| ᠯᠢ ᠰᠢᠶᠤᠤ ᠡᠾᠸᠢ | | | ᠨᠢᠭᠡ ᠤᠳᠠᠭ᠎ᠠ ᠪᠢ ᠨᠢᠭᠡᠳᠤᠭᠡᠷ ᠤᠨ ᠳᠤ ᠤᠴᠢᠵᠤ ᠬᠢᠴᠢᠶᠡᠯ ᠰᠤᠨᠤᠰᠬᠤ ᠦᠶ᠎ᠠ ᠳᠤ ᠠᠩᠬᠢ ᠶᠢᠨ ᠭᠡᠷ ᠤᠨ | ᠠᠷᠤ ᠭᠡᠷᠡᠮ ᠤᠨ ᠬᠠᠵᠠᠭᠤ ᠳᠤ ᠬᠢ ᠰᠢᠷᠡᠭᠡᠨ ᠳᠡᠭᠡᠷ᠎ᠠ ᠲᠤᠯᠢ᠂ ᠰᠠᠮ᠂ ᠦᠨᠦᠷᠳᠤ ᠰᠠᠪᠤᠩ᠂ ᠨᠢᠭᠤᠷ ᠤᠨ | ᠠᠯᠴᠢᠭᠤᠷ᠂ ᠬᠢᠮᠤᠰᠤᠨ ᠬᠠᠶᠢᠴᠢ ᠬᠢᠭᠡᠳ ᠤᠯᠠᠨ ᠦᠡᠭᠭᠡ ᠶᠢᠨ ᠤᠳᠠᠰᠤᠨ ᠤ ᠤᠷᠢᠶᠠᠯᠳᠠ ᠰᠠᠪᠠᠯᠠᠭᠰᠠᠨ ᠵᠠᠭᠦᠦ | ᠤᠳᠠᠰᠤᠨ ᠤ ᠬᠠᠶᠢᠷᠴᠠᠬ ᠪᠠᠶᠢᠬᠤ ᠶᠢ ᠤᠯᠵᠤ ᠦᠵᠡᠯ᠎ᠠ᠃ ᠪᠢ ᠶᠡᠭᠡᠳᠠ ᠰᠤᠨᠢᠷᠬᠠᠵᠤ ᠵᠠᠩ ᠪᠠᠭᠰᠢ ᠶᠠᠭᠤ ᠬᠢᠵᠤ | ᠪᠠᠶᠢᠬᠤ ᠪᠤᠢ︖ ᠭᠤᠶᠤᠯᠠᠵᠤ ᠵᠠᠰᠠᠬᠤ ᠶᠢᠨ ᠲᠦᠯᠦᠭᠡ ᠤᠤ᠂ ᠡᠰᠡᠭᠦᠯ᠎ᠠ ᠤᠯᠠᠨ ᠤ ᠴᠠᠭ ᠢ ᠠᠰᠢᠭᠯᠠᠨ ᠦᠪᠠᠷ ᠤᠨ | ᠠᠵᠢᠯ ᠢᠶᠠᠨ ᠬᠢᠵᠤ ᠪᠠᠶᠢᠭ᠎ᠠ ᠤᠤ︖ ᠭᠡᠵᠦ ᠪᠤᠳᠤᠯ᠎ᠠ᠃ | ᠬᠢᠴᠢᠶᠡᠯ ᠰᠤᠨᠤᠰᠬᠤ ᠶᠢᠨ ᠬᠤᠭᠤᠷᠤᠨᠳᠤ ᠡ᠊ᠨᠡ ᠶᠠᠪᠤᠳᠠᠯ ᠨᠠᠳᠠ ᠳᠤ ᠪᠤᠳᠤᠭᠳᠠᠭᠠᠳ ᠪᠠᠶᠢᠯ᠎ᠠ᠃ ᠬᠢᠴᠢᠶᠡᠯ ᠤᠨ | ᠳᠠᠷᠠᠭ᠎ᠠ ᠪᠢ ᠵᠠᠩ ᠪᠠᠭᠰᠢ ᠠᠴᠠ ᠡ᠊ᠨᠡ ᠤᠴᠢᠷ ᠢ ᠠᠰᠠᠭᠤᠪᠠ᠃ ᠵᠠᠩ ᠪᠠᠭᠰᠢ᠄ ︽ᠨᠢᠭᠡᠳᠤᠭᠡᠷ ᠤᠨ ᠤ ᠭᠡᠤᠭᠡᠳ ᠨᠠᠰᠤ | ᠪᠠᠭ᠎ᠠ ᠤᠴᠢᠷ ᠠᠴᠠ ᠬᠤᠪᠢ ᠪᠠᠶ᠎ᠠ ᠶᠢᠨ ᠡᠷᠡᠭᠦᠯ ᠬᠠᠮᠠᠭᠠᠯᠠᠯ ᠢ ᠰᠠᠶᠢᠨ ᠬᠢᠯᠭᠡᠭᠦ ᠨᠢ ᠨᠢᠭᠡᠨ ᠭᠦᠴᠢᠷ ᠠᠰᠠᠭᠤᠳᠠᠯ ᠪᠢᠯᠡ᠃ | ᠲᠠᠳᠠ ᠦᠷᠭᠦᠯᠵᠢ ᠭᠡᠵᠢᠭᠡ ᠪᠠᠨ ᠰᠠᠮᠨᠠᠬᠤ ᠪᠠᠨ ᠮᠠᠷᠳᠠᠬᠤ ᠪᠤᠶᠤ ᠨᠢᠭᠤᠷ ᠭᠠᠷ ᠢᠶᠠᠨ ᠤᠬᠢᠶᠠᠬᠤ ᠦᠭᠡᠢ᠂ | ᠬᠢᠮᠤᠰᠤ ᠪᠠᠨ ᠪᠠᠰᠠ ᠠᠪᠬᠤ ᠦᠭᠡᠢ ᠪᠠᠶᠢᠳᠠᠬ᠃ ᠲᠠᠷᠠ ᠮᠦᠷᠳᠡᠭᠡᠨ ᠭᠡᠤᠭᠡᠳ ᠤᠳ ᠲᠠᠳᠠᠯᠴᠠᠵᠤ ᠴᠢᠩᠭᠠᠭᠠᠯᠴᠠᠭᠠᠳ | ᠬᠤᠪᠴᠠᠰᠤ ᠬᠤᠨᠠᠷ ᠢᠶᠠᠨ ᠦᠷᠭᠦᠯᠵᠢ ᠤᠷᠠᠵᠤ ᠰᠠᠳᠠᠯᠠᠭᠡᠳ ᠪᠠᠶᠢᠳᠠᠬ᠃ ᠡᠶᠢᠮᠦ ᠠᠴᠠ ᠪᠢ ᠡᠳᠡᠭᠡᠷ ᠢ ᠭᠡᠤᠭᠡᠳ ᠲᠤ | ᠵᠤᠷᠢᠭᠤᠯᠤᠨ ᠪᠡᠯᠡᠳᠭᠡᠭᠰᠡᠨ ᠶᠤᠮ︾ ᠭᠡᠵᠦ ᠭᠡᠯᠡᠪᠡ᠃ | ᠠ᠂ ᠶᠠᠮᠠᠷ ᠰᠠᠶᠢᠬᠠᠨ ᠪᠠᠭᠰᠢ ᠪᠤᠢ︕ ᠮᠢᠨᠦ ᠰᠡᠳᠬᠢᠯ ᠠᠭᠱᠠᠨ ᠵᠠᠭᠤᠷ᠎ᠠ ᠲᠤᠭᠳᠤᠯᠵᠤ ᠦᠪᠠᠷ ᠤᠨ ᠪᠠᠶ᠎ᠠ | ᠮᠢᠨᠢ ᠦᠴᠦᠭᠡᠨ ᠭᠦᠮᠦᠨ ᠰᠢᠭ ᠪᠤᠳᠤᠭᠳᠠᠪᠠ᠃ ᠮᠢᠨᠦ ᠲᠠᠷᠢᠬᠢᠨ ᠳᠤ ᠵᠠᠩ ᠪᠠᠭᠰᠢ ᠶᠢᠨ ᠭᠡᠤᠭᠡᠳ ᠤᠨ | ᠲᠤᠯᠤᠭᠠᠢ ᠶᠢ ᠨᠢ ᠤᠬᠢᠶᠠᠵᠤ᠂ ᠬᠢᠮᠤᠰᠤ ᠶᠢ ᠨᠢ ᠬᠠᠶᠢᠴᠢᠯᠠᠵᠤ᠂ ᠬᠤᠪᠴᠠᠰᠤ ᠶᠢ ᠨᠢ ᠨᠦᠭᠦᠵᠤ ᠪᠠᠶᠢᠬᠤ ᠵᠢᠷᠤᠭ ᠺᠢᠨᠤ᠋ | ᠲᠧᠯᠸᠢᠰ ᠰᠢᠭ ᠬᠠᠷᠠᠭᠳᠠᠵᠤ᠂ ᠡ᠊ᠨᠡ ᠪᠤᠯ ᠰᠤᠷᠭᠠᠨ ᠭᠦᠮᠦᠵᠢᠯ ᠤᠨ ᠦᠨᠠᠨ ᠮᠦᠨ ᠤᠳᠬ᠎ᠠ ᠰᠠᠨᠠᠭ᠎ᠠ ᠪᠤᠯᠤᠨ᠎ᠠ | ᠭᠡᠰᠡᠨ ᠪᠤᠳᠤᠯ ᠤᠷᠤᠪᠠ᠃ ᠪᠢᠳᠠᠨ ᠤ ᠠᠵᠢᠯ ᠪᠤᠯ ᠳᠠᠷᠤᠢ ᠡᠶᠢᠮᠦᠷᠭᠦᠦ ᠨᠢᠭᠡᠨ ᠪᠦᠯᠦᠭ ᠨᠢᠯᠬ᠎ᠠ ᠰᠤᠶᠤᠭ᠎ᠠ ᠶᠢ ᠰᠠᠬᠢᠨ | ᠬᠠᠮᠠᠭᠠᠯᠠᠵᠤ᠂ ᠲᠠᠳᠠᠨ ᠳᠤ ᠤᠰᠤ ᠴᠢᠳᠬᠤᠵᠤ ᠪᠤᠷᠳᠤᠭᠤᠷ ᠤᠷᠤᠭᠤᠯᠤᠨ ᠲᠠᠳᠠᠨ ᠢ ᠦᠨᠳᠤᠷ ᠲᠤᠮᠤ ᠤᠷᠭᠤᠭᠤᠯᠵᠤ᠂ | ᠰᠠᠯᠠᠭ᠎ᠠ ᠨᠠᠮᠠᠭ᠎ᠠ ᠶᠢ ᠨᠢ ᠰᠠᠬᠤᠯᠢᠬᠵᠢᠭᠤᠯᠬᠤ ᠶᠠᠪᠤᠳᠠᠯ ᠪᠤᠯᠤᠨ᠎ᠠ᠃ ᠡ᠊ᠨᠡ ᠭᠦ ᠰᠠᠬᠢᠨ ᠬᠠᠮᠠᠭᠠᠯᠠᠬᠤ ᠶᠠᠪᠤᠴᠠ ᠳᠤ | ᠪᠢᠳᠠ ᠦᠵᠡᠭᠦ ᠳᠤ ᠦᠴᠦᠭᠡᠨ ᠰᠠᠨᠠᠭᠳᠠᠬᠤ ᠮᠠᠰᠢ ᠤᠯᠠᠨ ᠠᠵᠢᠯ ᠢ ᠬᠢᠭᠦ ᠪᠦᠭᠡᠳ ᠡᠳᠡᠭᠡᠷ ᠠᠵᠢᠯ ᠤᠨ ᠤᠯᠠᠩᠬᠢ ᠨᠢ | ᠤᠬᠤᠷ ᠬᠤᠭᠤᠴᠠᠭᠠᠨ ᠳᠤ ᠦᠷ᠎ᠠ ᠳ᠋ᠦᠩ ᠦᠵᠡᠭᠳᠠᠭᠦ ᠦᠭᠡᠢ ᠪᠠᠶᠢᠳᠠᠬ᠃ | ᠭᠡᠳᠡᠯ᠎ᠠ ᠪᠤᠳᠠᠳᠤ ᠠᠮᠢᠳᠤᠷᠠᠯ ᠤᠨ ᠲᠤᠮᠳᠠ ᠮᠠᠰᠢ ᠤᠯᠠᠨ ᠪᠠᠭᠰᠢ ᠰᠤᠷᠭᠠᠨ ᠭᠦᠮᠦᠵᠢᠯ ᠤᠨ ᠴᠢᠳᠠᠪᠤᠷᠢ ᠶᠢ | ᠬᠢᠵᠠᠭᠠᠷᠯᠠᠰᠢ ᠦᠭᠡᠢ ᠲᠤᠮᠤᠷᠠᠭᠤᠯᠵᠤ ᠪᠠᠶᠢᠳᠠᠬ᠃ ᠪᠢᠳᠠ ᠦᠷᠭᠦᠯᠵᠢ ᠨᠢᠭᠡᠨ ᠤᠳᠠᠭᠠᠨ ᠤ ᠦᠨᠠᠨ ᠰᠡᠳᠬᠢᠯ ᠤᠨ | ᠶᠠᠷᠢᠯᠴᠠᠭ᠎ᠠ᠂ ᠨᠢᠭᠡᠨ ᠤᠳᠠᠭᠠᠨ ᠤ ᠬᠠᠶᠢᠷ᠎ᠠ ᠪᠢᠯᠬᠠᠭᠰᠠᠨ ᠬᠠᠷᠠᠴᠠ᠂ ᠨᠢᠭᠡᠨ ᠪᠠᠳᠠᠬ ᠰᠡᠳᠬᠢᠯ ᠲᠤᠭᠳᠤᠯᠤᠮ᠎ᠠ ᠢᠳᠬᠠᠯ᠂ | ᠨᠢᠭᠡᠨ ᠤᠳᠠᠭᠠᠨ ᠤ ᠡᠨᠡᠷᠢᠯ ᠬᠠᠶᠢᠷ᠎ᠠ ᠶᠢᠨ ᠠᠵᠢᠯᠯᠠᠭ᠎ᠠ᠂ ᠴᠠᠭᠠᠰᠢᠯᠠᠪᠠᠯ ᠨᠢᠭᠡᠨ ᠤᠳᠠᠭᠠᠨ ᠤ ᠠᠭᠤᠷ ᠤᠴᠠᠭᠠᠷᠳᠠᠯ᠂ | ᠭᠡᠳᠤᠨ ᠲᠤᠰᠤᠯ ᠨᠢᠯᠪᠤᠰᠤ ᠨᠢ ᠮᠠᠰᠢ ᠤᠯᠠᠨ ᠪᠠᠭᠰᠢ ᠨᠠᠷ ᠢ ᠠᠷᠭ᠎ᠠ ᠪᠠᠨ ᠪᠠᠷᠠᠵᠤ ᠠᠭᠠᠰᠢ ᠶᠢ ᠨᠢ ᠠᠯᠳᠠᠭᠤᠯᠤᠭᠰᠠᠨ | ︽ᠭᠡᠴᠡᠭᠦᠦ ᠭᠡᠤᠭᠡᠳ︾ ᠢ ᠤᠬᠠᠭᠠᠷᠠᠭᠤᠯᠵᠤ᠂ ᠨᠢᠭᠡᠨᠳᠠ ᠢᠯᠵᠢᠷᠠᠨ ᠬᠤᠪᠠᠭ᠋ᠠᠶᠢᠷᠠᠵᠤ ᠤᠨᠠᠮᠠᠷ ᠪᠤᠯᠤᠭᠰᠠᠨ | ᠰᠤᠶᠤᠭᠠᠨ ᠠᠴᠠ ᠦᠡᠭᠭᠡ ᠢᠯᠭᠠᠷᠠᠭᠰᠠᠨ ᠬᠤᠸᠠᠷ ᠴᠡᠴᠡᠭ ᠢ ᠲᠡᠯᠭᠡᠷᠡᠭᠦᠯᠦᠭᠰᠡᠨ ᠦᠯᠢᠭᠡᠷ ᠵᠢᠱᠢᠶ᠎ᠠ ᠶᠢ ᠤᠡᠭᠰᠢᠬᠤ | ᠪᠤᠶᠤ ᠰᠤᠨᠤᠰᠴᠤ ᠯᠠ ᠪᠠᠶᠢᠳᠠᠬ᠃ | ᠮᠠᠰᠢ ᠤᠯᠠᠨ ᠰᠤᠨᠢᠨ ᠰᠡᠳᠭᠦᠯ ᠴᠦ ᠰᠤᠷᠭᠠᠨ ᠭᠦᠮᠦᠵᠢᠯ ᠤᠨ ᠤᠷ᠎ᠠ ᠴᠢᠳᠠᠪᠬᠢ ᠶᠢ ᠬᠢᠵᠠᠭᠠᠷᠯᠠᠰᠢ ᠦᠭᠡᠢ | ᠲᠠᠪᠠᠭᠤᠯᠵᠤ ᠪᠠᠶᠢᠳᠠᠬ᠃ ᠲᠠᠳᠠᠨ ᠤ ᠨᠠᠶᠢᠳᠡᠯᠡᠭᠰᠡᠨ ᠵᠤᠬᠢᠶᠠᠯ ᠤᠨ ᠤᠯᠠᠩᠬᠢ ᠨᠢ ᠰᠡᠳᠬᠢᠯ ᠲᠤᠭᠳᠤᠯᠤᠮ᠎ᠠ ᠦᠢᠯᠠ | ᠶᠠᠪᠤᠳᠠᠯ ᠪᠠᠶᠢᠵᠤ᠂ ᠰᠤᠷᠭᠠᠨ ᠭᠦᠮᠦᠵᠢᠯ ᠤᠨ ᠶᠠᠪᠤᠴᠠ ᠳᠤ ᠬᠢ ᠨᠠᠷᠢᠨ ᠵᠦᠢᠯᠠᠰ ᠤᠨ ᠵᠢᠷᠤᠭᠯᠠᠯ ᠢ ᠤᠮᠳᠤᠭᠠᠢᠢᠯᠠᠭᠰᠠᠨ | ᠪᠠᠶᠢᠳᠠᠬ᠃ ᠲᠠᠷᠠ ᠮᠦᠷᠳᠡᠭᠡᠨ ᠠᠯᠢᠪᠠ ᠤᠴᠢᠷ ᠶᠠᠪᠤᠳᠠᠯ ᠤᠨ ᠦᠷ᠎ᠠ ᠳ᠋ᠦᠩ ᠢ ᠵᠠᠪᠠᠯ ᠤᠯᠵᠤ ᠦᠵᠠᠭᠦ ᠶᠢ | ᠤᠷᠤᠯᠳᠤᠳᠠᠬ᠃ ᠴᠢ ᠭᠡᠳᠤᠢ ᠤᠯᠠᠨ ᠠᠵᠢᠯ ᠬᠢᠭᠰᠡᠨ ᠴᠦ ᠠᠪᠤᠨ ᠲᠤᠤᠷ᠎ᠠ ᠪᠠᠨ ᠠᠰᠢᠬ ᠦᠷ᠎ᠠ ᠭᠠᠷᠤᠭᠰᠠᠨ ᠦᠭᠡᠢ | ᠪᠤᠯ ᠪᠤᠯᠬᠤ ᠦᠭᠡᠢ ᠪᠠᠶᠢᠳᠠᠬ᠃ ᠡᠳᠡᠭᠡᠷ ᠵᠤᠬᠢᠶᠠᠯ ᠦᠭᠦᠯᠡᠯ ᠤᠳ ᠤᠨ ᠲᠠᠪᠤᠰᠤᠯᠠᠬ ᠠᠮᠳᠠ ᠳᠤ ᠲᠤᠷᠠᠳᠠᠢ | ᠪᠠᠶᠢᠳᠠᠬ ᠨᠢ ᠨᠢᠭᠡᠨᠳᠠ ᠰᠤᠷᠭᠠᠨ ᠭᠦᠮᠦᠵᠢᠯ ᠤᠨ ᠭᠤᠤᠯ ᠵᠤᠷᠢᠯᠳᠠ ᠠᠴᠠ ᠵᠤᠬᠢᠬᠤ ᠭᠡᠮᠵᠢᠶᠡᠨ ᠳᠤ ᠭᠠᠵᠢᠵᠠᠢ᠃ | ᠰᠤᠷᠭᠠᠨ ᠭᠦᠮᠦᠵᠢᠯ ᠪᠤᠯ ᠮᠠᠰᠢ ᠶᠠᠷᠰᠢᠬ ᠪᠤᠳᠤᠯᠢᠶᠠᠨ ᠲᠠᠢ ᠠᠵᠢᠯ ᠪᠤᠯᠬᠤᠷ ᠰᠤᠷᠭᠠᠨ ᠭᠦᠮᠦᠵᠢᠯ ᠤᠨ | ᠠᠵᠢᠯᠳᠠᠨ ᠤ ︽ᠨᠠᠷᠢᠯᠢᠬ︾ ᠪᠠᠶᠢᠬᠤ ᠶᠢ ᠵᠠᠪᠠᠯ ᠱᠠᠭᠠᠷᠳᠠᠳᠠᠬ ᠮᠦᠷᠳᠡᠭᠡᠨ ᠰᠤᠷᠭᠠᠨ ᠭᠦᠮᠦᠵᠢᠯ ᠤᠨ ᠠᠵᠢᠯᠳᠠᠨ ᠴᠦ | ᠵᠠᠪᠠᠯ ᠮᠠᠰᠢ ᠰᠠᠶᠢᠨ ᠲᠠᠰᠪᠤᠷᠢ ᠲᠡᠪᠵᠢᠶᠡᠷᠢ ᠬᠢᠭᠡᠳ ᠬᠠᠶᠢᠷ᠎ᠠ ᠰᠡᠳᠬᠢᠯᠭᠡ ᠲᠠᠢ ᠪᠠᠶᠢᠬᠤ ᠭᠡᠷᠡᠭᠳᠠᠢ᠃ ᠡᠷᠭᠡᠪᠰᠢ | ᠬᠠᠰ ᠤᠨ ᠱᠤᠭᠤᠮᠠᠯᠴᠢᠨ ᠤ ᠵᠤᠷᠢᠭ ᠰᠠᠨᠠᠭ᠎ᠠ ᠶᠢ ᠰᠤᠷᠤᠯᠴᠠᠵᠤ ᠠᠮᠢᠰᠬᠤᠯ ᠢᠶᠠᠨ ᠳᠠᠷᠤᠵᠤ ᠠᠯᠭᠤᠷᠬᠠᠨ ᠤᠷᠤᠵᠤ | ᠨᠠᠷᠢᠨ ᠱᠤᠭᠤᠵᠤ ᠨᠢᠮᠪᠠᠢ ᠠᠵᠢᠯᠯᠠᠪᠠᠯ ᠬᠠᠳᠠᠭᠤ ᠴᠢᠯᠠᠭᠤ ᠴᠦ ᠯᠠᠪᠳᠠᠢ ᠭᠤᠶᠤ ᠭᠡᠭᠡᠨᠴᠢᠷ ᠪᠦᠳᠦᠭᠡᠭᠳᠡᠭᠦᠨ ᠪᠤᠯᠤᠨ | ᠬᠤᠪᠢᠷᠠᠬᠤ ᠶᠤᠮ᠃ | ᠡᠭᠦᠨ ᠠᠴᠠ ᠦᠵᠡᠪᠡᠯ ᠰᠤᠷᠭᠠᠨ ᠭᠦᠮᠦᠵᠢᠯ ᠪᠤᠯ ᠳᠠᠷᠤᠢ ᠨᠢᠭᠡᠨ ᠵᠤᠷᠪᠤᠰ ᠭᠤᠤᠯ ᠮᠦᠨ᠂ ᠨᠢᠭᠡᠨ ᠵᠤᠷᠪᠤᠰ | ᠨᠠᠮᠤᠭᠤᠬᠠᠨ ᠤᠷᠤᠰᠬᠠᠯ ᠲᠠᠢ ᠭᠤᠤᠯ ᠮᠦᠨ᠃ ᠲᠠᠷᠠ ᠨᠢ ᠴᠠᠪᠠᠷ ᠲᠤᠩᠭᠠᠯᠠᠬ ᠨᠠᠮᠤᠭᠤᠬᠠᠨ ᠤᠷᠤᠰᠬᠠᠯ ᠲᠠᠢ ᠪᠠᠶᠢᠵᠤ᠂ | ᠠᠷᠢᠭᠤᠨ ᠵᠦᠭᠡᠯᠡᠨ ᠨᠤᠭᠤᠭᠠᠨ ᠲᠠᠯ᠎ᠠ ᠶᠢᠨ ᠲᠤᠮᠳᠠᠭᠤᠷ ᠮᠤᠷᠤᠯᠵᠠᠨ ᠤᠷᠤᠰᠳᠠᠬ᠃ ᠲᠡᠭᠦᠨ ᠳᠤ ᠠᠨᠠᠪᠠᠳ ᠲᠠᠯᠠᠢ | ᠰᠢᠬ ᠭᠦᠴᠦᠳᠤ ᠲᠠᠪᠠᠯᠭᠠᠨ ᠪᠠᠶᠢᠬᠤ ᠦᠭᠡᠢ᠂ ᠦᠷᠭᠡᠨ ᠮᠦᠷᠠᠨ ᠰᠢᠭ ᠡᠷᠭᠢ ᠪᠠᠨ ᠴᠤᠬᠢᠯᠠᠨ ᠴᠠᠯᠬᠢᠬᠤ ᠦᠭᠡᠢ | ᠪᠠᠶᠢᠳᠠᠬ᠃ ᠭᠡᠪᠡᠴᠤ ᠲᠠᠷᠠ ᠤᠷᠤᠰᠤᠨ ᠦᠡᠭᠭᠡᠷᠡᠵᠤ ᠪᠤᠢ ᠭᠠᠵᠠᠷ ᠢᠶᠠᠨ ᠦᠭᠡ ᠲᠠᠭᠤᠨ ᠦᠭᠡᠢ ᠰᠢᠮᠡᠵᠢᠭᠦᠯᠦᠨ | ᠤᠰᠤᠯᠠᠳᠠᠬ ᠪᠢᠯᠠ᠃ | ᠡ᠊ᠨᠡ ᠪᠤᠯ ᠰᠤᠷᠭᠠᠨ ᠭᠦᠮᠦᠵᠢᠯ᠂ ᠡ᠊ᠨᠡ ᠪᠤᠯ ᠳᠠᠷᠤᠢ ᠰᠤᠷᠭᠠᠨ ᠭᠦᠮᠦᠵᠢᠯ ᠤᠨ ᠬᠦᠴᠦᠨ ᠪᠤᠯᠤᠨ᠎ᠠ᠃ | | ︵︽ᠪᠠᠭᠰᠢ ᠶᠢᠨ ᠬᠤᠷᠸ᠎ᠠ︾ ᠰᠡᠳᠭᠦᠯ ᠤᠨ 2019 ᠤᠨ ᠤ 10 | ᠳ᠋ᠤᠭᠠᠷ ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠤᠨ ᠪᠠᠭᠤᠯᠭᠠᠪᠠ᠃︶ | 2020 ᠣᠨ ᠤ 7 ᠳ᠋ᠤᠭᠠᠷ ᠬᠤᠭᠤᠴᠠᠭ᠎ᠠ | | |