ᠡ᠊ · ᠤᠷᠠᠩᠭᠤᠸ᠎ᠠ | | ᠨᠡᠶᠢᠭᠡᠮ᠂ ᠰᠤᠷᠭᠠᠭᠤᠯᠢ᠂ ᠭᠡᠷ ᠪᠦᠯᠢ ᠭᠤᠷᠪᠠ ᠤᠶᠠᠯᠳᠤᠭᠰᠠᠨ ᠰᠤᠷᠭᠠᠨ ᠬᠦᠮᠦᠵᠢᠯ ᠪᠤᠯ ᠬᠠᠮᠤᠭ ᠤᠨ ᠦᠨᠳᠦᠷ | ᠪᠦᠲᠦᠮᠵᠢᠲᠡᠢ ᠰᠤᠷᠭᠠᠨ ᠬᠦᠮᠦᠵᠢᠭᠦᠯᠬᠦ ᠠᠷᠭ᠎ᠠ ᠪᠤᠯᠤᠨ᠎ᠠ ᠭᠡᠳᠡᠭ ᠨᠢ ᠨᠢᠭᠡᠨᠳᠠ ᠨᠤᠲᠠᠯᠠᠭᠰᠠᠨ ᠶᠤᠮ᠃ ᠭᠡᠬᠦ ᠳᠤ ᠪᠠᠨ | ︽ᠬᠡᠦᠬᠡᠳ ᠢᠶᠠᠨ ᠬᠦᠮᠦᠨ ᠠᠴᠠ ᠲᠡᠭᠡᠭᠦᠷ ᠶᠠᠪᠤᠭᠤᠯᠤᠨ᠎ᠠ︾ ᠭᠡᠬᠦ ᠬᠦᠰᠡᠯᠡᠩ ᠤᠨ ᠰᠠᠶᠢᠬᠠᠨ ᠳᠤ ᠪᠠᠨ ᠯᠡ ᠰᠢᠢᠳᠦᠭᠰᠡᠨ | ᠵᠠᠷᠢᠮ ᠭᠡᠷ ᠤᠨ ᠠᠬᠠᠮᠠᠳ᠂ ︽ᠰᠤᠷᠤᠭᠴᠢᠳ ᠲᠤ ᠪᠠᠨ ᠯᠠᠪ ᠮᠡᠳᠡᠯᠭᠡ ᠡᠵᠡᠮᠰᠢᠭᠦᠯᠦᠨ᠎ᠠ︾ ᠭᠡᠬᠦ ᠬᠦᠰᠡᠯ ᠳᠤ ᠪᠠᠨ ᠯᠠ | ᠬᠦᠭᠰᠡᠭᠰᠡᠨ ᠵᠠᠷᠢᠮ ᠪᠠᠭᠰᠢ᠂ ︽ᠬᠦᠮᠦᠨ ᠤ ᠬᠡᠦᠬᠡᠳ ᠨᠠᠳᠡ ᠳᠤ ᠶᠠᠮᠠᠷ ᠬᠠᠮᠢᠶ᠎ᠠ ᠪᠠᠶᠢᠬᠤ ᠪᠤᠢ︾ ᠭᠡᠬᠦ ᠨᠠᠵᠠᠭᠠᠢ | ᠰᠡᠳᠬᠢᠴᠡ ᠳᠤ ᠠᠪᠲᠠᠭᠰᠠᠨ ᠨᠠᠶᠢᠭᠡᠮ ᠤᠨ ᠵᠠᠷᠢᠮ ᠭᠡᠰᠢᠬᠦᠨ ᠨᠢ ᠰᠤᠷᠭᠠᠭᠤᠯᠢ᠂ ᠭᠡᠷ ᠪᠦᠯᠢ᠂ ᠨᠡᠶᠢᠭᠡᠮ ᠭᠤᠷᠪᠠ | ᠤᠶᠠᠯᠳᠤᠭᠰᠠᠨ ᠰᠤᠷᠭᠠᠨ ᠬᠦᠮᠦᠵᠢᠯ ᠤᠨ ᠲᠣᠭᠲᠠᠴᠠ ᠶᠢ ᠣᠶᠢᠯᠠᠭᠠᠬᠤ ᠦᠭᠡᠢ᠂ ᠦᠨᠠᠮᠰᠢᠭᠦ ᠦᠭᠡᠢ᠂ ᠮᠠᠳᠠᠷᠠᠭᠦ ᠦᠭᠡᠢ᠂ | ᠴᠠᠭᠠᠰᠢᠯᠠᠨ ᠲᠡᠭᠦᠨ ᠢ ᠣᠮᠳᠤᠭᠠᠶᠢᠯᠠᠭᠰᠠᠨ ᠠᠴᠠ ᠪᠤᠯᠵᠤ ᠵᠠᠷᠢᠮ ᠰᠤᠷᠤᠭᠴᠢ ᠶᠢᠨ ᠵᠠᠩ ᠠᠷᠠᠨᠰᠢᠨ᠂ ᠦᠵᠡᠯ | ᠰᠡᠳᠬᠢᠯᠭᠡ᠂ ᠣᠶᠣᠨ ᠰᠠᠨᠠᠭᠠᠨ ᠤ ᠲᠠᠯ᠎ᠠ ᠳᠤ ᠭᠠᠵᠢ ᠦᠵᠡᠭᠳᠡᠯ ᠢᠯᠠᠷᠠᠳᠡᠭ ᠪᠠᠶᠢᠨ᠎ᠠ᠃ | | | ᠠᠰᠠᠭᠤᠳᠠᠯ ᠨᠢᠭᠡ᠂ ᠭᠡᠷ ᠪᠦᠯᠢ ᠶᠢᠨ ᠰᠤᠷᠭᠠᠨ ᠬᠦᠮᠦᠵᠢᠯ | | | ᠭᠡᠷ ᠤᠨ ᠠᠬᠠᠮᠠᠳ ᠴᠦᠮ ᠦᠷ᠎ᠡ ᠬᠡᠦᠭᠡᠳ ᠢᠶᠠᠨ ᠣᠯᠠᠨ ᠤ ᠲᠣᠳᠤᠷ᠎ᠠ ᠣᠳᠤ ᠰᠣᠳᠤ ᠪᠣᠯᠵᠦ ᠭᠢᠯᠠᠯᠵᠠᠵᠦ | ᠶᠠᠪᠤᠬᠤ ᠶᠢ ᠬᠦᠰᠡᠨ ᠡᠷᠡᠮᠡᠯᠵᠡᠳᠡᠭ ᠨᠢ ᠯᠠᠪ᠃ ᠭᠡᠬᠦ ᠳᠤ ᠪᠠᠨ ᠵᠠᠷᠢᠮ ᠭᠡᠷ ᠤᠨ ᠠᠬᠠᠮᠠᠳ ᠭᠡᠷ ᠪᠦᠯᠢ ᠶᠢᠨ ᠰᠤᠷᠭᠠᠨ | ᠬᠦᠮᠦᠵᠢᠯ ᠤᠨ ᠴᠢᠬᠤᠯᠠ ᠴᠢᠨᠠᠷ ᠢ ᠣᠶᠢᠯᠠᠭᠠᠬᠤ ᠦᠭᠡᠢ ᠬᠠᠷ᠎ᠠ ᠪᠠᠯᠠᠢ ᠪᠠᠷ ᠰᠤᠷᠭᠠᠭᠤᠯᠢ ᠳᠤ ᠨᠠᠶᠢᠳᠠᠵᠦ᠂ | ︽ᠬᠡᠦᠬᠡᠳ ᠤᠨ ᠢᠶᠠᠨ ᠳᠠᠰᠬᠠᠯ ᠪᠡᠶᠡᠯᠡᠭᠦᠯᠦᠭᠰᠠᠨ ᠪᠠᠶᠢᠳᠠᠯ ᠢ ᠪᠠᠶᠢᠴᠠᠭᠠᠵᠦ ᠦᠵᠡᠭᠡᠷᠡᠢ︾ ᠭᠡᠬᠦ ᠪᠠᠭᠰᠢ ᠶᠢᠨ | ᠨᠠᠶᠢᠳᠠᠯᠭ᠎ᠠ ᠶᠢᠨ ᠬᠠᠷᠢᠭᠤ ᠳᠤ ︽ᠪᠢ ᠥᠪᠡᠰᠤᠪᠠᠨ ᠲᠠᠰᠬᠠᠯ ᠢ ᠨᠢ ᠵᠠᠰᠠᠴᠢᠬᠠᠬᠤ ᠶᠤᠮ ᠪᠣᠯ ᠪᠠᠭᠰᠢ ᠪᠠᠷ ᠶᠠᠭᠤ ᠬᠢᠬᠦ | ᠪᠤᠢ︖︾ ᠭᠡᠵᠤ ᠮᠣᠵᠢᠭᠤᠳᠠᠯᠠᠵᠤ ᠪᠠᠶᠢᠳᠠᠭ᠃ | ᠮᠣᠩᠭᠤᠯ ᠬᠠᠭᠤᠴᠢ ᠦᠭᠡᠨ ᠳᠤ ︽ᠬᠡᠯᠲᠡᠩ ᠭᠡᠬᠦᠦ ᠠᠴᠠ ᠱᠤᠪᠳᠤᠩ ᠤᠨᠠᠭ᠎ᠠ︾ ᠭᠡᠳᠡᠭ᠃ ᠵᠠᠷᠢᠮ ᠬᠡᠦᠭᠡᠳ | ᠲᠦᠯᠭᠡᠭᠡᠨ ᠠᠪᠤᠷᠢ ᠲᠠᠢ᠂ ᠡᠨᠡᠷᠢᠩᠭᠦᠢ ᠵᠠᠩ ᠲᠠᠢ ᠪᠣᠯᠵᠤ ᠬᠦᠮᠦᠵᠢᠭᠳᠡᠬᠦ ᠳᠤ᠂ ᠵᠠᠷᠢᠮ ᠭᠡᠤᠭᠡᠳ ᠨᠢ ᠭᠦᠳᠦᠰ | ᠵᠦᠷᠢᠭᠦᠳ᠂ ᠵᠣᠵᠢᠭ᠂ ᠠᠮᠢ ᠬᠤᠪᠢᠨᠴᠢᠷ ᠵᠠᠩ ᠲᠠᠢ ᠪᠣᠯᠵᠦ ᠥᠰᠳᠡᠭ᠃ ᠡᠳᠡᠭᠡᠷ ᠵᠠᠩ ᠠᠷᠠᠨᠰᠢᠨ ᠭᠡᠷᠬᠢᠨ | ᠪᠦᠷᠢᠯᠳᠤᠳᠡᠭ ᠪᠤᠢ︖ ᠡᠨᠡ ᠨᠢ ᠲᠡᠭᠦᠨ ᠤ ᠭᠡᠷ ᠪᠦᠯᠢ ᠶᠢᠨ ᠣᠷᠴᠢᠨ᠂ ᠭᠡᠷ ᠪᠦᠯᠢ ᠶᠢᠨ ᠰᠤᠷᠭᠠᠯ ᠲᠠᠢ ᠢᠯᠡᠳᠳᠡ | ᠬᠤᠯᠪᠤᠭᠳᠠᠬᠤ ᠨᠢ ᠵᠠᠶᠢᠯᠠᠰᠢ ᠦᠭᠡᠢ᠃ ᠡᠳᠤᠷᠵᠢᠨ ᠬᠠᠷᠢᠶᠠᠯ ᠤᠷᠤᠰᠬᠠᠳᠠᠭ ᠠᠪᠤ ᠡᠵᠢ ᠠᠴᠠ ᠬᠠᠷᠢᠶᠠᠯ ᠮᠡᠳᠡᠬᠦ ᠦᠭᠡᠢ | ᠬᠡᠦᠬᠡᠳ ᠯᠠᠪ ᠭᠠᠷᠬᠤ ᠦᠭᠡᠢ᠂ ᠥᠭᠭᠢᠶᠠᠮᠦᠷᠴᠢ ᠴᠠᠶᠢᠯᠭᠠᠨ ᠵᠠᠩ ᠲᠠᠢ ᠡᠵᠢ᠂ ᠠᠵᠢᠯᠰᠠᠭ ᠲᠦᠯᠭᠡᠭᠡᠨ ᠵᠠᠩ ᠲᠠᠢ | ᠠᠪᠤ ᠲᠠᠢ ᠪᠠᠨ ᠦᠰᠦᠭᠰᠡᠨ ᠬᠡᠦᠭᠡᠳ ᠭᠠᠯ ᠮᠣᠭᠠᠢ ᠵᠠᠯᠭᠢᠭᠰᠠᠨ ᠭᠠᠯᠵᠠᠭᠤ ᠠᠪᠤᠷᠢ ᠲᠠᠢ ᠪᠣᠯᠵᠦ ᠬᠦᠮᠦᠵᠢᠭᠳᠡᠬᠦ ᠶᠤᠰᠤ | ᠦᠭᠡᠢ᠃ | ᠭᠡᠷ ᠪᠦᠯᠢ ᠶᠢᠨ ᠬᠦᠮᠦᠵᠢᠯ ᠳᠤ ᠬᠤᠯᠪᠤᠭᠳᠠᠬᠤ ᠵᠦᠢᠯᠡᠰ ᠢ ᠮᠥᠴᠢᠳ ᠲᠤᠷᠠᠳᠪᠠᠯ᠄ | 1. ᠬᠡᠷ ᠤᠨ ᠠᠬᠠᠮᠠᠳ ᠪᠣᠯᠤᠭᠰᠠᠳ ᠬᠡᠦᠬᠡᠳ ᠢᠶᠠᠨ ᠨᠢᠯᠬ᠎ᠠ ᠪᠠᠭ᠎ᠠ ᠪᠠᠶᠢᠬᠤ ᠳᠤ ᠨᠢ ᠬᠠᠵᠠᠭᠤ ᠳᠤ ᠨᠢ ᠨᠤᠮ | ᠤᠩᠰᠢᠵᠦ ᠪᠠᠶᠢᠭᠰᠠᠨ ᠤᠤ︖ | ᠢᠪᠷᠡᠶᠢᠴᠤᠳ ᠬᠡᠦᠬᠡᠳ ᠢᠶᠠᠨ ᠨᠤᠮ ᠤᠩᠰᠢᠭᠤᠯᠵᠦ ᠰᠤᠷᠭᠠᠬᠤ ᠶᠢᠨ ᠲᠦᠯᠦᠭᠡ ᠨᠢᠯᠬ᠎ᠠ ᠪᠠᠭ᠎ᠠ | ᠪᠠᠶᠢᠬᠤ ᠳᠤ ᠨᠢ ᠨᠤᠮ ᠤᠨ ᠬᠠᠭᠤᠳᠠᠰᠤᠨ ᠳᠤ ᠪᠠᠯ ᠲᠦᠷᠬᠢᠭᠡᠳ ᠲᠣᠯᠢᠶᠠᠯᠭᠠᠨᠠ ᠭᠡᠳᠡᠭ᠃ ᠡᠨᠡ ᠪᠤᠯ ᠨᠤᠮ ᠤᠩᠰᠢᠬᠤ | ᠭᠡᠳᠡᠭ ᠡᠶᠢᠮᠦ ᠯᠡ ᠠᠮᠳᠠᠳᠠᠢ ᠪᠠᠶᠢᠳᠠᠭ ᠭᠡᠳᠡᠭ ᠢ ᠨᠢᠯᠬ᠎ᠠ ᠣᠶᠤᠨ ᠳᠤ ᠨᠢ ᠰᠠᠭᠤᠭᠳᠠᠭᠤᠯᠵᠤ ᠪᠠᠶᠢᠭ᠎ᠠ ᠬᠡᠷᠡᠭ᠃ | 2. ᠬᠡᠷ ᠤᠨ ᠠᠬᠠᠮᠠᠳ ᠪᠣᠯᠤᠭᠰᠠᠳ ᠬᠡᠦᠬᠡᠳ ᠤᠨ ᠢᠶᠠᠨ ᠬᠠᠵᠠᠭᠤ ᠳᠤ ᠭᠠᠷ ᠤᠳᠠᠰᠤ ᠪᠠᠷ ᠣᠯᠠᠨ | ᠨᠠᠭᠠᠳᠳᠠᠭ ᠤᠤ︖ | ᠭᠡᠷ ᠤᠨ ᠠᠬᠠᠮᠠᠳ ᠪᠣᠯᠤᠭᠰᠠᠨ ᠤ ᠬᠤᠪᠢ ᠳᠤ ᠬᠡᠦᠭᠡᠳ ᠲᠤ ᠪᠠᠨ ᠵᠥᠪ ᠰᠠᠶᠢᠬᠠᠨ ᠦᠵᠡᠯ ᠰᠠᠨᠠᠭᠠᠨ ᠤ | ᠬᠦᠮᠦᠵᠢᠯ ᠬᠢᠭᠰᠡᠨ ᠤᠤ︖ ᠥᠪᠡᠰᠤᠪᠠᠨ ᠲᠠᠭᠤᠷᠢᠶᠠᠯ ᠪᠣᠯᠵᠤ ᠲᠠᠭᠠᠭᠤᠯᠤᠭᠠᠳ ᠨᠠᠭᠠᠳᠤᠭᠰᠠᠨ ᠤᠤ︖ | ᠬᠡᠷ ᠤᠨ ᠠᠬᠠᠮᠠᠳ ᠤᠨ ᠲᠤᠮᠳᠠ ︽ᠡᠨᠡ ᠬᠡᠦᠬᠡᠳ ᠭᠠᠷ ᠤᠳᠠᠰᠤ ᠪᠠᠷ ᠨᠠᠭᠠᠳᠤᠭᠠᠳ ᠶᠠᠭ ᠰᠠᠯᠬᠤ ᠦᠭᠡᠢ︾ | ᠭᠡᠬᠦ ᠶᠠᠷᠢᠶ᠎ᠠ ᠪᠠᠶᠢᠩᠭᠤ ᠰᠤᠨᠤᠰᠳᠠᠳᠠᠬ᠃ ᠲᠡᠭᠡᠬᠦ ᠳᠤ ᠪᠠᠨ ᠰᠢᠨᠵᠢᠯᠡᠭᠡ ᠮᠡᠷᠭᠡᠵᠢᠯ ᠬᠦᠭᠵᠢᠭᠰᠡᠨ ᠥᠨᠦᠳᠦᠷ᠂ ᠭᠡᠷ ᠤᠨ | ᠠᠬᠠᠮᠠᠳ ᠤᠨ ᠱᠠᠭᠠᠷᠳᠠᠯᠭ᠎ᠠ ᠳᠤ ᠨᠡᠶᠢᠴᠡᠭᠦᠯᠦᠨ ᠬᠡᠦᠭᠡᠳ ᠰᠠᠭᠠᠳᠠᠭᠤᠯᠬᠤ ᠭᠠᠷ ᠮᠠᠰᠢᠨ ᠴᠦ ᠪᠤᠢ ᠪᠤᠯᠤᠭᠰᠠᠨ | ᠪᠠᠶᠢᠨ᠎ᠠ᠃ ᠢᠩᠬᠢᠬᠦ ᠳᠤ ᠵᠠᠯᠠᠭᠤ ᠡᠴᠢᠭᠡ ᠡᠭᠡ ᠨᠢ ᠪᠠᠶ᠎ᠠ ᠠᠮᠠᠷ ᠢᠶᠠᠨ ᠪᠣᠳᠤᠵᠦ ᠬᠡᠦᠬᠡᠳ ᠲᠤ ᠪᠠᠨ ᠲᠡᠭᠦᠨ ᠢ ᠨᠢ | ᠠᠪᠴᠦ ᠪᠠᠷᠢᠭᠤᠯᠤᠭᠰᠠᠨ ᠪᠠᠶᠢᠳᠠᠭ᠃ ᠶᠡᠭᠡ ᠪᠠᠷ ᠤᠬᠢᠯᠠᠵᠤ ᠪᠠᠶᠢᠭᠰᠠᠨ ᠬᠡᠦᠬᠡᠳ ᠨᠢ ᠴᠦ ᠨᠠᠭᠠᠳᠤᠮ ᠤᠨ ᠭᠠᠷ | ᠤᠳᠠᠰᠤ ᠪᠠᠨ ᠠᠳᠬᠤᠮᠠᠭᠴᠠ ᠤᠬᠢᠯᠠᠬᠤ ᠪᠠᠨ ᠵᠤᠭᠰᠤᠴᠢᠬᠠᠳᠠᠭ᠃ ᠡᠨᠡ ᠨᠢ ᠪᠦᠳᠦᠮᠵᠢᠳᠡᠢ ᠠᠷᠭ᠎ᠠ ᠤᠤ︖ | ᠪᠠᠭ᠎ᠠ ᠳᠤ ᠨᠢ ᠭᠠᠷ ᠤᠲᠠᠰᠤ ᠪᠠᠷ ᠰᠠᠭᠠᠳᠠᠭᠤᠯᠵᠤ ᠰᠤᠷᠭᠠᠭᠰᠠᠨ ᠬᠡᠦᠬᠡᠳ ᠴᠢᠨᠢ ᠰᠤᠷᠭᠠᠭᠤᠯᠢ ᠳᠤ ᠰᠠᠭᠤᠭᠰᠠᠨ | ᠬᠤᠶᠢᠨ᠎ᠠ ᠪᠠᠨ ᠥᠨᠦᠬᠢ ᠭᠠᠷ ᠤᠳᠠᠰᠤ ᠠᠴᠠ ᠪᠠᠨ ᠰᠠᠯᠵᠦ ᠲᠡᠶᠢᠯᠬᠦ ᠪᠠᠨ ᠪᠤᠯᠢᠵᠦ᠂ ᠲᠠ ᠨᠠᠷ ᠤᠨ ᠰᠡᠳᠬᠢᠯ ᠢ | ᠵᠦᠳᠡᠭᠡᠬᠦ ᠪᠤᠯᠤᠨ᠎ᠠ᠃ | ᠠᠮᠢᠳᠤᠷᠠᠯ ᠤᠨ ᠲᠤᠮᠳᠠᠬᠢ ᠪᠠᠭᠠᠵᠢ ᠬᠡᠷᠡᠭᠰᠡᠯ ᠨᠢ ᠬᠦᠮᠦᠰ ᠲᠤ ᠠᠪᠴᠦ ᠬᠡᠯᠡᠪᠠᠯ᠂ ᠠᠮᠢᠳᠤᠷᠠᠯ ᠤᠨ ᠪᠠᠶᠠᠨ | ᠴᠢᠨᠡᠭᠡᠯᠢᠭ᠂ ᠥᠯᠵᠡᠢ ᠥᠭᠡᠳᠡ ᠲᠠᠢ ᠪᠤᠯᠬᠤ ᠳᠤ ᠲᠤᠰᠠᠯᠠᠬᠤ ᠦᠢᠯᠡᠳᠦᠯ ᠦᠵᠡᠭᠦᠯᠬᠦ ᠬᠠᠪᠰᠤᠷᠤᠮᠵᠢ ᠵᠦᠢᠯ ᠮᠥᠨ᠃ | ᠡᠶᠢᠮᠦ ᠠᠴᠠ ᠬᠡᠨ ᠬᠦᠮᠦᠨ ᠴᠦ ᠲᠡᠳᠡᠭᠡᠷ ᠪᠠᠭᠠᠵᠢ ᠭᠡᠷᠡᠭᠰᠡᠯ ᠢ ᠥᠪᠡᠷ ᠤᠨ ᠢᠶᠠᠨ ᠪᠣᠭᠤᠯ ᠪᠣᠯᠭᠠᠵᠦ ᠵᠠᠷᠤᠬᠤ ᠠᠴᠠ | ᠪᠢᠰᠢ᠂ ᠲᠡᠭᠦᠨ ᠳᠤ ᠪᠠᠨ ᠪᠣᠭᠤᠯ ᠨᠢ ᠪᠣᠯᠵᠤ ᠵᠠᠷᠤᠭᠳᠠᠵᠦ ᠯᠡ ᠪᠣᠯᠬᠤ ᠦᠭᠡᠢ᠃ ᠭᠠᠷ ᠤᠳᠠᠰᠤ ᠶᠢ ᠴᠦ ᠠᠮᠢᠳᠤᠷᠠᠯ | ᠰᠤᠷᠤᠯᠭ᠎ᠠ ᠶᠢᠨ ᠲᠤᠰᠠᠯᠠᠮᠵᠢ ᠪᠣᠯᠭᠠᠨ ᠵᠠᠷᠤᠬᠤ ᠠᠴᠠ ᠪᠢᠰᠢ᠂ ᠲᠡᠭᠦᠨ ᠠᠴᠠ ᠪᠣᠯᠵᠦ ᠠᠮᠢᠳᠤᠷᠠᠯ ᠤᠨ ᠴᠢᠨᠠᠷ | ᠴᠢᠨᠰᠠᠭ᠎ᠠ ᠶᠢ ᠨᠥᠯᠦᠭᠡᠯᠡᠵᠦ ᠪᠤᠯᠬᠤ ᠦᠭᠡᠢ᠃ | 3. ᠬᠡᠷ ᠤᠨ ᠠᠬᠠᠮᠠᠳ ᠪᠣᠯᠤᠭᠰᠠᠳ ᠵᠠᠮ ᠬᠠᠷᠢᠯᠴᠠᠭᠠᠨ ᠤ ᠲᠦᠷᠢᠮ ᠢ ᠰᠠᠬᠢᠭᠰᠠᠨ ᠤᠤ︖ ᠬᠡᠦᠬᠡᠳ ᠢᠶᠠᠨ | ᠲᠠᠭᠠᠭᠤᠯᠤᠨ ᠤᠯᠠᠭᠠᠨ ᠳ᠋ᠧᠩ ᠢ ᠲᠠᠭᠠᠷᠢᠵᠦ ᠥᠩᠭᠡᠷᠡᠭᠰᠡᠨ ᠤᠳᠠᠭ᠎ᠠ ᠪᠤᠢ ᠤᠤ︖ ᠲᠡᠷᠭᠡᠨ ᠴᠤᠩᠬᠤ ᠪᠠᠷ ᠢᠶᠠᠨ | ᠭᠠᠳᠠᠭᠰᠢ ᠶᠠᠭᠤᠮ᠎ᠠ ᠬᠠᠶᠠᠳᠠᠭ ᠤᠤ︖ | ᠪᠣᠯᠪᠠᠰᠤᠨ ᠰᠤᠷᠲᠠᠯ᠂ ᠰᠠᠬᠢᠯᠭ᠎ᠠ ᠪᠠᠳᠤᠴᠢ ᠴᠢᠨᠠᠷ ᠲᠠᠢ ᠪᠠᠶᠢᠬᠤ ᠪᠣᠯ ᠬᠦᠮᠦᠨ ᠪᠣᠯᠬᠤ ᠶᠢᠨ ᠦᠨᠳᠦᠰᠦᠨ | ᠱᠠᠭᠠᠷᠳᠠᠯᠭ᠎ᠠ ᠮᠥᠨ᠃ ᠭᠡᠷ ᠤᠨ ᠠᠬᠠᠮᠠᠳ ᠤᠨ ᠰᠠᠨᠠᠮᠰᠠᠷ ᠦᠭᠡᠢ ᠪᠤᠶᠤ ᠤᠬᠠᠮᠰᠠᠷ ᠲᠤᠷᠤᠢ ᠠᠴᠠ ᠪᠣᠯᠤᠭᠰᠠᠨ ᠦᠢᠯᠡ | ᠠᠵᠢᠯᠯᠠᠭ᠎ᠠ ᠨᠢ ᠬᠡᠦᠬᠡᠳ ᠤᠨ ᠴᠢᠨᠢ ᠬᠠᠤᠯᠢ ᠲᠦᠷᠢᠮ ᠤᠨ ᠲᠤᠬᠠᠢ ᠲᠠᠨᠢᠯᠳᠠ ᠶᠢ ᠲᠤᠷᠤᠭᠰᠢᠯᠠᠭᠤᠯᠵᠦ᠂ ᠬᠤᠵᠢᠮ ᠤᠨ | ᠵᠠᠮ ᠬᠠᠷᠢᠯᠴᠠᠭᠠᠨ ᠤ ᠠᠶᠤᠯ ᠲᠦᠭᠰᠢᠭᠦᠷᠢ ᠶᠢ ᠡᠭᠦᠰᠭᠡᠵᠦ ᠮᠡᠳᠡᠬᠦ ᠬᠠᠤᠯᠢ ᠶᠢ ᠰᠠᠬᠢᠬᠤ ᠤᠬᠠᠮᠰᠠᠷ ᠠᠨᠠᠢ᠂ ᠬᠡᠪ | ᠪᠣᠯᠪᠠᠰᠤᠷᠠᠯ ᠢᠶᠠᠷ ᠲᠣᠳᠠᠮᠠᠭ ᠠᠷᠠᠳ ᠢᠷᠭᠡᠨ ᠪᠣᠯᠵᠦ ᠮᠡᠳᠡᠨ᠎ᠡ᠃ | 4. ᠬᠡᠦᠬᠡᠳ ᠤᠨ ᠢᠶᠠᠨ ᠬᠠᠵᠠᠭᠤ ᠳᠤ ᠪᠠᠭᠰᠢ ᠶᠢ ᠨᠢ ᠪᠤᠷᠤᠭᠤᠰᠢᠶᠠᠵᠦ ᠮᠠᠭᠤᠯᠠᠵᠦ ᠥᠩᠭᠡᠷᠡᠭᠰᠡᠨ ᠤᠤ︖ | ᠲᠤᠮᠳᠠᠳᠤ ᠰᠤᠷᠭᠠᠭᠤᠯᠢ ᠶᠢᠨ ︽ᠬᠡᠯᠡ ᠪᠢᠴᠢᠭ︾ ᠲᠤ ︽ᠰᠡᠭᠦᠳᠡᠷ︾ ᠭᠡᠬᠦ ᠬᠢᠴᠢᠶᠡᠯ ᠪᠠᠶᠢᠳᠠᠭ᠃ ᠡᠨᠡ ᠬᠦ | ᠬᠢᠴᠢᠶᠡᠯ ᠢ ︽ᠬᠡᠦᠬᠡᠳ ᠤᠨ ᠰᠡᠳᠬᠢᠯ ᠳᠤ ᠰᠡᠭᠦᠳᠡᠷ ᠪᠢᠳᠡᠭᠡᠢ ᠲᠤᠰᠬᠠᠭᠠᠷᠠᠢ᠂ ᠲᠡᠳᠡᠨ ᠳᠤ ᠡᠯᠢᠭᠡ ᠪᠦᠳᠦᠨ | ᠬᠠᠶᠢᠷ᠎ᠠ ᠶᠢ ᠡᠳ᠋ᠯᠡᠭᠦᠯᠵᠦ ᠪᠠᠶᠢᠭᠠᠷᠠᠢ︾ ᠭᠡᠬᠦ ᠤᠳᠬ᠎ᠠ ᠰᠠᠨᠠᠭ᠎ᠠ ᠶᠢ ᠢᠯᠡᠷᠡᠭᠦᠯᠦᠯᠠ ᠭᠡᠵᠦ ᠦᠵᠡᠳᠡᠭ᠃ ᠬᠡᠦᠬᠡᠳ ᠤᠨ | ᠰᠡᠳᠬᠢᠯ ᠳᠤ ᠶᠠᠮᠠᠷ ᠨᠢᠭᠡᠨ ᠬᠡᠷᠡᠭ ᠤᠴᠢᠷ ᠪᠤᠶᠤ ᠴᠠᠭᠠᠰᠢᠯᠠᠪᠠᠯ ᠨᠢᠭᠡ ᠦᠭᠡ ᠴᠦ ︽ᠰᠡᠭᠦᠳᠡᠷ︾ ᠦᠯᠡᠳᠡᠭᠡᠵᠦ | ᠮᠡᠳᠡᠨ᠎ᠡ᠃ ᠭᠡᠷ ᠤᠨ ᠠᠬᠠᠮᠠᠳ ᠤᠨ ᠲᠤᠷ᠎ᠠ ᠦᠭᠡᠶᠢᠴᠡᠬᠦ ᠳᠤ ᠪᠠᠨ ᠬᠡᠯᠡᠭᠰᠡᠨ ᠪᠠᠭᠰᠢ ᠶᠢᠨ ᠲᠤᠬᠠᠢ ᠨᠢᠭᠡᠨ ᠦᠨᠡᠯᠡᠯᠳᠡ | ᠬᠡᠦᠬᠡᠳ ᠤᠨ ᠴᠢᠨᠢ ᠪᠠᠭᠰᠢ ᠶᠢᠨ ᠢᠶᠠᠨ ᠲᠤᠬᠠᠢ ᠰᠠᠭᠤᠭᠳᠠᠯ᠂ ᠣᠶᠢᠯᠠᠭᠠᠯᠳᠠ ᠶᠢ ᠨᠠᠵᠠᠭᠠᠶᠢᠷᠠᠭᠤᠯᠵᠤ᠂ ᠡᠭᠦᠨ ᠤ | ᠤᠯᠠᠮ ᠠᠴᠠ ᠪᠠᠭᠰᠢ ᠳᠤ ᠪᠠᠨ ᠲᠤᠷ᠎ᠠ ᠦᠭᠡᠶᠢᠴᠡᠨ᠂ ᠪᠠᠭᠰᠢ ᠶᠢᠨ ᠢᠶᠠᠨ ᠲᠠᠶᠢᠯᠪᠤᠷᠢᠯᠠᠵᠦ ᠶᠠᠷᠢᠵᠦ ᠪᠠᠶᠢᠭ᠎ᠠ ᠮᠡᠳᠡᠯᠭᠡ | ᠮᠡᠳᠡᠴᠡ ᠶᠢ ᠠᠩᠬᠠᠷᠤᠨ ᠰᠣᠨᠤᠰᠬᠤ ᠪᠠᠨ ᠪᠣᠯᠢᠵᠦ᠂ ᠬᠡᠦᠬᠡᠳ ᠤᠨ ᠬᠢᠴᠢᠶᠡᠯ ᠰᠤᠷᠤᠯᠭ᠎ᠠ ᠶᠢ ᠨᠥᠯᠦᠭᠡᠯᠡᠵᠦ ᠮᠡᠳᠡᠨ᠎ᠠ᠃ | 5. ︽ᠪᠠᠭᠰᠢ ᠡ᠂ ᠬᠦᠦ ᠮᠢᠨᠦ ᠦᠭᠡ ᠪᠠᠷ ᠤᠷᠤᠬᠤ ᠦᠭᠡᠢ᠂ ᠲᠠ ᠨᠢᠭᠡ ᠰᠠᠶᠢᠨ ᠬᠡᠯᠡᠭᠡᠳ ᠦᠭ︕︾ ᠭᠡᠵᠦ | ᠬᠡᠦᠬᠡᠳ ᠤᠨ ᠢᠶᠠᠨ ᠲᠤᠬᠠᠢ ᠪᠠᠭᠰᠢ ᠳᠤ ᠨᠢ ᠵᠠᠬᠢᠵᠦ ᠦᠩᠭᠡᠷᠡᠭᠰᠡᠨ ᠤᠤ︖ | ᠬᠡᠦᠬᠡᠳ ᠲᠤ ᠪᠠᠨ ᠠᠮᠢ ᠨᠠᠰᠤ ᠣᠯᠭᠤᠨ ᠦᠰᠭᠡᠵᠦ ᠭᠦᠮᠦᠵᠢᠭᠦᠯᠦᠭᠰᠡᠨ ᠠᠪᠤ ᠡᠵᠢ ᠶᠢᠨ ᠲᠠᠯᠠᠢ ᠠᠴᠢ ᠶᠢ | ᠶᠠᠭᠤ ᠪᠠᠷ ᠵᠦᠢᠷᠯᠡᠯᠳᠡᠢ ᠪᠢᠯᠡ︖ ᠭᠡᠶ᠎ᠡ᠂ ᠠᠯᠳᠠᠨ ᠠᠮᠢ ᠶᠢ ᠨᠢ ᠤᠯᠭᠤᠴᠢᠬᠠᠭᠠᠳ᠂ ᠠᠷᠢᠭᠤᠨ ᠨᠠᠨᠳᠢᠨ | ᠰᠤᠷᠭᠠᠯ ᠢᠶᠠᠨ ᠣᠮᠲᠤᠭᠠᠶᠢᠯᠠᠪᠠᠯ ᠠᠪᠤ ᠡᠵᠢ ᠪᠣᠯᠤᠭᠰᠠᠳ ᠤᠨ ᠠᠯᠳᠠᠰᠢ ᠪᠣᠯᠬᠤ ᠨᠢ ᠲᠡᠷᠡ ᠪᠢᠯᠡ ᠤᠤ︕ ᠠᠷᠪᠠᠭᠠᠳ | ᠨᠠᠰᠤᠲᠠᠢ ᠬᠡᠦᠬᠡᠳ ᠢᠶᠠᠨ ᠰᠤᠷᠭᠠᠵᠦ ᠬᠦᠮᠦᠵᠢᠭᠦᠯᠵᠦ ᠲᠡᠶᠢᠯᠬᠦ ᠦᠭᠡᠢ ᠪᠣᠯᠴᠢᠬᠠᠪᠠᠯ ᠬᠡᠦᠬᠡᠳ ᠴᠢᠨᠢ ᠬᠤᠷᠢ ᠬᠦᠷᠬᠦ | ᠦᠶᠡᠰ ᠬᠡᠷᠬᠢᠨ ᠰᠤᠷᠭᠠᠯᠲᠠᠢ ᠪᠢᠯᠡ︖ | ︽ᠨᠡᠶᠢᠭᠡᠮ ᠠᠵᠢᠭᠯᠠᠯᠲᠠ︾ ᠫᠷᠣᠭ᠍ᠷᠠᠮ ᠳᠤ ᠨᠡᠪᠳᠡᠷᠡᠭᠦᠯᠦᠭᠳᠠᠵᠦ ᠪᠠᠶᠢᠭᠰᠠᠨ ᠵᠢᠷᠭᠤᠭᠠᠨ ᠬᠦᠦ ᠥᠰᠭᠡᠵᠦ | ᠪᠤᠶᠢᠵᠢᠭᠤᠯᠤᠭᠰᠠᠨ ᠶᠡᠷᠡ ᠭᠠᠷᠤᠭᠰᠠᠨ ᠨᠢᠭᠡᠨ ᠨᠠᠰᠤᠳᠠᠨ᠂ ᠬᠦᠦ ᠳᠤ ᠪᠠᠨ ᠱᠠᠯᠠ ᠶᠢᠨ ᠵᠦᠯᠭᠦᠭᠦᠷ ᠤᠨ ᠡᠰᠢ ᠪᠠᠷ | ᠴᠣᠬᠢᠭᠳᠠᠵᠦ ᠪᠠᠶᠢᠭᠰᠠᠨ ᠦᠵᠡᠭᠳᠡᠯ ᠨᠢ ᠬᠡᠦᠬᠡᠳ ᠢᠶᠠᠨ ᠬᠦᠮᠦᠨ ᠪᠣᠯᠭᠠᠨ ᠰᠤᠷᠭᠠᠬᠤ ᠶᠢ ᠬᠢᠴᠢᠶᠡᠬᠦ ᠦᠭᠡᠢ ᠪᠠᠶᠢᠭ᠎ᠠ | ᠠᠪᠤ ᠡᠵᠢ ᠳᠤ ᠰᠡᠷᠡᠮᠵᠢ ᠶᠢᠨ ᠲᠤᠬᠢᠶ᠎ᠠ ᠪᠣᠯᠬᠤ ᠪᠤᠰᠤ ᠤᠤ︖ | 6. ᠬᠡᠦᠬᠡᠳ ᠲᠤ ᠪᠠᠨ ᠣᠯᠠᠨ ᠨᠡᠶᠢᠳᠡ ᠶᠢᠨ ᠲᠠᠯᠠᠪᠤᠷ ᠲᠤ ᠨᠠᠮ ᠵᠢᠮ ᠪᠠᠶᠢᠬᠤ᠂ ᠬᠤᠭ ᠨᠤᠪᠰᠢ ᠶᠢ ᠡᠷᠤᠢ | ᠬᠤᠷᠤᠢ ᠦᠭᠡᠢ ᠬᠠᠶᠠᠬᠤ ᠮᠠᠭᠤ ᠰᠤᠷᠲᠠᠯ ᠢ ᠲᠡᠪᠴᠢᠬᠦ ᠲᠤᠬᠠᠢ ᠬᠦᠮᠦᠵᠢᠯ ᠬᠢᠵᠦ ᠥᠩᠭᠡᠷᠡᠭᠰᠡᠨ ᠤᠤ︖ | ᠬᠡᠦᠬᠡᠳ ᠤᠨ ᠡᠶᠢᠮᠦᠷᠬᠦᠦ ᠤᠬᠠᠮᠰᠠᠷᠲᠤ ᠴᠢᠨᠡᠷ ᠢ ᠬᠠᠷᠠᠬᠠᠨ ᠪᠠᠭ᠎ᠠ ᠠᠴᠠ ᠨᠢ ᠬᠦᠮᠦᠵᠢᠭᠦᠯᠬᠦ ᠨᠢ ᠬᠤᠵᠢᠮ ᠤᠨ | ︽ᠪᠡᠴᠢᠨ ᠪᠠᠭᠰᠢ ᠡ᠊ᠨᠳᠡ ᠬᠦᠷᠳᠡᠯ᠎ᠠ ᠵᠣᠷᠴᠢᠪᠠᠢ︾ ᠭᠡᠵᠦ ᠪᠢᠴᠢᠬᠦ ᠬᠦᠮᠦᠨ ᠢ ᠬᠦᠮᠦᠵᠢᠭᠦᠯᠦᠨ ᠭᠠᠷᠭᠠᠬᠤ ᠠᠴᠠ | ᠵᠠᠶᠢᠯᠠᠰᠬᠢᠬᠦ ᠠᠩᠬᠠᠨ ᠤ ᠠᠯᠬᠤᠮ ᠮᠥᠨ᠃ | 7. ᠬᠡᠦᠬᠡᠳ ᠤᠨ ᠢᠶᠠᠨ ᠬᠠᠵᠠᠭᠤ ᠳᠤ ᠪᠤᠵᠠᠷ ᠪᠤᠯᠬᠢ ᠦᠭᠡ ᠶᠠᠷᠢᠳᠠᠭ ᠤᠤ︖ | ᠪᠢ ᠪᠠᠭ᠎ᠠ ᠳᠤ ᠪᠠᠨ ᠴᠤᠭᠤᠷ ᠨᠤᠭᠤᠭ᠎ᠠ ᠢᠳᠡᠬᠦ ᠲᠤᠷ᠎ᠠ ᠦᠭᠡᠢ ᠪᠠᠶᠢᠭᠰᠠᠨ᠂ ᠬᠤᠵᠢᠮ ᠨᠢ ᠡᠨᠡ ᠨᠤᠭᠤᠭ᠎ᠠ ᠶᠢ | ᠢᠳᠡᠬᠦ ᠲᠤᠷ᠎ᠠ ᠦᠭᠡᠢ ᠪᠤᠯᠤᠭᠰᠠᠨ ᠰᠢᠯᠳᠠᠭᠠᠨ ᠢᠶᠠᠨ ᠨᠢᠭᠳᠠᠯᠠᠭᠰᠠᠨ ᠴᠢᠨᠢ ︽ᠡᠵᠢ ᠮᠢᠨᠢ ᠴᠤᠭᠤᠷ ᠨᠤᠭᠤᠭ᠎ᠠ | ᠢᠳᠡᠳᠡᠭ ᠦᠭᠡᠢ︾ ᠠᠴᠠ ᠪᠤᠯᠤᠭᠰᠠᠨ ᠪᠠᠶᠢᠨ᠎ᠠ᠃ ᠡᠨᠡ ᠪᠤᠯ ᠲᠠᠷᠤᠢ ᠲᠠᠭᠤᠷᠢᠶᠠᠯ ᠤᠨ ᠬᠦᠴᠦᠨ ᠮᠥᠨ᠃ ᠣᠷᠴᠢᠮ ᠤᠨ | ᠡᠳᠦᠷ ᠵᠢᠷᠭᠢᠬᠡ ᠳᠤ ᠭᠤᠷᠪᠠ ᠲᠦᠷᠪᠠᠨ ᠨᠠᠰᠤᠳᠡᠢ ᠪᠤᠯᠤᠯᠳᠠᠢ᠂ ᠨᠢᠭᠡᠨ ᠵᠢᠭᠠᠯ ᠬᠦᠦ ᠵᠣᠳᠤᠭ ᠡᠮᠦᠰᠴᠦ | ᠠᠬ᠎ᠠ ᠲᠠᠢ ᠪᠠᠨ ᠪᠠᠷᠢᠯᠳᠤᠬᠤ ᠪᠠᠷ ᠣᠪᠤᠷᠵᠢᠭᠤᠨ ᠲᠦᠷᠬᠦ ᠭᠠᠷᠭᠠᠵᠦ ᠪᠠᠶᠢᠭᠰᠠᠨ ᠲᠦᠷᠰᠦ ᠪᠢᠴᠢᠯᠭᠡ ᠲᠠᠮᠵᠢᠭᠳᠠᠵᠤ | ᠪᠠᠶᠢᠭᠰᠠᠨ᠂ ᠡᠨᠡ ᠵᠢᠭᠠᠯ ᠬᠦᠦ ᠶᠢᠨ ᠭᠡᠷ ᠤᠨ ᠠᠬᠠᠮᠠᠳ ᠨᠢ ᠪᠦᠬᠡ ᠶᠢᠨ ᠪᠠᠭ᠋ᠠᠳᠠᠨ ᠪᠤᠶᠤ ᠡᠰᠡᠭᠦᠯ᠎ᠠ ᠪᠦᠬᠡᠴᠢᠨ | ᠪᠣᠯᠬᠤ ᠨᠢ ᠭᠠᠷᠴᠠᠭ᠎ᠠ ᠦᠭᠡᠢ᠃ ᠬᠠᠷ᠎ᠠ ᠪᠠᠭ᠎ᠠ ᠠᠴᠠ ᠪᠠᠨ ᠦᠵᠡᠵᠦ ᠬᠠᠷᠠᠵᠦ ᠨᠥᠯᠦᠭᠡᠯᠡᠭᠳᠡᠭᠰᠡᠨ ᠦᠭᠡᠢ ᠪᠤᠯ | ᠪᠦᠬᠡᠴᠢᠨ ᠬᠦᠮᠦᠨ ᠤ ᠲᠡᠶᠢᠮᠦ ᠤᠪᠣᠷ ᠢ ᠭᠠᠷᠭᠠᠵᠦ ᠴᠦ ᠴᠢᠳᠠᠬᠤ ᠦᠭᠡᠢ ᠨᠢ ᠮᠡᠳᠡᠭᠡᠵᠢ᠃ ᠡᠷᠳᠡᠨ ᠠᠴᠠ ᠠᠭᠰᠠᠨ | ︽ᠰᠤᠷᠪᠤᠯᠵᠢᠳᠤ ᠪᠢᠴᠢᠭ ᠤᠨ ᠭᠡᠷ︾ ᠴᠢᠨᠢ ᠴᠦ ᠡᠶᠢᠮᠦᠷᠬᠦᠦ ᠨᠥᠯᠦᠭᠡ᠂ ᠰᠤᠷᠭᠠᠯ ᠬᠦᠮᠦᠵᠢᠯ ᠠᠴᠠ ᠯᠡ | ᠤᠯᠠᠮᠵᠢᠯᠠᠭᠳᠠᠵᠤ ᠵᠠᠯᠭᠠᠮᠵᠢᠯᠠᠭᠳᠠᠭᠰᠠᠨ ᠪᠠᠶᠢᠬᠤ ᠡ︕ | ᠡᠶᠢᠮᠦ ᠠᠴᠠ ᠭᠡᠷ ᠤᠨ ᠠᠬᠠᠮᠠᠳ ᠤᠨ ᠪᠤᠵᠠᠷ ᠪᠤᠯᠬᠢ ᠦᠭᠡ ᠶᠠᠷᠢᠬᠤ ᠨᠢ ᠬᠡᠦᠬᠡᠳ ᠢᠶᠠᠨ ᠨᠥᠯᠦᠭᠡᠯᠡᠵᠦ᠂ | ᠬᠡᠦᠬᠡᠳ ᠨᠢ ᠪᠤᠵᠠᠷ ᠪᠤᠯᠬᠢ ᠦᠭᠡ ᠶᠠᠷᠢᠬᠤ ᠪᠤᠯᠤᠨ᠎ᠠ᠃ ᠬᠡᠦᠬᠡᠳ ᠴᠢᠨᠢ ᠪᠤᠵᠠᠷ ᠪᠤᠯᠬᠢ ᠦᠭᠡ ᠶᠠᠷᠢᠨ | ᠨᠥᠬᠦᠳ ᠤᠨ ᠢᠶᠠᠨ ᠲᠤᠷ᠎ᠠ ᠦᠭᠡᠶᠢᠴᠡᠯ ᠢ ᠲᠡᠭᠳᠡᠭᠡᠨᠡ᠃ ᠡᠭᠦᠨ ᠤ ᠤᠯᠠᠮ ᠠᠴᠠ ᠵᠢᠭᠰᠢᠵᠦ ᠭᠠᠳᠠᠭᠤᠷᠰᠢᠶᠠᠬᠳᠠᠬᠤ | ᠪᠤᠯᠵᠤ ᠁ ᠬᠡᠦᠬᠡᠳ ᠲᠤ ᠴᠢᠨᠢ ᠨᠠᠵᠠᠭᠠᠢ ᠠᠮᠢᠳᠤᠷᠠᠬᠤᠢ ᠶᠢᠨ ᠦᠵᠡᠯᠳᠡ ᠶᠢ ᠪᠤᠢ ᠪᠤᠯᠭᠠᠵᠦ ᠁ | ᠠᠮᠢᠳᠤᠷᠠᠯ ᠤᠨ ᠤᠷᠴᠢᠨ ᠤ ᠡᠷᠡᠭᠦᠯ ᠪᠤᠰᠤ ᠠᠭᠤᠷ ᠠᠮᠢᠰᠬᠤᠯ ᠢ ᠪᠦᠷᠢᠯᠳᠤᠭᠦᠯᠦᠨ᠎ᠠ᠃ | 8. ︽ᠡᠨᠡ ᠬᠦᠦ ᠲᠠᠰᠬᠠᠯ ᠬᠢᠬᠦ ᠠᠴᠠ ᠪᠠᠨ ᠵᠠᠯᠬᠠᠭᠤᠷᠠᠭᠠᠳ ᠡ ᠁︾ ᠭᠡᠵᠦ ᠬᠡᠦᠬᠡᠳ ᠤᠨ ᠢᠶᠠᠨ | ᠬᠠᠵᠠᠭᠤ ᠳᠤ ᠶᠠᠷᠢᠵᠦ ᠥᠩᠭᠡᠷᠡᠪᠠ ᠤᠤ︖ | ᠣᠳᠤ ᠦᠶ᠎ᠠ ᠶᠢᠨ ᠰᠤᠷᠭᠠᠨ ᠬᠦᠮᠦᠵᠢᠯ ᠤᠨ ᠤᠬᠠᠭᠠᠨᠳᠠᠳ ᠠᠴᠠ ︽ᠬᠡᠦᠬᠡᠳ ᠢᠶᠠᠨ ᠢᠯᠡᠭᠦᠬᠡᠨ ᠮᠠᠭᠳᠠᠵᠦ | ᠪᠠᠶᠢᠭᠠᠷᠠᠢ︾ ᠬᠡᠮᠡᠨ ᠭᠡᠷ ᠤᠨ ᠠᠬᠠᠮᠠᠳ᠂ ᠪᠠᠭᠰᠢ ᠨᠠᠷ ᠲᠤ ᠰᠠᠨᠠᠭᠤᠯᠵᠦ ᠪᠠᠶᠢᠳᠠᠭ᠃ ᠵᠠᠷᠢᠮ ᠬᠦᠮᠦᠨ ᠡᠨᠡ ᠬᠦ | ᠰᠠᠨᠠᠭᠤᠯᠭ᠎ᠠ ᠶᠢᠨ ᠲᠣᠳᠤᠭᠠᠳᠤ ᠮᠥᠨ ᠴᠢᠨᠠᠷ ᠢ ᠤᠬᠠᠯ ᠦᠭᠡᠢ ᠪᠠᠷ ᠬᠡᠢ ᠬᠤᠭᠤᠰᠤᠨ ᠢᠶᠠᠷ ᠬᠡᠦᠬᠡᠳ ᠢᠶᠠᠨ ᠮᠠᠭᠳᠠᠨ | ᠡᠷᠭᠦᠭᠰᠡᠨ ᠢᠶᠠᠷ ᠲᠡᠷᠡ ᠬᠡᠦᠬᠡᠳ ᠨᠢ ᠬᠡᠳᠦ ᠬᠦᠪᠰᠦᠭᠡᠷ ᠬᠠᠭᠤᠳᠠᠮᠴᠢ ᠵᠠᠩ ᠲᠠᠢ ᠪᠤᠯᠵᠤ ᠤᠷᠬᠢᠳᠠᠭ᠃ ᠦᠨᠡᠨ ᠢ | ᠬᠡᠯᠡᠬᠦ ᠳᠤ ᠡᠨᠡ ᠬᠦ ︽ᠮᠠᠭᠳᠠᠭᠠᠯ︾ ᠬᠡᠬᠦ ᠦᠭᠡ ᠨᠢ ᠬᠡᠦᠬᠡᠳ ᠲᠤ ᠪᠠᠨ ᠢᠳᠡᠪᠬᠢ ᠰᠤᠷᠠᠭ ᠲᠤᠬᠢᠶ᠎ᠠ ᠲᠠᠮᠵᠢᠭᠤᠯᠵᠦ᠂ | ᠲᠡᠳᠡᠨ ᠳᠤ ᠤᠷᠮ᠎ᠠ ᠬᠠᠶᠢᠷᠠᠯᠠᠵᠦ᠂ ᠳᠡᠳᠡᠨ ᠤ ᠢᠳᠡᠪᠬᠢᠵᠢᠯ ᠢ ᠪᠠᠳᠠᠷᠠᠭᠤᠯᠵᠦ ᠪᠠᠶᠢᠭᠠᠴᠢ ᠭᠡᠰᠡᠨ ᠰᠠᠨᠠᠭ᠎ᠠ ᠪᠢᠯᠡ᠃ | ᠲᠡᠭᠡᠬᠦ ᠳᠤ ᠭᠡᠷ ᠤᠨ ᠠᠬᠠᠮᠠᠳ ᠤᠨ ᠶᠠᠷᠢᠭᠰᠠᠨ᠂ ︽ᠡᠨᠡ ᠬᠦᠦ ᠲᠠᠰᠬᠠᠯ ᠬᠢᠬᠦ ᠠᠴᠠ ᠪᠠᠨ ᠵᠠᠯᠬᠠᠭᠤᠷᠠᠭᠠᠳ | ᠡ ᠁︾ ᠭᠡᠬᠦ ᠦᠭᠡ ᠴᠢᠨᠢ ᠬᠡᠦᠬᠡᠳ ᠲᠤ ︽ᠪᠢ ᠲᠠᠰᠬᠠᠯ ᠬᠢᠬᠦ ᠠᠴᠠ ᠵᠠᠯᠬᠠᠭᠤᠷᠠᠨᠠ︾ ᠬᠡᠬᠦ ᠲᠠᠯᠳᠠ ᠰᠤᠷᠠᠭ | ᠲᠤᠬᠢᠶ᠎ᠠ ᠶᠢ ᠬᠠᠩᠭᠠᠵᠦ᠂ ᠡᠭᠦᠨ ᠤ ᠤᠯᠠᠮ ᠠᠴᠠ ᠲᠠᠰᠬᠠᠯ ᠢᠶᠠᠨ ᠨᠠᠩ ᠬᠢᠬᠦ ᠲᠤᠷ᠎ᠠ ᠦᠭᠡᠢ ᠪᠤᠯᠤᠨ᠎ᠠ᠃ ᠬᠠᠷᠢᠨ | ᠡᠬᠦᠨ ᠤ ᠡᠰᠡᠷᠭᠦ ᠪᠠᠷ ︽ᠮᠢᠨᠦ ᠬᠦᠦ ᠲᠠᠰᠬᠠᠯ ᠢᠶᠠᠨ ᠲᠤᠩ ᠢᠳᠡᠪᠬᠢᠳᠡᠢ ᠪᠡᠶᠡᠯᠡᠬᠦᠯᠬᠦ ᠪᠤᠯᠤᠭᠰᠠᠨ︾ | ︽ᠵᠠᠯᠬᠠᠭᠤᠷᠠᠬᠤ ᠪᠠᠨ ᠪᠠᠶᠢᠭᠰᠠᠨ︾ ᠭᠡᠵᠦ ᠬᠡᠯᠡᠪᠠᠯ ᠬᠡᠦᠬᠡᠳ ᠲᠤ ᠴᠢᠨᠢ ᠨᠢᠭᠡ ᠶᠤᠰᠤᠨ ᠤ ᠢᠳᠡᠪᠬᠢ ᠰᠤᠷᠠᠭ ᠵᠠᠩᠬᠢ | ᠪᠤᠯᠵᠦ᠂ ᠬᠡᠦᠬᠡᠳ ᠴᠦ ᠵᠠᠯᠬᠠᠭᠤᠷᠠᠵᠦ ᠬᠤᠶᠢᠷᠭᠤᠰᠢᠬᠤ ᠪᠠᠨ ᠪᠤᠯᠢᠨ᠎ᠠ᠃ | ᠡᠶᠢᠮᠦ ᠠᠴᠠ ᠭᠡᠷ ᠤᠨ ᠠᠬᠠᠮᠠᠳ ᠪᠣᠯᠤᠭᠰᠠᠳ ᠥᠪᠡᠷ ᠤᠨ ᠦᠷ᠎ᠡ ᠬᠡᠦᠬᠡᠳ ᠢᠶᠠᠨ ᠨᠡᠩ ᠥᠩᠭᠡ ᠲᠠᠢ᠂ | ᠥᠭᠡᠳᠡ ᠲᠠᠢ ᠶᠠᠪᠤᠭᠤᠯᠤᠶ᠎ᠠ ᠬᠡᠪᠡᠯ ᠬᠡᠦᠬᠡᠳ ᠲᠤ ᠪᠠᠨ ᠨᠢᠯᠬ᠎ᠠ ᠪᠠᠭ᠎ᠠ ᠠᠴᠠ ᠨᠢ ᠵᠥᠪ ᠰᠠᠶᠢᠬᠠᠨ ᠬᠦᠮᠦᠵᠢᠯ ᠬᠢᠵᠦ᠂ | ᠥᠪᠡᠷ ᠤᠨ ᠴᠢᠨᠢ ᠦᠭᠡ ᠶᠠᠷᠢᠶ᠎ᠠ᠂ ᠦᠢᠯᠡ ᠠᠵᠢᠯᠯᠠᠭ᠎ᠠ᠂ ᠤᠪᠤᠷ ᠪᠠᠶᠢᠳᠠᠯ ᠴᠢᠨᠢ ᠲᠡᠷᠭᠡᠳᠡ ᠴᠢᠨᠢ ᠪᠠᠶᠢᠭ᠎ᠠ ᠦᠷ᠎ᠡ | ᠬᠡᠦᠬᠡᠳ ᠤᠨ ᠴᠢᠨᠢ ᠲᠠᠭᠤᠷᠢᠶᠠᠯ ᠪᠤᠯᠤᠨ᠎ᠠ ᠭᠡᠳᠡᠭ ᠢ ᠴᠠᠭ ᠢᠮᠠᠭᠳᠠ ᠠᠩᠬᠠᠷᠬᠤ ᠴᠢᠬᠤᠯᠠ ᠲᠠᠢ᠃ | | ᠠᠰᠠᠭᠤᠳᠠᠯ ᠬᠤᠶᠠᠷ᠂ ᠨᠡᠶᠢᠬᠡᠮ ᠤᠷᠴᠢᠨ ᠤ ᠰᠤᠷᠭᠠᠨ ᠬᠦᠮᠦᠵᠢᠯ | | ᠨᠢᠭᠡ ᠬᠦᠮᠦᠨ ᠤ ᠦᠰᠴᠦ ᠲᠦᠷᠦᠭᠰᠡᠨ ᠣᠷᠴᠢᠨ᠂ ᠨᠠᠶᠢᠵᠠ ᠶᠢᠨ ᠲᠣᠭᠤᠷᠢᠭ᠂ ᠨᠡᠶᠢᠭᠡᠮ ᠤᠨ ᠬᠠᠷᠢᠯᠴᠠᠭ᠎ᠠ | ᠶᠠᠪᠤᠯᠴᠠᠭ᠎ᠠ ᠵᠢᠴᠢ ᠠᠮᠢᠳᠤᠷᠠᠯ ᠤᠨ ᠲᠤᠮᠳᠠᠬᠢ ᠤᠴᠠᠷᠠᠯ ᠲᠣᠬᠢᠶᠠᠯᠳᠤᠯ ᠨᠢ ᠬᠦᠮᠦᠨ ᠤ ᠵᠠᠩ ᠠᠷᠠᠨᠰᠢᠨ᠂ | ᠠᠮᠢᠳᠤᠷᠠᠬᠤᠢ ᠶᠢᠨ ᠦᠵᠡᠯᠳᠡ ᠶᠢᠨ ᠪᠦᠷᠢᠯᠳᠦᠯ ᠬᠢᠭᠡᠳ ᠲᠤᠷ᠎ᠠ ᠰᠣᠨᠢᠷᠬᠠᠯ ᠵᠡᠷᠭᠡ ᠳᠤ ᠵᠤᠬᠢᠬᠤ ᠨᠥᠯᠦᠭᠡ ᠪᠤᠯᠳᠠᠭ᠃ | ᠶᠠᠭᠠᠬᠢᠭᠠᠳ ᠬᠤᠷᠴᠢᠨ ᠨᠤᠳᠤᠭ ᠤᠨ ᠬᠦᠮᠦᠰ ᠠᠷᠠᠳ ᠤᠨ ᠲᠠᠭᠤᠤ᠂ ᠬᠤᠭᠤᠷ ᠤᠨ ᠦᠯᠢᠭᠡᠷ ᠲᠤ ᠣᠨᠴᠠᠭᠠᠢ | ᠠᠪᠢᠶᠠᠰᠯᠢᠭ ᠪᠠᠶᠢᠳᠠᠭ ᠪᠤᠢ︖ ᠡᠨᠡ ᠨᠢ ᠲᠠᠷᠤᠢ ᠥᠰᠴᠦ ᠲᠦᠷᠦᠭᠰᠡᠨ ᠨᠡᠶᠢᠭᠡᠮ ᠣᠷᠴᠢᠨ ᠤ ᠨᠥᠯᠦᠭᠡ᠂ ᠰᠤᠶᠤᠯ ᠤᠨ | ᠠᠭᠤᠷ ᠠᠮᠢᠰᠬᠤᠯ ᠠᠴᠠ ᠪᠤᠯᠤᠭᠰᠠᠨ ᠨᠢ ᠭᠠᠷᠴᠠᠭ᠎ᠠ ᠦᠭᠡᠢ᠃ | ︽ᠤ ᠲᠠᠢ ᠤᠶᠢᠷᠠᠳᠪᠠᠯ ᠴᠠᠶᠢᠷᠠᠨ᠎ᠠ᠂ ᠬᠦ᠋ ᠲᠠᠢ ᠤᠶᠢᠷᠠᠳᠪᠠᠯ ᠬᠠᠷᠠᠯᠠᠨ᠎ᠠ︾ ᠭᠡᠭᠴᠢ ᠪᠠᠷ ︽ᠮᠧᠩᠽᠢ ᠶᠢᠨ | ᠡᠬᠡ ᠶᠢᠨ ᠭᠤᠷᠪᠠᠨᠳᠠ ᠨᠡᠭᠦᠭᠰᠡᠨ ᠦᠯᠢᠭᠡᠷ︾ ᠨᠢ ᠨᠡᠶᠢᠭᠡᠮ ᠤᠷᠴᠢᠨ ᠤ ᠬᠦᠮᠦᠨ ᠳᠤ ᠦᠵᠡᠬᠦᠯᠬᠦ ᠨᠥᠯᠦᠭᠡ ᠶᠢᠨ | ᠪᠣᠳᠠᠳᠤ ᠲᠤᠰᠬᠠᠯ ᠪᠤᠯᠬᠤ ᠪᠢᠰᠢ ᠤᠤ︖ | ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠪᠤᠯ ᠨᠠᠰᠤ ᠪᠠᠭ᠎ᠠ ᠴᠢᠰᠦ ᠰᠢᠩᠬᠡᠨ᠂ ᠵᠥᠪ ᠪᠤᠷᠤᠭᠤ ᠶᠢᠨ | ᠲᠤᠬᠠᠢ ᠮᠠᠭᠠᠳᠯᠠᠬᠤ ᠴᠢᠳᠠᠪᠤᠷᠢ ᠳᠤᠯᠢᠮᠠᠭ ᠪᠠᠶᠢᠳᠠᠭ ᠠᠴᠠ ᠥᠩᠭᠡᠪᠴᠢ ᠵᠦᠢᠯ ᠳᠤ ᠠᠮᠠᠷᠬᠠᠨ ᠬᠠᠭᠤᠷᠳᠠᠵᠤ᠂ ᠰᠤᠬᠤᠷ | ᠪᠠᠯᠠᠢ ᠪᠠᠷ ᠪᠢᠰᠢᠷᠡᠨ᠂ ᠳᠡᠳᠡᠨ ᠢᠶᠠᠷ ᠲᠠᠭᠤᠷᠢᠶᠠᠯ ᠪᠤᠯᠭᠠᠳᠠᠬ ᠪᠠᠶᠢᠨ᠎ᠠ᠃ ᠡᠨᠡ ᠪᠤᠯ ᠲᠠᠷᠤᠢ ᠨᠡᠶᠢᠭᠡᠮ ᠤᠨ ᠰᠤᠷᠭᠠᠨ | ᠬᠦᠮᠦᠵᠢᠯ ᠠᠴᠠ ᠬᠡᠦᠭᠡᠳ ᠪᠠᠭᠠᠴᠤᠳ ᠲᠤ ᠦᠵᠡᠭᠦᠯᠦᠭᠰᠡᠨ ᠨᠠᠵᠠᠭᠠᠢ ᠨᠥᠯᠦᠭᠡ ᠪᠤᠯᠤᠨ᠎ᠠ᠃ | ᠲᠡᠭᠡᠪᠡᠯ ᠨᠡᠶᠢᠭᠡᠮ ᠤᠨ ᠰᠤᠷᠭᠠᠨ ᠬᠦᠮᠦᠵᠢᠯ ᠴᠣᠬᠤᠮ ᠶᠠᠮᠠᠷ ᠪᠠᠶᠢᠪᠠᠯ ᠵᠤᠬᠢᠬᠤ ᠪᠤᠢ︖ ᠺᠤᠷᠢᠶᠠ ᠶᠢᠨ | ᠲᠧᠯᠸᠢᠰ ᠵᠦᠴᠦᠭᠡ ᠶᠢ ᠣᠯᠠᠨᠳᠠ ᠰᠣᠨᠢᠷᠬᠠᠳᠠᠭ ᠬᠦᠮᠦᠨ ᠲᠡᠳᠡᠭᠡᠷ ᠵᠦᠴᠦᠭᠡ ᠶᠢᠨ ᠤᠬᠠᠭᠤᠯᠬᠤ ᠴᠢᠨᠠᠷ ᠬᠢᠭᠡᠳ | ᠰᠤᠷᠭᠠᠨ ᠬᠦᠮᠦᠵᠢᠭᠦᠯᠬᠦ ᠴᠢᠨᠠᠷ ᠢ ᠭᠠᠶᠢᠬᠠᠬᠤ ᠤᠴᠢᠷᠳᠠᠢ᠃ ᠠᠳᠡ ᠵᠦᠴᠦᠭᠡ ᠶᠢᠨ ᠬᠡᠰᠡᠭ ᠦᠵᠡᠭᠳᠡᠯ ᠢ ᠴᠤᠬᠤᠰ | ᠲᠤᠷᠠᠳᠪᠠᠯ᠄ ᠠᠮᠢᠳᠤᠷᠠᠯ ᠤᠨ ᠶᠠᠳᠠᠭᠤ ᠬᠦᠴᠢᠷᠳᠡᠯ ᠳᠤ ᠲᠤᠯᠭᠠᠮᠳᠠᠭᠰᠠᠨ ᠨᠢᠭᠡ ᠡᠵᠢ᠂ ᠪᠠᠭ᠎ᠠ ᠰᠤᠷᠭᠠᠭᠤᠯᠢ ᠶᠢᠨ | ᠲᠠᠮᠢᠷ ᠤᠨ ᠬᠦᠳᠡᠯᠭᠡᠭᠡᠨ ᠳᠤ ᠤᠷᠤᠯᠴᠠᠬᠤ ᠭᠡᠵᠦ ᠪᠠᠶᠢᠭ᠎ᠠ ᠬᠦᠦ ᠳᠤ ᠪᠠᠨ ᠱᠠᠬᠠᠢ ᠠᠪᠴᠦ ᠥᠭᠬᠦ ᠵᠤᠭᠤᠰ ᠦᠭᠡᠢ | ᠭᠠᠴᠢᠭᠳᠠᠬᠤ ᠳᠤ ᠪᠠᠨ ᠴᠢᠯᠦᠭᠡᠳᠦ ᠲᠡᠯᠭᠡᠭᠦᠷ ᠠᠴᠠ ᠱᠠᠬᠠᠢ ᠬᠤᠯᠠᠭᠠᠶᠢᠯᠠᠭᠠᠳ ᠪᠠᠷᠢᠭᠳᠠᠭᠰᠠᠨ ᠪᠠᠶᠢᠨ᠎ᠠ᠃ ᠲᠡᠭᠡᠬᠦ ᠳᠤ | ᠲᠡᠯᠭᠡᠭᠦᠷ ᠤᠨ ᠦᠢᠯᠡᠴᠢᠯᠡᠭᠴᠢ ᠶᠡᠬᠡᠳᠡ ᠠᠭᠤᠷᠯᠠᠵᠦ᠂ ᠲᠡᠷᠡ ᠬᠦᠭᠡᠷᠦᠬᠦᠢ ᠡᠮᠡᠭᠳᠡᠢ ᠶᠢ ᠬᠤᠷᠤᠭᠤ ᠪᠠᠷ ᠵᠢᠭᠠᠨ | ᠬᠠᠷᠢᠶᠠᠬᠤ ᠶᠢ ᠵᠠᠪᠳᠤᠳᠠᠯ᠎ᠠ ᠤᠴᠢᠷ ᠢ ᠣᠶᠢᠯᠠᠭᠠᠭᠰᠠᠨ ᠲᠡᠯᠭᠡᠭᠦᠷ ᠤᠨ ᠲᠠᠭᠠᠭᠠᠮᠠᠯ ᠡᠶᠡᠯᠳᠡᠭ ᠢᠶᠠᠷ ᠢᠨᠢᠶᠡᠮᠰᠦᠭᠯᠡᠨ᠄ | ︽ᠮᠠᠨ ᠤ ᠳᠡᠯᠭᠡᠭᠦᠷ ᠨᠢ ᠥᠨᠦᠳᠦᠷ ᠶᠠᠭ ᠰᠠᠶ᠋ᠢᠬᠠᠨ ︿ᠠᠵᠠᠳᠡᠢ ᠬᠤᠳᠠᠯᠳᠤᠨ ᠠᠪᠤᠭᠴᠢ﹀ ᠰᠤᠩᠭᠤᠬᠤ ᠬᠦᠳᠡᠯᠭᠡᠭᠡᠨ | ᠦᠷᠨᠢᠭᠦᠯᠵᠦ ᠪᠠᠶᠢᠨ᠎ᠠ᠃ ᠲᠠ ᠪᠤᠯ ᠥᠨᠦᠳᠦᠷ ᠤᠨ ᠳᠠᠪᠢᠳᠠᠬᠢ ︿ᠠᠵᠠ ᠲᠠᠢ ᠬᠤᠳᠠᠯᠳᠤᠨ ᠠᠪᠤᠭᠴᠢ﹀ ᠮᠥᠨ︾ ᠭᠡᠳ | ᠪᠢᠴᠢᠬᠠᠨ ᠬᠦᠦ ᠳᠤ ᠨᠢ ᠨᠢᠭᠡ ᠬᠤᠤᠰ ᠲᠠᠮᠢᠷ ᠤᠨ ᠱᠠᠬᠠᠢ ᠪᠡᠯᠡᠭᠯᠡᠭᠰᠡᠨ ᠪᠠᠶᠢᠨ᠎ᠠ᠃ ᠡᠨᠡ ᠪᠤᠯ ᠰᠠᠶ᠋ᠢ ᠵᠢᠩᠬᠢᠨᠢ | ᠨᠡᠶᠢᠭᠡᠮ ᠣᠷᠴᠢᠨ ᠤ ᠰᠤᠷᠭᠠᠨ ᠬᠦᠮᠦᠵᠢᠯ ᠮᠥᠨ᠃ ᠳᠡᠯᠭᠡᠭᠦᠷ ᠤᠨ ᠲᠠᠭᠠᠭᠠᠮᠠᠯ ᠤᠨ ᠡᠨᠡ ᠬᠦ ᠦᠢᠯᠡ ᠠᠵᠢᠯᠯᠠᠭ᠎ᠠ ᠨᠢ | ᠦᠷ᠎ᠡ ᠬᠤᠶᠢᠴᠢ ᠪᠠᠨ ᠡᠷᠡᠭᠦᠯ ᠰᠠᠷᠠᠭᠤᠯ ᠤᠬᠠᠭᠠᠨ ᠲᠠᠢ᠂ ᠨᠡᠶᠢᠬᠡᠮ ᠤᠨ ᠬᠠᠯᠠᠭᠤᠨ ᠲᠤᠯᠠᠭᠠᠨ ᠢ ᠵᠢᠷᠦᠬᠡ ᠪᠠᠷ ᠢᠶᠠᠨ | ᠮᠡᠳᠡᠷᠡᠵᠦ ᠲᠡᠶᠢᠯᠦᠭᠰᠡᠨ᠂ ᠰᠡᠳᠬᠢᠯ ᠳᠤ ᠪᠠᠨ ᠰᠡᠪ ᠦᠭᠡᠢ᠂ ᠵᠥᠪ ᠰᠡᠳᠬᠢᠴᠡ ᠲᠠᠢ ᠬᠦᠮᠦᠨ ᠪᠤᠯᠭᠠᠨ ᠬᠦᠮᠦᠵᠢᠭᠦᠯᠬᠦ | ᠬᠠᠮᠤᠭ ᠤᠨ ᠨᠠᠨᠳᠢᠨ ᠬᠢᠴᠢᠶᠡᠯ ᠪᠤᠯᠬᠤ ᠶᠤᠰᠤᠳᠠᠢ᠃ ᠡᠰᠡ ᠲᠡᠶᠢᠮᠦ ᠪᠤᠯ ︽ᠬᠤᠯᠠᠭᠠᠶᠢᠴᠢ︾ ᠭᠡᠳ | ᠬᠠᠷᠢᠶᠠᠭᠳᠠᠴᠢᠬᠠᠭᠰᠠᠨ ᠡᠵᠢ ᠨᠢ ᠬᠦᠦ ᠶᠢᠨ ᠰᠡᠳᠬᠢᠯ ᠳᠤ ᠶᠠᠮᠠᠷ ᠪᠠᠶᠢᠷᠢ ᠰᠠᠭᠤᠷᠢ ᠲᠠᠢ ᠪᠠᠶᠢᠵᠦ᠂ ᠬᠦᠦ ᠪᠠᠨ ᠬᠡᠷᠬᠢᠨ | ᠵᠥᠪ ᠰᠠᠶᠢᠬᠠᠨ ᠬᠦᠮᠦᠵᠢᠭᠦᠯᠵᠦ ᠳᠡᠶᠢᠯᠬᠦ ᠪᠢᠯᠡ︖ | ᠡᠶᠢᠮᠦ ᠠᠴᠠ ᠨᠡᠶᠢᠭᠡᠮ ᠤᠨ ᠭᠡᠰᠢᠬᠦᠨ ᠨᠢᠭᠡ ᠪᠦᠷᠢ ᠵᠠᠪᠠᠯ ᠤᠯᠤᠰ ᠦᠨᠳᠦᠰᠦᠲᠡᠨ ᠳᠤ ᠪᠠᠨ ᠬᠠᠷᠢᠭᠤᠴᠠᠬᠤ | ᠤᠪᠤᠷ ᠢᠶᠠᠷ ᠦᠨᠳᠦᠰᠦᠲᠡᠨ ᠤ ᠦᠷ᠎ᠡ ᠬᠤᠶᠢᠴᠢᠰ ᠲᠤ ᠪᠠᠨ ᠵᠥᠪ ᠶᠣᠰᠤᠨ ᠤ ᠲᠠᠭᠠᠭᠤᠯᠤᠭᠴᠢ ᠪᠤᠯᠬᠤ ᠪᠠᠷ | ᠪᠡᠶ᠎ᠡ ᠪᠠᠨ ᠱᠠᠭᠠᠷᠳᠠᠬᠤ ᠶᠤᠰᠤᠲᠡᠢ᠃ | | | ᠠᠰᠠᠭᠤᠳᠠᠯ ᠭᠤᠷᠪᠠ᠂ ᠰᠤᠷᠭᠠᠭᠤᠯᠢ ᠶᠢᠨ ᠰᠤᠷᠭᠠᠨ ᠬᠦᠮᠦᠵᠢᠯ | | | ᠰᠤᠷᠭᠠᠭᠤᠯᠢ ᠶᠢᠨ ᠰᠤᠷᠭᠠᠨ ᠬᠦᠮᠦᠵᠢᠯ ᠪᠤᠯ ︽ᠭᠤᠷᠪᠠ ᠤᠶᠠᠯᠳᠤᠭᠰᠠᠨ︾ ᠰᠤᠷᠭᠠᠨ ᠬᠦᠮᠦᠵᠢᠯ ᠤᠨ ᠲᠤᠮᠳᠠᠬᠢ | ᠴᠢᠬᠤᠯᠠ ᠨᠢᠭᠡᠨ ᠭᠤᠭᠴᠤᠭ᠎ᠠ ᠪᠤᠯᠤᠨ᠎ᠠ᠃ ᠬᠦᠮᠦᠨ ᠪᠦᠬᠦᠨ ᠰᠤᠷᠭᠠᠨ ᠬᠦᠮᠦᠵᠢᠯᠳᠡᠨ ᠪᠤᠰᠤ ᠤᠴᠢᠷ ᠠᠴᠠ ᠭᠡᠷ | ᠪᠦᠯᠢ ᠶᠢᠨ ᠰᠤᠷᠭᠠᠨ ᠬᠦᠮᠦᠵᠢᠯ ᠤᠨ ᠶᠠᠪᠤᠴᠠ ᠳᠤ ᠡᠳᠦᠢ ᠲᠡᠳᠦᠢ ᠠᠰᠠᠭᠤᠳᠠᠯ ᠤᠷᠤᠰᠢᠬᠤ ᠨᠢ ᠲᠠᠮᠵᠢᠭ ᠦᠭᠡᠢ᠃ | ᠡᠨᠡ ᠬᠦ ᠲᠤᠳᠠᠭᠤ ᠮᠥᠴᠢᠳ ᠵᠦᠢᠯ ᠢ ᠨᠥᠬᠦᠪᠦᠷᠢᠯᠡᠨ᠂ ᠰᠤᠷᠭᠠᠭᠤᠯᠢ᠂ ᠭᠡᠷ ᠪᠦᠯᠢ ᠶᠢᠨ ᠰᠤᠷᠭᠠᠨ ᠬᠦᠮᠦᠵᠢᠯ ᠤᠨ | ᠬᠤᠭᠤᠷᠤᠨᠳᠤᠬᠢ ᠬᠤᠯᠪᠤᠭᠠᠰᠤ ᠶᠢ ᠡᠷᠴᠢᠮᠵᠢᠭᠦᠯᠦᠨ ᠨᠡᠶᠢᠳᠭᠡᠬᠦ ᠡᠭᠦᠷᠭᠡ ᠪᠠᠭᠰᠢ ᠪᠤᠯᠤᠭᠰᠠᠳ ᠤᠨ ᠮᠥᠷᠦᠨ ᠳᠤ | ᠲᠠᠯᠪᠢᠭᠳᠠᠬᠤ ᠣᠴᠢᠷᠳᠡᠢ᠃ ᠨᠥᠬᠦᠷ ᠰᠢ ᠶᠢᠨ ᠫᠢᠩ ᠠᠴᠠ ︽ᠬᠦᠮᠦᠨ ᠳᠤ ᠨᠢᠭᠡ ᠰᠠᠶᠢᠨ ᠪᠠᠭᠰᠢ ᠲᠤᠬᠢᠶᠠᠯᠳᠤᠬᠤ ᠨᠢ | ᠨᠢᠭᠡ ᠨᠠᠰᠤᠨ ᠤ ᠠᠵᠠ ᠵᠠᠪᠰᠢᠶᠠᠨ ᠮᠥᠨ︾ ᠭᠡᠵᠦ ᠬᠡᠯᠡᠭᠰᠡᠨᠴᠢᠯᠠᠨ ᠨᠢᠭᠡ ᠬᠦᠮᠦᠨ ᠤ ᠰᠤᠷᠤᠯᠭ᠎ᠠ ᠶᠢᠨ ᠱᠠᠳᠤ | ᠪᠦᠷᠢ ᠳᠤ ᠰᠠᠶᠢᠨ ᠪᠠᠭᠰᠢ ᠲᠤᠬᠢᠶᠠᠯᠳᠤᠨ᠎ᠠ ᠭᠡᠭᠴᠢ ᠬᠡᠴᠢᠨᠡᠭᠡᠨ ᠶᠡᠭᠡ ᠠᠵᠠ ᠵᠠᠪᠰᠢᠶᠠᠨ ᠪᠢᠯᠡ᠃ | ᠨᠢᠭᠡᠨ ᠰᠤᠷᠭᠠᠭᠤᠯᠢ ᠶᠢᠨ ᠰᠤᠷᠭᠠᠭᠤᠯᠢ ᠡᠷᠬᠢᠯᠡᠵᠦ ᠪᠠᠶᠢᠭ᠎ᠠ ᠠᠷᠭ᠎ᠠ ᠠᠪᠴᠠᠯ᠂ ᠵᠢᠭᠠᠨ ᠰᠤᠷᠭᠠᠯᠳᠠ ᠳᠤ | ᠬᠠᠨᠳᠤᠬᠤ ᠤᠪᠤᠷ ᠵᠡᠷᠭᠡ ᠨᠢ ᠰᠤᠷᠤᠭᠴᠢ ᠶᠢ ᠨᠥᠯᠦᠭᠡᠯᠡᠳᠡᠭ ᠮᠦᠷᠳᠡᠭᠡᠨ ᠨᠡᠩ ᠢᠯᠡᠩᠭᠤᠶ᠎ᠡ ᠪᠠᠭᠰᠢ ᠨᠠᠷ ᠤᠨ | ᠠᠰᠠᠭᠤᠳᠠᠯ ᠢ ᠰᠢᠢᠳᠪᠦᠷᠢᠯᠡᠬᠦ ᠠᠷᠭ᠎ᠠ ᠠᠪᠴᠠᠯ᠂ ᠤᠴᠢᠷ ᠶᠠᠪᠤᠳᠠᠯ ᠳᠤ ᠬᠠᠨᠳᠤᠬᠤ ᠣᠪᠤᠷ ᠦᠵᠡᠯᠳᠡ᠂ ᠮᠡᠳᠡᠯᠭᠡ | ᠤᠯᠠᠮᠵᠢᠯᠠᠬᠤ ᠠᠷᠭ᠎ᠠ ᠪᠠᠷᠢᠯ᠂ ᠬᠦᠮᠦᠨ ᠮᠦᠰᠦᠨ ᠤ ᠢᠯᠡᠷᠡᠭᠦᠯᠦᠯ᠂ ᠭᠤᠸ᠎ᠠ ᠲᠠᠭᠠᠰᠢᠶᠠᠯ ᠤᠨ ᠴᠢᠳᠠᠪᠤᠷᠢ ᠵᠡᠷᠭᠡ ᠨᠢ | ᠰᠤᠷᠤᠭᠴᠢᠳ ᠢ ᠰᠢᠭᠤᠳ ᠨᠥᠯᠦᠭᠡᠯᠡᠳᠡᠭ᠃ ᠵᠢᠱᠢᠶᠡᠯᠡᠪᠠᠯ᠄ ᠠᠩᠬ᠎ᠠ ᠵᠡᠷᠭᠡ ᠶᠢᠨ ᠲᠤᠮᠳᠠᠳᠤ ᠰᠤᠷᠭᠠᠭᠤᠯᠢ ᠳᠤ | ᠡᠯᠰᠡᠭᠳᠡᠭᠰᠡᠨ ᠲᠦᠴᠢᠨ ᠬᠤᠶᠠᠷ ᠰᠤᠷᠤᠭᠴᠢ ᠨᠢᠭᠡᠨ ᠰᠢᠨ᠎ᠠ ᠠᠩᠬᠢ ᠶᠢᠨ ᠡᠷᠬᠢᠯᠡᠭᠴᠢ ᠶᠢᠨ ᠠᠩᠬᠢ ᠳᠤ | ᠬᠤᠪᠢᠶᠠᠭᠳᠠᠵᠡᠢ᠃ ᠨᠢᠭᠡᠳᠦᠭᠡᠷ ᠵᠢᠯ ᠳᠤ ᠪᠠᠭᠰᠢ ᠨᠠᠷ ᠨᠢ ᠴᠦᠮ ᠡᠨᠡ ᠠᠩᠬᠢ ᠶᠢᠨ ᠰᠤᠷᠤᠭᠴᠢᠳ ᠢ ᠰᠡᠷᠭᠦᠯᠡᠩ | ᠴᠤᠪᠤᠭᠤ᠂ ᠬᠤᠷᠴᠠᠯᠢᠭ ᠬᠡᠦᠭᠡᠳ ᠭᠡᠵᠦ ᠦᠨᠡᠯᠡᠵᠦ ᠪᠠᠶᠢᠵᠠᠢ᠃ ᠬᠤᠶᠠᠳᠤᠭᠠᠷ ᠵᠢᠯ ᠤᠨ ᠲᠤᠤᠷᠠᠳᠤ ᠰᠤᠷᠤᠯᠭ᠎ᠠ ᠶᠢᠨ | ᠬᠤᠭᠤᠴᠠᠭ᠎ᠠ ᠪᠤᠯᠬᠤ ᠳᠤ ᠲᠤᠰ ᠠᠩᠬᠢ ᠶᠢᠨ ᠰᠤᠷᠤᠭᠴᠢᠳ ᠤᠨ ᠰᠤᠷᠤᠯᠭ᠎ᠠ ᠶᠢᠨ ᠬᠢᠷᠢ ᠬᠡᠮᠵᠢᠶ᠎ᠡ ᠨᠡᠶᠢᠳᠡᠮ | ᠲᠤᠷᠤᠭᠰᠢᠯᠠᠨ᠂ ᠪᠠᠭᠰᠢ ᠲᠠᠢ ᠪᠠᠨ ᠦᠰᠢᠯᠳᠦᠬᠦ᠂ ᠬᠢᠴᠢᠶᠡᠯ ᠲᠡᠭᠡᠷ᠎ᠡ ᠤᠨᠳᠠᠬᠤ᠂ ᠪᠠᠭᠰᠢ ᠪᠠᠨ ᠬᠠᠷᠢᠶᠠᠬᠤ᠂ ᠬᠢᠴᠢᠶᠡᠯ | ᠲᠠᠪᠳᠠᠯᠭ᠎ᠠ ᠶᠢᠨ ᠰᠠᠬᠢᠯᠭ᠎ᠠ ᠶᠢ ᠰᠠᠬᠢᠬᠤ ᠦᠭᠡᠢ ᠦᠵᠡᠭᠳᠡᠯ ᠪᠠᠶᠢᠩᠭᠤ ᠢᠯᠡᠷᠡᠭᠦ ᠪᠤᠯᠵᠦ᠂ ᠠᠩᠬᠢ ᠶᠢᠨ ᠪᠠᠭᠰᠢ ᠨᠢ | ᠪᠠᠶᠢᠳᠤᠭᠠᠢ᠂ ᠰᠤᠷᠭᠠᠭᠤᠯᠢ ᠶᠢᠨ ᠤᠳᠤᠷᠢᠳᠬᠤ ᠪᠠᠭ ᠢᠶᠠᠷ ᠢᠶᠠᠨ ᠬᠦᠳᠡᠯᠦᠯᠴᠡᠨ ᠲᠤᠰᠬᠠᠢ ᠬᠤᠷᠠᠯ ᠬᠢᠬᠦ ᠬᠡᠮᠵᠢᠶᠡᠨ ᠳᠤ | ᠬᠦᠷᠴᠠᠢ᠃ ᠬᠤᠶᠠᠷᠬᠠᠨ ᠵᠢᠯ ᠤᠨ ᠬᠤᠭᠤᠴᠠᠭᠠᠨ ᠳᠤ ᠡᠳᠡᠭᠡᠷ ᠬᠡᠦᠬᠡᠳ ᠢ ᠬᠤᠪᠢᠷᠠᠭᠤᠯᠤᠭᠰᠠᠨ ᠦᠨᠳᠦᠰᠦ | ᠰᠢᠯᠳᠠᠭᠠᠨ ᠨᠢ ᠬᠠᠮᠢᠭ᠎ᠠ ᠪᠠᠶᠢᠳᠠᠭ ᠪᠤᠢ︖ ᠭᠤᠤᠯᠳᠠᠭᠤ ᠪᠠᠭᠰᠢ ᠳᠤ ᠪᠤᠢ᠃ ᠣᠨᠴᠠᠭᠠᠶᠢᠯᠠᠨ ᠠᠩᠬᠢ ᠶᠢᠨ ᠪᠠᠭᠰᠢ | ᠨᠢᠭᠡ ᠠᠩᠬᠢ ᠬᠡᠦᠬᠡᠳ ᠤᠨ ᠬᠤᠪᠢᠷᠠᠯᠳᠠ ᠳᠤ ᠬᠠᠷᠢᠭᠤᠴᠠᠯᠭ᠎ᠠ ᠡᠭᠦᠷᠭᠡᠯᠡᠬᠦ ᠶᠤᠰᠤᠳᠡᠢ᠃ ᠬᠡᠦᠬᠡᠳ ᠲᠤ ᠵᠥᠪ | ᠵᠢᠯᠤᠭᠤᠳᠤᠯᠭ᠎ᠠ ᠲᠤᠳᠠᠭᠳᠠᠵᠦ᠂ ᠪᠠᠭᠰᠢ ᠰᠤᠷᠤᠭᠴᠢᠳ ᠤᠨ ᠬᠤᠭᠤᠷᠤᠨᠳᠤᠬᠢ ᠣᠶᠢᠯᠠᠭᠠᠯᠴᠠᠭ᠎ᠠ᠂ ᠠᠩᠬᠢ ᠶᠢᠨ | ᠠᠵᠢᠯ ᠳᠤ ᠠᠰᠠᠭᠤᠳᠠᠯ ᠭᠠᠷᠤᠭᠰᠠᠨ ᠦᠭᠡᠢ ᠶᠤᠮ ᠪᠤᠯ ᠨᠢᠭᠡ ᠠᠩᠬᠢ ᠬᠡᠦᠬᠡᠳ ᠪᠦᠬᠦᠨ ᠢᠶᠠᠷ ᠢᠶᠠᠨ ᠵᠤᠵᠢᠭ | ᠵᠦᠷᠢᠭᠦᠳ ᠪᠤᠯᠵᠤ ᠬᠤᠪᠢᠷᠠᠨ᠎ᠠ ᠭᠡᠳᠡᠭ ᠨᠢ ᠬᠡᠨ ᠳᠤ ᠴᠦ ᠢᠳᠡᠭᠡᠭᠳᠡᠰᠢ ᠦᠭᠡᠢ ᠶᠠᠪᠤᠳᠠᠯ ᠪᠤᠯᠤᠨ᠎ᠠ᠃ | ᠠᠩᠬᠢ ᠡᠷᠬᠢᠯᠡᠬᠦ ᠠᠵᠢᠯ ᠭᠡᠳᠡᠭ ᠪᠤᠯ ᠲᠤᠩ ᠡᠷᠳᠡᠮ ᠤᠬᠠᠭᠠᠨ ᠱᠠᠭᠠᠷᠳᠠᠭᠳᠠᠬᠤ ᠠᠵᠢᠯ ᠪᠢᠯᠡ᠃ ᠦᠷᠭᠡᠨ | ᠲᠡᠯᠭᠡᠷ ᠮᠡᠳᠡᠯᠭᠡ ᠴᠢᠳᠠᠪᠤᠷᠢ᠂ ᠠᠷᠢᠭᠤᠨ ᠨᠠᠨᠳᠢᠨ ᠬᠦᠮᠦᠨ ᠮᠦᠰᠦ᠂ ᠲᠦᠪ ᠭᠤᠤᠯᠴᠢ ᠤᠪᠤᠷ ᠰᠤᠷᠳᠠᠯ᠂ ᠭᠤᠶᠢᠪᠢᠰᠢ | ᠦᠭᠡᠢ ᠬᠠᠷᠢᠭᠤᠴᠠᠯᠭᠠᠳᠤ ᠰᠡᠳᠬᠢᠯ᠂ ᠨᠦᠮᠵᠦᠭ ᠤᠶᠠᠬᠠᠨ ᠬᠠᠶᠢᠷ᠎ᠠ᠂ ᠬᠠᠳᠠᠭᠤ ᠴᠢᠩᠭ᠎ᠠ ᠰᠤᠷᠭᠠᠯ ᠤᠨ ᠠᠯᠢ | ᠨᠢᠭᠡ ᠨᠢ ᠲᠤᠳᠠᠭᠳᠠᠬᠤ ᠪᠠᠷ ᠬᠢᠷᠢ ᠲᠡᠩᠴᠡᠭᠰᠡᠨ ᠠᠩᠬᠢ ᠶᠢᠨ ᠡᠷᠬᠢᠯᠡᠭᠴᠢ ᠪᠤᠯᠵᠦ ᠲᠡᠶᠢᠯᠳᠡᠭ ᠦᠭᠡᠢ᠃ ᠡᠶᠢᠮᠦ ᠠᠴᠠ | ᠠᠩᠬᠢ ᠶᠢᠨ ᠡᠷᠬᠢᠯᠡᠭᠴᠢ ᠶᠢ ᠰᠠᠶᠢᠳᠤᠷ ᠰᠢᠯᠢᠨ ᠰᠤᠩᠭᠤᠵᠤ ᠲᠤᠬᠢᠷᠠᠭᠤᠯᠬᠤ ᠨᠢ ᠰᠤᠷᠭᠠᠭᠤᠯᠢ ᠶᠢᠨ | ᠤᠳᠤᠷᠢᠳᠤᠯᠭ᠎ᠠ ᠶᠢᠨ ᠵᠠᠪᠠᠯ ᠬᠢᠨᠠᠭᠤᠷ ᠬᠠᠨᠳᠤᠬᠤ ᠴᠢᠬᠤᠯᠠ ᠲᠠᠢ᠂ ᠦᠨᠳᠦᠰᠦᠲᠡᠨ ᠤ ᠪᠠᠨ ᠦᠷ᠎ᠠ ᠬᠡᠦᠬᠡᠳ ᠢ | ᠶᠠᠭᠠᠬᠢᠵᠦ ᠬᠦᠮᠦᠵᠢᠭᠦᠯᠬᠦ ᠳᠤ ᠬᠤᠯᠪᠤᠭᠳᠠᠬᠤ ᠲᠥᠪ ᠴᠢᠩᠭ᠎ᠠ ᠠᠰᠠᠭᠤᠳᠠᠯ ᠮᠥᠨ᠃ ᠬᠠᠷᠢᠨ ᠠᠯᠢ ᠨᠢᠭᠡ ᠬᠦᠮᠦᠨ ᠤ | ︽ᠪᠢ ᠠᠩᠬᠢ ᠶᠢᠨ ᠡᠷᠬᠢᠯᠡᠭᠴᠢ ᠶᠢᠨ ᠠᠵᠢᠯ ᠢ ᠬᠢᠵᠦ ᠲᠡᠶᠢᠯᠦᠨ᠎ᠠ︾ ᠭᠡᠳᠡᠭ ᠬᠠᠷ᠎ᠠ ᠤᠬᠠᠭᠠᠨ᠂ ᠬᠠᠳᠠᠭᠤ ᠵᠤᠷᠢᠭ ᠢᠶᠠᠷ | ᠪᠣᠯᠴᠢᠬᠠᠳᠠᠭ ᠪᠢᠰᠢ᠂ ᠨᠢᠭᠡ ᠠᠩᠬᠢ ᠶᠢ ᠦᠭᠡᠶᠢᠬᠢᠪᠡᠯ ᠲᠦᠴᠢᠨ ᠬᠡᠦᠬᠡᠳ ᠦᠷᠡᠭᠳᠡᠯ ᠪᠤᠯᠤᠨ᠎ᠠ ᠭᠡᠳᠡᠭ ᠢ ᠰᠠᠶᠢᠳᠤᠷ | ᠤᠬᠠᠭᠠᠷᠠᠬᠤ ᠬᠡᠷᠡᠭᠳᠡᠢ᠃ | ᠳᠡᠭᠡᠪᠡᠯ ᠤᠯᠤᠰ ᠦᠨᠳᠦᠰᠦᠲᠡᠨ ᠤ ᠢᠷᠡᠭᠡᠳᠦᠢ ᠶᠢᠨ ᠨᠢᠷᠤᠭᠤ ᠲᠤᠯᠭᠠᠭᠤᠷᠢ ᠶᠢ ᠠᠷᠠᠴᠢᠯᠠᠨ ᠲᠤᠳᠤᠮᠳᠠᠬᠤ | ᠬᠦᠨᠳᠦ ᠡᠭᠦᠷᠭᠡ ᠶᠢ ᠬᠦᠯᠢᠶᠡᠭᠰᠡᠨ ᠪᠠᠭᠰᠢ ᠬᠦᠮᠦᠨ ᠴᠤᠬᠤᠮ ᠶᠠᠮᠠᠷ ᠨᠦᠭᠦᠴᠡᠯ ᠢ ᠪᠦᠷᠢᠯᠳᠦᠭᠦᠯᠦᠭᠰᠡᠨ ᠪᠠᠶᠢᠪᠠᠯ | ᠵᠤᠬᠢᠬᠤ ᠪᠤᠢ︖ ᠨᠡᠶᠢᠭᠡᠮ᠂ ᠤᠯᠤᠰ ᠤᠷᠤᠨ ᠠᠴᠠ ᠪᠠᠭᠰᠢ ᠨᠠᠷ ᠲᠤ ᠲᠠᠯᠪᠢᠭᠰᠠᠨ ᠦᠨᠳᠦᠰᠦᠨ ᠱᠠᠭᠠᠷᠳᠠᠯᠭ᠎ᠠ ᠶᠠᠭᠤ | ᠪᠤᠢ︖ ᠨᠢᠭᠡ ᠬᠢᠷᠢ ᠲᠡᠩᠴᠡᠭᠰᠡᠨ ᠪᠠᠭᠰᠢ ᠪᠤᠯᠤᠭᠰᠠᠨ ᠤ ᠬᠤᠪᠢ ᠳᠤ ᠴᠢ ᠳᠠᠷᠠᠭᠠᠬᠢ ᠠᠰᠠᠭᠤᠳᠠᠯ ᠢ ᠬᠡᠳᠦ ᠶᠢ ᠨᠢ | ᠪᠡᠶᠡᠯᠡᠭᠦᠯᠵᠦ ᠲᠠᠶᠢᠯᠪᠠ︖ | 1. ᠲᠠ ᠦᠷᠭᠦᠯᠵᠢ ᠨᠣᠮ ᠤᠩᠰᠢᠳᠠᠭ ᠤᠤ︖ | ᠨᠤᠮ ᠤᠩᠰᠢᠬᠤ ᠨᠢ ᠬᠦᠮᠦᠨ ᠤ ᠮᠡᠳᠡᠯᠭᠡ ᠮᠡᠳᠡᠴᠡ ᠶᠢᠨ ᠬᠦᠷᠢᠶ᠎ᠡ ᠬᠡᠪᠴᠢᠶ᠎ᠡ ᠶᠢ ᠲᠠᠯᠠᠨ᠂ ᠬᠦᠮᠦᠨ ᠤ | ᠠᠮᠢᠳᠤᠷᠠᠯ ᠤᠨ ᠬᠠᠷᠠᠭᠠᠰᠤ ᠶᠢ ᠦᠷᠭᠡᠳᠭᠡᠨ᠂ ᠬᠡᠷᠡᠭ ᠤᠴᠢᠷ ᠤᠨ ᠲᠤᠬᠠᠢ ᠤᠶᠢᠯᠠᠭᠠᠯᠳᠠ᠂ ᠲᠦᠷᠦᠭᠳᠡᠯ ᠬᠢᠭᠡᠳ | ᠰᠢᠢᠳᠬᠦ ᠠᠷᠭ᠎ᠠ ᠤᠬᠠᠭᠠᠨ ᠢ ᠨᠡᠩ ᠬᠦᠨᠵᠡᠭᠡᠢ ᠪᠤᠯᠭᠠᠵᠦ ᠴᠢᠳᠠᠨ᠎ᠠ᠃ | 2. ᠲᠠ ᠲᠤᠬᠠᠶᠢᠯᠠᠭᠰᠠᠨ ᠠᠵᠢᠯ ᠢᠶᠠᠨ ᠨᠠᠷᠢᠯᠢᠬ ᠰᠤᠳᠤᠯᠳᠠᠭ ᠤᠤ︖ ᠰᠤᠷᠤᠭᠴᠢ ᠶᠢᠨ ᠢᠶᠠᠨ ᠤᠶᠦᠨ | ᠤᠬᠠᠭᠠᠨ ᠤ ᠡᠭᠡᠳᠡᠷᠡᠭᠡᠨ ᠪᠤᠳᠤᠯᠢᠶᠠᠨ ᠢ ᠴᠠᠭ ᠲᠤᠬᠠᠢ ᠳᠤ ᠨᠢ ᠲᠠᠶᠢᠯᠪᠤᠷᠢᠯᠡᠵᠦ ᠥᠭᠴᠦ ᠲᠡᠶᠢᠯᠦᠨ᠎ᠠ ᠤᠤ︖ | ᠰᠤᠷᠤᠭᠴᠢ ᠶᠢᠨ ᠰᠡᠵᠢᠭ ᠡᠭᠡᠳᠡᠷᠡᠭᠡᠨ ᠢ ᠪᠠᠭᠰᠢ ᠪᠣᠯᠤᠭᠰᠠᠳ ᠵᠠᠪᠠᠯ ᠠᠯᠳᠠᠷᠠᠭᠠᠵᠤ ᠲᠡᠶᠢᠯᠦᠭᠰᠡᠨ ᠪᠠᠶᠢᠬᠤ | ᠬᠡᠷᠡᠭᠳᠡᠢ᠃ ᠠᠰᠠᠭᠤᠬᠤ ᠪᠤᠯᠭᠠᠨ ᠳᠤ ᠲᠤᠯᠤᠭᠠᠢ ᠰᠠᠵᠢᠳᠠᠭ ᠪᠠᠭᠰᠢ ᠶᠢ ᠰᠤᠷᠤᠭᠴᠢ ᠬᠡᠷᠬᠢᠨ ᠬᠦᠨᠳᠦᠳᠬᠡᠨ ᠪᠢᠰᠢᠷᠡᠵᠦ | ᠴᠢᠳᠠᠬᠤ ᠪᠢᠯᠡ︖ ᠳᠡᠯᠭᠡᠷ ᠮᠡᠳᠡᠯᠭᠡ ᠲᠠᠢ ᠰᠠᠶᠢᠨ ᠪᠠᠭᠰᠢ ᠲᠠᠢ ᠰᠤᠷᠤᠭᠴᠢ ᠰᠡᠳᠬᠢᠯ ᠲᠡᠨᠢᠭᠦᠨ ᠶᠠᠪᠤᠬᠤ ᠨᠢ | ᠮᠡᠳᠡᠭᠡᠵᠢ᠃ ︽ᠪᠠᠷᠳᠠᠭ᠎ᠠ ᠶᠠᠬᠡᠳᠡᠢ ᠦᠨᠡᠭᠡ ᠪᠠᠷᠳᠠᠮ᠂ ᠪᠠᠭᠰᠢ ᠰᠠᠶᠢᠳᠠᠢ ᠱᠠᠪᠢ ᠪᠠᠷᠳᠠᠮ︾ ᠭᠡᠳᠡᠭ ᠵᠦᠢᠷ ᠦᠭᠡ | ᠪᠠᠶᠢᠳᠠᠭ ᠪᠢᠰᠢ ᠤᠤ︖ | 3. ᠲᠠ ᠰᠤᠷᠤᠭᠴᠢᠳ ᠲᠤ ᠪᠠᠨ ᠠᠳᠠᠯᠢ ᠲᠡᠭᠰᠢ ᠬᠠᠨᠳᠤᠭᠰᠠᠨ ᠤᠤ︖ ᠠᠯᠢᠶ᠎ᠡ ᠠᠷᠳᠠᠭ᠂ ᠠᠳᠠᠭ | ᠬᠤᠴᠤᠷᠤᠩᠭᠤᠢ ᠭᠡᠵᠦ ᠢᠯᠭᠠᠳᠠᠭ ᠤᠤ︖ | ᠵᠠᠷᠢᠮ ᠪᠠᠭᠰᠢ ᠰᠠᠶᠢᠨ ᠮᠠᠭᠤ ᠰᠤᠷᠤᠭᠴᠢ ᠶᠢ ᠶᠡᠭᠡ ᠯᠡ ᠲᠤᠳᠤᠷᠬᠠᠢ ᠢᠯᠭᠠᠨ᠂ ᠰᠢᠯᠢᠳᠡᠭ ᠰᠠᠶᠢᠨ | ᠰᠤᠷᠤᠭᠴᠢ ᠶᠢ ᠦᠵᠡᠪᠡᠯ ᠦᠨᠦᠰᠦᠭᠡᠳ ᠠᠪᠤᠮᠠᠷ ᠠᠭᠠᠰᠢᠯᠠᠵᠦ᠂ ᠲᠡᠷᠡ ᠨᠢ ᠭᠡᠷ ᠤᠨ ᠠᠳᠠᠷ ᠡᠷᠭᠦᠵᠦ ᠠᠪᠤᠮᠠ | ᠠᠭᠠᠰᠢᠯᠠᠴᠢᠬᠠᠪᠠᠴᠦ ᠨᠠᠶᠢᠷᠰᠠᠭ ᠡᠶᠡᠯᠳᠡᠭ ᠢᠶᠠᠷ ᠰᠢᠢᠳᠪᠦᠷᠢᠯᠡᠨ᠂ ᠠᠨᠠᠢ ᠰᠤᠷᠤᠭᠴᠢ ᠨᠢ ᠤᠳᠠᠰᠤᠨ ᠲᠡᠳᠦᠢ ᠤᠰᠤᠯ | ᠭᠠᠷᠭᠠᠪᠠᠴᠦ ᠭᠠᠯ ᠲᠠᠯᠪᠢᠭᠰᠠᠨ ᠶᠠᠯ᠎ᠠ ᠬᠢᠭᠰᠡᠨ ᠮᠡᠳᠦ ᠠᠭᠤᠷᠯᠠᠵᠦ ᠤᠴᠠᠭᠠᠷᠯᠠᠨ ᠰᠦᠢᠳ ᠪᠤᠯᠤᠨ᠎ᠠ᠃ ᠡᠶᠢᠮᠦᠷᠬᠦᠦ | ᠭᠤᠤᠯᠴᠢ ᠪᠤᠰᠤ ᠤᠪᠤᠷ ᠨᠢ ᠰᠤᠷᠤᠭᠴᠢ ᠶᠢᠨ ᠰᠡᠳᠬᠢᠯ ᠳᠤ ᠬᠢ ᠪᠠᠭᠰᠢ ᠶᠢᠨ ᠪᠠᠶᠢᠷᠢ ᠰᠠᠭᠤᠷᠢ ᠶᠢ ᠠᠯᠳᠠᠭᠳᠠᠭᠤᠯᠵᠦ᠂ | ᠪᠠᠭᠰᠢ ᠪᠠᠨ ᠭᠤᠯᠤᠬᠤ ᠳᠤ ᠬᠦᠷᠭᠡᠨ᠎ᠡ᠃ | 4. ᠲᠠ ᠰᠤᠷᠤᠭᠴᠢ ᠶᠢᠨ ᠬᠦᠮᠦᠨ ᠮᠦᠰᠦ᠂ ᠨᠡᠷ᠎ᠡ ᠬᠦᠨᠳᠦ ᠶᠢ ᠬᠦᠨᠳᠦᠳᠭᠡᠵᠦ ᠦᠵᠡᠭᠰᠡᠨ ᠤᠤ︖ | ᠰᠤᠷᠭᠠᠯ ᠰᠠᠶᠢᠳᠡᠢ ᠠᠶᠢᠯ ᠤᠨ ᠬᠢᠨ ᠬᠡᠶᠢᠴᠢᠨ ᠵᠤᠴᠢᠨ ᠤ ᠪᠠᠨ ᠡᠮᠦᠨ᠎ᠡ ᠬᠡᠦᠬᠡᠳ ᠢᠶᠠᠨ ᠵᠠᠩᠳᠤᠷᠴᠦ | ᠲᠤᠭᠳᠤᠷᠤᠨ ᠰᠤᠷᠭᠠᠵᠦ ᠠᠭᠤᠷᠯᠠᠳᠠᠭ ᠦᠭᠡᠢ᠂ ᠡᠨᠡ ᠨᠢ ᠪᠤᠰᠤᠳ ᠤᠨ ᠡᠮᠦᠨ᠎ᠡ ᠶᠣᠰᠤ ᠠᠯᠳᠠᠬᠤ ᠠᠴᠠ ᠬᠢᠴᠢᠶᠡᠭᠰᠡᠨ | ᠪᠤᠶᠤ ᠬᠡᠦᠭᠡᠳ ᠢᠶᠠᠨ ᠬᠡᠳᠦ ᠨᠢᠭᠤᠷ ᠬᠠᠭᠠᠷᠠᠬᠤ ᠠᠴᠠ ᠪᠣᠯᠭᠤᠮᠵᠢᠯᠠᠭᠰᠠᠨ ᠤᠴᠢᠷ ᠪᠢᠯᠡ᠃ ᠰᠤᠷᠤᠭᠴᠢ ᠳᠤ ᠪᠠᠨ | ᠪᠠᠭᠰᠢ ᠬᠦᠮᠦᠨ ᠴᠦ ᠢᠩᠬᠢᠵᠦ ᠨᠢᠭᠤᠷ ᠥᠭᠴᠦ᠂ ᠬᠦᠮᠦᠨ ᠤ ᠡᠮᠦᠨ᠎ᠡ ᠨᠢᠭᠤᠷ ᠨᠢᠳᠦ ᠦᠭᠡᠢ ᠵᠠᠯᠬᠠᠭᠠᠬᠤ ᠠᠴᠠ | ᠵᠠᠶᠢᠯᠠᠰᠬᠢᠭᠦ ᠬᠡᠷᠡᠭᠳᠡᠢ᠃ ᠬᠠᠱᠠᠩ ᠤᠨᠤᠭ᠎ᠠ ᠭᠡᠳᠡᠭ ᠡᠯᠳᠡᠭᠳᠡᠵᠦ ᠴᠤᠬᠢᠭᠳᠠᠭᠰᠠᠭᠠᠷ ᠪᠤᠢ ᠪᠤᠯᠳᠠᠭ ᠰᠢᠬ ᠨᠢᠭᠤᠷ ᠦᠭᠡᠢ | ᠬᠡᠦᠬᠡᠳ ᠭᠡᠳᠡᠭ ᠴᠢᠨᠢ ᠴᠦ ᠠᠭᠤᠷᠯᠠᠭᠳᠠᠭᠰᠠᠭᠠᠷ ᠬᠡᠯᠡᠭᠳᠡᠭᠰᠡᠭᠡᠷ ᠨᠢᠭᠤᠷ ᠬᠠᠭᠠᠷᠠᠳᠠᠭ᠃ ᠡᠶᠢᠨ ᠬᠦ ᠪᠠᠭᠰᠢ | ᠪᠤᠯᠤᠭᠰᠠᠳ ᠬᠡᠦᠬᠡᠳ ᠢ ᠶᠤᠰᠤ ᠪᠠᠷ ᠬᠦᠳᠦᠯᠬᠦ ᠨᠢ ᠲᠦᠮᠡᠨ ᠵᠥᠪ᠃ | 5. ᠲᠠ ᠬᠢᠷᠢ ᠲᠡᠩᠴᠡᠭᠰᠡᠨ ᠢᠷᠭᠡᠨ ᠤᠤ︖ ᠲᠠ ᠰᠤᠷᠤᠭᠴᠢᠳ ᠲᠤ ᠪᠠᠨ ᠬᠦᠮᠦᠨ ᠪᠣᠯᠬᠤ ᠶᠤᠰᠤ ᠤᠴᠢᠷ ᠢ | ᠵᠢᠭᠠᠭᠰᠠᠨ ᠤᠤ︖ ᠲᠠ ᠥᠪᠡᠷ ᠤᠨ ᠦᠭᠡ ᠶᠠᠷᠢᠶ᠎ᠠ᠂ ᠦᠢᠯᠡ ᠠᠵᠢᠯᠯᠠᠭ᠎ᠠ ᠪᠠᠨ ᠰᠤᠷᠤᠭᠴᠢ ᠶᠢᠨ ᠲᠠᠭᠤᠷᠢᠶᠠᠯ | ᠪᠤᠯᠬᠤᠶᠢᠴᠠ ᠪᠣᠯᠪᠠᠰᠤᠨ ᠶᠤᠰᠤᠷᠬᠠᠭ ᠤᠨ ᠬᠡᠮᠵᠢᠶᠡᠨ ᠳᠤ ᠬᠦᠷᠭᠡᠵᠦ ᠲᠡᠶᠢᠯᠦᠭᠰᠡᠨ ᠤᠤ︖ | ᠮᠢᠨᠦ ᠪᠣᠳᠤᠬᠤ ᠪᠠᠷ ᠪᠠᠭᠰᠢ ᠬᠦᠮᠦᠨ ᠪᠤᠯ ᠬᠡᠪ ᠪᠤᠯᠪᠠᠰᠤᠷᠠᠯ ᠥᠨᠳᠤᠷ᠂ ᠬᠡᠦᠬᠡᠳ ᠪᠠᠭᠠᠴᠤᠳ ᠢᠶᠠᠨ | ᠮᠡᠳᠡᠯᠭᠡ ᠪᠠᠷ ᠯᠡ ᠤᠮᠳᠠᠯᠠᠬᠤ ᠪᠢᠰᠢ᠂ ᠬᠦᠮᠦᠨ ᠪᠤᠯᠬᠤ ᠶᠢ ᠰᠤᠷᠭᠠᠬᠤ ᠨᠦᠰᠡᠷ ᠡᠭᠦᠷᠭᠡ ᠶᠢ ᠡᠭᠦᠷᠭᠡᠯᠡᠵᠦ ᠶᠠᠪᠤᠳᠠᠭ | ᠤᠴᠢᠷ ᠪᠠᠷᠤᠭᠳᠠᠢ ᠬᠦᠮᠦᠨ ᠪᠠᠭᠰᠢ ᠪᠤᠯᠬᠤ ᠬᠢᠷᠢ ᠭᠡᠮ ᠪᠠᠶᠢᠬᠤ ᠦᠭᠡᠢ ᠮᠥᠷᠳᠡᠭᠡᠨ ᠪᠠᠭᠰᠢ ᠴᠦ ᠪᠤᠯᠵᠦ ᠪᠤᠯᠬᠤ | ᠦᠭᠡᠢ᠃ ᠺᠦᠩᠽᠢ ᠶᠢᠨ ᠬᠡᠯᠡᠭᠰᠡᠨ ︽ᠭᠤᠷᠪᠠᠨ ᠬᠦᠮᠦᠨ ᠶᠠᠪᠤᠪᠠᠰᠤ ᠮᠢᠨᠦ ᠪᠠᠭᠰᠢ ᠪᠤᠢ︾ ᠭᠡᠬᠦ ᠦᠭᠡ ᠨᠢ ᠬᠦᠮᠦᠨ ᠤ | ᠠᠯᠢ ᠨᠢᠭᠡᠨ ᠲᠠᠯ᠎ᠠ ᠪᠠᠷ ᠬᠢ ᠲᠠᠪᠠᠭᠤᠯᠢᠭ ᠪᠠᠶᠢᠳᠠᠯ ᠢ ᠢᠯᠡᠳᠭᠡᠨ᠂ ᠪᠤᠰᠤᠳ ᠠᠴᠠ ᠲᠠᠷᠤᠤ ᠬᠢᠴᠢᠶᠡᠩᠬᠦᠢ | ᠰᠤᠷᠤᠯᠴᠠᠬᠤ ᠰᠢᠯᠳᠠᠭᠠᠨ ᠢ ᠲᠤᠰᠬᠠᠭᠰᠠᠨ ᠠᠴᠠ ᠪᠢᠰᠢ᠂ ᠶᠠᠭᠤ ᠪᠦᠬᠦᠨ ᠢ ᠲᠡᠷᠡ ᠬᠦᠮᠦᠨ ᠠᠴᠠ ᠰᠤᠷᠴᠦ ᠲᠡᠭᠦᠨ ᠲᠠᠢ | ᠠᠳᠠᠯᠢᠬᠠᠨ ᠪᠤᠯᠤᠨ᠎ᠠ ᠭᠡᠰᠡᠨ ᠰᠠᠨᠠᠭ᠎ᠠ ᠪᠢᠰᠢ ᠨᠢ ᠲᠤᠳᠤᠷᠬᠠᠢ᠃ ᠭᠡᠳᠡᠯ᠎ᠡ ᠰᠢᠨ᠎ᠠ ᠴᠠᠭ ᠦᠶ᠎ᠡ ᠶᠢᠨ ᠪᠠᠭᠰᠢ | ᠪᠤᠯᠤᠭᠰᠠᠳ ᠡᠯ᠎ᠠ ᠲᠠᠯ᠎ᠠ ᠪᠠᠷ ᠰᠤᠷᠤᠭᠴᠢᠳ ᠲᠤ ᠪᠠᠨ ᠲᠠᠭᠤᠷᠢᠶᠠᠯ ᠪᠤᠯᠬᠤ ᠪᠠᠷ ᠴᠢᠷᠮᠠᠶᠢᠬᠤ ᠤᠴᠢᠷᠳᠡᠢ᠃ ᠪᠠᠭᠰᠢ | ᠪᠣᠯᠤᠭᠰᠠᠳ ᠥᠪᠡᠷᠰᠡᠳ ᠢᠶᠠᠨ ᠪᠣᠯᠬᠢ ᠪᠦᠳᠦᠭᠦᠯᠢᠭ ᠦᠭᠡ ᠶᠠᠷᠢᠴᠢᠬᠠᠭᠠᠳ᠂ ᠪᠣᠰᠤᠳ ᠢ ᠬᠠᠷᠢᠶᠠᠴᠢᠬᠠᠭᠠᠳ᠂ | ᠮᠤᠲ᠋ᠤᠷ ᠤᠨᠤᠨ ᠲᠠᠪᠬᠢᠭᠤᠯᠵᠦ ᠵᠠᠮ ᠬᠠᠷᠢᠯᠴᠠᠭᠠᠨ ᠤ ᠰᠠᠬᠢᠯᠭ᠎ᠠ ᠶᠢ ᠵᠦᠷᠢᠴᠡᠴᠢᠭᠡᠭᠡᠳ᠂ ᠬᠦᠮᠦᠨ ᠲᠠᠢ ᠬᠡᠷᠡᠯᠳᠤᠨ | ᠨᠢᠭᠤᠷ ᠬᠠᠴᠠᠷ ᠢᠶᠠᠨ ᠬᠦᠬᠡᠷᠡᠭᠦᠯᠴᠢᠬᠡᠭᠡᠳ᠂ ᠭᠠᠷ ᠲᠠᠯ᠎ᠠᠶᠢᠨ ᠰᠤᠷᠤᠭᠴᠢ ᠶᠢ ᠪᠠᠨ ᠵᠣᠳᠤᠴᠢᠬᠠᠭᠠᠳ᠂ | ᠰᠤᠷᠤᠭᠴᠢᠳ ᠲᠤ ᠪᠠᠨ ᠬᠡᠷᠬᠢᠨ ᠬᠦᠮᠦᠨ ᠪᠤᠯᠬᠤ ᠬᠦᠮᠦᠵᠢᠯ ᠬᠢᠬᠦ ᠪᠢᠯᠡ︕ ᠰᠤᠷᠭᠠᠨ ᠬᠦᠮᠦᠵᠢᠯ ᠤᠨ ᠮᠥᠨ | ᠴᠢᠨᠠᠷ ᠨᠢ ︽ᠪᠢᠴᠢᠭ ᠵᠢᠭᠠᠵᠦ ᠬᠦᠮᠦᠨ ᠢ ᠬᠦᠮᠦᠵᠢᠭᠦᠯᠬᠦ︾ ᠶᠠᠪᠤᠳᠠᠯ ᠪᠤᠯᠤᠨ᠎ᠠ᠃ ᠡᠭᠦᠨ ᠳᠤ ︽ᠬᠦᠮᠦᠨ ᠢ | ᠬᠦᠮᠦᠵᠢᠭᠦᠯᠬᠦ︾ ᠨᠢ ︽ᠪᠢᠴᠢᠭ ᠵᠢᠭᠠᠬᠤ︾ ᠠᠴᠠ ᠨᠡᠩ ᠴᠢᠬᠤᠯᠠ ᠪᠠᠶᠢᠳᠠᠭ᠃ ᠶᠡᠭᠡ ᠰᠤᠷᠭᠠᠭᠤᠯᠢ ᠶᠢᠨ ᠬᠦᠷᠢᠶᠡᠨ ᠳᠤ | ᠡᠭᠦᠰᠦᠭᠰᠡᠨ ᠬᠠᠮᠳᠤ ᠰᠤᠷᠤᠯᠭᠠᠳᠠᠨ ᠢᠶᠠᠨ ᠬᠤᠤᠷᠯᠠᠭᠰᠠᠨ ᠶᠠᠪᠤᠳᠠᠯ᠂ ᠲᠦᠷᠦ ᠵᠠᠰᠠᠭ ᠤᠨ ᠦᠨᠳᠤᠷ ᠲᠤᠰᠢᠶᠠᠯᠳᠠᠳ ᠤᠨ | ᠬᠠᠤᠯᠢ ᠪᠤᠰᠤ ᠠᠵᠢᠯᠯᠠᠭ᠎ᠠ ᠁ ᠵᠡᠷᠭᠡ ᠤᠯᠠᠨ ᠤᠴᠢᠷ ᠮᠠᠨ ᠳᠤ ᠪᠤᠳᠠᠳᠤ ᠵᠢᠱᠢᠶ᠎ᠡ ᠪᠤᠯᠤᠨ ᠬᠠᠷᠠᠭᠳᠠᠵᠦ | ᠪᠠᠶᠢᠭ᠎ᠠ᠃ | ᠡᠶᠢᠮᠦ ᠠᠴᠠ ᠪᠠᠭᠰᠢ ᠪᠣᠯᠤᠭᠰᠠᠳ ᠵᠠᠪᠠᠯ ᠥᠪᠡᠷ ᠤᠨ ᠪᠡᠶ᠎ᠡ ᠪᠠᠷ ᠢᠶᠠᠨ ᠳᠠᠭᠤᠷᠢᠶᠠᠯ ᠪᠤᠯᠬᠤᠶᠢᠴᠡ ᠤᠬᠠᠮᠰᠠᠷᠳᠤ | ᠴᠢᠨᠠᠷ ᠲᠠᠢ ᠪᠠᠶᠢᠵᠤ᠂ ᠰᠤᠷᠤᠭᠴᠢᠳ ᠤᠨ ᠢᠶᠠᠨ ᠪᠡᠶ᠎ᠡ ᠰᠡᠳᠬᠢᠴᠡ ᠶᠢᠨ ᠡᠷᠡᠭᠦᠯ ᠢᠶᠠᠷ ᠬᠦᠭᠵᠢᠬᠦ ᠳᠤ ᠵᠤᠬᠢᠬᠤ ᠬᠤᠪᠢ | ᠨᠡᠮᠡᠷᠢ ᠪᠠᠨ ᠦᠵᠡᠭᠦᠯᠬᠦ ᠪᠠᠷ ᠴᠢᠷᠮᠠᠶᠢᠬᠤ ᠬᠡᠷᠡᠭᠳᠡᠢ᠃ | ᠢᠩᠬᠢᠵᠦ ︽ᠭᠡᠷ ᠪᠦᠯᠢ᠂ ᠨᠡᠶᠢᠭᠡᠮ᠂ ᠰᠤᠷᠭᠠᠭᠤᠯᠢ ᠭᠤᠷᠪᠠ ᠤᠶᠠᠯᠳᠤᠭᠰᠠᠨ︾ ᠰᠤᠷᠭᠠᠨ ᠬᠦᠮᠦᠵᠢᠯ ᠢ ᠪᠦᠷᠢᠨ | ᠲᠡᠭᠦᠯᠳᠡᠷᠵᠢᠭᠦᠯᠵᠦ ᠲᠡᠶᠢᠯᠦᠮᠠᠨᠵᠢᠨ ᠰᠠᠶ᠋ᠢ ᠦᠨᠳᠤᠰᠤᠲᠠᠨ ᠤ ᠢᠷᠡᠭᠡᠳᠦᠢ ᠶᠢᠨ ᠡᠵᠡᠳ ᠢᠶᠠᠨ ᠬᠦᠮᠦᠨ ᠰᠢᠭ ᠬᠦᠮᠦᠨ | ᠪᠤᠯᠭᠠᠵᠤ ᠬᠦᠮᠦᠵᠢᠭᠦᠯᠵᠦ ᠲᠡᠶᠢᠯᠦᠨ᠎ᠠ᠂ ᠰᠠᠶ᠋ᠢ ᠦᠨᠳᠦᠰᠦᠲᠡᠨ ᠤ ᠮᠡᠷᠭᠠᠰᠢ ᠶᠢᠨ ᠨᠠᠷᠠ ᠶᠢ ᠭᠡᠷᠡᠯᠳᠡᠢ ᠴᠤᠭᠳᠡᠢ | ᠪᠠᠶᠢᠯᠭᠠᠵᠦ ᠲᠡᠶᠢᠯᠦᠨ᠎ᠠ᠂ ᠰᠠᠶ᠋ᠢ ᠦᠷᠦᠭᠡᠯ ᠪᠤᠰᠤᠳ ᠲᠠᠢ ᠮᠥᠷᠦ ᠵᠡᠷᠭᠡᠴᠡᠨ ᠵᠤᠭᠰᠤᠵᠦ ᠴᠢᠳᠠᠬᠤ ᠪᠡᠶ᠎ᠡ ᠪᠠᠭᠠᠳᠤᠷ | ᠮᠥᠷᠳᠡᠭᠡᠨ ᠪᠢᠯᠢᠭ ᠪᠠᠭᠠᠳᠤᠷ ᠰᠢᠨ᠎ᠠ ᠨᠢᠭᠡᠨ ᠦᠶ᠎ᠡ ᠶᠢᠨ ᠬᠢᠨ ᠢ ᠪᠤᠢ ᠭᠦᠮᠦᠵᠢᠭᠦᠯᠵᠤ ᠴᠢᠳᠠᠨ᠎ᠠ᠃ | | | | ᠬᠠᠶ᠋ᠢᠬ᠄ ᠠᠷᠤ ᠬᠤᠷᠴᠢᠨ ᠬᠤᠰᠢᠭᠤᠨ ᠤ ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | 2020 ᠣᠨ ᠤ 6 ᠳ᠋ᠤᠭᠠᠷ ᠬᠤᠭᠤᠴᠠᠭ᠎ᠠ | | |