| ᠲᠠᠩ ᠴᠠᠩ ᠾᠧ | | | ᠠᠷᠠᠳ ᠤᠨ ᠪᠠᠭᠰᠢ ᠪᠤᠯᠤᠭᠠᠳ 20 ᠵᠢᠯ ᠤᠨ ᠨᠢᠭᠤᠷ ᠢ ᠦᠵᠡᠵᠦ ᠪᠠᠶᠢᠭ᠎ᠠ ᠮᠢᠨᠤ ᠬᠤᠪᠢ ᠳᠤ 15 ᠵᠢᠯ | ᠠᠩᠭᠢ ᠡᠷᠬᠢᠯᠡᠵᠦ᠂ ᠠᠶᠢᠯ ᠤᠨ ᠬᠡᠤᠬᠡᠳ ᠢ ᠦᠪᠡᠷ ᠤᠨ ᠭᠡᠤᠭᠡᠳ ᠠᠴᠠ ᠪᠠᠨ ᠢᠯᠡᠭᠦᠦ ᠪᠤᠳᠤᠨ᠂ ᠠᠷᠤ ᠭᠡᠷ᠂ | ᠰᠠᠳᠤᠨ ᠲᠦᠷᠦᠯ ᠢᠶᠠᠨ ᠭᠤᠮᠤᠳᠠᠭᠠᠵᠤ ᠶᠠᠪᠤᠭᠰᠠᠨ ᠴᠤ ᠤᠳᠠᠭ᠎ᠠ ᠲᠠᠢ᠃ ᠭᠡᠪᠡᠴᠦ ᠠᠩᠭᠢ ᠶᠢᠨ ᠪᠠᠭᠰᠢ ᠶᠢᠨ | ᠬᠤᠪᠢ ᠠᠴᠠ ᠳᠡᠭᠳᠡᠭᠡᠬᠡᠢ ᠮᠡᠲᠦ ᠬᠦᠭᠡᠷᠦᠬᠦᠨ ᠰᠤᠷᠤᠭᠴᠢ ᠪᠠᠨ ᠦᠵᠡᠬᠦ ᠪᠦᠷᠢ᠂ ᠶᠡᠭᠡ ᠰᠤᠷᠭᠠᠭᠤᠯᠢ ᠳᠤ ᠪᠠᠨ | ᠮᠠᠷᠠᠶᠢᠨ ᠴᠢᠷᠮᠠᠶᠢᠨ ᠰᠤᠷᠤᠯᠴᠠᠵᠤ ᠪᠠᠶᠢᠭ᠎ᠠ ᠶᠢ ᠰᠤᠨᠤᠰᠬᠤ ᠪᠦᠷᠢ᠂ ᠠᠵᠢᠯ ᠤᠨ ᠪᠠᠶᠢᠷᠢᠨ ᠳᠤ ᠪᠠᠨ ᠭᠢᠯᠠᠷᠠᠭᠤᠯᠵᠤ | ᠪᠠᠶᠢᠬᠤ ᠶᠢ ᠨᠢ ᠲᠤᠭᠤᠯᠬᠤ ᠪᠤᠯᠭᠠᠨ ᠴᠢᠷᠮᠠᠶᠢᠭᠰᠠᠨ ᠮᠢᠨᠢ ᠲᠠᠯᠠᠭᠠᠷ ᠪᠤᠯᠤᠭᠰᠠᠨ ᠦᠭᠡᠢ ᠭᠡᠬᠦ ᠪᠤᠳᠤᠯ ᠪᠦᠬᠦ ᠪᠡᠶ᠎ᠡ ᠶᠢ | ᠳᠤᠯᠠᠭᠠᠯᠠᠵᠤ᠂ ᠰᠡᠳᠭᠢᠯ ᠬᠠᠩᠬᠤᠯᠤᠭᠤᠨ ᠲᠠᠭᠠᠯᠠᠮᠵᠢᠲᠠᠢ ᠪᠤᠯᠳᠠᠭ᠃ | ᠴᠢᠷᠮᠠᠶᠢᠯᠭ᠎ᠠ ᠬᠦᠮᠦᠨ ᠢ ᠭᠤᠮᠤᠳᠠᠭᠠᠬᠤ ᠦᠭᠡᠢ ᠭᠡᠳᠡᠭ ᠢᠶᠠᠷ᠂ ᠬᠦᠴᠦ ᠬᠦᠯᠦᠰᠦ ᠪᠠᠨ ᠤᠷᠤᠰᠬᠠᠨ ᠤᠶᠤᠨ | ᠤᠬᠠᠭᠠᠨ ᠢᠶᠠᠨ ᠰᠢᠪᠬᠠᠨ ᠬᠠᠶᠢᠷ᠎ᠠ ᠰᠡᠳᠭᠢᠯ ᠢᠶᠠᠨ ᠵᠤᠷᠢᠭᠤᠯᠤᠭᠰᠠᠨ ᠠᠴᠠ᠂ ᠰᠤᠷᠭᠠᠭᠤᠯᠢ ᠶᠢᠨ᠂ ᠬᠤᠰᠢᠭᠤᠨ ᠤ᠂ | ᠬᠤᠳᠠ ᠶᠢᠨ ᠲᠡᠰ ᠤᠨ ᠶᠡᠭᠡ ᠪᠠᠭ᠎ᠠ ᠱᠠᠩᠨᠠᠯ ᠢ ᠤᠯᠠᠨᠲᠠ ᠲᠤᠰᠴᠤ᠂ ᠨᠡᠶᠢᠲᠡ ᠤᠯᠠᠨ ᠳᠤ ᠪᠠᠨ ᠮᠡᠳᠡᠷᠡᠭᠳᠡᠵᠤ ᠶᠠᠪᠤᠯ᠎ᠠ᠃ | ᠡᠶᠢᠨ ᠭᠦ ᠤᠯᠤᠯᠳᠠ ᠲᠤᠷᠰᠢᠯᠭ᠎ᠠ ᠭᠡᠮᠠᠷ ᠵᠦᠢᠯᠠᠰ ᠢᠶᠠᠨ ᠡ᠊ᠨᠳᠠ ᠰᠠᠶᠢᠷᠠᠭᠦᠯᠪᠡ᠃ | 1. ᠦᠵᠡᠯ ᠪᠤᠳᠤᠯ ᠢᠶᠠᠨ ᠲᠦᠪ ᠪᠤᠯᠭᠠᠨ᠂ ᠤᠯᠵᠤ ᠠᠯᠳᠠᠬᠤ ᠶᠢ ᠬᠦᠭᠡᠭᠡᠴᠡᠯᠳᠦᠬᠦ ᠦᠭᠡᠢ ᠪᠠᠶᠢᠬᠤ | ᠬᠡᠷᠡᠭᠲᠡᠢ᠃ | ᠠᠩᠭᠢ ᠶᠢᠨ ᠪᠠᠭᠰᠢ ᠶᠢᠨ ᠬᠤᠪᠢ ᠳᠤ᠂ ᠰᠤᠷᠭᠠᠭᠤᠯᠢ ᠳᠠᠭᠠᠨ ᠪᠤᠯ ᠰᠤᠷᠤᠭᠴᠢ ᠶᠢᠨ ᠡᠴᠢᠭᠡ ᠡᠬᠡ ᠲᠠᠢ ᠡᠭᠡᠭᠡ | ᠠᠳᠠᠯᠢᠬᠠᠨ᠃ ᠭᠡᠷ ᠤᠨ ᠠᠬᠠᠮᠠᠳ ᠠᠴᠠ ᠭᠠᠭᠴᠠ ᠨᠢᠭᠡ ᠬᠡᠤᠬᠡᠳ ᠢᠶᠠᠨ ᠬᠠᠮᠢᠶᠠᠷᠴᠤ ᠲᠠᠶᠢᠯᠭᠦ ᠦᠭᠡᠢ ᠴᠠᠭ ᠲᠤ᠂ | 30~40 ᠬᠡᠤᠬᠡᠳ ᠢ ᠬᠦᠨᠵᠡᠭᠡᠢ ᠨᠠᠷᠢᠯᠢᠬ ᠤᠶᠢᠯᠠᠭᠠᠵᠤ᠂ ᠦᠵᠡᠯ ᠰᠠᠨᠠᠭ᠎ᠠ᠂ ᠰᠤᠷᠤᠯᠭ᠎ᠠ ᠠᠮᠢᠳᠤᠷᠠᠯ ᠤᠨ | ᠲᠠᠯ᠎ᠠ ᠪᠠᠷ ᠰᠠᠶᠢᠨ ᠵᠢᠯᠤᠭᠤᠳᠤᠯᠭ᠎ᠠ ᠬᠢᠨ᠎ᠡ ᠭᠡᠳᠡᠭ ᠴᠢᠨᠢ ᠦᠨᠡᠨ ᠳᠡᠭᠡᠨ ᠲᠦᠪᠡᠭ ᠠᠴᠠ ᠲᠦᠪᠡᠭ ᠠᠵᠢᠯ᠃ | ᠠᠵᠢᠯ ᠤᠨ ᠬᠦᠨᠳᠦ ᠠᠴᠠ ᠠᠶᠤᠬᠤ᠂ ᠬᠠᠰᠢ ᠶᠠᠰᠢ ᠠᠯᠪᠠ ᠬᠠᠰᠢᠬᠤ᠂ ᠠᠯᠳᠠᠵᠤ ᠤᠨᠤᠬᠤ ᠳᠠᠩᠰᠠ ᠲᠤᠭᠠᠴᠠᠬᠤ ᠨᠢ | ᠠᠩᠭᠢ ᠶᠢᠨ ᠪᠠᠭᠰᠢ ᠶᠢᠨ ᠠᠵᠢᠯ ᠤᠨ ᠴᠢᠨᠡᠷ ᠴᠢᠨᠰᠠᠭ᠎ᠠ ᠶᠢ ᠬᠦᠨᠳᠦ ᠨᠤᠴᠢᠲᠠᠢ ᠨᠦᠯᠦᠭᠡᠯᠡᠨ᠂ ᠠᠵᠢᠯ ᠤᠨ ᠤᠷᠮᠠᠰᠢᠯ ᠢ | ᠬᠤᠭᠤᠷᠠᠭᠤᠯᠵᠤ᠂ ᠪᠠᠭᠰᠢ ᠶᠢᠨ ᠠᠵᠢᠯ ᠨᠢ ᠵᠦᠪᠬᠡᠨ ᠨᠢᠭᠡ ᠵᠦᠢᠯ ᠤᠨ ᠠᠮᠢᠳᠤᠷᠠᠬᠤ ᠶᠢᠨ ᠠᠷᠭ᠎ᠠ᠂ ᠠᠵᠤ | ᠠᠬᠤᠢ ᠶᠢᠨ ᠢᠷᠡᠯᠳᠡ ᠪᠤᠯᠵᠤ ᠬᠤᠪᠢᠷᠠᠬᠤ ᠠᠴᠠ ᠪᠤᠯᠵᠤ᠂ ᠠᠵᠢᠯ ᠤᠨ ᠤᠷᠮ᠎ᠠ ᠪᠠᠭᠤᠷᠠᠵᠤ᠂ ᠡᠩᠨᠡᠭᠡ ᠠᠴᠠ ᠪᠠᠨ | ᠬᠠᠶᠠᠭᠳᠠᠬᠤ ᠬᠡᠮᠵᠢᠶ᠎ᠡ ᠬᠦᠷᠦᠨ᠎ᠡ᠃ ᠡᠶᠢᠮᠦ ᠠᠴᠠ ᠠᠩᠭᠢ ᠬᠠᠮᠢᠶᠠᠷᠬᠤ ᠠᠴᠠ ᠡᠮᠦᠨ᠎ᠡ ᠡᠳᠡᠭᠡᠷ ᠢ ᠪᠤᠳᠤᠯᠬᠢᠯᠠᠪᠠᠯ᠂ | ᠬᠦᠴᠢᠷ ᠪᠡᠷᠬᠡ ᠶᠢᠨ ᠳᠤᠮᠳᠠ ᠦᠵᠡᠯ ᠰᠠᠨᠠᠭ᠎ᠠ ᠭᠤᠶᠢᠪᠢᠬᠤ ᠦᠭᠡᠢ᠂ ᠬᠠᠷᠢᠭᠤᠴᠠᠯᠭ᠎ᠠ ᠠᠯᠳᠠᠬᠤ ᠦᠭᠡᠢ᠂ | ᠰᠤᠷᠭᠠᠭᠤᠯᠢ ᠪᠠ ᠰᠤᠷᠤᠭᠴᠢ ᠶᠢᠨ ᠭᠡᠷ ᠤᠨ ᠠᠬᠠᠮᠠᠳ ᠤᠨ ᠬᠦᠰᠡᠯ ᠨᠠᠶᠢᠳᠠᠯᠭ᠎ᠠ ᠶᠢ ᠬᠦᠰᠡᠷᠳᠡᠭᠦᠯᠬᠦ ᠦᠭᠡᠢ᠂ | ᠦᠪᠡᠷ ᠤᠨ ᠪᠡᠶ᠎ᠡ ᠳᠡᠭᠡᠨ ᠤᠰᠤᠯᠳᠠᠬᠤ ᠦᠭᠡᠢ ᠪᠤᠯᠤᠨ᠎ᠠ᠃ ᠡᠶᠢᠮᠦ ᠠᠴᠠ ︽ᠪᠠᠭᠰᠢ ᠬᠦᠮᠦᠨ ᠳᠤ ᠯᠠ ᠶᠢᠨ ᠵᠤᠷᠢᠭ | ᠰᠠᠨᠠᠭ᠎ᠠ ᠪᠠᠶᠢᠬᠤ ᠬᠡᠷᠡᠭᠲᠡᠢ︾ ᠭᠡᠳᠡᠭ ᠨᠢ ᠵᠤᠬᠢᠬᠤ ᠭᠡᠮᠵᠢᠶᠡᠨ ᠳᠤ ᠵᠦᠢ ᠶᠤᠰᠤ ᠲᠠᠢ ᠪᠢᠯᠠ᠃ | 2. ᠰᠤᠷᠤᠭᠴᠢ ᠪᠠᠨ ᠤᠶᠢᠯᠠᠭᠠᠬᠤ ᠶᠢᠨ ᠬᠠᠮᠲᠤ ᠲᠡᠳᠡᠨ ᠤ ᠭᠡᠷ ᠪᠦᠯᠢ ᠶᠢᠨ ᠪᠠᠶᠢᠳᠠᠯ ᠢ ᠨᠢ ᠭᠦᠨᠵᠡᠭᠡᠢ | ᠤᠶᠢᠯᠠᠭᠠᠬᠤ ᠪᠤᠯ ᠵᠦᠪ ᠵᠢᠯᠤᠭᠤᠳᠤᠯᠭ᠎ᠠ ᠬᠢᠬᠦ ᠶᠢᠨ ᠤᠷᠢᠳᠠᠯ ᠰᠠᠭᠤᠷᠢ ᠪᠤᠯᠤᠨ᠎ᠠ᠃ | ᠠᠩᠭᠢ ᠶᠢᠨ ᠪᠠᠭᠰᠢ ᠶᠢᠨ ᠭᠤᠤᠯ ᠠᠵᠢᠯ ᠨᠢ ᠰᠤᠷᠤᠭᠴᠢᠳ ᠲᠤ ᠦᠵᠡᠯ ᠰᠠᠨᠠᠭ᠎ᠠ᠂ ᠰᠡᠳᠭᠢᠴᠡ᠂ | ᠰᠤᠷᠤᠯᠴᠠᠬᠤ ᠠᠷᠭ᠎ᠠ ᠶᠢᠨ ᠵᠢᠯᠤᠭᠤᠳᠤᠯᠭ᠎ᠠ ᠬᠢᠬᠦ ᠶᠢᠨ ᠬᠠᠮᠲᠤ ᠰᠤᠷᠤᠭᠴᠢ ᠶᠢᠨ ᠬᠤᠭᠤᠷᠤᠨᠳᠤᠬᠢ ᠵᠦᠷᠢᠴᠡᠯ ᠢ | ᠰᠢᠢᠳᠪᠦᠷᠢᠯᠡᠬᠦ ᠮᠡᠲᠦ ᠶᠢᠨ ᠤᠯᠠᠨ ᠠᠷᠪᠢᠨ ᠦᠵᠡᠯ ᠰᠠᠨᠠᠭᠠᠨ ᠤ ᠰᠤᠯᠢᠯᠴᠠᠭ᠎ᠠ᠂ ᠶᠠᠷᠢᠯᠴᠠᠭ᠎ᠠ ᠪᠠᠶᠢᠳᠠᠭ᠂ ᠨᠡᠩ | ᠢᠯᠠᠩᠭᠤᠶ᠎ᠠ ᠦᠵᠡᠯ ᠰᠠᠨᠠᠭ᠎ᠠ ᠦᠢᠯᠡ ᠠᠵᠢᠯᠯᠠᠭ᠎ᠠ ᠳᠡᠭᠡᠷ᠎ᠡ ᠪᠠᠨ ᠠᠰᠠᠭᠤᠳᠠᠯ ᠲᠠᠢ ᠰᠤᠷᠤᠭᠴᠢ ᠲᠠᠢ ᠶᠠᠷᠢᠯᠴᠠᠭ᠎ᠠ | ᠬᠢᠬᠦ ᠨᠢ ᠲᠤᠩ ᠠᠷᠪᠢᠨ᠃ ᠭᠡᠳᠡᠯ᠎ᠡ ᠤᠯᠠᠩᠬᠢ ᠵᠠᠯᠠᠭᠤ ᠪᠠᠭᠰᠢ ᠰᠤᠷᠤᠭᠴᠢᠳ ᠲᠠᠢ ᠬᠡᠴᠢᠨᠡᠨ ᠶᠠᠷᠢᠯᠴᠠᠭᠰᠠᠨ ᠴᠦ | ᠦᠷ᠎ᠡ ᠠᠰᠢᠭ ᠨᠢ ᠪᠠᠭ᠎ᠠ᠂ ᠴᠢᠨᠠᠭᠰᠢᠯᠠᠨ ᠪᠠᠭᠰᠢ ᠰᠤᠷᠤᠭᠴᠢ ᠶᠢᠨ ᠵᠦᠷᠢᠴᠡᠯ ᠬᠤᠷᠴᠠᠳᠴᠤ᠂ ᠬᠤᠶᠠᠷ ᠡᠳᠡᠭᠡᠳ ᠤᠨ | ᠬᠠᠷᠢᠴᠠᠭ᠎ᠠ ᠠᠨᠠᠢ ᠪᠤᠯᠬᠤ ᠦᠵᠡᠭᠳᠡᠯ ᠴᠦ ᠪᠠᠶᠢᠨ᠎ᠠ᠃ ᠡᠭᠦᠨ ᠤ ᠭᠤᠤᠯ ᠰᠢᠯᠲᠠᠭᠠᠨ ᠨᠢ ᠪᠠᠭᠰᠢ ᠠᠴᠠ ᠰᠤᠷᠤᠭᠴᠢ ᠶᠢᠨ | ᠲᠤᠰ ᠬᠦᠮᠦᠨ ᠵᠢᠴᠢ ᠭᠡᠷ ᠪᠦᠯᠢ ᠶᠢᠨ ᠪᠠᠶᠢᠳᠠᠯ ᠳᠤ ᠭᠦᠨᠵᠡᠭᠡᠢ ᠤᠶᠢᠯᠠᠭᠠᠯᠳᠠ ᠬᠢᠭᠰᠡᠨ ᠦᠭᠡᠢ᠂ ᠤᠴᠢᠷ | ᠶᠠᠪᠤᠳᠠᠯ ᠤᠨ ᠵᠢᠩᠭᠢᠨᠢ ᠰᠢᠯᠲᠠᠭᠠᠨ ᠢ ᠨᠢ ᠮᠡᠳᠡᠬᠦ ᠦᠭᠡᠢ᠂ ᠤᠶᠢᠯᠠᠭᠠᠬᠤ ᠦᠭᠡᠢ ᠪᠠᠶᠢᠳᠠᠯ ᠲᠤᠤᠷ᠎ᠠ᠂ ᠭᠠᠭᠴᠠ | ᠲᠠᠯ᠎ᠠ ᠠᠴᠠ ᠶᠠᠷᠢᠵᠤ ᠰᠢᠭᠦᠮᠵᠢᠯᠡᠭᠰᠡᠨ ᠠᠴᠠ ᠰᠤᠷᠤᠭᠴᠢ ᠶᠢᠨ ᠰᠡᠳᠭᠢᠯ ᠢ ᠬᠦᠳᠡᠯᠭᠡᠵᠤ ᠳᠡᠶᠢᠯᠬᠦ ᠦᠭᠡᠢ᠂ | ᠰᠤᠷᠤᠭᠴᠢᠳ ᠲᠤ ᠪᠢᠰᠢᠷᠡᠭᠳᠡᠬᠦ ᠦᠭᠡᠢ᠂ ᠰᠤᠷᠤᠭᠴᠢᠳ ᠲᠤ ᠲᠠᠭᠠᠰᠢᠶᠠᠭᠳᠠᠬᠤ ᠦᠭᠡᠢ᠂ ᠡᠰᠡᠷᠭᠦ ᠪᠠᠷ ᠬᠠᠷᠢᠨ | ᠰᠤᠷᠤᠭᠴᠢ ᠶᠢᠨ ᠰᠡᠳᠭᠢᠯ ᠢ ᠭᠦᠨᠳᠠᠵᠤ᠂ ᠡᠴᠦᠰ ᠲᠤ ᠪᠠᠨ ᠪᠠᠭᠰᠢ ᠶᠢᠨ ᠦᠭᠡ ᠶᠢ ᠠᠪᠬᠤ ᠦᠭᠡᠢ ᠪᠤᠯᠵᠤ᠂ ᠨᠡᠩ | ᠴᠢᠨᠠᠭᠰᠢᠯᠠᠨ ᠡᠰᠡᠷᠭᠦᠴᠡᠯᠳᠦᠬᠦ ᠪᠠᠶᠢᠳᠠᠯ ᠢᠯᠡᠷᠡᠳᠡᠭ ᠪᠠᠶᠢᠨ᠎ᠠ᠃ ᠡᠶᠢᠮᠦ ᠠᠴᠠ ᠨᠢᠭᠡ ᠰᠤᠷᠤᠭᠴᠢ ᠲᠠᠢ ᠶᠠᠷᠢᠯᠴᠠᠭ᠎ᠠ | ᠬᠢᠬᠦ ᠠᠴᠠ ᠡᠮᠤᠨ᠎ᠡ ᠪᠡᠯᠡᠳᠭᠡᠯ ᠠᠵᠢᠯ ᠢᠶᠠᠨ ᠭᠦᠢᠴᠡᠳ ᠬᠢᠬᠦ ᠨᠢ ᠰᠤᠷᠤᠭᠴᠢ ᠲᠠᠢ ᠰᠡᠳᠭᠢᠯ ᠢᠶᠠᠨ ᠰᠤᠯᠢᠯᠴᠠᠨ | ᠪᠤᠳᠠᠳᠤ ᠠᠰᠠᠭᠤᠳᠠᠯ ᠢ ᠰᠢᠢᠳᠪᠦᠷᠢᠯᠡᠬᠦ ᠶᠢᠨ ᠤᠷᠢᠳᠠᠯ ᠪᠠ ᠰᠠᠭᠤᠷᠢ ᠪᠤᠯᠵᠤ ᠪᠠᠶᠢᠳᠠᠭ᠃ ᠠᠩᠭᠢ ᠶᠢᠨ ᠪᠠᠭᠰᠢ ᠶᠢᠨ | ᠬᠢᠷᠢ ᠲᠦᠪᠰᠢᠨ ᠶᠠᠮᠠᠷ ᠵᠡᠷᠭᠡ ᠪᠠᠶᠢᠬᠤ ᠨᠢ ᠰᠤᠷᠤᠭᠴᠢ ᠶᠢᠨ ᠰᠡᠳᠭᠢᠴᠡ ᠶᠢ ᠵᠠᠳᠠᠯᠵᠤ᠂ ᠰᠡᠳᠭᠢᠯ ᠤᠨ ᠰᠤᠯᠢᠯᠴᠠᠭ᠎ᠠ | ᠬᠢᠵᠦ ᠲᠡᠶᠢᠯᠬᠦ ᠡᠰᠡᠬᠦ ᠲᠠᠢ ᠰᠢᠭᠤᠳ ᠬᠤᠯᠪᠤᠭᠠᠲᠠᠢ ᠪᠠᠶᠢᠳᠠᠭ᠂ ᠡᠶᠢᠮᠦ ᠠᠴᠠ ᠪᠠᠭᠰᠢ ᠨᠠᠷ ᠢ ᠰᠡᠳᠭᠢᠴᠡ ᠶᠢᠨ | ᠵᠦᠪᠯᠡᠭᠴᠢ ᠶᠢᠨ ᠬᠢᠷᠢ ᠬᠡᠮ ᠲᠠᠢ ᠪᠤᠯᠬᠤ ᠶᠢ ᠱᠠᠭᠠᠷᠳᠠᠬᠤ ᠨᠢ ᠴᠦ ᠮᠠᠰᠢ ᠵᠦᠪ ᠤᠴᠢᠷ ᠪᠢᠯᠠ᠃ | 3. ᠪᠡᠶ᠎ᠡ ᠪᠠᠷ ᠢᠶᠠᠨ ᠳᠠᠭᠤᠷᠢᠶᠠᠯ ᠪᠤᠯᠵᠤ᠂ ᠬᠡᠯᠡᠬᠦ ᠬᠢᠬᠦ ᠪᠠᠨ ᠨᠢᠭᠡᠳᠭᠡᠨ᠂ ᠵᠦᠪ ᠳᠦᠷᠢ ᠳᠦᠷᠬᠦ ᠶᠢ | ᠪᠦᠷᠢᠯᠳᠦᠭᠦᠯᠦᠭᠰᠡᠨ ᠪᠠᠶᠢᠬᠤ ᠬᠡᠷᠡᠭᠲᠡᠢ᠃ | ᠰᠤᠷᠠᠭ ᠵᠠᠩᠬᠢ᠂ ᠲᠤᠤᠷ ᠰᠦᠯᠵᠢᠶ᠎ᠡ ᠬᠦᠭᠵᠢᠭᠰᠡᠨ ᠤᠳᠤ ᠴᠠᠭ ᠲᠤ᠂ ᠬᠡᠢ ᠬᠤᠭᠤᠰᠤᠨ᠂ ᠶᠡᠭᠡ ᠦᠭᠡ | ᠬᠡᠯᠡᠭᠡᠳ ᠪᠤᠰᠤᠳ ᠢ ᠪᠢᠰᠢᠷᠡᠭᠦᠯᠵᠦ ᠲᠡᠶᠢᠯᠬᠦ ᠪᠠᠨ ᠪᠤᠯᠢᠵᠠᠢ᠃ ᠬᠠᠷᠢᠨ ᠬᠡᠯᠡᠭᠰᠡᠨ ᠤ ᠳᠠᠷᠠᠭ᠎ᠠ ᠭᠡᠷᠬᠢᠨ ᠪᠡᠶᠡᠯᠡᠭᠦᠯᠵᠦ | ᠪᠠᠶᠢᠬᠤ ᠡᠰᠡᠬᠦ ᠶᠢ ᠦᠵᠡᠵᠦ ᠠᠩᠬᠠᠷᠬᠤ ᠮᠦᠷᠳᠡᠭᠡᠨ ᠦᠨᠡᠯᠡᠯᠳᠡ ᠬᠢᠬᠦ ᠶᠢ ᠴᠢᠬᠤᠯᠠᠴᠢᠯᠠᠬᠤ ᠬᠡᠷᠡᠭᠲᠡᠢ᠃ ᠡᠶᠢᠮᠦ ᠠᠴᠠ | ᠠᠩᠭᠢ ᠶᠢᠨ ᠪᠠᠭᠰᠢ ᠪᠤᠯᠤᠭᠰᠠᠨ ᠤ ᠬᠤᠪᠢ ᠳᠤ ︽ᠮᠡᠳᠡᠯᠭᠡ ᠭᠦᠨ ᠪᠤᠯᠪᠠᠰᠤ ᠪᠠᠭᠰᠢ᠂ ᠰᠤᠷᠲᠠᠯ ᠲᠦᠪ ᠪᠤᠯᠪᠠᠰᠤ | ᠳᠠᠭᠤᠷᠢᠶᠠᠯ︾ ᠭᠡᠳᠡᠭ ᠦᠭᠡ ᠶᠢ ᠪᠠᠳᠦ ᠴᠡᠭᠡᠵᠢᠯᠡᠵᠤ᠂ ᠰᠤᠷᠤᠯᠴᠠᠯᠭ᠎ᠠ ᠪᠠ ᠪᠤᠯᠪᠠᠰᠤᠷᠠᠯ ᠢ ᠬᠦᠨᠳᠦᠳᠭᠡᠨ᠂ ᠲᠤᠰᠬᠠᠢ | ᠮᠡᠷᠭᠡᠵᠢᠯ ᠪᠠ ᠮᠡᠳᠡᠯᠭᠡ ᠶᠢᠨ ᠬᠦᠷᠢᠶ᠎ᠡ ᠬᠡᠪᠴᠢᠶ᠎ᠡ᠂ ᠲᠠᠮᠢᠷ ᠤᠷᠠᠯᠢᠭ ᠵᠡᠷᠭᠡ ᠡᠯ᠎ᠠ ᠲᠠᠯ᠎ᠠ ᠪᠠᠷ ᠦᠪᠡᠷ ᠢ ᠪᠠᠨ | ᠲᠠᠰᠤᠷᠠᠯᠳᠠ ᠦᠭᠡᠢ ᠳᠡᠭᠡᠭᠰᠢᠯᠡᠭᠦᠯᠬᠦ ᠪᠠᠷ ᠪᠠᠷᠠᠬᠤ ᠦᠭᠡᠢ᠂ ᠬᠠᠮᠢᠶᠠᠷᠤᠯᠳᠠ ᠶᠢᠨ ᠬᠢᠷᠢ ᠲᠦᠪᠰᠢᠨ ᠢᠶᠠᠨ ᠲᠠᠰᠤᠷᠠᠯᠳᠠ | ᠦᠭᠡᠢ ᠲᠡᠭᠦᠯᠳᠡᠷᠵᠢᠭᠦᠯᠦᠨ᠂ ᠪᠤᠳᠠᠳᠤ ᠠᠵᠢᠯᠯᠠᠭ᠎ᠠ ᠪᠠᠷ ᠢᠶᠠᠨ ᠲᠦᠷᠢᠮ ᠦᠵᠡᠭᠦᠯᠵᠦ᠂ ᠬᠡᠯᠡᠬᠦ ᠬᠢᠬᠦ ᠪᠠᠨ ᠨᠢᠭᠡᠳᠦᠯᠲᠡᠢ | ᠪᠠᠶᠢᠯᠭᠠᠬᠤ ᠬᠡᠷᠡᠭᠲᠡᠢ᠃ ᠢᠩᠭᠢᠪᠡᠯ ᠰᠡᠶ᠋ᠢ ᠰᠤᠷᠤᠭᠴᠢ ᠶᠢᠨ ᠰᠡᠳᠭᠢᠯ ᠳᠤ ᠪᠠᠶᠢᠷᠢ ᠰᠠᠭᠤᠷᠢ ᠲᠠᠢ ᠪᠤᠯᠵᠤ᠂ | ᠰᠤᠷᠤᠭᠴᠢ ᠶᠢᠨ ᠪᠢᠰᠢᠷᠡᠯ ᠬᠦᠨᠳᠦᠳᠭᠡᠯ ᠲᠠᠢ ᠪᠠᠭᠰᠢ ᠪᠤᠯᠵᠤ ᠴᠢᠳᠠᠨ᠎ᠠ᠃ | 4. ᠰᠤᠷᠤᠭᠴᠢ ᠶᠢᠨ ᠨᠡᠷ᠎ᠡ ᠲᠦᠷᠦ ᠶᠢ ᠬᠠᠮᠠᠭᠠᠯᠠᠵᠤ᠂ ᠨᠢᠭᠤᠴᠠ ᠶᠢ ᠵᠠᠳᠠᠷᠠᠭᠤᠯᠬᠤ ᠦᠭᠡᠢ ᠪᠠᠶᠢᠬᠤ | ᠬᠡᠷᠡᠭᠲᠡᠢ᠃ | ᠶᠠᠮᠠᠷᠪᠠ ᠬᠦᠮᠦᠨ ᠴᠦ ᠪᠦᠷ ᠲᠡᠭᠦᠨ ᠤ ᠲᠠᠪᠠᠭᠤᠯᠢᠭ ᠲᠠᠯ᠎ᠠ ᠪᠠ ᠬᠦᠷᠦᠯᠴᠡᠬᠦ ᠦᠭᠡᠢ ᠲᠠᠯ᠎ᠠ ᠪᠠᠶᠢᠳᠠᠭ᠂ | ᠬᠦᠮᠦᠨ ᠪᠦᠬᠦᠨ ᠦᠪᠡᠷ ᠤᠨ ᠳᠠᠪᠠᠭᠤᠯᠢᠭ ᠲᠠᠯ᠎ᠠ ᠪᠠᠨ ᠪᠤᠰᠤᠳ ᠲᠤ ᠮᠡᠳᠡᠷᠡᠭᠳᠡᠵᠦ᠂ ᠬᠦᠷᠦᠯᠴᠡᠬᠦ ᠦᠭᠡᠢ ᠲᠠᠯ᠎ᠠ ᠪᠠᠨ | ᠮᠡᠳᠡᠭᠳᠡᠬᠦ ᠦᠭᠡᠢ ᠶᠢ ᠬᠢᠴᠢᠶᠡᠳᠡᠭ᠃ ᠡᠶᠢᠮᠦ ᠠᠴᠠ ᠰᠤᠷᠤᠭᠴᠢ ᠶᠢᠨ ᠬᠢᠭᠰᠡᠨ ᠪᠤᠷᠤᠭᠤ ᠶᠠᠪᠤᠳᠠᠯ ᠢ ᠰᠢᠢᠳᠪᠦᠷᠢᠯᠡᠬᠦ ᠳᠤ | ᠠᠪᠬᠤ ᠠᠷᠭ᠎ᠠ ᠠᠪᠴᠠᠯ ᠪᠠ ᠬᠡᠮᠵᠢᠶ᠎ᠡ ᠲᠤᠮᠵᠢᠶ᠎ᠠ ᠪᠠᠨ ᠲᠡᠩᠴᠡᠭᠦᠯᠵᠦ᠂ ᠬᠦᠮᠦᠨ ᠢ ᠬᠦᠮᠦᠵᠢᠭᠦᠯᠬᠦ ᠵᠠᠷᠴᠢᠮ ᠲᠤᠤᠷ᠎ᠠ | ᠰᠢᠢᠳᠪᠦᠷᠢᠯᠡᠭᠰᠡᠨ ᠪᠠᠶᠢᠬᠤ ᠬᠡᠷᠡᠭᠲᠡᠢ᠃ ᠬᠠᠷᠢᠨ ᠠᠩᠭᠢ ᠶᠢᠨ ᠬᠢᠨᠡᠨ ᠲᠤᠭᠠᠴᠠᠯᠳᠠ ᠠᠴᠠ ᠬᠤᠪᠢ ᠬᠠᠰᠤᠭᠤᠯᠤᠭᠰᠠᠨ | ᠪᠤᠶᠤ ᠪᠠᠭᠰᠢ ᠶᠢᠨ ᠨᠡᠷ᠎ᠡ ᠨᠢᠭᠤᠷ ᠢ ᠪᠠᠷᠠᠭᠰᠠᠨ ᠭᠡᠬᠦ ᠮᠡᠲᠦ ᠦᠩᠭᠡᠨ ᠲᠠᠯ᠎ᠠ ᠶᠢᠨ ᠵᠢᠵᠢᠭ ᠤᠴᠢᠷ ᠠᠴᠠ | ᠰᠤᠷᠤᠭᠴᠢ ᠶᠢ ᠶᠠᠯᠠᠯᠠᠬᠤ᠂ ᠬᠡᠲᠦ ᠰᠢᠭᠦᠮᠵᠢᠯᠡᠬᠦ ᠶᠢ ᠬᠢᠴᠢᠶᠡᠪᠡᠯ ᠵᠤᠬᠢᠰᠲᠠᠢ᠃ ᠨᠡᠩ ᠢᠯᠠᠩᠭᠤᠶ᠎ᠠ ᠬᠤᠯᠠᠭᠠᠢ ᠬᠢᠬᠦ ᠮᠡᠲᠦ | ᠰᠤᠷᠤᠭᠴᠢ ᠶᠢᠨ ᠨᠡᠷ᠎ᠡ ᠲᠦᠷᠦ ᠶᠢ ᠬᠦᠨᠳᠦ ᠨᠤᠴᠢᠲᠠᠢ ᠨᠦᠯᠦᠭᠡᠯᠡᠬᠦ ᠶᠠᠪᠤᠳᠠᠯ ᠢ ᠰᠢᠢᠳᠪᠦᠷᠢᠯᠡᠬᠦ ᠳᠤ ᠤᠴᠢᠷ | ᠶᠠᠪᠤᠳᠠᠯ ᠤᠨ ᠡᠭᠦᠰᠦᠯ ᠭᠠᠷᠤᠯ ᠵᠡᠷᠭᠡ ᠶᠢ ᠨᠠᠷᠢᠯᠢᠬ ᠤᠶᠢᠯᠠᠭᠠᠭᠰᠠᠨ ᠰᠠᠭᠤᠷᠢᠨ ᠳᠡᠭᠡᠷ᠎ᠡ ᠯᠠᠪᠳᠠᠭᠤᠨ ᠬᠢᠴᠢᠶᠡᠮᠵᠢᠲᠠᠢ | ᠰᠢᠢᠳᠪᠦᠷᠢᠯᠡᠨ᠂ ᠬᠠᠪᠰᠤᠷᠤᠮᠵᠢ ᠦᠭᠬᠦ ᠮᠦᠷᠲᠡᠭᠡᠨ ᠪᠤᠰᠤᠳ ᠲᠤ ᠮᠡᠳᠡᠭᠳᠡᠬᠦ ᠶᠢ ᠬᠢᠴᠢᠶᠡᠨ᠂ ᠨᠡᠷ᠎ᠡ ᠨᠢᠭᠤᠷ ᠢ ᠨᠢ | ᠬᠠᠮᠠᠭᠠᠯᠠᠵᠤ᠂ ᠬᠤᠵᠢᠮ ᠤᠨ ᠬᠦᠭᠵᠢᠯᠳᠡ ᠳᠤ ᠰᠠᠭᠠᠳ ᠪᠤᠯᠬᠤ ᠠᠴᠠ ᠬᠢᠴᠢᠶᠡᠨ᠎ᠡ᠃ ᠡᠶᠢᠮᠦᠷᠬᠦᠤ ᠬᠡᠤᠬᠡᠳ ᠨᠠᠰᠤᠨ | ᠲᠤᠷᠰᠢᠳᠠ ᠪᠠᠭᠰᠢ ᠶᠢᠨ ᠬᠦᠮᠦᠵᠢᠭᠦᠯᠦᠭᠰᠡᠨ ᠠᠴᠢ ᠶᠢ ᠪᠤᠳᠤᠵᠤ᠂ ᠲᠠᠯᠠᠷᠬᠠᠵᠤ ᠶᠠᠪᠤᠳᠠᠭ ᠤᠴᠢᠷ ᠲᠠᠢ᠃ | 5. ᠳᠦᠷᠢᠮ ᠲᠤᠭᠲᠠᠭᠠᠯ ᠢ ᠲᠤᠳᠤᠷᠬᠠᠢ ᠪᠤᠯᠭᠠᠨ᠂ ᠰᠤᠷᠤᠭᠴᠢ ᠪᠤᠯᠭᠠᠨ ᠳᠤ ᠠᠳᠠᠯᠢ ᠲᠡᠭᠰᠢ ᠪᠠᠷ | ᠬᠠᠨᠳᠤᠬᠤ ᠶᠢ ᠠᠩᠬᠠᠷᠤᠨ᠎ᠠ᠃ | ︽ᠰᠤᠷᠤᠯᠭ᠎ᠠ ᠰᠠᠶᠢᠨ ᠪᠤᠯ ᠰᠠᠶᠢᠨ ᠰᠤᠷᠤᠭᠴᠢ︾ ᠭᠡᠬᠦ ᠦᠨᠡᠯᠡᠯᠳᠡ ᠨᠢ ᠤᠳᠤ ᠴᠦ ᠶᠡᠭᠡ ᠬᠤᠪᠢᠷᠠᠯᠳᠠ ᠦᠭᠡᠢ᠃ | ᠭᠡᠲᠡᠯ᠎ᠡ ᠡᠨᠡ ᠭᠦ ᠦᠨᠡᠯᠡᠬᠦ ᠠᠷᠭ᠎ᠠ ᠨᠢ ᠰᠤᠷᠤᠯᠭ᠎ᠠ ᠳᠤ ᠪᠠᠨ ᠠᠨᠠᠢ ᠰᠤᠷᠤᠭᠴᠢ ᠶᠢᠨ ᠢᠳᠡᠪᠬᠢᠵᠢᠯ ᠢ ᠰᠤᠯᠠᠷᠠᠭᠤᠯᠵᠤ᠂ | ᠵᠦᠷᠢᠭᠦᠳᠯᠡᠬᠦ ᠠᠵᠢᠯᠯᠠᠭ᠎ᠠ ᠬᠢᠯᠭᠡᠳᠡᠭ ᠮᠦᠷᠳᠡᠭᠡᠨ ᠰᠤᠷᠤᠯᠭ᠎ᠠ ᠰᠠᠶᠢᠨ ᠰᠤᠷᠤᠭᠴᠢ ᠳᠤ ᠴᠦ ᠨᠠᠵᠠᠭᠠᠢ ᠵᠠᠩ | ᠰᠤᠷᠭᠠᠳᠠᠭ᠃ ᠡᠶᠢᠮᠦ ᠠᠴᠠ ᠳᠦᠷᠢᠮ ᠲᠤᠭᠲᠠᠭᠠᠯ ᠤᠨ ᠡᠮᠦᠨ᠎ᠡ᠂ ᠰᠤᠷᠤᠭᠴᠢ ᠪᠤᠯᠭᠠᠨ ᠳᠤ ᠠᠳᠠᠯᠢ ᠲᠡᠭᠰᠢ ᠪᠠᠶᠢᠬᠤ ᠶᠢ | ᠪᠠᠳᠤᠯᠠᠵᠤ᠂ ᠳᠦᠷᠢᠮ ᠢ ᠵᠦᠷᠢᠴᠡᠭᠰᠡᠨ ᠪᠠᠶᠢᠪᠠᠯ ᠲᠤᠭᠲᠠᠭᠠᠯ ᠶᠤᠰᠤᠭᠠᠷ ᠰᠢᠢᠳᠪᠦᠷᠢᠯᠡᠵᠦ᠂ ᠰᠤᠷᠤᠯᠭ᠎ᠠ ᠰᠠᠶᠢᠨ | ᠮᠠᠭᠤ ᠪᠠᠷ ᠢᠯᠭᠠᠬᠤ ᠦᠭᠡᠢ ᠪᠠᠶᠢᠬᠤ ᠬᠡᠷᠡᠭᠲᠡᠢ᠃ ᠡᠭᠦᠨ ᠤ ᠳᠠᠭᠠᠤ ᠰᠤᠷᠤᠭᠴᠢ ᠪᠤᠯᠭᠠᠨ ᠤ ᠳᠠᠪᠠᠭᠤᠯᠢᠭ ᠲᠠᠯ᠎ᠠ ᠶᠢ | ᠠᠳᠬᠤᠨ ᠵᠤᠷᠢᠬᠵᠢᠭᠤᠯᠵᠤ᠂ ᠢᠲᠡᠭᠡᠯ ᠤᠯᠭᠤᠵᠤ᠂ ᠤᠷᠤᠭᠰᠢ ᠲᠠᠪᠰᠢᠬᠤ ᠵᠤᠷᠢᠭ ᠲᠠᠢ ᠪᠤᠯᠭᠠᠨ᠎ᠠ᠃ ᠬᠡᠤᠬᠡᠳ | ᠪᠤᠯᠭᠠᠨ ᠤ ᠨᠢᠭᠤᠭᠳᠠᠮᠠᠯ ᠬᠦᠴᠦᠨ ᠬᠢᠵᠠᠭᠠᠯᠠᠰᠢ ᠦᠭᠡᠢ᠂ ᠶᠠᠮᠠᠷ ᠦᠶ᠎ᠡ ᠳᠤ ᠴᠦ ᠬᠦᠩᠭᠡᠨ ᠬᠠᠭᠤᠳᠠᠮ ᠢᠶᠠᠷ ᠰᠠᠶᠢᠨ | ᠮᠠᠭᠤ ᠭᠡᠵᠦ ᠳ᠋ᠦᠩᠨᠡᠯᠳᠡ ᠬᠢᠵᠦ ᠪᠤᠯᠬᠤ ᠦᠭᠡᠢ ᠭᠡᠳᠡᠭ ᠢ ᠤᠢᠢᠯᠠᠭᠠᠪᠠᠯ ᠵᠤᠬᠢᠨ᠎ᠠ᠃ | 6. ᠠᠯᠢᠪᠠ ᠴᠢᠷᠮᠠᠶᠢᠯᠭ᠎ᠠ ᠴᠦᠮ ᠬᠠᠶᠢᠷ᠎ᠠ ᠪᠠ ᠬᠠᠷᠢᠭᠤᠴᠠᠯᠭ᠎ᠠ ᠮᠦᠨ᠃ | ᠠᠵᠢᠯ ᠪᠠ ᠦᠢᠯᠡᠰ ᠤᠨ ᠢᠯᠭᠠᠭ᠎ᠠ ᠨᠢ ᠤᠷᠭᠢᠯᠤᠮ᠎ᠠ ᠬᠠᠯᠠᠭᠤᠨ ᠰᠡᠳᠭᠢᠯ᠂ ᠬᠠᠶᠢᠷ᠎ᠠ ᠰᠢᠩᠭᠡᠭᠰᠡᠨ ᠡᠰᠡᠬᠦ ᠳᠤ | ᠪᠠᠶᠢᠨ᠎ᠠ᠃ ᠠᠩᠭᠢ ᠶᠢᠨ ᠪᠠᠭᠰᠢ ᠶᠢᠨ ᠬᠤᠪᠢ ᠳᠤ᠂ ᠦᠭᠡ ᠶᠠᠷᠢᠶ᠎ᠠ᠂ ᠦᠢᠯᠡ ᠠᠵᠢᠯᠯᠠᠭ᠎ᠠ ᠨᠢ ᠨᠢᠭᠡ ᠠᠩᠭᠢ ᠶᠢᠨ | ᠰᠤᠷᠤᠭᠴᠢᠳ ᠤᠨ ᠬᠦᠭᠵᠢᠯᠳᠡ ᠶᠢᠨ ᠴᠢᠭᠯᠡᠯ ᠢ ᠵᠢᠭᠠᠵᠤ᠂ ᠦᠷᠳᠡᠭ ᠤᠨ ᠦᠵᠡᠯᠳᠡ᠂ ᠠᠮᠢᠳᠤᠷᠠᠬᠤᠢ ᠶᠢᠨ | ᠦᠵᠡᠯᠳᠡ ᠳᠤ ᠴᠢᠬᠤᠯᠠ ᠨᠦᠯᠦᠭᠡ ᠦᠵᠡᠭᠦᠯᠵᠦ ᠪᠠᠶᠢᠳᠠᠭ᠃ ᠬᠡᠤᠬᠡᠳ ᠤᠨ ᠬᠦᠭᠵᠢᠯᠳᠡ ᠳᠤ ᠵᠦᠪ ᠡᠨᠧᠷᠬᠢ | ᠤᠯᠭᠤᠵᠤ᠂ ᠬᠦᠮᠦᠨ ᠪᠤᠯᠬᠤ ᠶᠤᠰᠤ ᠶᠢ ᠵᠢᠭᠠᠨ᠂ ᠵᠦᠪ ᠵᠠᠮ ᠢᠶᠠᠷ ᠬᠦᠳᠦᠯᠬᠦ ᠨᠢ ᠰᠤᠷᠭᠠᠨ ᠬᠦᠮᠦᠵᠢᠯ ᠤᠨ ᠵᠢᠩᠭᠢᠨᠢ | ᠤᠳᠬ᠎ᠠ ᠠᠭᠤᠯᠭ᠎ᠠ ᠮᠦᠨ᠃ ᠡᠶᠢᠮᠦ ᠠᠴᠠ ᠠᠩᠭᠢ ᠶᠢᠨ ᠪᠠᠭᠰᠢ ᠦᠨᠡᠨ ᠬᠠᠶᠢᠷ᠎ᠠ᠂ ᠳᠡᠭᠡᠳᠦ ᠬᠡᠮᠵᠢᠶᠡᠨ ᠤ | ᠬᠠᠷᠢᠭᠤᠴᠠᠯᠭᠠᠳᠤ ᠰᠡᠳᠭᠢᠯ ᠢᠶᠠᠷ ᠠᠵᠢᠯ ᠦᠢᠯᠡᠰ ᠢᠶᠠᠨ ᠳᠡᠭᠡᠳᠦᠯᠡᠵᠦ᠂ ᠰᠤᠷᠤᠭᠴᠢ ᠪᠠᠨ ᠬᠡᠤᠬᠡᠳ ᠲᠠᠢ ᠪᠠᠨ ᠠᠳᠠᠯᠢ | ᠬᠠᠶᠢᠷᠠᠯᠠᠵᠤ᠂ ᠪᠦᠬᠦ ᠰᠡᠳᠭᠢᠯ ᠪᠦᠬᠦ ᠵᠤᠷᠢᠭ ᠢᠶᠠᠷ ᠢᠶᠠᠨ ᠬᠡᠤᠬᠡᠳ ᠤᠨ ᠢᠷᠡᠭᠡᠳᠦᠢ ᠶᠢᠨ ᠲᠦᠯᠦᠭᠡ ᠴᠢᠷᠮᠠᠶᠢᠪᠠᠯ | ᠵᠤᠬᠢᠨ᠎ᠠ᠂ ᠲᠡᠭᠡᠪᠡᠯ ᠰᠠᠶ᠋ᠢ ᠬᠡᠤᠬᠡᠳ ᠲᠤ ᠤᠰᠤᠯᠳᠠᠬᠤ ᠦᠭᠡᠢ᠂ ᠦᠪᠡᠷ ᠤᠨ ᠪᠡᠶ᠎ᠡ ᠳᠤ ᠪᠠᠨ ᠬᠠᠷᠠᠮᠰᠠᠯ ᠦᠯᠡᠳᠡᠭᠡᠬᠦ | ᠦᠭᠡᠢ᠂ ᠠᠵᠢᠯ ᠤᠨ ᠪᠠᠶᠠᠷ ᠪᠠᠭ᠋ᠠᠳᠤᠯ ᠢ ᠡᠳ᠋ᠯᠡᠵᠦ᠂ ᠦᠢᠯᠡᠰ ᠤᠨ ᠵᠢᠷᠭᠠᠯ ᠳᠤ ᠱᠤᠩᠪᠠᠭ᠋ᠤ ᠶᠤᠮ᠃ | ᠠᠩᠭᠢ ᠶᠢᠨ ᠡᠷᠬᠢᠯᠡᠭᠴᠢ ᠪᠤᠯ ᠵᠡᠷᠭᠡ ᠭᠡᠷᠬᠡᠮ ᠢᠶᠠᠷ ᠳᠡᠯᠡᠬᠡᠢ ᠳᠡᠭᠡᠷᠡᠬᠢ ᠬᠠᠮᠤᠭ ᠤᠨ ᠪᠠᠭ᠎ᠠ ᠡᠷᠬᠢᠯᠡᠭᠴᠢ᠂ | ᠭᠡᠲᠡᠯ᠎ᠡ ᠡᠭᠦᠷᠭᠡ ᠬᠠᠷᠢᠭᠤᠴᠠᠯᠭ᠎ᠠ ᠨᠢ ᠬᠠᠮᠤᠭ ᠤᠨ ᠶᠡᠭᠡ ᠡᠷᠬᠢᠯᠡᠭᠴᠢ ᠭᠡᠵᠦ ᠪᠢ ᠪᠠᠶᠢᠩᠭᠤ ᠪᠤᠳᠤᠵᠤ ᠶᠠᠪᠤᠨ᠎ᠠ᠃ | | | | ᠬᠠᠶ᠋ᠢᠬ᠄ ᠤᠷᠳᠤᠰ ᠬᠤᠳᠠ ᠶᠢᠨ ᠮᠤᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ | ︵ᠡᠾᠦ᠋ᠩ ᠮᠸᠢ ᠨᠠᠶᠢᠷᠠᠭᠤᠯᠪᠠ︶ | 2020 ᠣᠨ ᠤ 7 ᠳ᠋ᠤᠭᠠᠷ ᠬᠤᠭᠤᠴᠠᠭ᠎ᠠ | | |