| ᠰᠢᠠᠬᠤᠸᠠ | | | ᠮᠡᠳᠡᠭᠡᠵᠢ ᠪᠠᠷ᠂ ᠬᠡᠦᠬᠡᠳ ᠤᠨ ᠭᠡᠯᠡᠨ ᠤ ᠬᠦᠭᠵᠢᠯᠲᠡ ᠳᠤ ᠰᠤᠨᠤᠰᠬᠤ ᠪᠠ ᠶᠠᠷᠢᠬᠤ ᠴᠢᠳᠠᠪᠤᠷᠢ ᠶᠢᠨ | ᠬᠦᠮᠦᠵᠢᠯ ᠴᠢᠬᠤᠯᠠ ᠰᠠᠭᠤᠷᠢ ᠪᠤᠯᠵᠤ ᠪᠠᠶᠢᠳᠠᠭ᠃ ᠡᠶᠢᠨ ᠬᠦ ᠴᠡᠴᠡᠷᠯᠢᠭ ᠤᠨ ᠪᠠᠭᠰᠢ ᠨᠠᠷ ᠬᠡᠦᠬᠡᠳ ᠤᠳ ᠢ ᠪᠠᠭ᠎ᠠ | ᠰᠤᠷᠭᠠᠭᠤᠯᠢ ᠳᠤ ᠤᠷᠤᠬᠤ ᠦᠶᠡᠰ ᠰᠤᠨᠤᠰᠬᠤ ᠶᠠᠷᠢᠬᠤ ᠲᠠᠯ᠎ᠠ ᠪᠠᠷ ᠭᠦᠢᠴᠡᠳ ᠬᠦᠭᠵᠢᠯᠲᠡ ᠲᠠᠢ ᠪᠤᠯᠭᠠᠵᠤ᠂ | ᠴᠠᠭᠠᠰᠢᠳᠠ ᠰᠤᠷᠤᠯᠴᠠᠬᠤ ᠳᠤ ᠨᠢ ᠰᠠᠭᠤᠷᠢ ᠲᠠᠯᠪᠢᠵᠤ ᠦᠭᠬᠦ ᠴᠢᠬᠤᠯᠠ ᠲᠠᠢ᠃ ᠡᠭᠦᠨ ᠢ ᠴᠡᠴᠡᠷᠯᠢᠭ ᠤᠨ ᠪᠠᠭᠰᠢ | ᠨᠠᠷ ᠤᠨ ᠵᠠᠪᠠᠯ ᠭᠦᠢᠴᠡᠳᠭᠡᠬᠦ ᠡᠭᠦᠷᠭᠡ ᠭᠡᠬᠦ ᠳᠤ ᠠᠬᠠᠳᠠᠬᠤ ᠦᠭᠡᠢ ᠶᠤᠮ᠃ | ᠨᠢᠭᠡ᠂ ᠦᠯᠢᠭᠡᠷ ᠰᠤᠨᠤᠰᠴᠤ᠂ ᠦᠯᠢᠭᠡᠷ ᠬᠡᠯᠡᠬᠦ ᠬᠦᠳᠡᠯᠪᠦᠷᠢ ᠪᠠᠷ ᠬᠡᠦᠬᠡᠳ ᠤᠨ ᠰᠤᠨᠤᠰᠬᠤ ᠪᠠ ᠶᠠᠷᠢᠬᠤ | ᠴᠢᠳᠠᠪᠤᠷᠢ ᠶᠢ ᠳᠡᠭᠡᠭᠰᠢᠯᠡᠭᠦᠯᠵᠦ ᠪᠤᠯᠤᠨ᠎ᠠ᠃ ᠦᠯᠢᠭᠡᠷ ᠰᠣᠨᠣᠰᠬᠤ ᠨᠢ ᠬᠡᠦᠬᠡᠳ ᠤᠨ ᠤᠨᠴᠠᠯᠢᠭ ᠲᠤ ᠲᠤᠬᠢᠷᠠᠵᠤ | ᠳᠤᠷ᠎ᠠ ᠪᠠᠬ᠎ᠠ ᠶᠢ ᠨᠢ ᠳᠠᠲᠠᠵᠤ ᠳᠡᠶᠢᠯᠳᠡᠭ᠃ ᠪᠤᠳᠠᠲᠠᠢ ᠬᠡᠯᠡᠪᠡᠯ᠂ ᠬᠡᠦᠬᠡᠳ ᠦᠯᠢᠭᠡᠷ ᠰᠤᠨᠤᠰᠬᠤ ᠲᠤᠩ ᠳᠤᠷ᠎ᠠ ᠲᠠᠢ | ᠮᠦᠷᠲᠡᠭᠡᠨ ᠰᠤᠨᠤᠰᠤᠭᠰᠠᠨ ᠦᠯᠢᠭᠡᠷ ᠢᠶᠠᠨ ᠴᠦ ᠪᠤᠰᠤᠳ ᠲᠤ ᠶᠠᠷᠢᠵᠤ ᠦᠭᠬᠦ ᠳᠤᠷ᠎ᠠ ᠲᠠᠢ ᠪᠠᠶᠢᠳᠠᠭ᠃ ᠡᠶᠢᠮᠦ ᠠᠴᠠ | ᠬᠡᠦᠬᠡᠳ ᠤᠨ ᠲᠠᠯᠠᠡᠴᠠ ᠠᠪᠴᠤ ᠬᠡᠯᠡᠪᠡᠯ᠂ ᠦᠯᠢᠭᠡᠷ ᠰᠤᠨᠤᠰᠬᠤ ᠪᠠ ᠰᠤᠨᠤᠰᠤᠭᠰᠠᠨ ᠦᠯᠢᠭᠡᠷ ᠢᠶᠠᠨ ᠪᠤᠰᠤᠳ ᠲᠤ | ᠶᠠᠷᠢᠵᠤ ᠦᠭᠬᠦ ᠪᠤᠯ ᠲᠡᠳᠡ ᠨᠡᠷ ᠤᠨ ᠰᠤᠨᠤᠰᠬᠤ ᠪᠠ ᠶᠠᠷᠢᠬᠤ ᠴᠢᠳᠠᠪᠤᠷᠢ ᠶᠢ ᠳᠡᠭᠡᠭᠰᠢᠯᠡᠭᠦᠯᠬᠦ ᠨᠢᠭᠡᠨ ᠵᠦᠢᠯ ᠤᠨ | ᠪᠦᠲᠦᠮᠵᠢᠲᠡᠢ ᠠᠷᠭ᠎ᠠ ᠪᠠᠷᠢᠯ ᠮᠥᠨ᠃ ᠪᠢ ᠡᠨᠡ ᠬᠦ ᠪᠦᠲᠦᠮᠵᠢᠲᠡᠢ ᠠᠷᠭ᠎ᠠ ᠪᠠᠷᠢᠯ ᠢ ᠠᠰᠢᠭᠯᠠᠨ ᠠᠩᠬᠢ ᠶᠢᠨ | ᠬᠡᠦᠬᠡᠳ ᠤᠨ ᠢᠶᠠᠨ ᠰᠤᠨᠤᠰᠬᠤ ᠪᠠ ᠶᠠᠷᠢᠬᠤ ᠴᠢᠳᠠᠪᠤᠷᠢ ᠶᠢ ᠪᠤᠯᠪᠠᠰᠤᠷᠠᠭᠤᠯᠬᠤ ᠳᠤ ᠭᠡᠷ ᠤᠨ ᠠᠬᠠᠮᠠᠳ ᠲᠠᠢ | ᠬᠠᠮᠵᠢᠯᠴᠠᠭᠰᠠᠨ ᠠᠴᠠ᠂ ᠡᠨᠡ ᠲᠠᠯ᠎ᠠ ᠶᠢᠨ ᠠᠵᠢᠯ ᠤᠨ ᠦᠷ᠎ᠡ ᠠᠰᠢᠭ ᠢ ᠠᠬᠢᠭᠤᠯᠵᠤ ᠴᠢᠳᠠᠭᠰᠠᠨ ᠪᠠᠶᠢᠨ᠎ᠠ᠃ | ᠲᠤᠬᠠᠶᠢᠯᠠᠪᠠᠯ᠂ ᠬᠡᠦᠬᠡᠳ ᠭᠡᠷ ᠲᠤ ᠪᠠᠨ ᠭᠡᠷ ᠤᠨ ᠠᠬᠠᠮᠠᠳ ᠠᠴᠠ ᠪᠠᠨ ᠣᠬᠤᠷᠬᠠᠨ᠂ ᠰᠤᠨᠢᠷᠬᠠᠯᠲᠠᠢ᠂ ᠡᠷᠡᠭᠦᠯ | ᠠᠭᠤᠯᠭ᠎ᠠ ᠪᠦᠬᠦᠢ ᠦᠯᠢᠭᠡᠷ ᠰᠤᠨᠤᠰᠴᠤ᠂ ᠲᠡᠭᠦᠨ ᠢ ᠴᠡᠭᠡᠵᠢᠯᠡᠭᠦᠯᠵᠤ᠂ ᠴᠡᠴᠡᠷᠯᠢᠭ ᠲᠤ ᠪᠠᠨ ᠢᠷᠡᠵᠦ ᠪᠠᠭᠰᠢ ᠪᠠ | ᠨᠠᠶᠢᠵᠢ ᠨᠠᠷ ᠲᠤ ᠪᠠᠨ ᠴᠡᠭᠡᠵᠢᠯᠡᠭᠰᠡᠨ ᠦᠯᠢᠭᠡᠷ ᠢᠶᠠᠨ ᠶᠠᠷᠢᠵᠤ ᠰᠤᠨᠤᠰᠬᠠᠨ᠎ᠠ᠃ ᠪᠠᠭᠰᠢ ᠠᠴᠠ ᠬᠡᠦᠬᠡᠳ ᠤᠨ | ᠶᠠᠷᠢᠭᠰᠠᠨ ᠦᠯᠢᠭᠡᠷ ᠢ ᠰᠤᠨᠤᠰᠴᠤ ᠳᠠᠬᠢᠨ ᠵᠢᠯᠤᠭᠤᠳᠤᠯᠭ᠎ᠠ ᠬᠢᠨ᠎ᠡ᠃ ᠡᠭᠦᠨ ᠳᠤ ᠪᠠᠭᠰᠢ ᠪᠠ ᠭᠡᠷ ᠤᠨ | ᠠᠬᠠᠮᠠᠳ ᠲᠤ ᠪᠠᠨ ᠦᠭᠡ ᠵᠢᠭᠠᠬᠤ ᠪᠤᠶᠤ ᠳᠠᠭᠠᠭᠤᠯᠤᠨ ᠬᠡᠯᠡᠬᠦ ᠵᠡᠷᠭᠡ ᠳᠤᠳᠤᠮᠳᠠᠯᠭ᠎ᠠ ᠵᠢᠯᠤᠭᠤᠳᠤᠯᠭ᠎ᠠ | ᠠᠭᠤᠰᠤᠯᠳᠤᠨ ᠶᠠᠪᠤᠭᠳᠠᠵᠤ ᠪᠠᠶᠢᠳᠠᠭ᠃ ᠵᠢᠯᠤᠭᠤᠳᠤᠯᠭ᠎ᠠ ᠪᠠ ᠶᠠᠷᠢᠬᠤ ᠠᠵᠢᠯᠯᠠᠭᠠᠨ ᠤ ᠳᠠᠭᠠᠤ ᠳᠤ ᠨᠢ ᠬᠡᠦᠬᠡᠳ ᠢ | ᠦᠨᠡᠯᠡᠨ ᠵᠤᠷᠢᠬᠵᠢᠭᠤᠯᠵᠤ ᠤᠷᠮ᠎ᠠ ᠶᠢ ᠬᠦᠭᠵᠢᠭᠡᠬᠦ ᠶᠢ ᠤᠮᠳᠤᠭᠠᠶᠢᠯᠠᠵᠤ ᠪᠤᠯᠬᠤ ᠦᠭᠡᠢ᠃ ᠤᠷᠮ᠎ᠠ ᠪᠠᠬ᠎ᠠ ᠪᠤᠯ | ᠬᠠᠮᠤᠭ ᠤᠨ ᠰᠠᠶᠢᠨ ᠪᠠᠭᠰᠢ ᠭᠡᠳᠡᠭ ᠰᠢᠤ᠃ ᠢᠩᠬᠢᠵᠦ ᠤᠳᠠᠭᠠᠨ ᠪᠠᠷᠢᠮᠲᠠᠯᠠᠪᠠᠯ ᠬᠡᠦᠬᠡᠳ ᠰᠤᠨᠤᠰᠬᠤ ᠪᠠ ᠶᠠᠷᠢᠬᠤ | ᠲᠠᠯ᠎ᠠ ᠪᠠᠷ ᠤᠯᠠᠮ ᠳᠤᠷ᠎ᠠ ᠪᠠᠬ᠎ᠠ ᠲᠠᠢ ᠪᠤᠯᠵᠤ᠂ ᠢᠳᠡᠭ ᠢᠳᠡᠭ ᠢᠶᠠᠷ ᠰᠤᠨᠤᠰᠬᠤ ᠪᠠ ᠶᠠᠷᠢᠬᠤ ᠴᠢᠳᠠᠪᠤᠷᠢ ᠲᠡᠳᠡᠨ ᠤ | ᠤᠢ ᠤᠬᠠᠭᠠᠨᠳᠤ ᠡᠬᠢᠯᠡᠨ ᠪᠦᠷᠢᠯᠳᠤᠭᠦ ᠪᠦᠭᠡᠳ ᠢᠳᠡᠭ ᠠᠯᠬᠤᠮ ᠢᠶᠠᠷ ᠦᠷᠭᠦᠯᠵᠢᠯᠡᠨ ᠣᠷᠭᠤᠨ ᠲᠦᠯᠵᠢᠬᠦ | ᠪᠤᠯᠤᠨ᠎ᠠ᠃ | ᠬᠤᠶᠠᠷ᠂ ᠤᠨᠢᠰᠤᠭ᠎ᠠ ᠲᠠᠭᠠᠭᠠᠬᠤ᠂ ᠵᠦᠢᠷ ᠰᠡᠴᠡᠨ ᠦᠭᠡ ᠶᠠᠷᠢᠵᠤ ᠡᠵᠡᠮᠰᠢᠬᠦ᠂ ᠬᠡᠯᠡ ᠵᠦᠭᠰᠢᠷᠡᠭᠦᠯᠬᠦ | ᠦᠭᠡ ᠶᠢ ᠬᠡᠯᠡᠵᠦ ᠪᠤᠯᠪᠠᠰᠤᠷᠠᠬᠤ ᠬᠦᠳᠡᠯᠪᠦᠷᠢ ᠪᠠᠷ ᠬᠡᠦᠬᠡᠳ ᠤᠨ ᠰᠤᠨᠤᠰᠬᠤ ᠪᠠ ᠶᠠᠷᠢᠬᠤ ᠴᠢᠳᠠᠪᠤᠷᠢ ᠶᠢ | ᠳᠡᠭᠡᠭᠰᠢᠯᠡᠭᠦᠯᠵᠦ ᠪᠤᠯᠤᠨ᠎ᠠ᠃ ᠮᠠᠨ ᠤ ᠮᠤᠩᠭᠤᠯ ᠦᠨᠳᠦᠰᠦᠲᠡᠨ ᠤ ᠦᠭᠡᠰ ᠤᠨ ᠰᠠᠩ ᠳᠠᠯᠠᠢ ᠪᠠᠶᠠᠨ᠂ ᠬᠡᠯᠡᠨ ᠤ | ᠡᠬᠢ ᠪᠠᠶᠠᠯᠢᠭ ᠦᠯᠡᠮᠵᠢ ᠪᠠᠶᠢᠳᠠᠭ᠃ ᠡᠭᠦᠨ ᠤ ᠳᠤᠲᠤᠷᠠᠬᠢ ᠣᠨᠢᠰᠤᠭ᠎ᠠ ᠲᠠᠭᠠᠬᠤ᠂ ᠵᠦᠢᠷ ᠰᠡᠴᠡᠨ ᠦᠭᠡ ᠶᠠᠷᠢᠵᠤ | ᠡᠵᠡᠮᠰᠢᠬᠦ᠂ ᠬᠡᠯᠡ ᠪᠤᠯᠪᠠᠰᠤᠷᠠᠭᠤᠯᠬᠤ ᠦᠭᠡ ᠬᠡᠯᠡᠵᠦ ᠬᠡᠯᠡ ᠶᠢ ᠨᠢ ᠤᠷᠠᠯᠢᠭ ᠪᠤᠯᠭᠠᠨ ᠪᠤᠯᠪᠠᠰᠤᠷᠠᠭᠤᠯᠬᠤ ᠨᠢ ᠴᠦᠮ | ᠬᠡᠦᠬᠡᠳ ᠪᠠᠭᠠᠴᠤᠳ ᠤᠨ ᠬᠦᠭᠵᠢᠯᠲᠡ ᠳᠤ ᠲᠤᠩ ᠲᠤᠬᠢᠷᠠᠮᠵᠢᠲᠠᠢ ᠠᠵᠢᠯᠯᠠᠭᠠᠨ ᠪᠤᠯᠬᠤ ᠶᠤᠮ᠃ ᠮᠥᠨ ᠴᠦ | ᠬᠡᠦᠬᠡᠳ ᠤᠨ ᠰᠤᠨᠤᠰᠬᠤ ᠪᠠ ᠶᠠᠷᠢᠬᠤ ᠴᠢᠳᠠᠪᠤᠷᠢ ᠶᠢᠨ ᠬᠦᠭᠵᠢᠯᠲᠡ ᠳᠤ ᠬᠠᠮᠤᠭ ᠤᠨ ᠲᠤᠬᠢᠷᠠᠮᠵᠢᠲᠠᠢ ᠮᠦᠷᠲᠡᠭᠡᠨ | ᠲᠤᠩ ᠠᠰᠢᠭᠲᠠᠢ ᠨᠢᠭᠡ ᠵᠦᠢᠯ ᠤᠨ ᠠᠷᠭ᠎ᠠ ᠪᠠᠷᠢᠯ ᠪᠤᠯᠬᠤ ᠨᠢ ᠮᠠᠷᠭᠤᠰᠢ ᠦᠭᠡᠢ᠃ ᠪᠢ ᠠᠩᠬᠢ ᠶᠢᠨ ᠢᠶᠠᠨ ᠦᠭᠡ | ᠬᠡᠯᠡᠨ ᠤ ᠬᠦᠳᠡᠯᠭᠡᠭᠡᠨ ᠤ ᠴᠠᠭ ᠢ ᠠᠰᠢᠭᠯᠠᠨ᠂ ᠬᠡᠦᠬᠡᠳ ᠤᠳ ᠲᠤ ᠤᠨᠢᠰᠤᠭ᠎ᠠ ᠲᠠᠭᠠᠭᠠᠬᠤ᠂ ᠵᠦᠢᠷ ᠰᠡᠴᠡᠨ ᠦᠭᠡ | ᠶᠠᠷᠢᠵᠤ ᠡᠵᠡᠮᠰᠢᠬᠦ᠂ ᠬᠡᠯᠡ ᠵᠦᠭᠰᠢᠷᠡᠭᠦᠯᠬᠦ ᠦᠭᠡ ᠶᠢ ᠬᠡᠯᠡᠵᠦ ᠪᠤᠯᠪᠠᠰᠤᠷᠠᠬᠤ ᠬᠦᠳᠡᠯᠪᠦᠷᠢ ᠶᠢ ᠬᠢᠯᠭᠡᠵᠦ᠂ ᠬᠡᠦᠬᠡᠳ | ᠤᠨ ᠰᠤᠨᠤᠰᠬᠤ ᠪᠠ ᠶᠠᠷᠢᠬᠤ ᠴᠢᠳᠠᠪᠤᠷᠢ ᠶᠢ ᠪᠤᠯᠪᠠᠰᠤᠷᠠᠭᠤᠯᠤᠭᠠᠳ ᠬᠡᠦᠬᠡᠳ ᠤᠨ ᠰᠤᠨᠤᠰᠬᠤ ᠶᠠᠷᠢᠬᠤ ᠬᠢᠭᠡᠳ | ᠬᠡᠯᠡᠨ ᠤ ᠤᠷᠠᠯᠢᠭ ᠤᠨ ᠪᠤᠯᠪᠠᠰᠤᠷᠠᠯ ᠢ ᠵᠤᠬᠢᠬᠤ ᠬᠡᠮᠵᠢᠶᠡᠨ᠎ᠡ ᠠᠬᠢᠭᠤᠯᠵᠤ ᠴᠢᠳᠠᠭᠰᠠᠨ ᠪᠠᠶᠢᠨ᠎ᠠ᠃ ᠴᠤᠬᠤᠰ | ᠳᠤᠷᠠᠳᠪᠠᠯ᠂ ᠭᠡᠷ ᠤᠨ ᠠᠬᠠᠮᠠᠳ ᠲᠠᠢ ᠬᠠᠮᠵᠢᠯᠴᠠᠨ ᠬᠡᠦᠬᠡᠳ ᠢᠶᠠᠷ ᠤᠨᠢᠰᠤᠭ᠎ᠠ ᠴᠡᠭᠡᠵᠢᠯᠡᠭᠦᠯᠦᠭᠰᠡᠨ ᠰᠠᠭᠤᠷᠢᠨ | ᠳᠡᠭᠡᠷ᠎ᠡ᠂ ᠬᠡᠦᠬᠡᠳ ᠤᠨ ᠨᠢᠭᠡ ᠨᠢ ᠤᠨᠢᠰᠤᠭ᠎ᠠ ᠬᠡᠯᠡᠵᠦ᠂ ᠪᠤᠰᠤᠳ ᠨᠢ ᠤᠨᠢᠰᠤᠭ᠎ᠠ ᠲᠠᠭᠠᠭᠠᠬᠤ᠂ ᠵᠦᠢᠷ ᠰᠡᠴᠡᠨ | ᠦᠭᠡ ᠴᠡᠭᠡᠵᠢᠯᠡᠭᠰᠡᠨ ᠰᠠᠭᠤᠷᠢᠨ ᠳᠡᠭᠡᠷ᠎ᠡ᠂ ᠨᠢᠭᠡ ᠬᠡᠦᠬᠡᠳ ᠵᠦᠢᠷ ᠰᠡᠴᠡᠨ ᠦᠭᠡ ᠶᠢᠨ ᠬᠠᠭᠠᠰ ᠢ ᠬᠡᠯᠡᠵᠦ᠂ | ᠪᠤᠰᠤᠳ ᠨᠢ ᠵᠠᠯᠭᠠᠨ ᠬᠡᠯᠡᠵᠦ ᠪᠦᠷᠢᠨ ᠪᠤᠯᠭᠠᠬᠤ᠂ ᠪᠤᠰᠤᠳ ᠤᠨ ᠬᠡᠯᠡᠭᠰᠡᠨ ᠤ ᠳᠤᠮᠳᠠᠬᠢ ᠭᠡᠭᠡᠵᠦ ᠤᠷᠬᠢᠭᠳᠠᠭᠰᠠᠨ ᠢ | ᠨᠦᠬᠦᠪᠦᠷᠢᠯᠡᠬᠦ︔ ᠬᠡᠯᠡ ᠵᠦᠭᠰᠢᠷᠡᠭᠦᠯᠬᠦ ᠦᠭᠡ ᠶᠢ ᠬᠠᠮᠲᠤ ᠪᠠᠷ ᠬᠡᠯᠡᠵᠦ ᠪᠤᠯᠪᠠᠰᠤᠷᠠᠬᠤ᠂ ᠭᠠᠭᠴᠠᠭᠠᠷ ᠬᠡᠯᠡᠵᠦ | ᠪᠤᠯᠪᠠᠰᠤᠷᠠᠬᠤ᠂ ᠬᠡᠳᠦᠭᠦᠯᠡ ᠬᠡᠯᠡᠵᠦ ᠪᠤᠯᠪᠠᠰᠤᠷᠠᠬᠤ᠂ ᠰᠤᠨᠤᠰᠤᠭᠰᠠᠨ ᠬᠡᠦᠬᠡᠳ ᠪᠤᠰᠤᠳ ᠤᠨ ᠠᠨᠳᠠᠭᠤ ᠲᠠᠰᠢᠶ᠎ᠠ ᠶᠢ | ᠵᠠᠯᠠᠷᠠᠭᠤᠯᠵᠤ ᠦᠭᠬᠦ ᠁ ᠵᠡᠷᠭᠡ ᠨᠢ ᠴᠦᠮ ᠬᠡᠦᠬᠡᠳ ᠤᠨ ᠬᠡᠯᠡᠨ ᠤ ᠬᠦᠭᠵᠢᠯᠲᠡ ᠶᠢ ᠢᠳᠡᠭ ᠢᠳᠡᠭ ᠢᠶᠠᠷ | ᠠᠬᠢᠭᠤᠯᠬᠤ ᠨᠠᠷᠢᠯᠢᠬ ᠭᠤᠭᠴᠤᠭ᠎ᠠ ᠪᠤᠯᠬᠤ ᠶᠤᠮ᠃ ᠪᠠᠭᠰᠢ ᠠᠴᠠ ᠬᠡᠦᠬᠡᠳ ᠪᠤᠯᠭᠠᠨ ᠤ ᠠᠵᠢᠯᠯᠠᠭᠠᠨ ᠢ ᠨᠠᠷᠢᠯᠢᠬ | ᠠᠵᠢᠭᠯᠠᠵᠤ᠂ ᠳᠠᠪᠰᠢᠯᠲᠠ ᠳᠡᠭᠡᠭᠰᠢᠯᠡᠯᠲᠡ᠂ ᠤᠪᠤᠷ ᠲᠤ ᠨᠢ ᠦᠨᠡᠯᠡᠯᠲᠡ ᠵᠤᠷᠢᠬᠵᠢᠭᠤᠯᠤᠯ ᠳᠠᠭᠠᠯᠳᠤᠭᠤᠯᠬᠤ | ᠴᠢᠬᠤᠯᠠ ᠲᠠᠢ᠃ ᠡᠭᠦᠨ ᠤ ᠳᠤᠲᠤᠷ᠎ᠠ ᠮᠥᠨ ᠴᠦ ᠪᠠᠭᠰᠢ ᠪᠤᠯᠤᠨ ᠭᠡᠷ ᠤᠨ ᠠᠬᠠᠮᠠᠳ ᠤᠨ ᠲᠠᠭᠠᠭᠤᠯᠤᠨ ᠬᠡᠯᠡᠬᠦ᠂ | ᠵᠢᠭᠠᠵᠤ ᠦᠭᠬᠦ ᠵᠠᠯᠠᠷᠠᠭᠤᠯᠤᠨ ᠦᠭᠬᠦ ᠁ ᠵᠡᠷᠭᠡ ᠠᠵᠢᠯᠯᠠᠭᠠᠨ ᠠᠭᠤᠰᠤᠯᠳᠤᠨ ᠨᠡᠪᠴᠢᠵᠤ᠂ ᠤᠳᠠᠭᠠᠨ | ᠳᠠᠭᠠᠭᠠᠮᠠᠭᠠᠢ ᠲᠡᠰᠪᠦᠷᠢ ᠲᠡᠪᠴᠢᠶᠡᠷᠢ ᠲᠠᠢ ᠤᠪᠤᠷ ᠠᠵᠢᠯᠯᠠᠭᠠᠨ ᠤ ᠪᠦᠬᠦ ᠶᠠᠪᠤᠴᠠ ᠳᠤ ᠳᠠᠭᠠᠯᠳᠤᠨ ᠶᠠᠪᠤᠭᠳᠠᠨ᠎ᠠ᠃ | ᠭᠤᠷᠪᠠ᠂ ᠬᠡᠦᠬᠡᠳ ᠤᠨ ᠰᠢᠯᠦᠭ ᠤᠩᠰᠢᠬᠤ ᠪᠠ ᠰᠢᠯᠦᠭ ᠤᠩᠰᠢᠯᠭ᠎ᠠ ᠶᠢ ᠰᠤᠨᠤᠰᠬᠤ ᠬᠦᠳᠡᠯᠪᠦᠷᠢ ᠪᠠᠷ | ᠬᠡᠦᠬᠡᠳ ᠤᠳ ᠤᠨ ᠰᠤᠨᠤᠰᠬᠤ ᠪᠠ ᠶᠠᠷᠢᠬᠤ ᠴᠢᠳᠠᠪᠤᠷᠢ ᠶᠢ ᠳᠡᠭᠡᠭᠰᠢᠯᠡᠭᠦᠯᠵᠦ ᠪᠤᠯᠤᠨ᠎ᠠ᠃ ᠰᠢᠯᠦᠭ ᠤᠩᠰᠢᠬᠤ ᠪᠠ | ᠰᠢᠯᠥᠭ ᠤᠩᠰᠢᠯᠭ᠎ᠠ ᠶᠢ ᠰᠤᠨᠤᠰᠬᠤ ᠪᠤᠯ ᠬᠡᠦᠬᠡᠳ ᠤᠨ ᠰᠤᠨᠤᠰᠬᠤ ᠪᠠ ᠶᠠᠷᠢᠬᠤ ᠴᠢᠳᠠᠪᠤᠷᠢ ᠶᠢ ᠳᠡᠭᠡᠭᠰᠢᠯᠡᠭᠦᠯᠬᠦ ᠳᠤ | ᠠᠰᠢᠭᠲᠠᠢ ᠪᠠᠰᠠ ᠨᠢᠭᠡᠨ ᠠᠷᠭ᠎ᠠ ᠪᠠᠷᠢᠯ ᠪᠤᠯᠬᠤ ᠨᠢ ᠳᠠᠮᠵᠢᠭ ᠦᠭᠡᠢ᠃ ᠬᠡᠦᠬᠡᠳ ᠤᠨ ᠰᠢᠯᠦᠭ ᠨᠢ ᠬᠡᠦᠬᠡᠳ ᠤᠨ | ᠤᠨᠴᠠᠯᠢᠭ ᠲᠤ ᠲᠤᠬᠢᠷᠠᠭᠰᠠᠨ ᠪᠤᠯᠬᠤᠷ ᠲᠡᠳᠡᠨᠣᠰ ᠤᠨ ᠤᠩᠰᠢᠬᠤ ᠪᠠ ᠰᠤᠨᠤᠰᠬᠤ ᠳᠤ ᠠᠶᠠᠲᠠᠢ ᠪᠠᠶᠢᠵᠤ᠂ | ᠤᠷᠮ᠎ᠠ ᠶᠢ ᠨᠢ ᠳᠠᠲᠠᠵᠤ ᠴᠢᠳᠠᠳᠠᠭ᠃ ᠪᠢ ᠠᠩᠬᠢ ᠶᠢᠨ ᠢᠶᠠᠨ ᠬᠡᠦᠬᠡᠳ ᠢ ᠵᠢᠯᠤᠭᠤᠳᠤᠨ ᠲᠡᠳᠡᠨᠤᠰ ᠲᠤ ᠦᠷᠭᠦᠯᠵᠢ | ᠰᠢᠯᠦᠭ ᠴᠡᠭᠡᠵᠢᠯᠡᠭᠦᠯᠦᠨ᠂ ᠤᠩᠰᠢᠯᠭ᠎ᠠ ᠬᠢᠯᠭᠡᠳᠡᠭ᠃ ᠡᠨᠡ ᠨᠢ ᠬᠡᠦᠬᠡᠳ ᠤᠨ ᠰᠤᠨᠤᠰᠬᠤ ᠪᠠ ᠶᠠᠷᠢᠬᠤ ᠲᠠᠯ᠎ᠠ ᠶᠢᠨ | ᠬᠡᠯᠡᠨ ᠤ ᠬᠦᠭᠵᠢᠯᠲᠡ ᠳᠤ ᠠᠬᠢᠭᠤᠯᠬᠤ ᠦᠢᠯᠡᠳᠦᠯ ᠦᠵᠡᠭᠦᠯᠵᠦ ᠴᠢᠳᠠᠭᠰᠠᠨ ᠪᠠᠶᠢᠨ᠎ᠠ᠃ ᠳᠠᠷᠣᠢ ᠬᠡᠦᠬᠡᠳ | ᠴᠡᠭᠡᠵᠢᠯᠡᠭᠰᠡᠨ ᠰᠢᠯᠥᠭ ᠢᠶᠠᠨ ᠤᠩᠰᠢᠵᠤ᠂ ᠪᠤᠰᠤᠳ ᠨᠢ ᠰᠤᠨᠤᠰᠬᠤ ᠦᠶ᠎ᠡ ᠳᠤ᠂ ᠢᠷᠠᠭᠤ ᠰᠤᠨᠤᠰᠬᠤᠯᠠᠩ ᠲᠠᠢ᠂ | ᠠᠶᠢᠵᠠᠮ ᠲᠠᠢ ᠮᠦᠷᠲᠡᠭᠡᠨ ᠰᠡᠳᠭᠢᠯᠭᠡ ᠠᠭᠤᠯᠤᠭᠰᠠᠨ ᠤᠷᠠᠨ ᠲᠤᠳᠤ ᠤᠩᠰᠢᠯᠭ᠎ᠠ ᠳᠤ ᠰᠤᠨᠤᠰᠴᠤ ᠪᠠᠶᠢᠭ᠎ᠠ ᠬᠡᠦᠬᠡᠳ | ᠴᠦ ᠳᠠᠲᠠᠭᠳᠠᠵᠤ᠂ ᠳᠤᠷᠠᠲᠠᠢ ᠰᠤᠨᠤᠰᠴᠤ ᠪᠠᠶᠢᠳᠠᠭ᠃ ᠤᠩᠰᠢᠯᠭ᠎ᠠ ᠬᠢᠭᠰᠡᠨ ᠬᠡᠦᠬᠡᠳ ᠨᠢ ᠤᠷᠠᠨ ᠤᠩᠰᠢᠯᠭ᠎ᠠ ᠶᠢᠨ | ᠦᠢᠯᠡᠳᠦᠯᠭᠡ ᠳᠤ ᠪᠡᠶ᠎ᠡ ᠪᠠᠷ ᠢᠶᠠᠨ ᠤᠷᠤᠯᠴᠠᠬᠤ ᠪᠠᠷ ᠥᠯᠥ ᠪᠠᠷᠠᠨ ᠰᠡᠯᠡᠭᠦᠨ ᠲᠠᠭᠠᠲᠠᠢ ᠰᠡᠳᠭᠢᠯᠭᠡ ᠶᠢᠨ | ᠤᠷᠴᠢᠨ ᠳᠤ ᠠᠭᠤᠰᠴᠤ ᠨᠠᠮ ᠲᠤᠭᠲᠠᠭᠤᠨ ᠲᠠᠪᠠᠲᠠᠢ ᠪᠠᠶᠢᠳᠠᠭ᠃ ᠡᠭᠦᠨ ᠳᠤ ᠪᠠᠭᠰᠢ ᠶᠢᠨ ᠵᠢᠭᠠᠨ ᠳᠠᠭᠠᠭᠤᠯᠭ᠎ᠠ᠂ | ᠵᠠᠰᠠᠨ ᠵᠠᠯᠠᠷᠠᠭᠤᠯᠭ᠎ᠠ᠂ ᠳᠦᠷᠢᠮ ᠳᠠᠭᠤᠷᠢᠶᠠᠯ᠂ ᠨᠡᠩ ᠢᠯᠡᠭᠦᠦ ᠲᠡᠰᠪᠦᠷᠢ ᠲᠡᠪᠴᠢᠶᠡᠷᠢ ᠳᠤᠲᠠᠭᠳᠠᠵᠤ ᠪᠤᠯᠬᠤ | ᠦᠭᠡᠢ᠃ ᠭᠡᠷ ᠤᠨ ᠠᠬᠠᠮᠠᠳ ᠤᠨ ᠢᠳᠡᠪᠬᠢᠲᠡᠢ ᠬᠠᠪᠰᠤᠷᠤᠯᠭ᠎ᠠ ᠰᠠᠨᠠᠭᠤᠯᠭ᠎ᠠ ᠵᠦᠪᠯᠡᠯᠭᠡ ᠵᠡᠷᠭᠡ ᠬᠠᠮᠵᠢᠯᠴᠠᠭ᠎ᠠ | ᠬᠠᠪᠰᠤᠷᠤᠯᠭ᠎ᠠ ᠴᠦ ᠳᠤᠲᠠᠭᠳᠠᠵᠤ ᠪᠤᠯᠬᠤ ᠦᠭᠡᠢ᠃ | ᠳᠦᠷᠪᠡ᠂ ᠶᠠᠷᠢᠶ᠎ᠠ ᠬᠠᠷᠢᠯᠴᠠᠭ᠎ᠠ ᠬᠢᠯᠭᠡᠬᠦ ᠬᠦᠳᠡᠯᠪᠦᠷᠢ ᠪᠠᠷ ᠬᠡᠦᠬᠡᠳ ᠤᠨ ᠰᠤᠨᠤᠰᠬᠤ ᠪᠠ ᠶᠠᠷᠢᠬᠤ | ᠴᠢᠳᠠᠪᠤᠷᠢ ᠶᠢ ᠳᠡᠭᠡᠭᠰᠢᠯᠡᠭᠦᠯᠵᠦ ᠪᠤᠯᠤᠨ᠎ᠠ᠃ ᠶᠠᠷᠢᠶ᠎ᠠ ᠬᠠᠷᠢᠯᠴᠠᠭ᠎ᠠ ᠨᠢ ᠬᠦᠮᠦᠰ ᠤᠨ ᠠᠮᠢᠳᠤᠷᠠᠯ ᠳᠤᠮᠳᠠᠬᠢ ᠲᠤᠩ | ᠴᠢᠬᠤᠯᠠ ᠨᠢᠭᠡᠨ ᠵᠦᠢᠯ ᠤᠨ ᠬᠠᠷᠢᠯᠴᠠᠨ ᠤᠶᠢᠯᠠᠭᠠᠯᠴᠠᠬᠤ ᠪᠠ ᠰᠤᠯᠢᠯᠴᠠᠬᠤ ᠠᠷᠭ᠎ᠠ ᠬᠡᠯᠪᠡᠷᠢ ᠮᠥᠨ᠃ ᠶᠠᠷᠢᠶ᠎ᠠ | ᠬᠠᠷᠢᠯᠴᠠᠭ᠎ᠠ ᠨᠢ ᠬᠡᠦᠬᠡᠳ ᠤᠨ ᠰᠤᠨᠤᠰᠬᠤ ᠬᠢᠭᠡᠳ ᠶᠠᠷᠢᠬᠤ ᠴᠢᠳᠠᠪᠤᠷᠢ ᠶᠢᠨ ᠪᠤᠯᠪᠠᠰᠤᠷᠠᠨ ᠭᠦᠨᠵᠡᠭᠡᠶᠢᠷᠡᠬᠦ ᠨᠢᠭᠡ | ᠵᠦᠢᠯ ᠤᠨ ᠠᠷᠭ᠎ᠠ ᠵᠠᠮ ᠪᠤᠯᠬᠤ ᠨᠢ ᠶᠠᠷᠢᠶᠠᠨ ᠦᠭᠡᠢ᠃ ᠬᠡᠦᠬᠡᠳ ᠬᠤᠷᠠᠮᠳᠤᠭᠤᠯᠤᠭᠰᠠᠨ ᠰᠤᠷᠠᠭ ᠵᠠᠩᠬᠢ ᠪᠠᠨ ᠶᠠᠷᠢᠶ᠎ᠠ | ᠬᠠᠷᠢᠯᠴᠠᠭ᠎ᠠ ᠪᠠᠷ ᠳᠠᠮᠵᠢᠨ ᠢᠯᠡᠳᠭᠡᠵᠦ᠂ ᠬᠦᠮᠦᠰ ᠲᠤ ᠮᠡᠳᠡᠭᠳᠡᠵᠦ ᠤᠶᠢᠯᠠᠭᠠᠭᠤᠯᠬᠤ ᠴᠢᠬᠤᠯᠠ ᠲᠠᠢ᠃ ᠪᠢ | ᠠᠩᠬᠢ ᠶᠢᠨ ᠬᠡᠦᠬᠡᠳ ᠤᠳ ᠲᠤ ᠪᠡᠶ᠎ᠡ ᠪᠠᠨ ᠲᠠᠨᠢᠯᠴᠠᠭᠤᠯᠬᠤ᠂ ᠵᠢᠵᠢᠭ ᠤᠴᠢᠷ ᠶᠠᠪᠤᠳᠠᠯ ᠤᠨ ᠶᠠᠪᠤᠴᠠ ᠶᠢ ᠶᠠᠷᠢᠬᠤ᠂ | ᠭᠡᠷ ᠤᠨ ᠠᠬᠠᠮᠠᠳ ᠢᠶᠠᠨ ᠲᠠᠨᠢᠯᠴᠠᠭᠤᠯᠬᠤ᠂ ᠠᠨᠳᠠ ᠨᠠᠶᠢᠵᠠ ᠪᠠᠨ ᠲᠠᠨᠢᠯᠴᠠᠭᠤᠯᠬᠤ ᠁ ᠵᠡᠷᠭᠡ ᠳᠦᠭᠦᠮᠬᠡᠨ | ᠶᠠᠷᠢᠶ᠎ᠠ ᠬᠠᠷᠢᠯᠴᠠᠭ᠎ᠠ ᠬᠢᠬᠦ ᠶᠢ ᠵᠢᠯᠤᠭᠤᠳᠤᠨ ᠪᠤᠯᠪᠠᠰᠤᠷᠠᠭᠤᠯᠵᠤ᠂ ᠨᠢᠭᠡ ᠬᠡᠦᠬᠡᠳ ᠶᠠᠷᠢᠵᠤ᠂ ᠪᠤᠰᠤᠳ ᠬᠡᠦᠬᠡᠳ ᠨᠢ | ᠰᠤᠨᠤᠰᠬᠤ ᠬᠡᠯᠡᠨ ᠤ ᠪᠠ ᠰᠤᠨᠤᠷ ᠤᠨ ᠬᠦᠳᠡᠯᠪᠦᠷᠢᠶᠢ ᠬᠢᠯᠭᠡᠳᠡᠭ ᠮᠦᠷᠲᠡᠭᠡᠨ ᠴᠠᠭ ᠳᠠᠷᠤᠢ ᠳᠤ ᠨᠢ ᠵᠠᠰᠠᠨ | ᠵᠠᠯᠠᠷᠠᠭᠤᠯᠵᠤ ᠦᠭᠳᠡᠭ᠃ ᠶᠠᠷᠢᠭᠰᠠᠨ ᠰᠤᠨᠤᠰᠤᠭᠰᠠᠨ ᠬᠡᠦᠬᠡᠳ ᠤᠳ ᠢ ᠴᠥᠮ ᠵᠤᠷᠢᠬᠵᠢᠭᠤᠯᠤᠨ ᠦᠨᠡᠯᠡᠳᠡᠭ ᠠᠴᠠ | ᠬᠡᠦᠬᠡᠳ ᠤᠳ ᠤᠨ ᠶᠠᠷᠢᠶ᠎ᠠ ᠬᠠᠷᠢᠯᠴᠠᠭᠠᠨ ᠳᠤ ᠤᠷᠤᠯᠴᠠᠬᠤ ᠢᠳᠡᠪᠬᠢᠵᠢᠯ ᠳᠠᠶᠢᠴᠢᠯᠠᠭᠳᠠᠨ᠂ ᠡᠨᠡ ᠲᠠᠯ᠎ᠠ ᠶᠢᠨ | ᠠᠵᠢᠯᠯᠠᠭᠠᠨ ᠳᠤ ᠢᠳᠡᠭ ᠠᠯᠬᠤᠮ ᠢᠶᠠᠷ ᠳᠤᠷ᠎ᠠ ᠪᠠᠬ᠎ᠠ ᠲᠠᠢ ᠪᠤᠯᠵᠤ᠂ ᠶᠠᠪᠤᠴᠠ ᠶᠢᠨ ᠳᠤᠮᠳᠠ ᠶᠠᠷᠢᠵᠤ ᠬᠠᠷᠢᠯᠴᠠᠬᠤ | ᠲᠠᠯ᠎ᠠ ᠪᠠᠷ ᠮᠡᠳᠡᠭᠳᠡᠮ᠎ᠡ ᠳᠡᠭᠡᠭᠰᠢᠯᠡᠯᠲᠡ ᠲᠠᠢ ᠪᠤᠯᠵᠤ᠂ ᠶᠠᠷᠢᠶ᠎ᠠ ᠬᠠᠷᠢᠯᠴᠠᠭᠠᠨ ᠤ ᠦᠨᠳᠦᠰᠦᠨ ᠤᠬᠠᠮᠰᠠᠷ ᠪᠠ | ᠴᠢᠳᠠᠪᠤᠷᠢ ᠠᠩᠬ᠎ᠠ ᠠᠯᠬᠤᠮ ᠪᠤᠢ ᠪᠤᠯᠤᠭᠰᠠᠨ ᠪᠠᠶᠢᠨ᠎ᠠ᠃ ᠡᠭᠦᠨ ᠤ ᠶᠠᠪᠤᠴᠠ ᠳᠤ ᠮᠥᠨ ᠬᠦ ᠭᠡᠷ ᠤᠨ ᠠᠬᠠᠮᠠᠳ | ᠬᠢᠭᠡᠳ ᠪᠠᠭᠰᠢ ᠶᠢᠨ ᠵᠢᠯᠤᠭᠤᠳᠤᠯᠭ᠎ᠠ ᠭᠤᠭᠴᠤᠭ᠎ᠠ ᠪᠤᠯᠭᠠᠨ ᠳᠤ ᠨᠢ ᠳᠠᠭᠠᠯᠳᠤᠨ ᠶᠠᠪᠤᠭᠳᠠᠵᠤ᠂ ᠲᠡᠰᠪᠦᠷᠢ | ᠲᠡᠪᠴᠢᠶᠡᠷᠢ ᠴᠦ ᠪᠦᠬᠦ᠋ᠢᠯᠡ ᠶᠠᠪᠤᠴᠠ ᠳᠤ ᠨᠢ ᠠᠭᠤᠰᠤᠯᠳᠤᠨ ᠰᠢᠮᠡᠳᠦᠭᠰᠡᠨ ᠪᠠᠶᠢᠨ᠎ᠠ᠃ | ᠲᠠᠪᠤ᠂ ᠵᠢᠷᠤᠭ ᠦᠵᠡᠵᠦ ᠶᠠᠷᠢᠬᠤ ᠬᠦᠳᠡᠯᠪᠦᠷᠢ ᠪᠠᠷ ᠬᠡᠦᠬᠡᠳ ᠤᠨ ᠰᠤᠨᠤᠰᠬᠤ ᠪᠠ ᠶᠠᠷᠢᠬᠤ ᠴᠢᠳᠠᠪᠤᠷᠢ ᠶᠢ | ᠳᠡᠭᠡᠭᠰᠢᠯᠡᠭᠦᠯᠵᠦ ᠪᠤᠯᠤᠨ᠎ᠠ᠃ ᠬᠡᠦᠬᠡᠳ ᠪᠤᠯᠭᠠᠨ ᠵᠢᠷᠤᠭ ᠰᠤᠨᠢᠷᠬᠠᠬᠤ ᠳᠤᠷ᠎ᠠ ᠲᠠᠢ᠃ ᠡᠨᠡ ᠨᠢ ᠬᠡᠦᠬᠡᠳ ᠪᠦᠬᠦᠨ ᠳᠤ | ᠪᠠᠶᠢᠳᠠᠭ ᠨᠡᠶᠢᠳᠡᠮ ᠤᠨ ᠤᠨᠴᠠᠯᠢᠭ ᠪᠤᠯᠤᠨ᠎ᠠ᠃ ᠵᠢᠷᠤᠭ ᠨᠢ ᠬᠠᠷᠢᠴᠠᠩᠭᠤᠢ ᠪᠠᠷ ᠪᠤᠳᠠᠲᠤ ᠦᠵᠡᠭᠳᠡᠯᠲᠦ ᠴᠢᠨᠠᠷ ᠲᠠᠢ | ᠲᠤᠯᠠ ᠬᠡᠦᠬᠡᠳ ᠤᠨ ᠦᠵᠡᠵᠦ ᠤᠶᠢᠯᠠᠭᠠᠬᠤ ᠳᠤ ᠳᠦᠭᠦᠮ ᠪᠠᠶᠢᠳᠠᠭ᠃ ᠡᠭᠦᠨ ᠳᠤ ᠬᠡᠦᠬᠡᠳ ᠢᠶᠠᠷ ᠳᠦᠭᠦᠮ | ᠲᠤᠳᠤᠷᠬᠠᠢ ᠲᠡᠳᠡᠨ ᠳᠤ ᠲᠤᠬᠢᠷᠠᠭᠰᠠᠨ ᠵᠢᠷᠤᠭ ᠢ ᠦᠵᠡᠭᠦᠯᠵᠦ ᠵᠢᠯᠤᠭᠤᠳᠪᠠᠯ᠂ ᠬᠡᠦᠬᠡᠳ ᠵᠢᠷᠤᠭ ᠦᠵᠡᠵᠦ | ᠤᠶᠢᠯᠠᠭᠠᠵᠤ ᠴᠢᠳᠠᠬᠤ ᠮᠦᠷᠲᠡᠭᠡᠨ ᠦᠵᠡᠵᠦ ᠤᠶᠢᠯᠠᠭᠠᠭᠰᠠᠨ ᠢᠶᠠᠨ ᠪᠤᠰᠤᠳ ᠲᠤ ᠬᠡᠯᠡᠵᠦ ᠦᠭᠬᠦ ᠳᠤᠷᠠᠲᠠᠢ ᠨᠢ | ᠠᠷᠭ᠎ᠠ ᠦᠭᠡᠢ᠃ ᠪᠢ ᠬᠡᠦᠬᠡᠳ ᠤᠨ ᠡᠶᠢᠮᠦ ᠤᠨᠴᠠᠯᠢᠭ ᠢ ᠠᠰᠢᠭᠯᠠᠨ᠂ ᠵᠢᠷᠤᠭ ᠦᠵᠡᠵᠦ ᠶᠠᠷᠢᠬᠤ ᠬᠦᠳᠡᠯᠪᠦᠷᠢ ᠶᠢ | ᠵᠢᠯᠤᠭᠤᠳᠤᠨ ᠬᠢᠯᠭᠡᠵᠦ᠂ ᠲᠡᠳᠡᠨ ᠤ ᠰᠣᠨᠣᠰᠬᠤ ᠪᠠ ᠶᠠᠷᠢᠬᠤ ᠴᠢᠳᠠᠪᠤᠷᠢ ᠶᠢᠨ ᠳᠡᠭᠡᠭᠰᠢᠯᠡᠯᠲᠡ ᠶᠢ ᠠᠬᠢᠭᠤᠯᠵᠠᠢ᠃ | ᠵᠢᠱᠢᠶᠡᠯᠡᠪᠡᠯ᠄ ᠬᠡᠦᠬᠡᠳ ᠤᠳ ᠲᠤ ᠳᠦᠭᠦᠮᠬᠡᠨ ᠵᠢᠷᠤᠭ ᠠᠵᠢᠭᠯᠠᠭᠤᠯᠵᠤ᠂ ᠵᠢᠷᠤᠭ ᠤᠨ ᠠᠭᠤᠯᠭ᠎ᠠ ᠶᠢ | ᠶᠠᠷᠢᠭᠤᠯᠬᠤ ᠳᠤ ᠪᠠᠨ ᠡᠵᠡᠨ ᠪᠡᠶ᠎ᠡ ᠲᠠᠢ᠂ ᠭᠦᠢᠴᠡᠳ᠂ ᠲᠤᠳᠤᠷᠬᠠᠢ᠂ ᠳᠦᠭᠦᠮᠬᠡᠨ ᠢᠶᠠᠷ ᠶᠠᠷᠢᠵᠤ ᠢᠯᠡᠳᠭᠡᠬᠦ ᠶᠢ | ᠵᠢᠯᠤᠭᠤᠳᠤᠨ᠂ ᠬᠡᠦᠬᠡᠳ ᠢᠶᠠᠷ ᠶᠠᠷᠢᠭᠤᠯᠤᠨ ᠪᠤᠯᠪᠠᠰᠤᠷᠠᠭᠤᠯᠵᠤ᠂ ᠰᠡᠭᠦᠯᠡᠷ ᠨᠢ ᠨᠢᠭᠡ ᠬᠡᠦᠬᠡᠳ ᠵᠢᠷᠤᠭ ᠦᠵᠡᠵᠦ | ᠠᠭᠤᠯᠭ᠎ᠠ ᠶᠢ ᠨᠢ ᠶᠠᠷᠢᠵᠤ ᠪᠤᠰᠤᠳ ᠬᠡᠦᠬᠡᠳ ᠰᠤᠨᠤᠰᠬᠤ ᠠᠵᠢᠯᠯᠠᠭ᠎ᠠ ᠶᠢ ᠶᠠᠪᠤᠭᠳᠠᠭᠤᠯᠪᠠ᠃ ᠮᠥᠨ ᠴᠦ ᠭᠡᠷ ᠤᠨ | ᠠᠬᠠᠮᠠᠳ ᠲᠠᠢ ᠬᠠᠮᠵᠢᠯᠴᠠᠨ ᠬᠡᠦᠬᠡᠳ ᠤᠳ ᠢ ᠭᠡᠷ ᠲᠤ ᠨᠢ ᠪᠠᠰᠠ ᠡᠶᠢᠮᠦ ᠪᠤᠯᠪᠠᠰᠤᠷᠠᠯ ᠢ ᠬᠢᠯᠭᠡᠬᠦ ᠪᠤᠶᠤ ᠬᠡᠦᠬᠡᠳᠤᠨ | ᠪᠠᠶᠢᠳᠠᠯ ᠢ ᠦᠨᠳᠦᠰᠦᠯᠡᠨ ᠨᠦᠬᠦᠪᠦᠷᠢᠯᠡᠬᠦ ᠪᠤᠯᠪᠠᠰᠤᠷᠠᠯ ᠢ ᠬᠢᠯᠭᠡᠪᠡ᠃ ᠲᠡᠭᠡᠭᠰᠡᠨ ᠠᠴᠠ ᠬᠡᠦᠬᠡᠳ ᠤᠳ ᠵᠢᠷᠤᠭ | ᠦᠵᠡᠵᠦ ᠤᠶᠢᠯᠠᠭᠠᠬᠤ᠂ ᠤᠶᠢᠯᠠᠭᠠᠭᠰᠠᠨ ᠢᠶᠠᠨ ᠶᠠᠷᠢᠬᠤ ᠲᠠᠯ᠎ᠠ ᠪᠠᠷ ᠮᠡᠳᠡᠭᠳᠡᠮ᠎ᠡ ᠳᠡᠭᠡᠭᠰᠢᠯᠡᠯᠲᠡ ᠲᠠᠢ ᠪᠤᠯᠤᠭᠰᠠᠨ | ᠪᠠᠶᠢᠨ᠎ᠠ᠃ ᠬᠡᠦᠬᠡᠳ ᠤᠨ ᠭᠡᠷ ᠤᠨ ᠠᠬᠠᠮᠠᠳ ᠤᠳ ᠴᠦ ᠡᠨᠡ ᠬᠦ ᠠᠵᠢᠯᠯᠠᠭ᠎ᠠ ᠶᠢ ᠦᠷ᠎ᠡ ᠠᠰᠢᠭ ᠲᠠᠢ ᠭᠡᠵᠦ | ᠮᠡᠳᠡᠷᠡᠭᠡᠳ᠂ ᠳᠤᠷᠠᠲᠠᠢ ᠳᠡᠮᠵᠢᠬᠦ ᠪᠤᠯᠤᠭᠰᠠᠨ ᠪᠠᠶᠢᠨ᠎ᠠ᠃ | ᠬᠡᠦᠬᠡᠳ ᠤᠨ ᠴᠡᠴᠡᠷᠯᠢᠭ ᠤᠨ ᠪᠠᠭᠰᠢ ᠨᠠᠷ ᠬᠡᠦᠬᠡᠳ ᠤᠨ ᠨᠡᠶᠢᠳᠡᠮ ᠤᠨ ᠤᠨᠴᠠᠯᠢᠭ ᠪᠠ ᠨᠡᠶᠢᠳᠡᠮ ᠤᠨ ᠳᠤᠷ᠎ᠠ | ᠪᠠᠬ᠎ᠠ ᠶᠢ ᠦᠨᠳᠦᠰᠦᠯᠡᠨ᠂ ᠦᠯᠢᠭᠡᠷ ᠶᠠᠷᠢᠵᠤ᠂ ᠦᠯᠢᠭᠡᠷ ᠰᠤᠨᠤᠰᠬᠤ᠂ ᠤᠨᠢᠰᠤᠭ᠎ᠠ ᠲᠠᠭᠠᠬᠤ᠂ ᠵᠦᠢᠷ ᠰᠡᠴᠡᠨ | ᠦᠭᠡ ᠴᠡᠭᠡᠵᠢᠯᠡᠬᠦ ᠪᠠ ᠶᠠᠷᠢᠬᠤ᠂ ᠬᠡᠯᠡ ᠪᠤᠯᠪᠠᠰᠤᠷᠠᠭᠤᠯᠬᠤ ᠦᠭᠡ ᠬᠡᠯᠡᠵᠦ ᠪᠤᠯᠪᠠᠰᠤᠷᠠᠬᠤ᠂ ᠬᠡᠦᠬᠡᠳ ᠤᠨ ᠰᠢᠯᠦᠭ | ᠤᠩᠰᠢᠬᠤ᠂ ᠰᠢᠯᠦᠭ ᠤᠩᠰᠢᠯᠭ᠎ᠠ ᠶᠢ ᠰᠣᠨᠣᠰᠬᠤ᠂ ᠶᠡᠷᠦ ᠶᠢᠨ ᠶᠠᠷᠢᠶ᠎ᠠ ᠬᠠᠷᠢᠯᠴᠠᠭ᠎ᠠ ᠬᠢᠬᠦ᠂ ᠵᠢᠷᠤᠭ ᠦᠵᠡᠵᠦ | ᠶᠠᠷᠢᠬᠤ ᠁ ᠵᠡᠷᠭᠡ ᠬᠡᠦᠬᠡᠳ ᠤᠨ ᠰᠤᠨᠤᠰᠬᠤ ᠪᠠ ᠶᠠᠷᠢᠬᠤ ᠴᠢᠳᠠᠪᠤᠷᠢ ᠶᠢ ᠬᠦᠮᠦᠵᠢᠭᠦᠯᠬᠦ ᠳᠤ ᠠᠰᠢᠭ ᠲᠠᠢ | ᠬᠦᠳᠡᠯᠪᠦᠷᠢ ᠨᠦᠭᠦᠳ ᠢ ᠠᠰᠢᠭᠯᠠᠨ᠂ ᠬᠡᠦᠬᠡᠳ ᠤᠳ ᠲᠤ ᠶᠠᠷᠢᠬᠤ ᠰᠤᠨᠤᠰᠬᠤ ᠲᠠᠪᠴᠠᠩ ᠪᠠᠶᠢᠭᠤᠯᠤᠨ ᠦᠭᠴᠦ᠂ | ᠶᠠᠷᠢᠬᠤ ᠰᠣᠨᠣᠰᠬᠤ ᠠᠵᠢᠯᠯᠠᠭᠠᠨ ᠢ ᠵᠢᠯᠤᠭᠤᠳᠤᠨ ᠶᠠᠪᠤᠭᠳᠠᠭᠤᠯᠵᠤ᠂ ᠭᠤᠭᠴᠤᠭ᠎ᠠ ᠪᠤᠯᠭᠠᠨ ᠢ ᠨᠠᠷᠢᠯᠢᠬ | ᠵᠢᠯᠤᠭᠤᠳᠬᠤ ᠪᠦᠭᠡᠳ ᠭᠡᠷ ᠤᠨ ᠠᠬᠠᠮᠠᠳ ᠲᠠᠢ ᠰᠠᠶᠢᠲᠤᠷ ᠬᠠᠮᠵᠢᠯᠴᠠᠨ᠂ ᠬᠠᠷᠢᠯᠴᠠᠨ ᠲᠤᠰᠠᠯᠠᠯᠴᠠᠵᠤ᠂ ᠬᠠᠷᠢᠯᠴᠠᠨ | ᠨᠦᠬᠦᠪᠦᠷᠢᠯᠡᠨ᠂ ᠬᠡᠦᠬᠡᠳ ᠢ ᠬᠠᠮᠲᠤ ᠪᠠᠷ ᠵᠢᠯᠤᠭᠤᠳᠤᠨ᠂ ᠬᠠᠮᠲᠤ ᠪᠠᠷ ᠵᠤᠷᠢᠬᠵᠢᠭᠤᠯᠤᠨ᠂ ᠤᠳᠠᠭᠠᠨ ᠳᠠᠭᠠᠭᠠᠮᠠᠭᠠᠢ | ᠲᠡᠰᠪᠦᠷᠢ ᠲᠡᠪᠴᠢᠶᠡᠷᠢ ᠲᠠᠢ ᠵᠠᠩ ᠲᠠᠢ ᠪᠠᠶᠢᠵᠤ᠂ ᠠᠵᠢᠯᠯᠠᠭᠠᠨ ᠢᠶᠠᠨ ᠦᠷᠭᠦᠯᠵᠢᠯᠡᠨ ᠪᠠᠷᠢᠮᠲᠠᠯᠠᠪᠠᠯ᠂ ᠬᠡᠦᠬᠡᠳ ᠤᠨ | ᠬᠡᠯᠡᠨ ᠤ ᠬᠦᠭᠵᠢᠯᠲᠡ ᠶᠢ ᠠᠬᠢᠭᠤᠯᠵᠤ᠂ ᠪᠠᠭ᠎ᠠ ᠰᠤᠷᠭᠠᠭᠤᠯᠢ ᠳᠤ ᠰᠤᠨᠤᠰᠬᠤ ᠪᠠ ᠶᠠᠷᠢᠬᠤ ᠲᠠᠯ᠎ᠠ ᠪᠠᠷ ᠵᠤᠬᠢᠬᠤ | ᠬᠡᠮᠵᠢᠶᠡᠨ ᠤ ᠴᠢᠳᠠᠪᠤᠷᠢ ᠪᠠ ᠳᠠᠳᠬᠠᠯ ᠪᠦᠷᠢᠯᠳᠦᠭᠰᠡᠨ᠂ ᠬᠡᠯᠡᠨ ᠤ ᠰᠠᠭᠤᠷᠢ ᠰᠠᠶᠢᠲᠠᠢ ᠬᠡᠦᠬᠡᠳ ᠤᠳ ᠢ ᠲᠡᠪᠰᠢᠭᠦᠯᠭᠦ | ᠪᠤᠯᠤᠨ᠎ᠠ᠃ ᠡᠨᠡ ᠨᠢ ᠴᠡᠴᠡᠷᠯᠢᠭ ᠤᠨ ᠪᠠᠭᠰᠢ ᠨᠠᠷ ᠬᠡᠦᠬᠡᠳ ᠤᠳ ᠲᠤ ᠬᠠᠷᠢᠭᠤᠴᠠᠵᠤ ᠪᠠᠶᠢᠭ᠎ᠠ ᠶᠠᠪᠤᠳᠠᠯ ᠮᠥᠨ᠃ | ᠮᠥᠨ ᠴᠦ ᠴᠡᠴᠡᠷᠯᠢᠭᠴᠢ ᠶᠢᠨ ᠠᠵᠢᠯ ᠡᠭᠦᠷᠭᠡ ᠳᠤ ᠪᠠᠨ ᠬᠠᠷᠢᠭᠤᠴᠠᠵᠤ ᠪᠠᠶᠢᠭ᠎ᠠ ᠶᠠᠪᠤᠳᠠᠯ ᠮᠥᠨ᠃ ᠰᠤᠨᠤᠰᠬᠤ ᠪᠠ | ᠶᠠᠷᠢᠬᠤ ᠲᠠᠯ᠎ᠠ ᠶᠢᠨ ᠳᠠᠳᠬᠠᠯ ᠪᠤᠯᠪᠠᠰᠤᠷᠠᠯ ᠨᠢ ᠬᠡᠦᠬᠡᠳ ᠤᠨ ᠪᠤᠰᠤᠳ ᠰᠠᠶᠢᠨ ᠰᠠᠶᠢᠬᠠᠨ ᠴᠢᠳᠠᠪᠤᠷᠢ ᠪᠠ ᠵᠠᠩ | ᠳᠠᠳᠬᠠᠯ ᠤᠨ ᠪᠦᠷᠢᠯᠳᠦᠬᠦ ᠳᠤ ᠰᠢᠭᠤᠳ ᠪᠤᠶᠤ ᠳᠠᠮ ᠢᠶᠠᠷ ᠦᠢᠯᠡᠴᠢᠯᠡᠭᠦ ᠨᠢ ᠭᠠᠷᠴᠠᠭ᠎ᠠ ᠦᠭᠡᠢ᠃ ᠡᠶᠢᠮᠦ ᠠᠴᠠ | ᠬᠡᠦᠬᠡᠳ ᠤᠨ ᠴᠡᠴᠡᠷᠯᠢᠭ ᠤᠨ ᠪᠠᠭᠰᠢ ᠨᠠᠷ ᠬᠡᠦᠬᠡᠳ ᠤᠳ ᠤᠨ ᠰᠤᠨᠤᠰᠬᠤ ᠬᠢᠭᠡᠳ ᠶᠠᠷᠢᠬᠤ ᠴᠢᠳᠠᠪᠤᠷᠢ ᠶᠢ | ᠬᠦᠮᠦᠵᠢᠭᠦᠯᠬᠦ ᠪᠠ ᠳᠡᠭᠡᠭᠰᠢᠯᠡᠭᠦᠯᠬᠦ ᠲᠠᠯ᠎ᠠ ᠪᠠᠷ ᠢᠯᠡᠭᠦᠬᠡᠨ ᠤᠷᠤᠯᠳᠤᠨ ᠰᠦᠪᠡᠭᠴᠢᠯᠡᠬᠦ ᠪᠦᠭᠡᠳ | ᠦᠢᠯᠡᠳᠦᠯᠭᠡᠵᠢᠭᠦᠯᠵᠦ᠂ ᠪᠦᠲᠦᠮᠵᠢᠲᠡᠢ ᠠᠷᠭ᠎ᠠ ᠵᠠᠮ ᠢ ᠡᠷᠢᠨ ᠤᠯᠵᠤ᠂ ᠬᠡᠦᠬᠡᠳ ᠤᠳ ᠲᠤ ᠡᠨᠡ ᠲᠠᠯ᠎ᠠ ᠶᠢᠨ | ᠴᠢᠳᠠᠪᠤᠷᠢ ᠶᠢ ᠡᠷᠬᠡᠪᠰᠢ ᠰᠤᠶᠤᠭᠠᠯᠠᠭᠤᠯᠵᠤ ᠦᠭᠬᠦ ᠴᠢᠬᠤᠯᠠ ᠲᠠᠢ ᠪᠦᠭᠡᠳ ᠳᠠᠭᠠᠤ ᠳᠤ ᠨᠢ ᠡᠨᠡ ᠴᠢᠳᠠᠪᠤᠷᠢ ᠶᠢᠨ | ᠦᠷᠭᠦᠯᠵᠢᠯᠡᠨ ᠦᠰᠦᠨ ᠪᠤᠵᠠᠭᠠᠶᠢᠷᠠᠬᠤ ᠶᠢᠨ ᠰᠠᠭᠤᠷᠢ ᠶᠢ ᠰᠠᠶᠢᠨ ᠲᠠᠯᠪᠢᠬᠤ ᠶᠢ ᠠᠩᠬᠠᠷᠤᠨ ᠪᠡᠶᠡᠯᠡᠭᠦᠯᠪᠡᠯ | ᠵᠤᠬᠢᠨ᠎ᠠ᠃ | ᠬᠠᠶ᠋ᠢᠬ᠄ ᠤᠩᠨᠢᠭᠤᠳ ᠬᠤᠰᠢᠭᠤᠨ ᠤ ᠪᠠᠶᠠᠨᠲᠠᠯ᠎ᠠ ᠰᠤᠮᠤ ᠶᠢᠨ ᠭᠤᠤᠯ ᠪᠠᠭ᠎ᠠ ᠰᠤᠷᠭᠠᠭᠤᠯᠢ | ︵ᠮᠦᠡᠭᠭᠦᠨᠴᠢᠮᠡᠭ ᠨᠠᠶᠢᠷᠠᠭᠤᠯᠪᠠ︶ | 2020 ᠣᠨ ᠤ 3 ᠳ᠋ᠤᠭᠠᠷ ᠬᠤᠭᠤᠴᠠᠭ᠎ᠠ | | |