| | — ᠬᠤᠨᠭ᠍ᠭᠤᠷ ᠤᠨ ᠰᠤᠷᠭᠠᠨ ᠭᠦᠮᠦᠵᠢᠯ ᠤᠨ ᠦᠢᠯᠠᠰ ᠲᠤ ᠬᠤᠶᠠᠷ ᠦᠭᠡᠢ | ᠰᠡᠳᠬᠢᠯ ᠢᠶᠠᠷ ᠵᠢᠳᠭᠦᠭᠰᠡᠨ ᠬᠠᠶᠢᠷᠠᠳᠤ ᠠᠵᠠᠢ ᠮᠦᠮᠦ ᠳᠤ ᠪᠠᠨ ᠵᠤᠷᠢᠭᠤᠯᠪᠠ | | ᠰ᠊ · ᠪᠠᠶᠠᠨᠴᠠᠭᠠᠨ | | | ᠰᠢᠨ᠎ᠠ ᠲᠢᠳᠢᠮᠯᠢᠭ ᠸᠢᠷᠦ᠋ᠰ ᠤᠨ ᠠᠶᠢᠳᠠᠰ ᠲᠤ ᠤᠯᠤᠰ ᠲᠠᠶᠠᠭᠠᠷ ᠢᠶᠠᠨ ᠠᠪᠳᠠᠵᠤ᠂ ᠭᠡᠷ ᠲᠤ ᠪᠠᠨ ᠪᠦᠭᠦᠭᠦ | ᠢᠷᠭᠡᠨ ᠤ ᠬᠠᠷᠢᠭᠤᠴᠠᠯᠭ᠎ᠠ ᠪᠠᠨ ᠭᠦᠢᠴᠡᠳᠭᠡᠵᠦ ᠰᠠᠭᠤᠬᠤ ᠵᠠᠭᠤᠷ᠎ᠠ᠂ ᠨᠢᠭᠡᠨ ᠦᠷᠯᠦᠭᠡ ᠨᠠᠶᠠᠨ ᠨᠠᠰᠤ ᠶᠢ | ᠵᠤᠭᠤᠭᠯᠠᠵᠤ ᠪᠠᠶᠢᠭ᠎ᠠ ᠮᠦᠮᠦ ᠠᠴᠠ ᠮᠢᠨᠢ᠄ ︽ᠤ ᠪᠠᠭᠰᠢ ᠰᠠᠶᠢᠨ ᠤᠤ︖ ᠪᠢ ᠬᠤᠨᠭ᠍ᠭᠤᠷ ᠤᠨ ᠰᠤᠷᠭᠠᠨ ᠭᠦᠮᠦᠵᠢᠯ ᠤᠨ | ᠲᠤᠬᠠᠢ ᠨᠤᠮ ᠭᠠᠷᠭᠠᠬᠤ ᠪᠠᠷ ᠤᠷᠤᠯᠳᠤᠵᠤ ᠪᠤᠢ᠃ ᠰ᠊ · ᠪᠠᠶᠠᠨᠴᠠᠭᠠᠨ ᠠᠴᠠ ᠲᠠᠨᠳᠠ ᠰᠤᠷᠤᠯᠴᠠᠵᠤ ᠪᠠᠶᠢᠭᠰᠠᠨ | ᠲᠤᠪᠴᠢᠬᠠᠨ ᠡᠷᠬᠢᠴᠠᠭᠦᠯᠦᠯ ᠤᠯᠬᠤ ᠰᠠᠨᠠᠭᠠᠳᠠᠢ᠃ ᠲᠡᠭᠦᠨ ᠳᠤ ᠴᠢᠯᠦᠭᠡ ᠪᠠᠶᠢᠳᠠᠬ ᠪᠢᠯᠡ ᠤᠤ︖ ᠲᠠ ᠠᠰᠠᠭᠤᠵᠤ | ᠦᠵᠠᠨᠠᠤ︖︾ ᠭᠡᠰᠡᠨ ᠴᠦᠢᠵᠢ ᠪᠠᠭᠰᠢ ᠠᠴᠠ ᠢᠷᠡᠭᠰᠡᠨ ᠸᠢᠴᠠᠲ ᠢ ᠨᠠᠳᠠᠳᠤ ᠲᠠᠷᠠ ᠭᠡᠪ ᠢᠶᠠᠷ ᠨᠢ ᠲᠠᠮᠵᠢᠭᠤᠯᠤᠨ | ᠢᠷᠡᠭᠦᠯᠵᠤ ᠪᠢᠯᠡ᠃ ᠲᠡᠭᠦᠨ ᠠᠴᠠ ᠬᠤᠶᠢᠰᠢ ᠲᠠᠪᠢ ᠭᠠᠷᠤᠢ ᠬᠤᠨᠤᠬ ᠦᠡᠭᠭᠡᠷᠡᠵᠦ᠂ ᠲᠤᠮᠳᠠ ᠨᠢ ᠮᠦᠮᠦ ᠮᠢᠨᠢ | ᠨᠠᠳᠠ ᠳᠤ᠄ ︽ᠪᠢᠴᠢᠭᠡᠳ ᠲᠠᠭᠤᠰᠴᠤ ᠪᠠᠶᠢᠨ᠎ᠠ ᠤᠤ︖ ᠴᠦᠢᠵᠢ ᠪᠠᠭᠰᠢ ᠴᠢᠨᠢ ᠠᠰᠠᠭᠤᠵᠤ ᠪᠠᠶᠢᠨ᠎ᠠ ᠰᠢᠤ︾ ᠭᠡᠵᠦ | ᠠᠩᠬᠠᠷᠤᠭᠤᠯᠵᠤ ᠪᠠᠶᠢᠭᠰᠠᠨ ᠤᠳᠠᠭ᠎ᠠ ᠲᠠᠢ᠃ ᠤᠤᠯ ᠨᠢ ᠮᠢᠨᠦ ᠬᠤᠪᠢ ᠳᠤ ᠡᠨᠡᠭᠡᠨ ᠵᠦᠢᠯ ᠢ ᠪᠢᠴᠢᠵᠤ ᠶᠠᠳᠠᠭᠠᠳ | ᠪᠠᠶᠢᠬᠤ ᠵᠦᠢᠯ ᠦᠭᠡᠢ ᠭᠡᠳᠤᠭᠡᠨ ᠴᠠᠭ ᠲᠤ ᠪᠢᠴᠢᠭᠡᠳ ᠲᠤᠰᠢᠶᠠᠴᠢᠬᠠᠬᠤ ᠲᠠᠭᠠᠭᠠᠯᠭᠠᠪᠤᠷᠢ᠃ ᠭᠡᠳᠡᠯ᠎ᠠ᠂ ᠦᠭᠡᠢ ᠶᠤᠮ | ᠪᠠᠶᠢᠨ᠎ᠠ᠂ ︽ᠬᠤᠨᠭ᠍ᠭᠤᠷ ᠤᠨ ᠰᠤᠷᠭᠠᠨ ᠭᠦᠮᠦᠵᠢᠯ︾ — ᠡᠨᠡ ᠰᠠᠳᠤᠪ ᠮᠢᠨᠦ ᠠᠵᠠᠢ ᠮᠦᠮᠦ ᠶᠢᠨ ᠵᠠᠯᠠᠭᠤ ᠬᠠᠯᠠᠭᠤᠨ | ᠨᠠᠰᠤᠨ ᠤ ᠬᠢᠨᠢ ᠬᠤᠷᠢᠭᠠᠳ ᠵᠢᠯ᠂ ᠮᠢᠨᠦ ᠪᠠᠭ᠎ᠠ ᠨᠠᠰᠤ ᠁ ᠲᠠᠷᠠ ᠴᠡᠭ ᠲᠤ ᠪᠠᠨ ᠬᠤᠨᠭ᠍ᠭᠤᠷ ᠤᠨ ᠰᠤᠷᠭᠠᠨ | ᠭᠦᠮᠦᠵᠢᠯ ᠲᠠᠢ ᠭᠦᠢ ᠶᠢᠨ ᠬᠤᠯᠪᠤᠭ᠎ᠠ ᠲᠠᠢ ᠤᠴᠢᠷ ᠪᠢ ᠪᠢᠷ ᠢᠶᠠᠨ ᠪᠠᠷᠢᠵᠤ ᠪᠢᠴᠢᠭᠦ ᠭᠡᠵᠦ ᠲᠠᠪᠢ ᠭᠠᠷᠤᠢ ᠬᠤᠨᠤᠬ | ᠪᠤᠯᠤᠯ᠎ᠠ᠃ ᠨᠢᠭᠡ ᠬᠤᠨᠤᠭ ᠨᠢ ᠮᠢᠨᠦ ᠠᠮᠢᠳᠤᠷᠠᠯ ᠤᠨ ᠲᠤᠭᠤᠯᠵᠤ ᠢᠷᠡᠭᠰᠡᠨ ᠨᠢᠭᠡ ᠵᠢᠯ᠂ ᠪᠢ ᠲᠦᠷᠤᠯᠬᠢ ᠨᠤᠳᠤᠭ᠂ | ᠲᠦᠷᠤᠯᠬᠢ ᠰᠤᠷᠭᠠᠭᠤᠯᠢ᠂ ᠠᠶᠢᠯ ᠤᠨ ᠬᠢᠨ ᠤ ᠪᠠᠨ ᠲᠤᠬᠠᠢ ᠤᠯᠠᠨ ᠢ ᠡᠷᠬᠢᠴᠠᠭᠦᠯᠦᠨ ᠪᠤᠳᠤᠵᠤ᠂ ᠡᠷᠬᠢᠴᠠᠭᠦᠯᠦᠯ ᠤᠨ | ᠭᠦᠨ ᠤᠷᠤᠭᠤ᠂ ᠤᠷᠢᠳ ᠨᠢ ︽ᠪᠠᠶᠠᠨᠪᠤᠯᠠᠬ ᠠᠴᠠ ᠪᠡᠭᠡᠵᠢᠩ ᠭᠦᠷᠭᠦ ᠵᠠᠮ ᠳᠤ︾ ᠭᠡᠵᠦ ᠪᠢᠴᠢᠵᠤ ᠪᠠᠶᠢᠭᠰᠠᠨ ᠪᠤᠯ | ᠤᠳᠤ ᠪᠡᠭᠡᠵᠢᠩ ᠠᠴᠠ ᠪᠠᠶᠠᠨᠪᠤᠯᠠᠬ ᠤᠷᠤᠭᠤ ᠡᠷᠬᠢᠨ ᠡᠷᠬᠢᠨ ᠤᠴᠢᠵᠤ ᠪᠠᠶᠢᠯ᠎ᠠ ᠁ | ᠨᠤᠳᠤᠭ ᠢᠶᠠᠨ ᠪᠢ ᠤᠡᠭᠰᠢᠵᠤ ᠦᠡᠭᠭᠡᠷᠡᠭᠰᠡᠨ ᠨᠤᠮ ᠭᠡᠵᠦ ᠪᠤᠳᠤᠵᠤ ᠶᠠᠪᠤᠭᠰᠠᠨ ᠶᠤᠮ᠂ ᠦᠭᠡᠢ ᠶᠤᠮ ᠪᠠᠶᠢᠨ᠎ᠠ᠃ | ᠨᠤᠳᠤᠭ ᠭᠡᠵᠦ ᠤᠡᠭᠰᠢᠬᠤ ᠪᠤᠯᠭᠠᠨ ᠰᠢᠨ᠎ᠠ ᠰᠠᠨᠠᠭ᠎ᠠ ᠰᠢᠨ᠎ᠠ ᠠᠭᠤᠯᠭ᠎ᠠ ᠵᠦᠢᠴᠢᠯᠠᠵᠤ ᠤᠯᠳᠠᠬ ᠨᠠᠰᠤᠨ ᠲᠤᠷᠰᠢᠳᠠ | ᠤᠡᠭᠰᠢᠬᠤ ᠶᠤᠰᠤᠳᠠᠢ ᠨᠤᠮ ᠶᠤᠮ ᠪᠠᠶᠢᠨ᠎ᠠ᠃ ᠨᠤᠳᠤᠬ — ᠨᠤᠮ ᠢ ᠳᠠᠬᠢᠨ ᠲᠠᠬᠢᠨ ᠤᠡᠭᠰᠢᠵᠤ᠂ ᠯᠠᠪᠯᠠᠵᠤ | ᠲᠤᠩᠭᠠᠵᠤ ᠡᠨᠡ ᠲᠠᠰᠬᠠᠯ ᠢᠶᠠᠨ ᠬᠢᠵᠤ ᠰᠠᠭᠤᠨ᠎ᠠ ᠪᠢ᠃ | ︽ᠰᠠᠶᠢᠳᠤᠷ ᠰᠤᠷᠤᠯᠴᠠᠵᠤ᠂ ᠡᠳᠦᠷ ᠠᠴᠠ ᠡᠳᠦᠷ ᠦᠭᠡᠳᠡᠯᠡ︾ ᠭᠡᠳᠡᠭ ᠮᠠᠤ ᠲᠡᠷᠢᠭᠦᠯᠡᠭᠴᠢ ᠶᠢᠨ ᠡᠨᠡ | ᠪᠢᠴᠢᠭᠡᠰᠤ ᠨᠠᠳᠠ ᠠᠴᠠ ᠠᠷᠪᠠᠨ ᠵᠢᠷᠭᠤᠭ᠎ᠠ ᠲᠤᠯᠤᠭ᠎ᠠ ᠠᠬ᠎ᠠ᠃ ᠦᠭᠦᠯᠡᠭᠳᠡᠭᠦᠨ ᠦᠭᠡᠢ ᠡᠨᠡ ᠰᠤᠷᠭᠠᠯ ᠦᠭᠡ ᠶᠢ | ᠭᠡᠯᠡ ᠵᠦᠢ ᠶᠢᠨ ᠡᠭᠦᠳᠠᠨ ᠠᠴᠠ ᠶᠠᠷᠢᠬᠤ ᠶᠤᠮ ᠪᠤᠯ ᠡᠵᠡᠨ ᠪᠠᠶ᠎ᠠ ᠦᠭᠡᠢ ᠮᠠᠳᠤ ᠪᠤᠯᠪᠠᠴᠤ ᠬᠠᠷᠢᠨ ᠴᠦ ᠪᠦᠭᠦ | ᠬᠦᠮᠦᠨ ᠳᠤ ᠵᠤᠷᠢᠭᠤᠯᠤᠭᠳᠠᠭᠰᠠᠨ᠂ ᠭᠡᠵᠢᠶ᠎ᠠ ᠴᠦ ᠤᠳᠬ᠎ᠠ ᠨᠢ ᠬᠠᠭᠤᠴᠢᠷᠠᠳᠠᠬ ᠦᠭᠡᠢ ᠪᠠᠷ ᠢᠶᠠᠨ ᠭᠠᠶᠢᠬᠠᠮᠰᠢᠬᠳᠠᠢ᠃ | ᠪᠢ ᠪᠤᠳᠤᠵᠤ ᠤᠯᠤᠭᠰᠠᠨ ᠤᠯᠠᠨ ᠭᠠᠷᠴᠠᠬ ᠲᠤᠮᠳᠠ ᠠᠴᠠ ᠪᠠᠶᠠᠨᠪᠤᠯᠠᠬ ᠪᠠᠭ᠎ᠠ ᠰᠤᠷᠭᠠᠭᠤᠯᠢ ᠶᠢᠨ ᠬᠢᠴᠢᠶᠡᠯ ᠤᠨ | ᠭᠡᠷ ᠤᠨ ᠬᠠᠨᠠᠨ ᠳᠤ ᠬᠢ ᠡᠨᠡ ᠪᠢᠴᠢᠭᠡᠰᠤ ᠪᠠᠷ ᠵᠤᠬᠢᠶᠠᠯ ᠢᠶᠠᠨ ᠭᠠᠷᠴᠠᠭᠯᠠᠬᠤ ᠪᠠᠷ ᠰᠢᠢᠳᠤᠯᠠ᠃ | ︽ᠰᠠᠶᠢᠳᠤᠷ ᠰᠤᠷᠤᠯᠴᠠᠵᠤ᠂ ᠡᠳᠦᠷ ᠡᠳᠦᠷ ᠠᠴᠠ ᠦᠭᠡᠳᠠᠯᠠ︕︾ ᠭᠡᠭᠦ ᠡᠨᠡ ᠦᠭᠦᠯᠠᠪᠤᠷᠢ ᠶᠢ ᠰᠤᠷᠤᠭᠴᠢ | ᠶᠠᠪᠤᠬᠤ ᠳᠤ ᠪᠠᠨ ᠨᠢᠭᠡ ᠶᠡᠭᠡ ᠶᠠᠭᠤᠮ᠎ᠠ ᠪᠤᠯᠭᠠᠵᠤ ᠤᠬᠠᠵᠤ ᠮᠠᠳᠠᠷᠠᠵᠤ ᠪᠠᠶᠢᠭᠰᠠᠨ ᠦᠭᠡᠢ᠃ ᠵᠦᠭᠡᠷ ᠯᠡ ᠤᠯᠤᠰ | ᠲᠦᠷᠦ ᠶᠢᠨ ᠤᠷᠢᠶ᠎ᠠ ᠲᠠᠳᠤᠢ ᠤᠡᠭᠰᠢᠵᠤ ᠶᠠᠪᠤᠵᠤ ᠳ᠋ᠠ᠂ ᠤᠳᠤ ᠲᠤᠩᠭᠠᠵᠤ ᠪᠤᠳᠤᠬᠤᠯᠠᠷ ᠰᠤᠷᠤᠭᠴᠢ | ᠠᠬᠤᠢ ᠳᠤ ᠪᠠᠨ ᠰᠠᠶᠢᠳᠤᠷ ᠰᠤᠷᠤᠯᠴᠠᠪᠠᠯ᠂ ᠡᠳᠦᠷ ᠠᠴᠠ ᠡᠳᠦᠷ ᠦᠭᠡᠳᠡᠯᠡᠨ᠎ᠡ᠂ ᠠᠵᠢᠯ ᠠᠮᠢᠳᠤᠷᠠᠯ ᠤᠨ ᠮᠦᠷ | ᠭᠦᠭᠡᠭᠡᠭᠦ ᠳᠤ ᠡᠳᠤᠷ ᠠᠴᠠ ᠡᠳᠦᠷ ᠦᠭᠡᠳᠠᠯᠠᠶᠠ ᠭᠡᠪᠡᠯ ᠰᠠᠶᠢᠳᠤᠷ ᠰᠤᠷᠤᠯᠴᠠ ᠭᠡᠰᠡᠨ ᠰᠠᠨᠠᠭ᠎ᠠ ᠪᠠᠶᠢᠭᠰᠠᠨ ᠠᠵᠤᠭᠤ᠃ | ᠪᠠᠶᠠᠨᠪᠤᠯᠠᠬ ᠮᠠᠨᠢ ᠪᠠᠶᠠᠨᠪᠤᠯᠠᠬ ᠪᠠᠭ᠎ᠠ ᠰᠤᠷᠭᠠᠭᠤᠯᠢ ᠲᠠᠢ ᠪᠠᠶᠢᠬᠤ ᠳᠤ ᠨᠢ ᠲᠦᠴᠢᠨ ᠭᠡᠳᠤᠨ ᠵᠢᠯ ᠤᠨ ᠡᠮᠦᠨᠡᠬᠢ | ᠨᠢᠭᠡ ᠨᠠᠮᠤᠷ ᠤᠨ ᠦᠷᠯᠦᠭᠡ ᠪᠢ ᠰᠤᠷᠤᠭᠴᠢ ᠨᠢ ᠪᠤᠯᠵᠤ᠂ ᠵᠢᠩᠬᠢᠨᠢ ᠠᠷᠠᠳ ᠤᠨ ᠰᠤᠷᠭᠠᠭᠤᠯᠢ ᠭᠡᠳᠡᠭ ᠤᠨ ᠠᠯᠳᠠᠨ | ᠪᠤᠱᠤᠭ᠎ᠠ ᠪᠠᠷ ᠨᠢ ᠠᠯᠬᠤᠵᠤ ᠤᠷᠤᠭᠰᠠᠨ ᠶᠤᠮ᠃ ᠮᠠᠨ ᠤ ᠰᠤᠷᠭᠠᠭᠤᠯᠢ ᠬᠤᠨᠭ᠍ᠭᠤᠷ ᠤᠪᠤᠭ᠎ᠠ᠂ | ᠪᠤᠷᠤᠬᠤᠰᠢᠭᠤ ᠶᠢᠨ ᠬᠢᠨ ᠲᠠᠢ ᠨᠠᠶᠢᠯᠠᠭᠡᠳ ᠬᠤᠷᠢ ᠭᠤᠴᠢᠭᠠᠳ ᠰᠤᠷᠤᠭᠴᠢ ᠲᠠᠢ᠂ ᠮᠢᠨᠦ ᠠᠵᠠᠢ ᠮᠦᠮᠦ ᠶᠢ | ᠪᠠᠭᠳᠠᠭᠠᠭᠠᠳ 4~5 ᠪᠠᠭᠰᠢ ᠲᠠᠢ ᠠᠶᠢᠯ ᠤᠨ ᠰᠤᠷᠭᠠᠭᠤᠯᠢ ᠪᠠᠶᠢᠵᠤ ᠪᠢᠯᠡ᠃ ᠠᠳᠠ ᠪᠢ ︽ᠪᠠᠶᠢᠵᠤ ᠪᠢᠯᠡ︾ ᠶᠢ | ᠦᠡᠭᠭᠡᠷᠡᠭᠰᠡᠨ ᠴᠠᠬ ᠤᠨ ᠤᠳᠬ᠎ᠠ ᠪᠠᠷ ᠨᠢ ᠪᠤᠰᠤ᠂ ᠨᠢᠭᠡᠨᠳᠠ ᠰᠤᠷᠭᠠᠭᠤᠯᠢ ᠮᠢᠨᠢ ᠲᠠᠳᠠᠨ ᠪᠠᠭᠤᠭᠳᠠᠭᠠᠳ ᠪᠠᠶᠢᠬᠤ | ᠦᠭᠡᠢ ᠪᠤᠯᠤᠭᠰᠠᠨ ᠲᠤᠯᠠ ︽ᠪᠠᠶᠢᠵᠤ ᠪᠢᠯᠡ︾ ᠭᠡᠵᠦ ᠲᠤᠳᠤᠳᠬᠠᠵᠤ ᠪᠠᠶᠢᠭ᠎ᠠ ᠶᠤᠮ᠃ ᠴᠠᠭ ᠬᠤᠭᠤᠴᠠᠭ᠎ᠠ ᠤᠯᠠᠨ | ᠰᠠᠶᠢᠬᠠᠨ ᠠᠶᠢᠯ ᠤᠨ ᠰᠤᠷᠭᠠᠭᠤᠯᠢ ᠨᠤᠭᠤᠳ ᠢ ᠠᠪᠴᠤ ᠤᠳᠤᠵᠤ ᠳ᠋ᠠ᠃ ᠴᠠᠭ ᠬᠤᠭᠤᠴᠠᠭ᠎ᠠ ᠭᠡᠵᠦ ᠲᠠ ᠴᠠᠭ | ᠬᠤᠭᠤᠴᠠᠭᠠᠨ ᠤ ᠰᠤᠷᠠᠬ ᠢ ᠪᠢᠰᠢ᠂ ᠴᠠᠭ ᠬᠤᠭᠤᠴᠠᠭ᠎ᠠ ᠲᠠᠨ ᠤ ᠰᠤᠷᠠᠬ ᠢ ᠭᠠᠷᠭᠠᠵᠤ ᠡᠬᠢᠯᠡᠭᠦ ᠶᠤᠮ ᠭᠡᠳᠡᠭ ᠦᠨᠡᠨ | ᠶᠤᠮᠰᠠᠨᠵᠠᠢ᠃ | ᠪᠠᠶᠠᠨᠪᠤᠯᠠᠬ ᠮᠠᠨ ᠤ ᠠᠶᠢᠯ᠃ ᠬᠤᠶᠢᠨ᠎ᠠ ᠠᠴᠠ ᠪᠠᠨ ᠡᠮᠦᠨᠡᠰᠢ ᠪᠠᠨ ᠰᠤᠨᠢᠶᠠᠭᠰᠠᠨ᠂ ᠰᠤᠷᠭᠠᠭᠤᠯᠢ ᠪᠤᠯᠤᠨ | ᠪᠠᠷᠢᠭᠠᠳᠠ ᠨᠢ ᠲᠤᠮᠳᠠ ᠭᠡᠰᠡᠭ ᠲᠤ ᠪᠠᠨ᠂ ᠪᠠᠷᠠᠭᠤᠨ ᠲᠠᠯ᠎ᠠ ᠳᠤ ᠪᠠᠨ ᠪᠠᠶᠠᠨ ᠪᠤᠯᠠᠬ ᠨᠢ᠂ ᠪᠤᠯᠠᠬ ᠤᠨ ᠢᠶᠠᠨ ᠤᠷᠢᠳᠠᠢ | ᠵᠢᠵᠢᠭᠭᠡᠨ ᠲᠠᠷᠢᠶᠠᠨ ᠲᠠᠯᠠᠪᠠᠢ ᠲᠠᠢ᠂ ᠭᠤᠴᠢᠭᠠᠳ ᠡᠷᠦᠭᠡ ᠲᠠᠢ ᠠᠶᠢᠯ᠃ ᠠᠶᠢᠯ ᠮᠠᠨᠢ ᠬᠤᠨᠭ᠍ᠭᠤᠷ ᠰᠤᠮᠤᠨ ︵ᠭᠦᠡᠭᠱᠧ︶ | ᠤ ᠪᠠᠨ ᠤᠷᠢᠳᠤ ᠭᠡᠰᠡᠭ ᠲᠤ᠂ ᠬᠤᠨᠭ᠍ᠭᠤᠷ ᠰᠤᠮᠤ ᠮᠢᠨᠢ ᠪᠠᠭᠠᠷᠢᠨ ᠪᠠᠷᠠᠭᠤᠨ ᠬᠤᠰᠢᠭᠤᠨ ᠤ ᠪᠠᠨ ᠤᠷᠢᠳᠤ ᠭᠡᠰᠡᠭ ᠲᠤ | ᠤᠷᠤᠰᠢᠳᠠᠬ᠃ ᠵᠢᠭᠠᠬᠠᠨ ᠪᠤᠶᠢᠳᠠ᠂ ᠲᠦᠪ ᠰᠠᠭᠤᠷᠢᠨ ᠠᠴᠠ ᠪᠠᠨ ᠠᠯᠤᠰᠯᠠᠭᠳᠠᠭᠰᠠᠨ ᠰᠤᠮᠤᠨ ᠤ ᠨᠢᠭᠡᠨ ᠲᠤᠰᠬᠤᠨ | ᠪᠢᠯᠡ᠃ ᠲᠦᠪ ᠰᠠᠭᠤᠷᠢᠨ ᠠᠴᠠ ᠠᠯᠤᠰᠯᠠᠭᠳᠠᠭᠰᠠᠨ ᠭᠠᠵᠠᠷ ᠤᠨ ᠬᠢᠨ ᠳᠤ ᠨᠢᠭᠡᠨ ᠨᠠᠶᠢᠳᠡᠯᠢᠭ ᠰᠢᠨᠵᠢ ᠪᠠᠶᠢᠳᠠᠬ ᠭᠡᠵᠦ | ᠪᠢ ᠪᠤᠳᠤᠳᠠᠬ᠃ ᠲᠠᠷᠠ ᠨᠢ ᠲᠦᠪ ᠰᠠᠭᠤᠷᠢᠨ ᠤᠷᠤᠭᠤ ᠲᠠᠮᠡᠤᠯᠭᠦ᠂ ᠲᠦᠪ ᠰᠠᠭᠤᠷᠢᠨ ᠤ ᠭᠦᠮᠦᠰ ᠲᠤ ᠲᠤᠤᠷᠠᠳᠠᠬᠤ | ᠦᠭᠡᠢ ᠶᠠᠪᠤᠬᠤ ᠭᠡᠳᠡᠭ ᠶᠠᠪᠤᠬᠤ ᠭᠡᠳᠡᠭ ᠪᠤᠳᠤᠯ ᠡᠪᠦᠷᠯᠡᠵᠦ ᠶᠠᠪᠤᠳᠠᠬ ᠲᠤᠯᠠ ᠢᠯᠠᠭᠦᠦ ᠲᠠᠮᠠᠤᠯᠤᠯ ᠲᠠᠢ ᠭᠦᠮᠦᠰ | ᠪᠠᠶᠢᠳᠠᠬ ᠰᠢᠬ ᠪᠠᠶᠢᠭ᠎ᠠ ᠶᠤᠮ᠃ ᠮᠠᠨ ᠤ ᠠᠶᠢᠯ ᠰᠤᠷᠭᠠᠭᠤᠯᠢ ᠲᠠᠢ ᠪᠠᠶᠢᠭᠰᠠᠨ᠃ ᠰᠤᠷᠭᠠᠭᠤᠯᠢ ᠭᠡᠳᠡᠭ ᠭᠦᠮᠦᠨ | ᠭᠦᠮᠦᠵᠢᠭᠦᠯᠳᠡᠭ᠂ ᠭᠦᠮᠦᠵᠢᠯ ᠲᠠᠢ ᠭᠦᠮᠦᠨ ᠦᠢᠯᠠᠳᠪᠤᠷᠢᠯᠠᠳᠡᠭ ᠭᠠᠵᠠᠷ ᠪᠤᠶᠤ᠃ ᠰᠤᠷᠭᠠᠭᠤᠯᠢ ᠲᠠᠢ ᠭᠠᠵᠠᠷ ᠤᠨ | ᠭᠦᠮᠦᠨ ᠠᠷᠠᠳ ᠨᠢ ᠭᠡᠭᠡᠯᠢᠭ᠂ ᠴᠤᠭᠯᠢᠬ ᠪᠠᠶᠢᠳᠠᠬ᠃ ᠰᠤᠷᠭᠠᠭᠤᠯᠢ ᠨᠤᠳᠤᠬ ᠤᠨ ᠴᠢᠮᠡᠭ᠂ ᠨᠤᠳᠤᠭ ᠨᠢ | ᠰᠤᠷᠭᠠᠭᠤᠯᠢ ᠪᠠᠷ ᠢᠶᠠᠨ ᠭᠤᠶᠤᠳᠠᠬ᠂ ᠬᠠᠮᠤᠭ ᠤᠨ ᠭᠤᠶᠤ ᠭᠤᠶᠤᠯᠠᠯ ᠨᠢ ᠴᠦ ᠰᠤᠷᠭᠠᠭᠤᠯᠢ ᠨᠢ ᠪᠠᠶᠢᠳᠠᠬ᠃ | ᠰᠤᠷᠭᠠᠭᠤᠯᠢ ᠭᠡᠳᠡᠭ ᠶᠡᠭᠡᠮᠰᠦᠭ ᠤᠷᠤᠰᠢᠬᠤᠢ᠂ ᠪᠠᠭᠰᠢ ᠭᠡᠳᠡᠭ ᠡᠷᠬᠢᠮᠰᠦᠭ ᠪᠤᠳᠠᠭᠠᠯᠢ᠃ ᠰᠤᠷᠤᠭᠴᠢ ᠭᠡᠳᠡᠭ ᠨᠤᠳᠤᠭ᠂ | ᠰᠤᠷᠭᠠᠭᠤᠯᠢ᠂ ᠪᠠᠭᠰᠢ ᠶᠢᠨ ᠬᠠᠮ ᠪᠦᠳᠦᠭᠡᠭᠦᠢ᠃ | ᠭᠦᠮᠦᠨ ᠤ ᠠᠮᠢᠳᠤᠷᠠᠯ ᠭᠡᠵᠦ ᠨᠢᠭᠡ ᠴᠡᠭ ᠠᠴᠠ ᠴᠢᠨᠠᠭᠰᠢ ᠪᠠᠨ ᠬᠢᠵᠠᠭᠠᠷ ᠦᠭᠡᠢ ᠦᠷᠭᠦᠯᠵᠢᠯᠡᠭᠦ ᠰᠠᠴᠤᠷᠠᠬ | ᠪᠤᠶᠤ᠃ ᠪᠠᠶᠠᠨᠪᠤᠯᠠᠬ ᠪᠠᠭ᠎ᠠ ᠰᠤᠷᠭᠠᠭᠤᠯᠢ ᠮᠢᠨᠦ ᠠᠮᠢᠳᠤᠷᠠᠯ ᠤᠨ ᠭᠠᠷᠤᠭᠠᠨ ᠤ ᠰᠠᠴᠤᠷᠠᠭᠰᠠᠨ ᠴᠢᠭ᠃ ᠠᠳᠠ ᠪᠦᠭᠦ | ᠶᠠᠭᠤᠮ᠎ᠠ ᠪᠠᠶᠢᠭᠰᠠᠨ᠂ ᠪᠦᠭᠦ ᠶᠠᠭᠤᠮ᠎ᠠ ᠰᠠᠶᠢᠬᠠᠨ ᠪᠠᠶᠢᠭᠰᠠᠨ ᠡ ᠁ | ᠨᠤᠳᠤᠬ ᠪᠤᠯᠭᠠᠨ ᠪᠠᠶᠢᠭᠠᠯᠢ᠂ ᠴᠠᠭ ᠠᠭᠤᠷ᠂ ᠦᠨᠳᠤᠰᠤ ᠤᠭᠰᠠᠭ᠎ᠠ᠂ ᠲᠡᠦᠭᠡᠨ ᠵᠠᠮᠨᠠᠯ ᠵᠡᠷᠭᠡ ᠠᠴᠠ ᠪᠠᠨ | ᠪᠤᠯᠵᠤ᠂ ᠵᠠᠩ ᠵᠠᠩᠰᠢᠯ ᠨᠢ ᠦᠭᠡᠷ᠎ᠠ ᠦᠭᠡᠷ᠎ᠠ ᠪᠠᠶᠢᠳᠠᠬ᠃ ᠤᠳᠤ ᠶᠢᠨ ᠭᠡᠯᠡᠯᠭᠡ ᠪᠠᠷ ᠪᠤᠯ ᠨᠤᠳᠤᠭ ᠤᠨ ᠭᠧᠨ ᠨᠢ | ᠦᠭᠡᠷ᠎ᠠ ᠦᠭᠡᠷ᠎ᠠ ᠪᠠᠶᠢᠳᠠᠬ ᠠᠵᠤᠭᠤ᠃ ᠮᠤᠩᠭᠤᠯ ᠠᠷᠠᠳ ᠤᠨ ᠦᠯᠢᠭᠡᠷ᠂ ᠠᠮᠠᠨ ᠵᠤᠬᠢᠶᠠᠯ᠂ ᠤᠷᠳᠤ ᠶᠢᠨ ᠲᠠᠭᠤᠤ᠂ | ᠤᠨᠢᠰᠤᠭ᠎ᠠ ᠲᠠᠭᠠᠪᠤᠷᠢ᠂ ᠲᠠᠭᠠᠷᠢᠯᠴᠠᠭ᠎ᠠ᠂ ᠭᠡᠯᠠᠴᠠ ᠦᠭᠡ᠂ ᠵᠦᠢᠷ ᠰᠠᠴᠠᠨ ᠦᠭᠡ᠂ ᠶᠢᠷᠳᠢᠨᠴᠤ ᠶᠢᠨ ᠭᠤᠷᠪᠠ᠂ | ᠰᠤᠷᠭᠠᠯ ᠨᠤᠮᠯᠠᠯ ᠮᠤᠩᠭᠤᠯ ᠭᠦᠮᠦᠨ ᠳᠤ ᠪᠠᠶᠢᠳᠠᠬ ᠦᠪᠠᠷᠮᠢᠴᠠ ᠪᠠᠶᠠᠯᠢᠬ ᠰᠠᠨ᠃ ᠲᠠᠷᠠ ᠴᠢᠭ ᠢᠶᠠᠷ ᠢᠶᠠᠨ ᠰᠤᠷᠭᠠᠮᠵᠢ᠂ | ᠤᠶᠤᠨ ᠤᠬᠠᠭᠠᠨ᠂ ᠤᠬᠠᠭᠠᠷᠠᠯ᠂ ᠤᠶᠠᠷᠠᠯ᠂ ᠬᠠᠶᠢᠷ᠎ᠠ᠂ ᠵᠢᠮᠠᠯᠠᠯ ᠪᠦᠭᠦᠳᠡ ᠪᠠᠭᠳᠠᠳᠠᠬ ᠠᠤᠭ᠎ᠠ ᠶᠢᠷᠳᠢᠨᠴᠤ ᠳ᠋ᠠᠬ᠃ ᠡᠨᠡ | ᠪᠦᠭᠦᠨ ᠢ ᠪᠢ ᠪᠠᠶᠠᠨᠪᠤᠯᠠᠬ ᠠᠴᠠ ᠪᠠᠨ ᠰᠤᠷᠤᠭᠰᠠᠨ᠂ ᠦᠪᠯᠡᠭᠰᠡᠨ ᠡ᠃ ᠭᠧᠨ ᠭᠡᠰᠡᠨ ᠠᠴᠠ ᠮᠠᠨ ᠤ ᠠᠶᠢᠯ ᠤᠨ | ᠭᠧᠨ ᠳᠤ ᠡᠶᠢᠮᠦ ᠵᠦᠢᠯ ᠠᠩᠵᠠᠷᠠᠭᠳᠠᠳᠠᠬ᠃ ᠮᠠᠨ ᠤ ᠠᠶᠢᠯ ᠤᠨ ᠬᠢᠨ ᠳᠠᠷᠤᠭ᠎ᠠ ᠲᠠᠭᠠᠭᠠᠮᠠᠯ ᠳᠤ ᠪᠤᠯᠬᠤᠷ ᠲᠠᠭ᠎ᠠ | ᠦᠭᠡᠢ᠂ ᠪᠢᠯᠳᠠᠤᠴᠢ ᠰᠢᠷᠪᠠᠭᠠᠴᠢ ᠶᠢ ᠦᠵᠡᠨ ᠶᠠᠳᠠᠳᠠᠬ᠂ ᠨᠢᠭᠡᠨ ᠢᠶᠠᠨ ᠱᠤᠤᠯᠠᠬᠤ ᠲᠤᠷᠠᠳᠠᠢ᠂ ᠪᠠᠭ᠎ᠠ ᠵᠡᠷᠭᠡ ᠶᠢᠨ | ᠰᠤᠷᠳᠤᠭᠠᠯᠠᠬᠤ ᠪᠤᠯ ᠪᠠᠶᠢᠵᠤ ᠪᠤᠯᠬᠤ ᠵᠦᠢᠯ ᠭᠡᠵᠦ ᠵᠦᠪᠰᠢᠶᠠᠷᠠᠳᠡᠭ ᠭᠦᠮᠦᠨ ᠵᠤᠨ ᠪᠢᠯᠡ᠃ ᠡᠨᠡ ᠵᠦᠢᠯ ᠤᠳ | ᠠᠶᠢᠯ ᠤᠨ ᠭᠧᠨ ᠪᠤᠯᠵᠤ ᠪᠦᠳᠦᠵᠤ ᠪᠦᠷᠢᠯᠳᠤᠵᠤ᠂ ᠰᠢᠨᠡᠴᠢᠯᠡᠭᠳᠡᠨ ᠦᠭᠡᠷᠡᠴᠢᠯᠡᠭᠳᠡᠵᠦ ᠪᠠᠶᠢᠳᠠᠬ ᠢᠶᠠᠷ ᠢᠶᠠᠨ ᠠᠶᠢᠯ | ᠮᠠᠨᠢ ᠲᠠᠪᠳᠠᠭᠳᠠᠰᠢ ᠦᠭᠡᠢ ᠤᠨᠴᠠᠯᠢᠬ ᠲᠠᠢ᠃ | ᠮᠢᠨᠦ ᠪᠠᠭ᠎ᠠ ᠶᠢᠨ ᠦᠶ᠎ᠠ ᠶᠢᠨ ᠨᠤᠳᠤᠭ ᠤᠨ ᠪᠤᠭᠤᠷᠤᠯ ᠲᠤᠮᠤᠭᠠᠳᠠᠳ ᠤᠨ ᠮᠠᠨᠢ ᠶᠡᠭᠡᠨᠭᠬᠢ ᠨᠢ ᠤᠳᠤ | ᠶᠢᠷᠳᠢᠨᠴᠤ ᠶᠢᠨ ᠵᠢᠮ᠎ᠠ ᠪᠠᠷ ᠪᠤᠷᠬᠠᠨ ᠤ ᠤᠷᠤᠨ ᠤᠷᠤᠭᠤ ᠶᠠᠪᠤᠵᠤ ᠳ᠋ᠠ᠃ ᠲᠠᠳᠠ ᠪᠦᠭᠦᠳᠡᠭᠡᠷ ᠢᠶᠠᠨ ᠮᠢᠨᠦ | ᠬᠢᠴᠢᠶᠡᠯ ᠤᠨ ᠭᠠᠳᠠᠭᠤᠷ ᠤᠡᠭᠰᠢᠳᠠᠬ ᠮᠠᠰᠢ ᠰᠤᠨᠢᠷᠬᠠᠯᠳᠠᠢ᠂ ᠤᠡᠭᠰᠢᠬᠤ ᠲᠤᠳᠤᠮ ᠤᠬᠠᠭᠠᠷᠠᠯ ᠬᠠᠶᠢᠷ᠎ᠠ ᠶᠠᠭᠤᠮ᠎ᠠ | ᠶᠠᠭᠤᠮ᠎ᠠ ᠦᠭᠳᠡᠭ ᠠᠭᠤᠳᠠᠯᠠᠭᠠᠳ ᠪᠠᠷᠠᠰᠢ ᠦᠭᠡᠢ ᠤᠶᠤᠨ ᠤ ᠠᠮᠢᠳᠤ ᠨᠤᠮ ᠨᠤᠭᠤᠳ ᠪᠠᠶᠢᠵᠤ ᠪᠢᠯᠡ᠃ | ᠪᠦᠭᠡᠨᠠᠰᠤᠳᠤ ᠨᠠᠰᠤᠳᠠᠨ ᠤ ᠶᠠᠳᠠᠭᠤ ᠶᠠᠳᠠᠭᠤᠯᠢᠬ ᠮᠠᠯᠴᠢᠨ ᠤ ᠲᠦᠯᠦᠭᠡᠯᠡᠭᠦ ᠲᠦᠷᠢ᠂ ᠪᠠᠽᠠᠷ ᠳᠠᠷᠤᠭ᠎ᠠ ᠶᠢᠨ | ᠲᠦᠪ ᠰᠢᠯᠤᠭᠤᠨ ᠴᠢᠨᠠᠷ᠂ ᠷᠢᠭ᠍ᠵᠢᠪᠤᠤ ᠭᠤᠸᠠᠢ ᠶᠢᠨ ᠶᠦᠮᠦᠷᠯᠢᠭ ᠰᠠᠭᠡᠷᠡᠭᠦᠨ ᠰᠤᠷᠳᠤᠭᠤ᠂ ᠬᠠᠯᠴᠠᠭᠠᠢ ᠭᠤᠸᠠᠢ ᠶᠢᠨ | ᠮᠦᠷ ᠢᠶᠠᠷ ᠢᠶᠠᠨ ᠪᠠᠶᠢᠳᠠᠬ ᠰᠠᠶᠢᠬᠠᠨ ᠵᠠᠩ᠂ ᠶᠤᠨᠳᠤᠬᠤᠳᠤ ᠭᠤᠸᠠᠢ ᠶᠢᠨ ᠠᠵᠢᠯᠰᠠᠬ ᠨᠠᠮᠠᠭᠤᠨ ᠠᠭᠠᠯᠢ᠂ ᠬᠠᠷᠠᠭᠦᠦ | ᠭᠤᠸᠠᠢ ᠶᠢᠨ ᠶᠡᠭᠡᠮᠰᠦᠭ ᠲᠠᠷᠤᠭ᠎ᠠ ᠴᠢᠷᠠᠢ᠂ ᠯᠾᠮᠤ ᠡᠪᠦᠭᠡᠨ ᠤ ᠪᠦᠭᠦᠳᠠ ᠶᠢ ᠬᠠᠮᠢᠶᠠᠷᠬᠤ ᠠᠷᠠᠨᠰᠢᠨ᠂ ᠴᠦᠢᠵᠢ | ᠪᠠᠭᠰᠢ ᠶᠢᠨ ᠬᠢᠨᠠᠭᠤᠷ ᠯᠠᠪᠳᠠᠭᠤᠨ ᠰᠢᠢᠳᠤᠯ ︵ᠨᠤᠳᠤᠭ ᠤᠨ ᠬᠢᠨ ᠳᠤ ᠪᠠᠨ ᠪᠦᠭᠦᠳᠠ ᠳᠤ ᠨᠢ ᠬᠠᠶᠢᠷᠠᠳᠠᠢ ᠰᠢᠤ᠂ ᠠᠳᠠ | ᠨᠠᠷᠠ ᠶᠢ ᠨᠢ ᠨᠢᠭᠡ ᠨᠢᠭᠡ ᠪᠠᠷ ᠲᠤᠷᠠᠳᠤᠭ᠎ᠠ ᠦᠭᠡᠢ ᠳᠤ ᠭᠤᠮᠤᠳᠠᠬᠤ ᠦᠭᠡᠢ ᠭᠡᠳᠡᠭ ᠲᠤ ᠢᠳᠡᠭᠡᠨ᠎ᠡ︶᠂ | ᠪᠠᠷᠢᠭᠠᠳᠠ ᠶᠢᠨ ᠮᠤᠷᠢᠨ ᠲᠡᠷᠭᠡ᠂ ᠲᠷᠠᠺᠲ᠋ᠤᠷ᠂ ᠰᠠᠩ ᠭᠦᠮᠦᠷᠭᠡᠨ ᠭᠡᠷ᠂ ᠭᠦᠷᠢᠶᠡᠨ ᠳᠤ ᠬᠤᠷᠢᠭᠠᠳᠠᠢ ᠪᠠᠶᠢᠳᠠᠬ | ᠬᠤᠴᠠ ᠨᠤᠭᠤᠳ ᠁ ᠡᠨᠡ ᠪᠦᠭᠦᠳᠠ ᠨᠠᠶᠢᠯᠡᠭᠡᠳ ᠮᠠᠨ ᠤ ᠠᠶᠢᠯ᠃ | ᠲᠠᠷᠠ ᠦᠶ᠎ᠠ ᠶᠢᠨ ᠪᠠᠭᠰᠢ ᠳᠤ ᠵᠢᠭᠠᠬᠤ ᠦᠭᠡᠢ ᠬᠢᠴᠢᠶᠡᠯ ᠭᠡᠵᠦ ᠦᠭᠡᠢ᠃ ᠭᠡᠯᠡ᠂ ᠲᠤᠭ᠎ᠠ᠂ ᠳᠠᠭᠤᠤ᠂ ᠲᠠᠮᠢᠷ᠂ | ᠭᠦᠳᠠᠯᠮᠤᠷᠢ ᠶᠠᠭᠤᠮ᠎ᠠ ᠶᠠᠭᠤᠮ᠎ᠠ ᠵᠢᠭᠠᠨ᠎ᠠ᠃ ᠰᠤᠷᠤᠭᠴᠢ ᠪᠢᠳᠠ ᠴᠦ ᠶᠠᠭᠤᠮ᠎ᠠ ᠶᠠᠭᠤᠮ᠎ᠠ ᠯᠠ ᠰᠤᠷᠴᠤ ᠪᠠᠶᠢᠭᠰᠠᠨ᠃ | ᠨᠢᠭᠡ ᠶᠡᠭᠡ ᠬᠢᠴᠢᠶᠡᠯ ᠲᠠᠰᠬᠠᠯ ᠳᠤ ᠪᠠᠨ ᠳᠠᠷᠤᠭᠳᠠᠭᠠᠳ ᠭᠤᠨᠢᠵᠤ ᠭᠤᠳᠤᠷᠠᠳᠠᠬ ᠦᠭᠡᠢ ᠯᠡ ᠪᠠᠶᠢᠭᠰᠠᠨ᠃ ᠬᠢᠴᠢᠶᠡᠯ | ᠲᠠᠷᠬᠠᠭᠠᠳ ᠲᠠᠷᠠᠰᠤᠨ ᠲᠤᠮᠳᠠ ᠨᠢᠭᠤᠭᠳᠠᠵᠤ ᠨᠠᠭᠠᠳᠤᠨ᠎ᠠ᠃ ᠭᠤᠤᠯᠳᠠᠭᠤ ᠬᠤᠶᠠᠷ ᠲᠠᠯ᠎ᠠ ᠪᠤᠯᠵᠤ ᠪᠠᠶᠢᠯᠳᠤᠵᠤ | ᠲᠤᠭᠯᠠᠨ᠎ᠠ᠂ ᠮᠦᠨ ᠴᠦ ᠶᠡᠭᠡ ᠪᠠᠶᠢᠯᠳᠤᠵᠤ ᠲᠠᠶᠢᠰᠤᠨ ᠢᠶᠠᠨ ᠳᠠᠷᠤᠭᠠᠳ ᠲᠠᠷᠬᠠᠨ ᠴᠤᠯᠠ ᠪᠠᠨ ᠬᠠᠮᠠᠭᠠᠯᠠᠵᠤ ᠴᠦ | ᠪᠠᠶᠢᠯ᠎ᠠ᠂ ᠪᠠᠰᠠ ᠢᠯᠠᠭᠳᠠᠵᠤ ᠤᠯᠵᠠᠯᠠᠭᠳᠠᠵᠤ ᠴᠦ ᠪᠠᠶᠢᠯ᠎ᠠ᠃ ᠪᠠᠶᠢᠯᠳᠤᠵᠤ ᠬᠠᠨᠤᠳᠠᠬ ᠦᠭᠡᠢ ᠪᠠᠶᠢᠯᠳᠤᠭᠠᠨ ᠳᠤ ᠲᠤᠩ | ᠴᠦ ᠪᠡᠯᠡᠨ ᠪᠠᠶᠢᠭᠰᠠᠨ ᠭᠡᠤᠭᠡᠳ ᠤᠳ ᠪᠠᠶᠢᠵᠤ ᠯᠡ ᠳ᠋ᠠ ᠮᠠᠨ ᠤ ᠦᠶ᠎ᠠ ᠶᠢᠨ ᠬᠢᠨ᠃ ᠴᠠᠭ ᠦᠶ᠎ᠠ ᠶᠢᠨ ᠢᠮ ᠲᠠᠮᠠᠭ᠎ᠠ | ᠭᠡᠵᠦ ᠡᠭᠦᠨ ᠢ ᠭᠡᠯᠡᠳᠡᠭ ᠪᠠᠶᠢᠬ᠎ᠠ᠃ | ᠮᠢᠨᠦ ᠠᠵᠠᠢ ᠮᠦᠮᠦ ᠮᠢᠨᠦ ᠪᠠᠭᠰᠢ᠂ ᠪᠠᠰᠠ ᠪᠤᠶᠠᠨᠭᠡᠰᠢᠭ᠂ ᠲᠤᠷᠵᠢᠮᠠ ᠭᠡᠵᠦ ᠰᠠᠶᠢᠬᠠᠨ ᠬᠤᠶᠠᠷ ᠪᠠᠭᠰᠢ ᠠᠴᠠ | ᠨᠤᠮ ᠤᠨ ᠳᠠᠭᠤ ᠰᠤᠨᠤᠰᠴᠤ ᠪᠠᠶᠢᠯ᠎ᠠ᠃ ᠰᠤᠷᠭᠠᠭᠤᠯᠢ ᠲᠠᠢ ᠠᠶᠢᠯ ᠤᠨ ᠭᠡᠢ ᠮᠤᠷᠢ ᠯᠤᠩᠳᠠ᠂ ᠭᠡᠤᠭᠡᠳ ᠤᠳ ᠤᠨ | ᠬᠢᠨᠢ ᠬᠤᠪᠢ ᠲᠠᠪᠢᠯᠠᠩ ᠦᠭᠡᠳᠠ ᠪᠠᠨ ᠪᠠᠶᠢᠳᠠᠬ᠃ ᠶᠤᠰᠤᠳᠠᠢ ᠯᠠ ᠮᠤᠩᠭᠤᠯ ᠤᠯᠤᠰ ᠤᠨ ᠶᠡᠭᠡ ᠰᠤᠷᠭᠠᠭᠤᠯᠢ ᠶᠢᠨ | ᠲᠦᠪ ᠪᠠᠶᠢᠷᠢ ᠶᠢᠨ ᠲᠡᠭᠡᠷᠡᠬᠢ ︽ᠡᠷᠳᠠᠮ ᠤᠨ ᠭᠡᠳᠠ ᠴᠠᠬᠢᠪᠠᠰᠤ᠂ ᠭᠦᠭᠵᠢᠯ ᠤᠨ ᠭᠠᠯ ᠪᠠᠳᠠᠷᠠᠮᠤᠢ︾ ᠭᠡᠳᠡᠭ | ᠪᠢᠴᠢᠭᠡᠰᠤ ᠶᠢᠨ ᠤᠴᠢᠷ ᠶᠤᠰᠤ ᠶᠢ ᠪᠠᠳᠤᠯᠠᠨ ᠨᠤᠳᠠᠯᠠᠬᠤ ᠮᠠᠳᠤ᠃ ᠮᠠᠨ ᠤ ᠠᠶᠢᠯ ᠰᠤᠷᠭᠠᠭᠤᠯᠢ ᠶᠢᠨ ᠦᠷ᠎ᠠ | ᠦᠭᠭᠦᠭᠡᠵᠢ ᠶᠢ ᠮᠠᠳᠠᠷᠠᠳᠡᠭ᠂ ᠮᠠᠳᠡᠳᠡᠭ ᠭᠡᠭᠡᠷᠡᠭᠰᠡᠨ ᠠᠶᠢᠯ᠃ ᠠᠳᠠ ᠠᠴᠠ ᠲᠦᠷᠦᠭᠰᠡᠨ ᠤᠯᠠᠨ ᠰᠠᠶᠢᠬᠠᠨ | ᠭᠦᠪᠡᠭᠦᠳ ᠦᠬᠢᠳ ᠡᠷᠳᠠᠮ ᠰᠤᠶᠤᠯ ᠤᠨ ᠮᠦᠷ ᠭᠦᠭᠡᠭᠡᠵᠦ᠂ ᠨᠤᠳᠤᠭ ᠤᠨ ᠢᠶᠠᠨ ᠨᠠᠷᠠ ᠶᠢ ᠦᠨᠳᠤᠷ ᠲᠤ ᠡᠷᠭᠦᠵᠤ᠂ | ᠰᠡᠳᠬᠢᠯ ᠪᠠᠳᠠᠷᠠᠭᠤᠨ ᠭᠦᠳᠠᠯᠮᠤᠷᠢ ᠦᠢᠯᠠᠰ ᠢᠶᠠᠨ ᠴᠤᠭᠴᠠᠯᠠᠵᠤ ᠶᠠᠪᠤᠨᠠᠮ᠃ | ︽ᠭᠦᠮᠦᠨ ᠪᠤᠯᠬᠤ ᠪᠠᠭ᠎ᠠ ᠠᠴᠠ ᠪᠠᠨ᠂ ᠭᠦᠯᠦᠭ ᠪᠤᠯᠬᠤ ᠤᠨᠠᠭᠠᠨ ᠠᠴᠠ ᠪᠠᠨ︾ ᠭᠡᠳᠡᠭ᠃ ᠪᠢ | ᠰᠤᠷᠭᠠᠭᠤᠯᠢ ᠨᠤᠭᠤᠳ ᠤᠨ ᠢᠶᠠᠨ ᠲᠤᠳᠤᠷ᠎ᠠ ᠠᠴᠠ ᠪᠠᠭ᠎ᠠ ᠰᠤᠷᠭᠠᠭᠤᠯᠢ ᠳᠤ ᠪᠠᠨ ᠢᠯᠠᠭᠦᠦ ᠬᠠᠶᠢᠷᠠᠳᠠᠢ᠃ ᠭᠦᠮᠦᠨ | ᠪᠤᠯᠵᠤ ᠲᠦᠯᠦᠪᠰᠢᠭᠦ᠂ ᠢᠷᠭᠡᠨᠰᠢᠭᠦ᠂ ᠨᠡᠶᠢᠭᠡᠮᠰᠢᠭᠦ ᠪᠦᠷ ᠯᠡ ᠡ᠊ᠨᠳᠠ ᠠᠴᠠ ᠡᠬᠢ ᠲᠠᠢ᠃ ᠺᠤᠮᠫᠢᠦ᠋ᠲ᠋ᠧᠷ ᠢᠶᠠᠷ ᠵᠢᠱᠢᠭᠦ | ᠶᠤᠮ ᠪᠤᠯ ᠪᠠᠭᠳᠠᠭᠠᠮᠵᠢ ᠶᠢ ᠨᠢ ᠪᠠᠭ᠎ᠠ ᠰᠤᠷᠭᠠᠭᠤᠯᠢ ᠲᠤᠭᠳᠠᠭᠠᠵᠤ ᠦᠭᠭᠦᠭᠰᠡᠨ ᠭᠡᠷᠡᠭ᠂ ᠭᠦᠯᠦᠭ ᠢᠶᠠᠷ ᠵᠢᠱᠢᠭᠦ ᠶᠤᠮ | ᠪᠤᠯ ᠤᠢᠢᠷ᠎ᠠ ᠶᠢᠨ ᠵᠠᠢ ᠳᠤ ᠲᠦᠷᠭᠡᠨ ᠲᠡᠪᠬᠢᠬᠤ ᠨᠢ ᠤᠤ︖ ᠬᠤᠯᠠ ᠶᠢᠨ ᠵᠠᠢ ᠳᠤ ᠲᠠᠭᠠᠭᠠᠮᠠᠭᠠᠢ ᠭᠦᠯᠦᠭ ᠪᠤᠯᠬᠤ ᠨᠢ | ᠤᠤ︖ ᠭᠡᠳᠡᠭ ᠨᠢ ᠪᠠᠭ᠎ᠠ ᠰᠤᠷᠭᠠᠭᠤᠯᠢ ᠶᠢᠨ ᠰᠤᠷᠭᠠᠭᠤᠯᠢᠯᠠᠯ ᠠᠴᠠ ᠰᠢᠢᠳᠦᠭᠳᠡᠨ᠎ᠡ ᠭᠡᠭᠦ ᠳᠤ ᠪᠤᠷᠤᠭᠤᠳᠠᠬᠤ ᠦᠭᠡᠢ | ᠪᠤᠯᠪᠠ ᠤᠤ︖ ᠪᠢ ᠢᠡᠭᠬᠢᠵᠤ ᠪᠤᠳᠤᠵᠤ᠂ ᠡᠭᠦᠨ ᠳᠤ ᠦᠨᠠᠮᠰᠢᠳᠡᠭ᠃ ᠭᠤᠷᠤᠬ᠎ᠠ ᠪᠤᠯᠤᠨ᠎ᠠ ᠤᠤ︖ ᠭᠤᠤᠯ ᠮᠦᠷᠠᠨ | ᠪᠤᠯᠤᠨ᠎ᠠ ᠤᠤ︖ ᠲᠠᠩᠬᠢᠰ ᠲᠠᠯᠠᠢ ᠪᠤᠯᠤᠨ᠎ᠠ ᠤᠤ︖ ᠪᠠᠭ᠎ᠠ ᠰᠤᠷᠭᠠᠭᠤᠯᠢ ᠪᠤᠯ ᠡᠬᠢ ᠤᠨᠳᠤᠷᠤᠭ᠎ᠠ ᠨᠢ ᠶᠤᠮ᠃ ᠪᠠᠭ᠎ᠠ | ᠰᠤᠷᠭᠠᠭᠤᠯᠢ ᠶᠢ ᠪᠠᠰᠤᠵᠤ ᠦᠯᠦ ᠪᠤᠯᠬᠤ ᠰᠢᠯᠳᠠᠭᠠᠨ ᠡᠨᠡ ᠠᠵᠤᠭᠤ᠃ | ︽ᠰᠠᠶᠢᠨ ᠭᠦᠮᠦᠨ ᠤ ᠦᠷ᠎ᠠ᠂ ᠰᠦᠳᠤ ᠭᠡᠭᠦᠦ ᠶᠢᠨ ᠤᠨᠠᠭ᠎ᠠ︾ ᠭᠡᠳᠡᠭ ᠵᠦᠢᠷ ᠰᠠᠴᠠᠨ ᠦᠭᠡ ᠰᠠᠨᠠᠭᠠᠨ ᠳᠤ | ᠭᠡᠭᠡ ᠲᠠᠳᠠᠨ ᠪᠠᠭᠤᠵᠤ ᠪᠠᠶᠢᠨ᠎ᠠ᠃ ᠪᠠᠭᠠᠷᠢᠨ ᠮᠢᠨᠢ ︽ᠰᠤᠶᠤᠯᠳᠤ ᠪᠠᠭᠠᠷᠢᠨ︾ ᠭᠡᠳᠡᠭ ᠠᠯᠳᠠᠷ ᠲᠠᠢ ᠶᠤᠮ ᠪᠢᠯᠠ᠃ | ᠡᠭᠦᠨ ᠳᠤ ᠦᠶ᠎ᠠ ᠦᠶ᠎ᠠ ᠶᠢᠨ ᠰᠤᠷᠭᠠᠨ ᠭᠦᠮᠦᠵᠢᠯ ᠤᠨ ᠲᠤᠪᠴᠢᠶᠠᠨ ᠲᠠᠷᠤᠭ᠎ᠠ ᠨᠠᠷ ᠤᠨ ᠰᠡᠳᠬᠢᠯ ᠤᠨ ᠶᠡᠭᠡ ᠲᠠᠮᠢᠷ᠂ | ᠠᠯᠤᠰ ᠤᠨ ᠬᠠᠷᠠᠭ᠎ᠠ᠂ ᠬᠤᠯᠠᠴᠢ ᠪᠤᠳᠤᠯ ᠪᠠᠰᠠ ᠰᠤᠷᠭᠠᠨ ᠭᠦᠮᠦᠵᠢᠭᠦᠯᠦᠭᠴᠢ ᠪᠠᠭᠰᠢ ᠨᠠᠷ ᠤᠨ ᠶᠡᠭᠡ ᠤᠬᠠᠭᠠᠨ᠂ | ᠤᠶᠤᠨ ᠤ ᠴᠢᠨᠰᠠᠭ᠎ᠠ᠂ ᠲᠠᠭᠠᠭᠠᠮᠨᠭᠠᠢ ᠬᠠᠳᠠᠭᠤ ᠲᠠᠰᠪᠤᠷᠢ ︽ᠰᠤᠶᠤᠯᠳᠤ ᠪᠠᠭᠠᠷᠢᠨ︾ ᠤ ᠴᠡᠴᠡᠭᠯᠡᠯ ᠭᠦᠭᠵᠢᠯ ᠤᠨ | ᠠᠮᠢᠨ ᠰᠦᠨᠠᠰᠤ ᠨᠢ ᠶᠤᠮ᠃ ᠪᠠᠭᠠᠷᠢᠨ ᠳᠤ ᠬᠤᠨᠭ᠍ᠭᠤᠷ ᠲᠤ ᠰᠤᠶᠤᠯ ᠤᠨ ᠨᠠᠷᠠ ᠦᠭᠡᠢ ᠪᠠᠭᠠᠳᠤᠷ ᠤᠳ ᠤᠯᠠᠨ᠂ ᠡᠨᠡ | ᠤᠯᠠᠨ ᠨᠠᠷᠠ ᠦᠭᠡᠢ ᠪᠠᠭᠠᠳᠤᠷ ᠤᠳ ᠪᠤᠯ ᠨᠤᠳᠤᠭ ᠤᠨ ᠮᠠᠨᠢ ᠨᠤᠶᠠᠨ ᠨᠢᠷᠤᠭᠤ ᠨᠢ ᠶᠤᠮᠰᠠᠨ᠃ ᠰᠤᠷᠭᠠᠨ ᠭᠦᠮᠦᠵᠢᠯ ᠢ | ᠲᠡᠭᠡᠳᠤᠯᠠᠳᠡᠭ ᠠᠷᠠᠳ ᠲᠦᠮᠡᠨ ᠤ ᠪᠤᠶᠠᠨ ᠵᠠᠶᠠᠭ᠎ᠠ ᠲᠡᠯᠭᠡᠷ ᠶᠡᠭᠡ᠃ | ᠰᠤᠷᠭᠠᠨ ᠭᠦᠮᠦᠵᠢᠯ ᠯᠠ ᠪᠠᠭᠠᠷᠢᠨ ᠤ ᠭᠦᠭᠵᠢᠯ᠂ ᠬᠤᠨᠭ᠍ᠭᠤᠷ ᠤᠨ ᠭᠦᠭᠵᠢᠯ ᠤᠨ ᠦᠨᠳᠤᠰᠤ ᠪᠠᠰᠠ ᠰᠠᠭᠤᠷᠢ | ᠭᠡᠵᠦ ᠬᠤᠶᠠᠷ ᠦᠭᠡᠢ ᠰᠡᠳᠬᠢᠯ ᠢᠶᠠᠷ ᠠᠷᠠᠳ ᠤᠨ ᠭᠡᠤᠭᠡᠳ ᠢ ᠰᠤᠶᠤᠨ ᠭᠡᠭᠡᠷᠡᠭᠦᠯᠵᠦ ᠶᠠᠪᠤᠭᠰᠠᠨ ᠡᠩ ᠤᠨ | ᠮᠦᠷᠳᠡᠭᠡᠨ ᠠᠭᠤᠤ ᠶᠠᠭᠡᠴᠤᠤᠯ ᠤᠨ ᠲᠤᠮᠳᠠ ᠮᠢᠨᠦ ᠠᠵᠠᠢ ᠮᠦᠮᠦ ᠪᠠᠭᠳᠠᠨ᠎ᠠ᠃ ᠬᠤᠨᠭ᠍ᠭᠤᠷ ᠨᠤᠳᠤᠭ ᠤᠨ ᠭᠡᠳᠤᠨ | ᠦᠶ᠎ᠠ ᠶᠢᠨ ᠬᠢᠨ ᠳᠤ ᠰᠤᠶᠤᠯ ᠡᠷᠳᠠᠮ᠂ ᠠᠮᠢᠳᠤᠷᠠᠯ ᠤᠨ ᠵᠠᠮ ᠮᠦᠷ ᠢ ᠵᠢᠭᠠᠵᠤ ᠴᠢᠭᠯᠡᠭᠦᠯᠵᠦ ᠦᠭᠭᠦᠭᠰᠡᠨ ᠭᠦᠨᠳᠤᠳᠠᠢ᠂ | ᠨᠠᠷᠠ ᠲᠦᠷᠦ ᠲᠠᠢ᠂ ᠬᠠᠷᠢᠭᠤᠴᠠᠯᠭ᠎ᠠ ᠲᠠᠢ ᠪᠠᠭᠰᠢ ᠶᠠᠪᠤᠭᠰᠠᠨ ᠨᠢ ᠬᠤᠨᠭ᠍ᠭᠤᠷ ᠲᠦᠮᠡᠨ ᠤ ᠰᠡᠳᠬᠢᠯ ᠳᠤ ᠬᠠᠳᠠᠭᠠᠳᠠᠢ᠃ | ᠴᠠᠭ ᠦᠶ᠎ᠠ ᠶᠢᠨ ᠲᠠᠪᠠᠯᠭ᠎ᠠ ᠤᠷᠢᠳ ᠤᠷᠢᠳ ᠠᠴᠠ ᠪᠠᠨ ᠭᠦᠴᠤᠳᠠᠢ᠂ ᠰᠢᠷᠦᠭᠦᠨ ᠪᠤᠯᠤᠭᠰᠠᠨ ᠢ ᠶᠠᠭᠠᠬᠢᠨ᠎ᠠ᠂ | ᠮᠠᠨ ᠤ ᠬᠢᠨ ᠴᠢᠨᠢ ᠲᠠᠶᠢᠪᠤᠩ ᠠᠮᠤᠷ᠂ ︽ᠰᠠᠨᠠᠵᠤ ᠪᠠᠶᠢᠪᠠᠯ ᠪᠦᠳᠦᠨ᠎ᠠ᠂ ᠰᠠᠵᠢᠯᠠᠵᠤ ᠪᠠᠶᠢᠪᠠᠯ ᠭᠦᠷᠦᠨ᠎ᠠ︾ ᠭᠡᠳᠡᠭ | ᠤᠯᠤᠰ ᠶᠤᠮ᠂ ᠴᠠᠭ ᠦᠶ᠎ᠠ ᠪᠢᠳᠠᠨ ᠢ ᠤᠢᠢᠷ᠎ᠠ ᠤᠢᠢᠷᠠᠬᠠᠨ ᠶᠠᠩᠵᠤ ᠶᠠᠩᠵᠤ ᠪᠠᠷ ᠱᠠᠯᠠᠪᠳᠠᠬᠤ ᠪᠤᠯᠵᠤ ᠳ᠋ᠧ᠃ | ᠨᠢᠭᠡ ᠠᠮᠧᠷᠢᠺᠠ ᠡᠷᠳᠠᠮᠳᠠᠨ᠄ ︽ᠭᠡᠵᠢᠶ᠎ᠠ ᠴᠦ ᠡᠶᠢᠮᠦ ᠤᠯᠠᠨ ᠤᠯᠤᠰ ᠤᠷᠤᠨ ᠵᠠᠬ᠎ᠠ ᠵᠠᠭᠡᠯᠢ᠂ ᠬᠢᠯᠢ ᠬᠢᠵᠠᠭᠠᠷ᠂ | ᠤᠶᠤᠨ ᠰᠠᠨᠠᠭ᠎ᠠ ᠪᠠᠨ ᠲᠠᠯᠡᠭᠡᠢ ᠶᠢᠷᠳᠢᠨᠴᠤ ᠳᠤ ᠨᠡᠭᠡᠭᠡᠵᠦ ᠪᠠᠶᠢᠭᠰᠠᠨ ᠦᠭᠡᠢ᠂ ᠲᠠᠯᠠᠭᠡᠢ ᠶᠢᠷᠳᠢᠨᠴᠤ ᠶᠢ | ᠲᠧᠭᠨᠦᠯᠤᠬᠢ ᠶᠢᠨ ᠭᠦᠭᠵᠢᠯ ᠤᠯᠠᠮ ᠵᠢᠵᠢᠭᠷᠡᠭᠦᠯᠵᠦ᠂ ᠰᠢᠨᠵᠢᠯᠡᠭᠦ ᠤᠬᠠᠭᠠᠨ ᠤ ᠬᠤᠷᠤᠭᠤᠨ ᠳᠡᠭᠡᠷ᠎ᠠ ᠡᠷᠬᠢᠯᠳᠤᠭᠦ | ᠵᠢᠵᠢᠭᠭᠡᠨ ᠪᠦᠮᠪᠦᠭᠡ ᠲᠠᠢ ᠠᠳᠠᠯᠢᠬᠠᠨ ᠪᠤᠯᠭᠠᠵᠠᠢ︾ ᠭᠡᠵᠦ ᠦᠭᠦᠯᠡᠭᠰᠡᠨ ᠪᠠᠶᠢᠳᠠᠬ᠃ ᠡᠨᠡ ᠦᠨᠠᠨ ᠡ᠃ ᠭᠦᠮᠦᠰ ᠪᠦᠭᠦ | ᠠᠮᠢᠳᠤᠷᠠᠯ᠂ ᠨᠠᠶᠢᠭᠡᠮ ᠤᠨ ᠪᠦᠭᠦ ᠬᠠᠷᠢᠯᠴᠠᠭ᠎ᠠ᠂ ᠪᠠᠷᠤᠭ ᠪᠠᠶᠢᠭᠠᠯᠢ ᠲᠠᠯᠠᠭᠡᠢ ᠶᠢᠨ ᠦᠵᠡᠭᠳᠡᠯ᠂ ᠶᠠᠭᠤᠮᠠᠰ ᠲᠠᠷᠠ | ᠴᠡᠭ ᠢᠶᠠᠷ ᠢᠶᠠᠨ ᠮᠠᠳᠠᠯᠭᠡ ᠳᠤ ᠰᠠᠭᠤᠷᠢᠯᠠᠬᠤ ᠠᠴᠠ ᠦᠭᠡᠷ᠎ᠠ ᠭᠠᠷᠤᠴᠠ 21 ᠳ᠋ᠤᠭᠡᠷ ᠵᠠᠭᠤᠨ ᠳᠤ ᠪᠠᠶᠢᠬᠤ ᠦᠭᠡᠢ | ᠪᠤᠯᠵᠤ ᠳ᠋ᠧ᠃ ᠮᠠᠳᠠᠯᠭᠡ ᠶᠢ ᠰᠤᠷᠭᠠᠭᠤᠯᠢ ᠠᠴᠠ ᠪᠠᠭᠰᠢ ᠠᠴᠠ ᠰᠤᠷᠤᠨ᠎ᠠ᠃ ︽ᠭᠡᠭᠡᠷ᠎ᠡ ᠶᠢᠨ ᠭᠠᠯᠠᠭᠤ ᠨᠢᠰᠤᠭᠡᠳ ᠭᠦᠷᠭᠦ | ᠦᠭᠡᠢ ᠭᠠᠵᠠᠷ ᠠᠴᠠ ᠭᠦᠮᠦᠨ ᠤ ᠭᠦᠦ ᠡᠷᠳᠠᠨᠢ ᠡᠪᠦᠷᠳᠤᠯᠠᠵᠤ ᠢᠷᠡᠨ᠎ᠠ︾ ᠭᠡᠳᠡᠭ᠃ ᠨᠤᠮ ᠳᠤ ᠮᠦᠷᠭᠦᠮᠦ᠂ | ᠪᠠᠭᠰᠢ ᠳᠤᠷ ᠰᠦᠭᠦᠳᠤᠮᠤ᠃ | ᠡᠨᠡ ᠡᠳᠦᠷ ᠤᠳ ᠲᠤ ᠰᠢᠨ᠎ᠠ ᠲᠢᠳᠢᠮᠯᠢᠭ ᠸᠢᠷᠦ᠋ᠰ ᠭᠡᠳᠡᠭ ᠬᠢᠵᠢᠭ ᠲᠡᠯᠡᠭᠡᠢ ᠪᠠᠷ ᠨᠢᠭᠡ ᠲᠠᠷᠬᠠᠵᠤ᠂ ᠭᠦᠮᠦᠨ | ᠲᠦᠷᠤᠯᠬᠢᠳᠠᠨ ᠢ ᠶᠤᠰᠤᠳᠠᠢ ᠵᠢᠵᠢᠭᠷᠡᠭᠦᠯᠵᠦ ᠪᠠᠶᠢᠨ᠎ᠠ᠂ ᠠᠷᠭ᠎ᠠ ᠠᠯᠳᠠᠷᠠᠭᠤᠯᠵᠤ ᠪᠠᠶᠢᠨ᠎ᠠ᠃ ᠡᠨᠡ ᠪᠦᠭᠦᠨ ᠪᠢᠳᠠᠨ ᠳᠤ | ᠨᠢᠭᠡ ᠵᠦᠢᠯ ᠢ ᠰᠠᠨᠠᠭᠤᠯᠵᠤ ᠪᠠᠶᠢᠭ᠎ᠠ ᠪᠤᠰᠤ ᠤᠤ︖ ᠡᠭᠡ ᠨᠤᠳᠤᠭᠴᠢ ᠦᠵᠡᠯ᠂ ᠦᠨᠳᠤᠰᠤᠳᠠᠨ ᠤ ᠰᠤᠶᠤᠯ ᠤᠷᠠᠯᠢᠬ᠂ | ᠱᠠᠰᠢᠨ ᠰᠢᠳᠦᠯᠭᠡ᠂ ᠪᠦᠭᠡ᠂ ᠮᠤᠷᠢ᠂ ᠳᠠᠭᠤᠤ ᠰᠢᠯᠦᠭ ᠠᠴᠠ ᠪᠠᠨ ᠪᠢᠳᠠ ᠵᠢᠭᠠᠬᠠᠨ ᠴᠦ ᠭᠡᠰᠡᠨ ᠲᠠᠳᠠᠭᠠᠯᠵᠠᠵᠤ | ᠪᠠᠶᠢᠭᠠᠯᠢ ᠶᠢᠨ ᠰᠢᠨᠵᠢᠯᠠᠭᠦ ᠤᠬᠠᠭᠠᠨ ᠳᠤ ᠭᠦᠮᠦᠨ ᠢᠶᠠᠨ᠂ ᠭᠡᠤᠭᠡᠳ ᠢᠶᠠᠨ ᠪᠠᠯᠠᠳ ᠭᠡᠳᠡᠭ ᠤᠨ ᠬᠠᠳᠠᠭᠤ ᠵᠦᠪᠯᠡᠯᠭᠡ᠂ | ᠬᠠᠯᠠ ᠲᠠᠢ ᠰᠢᠢᠳᠭᠡᠯ ᠪᠤᠯᠵᠤ ᠪᠠᠶᠢᠨ᠎ᠠ ᠭᠡᠵᠦ ᠪᠢ ᠪᠤᠳᠤᠵᠤ ᠰᠠᠭᠤᠨᠠᠮ ᠁ | ᠴᠤᠮᠬᠠᠨ ᠡᠷᠬᠢᠴᠡᠭᠦᠯᠦᠯ ᠪᠢᠴᠢᠵᠤ ᠢᠷᠡᠭᠦᠯᠭᠦ ᠲᠠᠭᠠᠭᠠᠯᠭᠠᠪᠤᠷᠢ ᠴᠦᠢᠵᠢ ᠪᠠᠭᠰᠢ ᠠᠴᠠ ᠢᠷᠡᠭᠰᠡᠨ᠃ ᠴᠦᠢᠵᠢ | ᠪᠠᠭᠰᠢ ᠶᠢᠨ ᠬᠢᠴᠢᠶᠡᠯ ᠢ ᠪᠢ ᠰᠤᠨᠤᠰᠴᠤ ᠪᠠᠶᠢᠭ᠎ᠠ ᠦᠭᠡᠢ᠂ ᠭᠡᠰᠡᠨ ᠭᠡᠳᠤᠢ ᠴᠦ ᠮᠢᠨᠦ ᠮᠠᠳᠠᠭᠦ ᠴᠦᠢᠵᠢ ᠪᠠᠭᠰᠢ ᠨᠤᠮ | ᠶᠡᠭᠡ ᠤᠡᠭᠰᠢᠳᠠᠬ᠂ ᠤᠯᠠᠨ ᠴᠢᠭᠯᠡᠯ ᠤᠨ ᠤᠷᠤᠯᠳᠤᠯᠭ᠎ᠠ ᠲᠠᠢ᠂ ᠨᠢᠬᠠᠭᠤᠷ ᠴᠢᠮᠪᠠᠢ ᠵᠤᠷᠢᠭᠰᠠᠨ ᠳᠤ ᠪᠠᠨ ᠭᠦᠷᠭᠦ ᠪᠠᠷ | ᠤᠢᠢᠭ᠎ᠠ ᠦᠭᠡᠢ ᠵᠢᠳᠭᠦᠳᠡᠭ ᠶᠡᠭᠡ ᠭᠦᠳᠠᠯᠮᠤᠷᠢᠴᠢ ᠠᠬᠠᠮᠠᠳ ᠶᠤᠮ ᠪᠢᠯᠡ᠃ ᠲᠠᠯ᠎ᠠ ᠲᠦᠭᠦᠵᠦ ᠶᠠᠪᠤᠭ᠎ᠠ | ᠨᠠᠰᠤᠨ ᠳᠤ ᠪᠠᠨ ᠬᠤᠨᠭ᠍ᠭᠤᠷ ᠤᠨ ᠰᠤᠷᠭᠠᠨ ᠭᠦᠮᠦᠵᠢᠯ ᠤᠨ ᠭᠦᠭᠵᠢᠯ ᠤᠨ ᠲᠡᠦᠭᠡᠨ ᠵᠠᠮᠨᠠᠯ ᠢ ᠬᠤᠶᠢᠴᠢᠰ ᠲᠤ ᠪᠠᠨ | ᠲᠠᠮᠳᠡᠭᠯᠡᠨ ᠦᠯᠠᠳᠡᠭᠡᠭᠦ ᠪᠠᠷ ᠮᠠᠷᠠᠶᠢᠵᠤ ᠶᠠᠪᠤᠭ᠎ᠠ ᠶᠢ ᠨᠢ ᠭᠦᠨᠳᠤᠳᠭᠡᠨ ᠦᠨᠠᠯᠠᠨᠠᠮ᠃ ᠴᠦᠢᠵᠢ ᠪᠠᠭᠰᠢ ᠪᠢᠳᠠᠨ ᠤ | ᠳᠠᠭᠤᠷᠢᠶᠠᠯ᠂ ᠲᠠᠭᠤᠷᠢᠶᠠᠯ ᠤᠨ ᠭᠦᠴᠦᠨ ᠬᠢᠵᠠᠭᠠᠯᠠᠰᠢ ᠦᠭᠡᠢ ᠭᠡᠵᠦ ᠪᠢᠳᠠ ᠶᠡᠭᠡ ᠶᠠᠷᠢᠳᠠᠬ ᠪᠠᠶᠢᠭᠰᠠᠨ᠃ ᠶᠠᠭᠤ | ᠦᠨᠡᠨ᠂ ᠡᠨᠡ ᠦᠨᠡᠨ᠃ | ᠪᠠᠶᠠᠨᠪᠤᠯᠠᠬ ᠪᠠᠭ᠎ᠠ ᠰᠤᠷᠭᠠᠭᠤᠯᠢ ᠮᠢᠨᠢ ᠢᠷᠡᠭᠡᠳᠤᠢ ᠶᠢᠨ ᠨᠢᠭᠡᠨ ᠡᠳᠦᠷ ᠰᠠᠷᠭᠦᠭᠡᠭᠳᠡᠨ ᠪᠠᠶᠢᠭᠤᠯᠤᠭᠳᠠᠵᠤ᠂ | ᠨᠤᠮ ᠤᠨ ᠳᠠᠭᠤ᠂ ᠭᠡᠤᠭᠡᠳ ᠤᠨ ᠳᠠᠭᠤᠨ ᠠᠶᠢᠯ ᠳᠤ ᠮᠢᠨᠢ ᠴᠢᠩᠬᠢᠨᠠᠨ ᠴᠢᠩᠬᠢᠨᠠᠵᠤ᠂ ᠬᠤᠨᠭ᠍ᠭᠤᠷ ᠤᠨ ᠲᠠᠯ᠎ᠠ ᠲᠠᠷᠠ | ᠴᠢᠭ ᠲᠤ ᠪᠠᠨ ᠡᠷᠳᠠᠮ ᠤᠨ ᠰᠢᠨ᠎ᠠ ᠰᠠᠯᠬᠢ ᠪᠠᠷ ᠢᠯᠪᠢᠭᠦᠯᠦᠨ ᠢᠯᠪᠢᠭᠦᠯᠦᠨ ᠴᠡᠩᠭᠡᠨ᠎ᠡ ᠭᠡᠳᠡᠭ ᠲᠤ ᠪᠢ ᠪᠠᠳᠤ | ᠢᠳᠡᠭᠡᠨᠡᠮ᠃ | ᠶᠠᠬ ᠤᠳᠤ ᠪᠠᠶᠠᠨᠪᠤᠯᠠᠬ ᠪᠠᠭ᠎ᠠ ᠰᠤᠷᠭᠠᠭᠤᠯᠢ ᠮᠢᠨᠢ ᠠᠯᠠᠭ᠎ᠠ ᠪᠠᠶᠢᠨ᠎ᠠ᠃ ᠭᠡᠭᠦ ᠳᠤ ᠪᠠᠨ ᠬᠢᠴᠢᠶᠡᠯ ᠤᠨ | ᠭᠡᠷ ᠤᠨ ᠬᠠᠨᠠᠨ ᠳᠡᠭᠡᠷ᠎ᠡ ᠬᠠᠳᠠᠭᠠᠰᠤᠳᠠᠢ ᠪᠠᠶᠢᠭᠰᠠᠨ ︽ᠰᠠᠶᠢᠳᠤᠷ ᠰᠤᠷᠤᠯᠴᠠᠵᠤ᠂ ᠡᠳᠤᠷ ᠡᠳᠦᠷ ᠠᠴᠠ ᠦᠭᠡᠳᠠᠯᠠ︕︾ | ᠭᠡᠭᠦ ᠡᠨᠡ ᠪᠢᠴᠢᠭᠡᠰᠤ ᠲᠤᠪ ᠲᠤᠳᠤᠬᠠᠨ ᠰᠡᠳᠬᠢᠯ ᠳᠤ ᠪᠠᠶᠢᠭᠰᠠᠭᠠᠷ ᠪᠠᠶᠢᠨ᠎ᠠ᠂ ᠪᠠᠶᠢᠭᠰᠠᠭᠠᠷ ᠴᠦ ᠪᠠᠶᠢᠬᠤ | ᠪᠤᠯᠤᠨ᠎ᠠ ᠁ | ᠲᠠᠰᠬᠠᠯ ᠢᠶᠠᠨ ᠬᠢᠵᠤ ᠲᠠᠭᠤᠰᠤᠯ᠎ᠠ᠂ ᠤᠳᠤ ᠮᠦᠮᠦ ᠳᠤ ᠪᠠᠨ ᠴᠦᠢᠵᠢ ᠪᠠᠭᠰᠢ ᠳᠤ ᠪᠠᠨ ᠲᠤᠰᠢᠶᠠᠨ᠎ᠠ ᠪᠢ᠃ | | | 2020 ᠤᠨ ᠤ 3 ᠰᠠᠷ᠎ᠠ ᠶᠢᠨ 22 ᠤ ᠡᠳᠦᠷ | ᠪᠡᠭᠡᠵᠢᠩ ᠬᠤᠳᠠᠨ᠎ᠠ | ︵ᠡᠾᠦ᠋ᠩ ᠮᠸᠢ ᠨᠠᠶᠢᠷᠠᠭᠤᠯᠪᠠ︶ | 2020 ᠣᠨ ᠤ 6 ᠳ᠋ᠤᠭᠠᠷ ᠬᠤᠭᠤᠴᠠᠭ᠎ᠠ | | |