| | — ᠬᠦᠪᠡᠭᠡᠲᠤ ᠰᠢᠷ᠎ᠠ ᠬᠤᠰᠢᠭᠤᠨ ᠤ ᠮᠤᠩᠭᠤᠯ ᠦᠨᠲᠤᠰᠤᠲᠡᠨ ᠤ | ᠲᠤᠮᠲᠠᠲᠤ ᠰᠤᠷᠭᠠᠭᠤᠯᠢ ᠶᠢᠨ ᠠᠷᠤ ᠲᠠᠯ᠎ᠠ ᠶᠢᠨ ᠠᠵᠢᠯ ᠤᠨ | ᠠᠬᠠᠮᠠᠳ ᠠᠵᠢᠯᠲᠠᠨ ᠤᠨᠢᠰᠤᠲᠠᠢ ᠪᠠᠭᠰᠢ ᠶᠢᠨ ᠦᠯᠢᠭᠡᠷ | ᠲᠤᠷᠠᠰᠤᠮᠵᠢᠲᠤ ᠤᠶᠢᠯᠠ ᠠᠵᠢᠯᠯᠠᠭ᠎ᠠ ᠶᠢᠨ ᠲᠤᠬᠠᠢ ᠡᠷᠬᠢᠴᠡᠬᠦᠯᠥᠯ | | | | ᠤᠯᠠᠭᠠᠨ | | | | ᠰᠤᠷᠭᠠᠭᠤᠯᠢ ᠶᠢᠨ ᠠᠷᠤ ᠲᠡᠯ᠎ᠡ ᠶᠢᠨ ᠠᠵᠢᠯ ᠨᠢ ᠡᠭᠡᠯ ᠵᠢᠷ ᠤᠨ ᠪᠤᠯᠪᠠᠴᠤ ᠨᠢᠭᠡ ᠡᠲᠤᠷ ᠪᠠᠶᠢᠲᠤᠭᠠᠢ ᠨᠢᠭᠡ | ᠴᠠᠭ ᠴᠤ ᠭᠡᠰᠡᠨ ᠰᠠᠯᠬᠤ ᠳᠤ ᠪᠡᠷᠬᠡᠲᠡᠢ ᠬᠠᠷᠢᠭᠤᠴᠠᠯᠭ᠎ᠠ ᠱᠠᠭᠠᠷᠲᠠᠯᠭ᠎ᠠ ᠪᠠᠷ ᠴᠢᠩᠭ᠎ᠠ ᠬᠠᠲᠠᠭᠤ ᠠᠵᠢᠯ ᠲᠦᠷᠤᠯ ᠤᠨ | ᠨᠢᠭᠡ ᠪᠤᠯᠬᠤ ᠶᠤᠮ᠃ ᠲᠡᠶᠢᠮᠤ ᠪᠤᠯᠬᠤᠷ ᠡᠨᠡ ᠭᠦ ᠠᠵᠢᠯ ᠤᠨ ᠪᠠᠶᠢᠷᠢ ᠶᠢ ᠬᠦᠮᠤᠰ ᠤᠨ ᠰᠡᠳᠬᠢᠯ ᠤᠨ ᠲᠡᠩᠬᠡᠬᠡ ᠶᠢ | ᠰᠢᠯᠭᠠᠭᠰᠠᠨ ᠬᠠᠯᠠ ᠲᠠᠢ ᠤᠶᠢᠲᠤᠮᠡᠷ ᠠᠵᠢᠯ ᠴᠦ ᠭᠡᠵᠤ ᠬᠡᠯᠡᠵᠤ ᠪᠤᠯᠤᠮᠡᠷ ᠰᠠᠨᠠᠭᠲᠠᠨ᠎ᠠ᠃ ᠨᠡᠩ ᠴᠤ ᠪᠠᠶᠢᠷᠢ ᠶᠢᠨ | ᠲᠦᠷᠢᠮᠲᠤ ᠰᠤᠷᠭᠠᠭᠤᠯᠢ ᠶᠢᠨ ᠲᠤᠭᠤᠭᠠᠨ ᠭᠡᠷ ᠤᠨ ᠠᠵᠢᠯ ᠢ ᠨᠢᠬᠡ ᠯᠡ ᠦᠭᠡ ᠪᠠᠷ ᠬᠡᠯᠡᠪᠡᠯ᠂ ᠰᠤᠷᠭᠠᠭᠤᠯᠢ ᠶᠢᠨ | ᠬᠦᠷᠢᠶᠡᠨ ᠳᠤ ᠰᠤᠷᠤᠭᠴᠢ ᠪᠤᠵᠢᠬᠢᠨᠡᠯᠲᠤᠵᠤ ᠪᠠᠶᠢᠭᠰᠠᠨ ᠴᠠᠭ ᠲᠤ ᠡᠲᠤᠷ ᠪᠤᠯᠭᠠᠨ᠂ ᠦᠷ ᠤᠨ ᠬᠠᠷᠠᠩᠭᠤᠢ ᠠᠴᠠ | ᠦᠲᠡᠰᠢ ᠶᠢᠨ ᠪᠦᠷᠤᠢ ᠲᠠᠰᠤᠷᠠᠲᠠᠯ᠎ᠠ ᠪᠡᠶ᠎ᠡ ᠰᠡᠳᠬᠢᠯ ᠠᠮᠤᠷ ᠪᠠᠶᠢᠬᠤ ᠶᠢᠨ ᠠᠷᠭ᠎ᠠ ᠥᠬᠡᠢ ︽ᠬᠦᠵᠤᠬᠦᠤ ᠰᠣᠩᠭᠠᠨ | ᠬᠦᠯ ᠬᠤᠶᠢᠰᠢ ᠦᠭᠡᠢ︾ ᠲᠡᠮᠡᠥᠯᠳᠡᠭ᠂ ᠠᠶᠢᠯ ᠭᠡᠷ ᠢᠶᠠᠷ ᠥᠯᠢᠭᠡᠷᠯᠡᠪᠡᠯ ᠡᠵᠢ ᠬᠥᠮᠥᠨ ᠤ ᠭᠠᠯ ᠲᠣᠭᠤᠭᠠᠨ ᠤ | ᠠᠵᠢᠯ ᠲᠠᠢ ᠲᠡᠩᠴᠡᠬᠦ ᠨᠥᠷᠢ ᠬᠥᠳᠡᠯᠮᠥᠷᠢ ᠭᠡᠭᠦ ᠳᠤ ᠠᠬᠠᠳᠠᠬᠤ ᠥᠬᠡᠢ ᠡ᠃ | ᠮᠠᠨ ᠤ ᠬᠦᠪᠡᠭᠡᠲᠤ ᠰᠢᠷ᠎ᠠ ᠬᠤᠰᠢᠭᠤᠨ ᠤ ᠮᠤᠩᠭᠤᠯ ᠦᠨᠲᠤᠰᠤᠲᠡᠨ ᠤ ᠲᠤᠮᠲᠠᠲᠤ ᠰᠤᠷᠭᠠᠭᠤᠯᠢ ᠶᠢᠨ ᠠᠷᠤ | ᠲᠠᠯ᠎ᠠ ᠶᠢᠨ ᠭᠠᠯ ᠲᠤᠭᠤᠭᠠᠨ ᠤ ᠠᠵᠢᠯ ᠤᠨ ᠪᠠᠶᠢᠷᠢᠨ ᠳᠤ ᠦᠬᠡ ᠲᠠᠭᠤ ᠦᠭᠡᠢ ᠵᠢᠳᠬᠦᠵᠤ ᠢᠷᠡᠭᠰᠡᠨ ᠨᠡᠷ᠎ᠡ ᠦᠭᠡᠢ | ᠤᠯᠡᠨ ᠤᠶᠢᠯᠡᠰ ᠤᠨ ᠲᠠᠷᠬᠠᠳ ᠤᠨ ᠲᠤᠮᠲᠠ ᠠᠴᠠ ᠨᠢᠭᠡᠨ ᠠᠬᠠᠮᠠᠳ ᠪᠠᠭᠰᠢ ᠶᠢ ᠡᠷᠡᠬᠡᠢ ᠭᠠᠷᠭᠠᠨ ᠮᠠᠭᠲᠠᠵᠤ ᠬᠡᠯᠡᠬᠦ | ᠬᠦᠮᠤᠰ ᠵᠦᠩᠲᠡᠭᠡᠨ ᠤᠯᠠᠨ ᠪᠠᠶᠢᠲᠠᠭ ᠪᠢᠯᠡ᠃ ᠲᠡᠬᠦᠨ ᠤ ᠨᠡᠷ᠎ᠡ ᠶᠢ ᠤᠨᠢᠰᠤᠲᠠᠢ ᠭᠡᠲᠡᠭ᠃ ︽ᠨᠡᠷ᠎ᠡ ᠠᠴᠠ ᠨᠢᠲᠡᠷ︾ | ᠭᠡᠲᠡᠭᠴᠢᠯᠡᠨ ᠤᠲᠤ ᠪᠤᠲᠤᠵᠤ ᠦᠵᠡᠪᠡᠯ᠂ ᠠᠬᠠᠮᠠᠳ ᠪᠤᠭᠤᠷᠤᠯ ᠤᠳ ᠨᠢ ᠤ ᠪᠠᠭᠰᠢ ᠶᠢᠨ ᠮᠠᠨᠢ ᠨᠡᠷ᠎ᠡ ᠶᠢ ᠴᠤᠬᠤᠮ | ᠤᠨᠤᠭᠠᠵᠤ ᠦᠭᠴᠠᠢ ᠳ᠋ᠡ᠃ | ᠡ᠊ᠨᠲᠡ ᠪᠢ ᠰᠤᠷᠭᠠᠭᠤᠯᠢ ᠶᠢᠨ ᠢᠶᠠᠨ ᠲᠤᠭᠤᠯᠵᠤ ᠢᠷᠡᠭᠰᠡᠨ ᠵᠢᠷᠠᠨ ᠵᠢᠯ ᠢ ᠬᠠᠷᠠᠭᠤᠯᠤᠭᠰᠠᠨ ᠲᠡᠤᠬᠡᠨ | ᠤᠶᠢᠯᠠᠯᠭ᠎ᠠ ᠶᠢᠨ ᠨᠤᠮ ᠳᠤ ᠲᠡᠬᠦᠨ ᠤ ᠲᠤᠬᠠᠢ ᠨᠢᠭᠡᠨ ᠬᠤᠪᠢ ᠵᠤᠬᠢᠶᠠᠯ ᠪᠢᠴᠢᠵᠤ᠂ ᠲᠤᠷᠠᠳᠬᠤ ᠦᠭᠡᠢ᠂ ᠲᠡᠮᠲᠡᠭᠯᠡᠬᠦ | ᠦᠭᠡᠢ ᠪᠠᠶᠢᠬᠤ ᠶᠢᠨ ᠠᠷᠭ᠎ᠠ ᠦᠭᠡᠢ ᠦᠷᠤᠴᠡ ᠶᠢᠨ ᠦᠭᠡ ᠪᠠᠷ ᠢᠶᠠᠨ ᠰᠤᠷᠤᠭᠴᠢ ᠠᠬᠤᠢ ᠦᠶ᠎ᠡ ᠠᠴᠠ ᠪᠠᠨ | ᠠᠪᠤᠭᠠᠳ ᠬᠤᠭᠤᠯᠡ ᠪᠤᠲᠠᠭ᠎ᠠ ᠶᠢ ᠨᠢ ᠢᠲᠡᠵᠤ ᠪᠠᠶᠢᠭᠰᠠᠨ ᠪᠠ ᠰᠡᠬᠦᠯᠴᠢ ᠶᠢᠨ ᠵᠢᠯ ᠢᠶᠠᠷ ᠬᠠᠮᠲᠤ ᠠᠵᠢᠯᠯᠠᠭᠴᠢ | ᠪᠤᠯᠤᠭᠰᠠᠨ ᠤ ᠲᠠᠷᠠᠭᠠᠬᠢ ᠤᠴᠢᠷ ᠲᠤᠬᠠᠢ ᠪᠠᠷ ᠬᠠᠷᠠᠭᠠᠰᠤ ᠪᠤᠯᠭᠠᠨ᠂ ᠦᠵᠡᠭᠰᠡᠨ ᠬᠠᠷᠠᠭᠰᠠᠨ ᠦᠯᠢᠭᠡᠷ ᠤᠨ ᠪᠢᠰᠢ | ᠤᠶᠢᠯᠡ ᠶᠠᠪᠤᠲᠠᠯ ᠢᠶᠠᠷ ᠦᠷᠤᠭᠡᠯ ᠤᠨ ᠨᠢᠲᠤᠨ ᠳᠤ ᠬᠢ ᠤ ᠪᠠᠭᠰᠢ ᠪᠠᠨ ᠵᠢᠷᠤᠭᠯᠠᠵᠤ᠂ ᠰᠡᠳᠬᠢᠯ ᠤᠨ | ᠬᠦᠨᠲᠤᠳᠬᠡᠯ ᠢᠶᠠᠨ ᠲᠡᠪᠰᠢᠬᠦᠯᠬᠦ ᠶᠢ ᠰᠠᠨᠠᠵᠤ ᠪᠢᠯᠡ᠃ | ᠤ ᠪᠠᠭᠰᠢ ᠮᠠᠨᠢ ᠤᠤᠯ ᠳᠤ ᠪᠠᠨ ᠪᠠᠷᠢᠭᠠᠲᠠ ᠶᠢᠨ ᠰᠤᠷᠭᠠᠭᠤᠯᠢ ᠳᠤ 11 ᠵᠢᠯ ᠪᠠᠭᠰᠢᠯᠠᠵᠣ | ᠪᠠᠶᠢᠭᠰᠠᠨ ᠠᠴᠠ ᠪᠠᠨ 1981 ᠤᠨ ᠳᠤ ᠵᠤᠬᠢᠶᠠᠨ ᠪᠠᠶᠢᠭᠤᠯᠤᠯᠲᠠ ᠶᠢᠨ ᠲᠤᠬᠢᠷᠠᠭᠤᠯᠤᠯᠲᠠ ᠪᠠᠷ ᠬᠦᠪᠡᠭᠡᠲᠤ ᠰᠢᠷ᠎ᠠ | ᠬᠤᠰᠢᠭᠤᠨ ᠤ ᠮᠤᠩᠭᠤᠯ ᠦᠨᠲᠤᠰᠤᠲᠡᠨ ᠤ ᠲᠤᠮᠲᠠᠲᠤ ᠰᠤᠷᠭᠠᠭᠤᠯᠢ ᠳᠤ ᠠᠵᠢᠯ ᠰᠢᠯᠵᠢᠵᠤ ᠢᠷᠡᠭᠡᠳ 2004 | ᠤᠨ ᠳᠤ ᠠᠵᠢᠯ ᠤᠨ ᠠᠮᠠᠷᠠᠯᠲᠠ ᠪᠠᠨ ᠠᠪᠬᠤ ᠪᠤᠯᠲᠠᠯ᠎ᠠ ᠰᠤᠷᠭᠠᠭᠤᠯᠢ ᠶᠢᠨ ᠠᠷᠤ ᠲᠠᠯ᠎ᠠ ᠶᠢᠨ ᠰᠠᠩ ᠬᠠᠮᠢᠶᠠᠷᠤᠭᠴᠢ᠂ | ᠲᠤᠭᠤᠭᠠᠨ ᠭᠡᠷ ᠤᠨ ᠬᠠᠮᠢᠶᠠᠷᠤᠯᠲᠠ ᠶᠢᠨ ᠠᠵᠢᠯ ᠤᠨ ᠪᠠᠶᠢᠷᠢ ᠠᠴᠠ ᠲᠦᠬᠡ ᠰᠠᠯᠵᠤ ᠦᠵᠡᠭᠡ ᠦᠭᠡᠢ᠂ ᠲᠦᠪ | ᠴᠢᠩᠭ᠎ᠠ᠂ ᠬᠠᠷᠢᠭᠤᠴᠠᠯᠭᠠᠲᠤ ᠰᠤᠷᠲᠠᠯ ᠢᠶᠠᠷ ᠠᠵᠢᠯ ᠶᠠᠪᠤᠲᠠᠯ ᠳᠤ ᠪᠠᠨ ᠭᠠᠪᠰᠢᠭᠠᠶᠢᠯᠠᠵᠤ᠂ ᠪᠠᠶᠢᠷᠢ ᠶᠢᠨ ᠠᠮᠢᠲᠤᠷᠠᠯ ᠢ | ᠲᠦᠰᠢᠵᠤ᠂ ᠰᠤᠷᠭᠠᠭᠤᠯᠢ ᠰᠤᠶᠤᠯ ᠤᠨ ᠮᠦᠷ ᠢ ᠬᠦᠭᠡᠭᠡᠵᠤ ᠡᠷᠲᠡᠮ ᠨᠤᠮ ᠤᠨ ᠰᠢᠮ᠎ᠡ ᠶᠢ ᠬᠦᠷᠲᠡᠭᠰᠡᠨ | ᠬᠡᠤᠬᠡᠳ ᠤᠳ ᠲᠤ ᠪᠤᠯ ᠨᠡᠷ᠎ᠡ ᠦᠭᠡᠢ ︽ᠡᠵᠢ︾ ᠨᠢ ᠪᠤᠯᠵᠤ ᠶᠠᠪᠤᠭᠰᠠᠨ ᠪᠠᠭᠰᠢ ᠬᠦᠮᠤᠨ ᠤ ᠨᠢᠬᠡ ᠪᠠᠶᠢᠭ᠎ᠠ᠃ | ᠬᠤᠶᠢᠨ᠎ᠡ ᠡᠮᠤᠨ᠎ᠡ ᠨᠠᠢᠮᠠᠨ ᠵᠠᠬᠢᠷᠤᠯ ᠤᠨ ᠬᠠᠯᠠᠭ᠎ᠠ ᠰᠤᠯᠢᠭᠠ ᠶᠢ ᠦᠩᠭᠡᠷᠡᠬᠦᠯᠵᠤ ᠢᠷᠡᠬᠦ ᠳᠤ ᠪᠠᠨ ᠠᠯᠢᠨ ᠳᠤ ᠨᠢ ᠴᠤ | ᠪᠤᠯᠤᠭ᠂ ᠵᠡᠬᠦᠨ ᠪᠠᠷᠠᠭᠤᠨ ᠭᠠᠷ ᠤᠨ ᠬᠢᠨᠢ ︽ᠰᠢᠲᠠᠷ ᠲᠤᠰᠠᠯᠠᠭᠴᠢ︾ ᠪᠠᠷ ᠮᠡᠲᠡᠷᠡᠭᠲᠡᠵᠤ ᠶᠠᠪᠤᠭᠰᠠᠨ ᠲᠠᠷᠡ ᠮᠠᠨᠢ | ᠨᠠᠶᠠᠭᠠᠳ ᠤᠨ ᠤ ᠰᠤᠷᠤᠭᠴᠢᠳ ᠤᠨ ᠤᠢ ᠲᠤᠶ ᠳᠤ ᠪᠤᠯ ︽ᠲᠤᠭᠤᠭᠠᠴᠢ ᠠᠪᠤ︾᠂ ᠶᠡᠷᠡᠭᠡᠳ ᠤᠨ ᠪᠠ ᠰᠢᠨ᠎ᠡ | ᠮᠢᠩᠭᠠᠨ ᠤ ᠡᠬᠢᠨ ᠤ ᠵᠢᠯ ᠤᠨ ᠰᠤᠷᠤᠭᠴᠢᠳ ᠤᠨ ᠨᠢᠲᠤᠨ ᠳᠤ ᠪᠤᠯ ︽ᠲᠤᠭᠤᠭᠠᠴᠢ ᠡᠪᠦᠭᠡ︾ ᠶᠢᠨ ᠲᠤᠷᠠᠰᠤᠮᠵᠢ ᠲᠠᠢ | ᠶᠠᠪᠤᠵᠤ ᠢᠷᠡᠭᠰᠡᠨ ᠠᠬᠠᠮᠠᠳ ᠪᠤᠭᠤᠷᠤᠯ ᠪᠤᠯᠬᠤ ᠶᠤᠰᠤᠲᠠᠢ᠃ ᠶᠡᠷᠢᠶᠡᠨ ᠦᠭᠡᠢ ᠲᠡᠳᠡᠭᠡᠷ ᠰᠣᠷᠣᠭᠴᠢ ᠶᠢᠨ ᠲᠣᠮᠳᠠ | ᠪᠢ ᠴᠤ ᠪᠠᠭᠲᠠᠵᠤ ᠪᠠᠶᠢᠭ᠎ᠠ ᠶᠤᠮ᠃ | ᠲᠡᠶᠢᠮᠤ ᠪᠤᠯᠬᠤᠷ ᠬᠤᠷᠢᠨ ᠬᠡᠲᠤᠨ ᠵᠢᠯ ᠤᠨ ᠲᠤᠷᠰᠢ ᠪᠠᠭᠰᠢ ᠰᠤᠷᠤᠭᠴᠢᠳ ᠤᠨ ᠢᠶᠠᠨ ᠣᠶᠣᠨ ᠣᠬᠠᠭᠠᠨ ᠳᠤ | ᠤᠨᠢᠰᠤᠲᠠᠢ ᠪᠠᠭᠰᠢ ᠪᠤᠯ ︽ᠴᠡᠪᠡᠷ ᠨᠢᠮᠪᠠᠢ᠂ ᠴᠢᠩᠭ᠎ᠠ ᠲᠦᠪᠯᠡᠬᠦᠨ᠂ ᠴᠢᠬᠡᠴᠢ ᠰᠢᠲᠤᠷᠭᠤ᠂ ᠠᠵᠢᠯᠴᠢ ᠠᠷᠪᠢᠴᠢ᠂ | ᠲᠡᠰᠪᠤᠷᠢ ᠲᠠᠭᠠᠭᠠᠴᠠ︾ ᠪᠠᠷ ᠦᠪᠡᠷ ᠢ ᠪᠠᠨ ᠱᠤᠭᠤᠭᠰᠠᠨ ᠦᠷᠭᠡᠨ ᠨᠦᠯᠤᠭᠡ᠂ ᠦᠯᠡᠮᠵᠢ ᠲᠤᠰᠬᠠᠯ ᠲᠠᠢ ᠨᠢᠭᠡᠨ | ᠠᠬᠠᠮᠠᠳ ᠤᠨ ᠲᠦᠷᠢ ᠪᠠᠷ ᠲᠠᠨᠢᠭᠳᠠᠭᠰᠠᠨ᠂ ᠵᠥᠪᠭᠡᠨ ᠤᠲᠤ ᠯᠠ ᠪᠢᠰᠢ ᠬᠠᠷᠢᠨ ᠡᠬᠦᠷᠢᠲᠡ ᠶᠢᠨ ᠲᠦᠷᠢ ᠪᠤᠯᠬᠤ | ᠤᠴᠢᠷᠲᠠᠢ᠃ | | | ᠦᠯᠢᠭᠡᠷ ᠨᠢᠬᠡ | | | 1982 ᠤᠨ ᠤ ᠨᠠᠮᠤᠷ᠂ ᠬᠦᠪᠡᠭᠡᠲᠤ ᠰᠢᠷ᠎ᠠ ᠬᠤᠰᠢᠭᠤᠨ ᠤ ᠮᠤᠩᠭᠤᠯ ᠦᠨᠲᠤᠰᠤᠲᠡᠨ ᠤ ᠲᠤᠮᠲᠠᠲᠤ | ᠰᠤᠷᠭᠠᠭᠤᠯᠢ ᠶᠢᠨ ᠠᠩᠬ᠎ᠠ ᠵᠡᠷᠭᠡ ᠶᠢᠨ ᠲᠤᠮᠳᠠᠳᠤ ᠰᠤᠷᠭᠠᠭᠤᠯᠢ ᠶᠢᠨ ᠨᠢᠭᠡᠲᠤᠭᠡᠷ ᠤᠨ ᠳᠤ ᠲᠠᠪᠰᠢᠨ ᠤᠷᠤᠭᠰᠠᠨ ᠪᠢ | ᠭᠡᠷ ᠤᠨ ᠠᠬᠠᠮᠠᠳ ᠤᠨ ᠢᠶᠠᠨ ᠲᠠᠭᠠᠭᠤᠯᠭ᠎ᠠ ᠪᠠᠷ᠂ ᠶᠠᠭᠤᠨ ᠤ ᠲᠡᠷᠢᠬᠦᠨ ᠳᠤ ᠪᠠᠶᠢᠷᠢ ᠶᠢᠨ ᠭᠡᠷ᠂ ᠬᠢᠴᠢᠶᠠᠯ ᠤᠨ | ᠭᠡᠷ ᠢᠶᠠᠨ ᠲᠠᠨᠢᠵᠤ ᠠᠪᠤᠭᠰᠠᠨ ᠤ ᠲᠠᠷᠠᠭ᠎ᠠ ᠰᠤᠷᠭᠠᠭᠤᠯᠢ ᠶᠢᠨ ᠬᠤᠭᠤᠯᠠᠨ ᠪᠢᠯᠧᠲ ᠠᠪᠴᠤ᠂ ᠬᠤᠭᠤᠯᠠ ᠪᠤᠲᠠᠭᠠᠨ ᠤ | ᠭᠡᠷᠡᠴᠢ ᠲᠡᠮᠲᠡᠭ ᠤᠨ ᠪᠠᠲᠤᠯᠠᠭ᠎ᠠ ᠰᠤᠯᠢᠵᠤ ᠠᠪᠤᠭᠰᠠᠨ ᠢᠶᠠᠨ ᠤᠲᠤ ᠴᠤ ᠭᠡᠳ ᠪᠦᠤᠷ ᠲᠦᠤᠷ ᠴᠡᠭᠡᠵᠢᠯᠡᠵᠥ ᠪᠠᠶᠢᠨ᠎ᠠ᠃ | ᠲᠡᠷᠡ ᠦᠶ᠎ᠡ ᠳᠤ ᠪᠢ ᠬᠤᠰᠢᠭᠤᠨ ᠲᠦᠪ ᠲᠤ ᠠᠩᠬ᠎ᠠ ᠢᠷᠡᠵᠤ ᠪᠠᠶᠢᠬᠤ ᠶᠢᠨ ᠲᠡᠭᠡᠷ᠎ᠡ ᠲᠠᠨᠢᠵᠤ ᠮᠡᠲᠡᠬᠦ ᠬᠠᠮᠲᠤ | ᠰᠤᠷᠤᠭᠴᠢ ᠲᠤᠭ᠎ᠠ ᠲᠠᠢ ᠨᠢᠭᠡ ᠬᠤᠶᠠᠷ ᠪᠠᠶᠢᠵᠤ᠂ ᠶᠤᠰᠤᠲᠠᠢ ᠰᠤᠷᠭᠠᠭᠤᠯᠢ ᠶᠢᠨ ᠮᠠᠨᠢ ᠶᠠᠭᠤ ᠪᠦᠬᠦᠨ ᠰᠢᠨ᠎ᠡ | ᠰᠡᠪᠡᠬᠦᠨ ᠰᠤᠨᠢᠷᠬᠠᠯ ᠲᠠᠢ ᠰᠠᠨᠠᠭᠲᠠᠵᠤ ᠪᠠᠶᠢᠯ᠎ᠠ᠃ ᠬᠠᠷᠢᠨ ᠰᠠᠨᠠᠭᠠᠨ ᠠᠴᠠ ᠭᠠᠷᠲᠠᠭ ᠦᠭᠡᠢ ᠨᠢᠭᠡ ᠤᠴᠢᠷ ᠭᠡᠪᠡᠯ᠂ | ᠠᠷᠪᠠᠨ ᠮᠦᠩᠬᠦ᠂ ᠬᠤᠷᠢᠨ ᠮᠦᠩᠬᠦ᠂ ᠲᠡᠪᠢᠨ ᠮᠦᠩᠬᠦ᠂ ᠨᠢᠭᠡ ᠲᠦᠬᠦᠷᠢᠭ ᠤᠨ ᠬᠤᠭᠤᠯᠠᠨ ᠪᠢᠯᠧᠲ ᠲᠡᠭᠡᠷᠡᠬᠢ | ︽ᠤᠨᠢᠰᠤᠲᠠᠢ︾ ᠭᠡᠰᠡᠨ ᠲᠠᠮᠠᠭ᠎ᠠ ᠶᠢᠨ ᠲᠠᠷᠤᠳᠠᠰᠤ ᠦᠰᠦᠭ ᠨᠢ ᠬᠡᠤᠬᠡᠳ ᠨᠠᠰᠤᠨ ᠤ ᠨᠡᠳᠡ ᠶᠡᠬᠡᠲᠡ ᠭᠠᠶᠢᠬᠠᠯᠲᠠᠢ | ᠰᠠᠨᠠᠭᠲᠠᠭᠰᠠᠨ ᠢᠶᠠᠷ ᠡᠨᠡ ᠭᠦ ᠪᠢᠯᠧᠲ ᠨᠢ ᠵᠤᠭᠤᠰ ᠮᠦᠩᠬᠦ ᠠᠴᠠ ᠢᠯᠡᠬᠦᠤ ︽ᠤᠨᠢᠰᠤ ᠴᠤᠤᠵᠢ ᠲᠠᠢ ᠴᠢᠩᠭ᠎ᠠ | ᠬᠠᠮᠢᠶᠠᠷᠤᠯᠲᠠ ᠲᠠᠢ ᠶᠠᠭᠤᠮ᠎ᠠ ᠪᠠᠶᠢᠨ᠎ᠠ︾ ᠬᠡᠮᠡᠨ ᠤᠶᠢᠯᠠᠭᠠᠬᠤ ᠳᠤ ᠪᠠᠨ ᠮᠠᠰᠢ ᠨᠠᠨᠲᠢᠩᠨᠡᠨ ᠦᠵᠡᠵᠤ ᠬᠠᠶᠠᠵᠤ ᠭᠡᠭᠡᠬᠦ | ᠪᠠᠶᠢᠲᠤᠭᠠᠢ ᠨᠣᠬᠤᠴᠢᠵᠣ ᠣᠷᠠᠬᠤ ᠠᠴᠠ ᠬᠦᠷᠲᠡᠯ᠎ᠡ ᠬᠢᠴᠢᠶᠡᠳᠡᠭ ᠪᠠᠶᠢᠯ᠎ᠠ᠃ ᠲᠡᠷᠡ ᠨᠢ ᠶᠠᠭ ᠤᠨᠢᠰᠤᠲᠠᠢ ᠪᠠᠭᠰᠢ | ᠤᠩᠭᠤᠨ ᠠᠭᠤᠯᠠ ᠨᠢᠭᠡᠲᠤᠯ ᠤᠨ ᠪᠤᠩᠬᠤᠨ ᠭᠤᠤᠯ ᠪᠠᠷᠢᠭᠠᠲᠠ ︵ᠲᠡᠷᠡ ᠦᠶ᠎ᠡ ᠳᠤ ᠰᠤᠮᠤ ᠭᠠᠴᠠᠭ᠎ᠠ ᠶᠢᠨ ᠢᠩᠬᠢᠵᠤ | ᠲᠠᠭᠤᠲᠠᠵᠤ ᠪᠠᠶᠢᠭᠰᠠᠨ︶ ᠶᠢᠨ ᠰᠤᠷᠭᠠᠭᠤᠯᠢ ᠶᠢᠨ ᠪᠠᠭᠰᠢ ᠶᠢᠨ ᠠᠵᠢᠯ ᠠᠴᠠ ᠪᠠᠨ ᠮᠠᠨ ᠤ ᠰᠤᠷᠭᠠᠭᠤᠯᠢ ᠶᠢᠨ | ᠲᠤᠭᠤᠭᠠᠨ ᠭᠡᠷ ᠤᠨ ᠰᠠᠩ ᠬᠠᠮᠢᠶᠠᠷᠤᠭᠴᠢ᠂ ᠠᠷᠤ ᠲᠡᠯ᠎ᠡ ᠶᠢᠨ ᠠᠵᠢᠯ ᠤᠨ ᠬᠠᠮᠢᠶᠠᠷᠤᠯᠲᠠ ᠶᠢᠨ ᠠᠵᠢᠯ ᠤᠨ | ᠪᠠᠶᠢᠷᠢᠨ ᠳᠤ ᠰᠢᠯᠵᠢᠵᠤ ᠢᠷᠡᠭᠡᠳ ᠲᠢᠭ ᠲᠠᠭ ᠲᠦᠷᠢᠮᠵᠢᠭᠰᠡᠨ ᠨᠢᠮᠪᠡᠢ ᠬᠠᠮᠢᠶᠠᠷᠤᠯᠲᠠ ᠲᠠᠢ ᠪᠠᠷ ᠠᠵᠢᠯ ᠢᠶᠠᠨ | ᠡᠬᠢᠯᠡᠬᠦᠯᠵᠤ ᠪᠠᠶᠢᠭᠰᠠᠨ ᠢ ᠬᠡᠵᠢᠶ᠎ᠡ ᠰᠡᠬᠦᠯ ᠳᠤ ᠮᠡᠲᠡᠵᠤ ᠪᠢᠯᠡ᠃ ᠲᠡᠭᠡᠭᠡᠳ ᠯᠡ ᠪᠢ ᠡᠨᠡ ᠭᠦ ᠬᠤᠭᠤᠯᠠᠨ ᠪᠢᠯᠧᠲ | ᠲᠡᠭᠡᠷᠡᠬᠢ ︽ᠤᠨᠢᠰᠤᠲᠠᠢ︾ ᠭᠡᠰᠡᠨ ᠨᠡᠷ᠎ᠡ ᠪᠠᠷ ᠨᠢ ᠠᠯᠭᠤᠷ ᠠᠭᠠᠵᠢᠮ ᠳᠤ ᠪᠠᠨ ᠤ ᠪᠠᠭᠰᠢ ᠪᠠᠨ ᠮᠡᠲᠡᠵᠤ ᠠᠪᠤᠭᠰᠠᠨ | ᠤᠬᠠᠭᠠᠨ ᠲᠠᠢ ᠶᠤᠮ᠃ ᠠᠷᠪᠠᠨ ᠬᠡᠲᠤᠨ ᠵᠢᠯ ᠤᠨ ᠲᠠᠷᠠᠭ᠎ᠠ᠂ 1998 ᠤᠨ ᠳᠤ ᠪᠢ ᠠᠵᠢᠯ ᠰᠢᠯᠵᠢᠵᠤ ᠡᠬᠡ | ᠰᠤᠷᠭᠠᠭᠤᠯᠢ ᠳᠤ ᠪᠠᠨ ᠪᠠᠭᠰᠢᠯᠠᠬᠤ ᠪᠠᠷ ᠢᠷᠡᠬᠦ ᠳᠤ ᠤᠨᠢᠰᠤᠲᠠᠢ ᠪᠠᠭᠰᠢ ᠮᠠᠨᠢ ᠮᠦᠨ ᠯᠡ ᠤᠤᠯ ᠠᠵᠢᠯ ᠤᠨ | ᠪᠠᠶᠢᠷᠢᠨ ᠳᠤ ᠪᠠᠨ ᠵᠢᠷᠠ ᠶᠢᠨ ᠲᠠᠪᠠᠭ᠎ᠠ ᠶᠢ ᠲᠦᠬᠦᠴᠢᠬᠡᠭᠰᠡᠨ ᠠᠬᠠᠮᠠᠳ ᠲᠤᠮᠤᠭᠠᠲᠠᠢ ᠪᠠᠭᠰᠢ ᠨᠡᠷ ᠤᠨ ᠡᠩᠨᠡᠭᠡᠨ ᠳᠤ | ᠤᠷᠤᠭᠰᠠᠨ ᠪᠤᠯᠪᠠᠴᠤ ᠵᠠᠯᠠᠭᠤ᠂ ᠢᠲᠡᠷ ᠲᠤᠭᠤᠭᠠᠴᠢ ᠨᠡᠷ ᠲᠠᠢ ᠪᠠᠨ ᠮᠦᠷᠤ ᠵᠡᠷᠭᠡᠴᠡᠨ ᠦᠷ ᠤᠨ ᠭᠡᠭᠡ ᠲᠠᠢ | ᠤᠷᠤᠯᠲᠤᠨ᠂ ᠠᠷᠭᠠᠯ ᠨᠡᠬᠦᠷᠡᠰᠤ ᠬᠡᠲᠡᠯ᠎ᠡ ᠭᠤᠯᠢᠷ ᠪᠤᠲᠠᠭ᠎ᠠ᠂ ᠮᠢᠬ᠎ᠠ ᠲᠤᠰᠤ᠂ ᠨᠤᠭᠤᠭ᠎ᠠ ᠴᠠᠭ᠎ᠠ ᠭᠡᠳ ᠡᠲᠤᠷ ᠤᠨ | ᠮᠠᠷᠭᠠᠰᠢ ᠬᠢᠵᠤ ᠪᠠᠷᠠᠲᠠᠭ ᠦᠭᠡᠢ ᠦᠨᠤᠬᠢ ᠠᠵᠢᠯ ᠲᠠᠢ ᠪᠠᠨ ᠵᠢᠭᠤᠷᠠᠯᠲᠤᠨ ᠨᠤᠴᠤᠯᠲᠤᠵᠤ᠂ ᠵᠠᠷᠢᠮ ᠳᠤ ᠪᠠᠨ | ᠬᠦᠭᠡᠷᠤᠬᠦᠢ᠂ ᠬᠦᠯᠤᠰᠤ ᠪᠠᠨ ᠭᠤᠭᠤᠵᠢᠭᠤᠯᠣᠨ ᠵᠥᠳᠡᠷᠡᠯᠳᠡᠢ ᠠᠵᠢᠯᠯᠠᠬᠤ ᠶᠢ ᠨᠢ ᠥᠵᠡᠵᠥ ᠬᠠᠷᠠᠭᠰᠠᠨ ᠪᠢᠲᠡ ᠨᠡᠷ᠄ | ︽ᠤ ᠪᠠᠭᠰᠢ ᠡ︕ ᠶᠠᠲᠠᠷᠠᠵᠤ ᠪᠠᠶᠢᠬᠤ ᠦᠭᠡᠢ ᠤᠤ︖ ᠵᠢᠭᠠᠬᠠᠨ ᠠᠮᠤᠰᠬᠢᠭᠠᠳ ᠠᠪᠬᠤ ᠦᠭᠡᠢ ᠤᠤ︖︾ ᠭᠡᠵᠤ | ᠬᠦᠨᠲᠤᠳᠬᠡᠯ ᠲᠡᠪᠰᠢᠬᠦᠯᠤᠨ ᠬᠠᠯᠠᠮᠵᠢᠯᠠᠨ ᠠᠰᠠᠭᠤᠬᠤ ᠳᠤ᠄ ︽ᠬᠢᠭᠡᠳ ᠲᠠᠳᠴᠢᠬᠠᠭᠰᠠᠨ ᠠᠵᠢᠯ ᠶᠤᠮ ᠴᠢᠨᠢ᠂ ᠶᠠᠳᠠᠷᠠᠮᠠᠷ | ᠶᠠᠭᠤᠮ᠎ᠠ ᠥᠬᠡᠢ᠂ ᠶᠠᠭᠤ ᠯᠡ ᠪᠠᠶᠢᠬᠤᠪ︕︾ ᠭᠡᠳ ᠨᠠᠭᠠᠲᠤᠮ ᠦᠨᠡᠨ ᠤ ᠬᠤᠭᠤᠷᠤᠨᠲᠤ ᠬᠡᠯᠡᠵᠥ᠂ ᠬᠢᠲᠡᠭ ᠢᠶᠠᠨ ᠬᠢᠵᠤ | ᠯᠠ ᠶᠠᠪᠣᠳᠠᠭ ᠨᠢ ᠦᠨᠡᠨ ᠪᠢᠰᠢᠷᠡᠬᠦᠰᠢᠳᠡᠢ᠂ ᠬᠦᠨᠲᠤᠳᠬᠡᠬᠦᠰᠢᠲᠠᠢ ᠰᠠᠨᠠᠭᠳᠠᠳᠠᠭ᠃ | | | ᠦᠯᠢᠭᠡᠷ ᠬᠤᠶᠠᠷ | | | ᠲᠡᠭᠡᠷ᠎ᠡ ᠵᠠᠭᠤᠨ ᠤ ᠨᠠᠶᠠ᠂ ᠶᠡᠷᠡᠭᠡᠳ ᠣᠨ ᠤ ᠥᠶ᠎ᠡ ᠳᠤ ᠪᠠᠶᠢᠷᠢ ᠶᠢᠨ ᠬᠡᠥᠭᠡᠳ ᠤᠨ ᠬᠤᠭᠤᠯᠠ | ᠬᠥᠨᠡᠰᠥᠨ ᠤ ᠠᠰᠠᠭᠤᠳᠠᠯ ᠪᠣᠯ ᠰᠣᠷᠭᠠᠭᠤᠯᠢ ᠶᠢᠨ ᠨᠢᠬᠡ ᠲᠣᠮᠣ ᠣᠴᠢᠷ ᠪᠠᠶᠢᠭᠰᠠᠨ ᠭᠡᠭᠦ ᠳᠤ ᠠᠬᠠᠳᠠᠬᠤ ᠥᠬᠡᠢ᠃ | ᠣᠴᠢᠷ ᠨᠢ ᠰᠣᠷᠭᠠᠭᠤᠯᠢ ᠶᠢᠨ ᠵᠠᠷᠣᠳᠠᠯ ᠵᠤᠭ᠎ᠠ ᠶᠡᠭᠡᠳᠡᠢ ᠲᠡᠭᠡᠷ᠎ᠡ ᠣᠯᠣᠰ ᠠᠴᠠ ᠥᠭᠭᠦ ᠨᠥᠭᠦᠪᠥᠷᠢ ᠮᠥᠩᠬᠦ ᠡᠨᠡ | ᠲᠡᠷᠡ ᠲᠣᠩ ᠬᠤᠮᠰᠠᠬᠠᠨ ᠲᠣᠯᠠ ᠬᠡᠥᠭᠡᠳ ᠤᠳ ᠤᠨ ᠭᠡᠷ ᠤᠨ ᠠᠬᠠᠮᠠᠳ ᠲᠤ ᠲᠥᠰᠢᠭᠯᠡᠵᠥ ᠡᠪᠥᠯ ᠤᠨ ᠢᠳᠡᠰᠢ | ᠣᠣᠭᠤᠰᠢ ᠪᠠᠨ ᠠᠷᠭᠠᠴᠠᠳᠠᠭ ᠪᠠᠶᠢᠭᠰᠠᠨ ᠶᠤᠮ᠃ ᠵᠢᠯ ᠪᠣᠯᠭᠠᠨ ᠤ ᠨᠠᠮᠣᠷ ᠤᠨ ᠰᠡᠬᠦᠯᠴᠢ᠂ ᠡᠪᠥᠯ ᠤᠨ ᠡᠬᠢ ᠪᠠᠷ | ᠪᠠᠶᠢᠷᠢ ᠶᠢᠨ ᠬᠡᠥᠭᠡᠳ ᠪᠥᠷᠢ ᠶᠢᠨ ᠬᠡᠷ ᠤᠨ ᠠᠬᠠᠮᠠᠳ ᠨᠢᠬᠡ ᠠᠮᠢᠳᠣ ᠬᠤᠨᠢ ᠪᠠᠨ ᠰᠣᠷᠭᠠᠭᠤᠯᠢ ᠶᠢᠨ ᠠᠷᠣ ᠲᠠᠯ᠎ᠠ ᠳᠤ | ᠲᠣᠰᠢᠶᠠᠵᠣ᠂ ᠲᠣᠭᠤᠭᠠᠨ ᠭᠡᠷ ᠤᠨ ᠮᠢᠬ᠎ᠠ ᠱᠥᠯᠥᠨ ᠤ ᠢᠷᠡᠯᠳᠡ ᠶᠢ ᠪᠠᠳᠣᠯᠠᠨ ᠬᠡᠥᠭᠡᠳ ᠤᠨ ᠡᠪᠥᠯ ᠤᠨ | ᠬᠥᠨᠡᠰᠥᠨ ᠤ ᠠᠰᠠᠭᠤᠳᠠᠯ ᠢ ᠰᠢᠢᠳᠪᠥᠷᠢᠯᠡᠵᠥ᠂ ᠲᠣᠷᠠᠳᠠᠶᠠ ᠲᠣᠰᠠᠯᠠᠮᠵᠢ ᠬᠠᠩᠭᠠᠳᠠᠭ᠃ ᠬᠡᠬᠦ ᠳᠤ ᠵᠢᠯ ᠪᠣᠯᠭᠠᠨ ᠤ ᠶᠠᠭ | ᠯᠠ ᠲᠡᠷᠡ ᠥᠶ᠎ᠡ ᠪᠣᠯ ᠣᠨᠢᠰᠣᠳᠠᠢ ᠪᠠᠭᠰᠢ ᠶᠢ ᠪᠠᠭᠳᠠᠭᠠᠭᠰᠠᠨ ᠲᠣᠬᠠᠢ ᠶᠢᠨ ᠥᠶ᠎ᠡ ᠶᠢᠨ ᠲᠣᠭᠤᠭᠠᠨ ᠭᠡᠷ ᠤᠨ | ᠠᠵᠢᠯᠳᠠᠳ ᠤᠨ ᠬᠠᠮᠤᠭ ᠤᠨ ᠶᠠᠭᠠᠷᠠᠯᠳᠠᠢ ᠥᠶ᠎ᠡ ᠪᠠᠶᠢᠵᠣ ᠰᠣᠷᠭᠠᠭᠤᠯᠢ ᠶᠢᠨ ᠬᠡᠥᠭᠡᠳ ᠤᠨ ᠡᠪᠥᠯ ᠤᠨ ᠢᠳᠠᠰᠢ ᠶᠢ | ᠲᠥᠪᠬᠢᠨᠡᠬᠦᠯᠬᠦ ᠠᠵᠢᠯ ᠳᠤ ᠮᠣᠩᠭᠠᠨᠢᠳᠠᠭ᠃ ᠵᠠᠷᠢᠮ ᠵᠢᠯ ᠳᠤ ᠪᠠᠨ ᠪᠠᠶᠢᠷᠢ ᠶᠢᠨ ᠬᠡᠥᠭᠡᠳ ᠤᠨ ᠲᠤᠭ᠎ᠠ ᠣᠯᠠᠨ ᠪᠣᠯ | ᠭᠤᠷᠪᠠ ᠲᠥᠷᠪᠡᠨ ᠵᠠᠭᠤᠨ ᠬᠤᠨᠢ ᠶᠢ ᠡᠳᠥᠷ ᠪᠣᠯᠭᠠᠨ ᠰᠣᠷᠣᠭᠴᠢᠳ ᠤᠨ ᠢᠶᠠᠨ ᠬᠤᠭᠤᠯᠠ ᠴᠠᠢ ᠶᠢᠨ ᠠᠵᠢᠯ ᠢ | ᠵᠠᠪᠳᠣᠭᠤᠯᠬᠤ ᠶᠢᠨ ᠵᠡᠷᠭᠡᠴᠡᠭᠡ ᠪᠠᠷ ᠲᠣᠭᠤᠭᠠᠴᠢ ᠠᠵᠢᠯᠳᠠᠨ ᠢᠶᠠᠨ ᠲᠠᠭᠠᠭᠤᠯᠵᠣ ᠬᠤᠨᠢ ᠨᠢᠳᠣᠯᠵᠣ ᠪᠠᠵᠠᠭᠠᠬᠤ᠂ | ᠭᠡᠳᠡᠰᠥ ᠬᠥᠵᠡᠭᠡ ᠶᠢ ᠨᠢ ᠣᠬᠢᠶᠠᠵᠣ ᠠᠷᠢᠯᠭᠠᠬᠤ᠂ ᠥᠶ᠎ᠡ ᠮᠥᠴᠢ ᠪᠠᠷ ᠨᠢ ᠲᠣᠶᠠᠴᠢᠵᠣ ᠰᠠᠯᠭᠠᠬᠤ᠂ ᠱᠣᠯᠣᠵᠣ | ᠪᠣᠷᠴᠠᠯᠠᠬᠤ ᠬᠡᠳ ᠰᠠᠷ᠎ᠠ ᠬᠤᠷᠢᠨ ᠬᠤᠨᠤᠭ ᠢᠶᠠᠷ ᠡᠳᠥᠷ ᠤᠨ ᠠᠷᠪᠠ ᠭᠠᠷᠣᠢ ᠬᠤᠨᠢ ᠶᠢ ᠲᠥᠬᠦᠭᠡᠷᠣᠨ ᠰᠣᠨᠳᠠᠯᠠ ᠪᠠᠨ | ᠣᠷᠣᠯᠳᠣᠳᠠᠭ ᠪᠠᠶᠢᠵᠠᠢ᠃ ᠲᠡᠳᠡᠭᠡᠷ ᠠᠵᠢᠯ ᠢ ᠨᠢ ᠣᠳᠣ ᠪᠠᠷ ᠪᠣᠳᠣᠪᠠᠯ ᠨᠢᠬᠡ ᠬᠥᠯᠳᠡᠬᠡᠬᠦ ᠬᠥᠮᠥᠷᠭᠡᠨ ᠤ | ᠠᠵᠢᠯ ᠠᠴᠠ ᠲᠣᠣᠷᠠᠳᠠᠬᠤ ᠥᠬᠡᠢ ᠯᠠ ᠪᠠᠶᠢᠵᠠᠢ ᠳ᠋ᠠ᠃ ᠲᠡᠭᠡᠭᠦ ᠪᠠᠷ ᠪᠠᠷᠠᠬᠤ ᠥᠬᠡᠢ ᠡᠯᠬᠦᠵᠣ ᠬᠠᠳᠠᠭᠠᠬᠤ᠂ | ᠬᠠᠳᠠᠭᠠᠯᠠᠵᠣ ᠬᠥᠮᠥᠷᠭᠡᠯᠡᠬᠦ᠂ ᠲᠠᠷᠠᠭ᠎ᠠ ᠵᠢᠯ ᠤᠨ ᠬᠠᠪᠣᠷ ᠵᠣᠨ ᠢ ᠵᠠᠯᠭᠠᠳᠠᠯᠠ ᠰᠣᠷᠣᠭᠴᠢᠳ ᠤᠨ ᠬᠤᠭᠤᠯᠠᠨ ᠤ ᠮᠢᠬ᠎ᠠ | ᠲᠣᠰᠣ ᠶᠢ ᠲᠡᠩᠴᠡᠬᠦᠯᠵᠣ ᠲᠣᠬᠢᠷᠠᠭᠤᠯᠣᠨ ᠵᠣᠬᠢᠴᠠᠭᠤᠯᠬᠤ ᠭᠡᠳ ᠠᠷᠣ ᠠᠷᠣ ᠠᠴᠠ ᠪᠠᠨ ᠬᠥᠪᠥᠷᠡᠭᠰᠡᠨ ᠣᠯᠠᠨ | ᠠᠵᠢᠯ ᠢ ᠣᠨᠢᠰᠣᠳᠠᠢ ᠪᠠᠭᠰᠢ ᠮᠢᠨᠢ ᠲᠣᠷᠠᠩᠬᠠᠢ ᠥᠨᠳᠥᠷ ᠪᠡᠶ᠎ᠡ᠂ ᠬᠤᠶᠠᠷ ᠮᠥᠷᠥᠨ ᠲᠡᠭᠡᠷ᠎ᠡ ᠪᠠᠨ ᠲᠣᠯᠵᠣ᠂ ᠰᠢᠳᠣ | ᠵᠠᠭᠤᠨ ᠲᠠᠪᠠᠵᠣ ᠲᠣᠭᠤᠯᠵᠣ ᠶᠠᠪᠣᠭᠰᠠᠨ ᠪᠠᠶᠢᠵᠠᠢ᠃ | ᠪᠠᠭᠰᠢ ᠨᠠᠷ ᠲᠤ ᠢᠳᠡᠰᠢᠨ ᠤ ᠮᠢᠬ᠎ᠠ ᠬᠤᠪᠢᠶᠠᠬᠤ᠂ ᠣᠨᠴᠠᠭᠠᠶᠢᠯᠠᠨ 1998 ᠣᠨ ᠳᠤ ᠰᠣᠷᠭᠠᠭᠤᠯᠢ ᠶᠢᠨ | ᠰᠢᠨ᠎ᠡ ᠠᠰᠠᠷ ᠤᠨ ᠨᠠᠶᠢᠷ ᠤᠨ ᠬᠤᠪᠢ ᠲᠠᠯᠪᠢᠭᠰᠠᠨ ᠮᠢᠬ᠎ᠠ ᠶᠢ 100 ᠭᠠᠷᠣᠢ ᠪᠠᠭᠰᠢ ᠠᠵᠢᠯᠳᠠᠨ ᠳᠤ ᠯᠠᠩ ᠴᠢᠨ | ᠵᠥᠷᠢᠬᠦᠯᠥᠯ ᠥᠬᠡᠢ ᠮᠥᠷᠳᠡᠭᠡᠨ ᠮᠢᠬ᠎ᠠ ᠥᠬᠡᠬᠦ ᠶᠢ ᠨᠢ ᠲᠡᠩᠴᠡᠬᠦᠯᠵᠣ ᠲᠥᠬᠡᠬᠡᠭᠰᠡᠨ ᠨᠢ ᠲᠣᠬᠠᠢ ᠶᠢᠨ ᠥᠶ᠎ᠡ ᠶᠢᠨ | ᠪᠠᠭᠰᠢ ᠨᠠᠷ ᠤᠨ ᠰᠣᠷᠭᠠᠭᠤᠯᠢ ᠶᠢᠨ ᠬᠥᠷᠢᠶᠡᠨ ᠳᠤ ᠪᠠᠶᠢᠨ ᠪᠠᠶᠢᠨ ᠶᠠᠷᠢᠭᠳᠠᠳᠠᠭ ᠴᠠᠢ ᠶᠢᠨ ᠬᠠᠯᠠᠭᠤᠨ ᠵᠣᠭᠤᠭ ᠤᠨ | ᠰᠡᠳᠥᠪ ᠶᠤᠮ᠃ ᠲᠡᠷᠡ ᠨᠢ ᠣᠨᠢᠰᠣᠳᠠᠢ ᠪᠠᠭᠰᠢ ᠶᠢᠨ ᠮᠢᠨᠢ ᠣᠳᠠᠭᠠᠨ ᠵᠢᠯ ᠢᠶᠠᠷ ᠬᠤᠨᠢᠨ ᠮᠢᠬ᠎ᠠ ᠶᠢ ᠲᠣᠶᠠᠴᠢᠵᠣ | ᠰᠠᠯᠭᠠᠬᠤ᠂ ᠬᠡᠰᠡᠭᠯᠡᠵᠥ ᠪᠣᠷᠴᠠᠯᠠᠬᠤ ᠠᠵᠢᠯ ᠳᠤ ᠪᠠᠨ ᠴᠠᠭᠠᠷᠠᠵᠣ ᠭᠠᠷᠰᠢᠨ᠂ ᠬᠢᠷᠢ ᠪᠠᠷᠤᠭ ᠤᠨ ᠠᠯᠠᠰᠢᠨ ᠤ | ᠭᠠᠵᠠᠷ ᠤᠨ ᠬᠥᠯᠥᠰᠥᠨ ᠤ ᠬᠥᠮᠥᠨ ᠤ ᠬᠢ ᠠᠴᠠ ᠲᠠᠪᠠᠮ᠎ᠠ ᠠᠵᠢᠯ ᠡᠭᠦᠷᠭᠡ ᠶᠢ ᠠᠷᠪᠠᠨ ᠬᠡᠳᠥᠨ ᠵᠢᠯ ᠥᠬᠡ ᠲᠠᠭᠤ | ᠥᠬᠡᠢ ᠡᠬᠦᠷᠭᠡᠯᠡᠵᠥ ᠢᠷᠡᠭᠰᠡᠨ ᠠᠴᠠ ᠰᠣᠷᠣᠭᠰᠠᠨ ᠲᠠᠳᠮᠠᠭᠠᠢ ᠡᠷᠳᠡᠮ ᠬᠡᠬᠦ ᠥᠬᠡᠢ ᠥᠬᠡᠷ᠎ᠡ ᠶᠠᠭᠤ ᠬᠡᠬᠦ ᠪᠢᠯᠡ︖ | ᠬᠠᠷᠢᠭᠤᠴᠠᠯᠭ᠎ᠠ ᠬᠡᠭᠴᠢ ᠢᠢᠮᠤ ᠯᠡ ᠰᠠᠶᠢᠬᠠᠨ᠂ ᠡᠶᠢᠮᠥ ᠯᠡ ᠢᠳᠡ ᠬᠥᠴᠥᠨ ᠲᠠᠢ ᠪᠠᠶᠢᠲᠠᠭ ᠪᠠᠶᠢᠨ᠎ᠠ ᠳ᠋ᠠ︕ | ᠤ ᠪᠠᠭᠰᠢ ᠮᠢᠨᠢ ᠰᠣᠷᠭᠠᠭᠤᠯᠢ ᠨᠡᠶᠢᠳᠡ ᠶᠢᠨ ᠶᠠᠭᠤᠮᠠᠨ ᠳᠤ ᠬᠠᠶᠢᠷ᠎ᠠ ᠭᠠᠮ ᠲᠠᠢ ᠪᠣᠯᠪᠠᠴᠣ ᠥᠪᠡᠷ ᠤᠨ | ᠪᠡᠶ᠎ᠡ ᠳᠤ ᠪᠠᠨ ᠪᠣᠯ ᠲᠡᠭᠡᠵᠥ ᠯᠠ ᠬᠠᠶᠢᠷ᠎ᠠ ᠭᠠᠮ ᠥᠬᠡᠢ ᠵᠢᠳᠬᠦᠵᠣ ᠢᠷᠡᠭᠰᠡᠨ ᠠᠬᠠᠮᠠᠳ ᠪᠢᠯᠡ᠃ | | | ᠦᠯᠢᠭᠡᠷ ᠭᠤᠷᠪᠠ | | | ᠲᠡᠭᠡᠷ᠎ᠡ ᠵᠠᠭᠤᠨ ᠤ ᠨᠠᠶᠠᠭᠠᠳ ᠤᠨ ᠤ ᠰᠡᠬᠦᠯᠴᠢ ᠪᠠᠷ ᠰᠤᠷᠭᠠᠭᠤᠯᠢ ᠶᠢᠨ ᠮᠠᠨᠢ ᠲᠤᠭᠤᠭᠠᠨ ᠭᠡᠷ ᠲᠤ | ᠴᠠᠬᠢᠯᠭᠠᠨ ᠲᠠᠢ ᠪᠤᠯᠤᠭᠰᠠᠨ ᠢᠶᠠᠷ ᠮᠠᠨᠳᠠᠤ ᠬᠢᠲᠡᠭ ᠮᠠᠰᠢᠨ ᠠᠴᠠ ᠠᠪᠤᠭᠠᠳ ᠮᠢᠬ᠎ᠠ ᠭᠡᠷᠴᠢᠲᠡᠭ ᠮᠠᠰᠢᠨ ᠭᠡᠳ | ᠵᠤᠤᠬᠠᠨ ᠳᠤ ᠪᠠᠨ ᠬᠦᠷᠲᠡᠯ᠎ᠡ ᠴᠡᠬᠢᠯᠭᠠᠨ ᠬᠦᠭᠡᠷᠭᠡ ᠤᠭᠰᠠᠷᠠᠨ ᠲᠠᠭᠠᠷᠠᠭᠤᠯᠵᠤ ᠠᠰᠢᠭᠯᠠᠬᠤ ᠪᠤᠯᠤᠭᠰᠠᠨ ᠶᠠᠪᠤᠲᠠᠯ ᠨᠢ | ᠰᠤᠷᠭᠠᠭᠤᠯᠢ ᠶᠢᠨ ᠮᠠᠨᠢ ᠬᠤᠪᠢ ᠳᠤ ᠠᠪᠴᠤ ᠬᠡᠯᠡᠪᠡᠯ᠂ ᠪᠠᠰᠠ ᠴᠤ ᠨᠢᠭᠡ ᠤᠲᠠᠭᠠᠨ ᠤ ᠬᠤᠪᠢᠰᠬᠠᠯ ᠪᠤᠯᠤᠭᠰᠠᠨ | ᠲᠡᠤᠬᠡᠲᠤ ᠠᠴᠢ ᠬᠤᠯᠪᠤᠭᠲᠠᠯ ᠲᠠᠢ ᠤᠴᠢᠷ ᠪᠤᠯᠬᠤ ᠶᠤᠮ ᠪᠠᠶᠢᠨ᠎ᠠ᠃ ᠭᠡᠲᠡᠯ᠎ᠡ ︽ᠰᠠᠶᠢᠨ ᠶᠠᠪᠤᠲᠠᠯ ᠳᠤ ᠰᠠᠭᠠᠳ ᠤᠯᠠᠨ︾ | ᠭᠡᠲᠡᠭᠴᠢᠯᠡᠨ ᠭᠡᠨᠡᠳᠲᠡ ᠴᠠᠬᠢᠯᠭᠠᠨ ᠵᠤᠭᠰᠤᠬᠤ ᠳᠤ ᠬᠦᠷᠪᠡᠯ᠂ ᠤᠴᠢᠷ ᠶᠠᠪᠤᠲᠠᠯ ᠪᠤᠷᠤᠭᠤ ᠪᠠᠷ ᠡᠷᠬᠢᠨ ᠤᠤᠯ ᠢᠶᠠᠨ | ᠬᠦᠷᠬᠦ ᠦᠭᠡᠢ ᠮᠡᠲᠤ ᠰᠦᠢᠳ ᠪᠤᠯᠵᠤ᠂ ᠶᠤᠰᠤᠲᠠᠢ ᠠᠮᠢ ᠲᠠᠢ ᠬᠡᠯᠡᠯᠴᠡᠭᠰᠡᠨ ᠭᠡᠴᠡᠬᠦᠤ ᠠᠵᠤ ᠪᠤᠯᠲᠠᠭ ᠪᠠᠶᠢᠨ᠎ᠠ᠃ | ᠦᠨᠡᠨ ᠲᠡᠶᠢᠮᠤ ᠰᠢᠤ︕ ᠨᠢᠭᠡ ᠤᠲᠠᠭ᠎ᠠ ᠶᠠᠭ ᠢᠢᠮᠤ ᠤᠴᠢᠷ ᠭᠠᠷᠴᠤ᠂ ᠵᠤᠯ ᠢᠶᠠᠷ ᠬᠠᠭᠠᠰᠬᠠᠨ ᠴᠠᠭ ᠤᠨ ᠲᠤᠲᠤᠷ᠎ᠠ | ᠠᠮᠵᠢᠵᠤ ᠰᠢᠢᠳᠪᠤᠷᠢᠯᠡᠭᠰᠡᠨ ᠢᠶᠠᠷ ᠮᠠᠨᠳᠠᠤ ᠲᠥᠬᠦᠭᠢᠢᠢᠰᠢᠵᠣ ᠰᠤᠷᠤᠭᠴᠢᠳ ᠤᠨ ᠮᠠᠨᠢ ᠡᠷᠢᠨ ᠤ ᠬᠤᠭᠤᠯᠠ | ᠲᠠᠰᠤᠯᠤᠭᠲᠠᠬᠤ ᠶᠡᠭᠡ ᠤᠰᠤᠯ ᠠᠴᠠ ᠵᠠᠶᠢᠯᠠᠵᠤ ᠴᠢᠲᠠᠭᠰᠠᠨ ᠲᠤᠷᠰᠢᠯᠭ᠎ᠠ ᠰᠤᠷᠭᠠᠮᠵᠢ ᠪᠠᠶᠢᠳᠠᠭ ᠬᠡᠨ᠎ᠡ᠃ ᠤᠴᠢᠷ ᠨᠢ | ᠲᠡᠷᠡ ᠦᠶ᠎ᠡ ᠶᠢᠨ ᠴᠠᠬᠢᠯᠭᠠᠨ ᠤ ᠶᠠᠪᠤᠲᠠᠯ ᠤᠲᠤ ᠲᠠᠢ ᠠᠲᠠᠯᠢ ᠵᠠᠭᠤᠨ ᠤ ᠵᠠᠭᠤ ᠶᠢᠨ ᠪᠦᠷᠢᠨ ᠪᠠᠲᠤᠯᠠᠭ᠎ᠠ ᠦᠭᠡᠢ | ᠪᠠᠶᠢᠵᠠᠢ᠃ ᠢᠩᠬᠢᠭᠡᠳ 1989 ᠤᠨ ᠳᠤ ᠰᠤᠷᠭᠠᠭᠤᠯᠢ ᠶᠢᠨ ᠠᠷᠤ ᠲᠠᠯ᠎ᠠ ᠶᠢᠨ ᠠᠵᠢᠯ ᠢ ᠭᠤᠤᠯᠯᠠᠨ ᠬᠠᠮᠢᠶᠠᠷᠲᠠᠭ | ᠰᠠᠴᠡᠨᠪᠢᠯᠢᠭ ᠵᠡᠷᠭᠡ ᠤᠲᠤᠷᠢᠲᠤᠯᠭ᠎ᠠ ᠨᠡᠷ ᠠᠷᠭ᠎ᠠ ᠰᠦᠪᠡᠭᠴᠢᠯᠡᠵᠤ ᠪᠠᠶᠢᠭᠠᠳ ᠰᠤᠷᠭᠠᠭᠤᠯᠢ ᠶᠢᠨ ᠲᠤᠭᠤᠭᠠᠨ ᠭᠡᠷ ᠲᠤ | 3000 ᠮᠢᠩᠭ᠎ᠠ ᠭᠠᠷᠤᠢ ᠲᠦᠬᠦᠷᠢᠭ ᠢᠶᠠᠷ ᠬᠠᠭᠤᠴᠢᠨ ︽ᠶᠠᠮᠠᠬᠠ︾ ︵YAMAHA︶ ᠲᠡᠮᠲᠡᠭᠲᠤ ᠴᠡᠬᠢᠯᠭᠠᠨ | ᠭᠠᠷᠭᠠᠬᠤ ᠮᠠᠰᠢᠨ ᠠᠪᠤᠭᠰᠠᠨ ᠶᠠᠪᠤᠲᠠᠯ ᠨᠢ ᠬᠡᠲᠦ᠋ᠢᠪᠡᠷ ᠪᠠᠴᠢᠮ ᠪᠠᠶᠢᠲᠠᠯ ᠢ ᠠᠷᠭᠠᠴᠠᠨ ᠰᠢᠢᠳᠪᠤᠷᠢᠯᠡᠬᠦ ᠳᠤ ᠪᠠᠶᠠᠷᠲᠤ | ᠤᠴᠢᠷ ᠪᠤᠯᠤᠭᠰᠠᠨ ᠪᠤᠯᠪᠠᠴᠤ ᠤᠨᠢᠰᠤᠲᠠᠢ ᠪᠠᠭᠰᠢ ᠳᠤ ᠮᠢᠨᠢ ᠬᠠᠷᠢᠨ ᠲᠤᠰᠠ ᠠᠪᠴᠢᠷᠠᠭᠰᠠᠨ ᠮᠦᠷᠲᠡᠭᠡᠨ ᠪᠠᠰᠠ | ᠲᠠᠷᠤᠭᠠᠰᠤ ᠪᠤᠯᠵᠠᠢ᠃ ᠶᠠᠭᠠᠬᠢᠭᠠᠳ ᠭᠡᠪᠡᠯ᠂ ᠦᠨᠲᠤᠷ ᠬᠥᠴᠥᠳᠡᠯᠳᠥ ᠪᠠᠶᠢᠩᠭᠤ ᠶᠢᠨ ᠴᠠᠬᠢᠯᠭᠠᠨ ᠭᠡᠨᠡᠳᠲᠠ | ᠵᠤᠭᠰᠤᠪᠠᠯ ︽ᠶᠠᠮᠠᠬᠠ︾ ᠮᠠᠰᠢᠨ ᠢᠶᠠᠷ ᠢᠶᠠᠨ ᠴᠠᠬᠢᠯᠭᠠᠨ ᠭᠠᠷᠭᠠᠵᠤ᠂ ᠪᠠᠴᠢᠮ ᠪᠠᠶᠢᠲᠠᠯ ᠢ ᠰᠢᠢᠳᠪᠤᠷᠢᠯᠡᠵᠤ | ᠰᠤᠷᠤᠭᠴᠢᠳ ᠤᠨ ᠬᠤᠭᠤᠯᠠ ᠪᠤᠲᠠᠭ᠎ᠠ ᠴᠠᠭ ᠴᠠᠭ ᠲᠤ ᠪᠠᠨ ᠤᠰᠤᠯᠲᠠᠬᠤ ᠦᠭᠡᠢ ᠪᠠᠲᠤᠯᠠᠭ᠎ᠠ ᠲᠠᠢ ᠪᠤᠯᠤᠭᠰᠠᠨ ᠨᠢ | ᠬᠠᠪᠤᠲᠠᠢ ᠪᠠᠶᠢᠭᠰᠠᠨ ᠴᠤ ᠬᠤᠰᠢᠭᠤ ᠪᠠᠯᠭᠠᠰᠤᠨ ᠤ ᠬᠤᠩᠬᠤᠷ ᠲᠤ ᠨᠢᠭᠡ ᠬᠤᠶᠠᠷ ᠯᠠ ᠪᠠᠶᠢᠭᠰᠠ ᠦᠨᠤᠬᠢ ︽ᠬᠤᠪᠤᠷ | ᠡᠷᠲᠡᠨᠢ︾ ᠬᠡᠮᠡᠭᠲᠡᠭᠰᠡᠨ ︽ᠶᠠᠮᠠᠬᠠ︾ ᠮᠠᠰᠢᠨ ᠢ ᠬᠠᠮᠢᠶᠠᠷᠴᠤ ᠬᠠᠮᠠᠭᠠᠯᠠᠬᠤ ᠠᠵᠢᠯ ᠤᠨᠢᠰᠤᠲᠠᠢ ᠪᠠᠭᠰᠢ ᠳᠤ | ᠤᠨᠤᠭᠲᠠᠭᠰᠠᠨ ᠪᠦᠭᠡᠳ ︽ᠠᠯᠪᠠᠨ ᠤ ᠶᠠᠭᠤᠮᠠᠨ ᠤ ᠠᠮᠢ ᠨᠢ ᠪᠦᠬᠡ︾ ᠭᠡᠲᠡᠭᠴᠢᠯᠡᠨ ᠲᠡᠷᠡ ᠮᠠᠰᠢᠨ ᠢ ᠨᠢ ᠵᠢᠭᠡᠯᠡᠵᠤ | ᠵᠠᠷᠤᠬᠤ ᠬᠦᠮᠤᠨ ᠮᠤᠩᠲᠠᠬᠤ ᠦᠭᠡᠢ᠂ ᠲᠠᠷᠤᠭ᠎ᠠ ᠤᠲᠤᠷᠢᠲᠤᠯᠭ᠎ᠠ ᠬᠡᠳᠡᠯ᠎ᠡ ᠰᠠᠲᠤᠨ ᠲᠦᠷᠤᠯ ᠨᠢ ᠭᠡᠳ ᠤ | ᠪᠠᠭᠰᠢ ᠶᠢ ᠡᠷᠢᠵᠤ ᠭᠤᠶᠤᠵᠤ ᠭᠤᠩᠰᠢᠬᠤ ᠤᠯᠤᠰ ᠴᠤᠪᠤᠷᠠᠯᠲᠤᠵᠤ᠂ ︽ᠴᠤᠬᠤᠮ ᠦᠭᠪᠡᠴᠤ ᠭᠡᠴᠡᠬᠦᠤ᠂ ᠦᠭᠬᠦ | ᠦᠭᠡᠢ ᠭᠡᠬᠦ ᠳᠤ ᠪᠡᠷᠭᠡᠲᠠᠢ︾ ᠬᠠᠷ᠎ᠠ ᠶᠠᠷᠰᠢᠭ ᠤᠨ ᠤᠴᠢᠷ ᠪᠤᠯᠵᠠᠢ᠃ ᠢᠩᠬᠢᠭᠡᠳ ᠠᠷᠭ᠎ᠠ ᠪᠤᠰᠤ ︽ᠰᠤᠷᠭᠠᠭᠤᠯᠢ ᠳᠤ | ᠴᠠᠬᠢᠯᠭᠠᠨ ᠵᠤᠭᠰᠤᠪᠠᠯ᠂ ᠲᠤᠭᠤᠭᠠᠨ ᠭᠡᠷ ᠲᠤ ᠪᠠᠴᠢᠮ ᠬᠡᠷᠡᠭᠯᠡᠨ᠎ᠡ︾ ᠭᠡᠬᠦ ᠰᠢᠢᠳᠪᠤᠷᠢ ᠪᠠᠷ ᠬᠡᠨ ᠳᠤ ᠴᠤ | ᠵᠢᠭᠡᠯᠡᠬᠦᠯᠵᠤ ᠭᠠᠷᠭᠠᠬᠤ ᠶᠢ ᠡᠷᠡᠰ ᠴᠠᠭᠠᠵᠠᠯᠠᠵᠤ᠂ ᠤᠯᠠᠨ ᠬᠦᠮᠤᠨ ᠤ ︽ᠠᠲᠠ︾ ᠪᠤᠯᠵᠤ᠂ ᠤᠨᠢᠰᠤᠲᠠᠢ ᠪᠠᠭᠰᠢ | ︽ᠶᠠᠮᠠᠬᠠ︾ ᠮᠠᠰᠢᠨ ᠤ ᠤᠴᠢᠷ ᠢᠶᠠᠷ ᠶᠠᠯ᠎ᠠ ᠳᠤ ᠤᠷᠤᠭᠰᠠᠨ ᠮᠠᠲᠤ ᠨᠢᠭᠡ ᠦᠶ᠎ᠡ ᠴᠤᠬᠤᠮ ᠭᠠᠴᠢᠭᠲᠠᠵᠤ ᠶᠠᠪᠤᠵᠠᠢ᠃ | ᠲᠡᠶᠢᠮᠤ ᠡ︕ ᠶᠠᠪᠤᠲᠠᠯ ᠤᠴᠢᠷ ᠢ ᠢᠯᠭᠤᠮ ᠰᠠᠶᠢᠬᠠᠨ ᠰᠢᠢᠳᠪᠥᠷᠢᠯᠡᠭᠰᠡᠨ ᠴᠤ ᠡᠰᠡᠷᠬᠦ ᠪᠠᠷ ᠪᠠᠰᠠ ︽ᠶᠠᠷᠰᠢᠭ | ᠤᠷᠰᠢᠭ ᠲᠠᠲᠠᠭᠰᠠᠨ︾ ᠦᠨᠤᠬᠢ ︽ᠶᠠᠮᠠᠬᠠ︾ ᠮᠠᠰᠢᠨ ᠤ ᠲᠤᠬᠠᠢ ᠲᠡᠳ᠋ ᠵᠡᠬᠢᠷᠤᠯ ᠰᠠᠴᠡᠨᠪᠢᠯᠢᠭ ᠪᠠᠭᠰᠢ ᠪᠢᠳᠡᠨ ᠳᠤ᠄ | ︽︿ᠤᠨᠢᠰᠤᠲᠠᠢ﹀ ᠨᠡᠷ᠎ᠡ ᠶᠢ ᠵᠡᠬᠦᠭᠰᠡᠨ ᠤ ᠪᠠᠭᠰᠢ ᠮᠢᠨᠢ ᠲᠠᠷᠡ ᠮᠠᠰᠢᠨ ᠢ ᠨᠡᠷ᠎ᠡ ᠶᠢᠨ ᠢᠶᠠᠨ ᠴᠤᠬᠤᠮ ᠴᠢᠨᠠᠷ ᠢᠶᠠᠷ | ᠶᠤᠰᠤᠲᠠᠢ ᠨᠢᠭᠡ ᠲᠡᠩᠬᠢᠨᠠᠲᠠᠯᠠ ᠰᠠᠶᠢᠬᠠᠨ ᠬᠠᠮᠢᠶᠠᠷᠴᠤ ᠬᠠᠮᠠᠭᠠᠯᠠᠵᠤ ᠴᠢᠲᠠᠭᠰᠠᠨ ᠳ᠋ᠠ᠂ ᠪᠢ ᠴᠢᠨᠢ ᠲᠡᠷᠡ ᠦᠶ᠎ᠡ ᠳᠤ | ︿ᠬᠤᠰᠢᠭᠤ ᠲᠠᠷᠤᠭ᠎ᠠ ᠭᠤᠶᠤᠪᠠᠴᠤ ᠦᠭᠴᠤ ᠪᠤᠯᠬᠤ ᠦᠭᠡᠢ﹀ ᠭᠡᠵᠤ ᠤ ᠪᠠᠭᠰᠢ ᠳᠤ ᠪᠠᠨ ︿ᠵᠠᠷᠯᠢᠭ ᠪᠠᠭᠤᠯᠭᠠᠨ﹀ | ᠲᠣᠰᠢᠶᠠᠴᠢᠬᠠᠭᠰᠠᠨ ᠶᠤᠮ ᠪᠤᠯᠬᠤᠷ ᠪᠤᠴᠠᠭᠠᠳ ᠦᠪᠡᠷ ᠢᠶᠠᠨ ᠴᠤ ᠠᠮᠠ ᠨᠡᠭᠡᠭᠡᠵᠤ ᠴᠢᠲᠠᠬᠤ ᠦᠭᠡᠢ ᠰᠢᠷᠬᠡᠶᠢᠳᠡᠭ | ᠶᠤᠮ᠃ ᠨᠢᠭᠡ ᠤᠲᠠᠭ᠎ᠠ ᠬᠤᠰᠢᠭᠤᠨ ᠤ ᠠᠯᠪᠠᠨ ᠤ ᠴᠢᠬᠤᠯᠠ ᠠᠵᠢᠯ ᠳᠤ ᠵᠠᠷᠤᠬᠤ ᠤᠴᠢᠷ ᠲᠤ ᠤ ᠪᠠᠭᠰᠢ ᠮᠢᠨᠢ | ᠮᠠᠰᠢᠨ ᠢᠶᠠᠨ ᠲᠠᠭᠠᠵᠣ ᠬᠦᠷᠴᠤ ᠪᠦᠲᠤᠨ ᠦᠲᠠᠰᠢ ᠰᠠᠬᠢᠵᠤ ᠬᠠᠮᠠᠭᠠᠯᠠᠵᠤ ᠰᠠᠭᠤᠭᠰᠠᠨ ᠶᠤᠮ︾ ᠭᠡᠵᠤ ᠶᠠᠷᠢᠭᠰᠠᠨ | ᠬᠠᠭᠤᠴᠢ ᠬᠦᠭᠡᠷᠤᠭᠡ ᠨᠢ ᠶᠡᠭᠡ ᠯᠡ ᠢᠨᠢᠶᠡᠲᠤᠮ ᠱᠤᠭ ᠲᠠᠢ ᠰᠠᠨᠠᠭᠲᠠᠬᠤ ᠪᠤᠯᠪᠠᠴᠤ ᠤ ᠪᠠᠭᠰᠢ ᠶᠢᠨ ᠮᠢᠨᠢ | ︽ᠠᠯᠪᠠᠨ ᠤ ᠡᠳ᠋ ᠬᠦᠷᠤᠩᠭᠡ ᠶᠢ ᠠᠮᠢ ᠨᠠᠰᠤ ᠲᠠᠢ ᠪᠠᠨ ᠠᠲᠠᠯᠢ ᠰᠠᠨᠠᠲᠠᠭ ᠦᠵᠡᠯ ᠰᠤᠷᠲᠠᠯ︾ ᠡᠷᠬᠢᠮ ᠪᠢᠰᠢ⁈ | | | ᠥᠯᠢᠭᠡᠷ ᠲᠥᠷᠪᠡ | | | ᠣ ᠪᠠᠭᠰᠢ ᠮᠢᠨᠢ ᠰᠣᠷᠭᠠᠭᠤᠯᠢ ᠨᠡᠶᠢᠳᠡ ᠶᠢᠨ ᠢᠶᠠᠨ ᠡᠳ᠋ ᠬᠥᠷᠥᠩᠬᠡ᠂ ᠬᠤᠭᠰᠢᠯ ᠶᠠᠭᠤᠮᠠᠨ ᠳᠤ ᠭᠠᠷ ᠴᠢᠩᠭ᠎ᠠ᠂ | ᠬᠠᠳᠠᠭᠤ ᠵᠠᠷᠴᠢᠮ ᠲᠠᠢ ︽ᠬᠠᠷᠠᠮᠴᠢ︾ ᠬᠥᠮᠥᠨ ᠴᠦ ᠠᠮᠢᠳᠣᠷᠠᠯ᠂ ᠠᠶᠢᠯ ᠭᠡᠷ ᠲᠤ ᠪᠠᠨ ᠪᠣᠯ ᠬᠠᠷᠢᠨ ᠠᠯᠢ | ᠪᠠᠶᠢᠳᠠᠭ ᠢᠶᠠᠨ ᠲᠡᠮᠳᠡᠷᠢᠳᠡᠭ᠂ ᠬᠠᠯᠠᠭᠤᠮᠰᠤᠭ᠂ ᠵᠣᠴᠢᠨᠰᠠᠭ ᠮᠥᠷᠳᠡᠭᠡᠨ ᠥᠭᠬᠢᠶᠡᠮᠥᠷᠴᠢ ᠨᠢᠩᠵᠢᠨ ᠰᠡᠳᠬᠢᠯᠳᠥ | ᠡᠶᠡᠯᠳᠡᠭ ᠵᠥᠬᠡᠯᠡᠨ ᠨᠠᠰᠣᠳᠠᠨ ᠭᠡᠳᠡᠭ ᠢ ᠨᠢ ᠣᠶᠢᠷ᠎ᠠ ᠲᠥᠰᠥᠷ ᠤᠨ ᠬᠢᠨ ᠪᠥᠬᠦᠨ ᠢᠶᠠᠷ ᠢᠶᠠᠨ ᠮᠡᠳᠡᠷᠡᠨ ᠥᠨᠡᠯᠡᠵᠥ | ᠱᠠᠭᠰᠢᠳᠠᠭ ᠶᠤᠮ᠃ | ᠮᠠᠨ ᠤ ᠰᠣᠷᠭᠠᠭᠤᠯᠢ ᠶᠢᠨ ᠣᠣᠯ ᠤᠨ ᠵᠠᠬᠢᠷᠣᠯ ᠽᠠᠨᠳᠠᠷ᠎ᠠ ᠪᠠᠭᠰᠢ᠄ ︽ᠮᠠᠨ ᠤ ᠣ ᠪᠠᠭᠰᠢ ᠲᠡᠷᠡ ᠥᠶ᠎ᠡ ᠳᠤ | ᠵᠠᠬᠢᠷᠣᠯ ᠤᠨ ᠬᠠᠭᠠᠰ ᠠᠵᠢᠯ ᠢ ᠡᠬᠦᠷᠭᠡᠯᠡᠵᠥ ᠪᠠᠶᠢᠭᠰᠠᠨ ᠬᠡᠬᠦ ᠳᠤ ᠠᠬᠠᠳᠠᠬᠤ ᠥᠬᠡᠢ ᠰᠢᠥ᠂ ᠨᠢᠬᠡ ᠰᠣᠷᠭᠠᠭᠤᠯᠢ ᠶᠢᠨ | ᠵᠠᠬᠢᠷᠣᠯ ᠬᠥᠮᠥᠨ ᠰᠣᠷᠣᠭᠴᠢᠳ ᠤᠨ ᠢᠶᠠᠨ ᠬᠤᠭᠤᠯᠠ ᠬᠥᠨᠡᠰᠥᠨ ᠤ ᠠᠷᠰᠠᠷ ᠠᠵᠢᠯ᠂ ᠲᠣᠭᠤᠭᠠᠨ ᠭᠡᠷ ᠤᠨ ᠡᠨᠡ | ᠲᠡᠷᠡ ᠬᠠᠮᠢᠶᠠᠷᠣᠯᠳᠠ ᠶᠢᠨ ᠠᠵᠢᠯ ᠤᠨ ᠲᠥᠯᠥᠭᠡ ᠰᠠᠨᠠᠭ᠎ᠠ ᠰᠡᠳᠬᠢᠯ ᠠᠯᠭᠠᠰᠠᠯ ᠥᠬᠡᠢ ᠪᠥᠭᠦ ᠣᠶᠣᠨ ᠰᠠᠨᠠᠭ᠎ᠠ ᠪᠠᠨ | ᠵᠢᠭᠠᠨ ᠰᠣᠷᠭᠠᠯᠳᠠ ᠶᠢᠨ ᠠᠵᠢᠯ ᠲᠡᠭᠡᠷ᠎ᠡ ᠪᠠᠨ ᠲᠥᠪᠯᠡᠷᠡᠬᠦᠯᠣᠨ ᠠᠵᠢᠯᠯᠠᠵᠣ ᠴᠢᠳᠠᠵᠣ ᠪᠠᠶᠢᠭ᠎ᠠ ᠭᠡᠳᠡᠭ ᠪᠣᠯ ᠠᠷᠣ | ᠲᠠᠯ᠎ᠠ ᠳᠤ ᠨᠢ ᠭᠡᠳᠥᠢ ᠶᠡᠭᠡ ᠲᠥᠰᠢᠭ ᠲᠠᠢ ᠪᠠᠶᠢᠭᠰᠠᠨ ᠢ ᠬᠡᠯᠡᠬᠦ ᠥᠬᠡᠢ ᠳᠤ ᠮᠡᠳᠡᠴᠢᠬᠡᠬᠦ ᠪᠢᠰᠢ︖ ᠶᠡᠷᠥ ᠨᠢ | ᠰᠣᠷᠭᠠᠭᠤᠯᠢ ᠶᠢᠨ ᠠᠷᠣ ᠲᠠᠯ᠎ᠠ ᠶᠢᠨ ᠠᠵᠢᠯᠳᠠᠳ ᠤᠨ ᠰᠢᠷᠭᠠᠭᠤ ᠬᠥᠳᠡᠯᠮᠥᠷᠢ᠂ ᠰᠢᠨᠳᠠᠰᠣᠳᠣ ᠴᠢᠷᠮᠠᠶᠢᠯᠭ᠎ᠠ ᠨᠢ ᠨᠢᠬᠡ | ᠰᠣᠷᠭᠠᠭᠤᠯᠢ ᠶᠢᠨ ᠪᠥᠬᠦᠢ ᠯᠡ ᠠᠵᠢᠯ ᠣᠷᠣᠭᠰᠢᠳᠠᠢ ᠪᠠᠶᠢᠬᠤ ᠶᠢᠨ ᠴᠢᠬᠤᠯᠠ ᠪᠠᠳᠣᠯᠠᠭ᠎ᠠ ᠪᠣᠯᠳᠠᠭ ᠰᠢᠣ᠃ | ᠰᠣᠷᠭᠠᠭᠤᠯᠢ ᠶᠢ ᠣᠯᠣᠰ ᠭᠡᠷ ᠲᠠᠢ ᠠᠳᠠᠯᠢᠳᠬᠠᠬᠤ ᠶᠤᠮ ᠪᠣᠯ ᠲᠡᠳᠡ ᠴᠢᠨᠢ ᠨᠢᠬᠡ ᠨᠢᠬᠡ ᠪᠠᠷ ᠢᠶᠠᠨ ᠪᠥᠷ ︿ᠭᠠᠪᠢᠶᠠᠳᠣ | ᠰᠠᠶᠢᠳ﹀ ᠬᠡᠵᠥ ᠮᠡᠳᠡ︕︾ ᠬᠡᠵᠥ ᠪᠢᠳᠠᠨ ᠳᠤ ᠣᠳᠠᠭ᠎ᠠ ᠪᠣᠯᠭᠠᠨ ᠣᠴᠢᠷ ᠲᠠᠢ ᠰᠠᠶᠢᠬᠠᠨ ᠶᠡᠷᠢᠵᠤ ᠪᠠᠶᠢᠯ᠎ᠠ᠃ | ᠵᠠᠬᠢᠷᠣᠯ ᠢᠶᠠᠷ ᠠᠵᠢᠯᠯᠠᠵᠤ ᠦᠩᠭᠡᠷᠡᠭᠰᠡᠨ ᠠᠬᠠᠮᠠᠳ ᠪᠤᠭᠤᠷᠤᠯ ᠤᠨ ᠨᠢᠭᠡ ᠪᠤᠯᠬᠤ ᠴᠦᠢᠵᠠᠵᠠᠪ ᠪᠠᠭᠰᠢ ᠴᠤ | ᠪᠢᠳᠡᠨ ᠳᠤ᠄ ︽ᠲᠣᠰ ᠰᠣᠷᠭᠠᠭᠤᠯᠢ ᠳᠤ ᠵᠠᠬᠢᠷᠣᠯ ᠢᠶᠠᠷ ᠰᠢᠯᠵᠢᠵᠣ ᠢᠷᠡᠭᠡᠳ ᠪᠢ ᠠᠩᠬ᠎ᠠ ᠣᠳᠠᠭ᠎ᠠ ᠲᠣᠭᠤᠭᠠᠨ | ᠭᠡᠷ ᠤᠨ ᠰᠠᠩ ᠬᠥᠮᠥᠷᠭᠡ ᠶᠢᠨ ᠭᠡᠷ ᠲᠤ ᠣᠷᠣᠭᠠᠳ ᠮᠠᠨ ᠤ ᠣ ᠪᠠᠭᠰᠢ ᠪᠠᠨ ᠨᠢᠬᠡ ᠯᠡ ᠪᠢᠰᠢᠷᠡᠭᠰᠡᠨ ᠶᠤᠮ ᠳ᠋ᠡ᠃ | ᠲᠣᠬᠠᠢ ᠶᠢᠨ ᠥᠶ᠎ᠡ ᠶᠢᠨ ᠰᠣᠷᠭᠠᠭᠤᠯᠢ ᠶᠢᠨ ᠰᠠᠩ ᠬᠥᠮᠥᠷᠭᠡ ᠶᠢᠨ ᠪᠠᠶᠢᠰᠢᠩ ᠪᠠᠷᠢᠯᠭ᠎ᠠ ᠶᠢᠨ ᠨᠥᠬᠦᠴᠡᠯ ᠪᠣᠯᠣᠯᠴᠠᠭ᠎ᠠ | ᠬᠡᠵᠥ ᠶᠠᠭᠤ ᠯᠠ ᠪᠠᠶᠢᠬᠤ ᠪᠣᠢ ᠳ᠋ᠠ᠂ ᠲᠣᠩ ᠪᠠᠷᠣᠭᠳᠠᠢ᠃ ᠶᠠᠳᠠᠬᠤ ᠳᠤ ᠱᠠᠯᠠᠨ ᠳᠤ ᠪᠠᠨ ᠲᠣᠭᠤᠰᠬ᠎ᠠ ᠲᠡᠪᠢᠰᠬᠦ | ᠴᠢᠳᠠᠯ ᠪᠠᠰᠠ ᠥᠬᠡᠢ ᠰᠢᠥ᠃ ᠲᠡᠭᠡᠭᠦ ᠳᠤ ᠣ ᠪᠠᠭᠰᠢ ᠡᠯᠬᠦᠭᠰᠡᠨ ᠮᠢᠬᠠᠨ ᠳᠤ ᠲᠣᠭᠤᠰᠣ ᠰᠢᠷᠣᠢ ᠰᠠᠭᠤᠯᠭᠠᠬᠤ ᠥᠬᠡᠢ | ᠬᠡᠵᠥ ᠱᠠᠯᠠᠨ ᠳᠤ ᠪᠠᠨ ᠡᠳᠥᠷ ᠡᠳᠥᠷ ᠣᠰᠣ ᠰᠠᠴᠣᠨ ᠴᠢᠬᠢᠭᠯᠡᠵᠥ ᠴᠡᠪᠡᠷᠭᠡᠨ ᠪᠠᠶᠢᠯᠭᠠᠬᠤ ᠶᠢ ᠪᠠᠳᠣᠯᠠᠵᠣ ᠲᠣᠳᠣᠮᠳᠠᠨ | ᠠᠵᠢᠯᠯᠠᠳᠠᠭ ᠪᠠᠶᠢᠭᠰᠠᠨ ᠰᠢᠥ︾ ᠬᠡᠵᠥ ᠡᠷᠡᠭᠡᠢ ᠭᠤᠵᠦ᠋ᠢᠯᠭᠠᠨ ᠲᠣᠷᠠᠳᠬᠠᠵᠣ ᠶᠠᠷᠢᠲᠠᠭ ᠢ ᠨᠢ ᠪᠢ ᠶᠡᠷᠥ ᠮᠠᠷᠳᠠᠳᠠᠭ | ᠥᠬᠡᠢ ᠪᠢᠯᠡ᠃ | ᠨᠢᠬᠡᠨ ᠲᠣᠭᠤᠭᠠᠴᠢ ᠶᠢᠨ ᠵᠣᠭᠤᠭ᠄ ︽ᠮᠠᠨ ᠤ ᠣ ᠪᠠᠭᠰᠢ ᠰᠠᠶᠢᠨ ᠬᠥᠮᠥᠨ᠂ ᠨᠢᠮᠪᠡᠢ ᠴᠦ ᠬᠥᠮᠥᠨ︕ | ᠲᠣᠭᠤᠭᠠᠨ ᠭᠡᠷ ᠤᠨ ᠴᠡᠪᠡᠷᠯᠡᠭᠡ ᠡᠨᠡ ᠲᠡᠷᠡ ᠠᠵᠢᠯ ᠬᠢᠬᠦ ᠳᠤ ᠣ ᠪᠠᠭᠰᠢ ᠲᠠᠩᠳᠠ ᠪᠡᠶ᠎ᠡ ᠪᠠᠷ ᠢᠶᠠᠨ ᠲᠡᠷᠢᠬᠦᠯᠡᠵᠥ | ᠲᠠᠭᠠᠭᠤᠯᠣᠨ ᠬᠢᠳᠡᠭ ᠰᠢᠥ᠃ ᠴᠢ ᠬᠢᠬᠦ ᠥᠬᠡᠢ ᠪᠣᠯ ᠣ ᠪᠠᠭᠰᠢ ᠬᠢᠨ᠎ᠡ᠂ ᠴᠢ ᠱᠥᠬᠦᠷᠳᠡᠬᠦ ᠥᠬᠡᠢ ᠪᠣᠯ ᠣ ᠪᠠᠭᠰᠢ | ᠱᠥᠭᠦᠷᠳᠡᠳᠡᠭ᠃ ᠲᠡᠭᠡᠬᠦᠯᠡᠷ ᠪᠢᠳᠡ ᠬᠢᠬᠦ ᠥᠬᠡᠢ ᠪᠠᠶᠢᠵᠥ ᠴᠢᠳᠠᠨ᠎ᠠ ᠤᠤ︖ ᠪᠢᠳᠡᠨ ᠢ ᠶᠣᠰᠣᠳᠠᠢ ᠲᠡᠬᠦᠥ ᠨᠡᠷ᠂ | ᠬᠡᠥᠬᠡᠳ ᠢᠶᠠᠨ ᠰᠢᠭ ᠴᠢᠩᠭ᠎ᠠ ᠬᠠᠷᠢᠭᠤᠴᠠᠯᠭ᠎ᠠ ᠲᠠᠢ ᠲᠣᠳᠣᠮᠳᠠᠵᠣ ᠲᠠᠭᠠᠭᠤᠯᠳᠠᠭ ᠪᠠᠶᠢᠭᠰᠠᠨ ᠶᠤᠮ᠃ ᠣ ᠪᠠᠭᠰᠢ ᠶᠢᠨ | ᠭᠠᠷ ᠲᠤ ᠮᠠᠨ ᠤ ᠲᠡᠷᠡ ︿ᠶᠠᠮᠠᠬᠠ﹀ ᠮᠠᠰᠢᠨ ᠠᠷᠪᠠ ᠭᠠᠷᠣᠢ ᠵᠢᠯ ᠳᠤ ᠨᠢᠬᠡ ᠡᠷᠬᠢ ᠱᠣᠷᠠᠭ ᠢ ᠨᠢ ᠴᠦ ᠰᠣᠯᠢᠵᠣ | ᠵᠠᠰᠠᠭᠰᠠᠨ ᠥᠬᠡᠢ ᠲᠡᠷᠡ ᠴᠢᠭ ᠢᠶᠠᠷ ᠢᠶᠠᠨ ᠥᠯᠡᠳᠡᠭᠰᠡᠨ ᠰᠢᠥ᠃︾ | ᠨᠢᠬᠡᠨ ᠢᠳᠡᠷ ᠨᠠᠰᠣᠨ ᠤ ᠪᠠᠭᠰᠢ ᠶᠢᠨ ᠵᠣᠭᠤᠭ᠄ ︽ᠨᠡᠶᠢᠳᠡ ᠶᠢᠨ ᠲᠣᠯᠠᠭᠠᠯᠠᠮᠵᠢ ᠥᠬᠡᠢ ᠪᠠᠶᠢᠭᠰᠠᠨ ᠲᠡᠳᠡᠭᠡᠷ | ᠵᠢᠯ ᠤᠨ ᠡᠪᠥᠯ ᠤᠨ ᠴᠠᠭ ᠲᠤ ᠰᠣᠷᠭᠠᠭᠤᠯᠢ ᠶᠢᠨ ᠠᠯᠪᠠᠨ ᠭᠡᠷ᠂ ᠠᠩᠬᠢ ᠶᠢᠨ ᠬᠡᠷ᠂ ᠪᠠᠶᠢᠷᠢ ᠶᠢᠨ ᠭᠡᠷ ᠲᠤ ᠲᠥᠯᠡᠬᠦ | ᠠᠷᠭᠠᠯ ᠢ ᠣ ᠪᠠᠭᠰᠢ ᠪᠡᠶ᠎ᠡ ᠪᠠᠷ ᠢᠶᠠᠨ ᠬᠤᠪᠢᠶᠠᠬᠤ ᠳᠤ ᠪᠠᠨ ᠲᠡᠷᠡ ᠣᠯᠠᠨ ᠪᠠᠭᠰᠢ ᠰᠣᠷᠣᠭᠴᠢ ᠳᠤ ︿ᠠᠷᠭᠠᠯ ᠲᠡᠭᠡᠷ᠎ᠡ | ᠬᠢᠰᠬᠢᠵᠣ ᠪᠢᠳᠡᠭᠡᠢ ᠲᠡᠪᠰᠡᠭᠡᠷᠡᠢ﹀ ᠬᠡᠵᠥ ᠰᠠᠨᠠᠭᠤᠯᠬᠤ ᠠᠴᠠ ᠪᠢᠰᠢ᠂ ᠠᠭᠤᠷᠯᠠᠵᠤ ᠣᠴᠠᠭᠠᠷᠳᠠᠬᠤ ᠴᠢᠷᠠᠢ ᠥᠵᠡᠬᠦᠯᠥᠯ | ᠥᠬᠡᠢ᠂ ᠠᠷᠭᠠᠯ ᠬᠥᠷᠵᠠᠩ ᠤᠨ ᠲᠣᠮᠣ ᠵᠢᠵᠢᠭ ᠢ ᠨᠢ ᠬᠥᠷᠳᠡᠯ᠎ᠡ ᠲᠡᠩᠴᠡᠬᠦᠯᠵᠣ ᠲᠠᠭᠠᠷᠠᠭᠤᠯᠣᠨ ᠬᠡᠮᠵᠢᠶ᠎ᠡ ᠲᠠᠢ | ᠲᠥᠬᠡᠬᠡᠬᠦ ᠪᠠᠷ ᠨᠢᠮᠪᠠᠶᠢᠯᠡᠵᠥ ᠠᠵᠢᠯᠯᠠᠲᠠᠭ ᠨᠢ ᠪᠠᠭᠰᠢ ᠰᠣᠷᠣᠭᠴᠢᠳ ᠤᠨ ᠬᠥᠨᠳᠥᠳᠭᠡᠯ ᠢ ᠶᠠᠭᠠᠬᠢᠬᠤ ᠶᠢᠨ ᠠᠷᠭ᠎ᠠ | ᠦᠭᠡᠢ ᠣᠯᠵᠣ᠂ ᠪᠢᠳᠡ ᠲᠥᠷᠢᠮ ᠲᠢᠭᠯᠢᠮ ᠢ ᠨᠢ ᠲᠠᠭᠠᠳᠠᠭ︾᠃ | ᠨᠢᠬᠡᠨ ᠠᠬᠠᠮᠠᠳ ᠪᠠᠭᠰᠢ ᠶᠢᠨ ᠵᠣᠭᠤᠭ᠄ ︽ᠮᠠᠨ ᠤ ᠣ᠊ ᠪᠠᠭᠰᠢ ᠲᠣᠭᠤᠭᠠᠨ ᠭᠡᠷ ᠤᠨ ᠨᠢᠬᠡ ᠪᠣᠷᠴᠠ | ᠥᠢᠷᠡᠭᠡᠳ ᠣᠨᠠᠪᠠᠴᠣ ᠴᠡᠪᠡᠷᠯᠡᠭᠡᠳ ᠠᠪᠳᠠᠭ᠂ ᠭᠤᠭᠤᠵᠢᠵᠣ ᠭᠡᠭᠡᠭᠳᠡᠭᠰᠡᠨ ᠨᠢᠬᠡ ᠰᠢᠷᠭᠡᠭ ᠰᠣᠩᠬᠢᠨ᠎ᠡ᠂ ᠨᠢᠬᠡ ᠭᠡᠰᠡᠭ | ᠨᠡᠭᠦᠷᠡᠰᠥ ᠶᠢ ᠴᠦ ᠲᠡᠬᠦᠬᠡᠳ ᠠᠪᠳᠠᠭ ᠨᠢᠮᠪᠡᠢ ᠬᠥᠮᠥᠨ ᠶᠤᠮ ᠡ︕︾᠃ ︽ᠨᠡᠷᠡᠳᠡᠢ ᠪᠠᠶᠠᠨ ᠵᠠᠩᠬᠢ ᠭᠤᠸᠠᠢ ᠶᠢᠨ | ᠭᠠᠭᠴᠠ ᠭᠥᠥ ᠨᠢ ᠪᠠᠶᠢᠳᠠᠯ᠎ᠠ ᠪᠠᠨ ᠮᠠᠨ ᠤ ᠣ᠊ ᠪᠠᠭᠰᠢ ᠶᠠᠭᠠᠬᠢᠬᠤ ᠳᠤ ᠪᠠᠨ ᠲᠡᠶᠢᠮᠥ ᠠᠵᠢᠯᠴᠢ ᠬᠠᠳᠠᠭᠤᠵᠢᠯᠳᠠᠢ᠂ | ᠠᠯᠪᠠᠨ ᠤ ᠶᠠᠭᠤᠮᠠᠨ ᠳᠤ ᠬᠡᠷ ᠤᠨ ᠬᠢ ᠪᠠᠨ ᠠᠴᠠ ᠢᠯᠡᠬᠦᠥ ᠠᠷᠪᠢᠴᠢ ᠭᠠᠮᠳᠠᠢ ᠪᠠᠶᠢᠭᠰᠠᠨ ᠤ ᠨᠢᠭᠤᠴᠠ ᠨᠢ ᠲᠡᠬᠦᠨ ᠤ | ᠬᠥᠮᠥᠨ ᠴᠢᠨᠠᠷ ᠲᠤ ᠪᠠᠨ ᠯᠠ ᠪᠠᠶᠢᠭ᠎ᠠ ᠪᠠᠶᠢᠬᠤ᠃ ᠬᠥᠮᠥᠨ ᠳᠤ ᠥᠷᠥ ᠵᠥᠬᠡᠯᠡᠨ᠂ ᠥᠨᠡᠨᠴᠢ ᠰᠢᠳᠣᠷᠭᠤ᠂ ᠨᠡᠷ᠎ᠡ | ᠲᠥᠷᠥ ᠶᠢᠨ ᠲᠥᠯᠥᠬᠡ ᠬᠥᠬᠡᠬᠡᠴᠡᠯᠳᠥᠳᠡᠭ ᠥᠬᠡᠢ᠂ ᠨᠢᠷᠣᠭᠤ ᠲᠠᠢ᠂ ᠰᠠᠶᠢᠬᠠᠨ ᠮᠣᠩᠭᠤᠯ ᠬᠥᠮᠥᠨ ᠤ ᠪᠣᠳᠠᠳᠠᠢ ᠵᠢᠱᠢᠶ᠎ᠡ | ᠶᠤᠮ ᠰᠢᠣ᠃ ᠣ᠊ ᠪᠠᠭᠰᠢ ᠡᠩ ᠤᠨ ᠬᠥᠮᠥᠨ ᠤ ᠬᠢᠵᠣ ᠴᠢᠳᠠᠬᠤ ᠥᠬᠡᠢ ᠠᠵᠢᠯ ᠢ ᠬᠢᠵᠥ ᠶᠠᠪᠣᠭᠰᠠᠨ ᠮᠥᠷᠳᠡᠯ᠎ᠡ ᠪᠠᠨ | ᠭᠠᠪᠢᠶᠠᠷᠬᠠᠵᠣ ᠠᠴᠢᠷᠬᠠᠭᠰᠠᠨ ᠥᠬᠡ ᠶᠢ ᠠᠮᠠ ᠵᠠᠪᠰᠠᠷ ᠴᠣᠬᠤᠶᠢᠯᠭᠠᠳᠠᠭ ᠥᠬᠡᠢ᠂ ᠶᠠᠷᠢᠵᠣ ᠴᠦ ᠴᠢᠳᠠᠳᠠᠭ ᠥᠬᠡᠢ᠂ | ᠣᠯᠠᠨ ᠲᠠᠪᠣᠨ ᠥᠬᠡ ᠥᠬᠡᠢ᠂ ᠲᠡᠶᠢᠮᠥ ᠰᠠᠶᠢᠬᠠᠨ ᠬᠥᠮᠥᠨ ᠶᠤᠮ ᠰᠢᠥ︕︾ ᠬᠡᠬᠦ ᠮᠡᠳᠥ ᠶᠢᠨ ᠬᠠᠮᠳᠣ | ᠠᠵᠢᠯᠯᠠᠭᠰᠠᠳ ᠤᠨ ᠬᠢᠨ ᠥᠨᠡᠯᠡᠯᠳᠡ ᠬᠠᠮᠤᠭ ᠲᠡᠭᠡᠳᠥ ᠢᠷᠠᠭᠤ ᠠᠯᠳᠠᠷ ᠪᠠᠶᠢᠵᠣ ᠲᠠᠭᠠᠷᠠᠨ᠎ᠠ᠃ | ᠲᠡᠶᠢᠮᠥ ᠡ᠂ ᠥᠩᠬᠡᠷᠡᠨ ᠣᠳᠣᠭᠰᠠᠨ ᠲᠡᠳᠡᠭᠡᠷ ᠣᠨ ᠵᠢᠯ ᠤᠨ ᠬᠠᠳᠠᠭᠤ ᠪᠡᠷᠭᠡ ᠠᠵᠢᠯ ᠬᠥᠳᠡᠯᠮᠥᠷᠢ᠂ ᠣᠶᠢᠭ᠎ᠠ | ᠥᠬᠡᠢ ᠵᠢᠳᠬᠦᠯ ᠲᠡᠮᠡᠴᠡᠯ ᠢ ᠨᠢ ᠲᠣᠷᠠᠰᠬᠠᠨ ᠲᠡᠮᠳᠡᠭᠯᠡᠭᠰᠡᠨ ᠰᠣᠷᠭᠠᠭᠤᠯᠢ ᠱᠠᠳᠣᠨ ᠤ ︽ᠲᠡᠷᠢᠬᠦᠨ ᠤ ᠠᠵᠢᠯᠳᠠᠨ︾ ᠤ | ᠬᠤᠷᠢ ᠰᠢᠬᠠᠮ ᠥᠨᠠᠮᠯᠠᠯ᠂ 1985 ᠣᠨ᠂ 1994 ᠣᠨ ᠳᠤ ᠬᠤᠰᠢᠭᠤ ᠱᠠᠳᠣᠨ ᠤ ︽ᠲᠡᠷᠢᠬᠦᠨ ᠤ ᠠᠵᠢᠯᠳᠠᠨ︾ ᠪᠠ | 1997 ᠣᠨ ᠳᠤ ᠰᠢᠯᠢ ᠶᠢᠨ ᠭᠤᠣᠯ ᠠᠶᠢᠮᠠᠭ ᠤᠨ ᠰᠣᠷᠭᠠᠨ ᠬᠥᠮᠥᠵᠢᠯ ᠤᠨ ᠰᠢᠰᠲ᠋ᠧᠮ ᠤᠨ ︽ᠲᠡᠷᠢᠬᠦᠨ ᠤ | ᠠᠵᠢᠯᠳᠠᠨ︾ ᠤ ᠥᠨᠠᠮᠯᠠᠯ ᠤᠨ ᠣᠯᠠᠭᠠᠨ ᠲᠡᠪᠳᠡᠷ ᠬᠢᠭᠡᠳ ᠬᠥᠪᠡᠭᠡᠳᠥ ᠰᠢᠷ᠎ᠠ ᠬᠤᠰᠢᠭᠤᠨ ᠤ ᠮᠣᠩᠭᠤᠯ | ᠥᠨᠳᠥᠰᠥᠳᠡᠨ ᠤ ᠲᠣᠮᠳᠠᠳᠣ ᠰᠣᠷᠭᠠᠭᠤᠯᠢ ᠶᠢᠨ ᠵᠠᠬᠢᠷᠣᠯ᠂ ᠪᠠᠭᠰᠢ ᠨᠠᠷ᠂ ᠰᠣᠷᠣᠭᠴᠢᠳ᠂ ᠭᠡᠷ ᠤᠨ ᠠᠬᠠᠮᠠᠳ ᠢ | ᠪᠠᠭᠳᠠᠭᠠᠭᠰᠠᠨ ᠬᠥᠮᠥᠨ ᠠᠷᠠᠳ ᠤᠨ ᠪᠢᠰᠢᠷᠡᠯ ᠮᠠᠭᠳᠠᠭᠠᠯ᠂ ᠬᠠᠯᠠᠭᠤᠨ ᠵᠣᠭᠤᠭ ᠤᠳ ᠡᠶᠢᠮᠥ ᠨᠢᠬᠡᠨ ᠠᠬᠠᠮᠠᠳ | ︽ᠭᠠᠯᠴᠢ ᠪᠠᠭᠰᠢ︾ ᠶᠢᠨ ᠢᠶᠠᠨ ᠬᠥᠮᠥᠨ ᠮᠥᠰᠥ᠂ ᠠᠯᠳᠠᠷ ᠭᠠᠪᠢᠶ᠎ᠠ ᠶᠢ ᠡᠬᠦᠷᠢᠳᠡ ᠲᠠᠭᠤᠷᠢᠰᠬᠠᠨᠠ ᠁ | | | ᠠᠵᠢᠯᠯᠠᠵᠤ ᠪᠠᠶᠢᠭ᠎ᠠ ᠪᠠᠶᠢᠭᠤᠯᠭ᠎ᠠ᠄ ᠬᠥᠪᠡᠭᠡᠳᠥ ᠰᠢᠷ᠎ᠠ ᠬᠤᠰᠢᠭᠤᠨ ᠤ ᠮᠣᠩᠭᠤᠯ | ᠥᠨᠳᠥᠰᠥᠳᠡᠨ ᠤ ᠲᠣᠮᠳᠠᠳᠣ ᠰᠣᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | 2021 ᠣᠨ ᠤ 4 ᠳ᠋ᠦ᠋ᠭᠡᠷ ᠬᠤᠭᠤᠴᠠᠭ᠎ᠠ | | |