— ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ | ᠬᠤᠷᠢᠶ᠎ᠠ ᠪᠠᠶᠢᠭᠤᠯᠤᠭᠳᠠᠭᠰᠠᠨ 60 ᠵᠢᠯ ᠤᠨ ᠤᠢ ᠳᠤ ᠵᠤᠷᠢᠭᠤᠯᠪᠠ | | ᠬᠠᠮᠤᠵᠠᠪ | | ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ ᠪᠠᠶᠢᠭᠤᠯᠤᠭᠳᠠᠭᠠᠳ ᠤᠳᠤ ᠨᠢᠭᠡᠨᠳᠠ | 60 ᠵᠢᠯ ᠤᠨ ᠨᠢᠭᠤᠷ ᠢ ᠦᠵᠡᠯ᠎ᠡ᠃ ᠪᠢ ᠲᠤᠰ ᠬᠤᠷᠢᠶᠠᠨ ᠳᠤ ᠶᠠᠬ ᠰᠠᠶ᠋ᠢᠬᠠᠨ 30 ᠵᠢᠯ ᠠᠵᠢᠯᠯᠠᠭᠰᠠᠨ ᠶᠤᠮ᠃ | 1962 ᠤᠨ ᠤ 7 ᠰᠠᠷ᠎ᠠ ᠠᠴᠠ 1992 ᠤᠨ ᠤ 4 ᠰᠠᠷ᠎ᠠ ᠭᠦᠷᠳᠡᠯ᠎ᠠ ᠲᠤᠰ ᠬᠤᠷᠢᠶᠠᠨ ᠤ ᠨᠠᠶᠢᠷᠠᠭᠤᠯᠤᠭᠴᠢ᠂ | ᠲᠠᠳ᠋ ᠬᠤᠷᠢᠶᠠᠨ ᠲᠠᠷᠤᠭ᠎ᠠ᠂ ᠬᠤᠷᠢᠶᠠᠨ ᠲᠠᠷᠤᠭ᠎ᠠ᠂ ᠶᠡᠷᠦᠩᠭᠡᠢ ᠨᠠᠶᠢᠷᠠᠭᠤᠯᠤᠭᠴᠢ᠂ ᠨᠠᠮ ᠤᠨ ᠶᠡᠷᠦᠩᠭᠡᠢ ᠡᠭᠦᠷ ᠤᠨ | ᠲᠠᠳ᠋ ᠱᠦᠵᠢ ᠶᠢᠨ ᠠᠵᠢᠯ ᠢ ᠬᠠᠷᠢᠭᠤᠴᠠᠵᠤ ᠶᠠᠪᠤᠵᠠᠢ᠃ ᠡᠭᠦᠨ ᠳᠤ ᠬᠢ 20 ᠵᠢᠯ ᠰᠢᠬᠠᠮ ᠨᠢ ᠬᠤᠷᠢᠶᠠᠨ ᠤ ᠲᠠᠷᠤᠭ᠎ᠠ | ᠪᠠᠶᠢᠯ᠎ᠠ᠃ | ᠲᠤᠰ ᠬᠤᠷᠢᠶ᠎ᠠ ᠪᠤᠯ ᠪᠠᠶᠢᠭᠠᠯᠢ ᠶᠢᠨ ᠭᠠᠮᠰᠢᠬ ᠭᠦᠮᠦᠨ ᠤ ᠠᠶᠤᠯ ᠠᠴᠠ ᠪᠤᠯᠤᠭᠰᠠᠨ ᠪᠤᠳᠠᠭᠠᠨ ᠳᠤ ᠪᠠᠨ | ᠴᠠᠳᠬᠤ ᠦᠭᠡᠢ ᠦᠯᠦᠰᠴᠤ ᠦᠯᠪᠠᠷᠴᠤ ᠪᠠᠶᠢᠭᠰᠠᠨ ᠭᠤᠷᠪᠠᠨ ᠵᠢᠯ ︵1960 ᠤᠨ᠂ 1961 ᠤᠨ᠂ 1962 ᠤᠨ︶ | ᠤᠨ ᠭᠦᠴᠢᠷ ᠪᠡᠷᠭᠡ ᠭᠠᠰᠢᠭᠤᠨ ᠵᠤᠪᠠᠯᠠᠩ ᠲᠠᠢ ᠪᠠᠶᠢᠭᠰᠠᠨ ᠭᠠᠴᠢᠬ ᠦᠶ᠎ᠠ ᠲᠠᠷᠤᠢ᠂ 1960 ᠤᠨ ᠤ 4 | ᠰᠠᠷ᠎ᠠ ᠶᠢᠨ 25 ᠤ ᠡᠳᠦᠷ ᠪᠠᠶᠢᠭᠤᠯᠤᠭᠳᠠᠭᠰᠠᠨ ᠪᠢᠯᠡ᠃ ᠡᠨᠡ ᠦᠶ᠎ᠠ ᠳᠤ ᠨᠢᠭᠡᠨ ᠰᠢᠨ᠎ᠠ ᠪᠠᠶᠢᠭᠤᠯᠭ᠎ᠠ ᠪᠠᠶᠢᠭᠤᠯᠤᠨ᠎ᠠ | ᠭᠡᠳᠡᠭ ᠪᠤᠯ ᠲᠤᠩ ᠭᠡᠴᠡᠭᠦᠦ ᠲᠦᠪᠡᠭ ᠲᠠᠢ ᠭᠡᠷᠡᠭ ᠠᠵᠢ᠃ ᠠᠵᠢᠯᠯᠠᠬᠤ ᠠᠯᠪᠠᠨ ᠭᠡᠷ ᠴᠦ ᠪᠠᠶᠢᠬᠤ ᠦᠭᠡᠢ᠂ ᠦᠪᠤᠷ | ᠮᠤᠩᠭᠤᠯ ᠤᠨ ᠬᠤᠶᠠᠳᠤᠭᠠᠷ ᠪᠠᠭᠰᠢ ᠶᠢᠨ ᠰᠤᠷᠭᠠᠭᠤᠯᠢ ᠠᠴᠠ ᠭᠡᠳᠤᠨ ᠲᠠᠰᠤᠬ ᠭᠡᠷ ᠵᠢᠭᠡᠯᠡᠭᠡᠳ ᠠᠯᠪᠠᠨ ᠭᠡᠷ ᠪᠤᠯᠭᠠᠨ | ᠠᠷᠭᠠᠴᠠᠭᠠᠵᠤ᠂ ᠶᠤᠰᠤᠳᠠᠢ ᠬᠤᠭᠤᠰᠤᠨ ᠭᠠᠷ ᠬᠤᠶᠠᠷ ᠮᠦᠷᠦ ᠪᠠᠷ ᠢᠶᠠᠨ ᠠᠮᠢᠳᠤᠷᠠᠯ ᠢᠶᠠᠨ ᠪᠤᠰᠬᠠᠬᠤ ᠭᠡᠵᠦ | ᠪᠠᠶᠢᠭᠰᠠᠨ ᠴᠠᠭ ᠦᠶ᠎ᠠ ᠪᠠᠶᠢᠭᠰᠠᠨ ᠶᠤᠮ᠃ | | | ᠨᠢᠭᠡ | | | ᠲᠠᠷᠠ ᠦᠶ᠎ᠠ ᠶᠢᠨ ᠠᠬᠠᠮᠠᠳ ᠬᠤᠪᠢᠰᠬᠠᠯᠴᠢ ᠬᠤᠷᠢᠶ᠋ᠨᠨ ᠳᠠᠷᠤᠭ᠎ᠠ ᠡᠷᠭᠡ᠂ ᠷᠡᠰᠢᠳᠤᠩᠷᠤᠪ᠂ ᠨᠠᠰᠤᠬᠤᠷᠳᠤ | ᠨᠠᠷ ᠡᠷᠳᠠ ︽ᠪᠤᠷᠬᠠᠨ︾ ᠪᠤᠯᠤᠭᠠᠳ ᠦᠭᠡᠷ᠎ᠡ ᠶᠢᠷᠳᠢᠨᠴᠤ ᠳᠤ ᠶᠠᠪᠤᠴᠢᠬᠠᠭᠰᠠᠨ᠃ ᠲᠤᠬᠠᠢ ᠶᠢᠨ ᠦᠶ᠎ᠠ ᠶᠢᠨ ᠠᠬᠠᠮᠠᠳ | ᠡᠷᠳᠠᠮᠳᠠᠳ ᠰᠤᠳᠤᠪᠢᠯᠢᠭ᠌᠂ ᠤᠢᠢᠷᠤᠪᠵᠠᠮᠰᠤ᠂ ᠪᠠᠳᠤᠪᠠᠶᠠᠷ᠂ ᠦᠭᠡᠳᠠᠢ᠂ ᠲᠡᠯᠭᠡᠷ᠂ ᠡᠷᠳᠠᠮᠪᠠᠭᠠᠳᠤᠷ ᠵᠢᠴᠢ ᠬᠢᠳᠠᠳ | ᠭᠡᠯᠡ ᠲᠡᠭᠡᠷ᠎ᠡ ᠠᠵᠢᠯᠯᠠᠵᠤ ᠪᠠᠶᠢᠭᠰᠠᠨ ᠴᠧᠨ ᠳ᠋ᠢᠩ ᠢᠤᠢ᠂ ᠴᠧᠨ ᠡᠯ ᠱᠸᠤ᠂ ᠸᠠᠩ ᠫᠸᠢ ᠷᠧᠨ᠂ ᠪᠠᠢ ᠵᠦᠩ | ᠡᠾᠦ᠋ᠢ᠂ ᠺᠸᠤ ᠽᠢ ᡁᠢ ᠮᠠᠳᠤ ᠶᠢᠨ ᠨᠠᠯᠢᠶᠠᠳ ᠨᠠᠷᠠ ᠲᠠᠢ ᠶᠠᠪᠤᠵᠤ ᠪᠠᠶᠢᠭᠰᠠᠨ ᠪᠠᠭᠰᠢ ᠨᠠᠷ ᠵᠢᠴᠢ ᠲᠤᠬᠠᠢ ᠶᠢᠨ | ᠦᠶ᠎ᠠ ᠳᠤ ᠠᠯᠪᠠᠨ ᠭᠡᠷ ᠤᠨ ᠡᠷᠬᠢᠯᠡᠭᠴᠢ ᠪᠠᠶᠢᠭᠰᠠᠨ ᠡᠷᠳᠠᠮᠪᠢᠯᠢᠭ᠌᠂ ᠶᠡᠷᠦᠩᠭᠡᠢ ᠨᠠᠶᠢᠷᠠᠭᠤᠯᠤᠭᠴᠢ ᠶᠢᠨ ᠲᠠᠰᠤᠭ ᠤᠨ | ᠲᠠᠷᠤᠭ᠎ᠠ ᠸᠧᠨ ᠶᠢᠨ ᠫᠦ᠋᠂ ᠭᠡᠪᠯᠡᠭᠦ ᠭᠠᠵᠠᠷ ᠤᠨ ᠳᠠᠷᠤᠭ᠎ᠠ ᠵᠸᠤ ᠫᠧᠨ ᠬᠠᠨ ᠨᠠᠰᠤ ᠪᠠᠷᠠᠭᠠᠳ ᠤᠨ ᠤᠳᠠᠵᠠᠢ᠃ | ᠡᠳᠡᠭᠡᠷ ᠬᠦᠮᠦᠰ ᠪᠤᠯ ᠬᠡᠪᠯᠡᠯ ᠤᠨ ᠬᠤᠷᠢᠶ᠎ᠠ ᠪᠠᠶᠢᠭᠤᠯᠤᠭᠳᠠᠬᠤ ᠠᠩᠬᠠᠨ ᠤ ᠱᠠᠳᠤ ᠦᠶ᠎ᠠ ᠳᠤ ᠭᠦᠴᠦ | ᠨᠡᠮᠡᠭᠦᠷᠢ ᠦᠵᠡᠭᠦᠯᠦᠭᠰᠡᠨ ᠲᠤᠷᠠᠳᠤᠭᠤᠰᠢᠳᠠᠢ᠂ ᠭᠦᠨᠳᠤᠯᠡᠭᠦᠰᠢᠳᠠᠢ᠂ ᠡᠭᠦᠷᠢᠳᠠ ᠲᠤᠷᠠᠰᠬᠠᠵᠤ ᠪᠤᠯᠬᠤ ᠭᠠᠪᠢᠶᠠᠳᠠᠨ | ᠶᠤᠮ᠃ 60 ᠵᠢᠯ ᠤᠨ ᠤᠢ ᠶᠢ ᠪᠡᠯᠭᠡᠯᠡᠭᠦ ᠡᠨᠡ ᠲᠠᠰᠢᠷᠠᠮ ᠳᠤ᠂ ᠪᠢ ᠲᠠᠳᠠ ᠨᠠᠷ ᠢ ᠲᠤᠷᠠᠰᠤᠨ ᠰᠠᠨᠠᠭᠠᠯᠵᠠᠵᠤ᠂ | ᠭᠠᠪᠢᠶ᠎ᠠ ᠵᠢᠳᠭᠦᠯ ᠢ ᠨᠢ ᠪᠠᠭ᠋ᠠᠳᠤᠨ ᠦᠨᠠᠯᠠᠵᠤ ᠪᠠᠶᠢᠬᠤ ᠪᠠᠨ ᠡ᠊ᠨᠳᠠ ᠢᠯᠡᠳᠭᠡᠵᠦ ᠪᠠᠶᠢᠮᠤᠢ᠃ | | | | ᠬᠤᠶᠠᠷ | | | ᠰᠤᠶᠤᠯ ᠮᠠᠳᠠᠯᠭᠡ ᠲᠠᠢ ᠠᠬᠠᠮᠠᠳ ᠬᠤᠪᠢᠰᠬᠠᠯᠴᠢᠳ ᠤᠴᠢᠷ ᠶᠠᠪᠤᠳᠠᠯ ᠢ ᠪᠤᠳᠤᠯᠬᠢᠯᠠᠨ ᠲᠤᠩᠭᠠᠬᠤ ᠬᠤᠯᠠᠴᠢ | ᠬᠠᠷᠠᠴᠠ ᠲᠠᠢ ᠪᠠᠶᠢᠭᠰᠠᠨ ᠲᠤᠯᠠ ᠴᠠᠭ ᠦᠶ᠎ᠠ ᠶᠢ ᠦᠵᠠᠵᠤ ᠭᠠᠷᠤᠭᠠᠳ᠂ ᠴᠤᠬᠤᠮ ᠶᠠᠭᠤ ᠭᠡᠪᠡᠯ ᠲᠠᠭᠠᠷᠠᠬᠤ᠂ ᠶᠠᠭᠤ | ᠭᠢᠪᠠᠯ ᠪᠤᠯᠤᠮᠠᠷ᠂ ᠶᠠᠭᠤ ᠬᠢᠭᠦ ᠴᠢᠬᠤᠯᠠ ᠲᠠᠢ ᠪᠤᠯᠤᠭᠠᠳ ᠪᠠᠶᠢᠨ᠎ᠠ ᠭᠡᠳᠡᠭ ᠢ ᠮᠠᠳᠡᠵᠤ᠂ ᠮᠤᠩᠭᠤᠯ ᠭᠡᠤᠭᠡᠳ ᠤᠨ | ᠰᠤᠷᠬᠤ ᠪᠢᠴᠢᠭ ᠨᠠᠶᠢᠷᠠᠭᠤᠯᠤᠨ ᠤᠷᠴᠢᠭᠤᠯᠬᠤ ᠰᠠᠭᠤᠷᠢᠨ ᠭᠠᠵᠠᠷ ᠪᠠᠶᠢᠭᠤᠯᠬᠤ ᠭᠡᠷᠡᠭᠳᠠᠢ ᠪᠤᠯᠤᠭᠰᠠᠨ ᠢ ᠰᠠᠳᠬᠢᠵᠤ᠂ | ᠦᠪᠠᠷᠳᠡᠭᠡᠨ ᠵᠠᠰᠠᠬᠤ ᠤᠷᠤᠨ ᠤ ᠲᠠᠳ᠋ ᠲᠠᠷᠢᠭᠦᠯᠡᠭᠴᠢ ᠬᠠᠹᠤᠩᠭ᠎ᠠ᠂ ᠤᠷᠤᠨ ᠤ ᠨᠠᠮ ᠤᠨ ᠬᠤᠷᠢᠶᠠᠨ ᠤ ᠤᠬᠠᠭᠤᠯᠬᠤ | ᠭᠡᠯᠳᠠᠰ ᠤᠨ ᠳᠠᠷᠤᠭ᠎ᠠ ᠲᠠᠭᠦᠰ᠂ ᠰᠤᠷᠭᠠᠨ ᠭᠦᠮᠦᠵᠢᠯ ᠤᠨ ᠲᠢᠩᠬᠢᠮ ᠤᠨ ᠳᠠᠷᠤᠭ᠎ᠠ ᠭᠡᠳᠠ᠂ ᠭᠠᠵᠠᠷ ᠤᠨ ᠳᠠᠷᠤᠭ᠎ᠠ | ᠯᠤᠩᠭᠠᠨ ᠮᠠᠳᠤ ᠶᠢᠨ ᠤᠳᠤᠷᠢᠳᠬᠤ ᠭᠦᠮᠦᠰ ᠦᠪᠠᠷ ᠤᠨ ᠪᠠᠶ᠎ᠠ ᠪᠠᠷ ᠢᠶᠠᠨ ᠵᠢᠭᠠᠨ ᠵᠢᠯᠤᠭᠤᠳᠴᠤ ᠪᠠᠶᠢᠭᠠᠳ ᠡᠨᠡ | ᠬᠤᠷᠢᠶ᠎ᠠ ᠶᠢ ᠪᠠᠶᠢᠭᠤᠯᠵᠠᠢ᠃ | ᠵᠢᠭᠠᠬᠤ ᠮᠠᠲ᠋ᠧᠷᠢᠶᠠᠯ ᠤᠨ ᠪᠦᠳᠦᠭᠡᠨ ᠪᠠᠶᠢᠭᠤᠯᠤᠯᠳᠠ ᠶᠢ ᠠᠳᠬᠤᠬᠤ᠂ ᠵᠢᠭᠠᠬᠤ ᠮᠠᠲ᠋ᠧᠷᠢᠶᠠᠯ ᠨᠠᠶᠢᠷᠠᠭᠤᠯᠤᠨ | ᠤᠷᠴᠢᠭᠤᠯᠬᠤ ᠪᠠᠶᠢᠭᠤᠯᠤᠮᠵᠢ ᠶᠢ ᠪᠠᠶᠢᠭᠤᠯᠬᠤ ᠶᠠᠪᠤᠳᠠᠯ ᠭᠡᠳᠦ᠋ᠢᠴᠢᠨᠡᠭᠡᠨ ᠴᠢᠬᠤᠯᠠ ᠭᠡᠳᠡᠭ ᠢ ᠡᠳᠡᠭᠡᠷ ᠳᠠᠷᠤᠭ᠎ᠠ ᠨᠠᠷ | ᠲᠤᠪ ᠲᠤᠳᠤᠷᠬᠠᠢ ᠮᠠᠳᠠᠭᠦ ᠮᠦᠷᠳᠡᠭᠡᠨ ᠡᠨᠡ ᠪᠤᠯ ᠦᠨᠢ ᠡᠭᠦᠷᠢᠳᠠ ᠶᠢᠨ ᠶᠡᠭᠡ ᠠᠵᠢᠯ᠂ ᠮᠢᠩᠭᠠᠨ ᠤᠨ ᠲᠦᠮᠠᠨ | ᠦᠶ᠎ᠠ ᠳᠤ ᠪᠠᠯᠠᠷᠠᠰᠢ ᠦᠭᠡᠢ ᠠᠭᠤᠤ ᠦᠢᠯᠠᠰ ᠪᠤᠯᠬᠤ ᠶᠤᠮ ᠭᠡᠳᠡᠭ ᠶᠤᠰᠤ ᠶᠢ ᠮᠠᠳᠠᠨ᠎ᠠ᠃ ᠲᠠᠷᠠᠴᠢᠯᠠᠨ ︽ᠨᠢᠭᠡ ᠳᠤ | ᠶᠠᠳᠠᠭᠤ᠂ ᠬᠤᠶᠠᠷ ᠲᠤ ᠡᠪᠡᠳᠴᠢᠨ᠂ ᠭᠤᠷᠪᠠ ᠳᠤ ᠪᠠᠯᠠᠢ︾ ᠶᠢ ᠦᠨᠳᠤᠰᠤᠨ ᠠᠴᠠ ᠨᠢ ᠰᠢᠢᠳᠪᠤᠷᠢᠯᠡᠶᠠ ᠭᠡᠪᠡᠯ ᠵᠠᠪᠠᠯ | ᠰᠤᠷᠬᠤ ᠪᠢᠴᠢᠭ ᠤᠨ ᠰᠠᠭᠤᠷᠢᠨ ᠭᠠᠵᠠᠷ — ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ ᠪᠠᠶᠢᠭᠤᠯᠬᠤ ᠦᠭᠡᠢ | ᠪᠤᠯ ᠪᠤᠯᠬᠤ ᠦᠭᠡᠢ ᠭᠡᠳᠡᠭ ᠡᠭᠦᠷᠭᠡ ᠲᠤᠯᠭᠠᠮ᠎ᠠ ᠱᠠᠭᠠᠷᠳᠠᠭᠰᠠᠨ ᠠᠵᠢ᠃ | | | ᠭᠤᠷᠪᠠ | | | ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ ᠪᠠᠶᠢᠭᠤᠯᠤᠭᠳᠠᠭᠠᠳ ᠨᠠᠮ ᠵᠠᠰᠠᠬ᠂ | ᠨᠠᠶᠢᠭᠡᠮ ᠨᠠᠶᠢᠳᠠ᠂ ᠰᠤᠷᠭᠠᠨ ᠭᠦᠮᠦᠵᠢᠯ ᠤᠨ ᠦᠢᠯᠠᠰ᠂ ᠤᠨᠴᠠᠭᠠᠢᠢᠯᠠᠨ ᠦᠨᠳᠤᠰᠤᠳᠠᠨ ᠤ ᠰᠤᠷᠭᠠᠨ ᠭᠦᠮᠦᠵᠢᠯ ᠤᠨ | ᠭᠦᠭᠵᠢᠯᠳᠠ ᠲᠠᠪᠰᠢᠯᠳᠠ ᠳᠤ ᠴᠤᠬᠤᠮ ᠬᠢᠷᠢ ᠵᠡᠷᠭᠡ ᠬᠤᠪᠢ ᠨᠡᠮᠡᠭᠦᠷᠢ ᠦᠵᠡᠭᠦᠯᠵᠤ᠂ ᠶᠠᠮᠠᠷ ᠶᠡᠭᠡ ᠦᠷ᠎ᠠ ᠰᠢᠮ᠎ᠡ᠂ | ᠭᠠᠪᠢᠶ᠎ᠠ ᠵᠢᠳᠭᠦᠯ ᠭᠠᠷᠭᠠᠪᠠ︖ | ᠤᠯᠤᠰ ᠭᠦᠷᠦᠨ ᠤ ᠭᠦᠴᠦᠷᠭᠡᠭᠵᠢᠭᠦ᠂ ᠦᠨᠳᠤᠰᠤᠳᠠᠨ ᠤᠭᠰᠠᠭᠠᠳᠠᠨ ᠤ ᠭᠦᠭᠵᠢᠵᠤ ᠪᠠᠳᠠᠷᠠᠬᠤ᠂ ᠭᠦᠮᠦᠨ ᠤ | ᠨᠢᠭᠡ ᠨᠠᠰᠤᠨ ᠤ ᠠᠵᠤ ᠲᠦᠷᠦᠭᠦ᠂ ᠠᠵᠢᠯ ᠦᠢᠯᠠᠰ ᠪᠦᠷ ᠯᠡ ᠰᠤᠷᠭᠠᠨ ᠭᠦᠮᠦᠵᠢᠯ ᠳᠤ ᠲᠦᠰᠢᠭᠯᠡᠨ᠎ᠡ᠃ ᠰᠤᠶᠤᠯ᠂ | ᠮᠠᠳᠠᠯᠭᠡ᠂ ᠡᠷᠳᠠᠮ ᠴᠢᠳᠠᠯ ᠪᠤᠯ ᠭᠦᠮᠦᠨ ᠤ ᠨᠢᠭᠡ ᠨᠠᠰᠤᠨ ᠤ ᠰᠠᠶᠢᠨ ᠮᠠᠭᠤ᠂ ᠴᠢᠩᠭ᠎ᠠ ᠪᠠᠭᠤᠷᠠᠢ ᠶᠢ ᠢᠯᠭᠠᠷᠠᠭᠤᠯᠤᠨ | ᠲᠤᠭᠳᠠᠭᠠᠳᠠᠬ᠃ | ᠰᠤᠷᠭᠠᠨ ᠭᠦᠮᠦᠵᠢᠯ ᠢ ᠡᠷᠬᠢᠯᠡᠭᠦ ᠳᠤ ᠭᠤᠷᠪᠠᠨ ᠴᠢᠬᠤᠯᠠ ᠡᠯᠧᠮᠧᠨ᠋ᠲ ᠪᠠᠶᠢᠬᠤ ᠭᠡᠷᠡᠭᠳᠠᠢ ︵ᠲᠡᠦᠭᠡ ᠶᠢᠨ | ᠭᠡᠯᠡᠯᠭᠡ︶᠄ ᠨᠢᠭᠡ ᠳᠤ ᠰᠤᠷᠭᠠᠭᠤᠯᠢ ᠶᠢᠨ ᠭᠡᠷ ᠪᠠᠶᠢᠰᠢᠩ᠂ ᠬᠤᠶᠠᠷ ᠲᠤ ᠪᠠᠭᠰᠢ᠂ ᠭᠤᠷᠪᠠ ᠳᠤ ᠰᠤᠷᠬᠤ ᠪᠢᠴᠢᠭ | ᠪᠤᠯᠤᠨ᠎ᠠ᠃ ᠰᠤᠷᠬᠤ ᠪᠢᠴᠢᠭ ᠭᠡᠳᠦ᠋ᠢᠪᠠᠷ ᠰᠤᠷᠭᠠᠨ ᠭᠦᠮᠦᠵᠢᠯ ᠤᠨ ᠪᠦᠭᠦ ᠶᠠᠪᠤᠳᠠᠯ ᠢ ᠰᠢᠢᠳᠪᠤᠷᠢᠯᠡᠵᠦ ᠦᠯᠦ | ᠴᠢᠳᠠᠬᠤ ᠪᠤᠯᠪᠠᠴᠤ ᠲᠠᠷᠠ ᠪᠤᠯ ᠰᠤᠷᠭᠠᠨ ᠭᠦᠮᠦᠵᠢᠯ ᠤᠨ ᠰᠠᠭᠤᠷᠢ ᠶᠢᠨ ᠬᠢᠨᠢ ᠰᠠᠭᠤᠷᠢ᠂ ᠦᠨᠳᠤᠰᠤᠨ ᠤ ᠬᠢᠨᠢ | ᠦᠨᠳᠤᠰᠤ ᠪᠤᠯᠬᠤ ᠶᠤᠮ᠃ ᠰᠤᠷᠬᠤ ᠪᠢᠴᠢᠭ᠂ ᠵᠢᠭᠠᠬᠤ ᠮᠠᠲ᠋ᠧᠷᠢᠶᠠᠯ ᠪᠠᠶᠢᠬᠤ ᠦᠭᠡᠢ ᠪᠤᠯ ᠴᠢᠳᠠᠪᠤᠷᠢᠳᠠᠨ᠂ | ᠡᠷᠳᠠᠮᠳᠠᠨ᠂ ᠮᠠᠷᠭᠡᠵᠢᠯᠳᠠᠨ᠂ ᠰᠢᠨᠵᠢᠯᠠᠭᠦ ᠤᠬᠠᠭᠠᠨᠳᠠᠳ ᠢ ᠭᠦᠮᠦᠵᠢᠭᠦᠯᠵᠤ ᠭᠠᠷᠭᠠᠨ᠎ᠠ ᠭᠡᠳᠡᠭ ᠪᠤᠯ ᠬᠤᠳᠠᠯ ᠦᠭᠡ᠃ | ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ ᠪᠠᠶᠢᠭᠤᠯᠤᠭᠳᠠᠵᠤ᠂ ᠪᠠᠭ᠎ᠠ ᠠᠴᠠ ᠪᠠᠨ | ᠶᠡᠭᠡ ᠪᠤᠯᠵᠤ ᠭᠦᠭᠵᠢᠭᠡᠳ ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠲᠤᠮᠳᠠᠳᠤ ᠪᠠᠭ᠎ᠠ | ᠰᠤᠷᠭᠠᠭᠤᠯᠢ ᠶᠢᠨ ᠵᠢᠭᠠᠬᠤ ᠮᠠᠲ᠋ᠧᠷᠢᠶᠠᠯ ᠤᠨ ᠰᠠᠭᠤᠷᠢᠨ ᠭᠠᠵᠠᠷ — ᠪᠦᠭᠦ ᠤᠯᠤᠰ ᠲᠤ ᠴᠤᠷ ᠤᠨ ᠭᠠᠭᠴᠠ | ᠮᠤᠩᠭᠤᠯ ᠲᠤᠮᠳᠠᠳᠤ ᠪᠠᠭ᠎ᠠ ᠰᠤᠷᠭᠠᠭᠤᠯᠢ ᠶᠢᠨ ᠵᠢᠭᠠᠬᠤ ᠮᠠᠲ᠋ᠧᠷᠢᠶᠠᠯ ᠤᠨ ᠪᠦᠳᠦᠭᠡᠨ ᠪᠠᠶᠢᠭᠤᠯᠤᠯᠳᠠ ᠶᠢᠨ ᠰᠠᠭᠤᠷᠢᠨ | ᠭᠠᠵᠠᠷ ᠪᠤᠯᠤᠨ ᠨᠠᠢᠮᠠᠨ ᠮᠤᠵᠢ ᠤᠷᠤᠨ ᠤ ᠦᠨᠳᠤᠰᠤᠳᠠᠨ ᠤ ᠰᠤᠷᠭᠠᠨ ᠭᠦᠮᠦᠵᠢᠯ ᠤᠨ ᠦᠢᠯᠠᠰ᠂ ᠦᠪᠤᠷ | ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠠᠵᠤ ᠠᠬᠤᠢ ᠰᠤᠶᠤᠯ ᠤᠨ ᠪᠠᠶᠢᠭᠤᠯᠤᠯᠳᠠ ᠳᠤ ᠭᠠᠷᠮᠠᠭᠠᠢ ᠶᠡᠭᠡ | ᠵᠢᠳᠭᠦᠯ ᠦᠵᠡᠭᠦᠯᠦᠭᠰᠡᠨ ᠶᠤᠮ᠃ | 1989 ᠤᠨ ᠤ ᠪᠤᠳᠠᠳᠤ ᠪᠠᠶᠢᠳᠠᠯ ᠢᠶᠠᠷ ᠵᠢᠱᠢᠶᠡᠯᠡᠵᠤ ᠭᠡᠯᠡᠪᠡᠯ᠂ ᠲᠤᠰ ᠵᠢᠯ ᠳᠤ ᠨᠠᠶᠢᠳᠠ 1000 ᠢᠯᠠᠭᠦᠦ | ᠲᠦᠷᠦᠯ ᠵᠦᠢᠯ ᠤᠨ ᠨᠤᠮ ᠲᠡᠪᠳᠠᠷ ᠭᠠᠷᠭᠠᠵᠤ᠂ ᠨᠠᠶᠢᠳᠠ 7800 ᠲᠦᠮᠡᠨ ᠲᠠᠪᠳᠠᠷ ᠭᠡᠪᠯᠡᠭᠳᠡᠵᠡᠢ᠃ ᠡᠭᠦᠨ ᠳᠤ | ᠭᠡᠤᠭᠡᠳ ᠤᠨ ᠴᠡᠴᠡᠷᠯᠢᠭ᠂ ᠪᠠᠭ᠎ᠠ ᠰᠤᠷᠭᠠᠭᠤᠯᠢ᠂ ᠲᠤᠮᠳᠠᠳᠤ ᠰᠤᠷᠭᠠᠭᠤᠯᠢ᠂ ᠲᠤᠮᠳᠠᠳᠤ ᠵᠡᠷᠭᠡ ᠶᠢᠨ ᠪᠠᠭᠰᠢ ᠶᠢᠨ | ᠰᠤᠷᠭᠠᠭᠤᠯᠢ᠂ ᠠᠵᠢᠯ ᠮᠠᠷᠭᠡᠵᠢᠯ ᠤᠨ ᠰᠤᠷᠭᠠᠭᠤᠯᠢ ᠶᠢᠨ ᠡᠯ᠎ᠠ ᠬᠢᠴᠢᠶᠡᠯ ᠲᠦᠷᠦᠯ ᠤᠨ ᠮᠤᠩᠭᠤᠯ ᠰᠤᠷᠬᠤ ᠪᠢᠴᠢᠭ | ᠵᠢᠴᠢ ᠶᠡᠭᠡ ᠲᠡᠭᠡᠳᠤ ᠰᠤᠷᠭᠠᠭᠤᠯᠢ ᠶᠢᠨ ᠭᠡᠰᠡᠭ ᠪᠦᠯᠦᠭ ᠰᠠᠭᠤᠷᠢ ᠮᠠᠳᠠᠯᠭᠡ ᠶᠢᠨ ᠬᠢᠴᠢᠶᠡᠯ ᠤᠨ ᠵᠢᠭᠠᠬᠤ | ᠮᠠᠲ᠋ᠧᠷᠢᠶᠠᠯ ᠢ ᠬᠠᠨᠭ᠍ᠭᠠᠵᠤ ᠪᠠᠶᠢᠭᠰᠠᠨ᠃ ᠡᠭᠦᠨ ᠠᠴᠠ ᠭᠠᠳᠠᠨ᠎ᠠ ᠬᠢᠳᠠᠳ ᠭᠡᠯᠡᠨ ᠳᠠᠭᠡᠷ᠎ᠠ ᠬᠢᠴᠢᠶᠠᠯᠯᠠᠵᠤ ᠪᠠᠶᠢᠭ᠎ᠠ | ᠪᠠᠭ᠎ᠠ᠂ ᠳᠤᠮᠳᠠᠳᠤ ᠰᠤᠷᠭᠠᠭᠤᠯᠢ ᠶᠢᠨ ᠰᠤᠷᠬᠤ ᠪᠢᠴᠢᠭ᠂ ᠲᠠᠰᠬᠠᠯ ᠲᠠᠭᠠᠭᠠᠯᠭᠠᠪᠤᠷᠢ᠂ ᠲᠤᠯᠢ ᠪᠢᠴᠢᠭ ᠤᠳ ᠢ ᠴᠦ | ᠲᠦᠷᠦᠯ ᠵᠦᠢᠯ ᠢᠶᠠᠷ ᠨᠢ ᠮᠤᠩᠭᠤᠯ ᠬᠢᠳᠠᠳ ᠬᠤᠶᠠᠷ ᠭᠡᠯᠡ ᠳᠡᠭᠡᠷ᠎ᠡ ᠬᠠᠮᠳᠤᠳᠠ ᠬᠠᠨᠭ᠍ᠭᠠᠵᠤ ᠪᠠᠶᠢᠪᠠ᠃ | ᠡᠨᠡ ᠭᠦ ᠯᠤᠳᠤ ᠶᠡᠭᠡ ᠠᠮᠵᠢᠯᠳᠠ ᠪᠦᠳᠦᠭᠡᠯ ᠢ ᠲᠡᠦᠭᠡ ᠶᠢᠨ ᠠᠯᠳᠠᠨ ᠬᠠᠭᠤᠳᠠᠰᠤᠨ᠎ᠠ ᠲᠠᠮᠳᠡᠭᠯᠡᠭᠦᠰᠢᠳᠠᠢ᠃ | | | ᠲᠦᠷᠪᠡ | | | ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ ᠶᠢᠨ ᠪᠠᠶᠢᠭᠤᠯᠤᠭᠳᠠᠭᠰᠠᠨ᠂ ᠭᠦᠭᠵᠢᠨ | ᠪᠠᠳᠠᠷᠠᠵᠤ ᠢᠷᠡᠭᠰᠡᠨ ᠲᠡᠦᠭᠡᠳᠤ ᠵᠢᠳᠭᠦᠯ ᠭᠠᠪᠢᠶ᠎ᠠ᠂ ᠦᠨ᠎ᠠ ᠴᠠᠨ᠎ᠠ ᠶᠢ ᠲᠤᠪᠴᠢᠯᠠᠨ ᠳ᠋ᠦᠡᠭᠨᠡᠪᠡᠯ᠄ | ᠨᠢᠭᠡ ᠳᠤ᠂ ᠬᠢᠳᠠᠳ ᠭᠡᠯᠡ ᠪᠠᠷ ᠰᠤᠷᠴᠤ ᠪᠠᠶᠢᠭ᠎ᠠ ᠰᠤᠷᠤᠭᠴᠢ ᠶᠢᠨ ᠨᠢᠭᠡᠳᠤᠯᠳᠠᠢ ᠵᠢᠭᠠᠬᠤ ᠮᠠᠲ᠋ᠧᠷᠢᠶᠠᠯ — | ᠲᠤᠭ᠎ᠠ ᠪᠤᠳᠤᠯᠭ᠎ᠠ᠂ ᠹᠢᠽᠢᠺ᠂ ᠬᠢᠮᠢ᠂ ᠠᠮᠢᠳᠤ ᠪᠤᠳᠠᠰ ᠭᠡᠭᠦ ᠮᠡᠳᠤ ᠶᠢ ᠮᠤᠩᠭᠤᠯ ᠭᠡᠯᠡ ᠳᠡᠭᠡᠷ᠎ᠡ ᠬᠢᠴᠢᠶᠡᠯᠯᠡᠵᠤ | ᠪᠠᠶᠢᠭ᠎ᠠ ᠦᠨᠳᠤᠰᠤᠳᠠᠨ ᠤ ᠦᠷ᠎ᠠ ᠭᠡᠤᠭᠡᠳ᠂ ᠦᠷᠭᠡᠨ ᠤᠯᠠᠨ ᠮᠤᠩᠭᠤᠯ ᠰᠤᠷᠤᠭᠴᠢ ᠠᠳᠠᠯᠢ ᠲᠦᠷᠦᠯ ᠵᠦᠢᠯ᠂ | ᠠᠳᠠᠯᠢ ᠶᠠᠩᠵᠤ᠂ ᠠᠳᠠᠯᠢ ᠴᠠᠭ ᠬᠤᠭᠤᠴᠠᠭᠠᠨ᠎ᠠ ᠬᠤᠷᠢᠶᠠᠨ ᠤᠯᠵᠤ ᠦᠵᠠᠭᠦ ᠪᠤᠯᠤᠭᠰᠠᠨ ᠠᠴᠠ ᠦᠨᠳᠤᠰᠤᠳᠠᠨ ᠤ | ᠰᠤᠷᠤᠭᠴᠢ ᠶᠢᠨ ᠪᠦᠭᠦ ᠤᠯᠤᠰ ᠤᠨ ᠨᠢᠭᠡᠳᠤᠯᠳᠠᠢ ᠰᠢᠯᠭᠠᠯᠳᠠ ᠳᠤ ᠤᠷᠤᠬᠤ ᠡᠷᠭᠡ ᠲᠡᠭᠰᠢ᠂ ᠲᠦᠪ ᠭᠤᠤᠯᠴᠢ | ᠨᠦᠭᠦᠴᠡᠯ ᠪᠠᠶᠢᠳᠠᠯ ᠢ ᠪᠦᠷᠢᠯᠳᠤᠭᠦᠯᠵᠤ ᠦᠭᠭᠦᠭᠰᠡᠨ ᠪᠢᠯᠡ᠃ | ᠵᠢᠭᠠᠬᠤ ᠮᠠᠲ᠋ᠧᠷᠢᠶᠠᠯ ᠤᠨ ᠬᠤᠪᠢ ᠳᠤ ᠠᠪᠴᠤ ᠭᠡᠯᠡᠪᠡᠯ ᠠᠷᠠᠳ ᠤᠨ ᠰᠤᠷᠭᠠᠨ ᠭᠦᠮᠦᠵᠢᠯ ᠤᠨ ᠭᠡᠪᠯᠡᠯ ᠤᠨ | ᠬᠤᠷᠢᠶᠠᠨ ᠤ ᠬᠢᠳᠠᠳ ᠭᠡᠯᠡ ᠶᠠᠮᠠᠷ ᠨᠤᠮ ᠪᠠᠶᠢᠪᠠᠯ ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ | ᠬᠤᠷᠢᠶᠠᠨ ᠤ ᠮᠤᠩᠭᠤᠯ ᠭᠡᠯᠡ ᠲᠠᠶᠢᠮᠦ ᠨᠤᠮ ᠪᠠᠶᠢᠬᠤ ᠪᠤᠯᠤᠭᠰᠠᠨ᠃ ᠡᠨᠡ ᠪᠤᠯ ᠲᠤᠮᠳᠠᠳᠤ ᠤᠯᠤᠰ ᠤᠨ ᠡᠪ ᠬᠠᠮᠳᠤ | ᠨᠠᠮ ᠤᠨ ᠦᠨᠳᠤᠰᠤᠳᠠᠨ ᠤ ᠦᠪᠠᠷᠳᠡᠭᠡᠨ ᠵᠠᠰᠠᠬᠤ ᠲᠦᠷᠦ ᠶᠢᠨ ᠪᠤᠳᠤᠯᠭ᠎ᠠ ᠶᠢᠨ ᠰᠠᠴᠤᠷᠠᠩᠭᠤᠢ ᠭᠡᠷᠡᠯ ᠲᠤᠶᠠᠭ᠎ᠠ | ᠲᠤᠤᠷ᠎ᠠ ᠰᠠᠶ᠋ᠢ ᠪᠡᠶᠡᠯᠡᠭᠳᠡᠵᠦ ᠴᠢᠳᠠᠭᠰᠠᠨ ᠶᠡᠭᠡ ᠠᠵᠢᠯᠯᠠᠭ᠎ᠠ ᠮᠦᠨ᠃ | ᠬᠤᠶᠠᠷ ᠲᠤ᠂ ᠦᠨᠳᠤᠰᠤᠳᠠᠨ ᠤ ᠰᠤᠶᠤᠯ ᠪᠤᠯᠪᠠᠰᠤᠷᠠᠯ᠂ ᠲᠠᠳᠤᠯᠭ᠎ᠠ ᠭᠦᠮᠦᠵᠢᠯ ᠢ ᠲᠡᠭᠡᠭᠰᠢᠯᠠᠭᠦᠯᠵᠤ᠂ | ᠰᠠᠶᠢᠵᠢᠷᠠᠭᠤᠯᠬᠤ ᠳᠤ ᠰᠢᠢᠳᠪᠤᠷᠢᠯᠡᠭᠴᠢ ᠦᠢᠯᠠᠳᠤᠯ ᠢ ᠦᠵᠡᠭᠦᠯᠵᠠᠢ᠃ ᠮᠦᠨ ᠤᠷᠤᠨ ᠤ ᠭᠠᠳᠠᠨ᠎ᠠ ᠲᠤᠳᠤᠨᠠᠬᠢ | ᠤᠶᠤᠳᠠᠨ ᠰᠡᠭᠡᠭᠡᠳᠡᠨ ᠢ ᠭᠦᠮᠦᠵᠢᠭᠦᠯᠭᠦ ᠳᠤ ᠵᠦᠢᠷᠯᠠᠰᠢ ᠦᠭᠡᠢ ᠭᠦᠴᠦ ᠭᠦᠯᠦᠰᠦ ᠭᠠᠷᠭᠠᠯ᠎ᠠ ᠭᠡᠵᠦ ᠦᠵᠠᠵᠤ | ᠪᠤᠯᠤᠨ᠎ᠠ᠃ 60 ᠭᠠᠳ ᠤᠨ᠂ 70 ᠭᠠᠳ ᠤᠨ᠂ 80 ᠭᠠᠳ ᠤᠨ᠂ 90 ᠭᠡᠳ ᠤᠨ ᠤ ᠦᠶ᠎ᠠ ᠪᠠᠷ ᠭᠦᠮᠦᠵᠢᠭᠦᠯᠦᠨ | ᠭᠠᠷᠭᠠᠭᠰᠠᠨ ᠴᠦᠭᠡᠨ ᠲᠤᠭᠠᠳᠤ ᠦᠨᠳᠤᠰᠤᠳᠠᠨ ᠤ ᠵᠠᠰᠠᠭ ᠵᠠᠬᠢᠷᠭᠠᠨ ᠤ ᠺᠠᠳ᠋ᠷ᠂ ᠲᠧᠭᠨᠢᠭ ᠮᠠᠷᠭᠡᠵᠢᠯ ᠤᠨ | ᠭᠠᠷᠮᠠᠭᠠᠢᠢᠴᠤᠳ᠂ ᠰᠢᠨᠵᠢᠯᠠᠭᠦ ᠤᠬᠠᠭᠠᠨ ᠤ ᠠᠵᠢᠯᠳᠠᠳ᠂ ᠠᠷᠠᠳ ᠤᠨ ᠪᠠᠭᠰᠢ᠂ ᠡᠯ᠎ᠠ ᠲᠦᠷᠦᠯ ᠤᠨ ᠲᠤᠰᠬᠠᠢ | ᠮᠠᠷᠭᠡᠵᠢᠯ ᠤᠨ ᠴᠢᠳᠠᠪᠤᠷᠢᠳᠠᠨ ᠭᠡᠨ ᠠᠯᠢᠨ ᠨᠢ ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠬᠤᠷᠢᠶ᠎ᠠ ᠠᠴᠠ | ᠭᠡᠪᠯᠡᠭᠳᠡᠭᠰᠡᠨ ᠨᠤᠮ ᠪᠢᠴᠢᠭ ᠢ ᠦᠵᠡᠭᠰᠡᠨ ᠦᠭᠡᠢ ᠪᠢᠯᠡ᠃ | ᠭᠤᠷᠪᠠ ᠳᠤ᠂ ᠲᠡᠦᠭᠡᠨ ᠳᠡᠭᠡᠷ᠎ᠠ ᠠᠴᠠ ᠦᠯᠠᠳᠡᠭᠳᠡᠵᠦ ᠢᠷᠡᠭᠰᠡᠨ ᠭᠡᠰᠡᠭ ᠪᠦᠯᠦᠭ ᠶᠠᠳᠠᠭᠤ᠂ ᠬᠤᠴᠤᠷᠤᠩᠭᠤᠢ᠂ | ᠪᠦᠳᠦᠭᠦᠯᠢᠭ᠂ ᠪᠠᠯᠠᠢ ᠶᠢ ᠦᠨᠳᠤᠰᠤᠨ ᠠᠴᠠ ᠨᠢ ᠠᠷᠢᠯᠭᠠᠬᠤ ᠳᠤ ᠬᠠᠮᠤᠭ ᠤᠨ ᠭᠦᠴᠦ ᠭᠠᠷᠭᠠᠵᠤ᠂ ᠲᠤᠰᠠ | ᠦᠵᠡᠭᠦᠯᠦᠭᠰᠡᠨ ᠨᠢ ᠨᠠᠷᠢᠨ ᠢᠶᠠᠷ ᠭᠡᠯᠡᠪᠡᠯ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶᠠᠨ ᠠᠴᠠ ᠭᠡᠪᠯᠡᠭᠦᠯᠦᠭᠰᠡᠨ | ᠰᠤᠷᠬᠤ ᠪᠢᠴᠢᠭ ᠪᠤᠯᠤᠨ᠎ᠠ᠃ ᠲᠡᠭᠡᠭᠦ ᠪᠠᠷ ︽ᠪᠤᠷᠬᠠᠨ ᠨᠤᠮ︾ ᠭᠡᠵᠦ ᠭᠡᠯᠡᠭᠦ ᠳᠤ ᠠᠬᠠᠳᠠᠬᠤ ᠦᠭᠡᠢ ᠰᠠᠨᠠᠭᠳᠠᠨ᠎ᠠ᠃ | ᠦᠨᠦᠳᠤᠷ ᠤᠨ ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶᠠᠨ ᠤ ᠭᠦᠭᠵᠢᠵᠤ | ᠪᠠᠳᠠᠷᠠᠵᠤ ᠪᠠᠶᠢᠭ᠎ᠠ ᠶᠢ ᠵᠢᠷᠠᠭᠠᠳ ᠤᠨ᠂ ᠲᠠᠯᠠᠭᠠᠳ ᠤᠨ ᠤ ᠦᠶ᠎ᠠ ᠶᠢᠨ ᠬᠢ ᠲᠠᠢ ᠠᠳᠠᠯᠢᠳᠬᠠᠪᠠᠯ ᠤᠯᠠᠮ ᠶᠡᠭᠡ | ᠭᠦᠴᠦᠷᠭᠡᠭᠵᠢᠨ ᠴᠢᠩᠭᠠᠷᠠᠪᠠ᠃ ᠠᠵᠢᠯᠯᠠᠬᠤ ᠨᠦᠭᠦᠴᠡᠯ ᠬᠤᠪᠢᠷᠠᠵᠤ᠂ ᠠᠵᠤ ᠠᠮᠢᠳᠤᠷᠠᠬᠤ ᠤᠷᠴᠢᠨ ᠲᠤᠭᠤᠷᠢᠨ | ᠰᠠᠶᠢᠵᠢᠷᠠᠵᠤ᠂ ᠨᠠᠶᠢᠷᠠᠭᠤᠯᠤᠭᠴᠢ ᠶᠢᠨ ᠡᠩᠨᠡᠭᠡ ᠦᠷᠭᠡᠵᠢᠨ ᠵᠤᠵᠠᠭᠠᠷᠠᠭᠠᠳ ᠤᠨᠴᠠᠭᠠᠢ ᠰᠠᠶᠢᠨ ᠪᠤᠯᠤᠭᠰᠠᠨ ᠢ ᠨᠠᠶᠢᠭᠡᠮ | ᠲᠠᠶᠠᠭᠠᠷ ᠮᠠᠳᠠᠷᠠᠵᠤ ᠪᠤᠢ᠃ ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ ᠴᠠᠭ ᠦᠶ᠎ᠠ ᠶᠢᠨ | ᠬᠤᠪᠢᠷᠠᠯᠳᠠ᠂ ᠨᠠᠶᠢᠭᠡᠮ ᠤᠨ ᠭᠦᠭᠵᠢᠯᠳᠠ ᠶᠢ ᠲᠠᠭᠠᠵᠤ ᠤᠯᠠᠮ ᠭᠦᠴᠤᠷᠭᠡᠭᠵᠢᠨ ᠰᠠᠶᠢᠵᠢᠷᠠᠬᠤ ᠨᠢ ᠲᠠᠮᠵᠢᠬ ᠦᠭᠡᠢ᠃ | ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ ᠶᠢᠨ ᠢᠷᠡᠭᠡᠳᠤᠢ ᠤᠯᠠᠮ ᠠᠭᠤᠳᠠᠮ | ᠰᠠᠷᠠᠭᠤᠯ ᠭᠡᠷᠡᠯ ᠰᠠᠴᠤᠷᠠᠩᠭᠤᠢ ᠪᠤᠯᠳᠤᠭᠠᠢ︕ | | | ︵ᠡᠾᠦ᠋ᠩ ᠮᠸᠢ ᠨᠠᠶᠢᠷᠠᠭᠤᠯᠪᠠ︶ | 2020.4 ᠳ᠋ᠦ᠋ᠭᠡᠷ ᠬᠤᠭᠤᠴᠠᠭ᠎ᠠ | | |