠃ ᠭᠡᠳᠡᠯ᠎ᠡ ᠮᠢᠨᠤ ᠦᠵᠡᠬᠦ ᠪᠠᠷ ᠰᠠᠶᠢᠨ ᠰᠤᠷᠤᠭᠴᠢ᠂ ᠰᠠᠶᠢᠨ ᠬᠡᠷ ᠤᠨ | ᠠᠬᠠᠮᠠᠳ ᠲᠠᠢ ᠪᠠᠶᠢᠨ᠎ᠠ ᠭᠡᠳᠡᠭ ᠨᠢ ᠠᠩᠭᠢ ᠶᠢᠨ ᠡᠷᠬᠢᠯᠡᠭᠴᠢ ᠪᠠᠭᠰᠢ ᠶᠢᠨ ᠤᠶᠢᠭ᠎ᠠ ᠦᠭᠡᠢ ᠬᠦᠴᠦᠨ ᠴᠢᠷᠮᠠᠶᠢᠯᠭ᠎ᠠ | ᠬᠢᠭᠡᠳ ᠠᠷᠭ᠎ᠠ ᠤᠬᠠᠭᠠᠨ ᠠᠴᠠ ᠰᠠᠯᠤᠰᠢ ᠦᠭᠡᠢ ᠶᠤᠮ ᠡ᠃ | ᠰᠤᠷᠭᠠᠭᠤᠯᠢ ᠶᠢᠨ ᠡᠯ᠎ᠡ ᠵᠦᠢᠯ ᠤᠨ ᠠᠵᠢᠯ ᠤᠨ ᠳᠤᠮᠳᠠ ᠬᠠᠮᠤᠭ ᠵᠦᠳᠡᠷᠡᠯᠲᠡᠢ ᠪᠤᠯᠪᠠᠴᠦ ᠬᠠᠮᠤᠭ ᠠᠵᠠ | ᠵᠢᠷᠭᠠᠯ ᠲᠠᠢ ᠠᠵᠢᠯ ᠪᠤᠯ ᠬᠠᠰᠢᠯᠠ ᠠᠩᠭᠢ ᠶᠢᠨ ᠡᠷᠬᠢᠯᠡᠭᠴᠢ ᠶᠢᠨ ᠠᠵᠢᠯ ᠮᠦᠨ᠃ ︽ᠠᠵᠢᠯ ᠳᠤ ᠪᠠᠨ ᠬᠠᠨᠳᠤᠬᠤ | ᠦᠨᠡᠨᠴᠢ ᠤᠪᠤᠷ ᠬᠢᠭᠡᠳ ᠴᠢᠷᠮᠠᠶᠢᠯᠭ᠎ᠠ᠂ ᠬᠠᠷᠢᠯᠴᠠᠨ ᠤᠶᠢᠯᠠᠭᠠᠯᠴᠠᠬᠤ ᠪᠠ ᠬᠠᠷᠢᠯᠴᠠᠨ ᠢᠳᠡᠭᠡᠬᠦ᠂ ᠬᠠᠷᠢᠭᠤᠴᠠᠯᠭ᠎ᠠ | ᠪᠠ ᠬᠠᠶᠢᠷ᠎ᠠ ᠬᠠᠯᠠᠮᠵᠢ︾ ᠨᠢ ᠮᠢᠨᠤ ᠬᠡᠵᠢᠶᠡᠳᠡ ᠰᠠᠬᠢᠬᠤ ᠪᠠᠷᠢᠮᠳᠠᠯᠠᠯ ᠮᠦᠨ᠃ | | ᠬᠠᠶ᠋ᠢᠬ᠄ ᠡᠸᠡᠩᠬᠢ ᠬᠤᠰᠢᠭᠤᠨ ᠤ ᠨᠢᠭᠡᠳᠦᠭᠡᠷ | ᠲᠤᠷᠰᠢᠯᠲᠠ ᠶᠢᠨ ᠪᠠᠭ᠎ᠠ ᠰᠤᠷᠭᠠᠭᠤᠯᠢ | ︵ᠰᠦᠶ᠎ᠠ ᠨᠠᠶᠢᠷᠠᠭᠤᠯᠪᠠ︶ | 2020 ᠤᠨ ᠤ 2 ᠳ᠋ᠤᠭᠠᠷ ᠬᠤᠭᠤᠴᠠᠭ᠎ᠠ |