| ᠶᠠᠨ ᠡᠾᠦ᠋ᠩ | | | ᠭᠡᠷ ᠪᠥᠯᠢ᠂ ᠭᠡᠤᠭᠡᠳ ᠤᠨ ᠴᠡᠴᠡᠷᠯᠢᠭ᠂ ᠨᠡᠶᠢᠭᠡᠮ ᠪᠤᠯ ᠭᠡᠤᠭᠡᠳ ᠤᠨ ᠭᠥᠭᠵᠢᠯᠳᠡ ᠶᠢᠨ ᠭᠤᠷᠪᠠᠨ ᠶᠡᠭᠡ | ᠤᠷᠴᠢᠨ ᠲᠤᠭᠤᠷᠢᠨ ᠮᠥᠨ᠂ ᠡᠭᠦᠨ ᠤ ᠲᠤᠳᠤᠷ᠎ᠠ ᠭᠡᠷ ᠪᠥᠯᠢ ᠨᠢ ᠭᠡᠤᠭᠡᠳ ᠤᠨ ᠥᠰᠥᠨ ᠪᠤᠶᠢᠵᠢᠯᠳᠠ ᠶᠢᠨ | ᠨᠢᠭᠡᠳᠥᠭᠡᠷ ᠤᠷᠴᠢᠨ ᠲᠤᠭᠤᠷᠢᠨ ᠮᠦᠨ ᠴᠦ ᠬᠠᠮᠤᠭ ᠤᠨ ᠶᠡᠭᠡ ᠰᠤᠷᠭᠠᠨ ᠭᠥᠮᠥᠵᠢᠯ ᠤᠨ ᠡᠭᠢ ᠪᠠᠶᠠᠯᠢᠭ ᠪᠠᠶᠢᠵᠤ᠂ | ᠭᠡᠤᠭᠡᠳ ᠤᠨ ᠴᠡᠴᠡᠷᠯᠢᠭ ᠬᠢᠭᠡᠳ ᠭᠡᠷ ᠪᠦᠯᠢ ᠶᠢᠨ ᠬᠠᠮᠵᠢᠯᠴᠠᠭ᠎ᠠ ᠨᠢ ᠴᠡᠴᠡᠷᠯᠢᠭ ᠤᠨ ᠡᠯ᠎ᠠ ᠲᠠᠯ᠎ᠠ ᠶᠢᠨ | ᠠᠵᠢᠯᠯᠠᠭ᠎ᠠ ᠶᠢᠨ ᠶᠠᠪᠤᠭᠳᠠᠬᠤ ᠳᠤ ᠭᠥᠴᠥᠳᠡᠢ ᠪᠠᠳᠤᠯᠠᠭ᠎ᠠ ᠪᠤᠯᠳᠠᠭ ᠶᠤᠮ᠃ ᠭᠡᠪᠡᠴᠤ ᠭᠡᠷ ᠤᠨ ᠠᠬᠠᠮᠠᠳ ᠪᠤᠯᠤᠨ | ᠴᠡᠴᠡᠷᠯᠢᠭ ᠤᠨ ᠪᠠᠭᠰᠢ ᠨᠠᠷ ᠥᠨᠡᠠ ᠭᠦ ᠭᠠᠷ ᠭᠠᠷ ᠢᠶᠠᠨ ᠬᠤᠯᠪᠤᠯᠴᠠᠨ᠂ ᠰᠡᠳᠭᠢᠯ ᠨᠢᠭᠡᠳᠥᠨ ᠭᠡᠤᠭᠡᠳ ᠢ | ᠭᠥᠮᠥᠵᠢᠭᠦᠯᠭᠦ ᠭᠡᠳᠡᠭ ᠪᠤᠯ ᠭᠡᠯᠡᠭᠦ ᠳᠤ ᠠᠮᠠᠷ ᠬᠢᠭᠦ ᠳᠤ ᠭᠦᠴᠢᠷ ᠠᠰᠠᠭᠤᠳᠠᠯ ᠮᠦᠨ᠃ ᠤᠳᠤᠬᠠᠨ ᠳᠤ ᠨᠡᠶᠢᠭᠡᠮ ᠤᠨ | ᠡᠯ᠎ᠡ ᠲᠠᠯ᠎ᠠ ᠶᠢᠨ ᠭᠥᠭᠵᠢᠯᠳᠡ ᠶᠢ ᠲᠠᠭᠠᠯᠳᠤᠨ ᠭᠡᠤᠭᠡᠳ ᠢ ᠭᠦᠮᠦᠵᠢᠭᠦᠯᠭᠦ ᠲᠤᠬᠠᠢ ᠨᠡᠯᠢᠶᠡᠳ ᠲᠤᠭᠠᠨ ᠤ ᠭᠡᠷ ᠤᠨ | ᠠᠬᠠᠮᠠᠳ ᠤᠨ ᠦᠵᠡᠯ ᠤᠬᠠᠮᠰᠠᠷ ᠲᠤ ᠪᠠᠶᠠᠷᠯᠠᠭᠤᠰᠢᠳᠠᠢ ᠬᠤᠪᠢᠷᠠᠯᠳᠠ ᠭᠠᠷᠴᠤ ᠴᠡᠴᠡᠷᠯᠢᠭ ᠤᠨ ᠰᠤᠷᠭᠠᠨ ᠭᠥᠮᠥᠵᠢᠯ ᠢ | ᠭᠥᠨᠳᠥᠳᠭᠡᠵᠤ ᠥᠵᠡᠭᠦ ᠪᠤᠯᠤᠭᠰᠠᠨ ᠭᠡᠳᠡᠭ ᠪᠤᠯᠪᠠᠴᠤ ᠭᠡᠰᠡᠭ ᠲᠤᠭᠠᠨ ᠤ ᠭᠡᠷ ᠤᠨ ᠠᠬᠠᠮᠠᠳ ᠮᠥᠨ ᠯᠠ ᠭᠡᠪᠰᠢᠮᠡᠯ | ᠥᠵᠡᠯᠳᠡ ᠪᠠᠨ ᠪᠠᠷᠢᠮᠳᠠᠯᠠᠵᠤ᠂ ᠭᠡᠤᠭᠡᠳ ᠤᠨ ᠮᠡᠳᠡᠯᠭᠡ ᠰᠤᠷᠬᠤ ᠶᠢ ᠦᠷᠦᠭᠡᠰᠤᠯ ᠢᠶᠠᠷ ᠴᠢᠬᠤᠯᠠᠴᠢᠯᠠᠭᠠᠳ᠂ | ᠭᠡᠳᠡᠷᠭᠦ ᠪᠠᠨ ᠭᠡᠤᠭᠡᠳ ᠤᠨ ᠭᠡᠪ ᠴᠢᠨᠠᠷ ᠤᠨ ᠭᠥᠭᠵᠢᠯᠳᠡ᠂ ᠰᠠᠶᠢᠨ ᠰᠠᠶᠢᠬᠠᠨ ᠵᠠᠩ ᠲᠠᠳᠬᠠᠯ᠂ ᠬᠠᠶᠢᠷ᠎ᠠ ᠰᠡᠳᠭᠢᠯᠭᠡ᠂ | ᠨᠡᠶᠢᠭᠡᠮ ᠤᠨ ᠬᠠᠷᠢᠯᠴᠠᠭ᠎ᠠ᠂ ᠤᠷᠴᠢᠨ ᠲᠤᠭᠤᠷᠢᠨ ᠲᠠᠢ ᠲᠤᠭᠢᠷᠠᠯᠴᠠᠬᠤ ᠴᠢᠳᠠᠪᠤᠷᠢ ᠶᠢᠨ ᠭᠥᠭᠵᠢᠯᠳᠡ ᠶᠢ | ᠤᠮᠳᠤᠭᠠᠶᠢᠯᠠᠵᠤ ᠪᠠᠶᠢᠳᠠᠭ᠃ ᠡᠶᠢᠮᠥ ᠠᠴᠠ ᠭᠡᠷ ᠤᠨ ᠠᠬᠠᠮᠠᠳ ᠲᠤ ᠭᠡᠤᠭᠡᠳ ᠤᠨ ᠰᠤᠷᠭᠠᠨ ᠭᠥᠮᠥᠵᠢᠯ ᠤᠨ ᠴᠢᠬᠤᠯᠠ | ᠴᠢᠨᠠᠷ ᠢ ᠲᠠᠨᠢᠭᠤᠯᠵᠤ᠂ ᠰᠢᠨᠵᠢᠯᠡᠭᠦ ᠤᠬᠠᠭᠠᠨᠴᠢ ᠪᠠᠷ ᠭᠡᠤᠭᠡᠳ ᠢ ᠭᠥᠮᠥᠵᠢᠭᠦᠯᠭᠦ ᠭᠡᠳᠡᠭ ᠤᠨ ᠤᠳᠬ᠎ᠠ ᠶᠢ | ᠤᠢᠢᠯᠠᠭᠠᠭᠤᠯᠬᠤ ᠨᠢ ᠭᠡᠷ ᠤᠨ ᠠᠬᠠᠮᠠᠳ ᠲᠠᠢ ᠬᠠᠮᠳᠤᠷᠠᠨ ᠠᠵᠢᠯᠯᠠᠵᠤ᠂ ᠭᠡᠤᠭᠡᠳ ᠢ ᠭᠥᠮᠥᠵᠢᠭᠦᠯᠭᠦ ᠬᠠᠮᠳᠤ ᠶᠢᠨ | ᠵᠤᠷᠢᠯᠭ᠎ᠠ ᠪᠠᠨ ᠪᠠᠶᠠᠯᠡᠭᠦᠯᠭᠦ ᠶᠢᠨ ᠵᠠᠩᠭᠢᠯᠠᠭ᠎ᠠ ᠪᠤᠯᠤᠨ᠎ᠠ᠃ ᠲᠤᠤᠷ᠎ᠠ ᠴᠡᠴᠡᠷᠯᠢᠭ ᠤᠨ ᠪᠠᠭᠰᠢ ᠨᠠᠷ ᠭᠡᠷ ᠤᠨ | ᠠᠬᠠᠮᠠᠳ ᠲᠠᠢ ᠭᠡᠷᠭᠢᠨ ᠬᠠᠷᠢᠯᠴᠠᠬᠤ ᠲᠤᠬᠠᠢ ᠦᠪᠠᠷ ᠤᠨ ᠦᠵᠠᠯᠳᠠ ᠪᠠᠨ ᠲᠦᠭᠦᠮ ᠶᠠᠷᠢᠶ᠎ᠠ᠃ | ᠨᠢᠭᠡ᠂ ᠶᠤᠰᠤᠷᠬᠠᠭ ᠢᠶᠠᠷ ᠭᠡᠷ ᠤᠨ ᠠᠬᠠᠮᠠᠳ ᠲᠠᠢ ᠬᠠᠷᠢᠴᠠᠬᠤ | ᠡᠩ ᠲᠡᠷᠢᠭᠦᠨ ᠳᠤ᠂ ᠴᠡᠴᠡᠷᠯᠢᠭ ᠤᠨ ᠪᠠᠭᠰᠢ ᠨᠠᠷ ᠥᠪᠡᠷ ᠤᠨ ᠲᠥᠷᠢ ᠲᠥᠷᠭᠦ᠂ ᠡᠮᠥᠰᠴᠤ ᠵᠡᠭᠦᠭᠦ᠂ ᠴᠤᠭ | ᠵᠢᠪᠬᠤᠭ᠎ᠠ ᠵᠡᠷᠭᠡ ᠡᠯ᠎ᠡ ᠲᠠᠯ᠎ᠠ ᠪᠠᠷ ᠭᠡᠷ ᠤᠨ ᠠᠬᠠᠮᠠᠳ ᠴᠠᠭᠠᠰᠢᠯᠠᠨ ᠨᠠᠶᠢᠭᠡᠮ ᠨᠠᠶᠢᠳᠠ ᠳᠤ ᠰᠠᠶᠢᠨ ᠰᠠᠶᠢᠬᠠᠨ | ᠲᠥᠷᠥᠭᠳᠡᠯ ᠥᠭᠭᠦ ᠭᠡᠷᠡᠭᠳᠡᠢ ᠮᠥᠷᠳᠡᠭᠡᠨ ᠪᠠᠭᠰᠢ ᠶᠢᠨ ᠠᠵᠢᠯ᠂ ᠤᠨᠴᠠᠭᠠᠢᠢᠯᠠᠨ ᠴᠡᠴᠡᠷᠯᠢᠭ ᠤᠨ ᠪᠠᠭᠰᠢ ᠶᠢᠨ ᠠᠵᠢᠯ | ᠪᠤᠯ ᠡᠷᠭᠢᠮ ᠲᠡᠭᠡᠳᠤ᠂ ᠦᠡᠭᠭᠡ ᠭᠡᠷᠡᠯᠳᠠᠢ ᠠᠵᠢᠯ ᠮᠥᠨ ᠭᠡᠳᠡᠭ ᠢ ᠤᠶᠢᠯᠠᠭᠠᠭᠤᠯᠬᠤ ᠶᠢᠨ ᠬᠠᠮᠳᠤ ᠢᠨᠢᠶᠡᠮᠰᠥᠭᠯᠡᠯ | ᠪᠤᠯ ᠭᠥᠮᠥᠨ ᠤ ᠬᠤᠭᠤᠷᠤᠨᠳᠤᠬᠢ ᠰᠡᠳᠭᠢᠯᠭᠡᠨ ᠤ ᠰᠤᠯᠢᠯᠴᠠᠭ᠎ᠠ ᠪᠠ ᠬᠠᠷᠢᠯᠴᠠᠭᠠᠨ ᠤ ᠬᠠᠮᠤᠭ ᠤᠨ ᠤᠷᠢᠳᠠᠴᠢ | ᠨᠥᠭᠦᠴᠡᠯ ᠮᠥᠨ ᠪᠥᠭᠡᠳ ᠪᠠᠭᠰᠢ ᠨᠠᠷ ᠤᠨ ᠪᠦᠷᠢᠯᠳᠦᠭᠦᠯᠦᠭᠦᠰᠢᠳᠠᠢ ᠶᠤᠰᠤ ᠰᠤᠷᠳᠠᠬᠤᠨ ᠤ ᠪᠠᠷᠢᠮᠵᠢᠶ᠎ᠠ ᠭᠡᠳᠡᠭ ᠢ | ᠦᠪᠠᠷᠳᠡᠭᠡᠨ ᠵᠠᠪᠠᠯ ᠮᠠᠳᠠᠭᠦ ᠭᠡᠷᠡᠭᠳᠠᠢ᠃ ᠤᠨᠴᠠᠭᠠᠶᠢᠯᠠᠨ ᠶᠤᠰᠤᠷᠬᠠᠭ ᠢᠶᠠᠷ ᠭᠡᠷ ᠤᠨ ᠠᠬᠠᠮᠠᠳ ᠲᠠᠢ ᠬᠠᠷᠢᠯᠴᠠᠬᠤ ᠨᠢ | ᠴᠡᠴᠡᠷᠯᠢᠭ ᠤᠨ ᠪᠠᠭᠰᠢ ᠪᠠ ᠭᠡᠷ ᠤᠨ ᠠᠬᠠᠮᠠᠳ ᠤᠨ ᠬᠤᠭᠤᠷᠤᠨᠳᠤᠭᠢ ᠬᠠᠷᠢᠯᠴᠠᠭ᠎ᠠ ᠶᠢ ᠤᠶᠢᠷ᠎ᠠ ᠲᠤᠳᠤᠨᠤ ᠪᠤᠯᠭᠠᠵᠤ᠂ | ᠭᠡᠷ ᠤᠨ ᠠᠬᠠᠮᠠᠳ ᠤᠨ ᠵᠢᠮᠡᠯᠡᠯ ᠪᠠ ᠤᠴᠠᠭᠠᠷᠯᠠᠯ ᠢ ᠪᠠᠭᠠᠰᠬᠠᠳᠠᠬ᠃ ᠭᠡᠭᠦ ᠳᠤ ᠪᠠᠨ ᠭᠡᠳᠥᠢ ᠭᠥᠴᠢᠷᠳᠡᠢ᠂ ᠭᠡᠳᠥᠢ | ᠪᠤᠳᠤᠯᠢᠶᠠᠨᠳᠠᠢ ᠠᠰᠠᠭᠤᠳᠠᠯ ᠲᠤᠯᠭᠠᠷᠠᠭᠰᠠᠨ ᠴᠤ ᠢᠨᠢᠶᠡᠮᠰᠦᠭ ᠴᠢᠷᠠᠶᠢᠯᠠᠵᠤ ᠶᠤᠰᠤᠷᠬᠠᠭ ᠤᠪᠤᠷ ᠢᠶᠠᠷ ᠬᠠᠨᠳᠤᠵᠤ | ᠭᠡᠷ ᠤᠨ ᠠᠬᠠᠮᠠᠳ ᠲᠠᠢ ᠬᠠᠮᠵᠢᠯᠴᠠᠪᠠᠯ ᠤᠴᠢᠷ ᠶᠠᠪᠤᠳᠠᠯ ᠢ ᠠᠮᠠᠷᠬᠠᠨ ᠰᠢᠢᠳᠪᠥᠷᠢᠯᠡᠵᠤ ᠴᠢᠳᠠᠬᠤ ᠮᠥᠷᠳᠡᠭᠡᠨ ᠭᠡᠷ ᠤᠨ | ᠠᠬᠠᠮᠠᠳ ᠴᠦ ᠬᠠᠨᠤᠮᠵᠢᠳᠠᠢ ᠪᠤᠯᠳᠠᠬ᠃ ᠭᠡᠷ ᠤᠨ ᠠᠬᠠᠮᠠᠳ ᠲᠠᠢ ᠬᠠᠷᠢᠯᠴᠠᠬᠤ ᠳᠤ ᠪᠠᠨ ᠲᠠᠳᠠᠨ ᠢ ᠭᠦᠨᠳᠤᠳᠭᠡᠭᠦ | ᠡᠭᠦᠳᠠᠨ ᠠᠴᠠ ᠬᠠᠯᠠᠭᠤᠨ ᠲᠤᠳᠤᠨᠤ ᠪᠠᠷ ᠬᠠᠷᠢᠯᠴᠠᠵᠤ ᠲᠠᠷᠤᠤ ᠶᠤᠰᠤᠷᠬᠠᠭ ᠰᠤᠷᠳᠠᠯ ᠢ ᠪᠠᠷᠢᠮᠳᠠᠯᠠᠵᠤ᠂ ᠠᠭᠤᠯᠵᠠᠬᠤ | ᠶᠤᠰᠤ᠂ ᠰᠠᠯᠬᠤ ᠶᠤᠰᠤ᠂ ᠶᠠᠷᠢᠯᠴᠠᠬᠤ ᠶᠤᠰᠤ᠂ ᠬᠠᠷᠢᠯᠴᠠᠬᠤ ᠶᠤᠰᠤ ᠵᠡᠷᠭᠡ ᠶᠢ ᠡᠪᠯᠢᠭ ᠭᠥᠢᠴᠡᠳᠭᠡᠪᠡᠯ ᠵᠤᠬᠢᠨ᠎ᠠ᠃ | ᠬᠤᠶᠠᠷ᠂ ᠥᠨᠡᠨᠴᠢ ᠰᠡᠳᠭᠢᠯ ᠢᠶᠠᠷ ᠭᠡᠷ ᠤᠨ ᠠᠬᠠᠮᠠᠳ ᠲᠠᠢ ᠬᠠᠷᠢᠯᠴᠠᠬᠤ | ᠭᠡᠷ ᠤᠨ ᠠᠬᠠᠮᠠᠳ ᠭᠡᠤᠭᠡᠳ ᠢᠶᠠᠨ ᠴᠡᠴᠡᠷᠯᠢᠭ ᠲᠤ ᠭᠥᠷᠭᠡᠵᠤ ᠠᠩᠭᠢ ᠶᠢᠨ ᠪᠠᠭᠰᠢ ᠳᠤ ᠨᠢ ᠲᠤᠰᠢᠶᠠᠭᠰᠠᠨ | ᠤᠴᠢᠷ ᠠᠴᠠ ᠪᠠᠭᠰᠢ ᠪᠤᠯ ᠭᠡᠷ ᠤᠨ ᠠᠬᠠᠮᠠᠳ ᠤᠨ ᠬᠠᠮᠤᠭ ᠤᠨ ᠢᠳᠡᠭᠡᠯ ᠨᠠᠶᠢᠳᠠᠪᠤᠷᠢᠳᠠᠢ ᠭᠥᠮᠥᠨ ᠮᠥᠨ᠃ ᠭᠡᠷ ᠤᠨ | ᠠᠬᠠᠮᠠᠳ ᠠᠴᠠ ᠭᠡᠤᠭᠡᠳ ᠤᠨ ᠴᠡᠴᠡᠷᠯᠢᠭ ᠲᠤ ᠪᠠᠶᠢᠬᠤ ᠬᠤᠭᠤᠴᠠᠭᠠᠨ ᠳᠤ ᠰᠤᠷᠤᠯᠴᠠᠯᠭ᠎ᠠ ᠠᠮᠢᠳᠤᠷᠠᠯ ᠤᠨ | ᠪᠠᠶᠢᠳᠠᠯ ᠢ ᠨᠢ ᠶᠠᠷᠢᠯᠴᠠᠵᠤ ᠮᠡᠳᠡᠶ᠎ᠡ ᠭᠡᠪᠡᠯ ᠵᠠᠪᠠᠯ ᠥᠨᠡᠨᠴᠢ ᠰᠡᠳᠭᠢᠯ ᠢᠶᠠᠷ ᠬᠠᠨᠳᠤᠵᠤ᠂ ᠠᠰᠠᠭᠤᠭᠰᠠᠨ ᠵᠦᠢᠯ | ᠪᠦᠭᠦᠨ ᠳᠤ ᠨᠢ ᠠᠶᠠᠳᠠᠶᠢᠬᠠᠨ ᠬᠠᠷᠢᠭᠤᠯᠳᠠ ᠦᠭᠭᠦ ᠭᠡᠷᠡᠭᠳᠡᠢ᠃ ᠤᠤᠯ ᠨᠢ ᠮᠢᠨᠦ ᠠᠩᠭᠢ ᠶᠢᠨ ᠨᠢᠭᠡᠨ ᠭᠡᠤᠭᠡᠳ | ᠥᠷᠭᠦᠯᠵᠢ ᠴᠡᠴᠡᠷᠯᠢᠭ ᠲᠤ ᠪᠠᠨ ᠢᠷᠡᠭᠦ ᠥᠭᠡᠢ ᠰᠠᠭᠠᠳᠠᠭᠠᠳ ᠯᠠ ᠪᠠᠶᠢᠳᠠᠭ᠃ ᠲᠡᠭᠡᠭᠡᠳ ᠭᠡᠤᠭᠡᠳ ᠤᠨ ᠠᠪᠤ | ᠡᠵᠢ ᠨᠢ ᠭᠠᠳᠠᠨ᠎ᠠ ᠭᠠᠵᠠᠷ ᠠᠷᠠᠯᠵᠢᠶ᠎ᠠ ᠮᠠᠶᠢᠮᠠᠢ ᠭᠢᠭᠡᠳ ᠶᠠᠭᠠᠷᠠᠤ᠂ ᠭᠡᠤᠭᠡᠳ ᠢᠶᠠᠨ ᠬᠠᠷᠠᠭᠠᠯᠵᠠᠵᠤ ᠲᠡᠶᠢᠯᠭᠦ ᠥᠭᠡᠢ᠂ | ᠡᠮᠡᠭᠡ ᠡᠵᠢ ᠨᠢ ᠴᠤ ᠪᠠᠶ᠎ᠠ ᠮᠠᠭᠤ᠂ ᠡᠳᠥᠷ ᠪᠦᠷᠢ ᠴᠡᠴᠡᠷᠯᠢᠭ ᠲᠤ ᠭᠥᠷᠭᠡᠵᠤ ᠲᠡᠶᠢᠯᠭᠦ ᠥᠭᠡᠢ ᠰᠠᠭᠠᠳᠠᠭᠠᠵᠤ ᠪᠠᠶᠢᠭ᠎ᠠ | ᠪᠠᠶᠢᠳᠠᠯ ᠢ ᠤᠶᠢᠯᠠᠭᠠᠪᠠ᠃ ᠢᠡᠭᠬᠢᠭᠡᠳ ᠡᠮᠡᠭᠡ ᠡᠵᠢ ᠲᠠᠢ ᠨᠢ ᠬᠠᠷᠢᠯᠴᠠᠵᠤ ᠭᠡᠤᠭᠡᠳ ᠢᠶᠠᠨ ᠴᠡᠴᠡᠷᠯᠢᠭ ᠲᠤ ᠴᠠᠭ | ᠲᠤᠬᠠᠢ ᠳᠤ ᠨᠢ ᠭᠥᠷᠭᠡᠭᠦ ᠥᠭᠡᠢ ᠪᠤᠯ ᠭᠡᠤᠭᠡᠳ ᠤᠨ ᠥᠰᠥᠨ ᠪᠤᠶᠢᠵᠢᠯᠳᠠ ᠡᠯ᠎ᠡ ᠲᠠᠯ᠎ᠠ ᠶᠢᠨ ᠭᠥᠭᠵᠢᠯᠳᠡ ᠳᠤ | ᠨᠥᠯᠥᠭᠡ ᠥᠵᠡᠭᠦᠯᠤᠨᠠ ᠭᠡᠳᠡᠭ ᠢ ᠭᠦᠯᠢᠴᠡᠩᠭᠦᠢ ᠰᠠᠶᠢᠬᠠᠨ ᠲᠠᠶᠢᠯᠪᠤᠷᠢᠯᠠᠯᠳᠠ ᠭᠢᠵᠤ ᠥᠭᠭᠦᠯ᠎ᠡ᠃ ᠲᠡᠭᠦᠨ ᠠᠴᠠ | ᠬᠤᠶᠢᠰᠢ ᠪᠢᠳᠠ ᠥᠷᠭᠦᠯᠵᠢᠳᠡ ᠪᠠᠶᠢᠳᠠᠯ ᠪᠠᠶᠢᠳᠠᠯ ᠢᠶᠠᠨ ᠤᠶᠢᠯᠠᠭᠠᠯᠴᠠᠨ ᠶᠠᠷᠢᠯᠴᠠᠵᠤ ᠲᠠᠷᠠ ᠭᠡᠤᠭᠡᠳ ᠴᠦ | ᠴᠡᠴᠡᠷᠯᠢᠭ ᠲᠤ ᠪᠠᠨ ᠰᠠᠭᠠᠳᠠᠯ ᠥᠭᠡᠢ ᠢᠷᠡᠭᠦ ᠪᠤᠯᠪᠠ᠃ ᠭᠡᠷ ᠤᠨ ᠠᠬᠠᠮᠠᠳ ᠥᠪᠡᠷ ᠤᠨ ᠰᠠᠨᠠᠭᠠᠴᠢᠯᠠᠭ᠎ᠠ ᠠᠴᠠ ᠪᠠᠨ | ᠪᠠᠭᠰᠢ ᠶᠢ ᠡᠷᠢᠵᠤ ᠬᠠᠷᠢᠯᠴᠬᠠᠤ ᠳᠤ᠂ ᠪᠠᠭᠰᠢ ᠶᠤᠰᠤᠷᠬᠠᠭ ᠬᠠᠨᠳᠤᠵᠤ ᠭᠡᠷ ᠤᠨ ᠠᠬᠠᠮᠠᠳ ᠢ ᠭᠥᠨᠳᠥᠳᠭᠡᠭᠦ ᠭᠡᠷᠡᠭᠳᠡᠢ᠃ | ᠪᠠᠭᠰᠢ ᠶᠢ ᠡᠷᠢᠵᠤ ᠬᠠᠷᠢᠯᠴᠠᠭᠰᠠᠳ ᠤᠨ ᠤᠯᠠᠩᠭᠢ ᠨᠢ ᠪᠥᠷ ᠡᠮᠡᠭᠳᠡᠶᠢᠴᠤᠳ᠂ ᠭᠤᠤᠯ ᠨᠢ ᠡᠵᠢ᠂ ᠡᠮᠡᠭᠡ ᠡᠵᠢ᠂ | ᠨᠠᠭᠠᠴᠤ ᠡᠵᠢ ᠨᠢ ᠪᠠᠶᠢᠳᠠᠭ᠃ ᠭᠡᠭᠦ ᠳᠤ ᠪᠠᠨ ᠬᠤᠶᠠᠷ ᠥᠶ᠎ᠡ ᠶᠢᠨ ᠭᠥᠮᠥᠨ ᠭᠡᠤᠭᠡᠳ ᠢᠶᠠᠨ ᠬᠠᠶᠢᠷᠠᠯᠠᠬᠤ ᠠᠷᠭ᠎ᠠ | ᠮᠠᠶ᠋ᠢᠭ ᠨᠢ ᠠᠳᠠᠯᠢ ᠥᠭᠡᠢ ᠠᠴᠠ ᠪᠤᠯᠵᠤ ᠲᠡᠳᠡᠨ ᠤ ᠪᠠᠭᠰᠢ ᠠᠴᠠ ᠤᠶᠢᠯᠠᠭᠠᠬᠤ ᠤᠴᠢᠷ ᠶᠠᠪᠤᠳᠠᠯ ᠨᠢ ᠪᠠᠰᠠ ᠠᠳᠠᠯᠢ | ᠥᠭᠡᠢ᠂ ᠡᠮᠡᠭᠡ ᠨᠢ ᠪᠤᠯ ᠭᠡᠤᠭᠡᠳ ᠤᠨ ᠢᠶᠠᠨ ᠢᠳᠡᠵᠤ ᠤᠤᠭᠤᠬᠤ᠂ ᠤᠨᠳᠠᠵᠤ ᠭᠡᠪᠳᠡᠭᠦ ᠵᠡᠷᠭᠡ ᠡᠳᠥᠷ ᠲᠤᠳᠤᠮ ᠤᠨ | ᠠᠮᠢᠳᠤᠷᠠᠯ ᠤᠨ ᠲᠠᠯ᠎ᠠ ᠶᠢᠨ ᠪᠠᠶᠢᠳᠠᠯ ᠢ ᠢᠯᠡᠭᠦᠥ ᠠᠩᠬᠠᠷᠤᠨ᠎ᠠ᠂ ᠬᠠᠷᠢᠨ ᠡᠵᠢ ᠨᠢ ᠪᠤᠯ ᠭᠡᠤᠭᠡᠳ ᠤᠨ ᠤᠶᠤᠨ | ᠴᠢᠳᠠᠪᠤᠷᠢ᠂ ᠰᠤᠷᠤᠯᠴᠠᠬᠤ ᠪᠠᠶᠢᠳᠠᠯ ᠪᠤᠯᠤᠨ ᠨᠠᠶᠢᠵᠠ ᠨᠠᠷ ᠲᠠᠢ ᠪᠠᠨ ᠶᠠᠪᠤᠯᠴᠠᠵᠤ ᠪᠠᠶᠢᠭ᠎ᠠ ᠪᠠᠶᠢᠳᠠᠯ ᠢ ᠤᠯᠠᠮ ᠶᠡᠭᠡ | ᠠᠩᠬᠠᠷᠤᠨ᠎ᠠ᠃ ᠪᠠᠭᠰᠢ ᠨᠠᠷ ᠨᠠᠰᠤᠳᠠᠶᠢᠴᠤᠳ ᠤᠨ ᠶᠠᠷᠢᠬᠤ ᠨᠢ ᠶᠠᠷᠰᠢᠭ ᠭᠡᠵᠤ ᠥᠵᠡᠵᠤ ᠪᠤᠯᠬᠤ ᠥᠭᠡᠢ᠂ ᠵᠠᠪᠠᠯ | ᠨᠠᠷᠢᠨ ᠭᠢᠨᠠᠮᠠᠭᠠᠢ ᠰᠤᠨᠤᠰᠴᠤ ᠴᠡᠭᠡᠵᠢᠨ ᠳᠤ ᠪᠠᠨ ᠰᠢᠩᠭᠡᠭᠡᠵᠤ ᠠᠪᠬᠤ ᠭᠡᠷᠡᠭᠳᠡᠢ᠃ ᠤᠷᠢᠳ ᠢᠶᠠᠷ ᠠᠬᠠᠮᠠᠳ ᠢᠶᠠᠨ | ᠭᠥᠨᠳᠥᠯᠡᠵᠤ ᠲᠠᠷᠠᠭ᠎ᠠ ᠳᠤ ᠨᠢ ᠪᠠᠭᠰᠢ ᠪᠤᠯᠬᠤ ᠭᠡᠷᠡᠭᠳᠡᠢ᠂ ᠨᠠᠰᠤᠳᠠᠨ ᠶᠠᠷᠢᠵᠤ ᠪᠠᠷᠠᠭᠰᠠᠨ ᠤ ᠰᠡᠭᠦᠯᠡᠷ ᠢᠨᠢᠶᠡᠮᠰᠥᠭᠯᠡᠨ | ᠭᠥᠯᠢᠶᠡᠨ ᠠᠪᠬᠤ ᠭᠡᠷᠡᠭᠳᠡᠢ᠂ ᠭᠡᠷᠪᠡ ᠡᠵᠢ ᠨᠢ ᠢᠳᠡᠪᠭᠢᠳᠡᠢ ᠪᠠᠷ ᠪᠠᠭᠰᠢ ᠲᠠᠢ ᠬᠠᠷᠢᠯᠴᠠᠬᠤ ᠳᠤ ᠭᠥᠷᠪᠡᠯ᠂ ᠪᠠᠭᠰᠢ | ᠡᠷᠭᠡᠪᠰᠢ ᠡᠵᠢ ᠶᠢᠨ ᠭᠢᠨᠢ ᠰᠠᠨᠠᠭ᠎ᠠ ᠶᠢ ᠨᠠᠷᠢᠨ ᠤᠶᠢᠯᠠᠭᠠᠵᠤ᠂ ᠡᠵᠢ ᠭᠡᠤᠭᠡᠳ ᠤᠨ ᠢᠶᠠᠨ ᠠᠯᠢ ᠲᠠᠯ᠎ᠠ ᠶᠢᠨ ᠪᠠᠶᠢᠳᠠᠯ ᠢ | ᠤᠶᠢᠯᠠᠭᠠᠬᠤ ᠭᠡᠵᠤ ᠪᠤᠳᠤᠵᠤ ᠪᠠᠶᠢᠬᠤ ᠶᠢ ᠮᠡᠳᠡᠭᠦ ᠭᠡᠷᠡᠭᠳᠡᠢ᠃ ᠤᠴᠢᠷ ᠨᠢ ᠭᠡᠷ ᠤᠨ ᠠᠬᠠᠮᠠᠳ ᠤᠨ ᠮᠡᠳᠡᠯᠭᠡ | ᠭᠥᠷᠳᠡᠭᠰᠡᠨ ᠭᠢᠷᠢ ᠭᠡᠮᠵᠢᠶ᠎ᠡ᠂ ᠭᠡᠤᠭᠡᠳ ᠢᠶᠠᠨ ᠰᠤᠷᠭᠠᠬᠤ ᠠᠷᠭ᠎ᠠ ᠮᠠᠶ᠋ᠢᠬ᠂ ᠤᠪᠤᠷ ᠰᠤᠷᠳᠠᠯ ᠪᠤᠯᠤᠨ | ᠭᠡᠤᠭᠡᠳ ᠲᠤ ᠪᠠᠨ ᠲᠠᠯᠪᠢᠵᠤ ᠪᠠᠶᠢᠭ᠎ᠠ ᠭᠥᠰᠡᠯ ᠨᠢ ᠠᠳᠠᠯᠢ ᠥᠭᠡᠢ᠂ ᠡᠶᠢᠮᠥ ᠠᠴᠠ ᠪᠠᠭᠰᠢ ᠠᠴᠠ ᠡᠵᠢ ᠶᠢᠨ ᠬᠢᠨᠢ | ᠤᠶᠢᠯᠠᠭᠠᠬᠤ ᠭᠡᠵᠤ ᠪᠠᠶᠢᠭ᠎ᠠ ᠵᠦᠢᠯ ᠪᠤᠯᠤᠨ ᠵᠤᠷᠢᠯᠳᠠ ᠶᠢ ᠰᠠᠶᠢᠨ ᠤᠶᠢᠯᠠᠭᠠᠭᠰᠠᠨ ᠤ ᠰᠡᠭᠦᠯᠡᠷ ᠰᠠᠶ᠋ᠢ ᠭᠡᠷ ᠤᠨ | ᠠᠬᠠᠮᠠᠳ ᠲᠠᠢ ᠰᠢᠭᠤᠳ ᠰᠢᠯᠤᠭᠤᠨ ᠶᠠᠷᠢᠯᠴᠠᠵᠤ ᠪᠤᠯᠤᠨ᠎ᠠ᠃ ᠭᠡᠤᠭᠡᠳ ᠤᠨ ᠪᠤᠳᠠᠳᠠᠢ ᠪᠠᠶᠢᠳᠠᠯ ᠳᠤ ᠲᠤᠬᠢᠷᠠᠭᠤᠯᠵᠤ | ᠭᠡᠷ ᠤᠨ ᠠᠬᠠᠮᠠᠳ ᠲᠠᠢ ᠬᠠᠷᠢᠯᠴᠠᠬᠤ ᠨᠢ ᠭᠡᠷ ᠪᠦᠯᠢ᠂ ᠭᠡᠤᠭᠡᠳ ᠤᠨ ᠡᠯ᠎ᠡ ᠲᠠᠯ᠎ᠠ ᠶᠢᠨ ᠴᠢᠳᠠᠪᠤᠷᠢ ᠶᠢᠨ ᠭᠥᠮᠥᠵᠢᠯ ᠢ | ᠲᠡᠭᠡᠭᠰᠢᠯᠡᠭᠦᠯᠭᠦ ᠳᠤ ᠴᠢᠬᠤᠯᠠ ᠥᠢᠯᠡᠳᠥᠯ ᠲᠠᠢ ᠪᠠᠶᠢᠳᠠᠭ᠃ | ᠭᠤᠷᠪᠠ᠂ ᠭᠥᠯᠢᠴᠡᠩᠭᠦᠢ ᠤᠪᠤᠷ ᠢᠶᠠᠷ ᠭᠡᠷ ᠤᠨ ᠠᠬᠠᠮᠠᠳ ᠲᠠᠢ ᠬᠠᠷᠢᠯᠴᠠᠬᠤ | ᠠᠵᠢᠯ ᠤᠨ ᠲᠤᠮᠳᠠ ᠬᠠᠷᠢᠯᠴᠠᠬᠤ ᠳᠤ ᠭᠥᠴᠢᠷᠳᠡᠢ ᠨᠢᠭᠡ ᠪᠥᠯᠥᠭ ᠭᠡᠷ ᠤᠨ ᠠᠬᠠᠮᠠᠳ ᠪᠠᠶᠢᠳᠠᠭ ᠨᠢ ᠯᠠᠪᠳᠠᠢ | ᠶᠤᠮ᠃ ᠲᠡᠳᠡᠨ ᠤ ᠱᠠᠭᠠᠷᠳᠠᠯᠭ᠎ᠠ ᠮᠠᠰᠢ ᠥᠨᠳᠥᠷ ᠪᠠᠶᠢᠵᠤ ᠦᠬᠡ ᠭᠡᠯᠡ᠂ ᠵᠠᠩ ᠠᠭᠠᠰᠢ ᠶᠢᠨ ᠲᠠᠯ᠎ᠠ ᠠᠴᠠ ᠨᠢ | ᠥᠵᠡᠪᠡᠯ ᠪᠠᠭᠰᠢ ᠳᠤ ᠢᠳᠡᠭᠡᠯ ᠥᠭᠡᠢ ᠪᠤᠶᠤ ᠰᠠᠨᠠᠭ᠎ᠠ ᠠᠮᠤᠷ ᠥᠭᠡᠢ ᠪᠠᠶᠢᠬᠤ ᠪᠠᠶᠢᠳᠠᠯ ᠢᠯᠡᠷᠡᠳᠡᠭ᠃ ᠡᠨᠡ ᠨᠢ ᠵᠠᠷᠢᠮ | ᠭᠡᠷ ᠤᠨ ᠠᠬᠠᠮᠠᠳ ᠭᠡᠤᠭᠡᠳ ᠤᠨ ᠴᠡᠴᠡᠷᠯᠢᠭ ᠤᠨ ᠰᠤᠷᠭᠠᠨ ᠭᠦᠮᠦᠵᠢᠯ ᠢ ᠰᠠᠶᠢᠨ ᠤᠶᠢᠯᠠᠭᠠᠬᠤ ᠥᠭᠡᠢ ᠪᠠᠶᠢᠬᠤ᠂ | ᠭᠡᠤᠭᠡᠳ ᠲᠤ ᠪᠠᠨ ᠭᠡᠳᠤ ᠦᠨᠳᠤᠷ ᠱᠠᠭᠠᠷᠳᠠᠯᠭ᠎ᠠ ᠲᠠᠯᠪᠢᠵᠤ ᠪᠠᠶᠢᠭ᠎ᠠ ᠶᠢᠨ ᠢᠯᠠᠷᠠᠯ ᠪᠠᠶᠢᠵᠤ ᠮᠡᠳᠡᠨ᠎ᠡ᠃ | ᠡᠳᠥᠷ ᠲᠤᠳᠤᠮ ᠤᠨ ᠠᠮᠢᠳᠤᠷᠠᠯ ᠲᠤᠮᠳᠠ ᠭᠡᠤᠭᠡᠳ ᠢ ᠠᠩᠬᠠᠷᠴᠤ ᠠᠵᠢᠭᠯᠠᠬᠤ ᠨᠢ ᠲᠤᠩ ᠴᠢᠬᠤᠯᠠ | ᠮᠥᠷᠳᠡᠭᠡᠨ ᠢᠩᠭᠢᠪᠡᠯ ᠰᠠᠶ᠋ᠢ ᠭᠡᠷ ᠤᠨ ᠠᠬᠠᠮᠠᠳ ᠤᠨ ᠶᠠᠮᠠᠷ ᠨᠢᠭᠡᠨ ᠠᠰᠠᠭᠤᠯᠳᠠ ᠳᠤ ᠴᠤ ᠭᠡᠰᠡᠨ ᠰᠠᠭᠠᠳ ᠬᠠᠷᠰᠢ | ᠥᠭᠡᠢ ᠪᠠᠷ ᠰᠢᠭᠤᠳ ᠰᠢᠯᠤᠭᠤᠨ ᠬᠠᠷᠢᠭᠤᠯᠳᠠ ᠶᠢ ᠥᠭᠴᠤ ᠲᠡᠶᠢᠯᠭᠦ ᠶᠤᠮ᠃ ᠭᠡᠭᠦ ᠮᠥᠷᠳᠡᠭᠡᠨ ︽ᠲᠠᠪᠠᠭᠤ ᠰᠠᠶᠢᠨ︾ | ᠭᠡᠭᠦ ᠬᠤᠶᠠᠷ ᠥᠭᠡ ᠪᠠᠷ ᠠᠰᠠᠭᠤᠳᠠᠯ ᠢ ᠰᠢᠢᠳᠪᠥᠷᠢᠯᠡᠭᠦ ᠪᠢᠰᠢ᠂ ᠬᠠᠷᠢᠨ ᠭᠡᠤᠭᠡᠳ ᠤᠨ ᠥᠪᠡᠷ ᠤᠨ ᠭᠢᠨᠢ ᠢᠯᠡᠷᠡᠯ | ᠪᠠ ᠥᠢᠯᠡ ᠶᠠᠪᠤᠳᠠᠯ ᠤᠨ ᠳ᠋ᠥᠩᠨᠡᠯᠳᠡ ᠨᠢ ᠰᠠᠶ᠋ᠢ ᠭᠡᠷ ᠤᠨ ᠠᠬᠠᠮᠠᠳ ᠤᠨ ᠵᠢᠩᠭᠢᠨᠢ ᠪᠠᠷ ᠮᠡᠳᠡᠵᠤ ᠠᠪᠤᠶ᠎ᠠ ᠭᠡᠵᠤ | ᠪᠤᠳᠤᠭᠰᠠᠨ ᠪᠤᠳᠤᠯ ᠨᠢ ᠪᠠᠶᠢᠬᠤ ᠶᠤᠰᠤᠳᠠᠢ᠃ ᠭᠡᠷ ᠤᠨ ᠠᠬᠠᠮᠠᠳ ᠪᠠᠭᠰᠢ ᠨᠠᠷ ᠲᠠᠢ ᠬᠠᠷᠢᠯᠴᠠᠬᠤ ᠲᠤᠳᠤᠮ ᠢᠶᠠᠨ | ᠪᠠᠭᠰᠢ ᠨᠠᠷ ᠤᠨ ᠭᠥᠯᠢᠴᠡᠩᠭᠦᠢ ᠴᠢᠨᠠᠷ ᠪᠠ ᠬᠠᠷᠢᠭᠤᠴᠠᠯᠭᠠᠳᠤ ᠰᠡᠳᠬᠢᠯ ᠢ ᠭᠦᠭᠵᠢᠭᠡᠳᠡᠭ᠃ | ᠲᠥᠷᠪᠡ᠂ ᠭᠡᠷ ᠤᠨ ᠠᠬᠠᠮᠠᠳ ᠲᠠᠢ ᠬᠠᠷᠢᠴᠠᠭ᠎ᠠ ᠪᠠᠨ ᠨᠢᠬᠳᠠᠷᠠᠭᠤᠯᠬᠤ | ᠵᠠᠷᠢᠮ ᠦᠶᠡᠰ ᠨᠠᠪᠳᠠᠷᠠᠯᠴᠠᠭᠦ ᠳᠤ ᠭᠥᠴᠢᠷᠲᠠᠢ᠂ ᠮᠠᠳᠠᠭᠲᠠᠢ ᠠᠰᠠᠭᠤᠳᠠᠯ ᠲᠤᠯᠭᠠᠷᠠᠪᠠᠯ ᠭᠡᠷ ᠤᠨ | ᠠᠬᠠᠮᠠᠳ ᠤᠨ ᠰᠠᠨᠠᠭᠠᠨ ᠳᠤ ᠨᠢ ᠲᠤᠯᠳᠠᠯ᠎ᠠ ᠬᠠᠷᠢᠭᠤᠯᠳᠠ ᠦᠭᠴᠦ ᠲᠡᠶᠢᠯᠭᠦ ᠥᠭᠡᠢ ᠪᠠᠶᠢᠳᠠᠯ ᠭᠠᠷᠳᠠᠬ᠃ | ᠡᠶᠢᠮᠥ ᠠᠴᠠ ᠪᠠᠭᠰᠢ ᠨᠠᠷ ᠵᠠᠪᠠᠯ ᠠᠪᠤ ᠡᠵᠢ ᠶᠢᠨ ᠬᠢᠨᠢ ᠵᠤᠭᠰᠤᠴᠠ᠂ ᠰᠡᠳᠭᠢᠯᠭᠡ ᠪᠠ ᠱᠠᠭᠠᠷᠳᠠᠯᠭ᠎ᠠ ᠪᠠᠷ ᠭᠡᠤᠭᠡᠳ | ᠨᠢᠭᠡ ᠪᠥᠷᠢ ᠳᠤ ᠠᠳᠠᠯᠢᠬᠠᠨ ᠬᠠᠨᠳᠤᠬᠤ ᠭᠡᠷᠡᠭᠳᠡᠢ᠃ ᠨᠢᠭᠡᠨ ᠭᠡᠤᠭᠡᠳ ᠨᠢᠭᠡᠳᠥᠯᠳᠡᠢ ᠭᠥᠳᠡᠯᠭᠡᠭᠡᠨ ᠳᠤ ᠤᠷᠤᠯᠴᠠᠵᠤ | ᠪᠠᠶᠢᠭᠠᠳ ᠰᠠᠨᠠᠮᠰᠠᠷ ᠥᠭᠡᠢ ᠤᠶᠢᠴᠢᠵᠤ ᠬᠤᠷᠤᠭᠤᠨ ᠠᠴᠠ ᠨᠢ ᠴᠢᠰᠤ ᠭᠠᠷᠤᠭᠰᠠᠨ ᠶᠠᠪᠤᠳᠠᠯ ᠢᠶᠠᠷ ᠵᠢᠱᠢᠶᠡᠯᠡᠶ᠎ᠡ᠃ | ᠭᠡᠷᠪᠡ ᠡᠶᠢᠮᠦᠷᠭᠦᠦ ᠪᠠᠶᠢᠳᠠᠯ ᠲᠤᠬᠢᠶᠠᠯᠳᠤᠪᠠᠯ ᠭᠡᠷ ᠤᠨ ᠠᠬᠠᠮᠠᠳ ᠭᠡᠤᠭᠡᠳ ᠢᠶᠠᠨ ᠦᠵᠡᠭᠡᠳ ᠥᠷᠥ ᠡᠪᠡᠳᠭᠦ᠂ | ᠬᠠᠶᠢᠷᠠᠯᠠᠬᠤ ᠴᠠᠭᠠᠰᠢᠯᠠᠭᠠᠳ ᠠᠭᠤᠷᠯᠠᠵᠤ ᠮᠠᠳᠠᠨ᠎ᠠ᠃ ᠡᠨᠡ ᠭᠦ ᠪᠠᠶᠢᠳᠠᠯ ᠲᠤᠤᠷ᠎ᠠ ᠪᠠᠭᠰᠢ ᠠᠴᠠ ᠲᠤᠰ ᠤᠴᠢᠷ ᠢ | ᠶᠠᠯᠢᠮ ᠦᠭᠡᠢ ᠠᠰᠠᠭᠤᠳᠠᠯ ᠪᠤᠶᠤ ᠶᠠᠮᠠᠷ ᠴᠤ ᠶᠠᠪᠤᠳᠠᠯ ᠭᠠᠷᠤᠭᠰᠠᠨ ᠥᠭᠡᠢ ᠰᠢᠭ ᠢᠶᠠᠷ ᠭᠡᠤᠭᠡᠳ ᠢ ᠬᠠᠮᠢᠶᠠᠷᠬᠤ | ᠥᠭᠡᠢ᠂ ᠭᠡᠷ ᠤᠨ ᠠᠬᠠᠮᠠᠳ ᠲᠤ ᠨᠢ ᠴᠦ ᠮᠡᠳᠡᠭᠳᠡᠭᠦ ᠥᠭᠡᠢ ᠪᠠᠶᠢᠪᠠᠯ᠂ ᠭᠡᠷ ᠤᠨ ᠠᠬᠠᠮᠠᠳ ᠤᠨ ᠵᠢᠮᠠᠯᠡᠯ ᠢ ᠤᠯᠵᠤ᠂ | ᠪᠠᠭᠰᠢ ᠪᠠ ᠭᠡᠷ ᠤᠨ ᠠᠬᠠᠮᠠᠳ ᠤᠨ ᠬᠠᠷᠢᠴᠠᠭ᠎ᠠ ᠶᠢ ᠠᠮᠠᠷᠬᠠᠨ ᠰᠤᠯᠠᠷᠠᠭᠤᠯᠳᠠᠬ ᠶᠤᠮ᠃ ᠭᠡᠷᠪᠡ ᠪᠠᠭᠰᠢ ᠨᠠᠷ ᠭᠡᠷ ᠤᠨ | ᠠᠬᠠᠮᠠᠳ ᠤᠨ ᠵᠤᠭᠰᠤᠴᠠ ᠠᠴᠠ ᠭᠡᠤᠭᠡᠳ ᠢ ᠦᠷᠦ ᠡᠪᠡᠳᠦᠨ ᠭᠥᠭᠡᠷᠥᠭᠦ᠋ᠢᠯᠡᠵᠤ᠂ ᠠᠷᠭᠠᠳᠠᠨ ᠰᠠᠨᠠᠵᠤ | ᠲᠠᠶᠢᠳᠬᠤᠷᠠᠭᠤᠯᠬᠤ ᠮᠦᠷᠳᠡᠭᠡᠨ ᠭᠡᠷ ᠤᠨ ᠠᠬᠠᠮᠠᠳ ᠲᠤ ᠴᠠᠭ ᠲᠤᠬᠠᠢ ᠳᠤ ᠨᠢ ᠮᠡᠳᠡᠭᠳᠡᠴᠢᠭᠡᠪᠡᠯ ᠭᠡᠷ ᠤᠨ ᠠᠬᠠᠮᠠᠳ | ᠴᠦ ᠲᠤᠰ ᠤᠴᠢᠷ ᠢ ᠵᠦᠪ ᠢᠶᠠᠷ ᠤᠢᠢᠯᠠᠭᠠᠵᠤ ᠬᠠᠮᠳᠤ ᠪᠠᠷ ᠠᠰᠠᠭᠤᠳᠠᠯ ᠢ ᠰᠢᠢᠳᠪᠤᠷᠢᠯᠠᠵᠤ ᠴᠢᠳᠠᠨ᠎ᠠ᠃ | ᠭᠡᠤᠭᠡᠳ ᠤᠨ ᠭᠥᠮᠥᠵᠢᠯ ᠳᠤ ᠪᠠᠭᠰᠢ ᠪᠠ ᠭᠡᠷ ᠤᠨ ᠠᠬᠠᠮᠠᠳ ᠨᠢᠬᠳᠠ ᠤᠶᠠᠯᠳᠤᠬᠤ ᠭᠡᠷᠡᠭᠳᠡᠢ ᠲᠤᠯᠠ ᠪᠠᠭᠰᠢ | ᠨᠠᠷ ᠠᠴᠠ ᠭᠡᠷ ᠤᠨ ᠠᠬᠠᠮᠠᠳ ᠲᠠᠢ ᠬᠠᠷᠢᠯᠴᠠᠬᠤ ᠶᠢ ᠭᠥᠩᠭᠡᠪᠴᠢᠯᠡᠨ ᠥᠵᠡᠵᠤ ᠪᠤᠯᠬᠤ ᠥᠭᠡᠢ᠃ ᠤᠳᠤ ᠶᠢᠨ ᠭᠡᠷ ᠤᠨ | ᠠᠬᠠᠮᠠᠳ ᠭᠡᠤᠭᠡᠳ ᠢᠶᠠᠨ ᠭᠡᠳᠥᠷᠭᠡᠢ ᠬᠠᠶᠢᠷᠠᠯᠠᠵᠤ᠂ ᠰᠢᠮᠡᠳᠡᠢ ᠶᠢ ᠢᠳᠡᠭᠦᠯᠥᠨ ᠥᠩᠭᠡ ᠲᠠᠢ ᠶᠢ ᠡᠮᠥᠰᠭᠡᠵᠤ᠂ ᠭᠥᠮᠥᠨ | ᠪᠤᠯᠭᠠᠨ ᠤ ᠬᠠᠶᠢᠷ᠎ᠠ ᠶᠢ ᠲᠠᠳᠠᠬᠤ ᠶᠢ ᠭᠥᠰᠡᠭᠦ ᠠᠴᠠ ᠪᠢᠰᠢ᠂ ᠥᠴᠥᠭᠡᠨ ᠴᠤ ᠬᠠᠯᠠ ᠠᠮᠰᠠᠬᠤ ᠶᠢ ᠭᠥᠯᠢᠶᠡᠭᠦ ᠥᠭᠡᠢ | ᠪᠠᠶᠢᠳᠠᠭ᠃ ᠴᠡᠴᠡᠷᠯᠢᠭ ᠲᠤ ᠠᠩᠬ᠎ᠠ ᠢᠷᠡᠭᠰᠡᠨ ᠭᠡᠤᠭᠡᠳ ᠵᠠᠩ ᠠᠭᠠᠰᠢ ᠲᠤᠭᠰᠢᠨ᠂ ᠪᠢᠴᠢᠬᠠᠨ ᠨᠥᠭᠦᠳ ᠲᠠᠢ ᠪᠠᠨ | ᠡᠶᠡᠯᠳᠡᠭ ᠢᠶᠠᠷ ᠬᠠᠷᠢᠯᠴᠠᠵᠤ ᠴᠢᠳᠠᠬᠤ ᠥᠭᠡᠢ ᠪᠤᠯᠬᠤᠷ ᠨᠢᠭᠡᠨ ᠨᠢᠭᠡᠨ ᠢᠶᠠᠨ ᠮᠠᠭᠠᠵᠢᠬᠤ᠂ ᠬᠠᠵᠠᠬᠤ᠂ ᠲᠥᠯᠭᠢᠨ | ᠤᠨᠠᠭᠠᠬᠤ ᠵᠡᠷᠭᠡ ᠶᠠᠪᠤᠳᠠᠯ ᠡᠳᠥᠷ ᠲᠤ ᠪᠠᠨ ᠲᠠᠰᠤᠷᠠᠬᠤ ᠥᠭᠡᠢ ᠭᠠᠷᠳᠠᠭ᠃ ᠢᠩᠭᠢᠭᠡᠳ ᠵᠠᠷᠢᠮ ᠭᠡᠷ ᠤᠨ | ᠠᠬᠠᠮᠠᠳ ᠨᠢ ᠭᠡᠤᠭᠡᠳ ᠤᠳ ᠤᠨ ᠡᠮᠥᠨ᠎ᠡ ᠪᠠᠭᠰᠢ ᠨᠠᠷ ᠲᠠᠢ ᠭᠡᠷᠡᠯᠳᠥᠨ ᠮᠠᠷᠭᠤᠯᠳᠤᠬᠤ ᠪᠠᠶᠢᠳᠠᠯ ᠴᠦ ᠭᠠᠷᠳᠠᠬ | ᠪᠠᠶᠢᠨ᠎ᠠ᠃ ᠢᠢᠮᠥ ᠪᠠᠶᠢᠳᠠᠯ ᠲᠤᠤᠷ᠎ᠠ ᠲᠤᠷᠰᠢᠯᠭ᠎ᠠ ᠮᠡᠭᠦᠰ ᠵᠠᠯᠠᠭᠤ ᠪᠠᠭᠰᠢ ᠨᠠᠷ ᠶᠠᠭᠠᠭᠢᠬᠤ ᠪᠠᠨ ᠤᠯᠬᠤ ᠥᠭᠡᠢ | ᠪᠤᠯᠵᠤ ᠠᠯᠢᠶ᠎ᠠ ᠲᠦᠢᠳᠭᠡᠷ ᠭᠡᠤᠭᠡᠳ ᠢ ︽ᠪᠢᠳᠡᠭᠡᠢ ᠢᠷᠡᠭᠡᠰᠡᠢ︾ ᠭᠡᠵᠤ ᠵᠠᠯᠪᠠᠷᠢᠳᠠᠭ᠂ ᠥᠨᠡᠨ ᠳᠤ ᠪᠠᠨ ᠡᠨᠡ | ᠵᠥᠷᠢᠴᠡᠯ ᠢ ᠰᠢᠢᠳᠪᠥᠷᠢᠯᠡᠭᠦ ᠳᠤ ᠲᠡᠶᠢᠮᠥ ᠭᠥᠴᠢᠷ ᠪᠢᠰᠢ᠂ ᠴᠡᠴᠡᠷᠯᠢᠭ ᠡᠭᠢᠯᠡᠭᠰᠡᠨ ᠤ ᠲᠠᠷᠠᠭᠠᠬᠠᠨ ᠠᠩᠭᠢ ᠶᠢᠨ | ᠬᠤᠷᠠᠯ ᠭᠢᠵᠤ ᠭᠡᠷ ᠤᠨ ᠠᠬᠠᠮᠠᠳ ᠲᠤ ᠡᠳᠡᠭᠡᠷ ᠭᠠᠷᠴᠤ ᠮᠡᠳᠡᠭᠦ ᠤᠴᠢᠷ ᠢ ᠤᠷᠢᠳᠴᠢᠯᠠᠨ ᠭᠡᠯᠡᠵᠤ ᠥᠭᠭᠦᠭᠡᠳ᠂ | ᠲᠡᠳᠡᠨ ᠤ ᠠᠭᠤᠴᠢᠯᠠᠯ ᠲᠡᠮᠵᠢᠯᠭᠡ ᠶᠢ ᠭᠥᠰᠡᠭᠦ ᠭᠡᠷᠡᠭᠳᠡᠢ᠃ ᠥᠨᠡᠨ ᠢ ᠭᠡᠯᠡᠪᠡᠯ ᠨᠢᠭᠡ ᠠᠩᠭᠢ ᠶᠢᠨ ᠭᠤᠷᠪᠠᠨ ᠪᠠᠭᠰᠢ | ᠭᠡᠷᠭᠢᠨ ᠭᠤᠴᠢ ᠲᠥᠴᠢᠨ ᠭᠡᠤᠭᠡᠳ ᠤᠨ ᠭᠥᠳᠡᠯᠥᠯ ᠨᠢᠭᠡ ᠪᠥᠷᠢ ᠶᠢ ᠭᠢᠨᠠᠨ ᠬᠠᠮᠢᠶᠠᠷᠴᠤ ᠲᠡᠶᠢᠯᠭᠦ ᠪᠤᠢ ᠳ᠋ᠠ᠂ | ᠡᠶᠢᠮᠥ ᠠᠴᠠ ᠨᠢᠭᠡ ᠪᠤᠯ ᠤᠷᠢᠳᠴᠢᠯᠠᠨ ᠰᠡᠷᠭᠡᠶᠢᠯᠡᠨ᠎ᠡ᠂ ᠲᠠᠷᠤᠢ ᠭᠡᠤᠭᠡᠳ ᠤᠨ ᠭᠢᠮᠤᠰᠤ ᠶᠢ ᠬᠠᠶᠢᠴᠢᠯᠠᠨ ᠵᠠᠰᠠᠵᠤ᠂ | ᠭᠡᠳᠥᠷᠭᠡᠢ ᠠᠯᠢᠶ᠎ᠠ ᠭᠡᠤᠭᠡᠳ ᠢ ᠪᠠᠶ᠎ᠠ ᠠᠴᠠ ᠪᠠᠨ ᠤᠶᠢᠷᠠᠬᠠᠨ ᠪᠠᠶᠢᠯᠭᠠᠨ᠎ᠠ᠃ ᠭᠡᠤᠭᠡᠳ ᠤᠳ ᠲᠤ ᠪᠠᠭ᠎ᠠ | ᠨᠥᠭᠦᠳ ᠲᠠᠢ ᠪᠠᠨ ᠡᠶ᠎ᠡ ᠨᠠᠶᠢᠷᠳᠠᠢ ᠨᠠᠭᠠᠳᠤᠨ ᠲᠤᠭᠯᠠᠬᠤ ᠶᠢ ᠵᠢᠭᠠᠨ ᠥᠭᠴᠤ᠂ ᠪᠤᠯᠪᠠᠰᠤᠨ ᠮᠤᠷᠠᠯ ᠲᠠᠢ | ᠭᠡᠤᠭᠡᠳ ᠲᠤ ᠤᠯᠠᠭᠠᠨ ᠬᠤᠸᠠᠷ ᠵᠡᠭᠦᠯᠭᠡᠨ᠂ ᠪᠤᠰᠤᠳ ᠲᠤ ᠪᠠᠨ ᠲᠠᠭᠤᠷᠢᠶᠠᠯ ᠪᠤᠯᠭᠠᠨ᠎ᠠ᠃ ᠨᠢᠭᠡᠨᠳᠡ ᠭᠠᠷᠤᠭᠰᠠᠨ | ᠤᠴᠢᠷ ᠢ ᠡᠶ᠎ᠡ ᠡᠪᠳᠡᠢ ᠰᠢᠢᠳᠪᠥᠷᠢᠯᠡᠵᠤ᠂ ᠭᠡᠷ ᠤᠨ ᠠᠬᠠᠮᠨᠳ ᠲᠤ ᠭᠥᠩᠭᠡᠮᠰᠥᠭ ᠤᠪᠤᠷ ᠢᠶᠠᠷ ᠨᠠᠷᠢᠨ ᠲᠠᠶᠢᠯᠪᠤᠷᠢᠯᠠᠵᠤ᠂ | ᠲᠡᠳᠡᠨ ᠤ ᠠᠭᠤᠴᠢᠯᠠᠯ ᠢ ᠤᠯᠬᠤ ᠪᠠᠷ ᠴᠢᠷᠮᠠᠶᠢᠬᠤ ᠭᠡᠷᠡᠭᠳᠡᠢ᠃ ᠭᠡᠷ ᠤᠨ ᠠᠬᠠᠮᠠᠳ ᠥᠷᠯᠥᠭᠡ ᠪᠥᠷᠢ ᠭᠡᠤᠭᠡᠳ ᠢᠶᠠᠨ | ᠭᠥᠷᠭᠡᠵᠤ᠂ ᠤᠷᠤᠢ ᠪᠤᠯᠭᠠᠨ ᠲᠤᠰᠴᠤ ᠪᠠᠶᠢᠬᠤ ᠲᠤᠯᠠ ᠲᠡᠳᠡᠨ ᠲᠠᠢ ᠠᠭᠤᠯᠵᠠᠵᠤ ᠤᠴᠠᠷᠠᠬᠤ ᠵᠠᠪᠰᠢᠶᠠᠨ ᠮᠤᠩᠳᠠᠬᠤ | ᠥᠭᠡᠢ᠂ ᠪᠠᠭᠰᠢ ᠨᠠᠷ ᠭᠥᠳᠡᠯᠥᠩᠭᠦᠢ ᠪᠠᠷ ᠭᠡᠷ ᠤᠨ ᠠᠬᠠᠮᠠᠳ ᠲᠤ ᠭᠡᠤᠭᠡᠳ ᠤᠨ ᠭᠢᠨᠢ ᠴᠡᠴᠡᠷᠯᠢᠭ ᠲᠤ ᠬᠢ ᠢᠯᠡᠷᠡᠯ ᠢ | ᠶᠠᠷᠢᠵᠤ᠂ ᠤᠷᠢᠳ ᠢᠶᠠᠷ ᠲᠠᠪᠠᠭᠤᠯᠢᠭ ᠲᠠᠯ᠎ᠠ ᠶᠢ ᠨᠢ ᠲᠤᠭᠠᠴᠢᠭᠠᠳ᠂ ᠭᠥᠷᠥᠯᠴᠡᠭᠦ ᠥᠭᠡᠢ ᠵᠥᠢᠯ ᠢ ᠨᠢ | ᠲᠠᠭᠠᠯᠳᠤᠭᠤᠯᠪᠠᠯ ᠭᠡᠷ ᠤᠨ ᠠᠬᠠᠮᠠᠳ ᠭᠥᠯᠢᠶᠡᠨ ᠠᠪᠳᠠᠭ᠃ ᠭᠡᠤᠭᠡᠳ ᠤᠨ ᠲᠡᠪᠰᠢᠯᠳᠠ ᠶᠢ ᠵᠥᠪᠭᠡᠨ ᠭᠡᠤᠭᠡᠳ ᠲᠤ | ᠯᠠ ᠪᠢᠰᠢ ᠭᠡᠷ ᠤᠨ ᠠᠬᠠᠮᠠᠳ ᠲᠤ ᠨᠢ ᠭᠡᠯᠡᠵᠤ ᠪᠠᠶᠢᠬᠤ ᠨᠢ ᠲᠤᠩ ᠴᠢᠬᠤᠯᠠ᠂ ᠭᠡᠤᠭᠡᠳ ᠢᠶᠠᠨ ᠬᠠᠶᠢᠷᠠᠯᠠᠬᠤ ᠶᠢᠨ | ᠵᠤᠷᠢᠯᠭ᠎ᠠ ᠨᠢ ᠭᠥᠮᠥᠵᠢᠭᠦᠯᠭᠦ ᠳᠤ ᠪᠠᠶᠢᠳᠠᠭ ᠭᠡᠭᠴᠢ ᠶᠢ ᠭᠡᠷ ᠤᠨ ᠠᠬᠠᠮᠠᠳ ᠲᠤ ᠥᠷᠭᠦᠯᠵᠢ ᠰᠤᠷᠳᠠᠯᠴᠢᠯᠠᠵᠤ᠂ | ᠭᠡᠤᠭᠡᠳ ᠢᠶᠠᠨ ᠰᠠᠭᠠᠳᠠᠯ ᠥᠭᠡᠢ ᠭᠥᠷᠭᠡᠵᠤ ᠢᠷᠡᠭᠦ ᠶᠢ ᠰᠠᠨᠠᠭᠤᠯᠤᠨ᠂ ᠤᠴᠢᠷ ᠶᠠᠪᠤᠳᠠᠯ ᠲᠠᠭᠠᠷᠠᠭᠰᠠᠨ ᠪᠤᠯ ᠡᠷᠭᠡᠪᠰᠢ | ᠴᠢᠯᠥᠭᠡ ᠠᠪᠬᠤ ᠭᠡᠷᠡᠭᠳᠡᠢ ᠭᠡᠳᠡᠭ ᠢ ᠴᠡᠭᠡᠵᠢᠯᠡᠭᠦᠯᠵᠤ᠂ ᠪᠠᠭᠰᠢ ᠠᠴᠠ ᠭᠡᠷ ᠤᠨ ᠠᠬᠠᠮᠠᠳ ᠲᠤ ᠲᠠᠭᠠᠭᠠᠯᠭᠠᠭᠰᠠᠨ | ᠡᠭᠦᠷᠭᠡ ᠶᠢ ᠢᠳᠡᠪᠭᠢᠳᠡᠢ ᠪᠠᠶᠠᠯᠡᠭᠦᠯᠭᠦ ᠪᠤᠯ ᠭᠡᠷ ᠤᠨ ᠠᠬᠠᠮᠠᠳ ᠪᠤᠯᠤᠭᠰᠠᠳ ᠤᠨ ᠬᠠᠷᠢᠭᠤᠴᠠᠯᠭ᠎ᠠ ᠮᠥᠨ ᠭᠡᠳᠡᠭ ᠢ | ᠮᠡᠳᠡᠭᠦᠯᠭᠦ ᠶᠢᠨ ᠬᠠᠮᠳᠤ ᠪᠠᠭᠰᠢ ᠶᠢ ᠬᠠᠪᠰᠤᠷᠴᠤ ᠭᠡᠤᠭᠡᠳ ᠲᠤ ᠪᠠᠨ ᠵᠥᠪ ᠲᠠᠯ᠎ᠠ ᠶᠢᠨ ᠭᠥᠮᠥᠵᠢᠯ ᠭᠢᠭᠦ ᠶᠢ ᠢᠯᠡᠭᠦᠥ | ᠠᠩᠬᠠᠷᠤᠭᠤᠯᠤᠨ᠎ᠠ᠃ ᠭᠡᠷ ᠤᠨ ᠠᠬᠠᠮᠠᠳ ᠲᠠᠢ ᠬᠠᠷᠢᠯᠴᠠᠬᠤ ᠲᠠᠪᠴᠠᠩ ᠲᠡᠭᠡᠷ᠎ᠡ ᠰᠠᠷ᠎ᠠ ᠪᠤᠯᠭᠠᠨ ᠰᠢᠨ᠎ᠡ ᠰᠡᠪᠡᠭᠦᠨ | ᠠᠭᠤᠯᠭ᠎ᠠ ᠲᠠᠢ᠂ ᠠᠩᠭᠢ ᠶᠢᠨ ᠭᠡᠤᠭᠡᠳ ᠤᠨ ᠢᠶᠠᠨ ᠤᠳᠤᠭᠢ ᠪᠠᠶᠢᠳᠠᠯ ᠳᠤ ᠲᠤᠭᠢᠷᠠᠭᠰᠠᠨ ᠤᠬᠤᠷ ᠠᠪᠰᠠᠷᠬᠠᠨ | ᠥᠭᠦᠯᠡᠯ ᠭᠠᠷᠭᠠᠵᠤ ᠰᠤᠷᠤᠯᠴᠠᠭᠤᠯᠬᠤ ᠶᠢᠨ ᠬᠠᠮᠳᠤ ᠰᠤᠷᠭᠠᠭᠤᠯᠢ ᠶᠢᠨ ᠨᠠᠰᠤᠨ ᠠᠴᠠ ᠡᠮᠥᠨᠡᠭᠢ ᠭᠡᠤᠭᠡᠳ ᠤᠨ | ᠰᠤᠷᠭᠠᠨ ᠭᠥᠮᠥᠵᠢᠯ ᠤᠨ ᠲᠤᠬᠠᠢ ᠨᠤᠮ ᠲᠡᠪᠳᠡᠷ ᠢᠯᠡᠭᠦᠭᠡᠨ ᠤᠩᠰᠢᠭᠠᠷᠠᠢ ᠭᠡᠵᠤ ᠭᠡᠷ ᠤᠨ ᠠᠬᠠᠮᠠᠳ ᠲᠤ | ᠰᠠᠨᠠᠭᠤᠯᠤᠨ᠎ᠠ᠃ | ᠲᠠᠪᠤ᠂ ᠭᠡᠤᠭᠡᠳ ᠢ ᠭᠥᠮᠥᠵᠢᠭᠦᠯᠭᠦ ᠠᠷᠭ᠎ᠠ ᠠᠪᠴᠠᠯ ᠢ ᠭᠡᠷ ᠤᠨ ᠠᠬᠠᠮᠠᠳ ᠲᠠᠢ ᠰᠤᠳᠤᠯᠤᠨ ᠶᠠᠷᠢᠯᠴᠠᠬᠤ | ᠤᠯᠠᠩᠭᠢ ᠭᠡᠷ ᠤᠨ ᠠᠬᠠᠮᠠᠳ ᠨᠢ ᠭᠡᠤᠭᠡᠳ ᠤᠨ ᠨᠠᠰᠤᠨ ᠤ ᠤᠨᠴᠠᠯᠢᠭ ᠤᠨ ᠲᠤᠬᠠᠢ ᠤᠶᠢᠯᠠᠭᠠᠯᠳᠠ ᠲᠤᠳᠠᠮᠠᠭ | ᠪᠠᠶᠢᠵᠤ᠂ ᠭᠡᠤᠭᠡᠳ ᠢ ᠶᠠᠭᠠᠭᠢᠵᠤ ᠭᠥᠮᠥᠵᠢᠭᠦᠯᠭᠦ ᠪᠠᠨ ᠲᠤᠳᠤᠷᠬᠠᠢ ᠮᠡᠳᠡᠭᠦ ᠥᠭᠡᠢ᠂ ᠭᠡᠤᠭᠡᠳ ᠢ ᠶᠠᠮᠠᠷ ᠭᠡᠯᠪᠡᠷᠢ ᠪᠠᠷ | ᠶᠠᠭᠠᠭᠢᠵᠤ ᠭᠥᠮᠥᠵᠢᠭᠦᠯᠭᠦ ᠶᠢ ᠭᠥᠢᠴᠡᠳ ᠤᠶᠢᠯᠠᠭᠠᠬᠤ ᠥᠭᠡᠢ ᠪᠠᠶᠢᠳᠠᠭ᠃ ᠭᠡᠤᠭᠡᠳ ᠢ ᠭᠥᠮᠥᠵᠢᠭᠦᠯᠭᠦ ᠳᠤ ᠰᠠᠶᠢᠨ ᠢ | ᠢᠳᠡᠭᠦᠯᠵᠤ᠂ ᠡᠮᠥᠰᠥᠭᠦᠯᠵᠤ᠂ ᠡᠳ᠋ᠯᠡᠭᠦᠯᠵᠤ᠂ ᠨᠠᠭᠠᠳᠤᠭᠤᠯᠵᠤ᠂ ᠡᠷᠭᠡ ᠲᠤᠷ᠎ᠠ ᠪᠠᠷ ᠨᠢ ᠪᠠᠶᠢᠯᠭᠠᠵᠤ᠂ ᠡᠪᠡᠳᠴᠢᠯᠡᠭᠦ | ᠥᠭᠡᠢ᠂ ᠭᠢᠮᠤᠷᠠᠬᠤ ᠥᠭᠡᠢ ᠪᠠᠶᠢᠪᠠᠯ ᠪᠤᠯᠴᠢᠬᠠᠨ᠎ᠠ ᠭᠡᠵᠤ ᠪᠤᠳᠤᠳᠠᠭ ᠪᠤᠷᠤᠭᠤ ᠥᠵᠡᠯᠳᠡ ᠲᠠᠢ ᠪᠠᠶᠢᠳᠠᠭ᠃ | ᠲᠡᠭᠡᠭᠦᠯᠡᠷ ᠴᠡᠴᠡᠷᠯᠢᠭ ᠤᠨ ᠪᠠᠭᠰᠢ ᠪᠤᠯ ᠭᠡᠤᠭᠡᠳ ᠢ ᠠᠰᠠᠷᠠᠵᠤ ᠭᠥᠮᠥᠵᠢᠭᠦᠯᠭᠦ ᠪᠠᠷ ᠲᠠᠮᠵᠢᠵᠤ ᠮᠥᠨ ᠴᠤ | ᠠᠳᠠᠯᠢᠬᠠᠨ ᠢᠶᠠᠷ ᠡᠯ᠎ᠡ ᠵᠥᠢᠯ ᠤᠨ ᠠᠷᠭ᠎ᠠ ᠮᠠᠶ᠋ᠢᠭ ᠪᠠ ᠰᠡᠩᠭᠡᠷᠡᠭᠦᠯᠭᠦ ᠠᠷᠭ᠎ᠠ ᠠᠪᠴᠠᠯ ᠢᠶᠠᠷ ᠭᠡᠷ ᠤᠨ ᠠᠬᠠᠮᠠᠳ ᠲᠤ | ᠭᠡᠤᠭᠡᠳ ᠤᠨ ᠪᠠᠶ᠎ᠠ ᠰᠡᠳᠭᠢᠴᠡ ᠶᠢ ᠡᠷᠡᠭᠦᠯ ᠢᠶᠠᠷ ᠭᠥᠭᠵᠢᠭᠦᠯᠭᠦ᠂ ᠵᠥᠪ ᠥᠵᠡᠯ ᠰᠠᠨᠠᠭ᠎ᠠ᠂ ᠥᠵᠡᠯᠳᠡ ᠲᠠᠨᠢᠯᠳᠠ ᠶᠢ | ᠰᠤᠷᠳᠠᠯᠴᠢᠯᠠᠨ ᠤᠬᠠᠭᠤᠯᠵᠤ᠂ ᠭᠡᠤᠭᠡᠳ ᠢ ᠵᠥᠪ ᠭᠥᠮᠥᠵᠢᠭᠦᠯᠭᠦ ᠠᠷᠭ᠎ᠠ ᠠᠪᠴᠠᠯ ᠢ ᠵᠢᠯᠤᠭᠤᠳᠬᠤ ᠡᠭᠦᠷᠭᠡ ᠲᠠᠢ | ᠪᠠᠶᠢᠳᠠᠭ᠃ ᠵᠢᠱᠢᠶᠡᠯᠡᠪᠡᠯ᠂ ᠨᠢᠭᠡ ᠭᠡᠷ ᠤᠨ ᠠᠬᠠᠮᠠᠳ᠄ ︽ᠪᠠᠭᠰᠢ ᠡ᠂ ᠡᠨᠡ ᠭᠡᠤᠭᠡᠳ ᠶᠡᠷᠥ ᠳᠤ ᠪᠠᠨ ᠥᠭᠡ | ᠨᠤᠮ ᠢᠶᠠᠷ ᠤᠷᠤᠬᠤ ᠥᠭᠡᠢ᠂ ᠵᠠᠪᠠᠯ ᠡᠳᠥᠷ ᠡᠳᠥᠷ ᠰᠤᠯᠠ ᠢᠳᠡᠭᠡᠨ ᠠᠪᠤᠨ᠎ᠠ ᠭᠡᠵᠤ ᠤᠭᠢᠯᠠᠵᠤ ᠠᠭᠠᠰᠢᠯᠠᠨ᠎ᠠ᠂ | ᠥᠵᠡᠭᠦ ᠥᠭᠡᠢ ᠤᠤ᠂ ᠪᠠᠰᠠ ᠰᠤᠯᠠ ᠢᠳᠡᠭᠡᠨ ᠠᠪᠤᠭᠠᠳ ᠢᠷᠡᠴᠢᠭᠡᠯ᠎ᠡ︾ ᠭᠡᠨ᠎ᠡ᠃ ᠡᠨᠡ ᠥᠶᠡᠰ ᠲᠤ ᠪᠠᠭᠰᠢ ᠠᠴᠠ | ᠵᠠᠪᠠᠯ ᠭᠡᠤᠭᠡᠳ ᠲᠤ ᠡᠳᠥᠷ ᠪᠤᠯᠭᠠᠨ ᠰᠤᠯᠠ ᠢᠳᠡᠭᠡᠨ ᠢᠳᠡᠭᠦ ᠨᠢ ᠰᠢᠮ᠎ᠡ ᠲᠡᠵᠢᠭᠡᠯ ᠥᠭᠡᠢ ᠮᠥᠷᠳᠡᠭᠡᠨ ᠪᠠᠶ᠎ᠠ | ᠮᠠᠬᠠᠪᠤᠳ ᠤᠨ ᠡᠷᠡᠭᠦᠯ ᠴᠢᠭᠢᠷᠠᠭ ᠢ ᠨᠦᠯᠦᠭᠡᠯᠡᠨ᠎ᠡ᠂ ᠲᠠᠶᠢᠮᠦ ᠪᠤᠯᠬᠤᠷ ᠭᠡᠤᠭᠡᠳ ᠤᠨ ᠢᠳᠡᠰᠢ ᠤᠤᠭᠤᠰᠢ ᠰᠢᠮ᠎ᠡ | ᠲᠡᠵᠢᠭᠡᠯ ᠢ ᠴᠠᠭ ᠲᠤᠬᠠᠢ ᠳᠤ ᠨᠢ ᠲᠤᠭᠢᠷᠠᠭᠤᠯᠬᠤ ᠲᠤᠬᠠᠢ ᠭᠡᠷ ᠤᠨ ᠠᠬᠠᠮᠠᠳ ᠲᠤ ᠰᠠᠶᠢᠳᠤᠷ ᠲᠠᠶᠢᠯᠪᠤᠷᠢᠯᠠᠨ ᠶᠠᠷᠢᠵᠤ | ᠦᠭᠭᠦᠨ᠎ᠡ᠃ ᠭᠡᠤᠭᠡᠳ ᠢ ᠵᠥᠪ ᠤᠪᠤᠷ ᠢᠶᠠᠷ ᠶᠠᠷᠢᠵᠤ ᠭᠥᠮᠥᠵᠢᠭᠦᠯᠪᠡᠯ ᠯᠠᠪᠳᠠᠢ ᠵᠤᠷᠢᠯᠭ᠎ᠠ ᠳᠤ ᠪᠠᠨ ᠭᠥᠷᠴᠤ | ᠴᠢᠳᠠᠨ᠎ᠠ ᠭᠡᠭᠦ ᠮᠡᠳᠥ ᠪᠠᠷ ᠤᠴᠢᠷ ᠤᠬᠠᠭᠠᠨ ᠢ ᠶᠠᠷᠢᠵᠤ ᠤᠬᠠᠭᠤᠯᠪᠠᠯ ᠭᠡᠷ ᠤᠨ ᠠᠬᠠᠮᠠᠳ ᠴᠤ ᠡᠨᠡ ᠭᠦ | ᠵᠤᠷᠢᠯᠭ᠎ᠠ ᠳᠤ ᠪᠠᠨ ᠭᠥᠷᠴᠤ ᠴᠢᠳᠠᠬᠤ ᠨᠢ ᠶᠠᠷᠢᠶᠠᠨ ᠥᠭᠡᠢ ᠶᠤᠮ᠃ ᠢᠩᠭᠢᠵᠤ ᠭᠢᠭᠦ ᠨᠢ ᠭᠡᠤᠭᠡᠳ ᠢ ᠵᠣᠳᠤᠬᠤ᠂ | ᠬᠠᠷᠢᠶᠠᠬᠤ ᠠᠴᠠ ᠢᠯᠡᠭᠦᠥ ᠰᠠᠶᠢᠨ ᠥᠷ᠎ᠡ ᠪᠥᠳᠥᠮᠵᠢ ᠲᠠᠢ ᠪᠠᠶᠢᠵᠤ᠂ ᠡᠨᠡ ᠭᠦ ᠶᠠᠪᠤᠳᠠᠯ ᠢᠶᠠᠷ ᠴᠤ ᠭᠡᠷ ᠤᠨ | ᠠᠬᠠᠮᠠᠳ ᠠᠴᠠ ᠭᠡᠤᠭᠡᠳ ᠢᠶᠠᠨ ᠶᠠᠭᠠᠭᠢᠵᠤ ᠭᠥᠮᠥᠵᠢᠭᠦᠯᠭᠦ ᠲᠤᠬᠠᠢ ᠤᠢᠢᠯᠠᠭᠠᠵᠤ᠂ ᠭᠡᠤᠭᠡᠳ᠂ ᠭᠡᠷ ᠤᠨ ᠠᠬᠠᠮᠠᠳ᠂ | ᠪᠠᠭᠰᠢ ᠶᠢᠨ ᠭᠤᠷᠮᠤᠰᠤᠨ ᠬᠠᠷᠢᠴᠠᠭ᠎ᠠ ᠤᠯᠠᠮ ᠲᠤᠳᠤᠨᠤᠰᠤᠭ ᠪᠤᠯᠵᠤ ᠴᠢᠳᠠᠳᠠᠭ᠃ ᠭᠡᠷ ᠤᠨ ᠠᠬᠠᠮᠠᠳ ᠲᠠᠢ | ᠬᠠᠷᠢᠴᠠᠬᠤ ᠠᠵᠢᠯ ᠢ ᠰᠠᠶᠢᠳᠤᠷ ᠭᠢᠭᠦ ᠨᠢ ᠭᠡᠤᠭᠡᠳ ᠢ ᠬᠠᠷᠠᠬᠠᠨ ᠪᠠᠭ᠎ᠠ ᠠᠴᠠ ᠨᠢ ᠡᠷᠡᠭᠦᠯ ᠢᠶᠠᠷ ᠥᠰᠭᠡᠵᠤ | ᠪᠤᠶᠢᠵᠢᠭᠤᠯᠬᠤ ᠳᠤ ᠴᠢᠬᠤᠯᠠ ᠥᠢᠯᠡᠳᠥᠯ ᠥᠵᠡᠭᠦᠯᠳᠡᠭ ᠶᠤᠮ᠃ | 1. ᠭᠡᠯᠡᠵᠤ ᠰᠤᠷᠭᠠᠬᠤ ᠪᠠᠷ ᠭᠤᠤᠯ ᠪᠤᠯᠭᠠᠬᠤ ᠭᠡᠷᠡᠭᠳᠡᠢ᠃ ᠪᠠᠭ᠎ᠠ ᠭᠡᠤᠭᠡᠳ ᠢ ᠭᠥᠮᠥᠵᠢᠭᠦᠯᠭᠦ ᠳᠤ ᠶᠠᠪᠤᠳᠠᠯ | ᠪᠥᠭᠦᠨ ᠤ ᠶᠤᠰᠤ ᠤᠴᠢᠷ ᠢ ᠨᠢ ᠰᠠᠶᠢᠨ ᠲᠠᠶᠢᠯᠪᠤᠷᠢᠯᠠᠨ ᠶᠠᠷᠢᠵᠤ᠂ ᠶᠤᠰᠤ ᠪᠠᠷ ᠰᠤᠷᠭᠠᠬᠤ ᠨᠢ ᠶᠡᠭᠡ ᠴᠢᠬᠤᠯᠠ ᠶᠤᠮ᠃ | ᠪᠢᠴᠢᠬᠠᠨ ᠭᠡᠤᠭᠡᠳ ᠢᠶᠠᠷ ᠶᠠᠮᠠᠷ ᠨᠢᠭᠡᠨ ᠤᠴᠢᠷ ᠶᠠᠪᠤᠳᠠᠯ ᠢ ᠭᠢᠯᠭᠡᠭᠦ ᠳᠤ ᠪᠠᠨ ︽ᠶᠠᠭᠤᠨ ᠳᠤ ᠲᠡᠭᠡᠵᠤ ᠭᠢᠭᠦ | ᠭᠡᠷᠡᠭᠳᠡᠢ ᠪᠤᠢ︖︾᠂ ︽ᠲᠡᠭᠡᠵᠤ ᠭᠢᠭᠦ ᠥᠭᠡᠢ ᠪᠤᠯ ᠶᠠᠭᠠᠭᠢᠭᠠᠳ ᠪᠤᠯᠳᠠᠭ ᠥᠭᠡᠢ ᠪᠤᠢ︖︾ ᠭᠡᠭᠦ ᠤᠴᠢᠷ | ᠶᠤᠰᠤ ᠶᠢ ᠲᠥᠭᠦᠮ ᠢᠶᠠᠷ ᠲᠠᠶᠢᠯᠪᠤᠷᠢᠯᠠᠨ ᠶᠠᠷᠢᠵᠤ ᠥᠭᠪᠡᠯ᠂ ᠲᠡᠳᠡᠨ ᠤ ᠵᠥᠪ ᠪᠤᠷᠤᠭᠤ ᠶᠢ ᠢᠯᠭᠠᠨ ᠲᠠᠨᠢᠬᠤ | ᠴᠢᠳᠠᠪᠤᠷᠢ ᠨᠢ ᠠᠭᠠᠵᠢᠮ ᠢᠶᠠᠷ ᠲᠡᠭᠡᠭᠰᠢᠯᠡᠵᠤ ᠴᠢᠳᠠᠬᠤ ᠶᠤᠮ᠃ ᠵᠢᠱᠢᠶᠡᠯᠡᠪᠡᠯ᠂ ᠭᠡᠤᠭᠡᠳ ᠴᠢᠨᠢ ᠨᠠᠭᠠᠳᠴᠤ ᠪᠠᠶᠢᠭᠠᠳ | ᠲᠤᠭᠯᠠᠭᠠᠮ ᠤᠨ ᠵᠥᠢᠯ ᠢᠶᠠᠨ ᠨᠢᠭᠡ ᠪᠥᠯᠥᠭ ᠢ ᠨᠢ ᠬᠤᠷᠢᠶᠠᠨ ᠠᠪᠤᠭᠰᠠᠨ ᠥᠭᠡᠢ ᠥᠶ᠎ᠡ ᠳᠤ ᠡᠴᠢᠭᠡ ᠡᠭᠡ ᠨᠢ᠄ ︽ | ᠮᠢᠨᠦ ᠭᠦᠦ ᠮᠠᠰᠢ ᠤᠬᠠᠭᠠᠯᠢᠬ ᠪᠠᠶᠢᠨ᠎ᠠ᠂ ᠨᠠᠭᠠᠳᠴᠤ ᠪᠠᠷᠠᠭᠰᠠᠨ ᠤ ᠲᠠᠷᠠᠭ᠎ᠠ ᠪᠠᠰᠠ ᠲᠤᠭᠯᠠᠭᠠᠮ ᠤᠨ ᠵᠥᠢᠯ ᠢᠶᠠᠨ | ᠬᠤᠷᠢᠶᠠᠨ ᠠᠪᠬᠤ ᠶᠢ ᠮᠡᠳᠡᠵᠤ ᠪᠠᠶᠢᠨ᠎ᠠ᠂ ᠭᠡᠪᠡᠴᠤ ᠲᠤᠭᠯᠠᠭᠠᠮ ᠤᠨ ᠵᠥᠢᠯ ᠢᠶᠠᠨ ᠪᠥᠭᠦᠨ ᠢ ᠬᠤᠷᠢᠶᠠᠭᠠᠳ | ᠠᠪᠤᠭᠰᠠᠨ ᠪᠤᠯ ᠨᠡᠩ ᠰᠠᠶᠢᠨ ᠶᠤᠮ︾ ᠭᠡᠵᠤ ᠭᠡᠯᠡᠵᠤ ᠰᠤᠷᠭᠠᠵᠤ ᠪᠤᠯᠤᠨ᠎ᠠ᠃ | 2. ᠡᠴᠢᠭᠡ ᠡᠭᠡ ᠨᠢ ᠪᠠᠶ᠎ᠠ ᠪᠠᠷ ᠢᠶᠠᠨ ᠭᠡᠪ ᠲᠥᠷᠢᠮ ᠥᠵᠡᠭᠦᠯᠭᠦ ᠭᠡᠷᠡᠭᠳᠡᠢ᠂ ᠡᠴᠢᠭᠡ ᠡᠭᠡ ᠶᠢᠨ ᠭᠢᠨᠢ ᠥᠭᠡ | ᠶᠠᠷᠢᠶ᠎ᠠ ᠥᠢᠯᠡ ᠠᠵᠢᠯᠯᠠᠭ᠎ᠠ ᠪᠥᠭᠦᠨ ᠨᠢ ᠥᠷ᠎ᠡ ᠭᠡᠤᠭᠡᠳ ᠲᠤ ᠶᠡᠭᠡ ᠨᠥᠯᠥᠭᠡ ᠪᠤᠯᠳᠠᠭ᠃ ᠭᠡᠤᠭᠡᠳ ᠪᠤᠯ ᠶᠠᠷᠥ ᠨᠢ | ᠲᠠᠭᠤᠷᠢᠶᠠᠮᠠᠳᠠᠭᠠᠢ ᠲᠤᠯᠠ ᠡᠴᠢᠭᠡ ᠡᠭᠡ ᠨᠢ ᠭᠡᠵᠢᠶᠡᠳᠡ ᠪᠠᠶ᠎ᠠ ᠪᠠᠷ ᠢᠶᠠᠨ ᠭᠡᠪ ᠲᠥᠷᠢᠮ ᠥᠵᠡᠭᠦᠯᠭᠦ ᠶᠢ ᠠᠩᠬᠠᠷᠴᠤ | ᠴᠢᠷᠮᠠᠶᠢᠪᠠᠯ ᠵᠤᠭᠢᠨ᠎ᠠ᠃ | 3. ᠡᠶ᠎ᠡ ᠨᠠᠶᠢᠷᠰᠠᠭ ᠭᠡᠷ ᠪᠥᠯᠢ ᠶᠢᠨ ᠠᠭᠤᠷ ᠠᠮᠢᠰᠬᠤᠯ ᠢ ᠪᠤᠢ ᠪᠤᠯᠭᠠᠬᠤ ᠭᠡᠷᠡᠭᠳᠡᠢ᠂ ᠭᠡᠷ ᠵᠠᠭᠤᠷ᠎ᠠ ᠪᠠᠨ | ᠡᠶ᠎ᠡ ᠨᠠᠶᠢᠷᠳᠠᠢ ᠪᠠᠶᠢᠬᠤ ᠨᠢ ᠭᠡᠤᠭᠡᠳ ᠢ ᠰᠡᠳᠭᠢᠭᠦᠢ ᠨᠢ ᠭᠥᠭᠵᠢᠩᠭᠦᠢ᠂ ᠵᠠᠩ ᠴᠢᠨᠠᠷ ᠨᠢ ᠠᠰᠪᠤᠷ ᠰᠢᠯᠤᠭᠤᠨ᠂ | ᠪᠠᠶ᠎ᠠ ᠪᠠᠨ ᠲᠠᠭᠠᠭᠠᠬᠤ ᠴᠢᠨᠠᠷ ᠢᠶᠠᠷ ᠴᠢᠩᠭ᠎ᠠ ᠪᠤᠯᠭᠠᠨ ᠭᠥᠮᠥᠵᠢᠭᠦᠯᠭᠦ ᠳᠤ ᠠᠰᠢᠭᠳᠠᠢ ᠶᠤᠮ᠃ ᠤᠨᠴᠠᠭᠠᠶᠢᠯᠠᠨ | ᠥᠷᠯᠥᠭᠡ ᠡᠷᠳᠡ ᠪᠤᠰᠤᠮᠠᠭᠴᠠ ᠡᠴᠢᠭᠡ ᠡᠭᠡ ᠶᠢᠨ ᠭᠢᠨᠢ ᠤᠪᠤᠷ ᠪᠠᠶᠢᠳᠠᠯ ᠪᠠ ᠤᠷᠮ᠎ᠠ ᠰᠡᠳᠭᠢᠯᠭᠡᠨ ᠤ ᠰᠠᠶᠢᠨ ᠮᠠᠭᠤ | ᠪᠠᠶᠢᠬᠤ ᠨᠢ ᠭᠡᠤᠭᠡᠳ ᠤᠨ ᠨᠢᠭᠡ ᠡᠳᠥᠷ ᠤᠨ ᠤᠷᠮ᠎ᠠ ᠰᠡᠳᠭᠢᠯᠭᠡ ᠳᠤ ᠶᠡᠭᠡ ᠨᠥᠯᠥᠭᠡ ᠪᠤᠯᠳᠠᠭ᠃ ᠭᠡᠤᠭᠡᠳ ᠢᠶᠠᠨ | ᠴᠡᠴᠡᠷᠯᠢᠭ ᠲᠤ ᠭᠥᠷᠭᠡᠭᠦ ᠥᠶ᠎ᠡ ᠳᠤ ᠬᠠᠴᠠᠷ ᠢ ᠨᠢ ᠥᠨᠥᠰᠭᠦ᠂ ᠲᠤᠯᠤᠭᠠᠢ ᠶᠢ ᠨᠢ ᠢᠯᠪᠢᠭᠦ ᠮᠡᠳᠥ ᠪᠠᠷ ᠬᠠᠶᠢᠷᠠᠯᠠᠨ | ᠬᠠᠯᠠᠮᠵᠢᠯᠠᠵᠤ᠂ ᠭᠡᠳᠥᠨ ᠥᠭᠡ ᠪᠠᠷ ᠰᠠᠶᠢᠨ ᠵᠤᠷᠢᠬᠵᠢᠭᠤᠯᠪᠠᠯ ᠭᠡᠤᠭᠡᠳ ᠪᠠᠶᠠᠷ ᠪᠠᠶᠠᠰᠬᠤᠯᠠᠩ ᠲᠠᠢ ᠨᠠᠭᠠᠳᠴᠤ | ᠲᠤᠭᠯᠠᠬᠤ ᠪᠠᠷ ᠪᠠᠷᠠᠬᠤ ᠥᠭᠡᠢ ᠪᠠᠭᠰᠢ ᠶᠢᠨ ᠵᠢᠭᠠᠭᠰᠠᠨ ᠵᠥᠢᠯ ᠢ ᠰᠠᠶᠢᠨ ᠰᠤᠷᠴᠤ ᠴᠢᠳᠠᠬᠤ ᠶᠤᠮ᠃ ᠡᠭᠦᠨ ᠢ | ᠠᠪᠤᠨ ᠥᠵᠡᠭᠦ ᠳᠤ ᠶᠠᠯᠢᠮ ᠥᠭᠡᠢ ᠵᠥᠢᠯ ᠪᠤᠯᠬᠤ ᠪᠤᠯᠪᠠᠴᠤ ᠭᠡᠤᠭᠡᠳ ᠢ ᠡᠷᠡᠭᠦᠯ ᠰᠠᠷᠠᠭᠤᠯ ᠥᠰᠭᠡᠵᠤ | ᠭᠥᠮᠥᠵᠢᠭᠦᠯᠭᠦ ᠳᠤ ᠲᠤᠳᠠᠭᠳᠠᠵᠤ ᠪᠤᠯᠤᠰᠢ ᠥᠭᠡᠢ ᠴᠢᠬᠤᠯᠠ ᠲᠠᠯ᠎ᠠ ᠪᠤᠯᠤᠨ᠎ᠠ᠃ ᠴᠡᠴᠡᠷᠯᠢᠭ ᠤᠨ ᠭᠡᠤᠭᠡᠳ ᠤᠨ ᠥᠶ᠎ᠡ | ᠪᠤᠯ ᠤᠶᠤᠨ ᠤ ᠭᠥᠭᠵᠢᠯᠳᠡ ᠶᠢᠨ ᠪᠠᠳᠠᠷᠠᠩᠭᠤᠢ ᠱᠠᠳᠤ ᠮᠥᠨ᠂ ᠶᠡᠭᠡ ᠲᠡᠷᠢᠭᠢᠨ ᠤ ᠭᠥᠭᠵᠢᠯᠳᠡ ᠶᠢᠨ ᠴᠢᠬᠤᠯᠠ | ᠱᠠᠳᠤ ᠥᠶ᠎ᠡ ᠪᠤᠯᠤᠨ᠎ᠠ᠃ ᠡᠨᠡ ᠥᠶ᠎ᠡ ᠳᠤ ᠭᠡᠤᠭᠡᠳ ᠤᠨ ᠰᠤᠨᠢᠭᠤᠴᠢ ᠵᠠᠩ ᠶᠡᠭᠡ᠂ ᠭᠡᠢ ᠭᠥᠰᠡᠯᠡᠩ ᠪᠠᠶᠠᠯᠢᠭ | ᠪᠠᠶᠢᠵᠤ᠂ ᠶᠡᠷᠥ ᠨᠢ ᠥᠨᠳᠥᠰᠥ ᠰᠢᠯᠳᠠᠭᠠᠨ ᠢ ᠨᠢ ᠡᠷᠢᠵᠤ ᠨᠡᠭᠡᠮᠵᠢᠯᠡᠭᠦ ᠲᠤᠷᠠᠳᠠᠢ᠂ ᠠᠰᠠᠭᠤᠯᠳᠠ ᠲᠤᠷᠠᠳᠬᠤ | ᠮᠥᠷᠳᠡᠭᠡᠨ ᠲᠤᠷᠠᠳᠤᠭᠰᠠᠨ ᠠᠰᠠᠭᠤᠯᠳᠠ ᠪᠠᠨ ᠨᠤᠳᠠᠯᠠᠵᠤ ᠪᠠᠳᠤᠯᠠᠬᠤ ᠶᠢ ᠭᠤᠷᠢᠯᠠᠳᠠᠭ᠃ ᠡᠨᠡ ᠥᠶ᠎ᠡ ᠳᠤ ᠪᠠᠭᠰᠢ ᠪᠠ | ᠭᠡᠷ ᠤᠨ ᠠᠬᠠᠮᠠᠳ ᠠᠴᠠ ᠭᠡᠷᠪᠡ ᠵᠥᠢ ᠵᠤᠭᠢᠰᠳᠠᠢ ᠭᠥᠳᠥᠯᠥᠨ ᠵᠢᠯᠤᠭᠤᠳᠴᠤ ᠪᠠᠶᠢᠭᠠᠳ ᠭᠡᠤᠭᠡᠳ ᠢ ᠬᠠᠷᠠᠬᠠᠨ | ᠪᠠᠭ᠎ᠠ ᠠᠴᠠ ᠨᠢ ᠤᠷᠮ᠎ᠠ ᠪᠠᠬ᠎ᠠ ᠲᠠᠢ ᠪᠠᠷ ᠮᠡᠳᠡᠯᠭᠡ ᠶᠢ ᠭᠥᠭᠡᠭᠡᠴᠡᠯᠳᠥᠵᠤ ᠨᠢᠭᠤᠴᠠ ᠶᠢ ᠬᠠᠶᠢᠨ ᠰᠢᠨᠵᠢᠭᠦᠯᠵᠤ᠂ | ᠲᠡᠳᠡᠨ ᠤ ᠡᠯᠪᠡᠭ ᠪᠠᠶᠠᠯᠢᠭ ᠬᠤᠯᠪᠤᠨ ᠪᠤᠳᠤᠯᠳᠠ᠂ ᠬᠤᠷᠴᠠ ᠰᠤᠷᠭᠤᠭ ᠴᠢᠨᠠᠷ ᠪᠠ ᠡᠭᠦᠳᠥᠨ ᠪᠥᠳᠥᠭᠡᠯᠴᠢ | ᠴᠢᠳᠠᠪᠤᠷᠢ ᠶᠢ ᠭᠥᠮᠥᠵᠢᠭᠦᠯᠵᠤ ᠴᠢᠳᠠᠪᠠᠯ ᠥᠰᠥᠨ ᠪᠤᠶᠢᠵᠢᠬᠤ ᠳᠤ ᠨᠢ ᠠᠰᠢᠭᠳᠠᠢ᠃ ᠡᠶᠢᠮᠥ ᠠᠴᠠ ᠭᠡᠤᠭᠡᠳ ᠤᠨ | ᠭᠥᠰᠡᠯ ᠱᠠᠭᠠᠷᠳᠠᠯᠭ᠎ᠠ ᠳᠤ ᠲᠤᠭᠢᠷᠠᠭᠤᠯᠤᠨ ᠲᠡᠳᠡᠨ ᠳᠤ ᠭᠥᠨ ᠵᠤᠵᠠᠭᠠᠨ ᠤᠷᠮᠠᠰᠢᠯ ᠢ ᠡᠪᠥᠷᠯᠡᠭᠦᠯᠵᠤ᠂ ᠪᠠᠶᠠᠷ | ᠪᠠᠶᠠᠰᠬᠤᠯᠠᠩᠳᠠᠢ ᠲᠤᠭᠯᠠᠭᠠᠮ ᠲᠤᠮᠳᠠ ᠠᠰᠠᠷᠠᠨ ᠭᠥᠮᠥᠵᠢᠭᠦᠯᠵᠤ ᠭᠡᠤᠭᠡᠳ ᠤᠨ ᠨᠢᠭᠡ ᠨᠠᠰᠤᠨ ᠤ ᠭᠥᠭᠵᠢᠯᠳᠡ ᠳᠤ | ᠰᠠᠭᠤᠷᠢ ᠶᠢ ᠲᠠᠯᠪᠢᠵᠤ ᠥᠭᠪᠡᠯ ᠵᠤᠭᠢᠨ᠎ᠠ᠃ | ᠴᠡᠴᠡᠷᠯᠢᠭ ᠤᠨ ᠪᠠᠭᠰᠢ ᠨᠠᠷ ᠠᠴᠠ ᠭᠡᠷ ᠤᠨ ᠠᠬᠠᠮᠠᠳ ᠲᠠᠢ ᠬᠠᠷᠢᠯᠴᠠᠬᠤ ᠲᠤᠮᠳᠠ ᠥᠷᠭᠦᠯᠵᠢ | ᠵᠤᠭᠰᠤᠴᠠ ᠪᠠᠨ ᠰᠤᠯᠢᠨ ᠰᠡᠳᠭᠢᠨ ᠪᠤᠳᠤᠯᠭᠢᠯᠠᠵᠤ᠂ ᠠᠳᠠᠯᠢ ᠪᠤᠰᠤ ᠶᠢᠨ ᠭᠡᠷ ᠤᠨ ᠠᠬᠠᠮᠠᠳ ᠲᠠᠢ | ᠬᠠᠷᠢᠯᠴᠠᠬᠤ ᠳᠤ ᠪᠠᠨ ᠠᠳᠠᠯᠢ ᠪᠤᠰᠤ ᠶᠢᠨ ᠤᠪᠤᠷ ᠢ ᠪᠠᠷᠢᠮᠳᠠᠯᠠᠵᠤ᠂ ᠮᠠᠳᠠᠭ ᠲᠠᠢ ᠠᠰᠠᠭᠤᠳᠠᠯ ᠲᠤᠯᠭᠠᠷᠠᠪᠠᠯ ᠪᠠᠭᠰᠢ | ᠥᠪᠡᠷ ᠢ ᠪᠠᠨ ᠢᠯᠡᠭᠦᠥ ᠰᠢᠭᠦᠮᠵᠢᠯᠡᠵᠤ ᠢᠯᠡᠭᠦᠥ ᠡᠵᠡᠮᠳᠡᠵᠤ᠂ ᠬᠠᠷᠢᠯᠴᠠᠬᠤ ᠠᠷᠭ᠎ᠠ ᠠᠪᠴᠠᠯ ᠢᠶᠠᠨ ᠠᠩᠬᠠᠷᠴᠤ᠂ | ᠨᠠᠶᠢᠭᠡᠮ ᠤᠨ ᠬᠠᠷᠢᠯᠴᠠᠭᠠᠨ ᠤ ᠴᠢᠳᠠᠪᠤᠷᠢ ᠪᠠᠨ ᠲᠠᠰᠤᠷᠠᠯᠳᠠ ᠥᠭᠡᠢ ᠲᠡᠭᠡᠭᠰᠢᠯᠡᠭᠦᠯᠪᠡᠯ ᠵᠤᠬᠢᠨ᠎ᠠ᠃ | | ᠬᠠᠶ᠋ᠢᠬ᠄ ᠤᠯᠠᠭᠠᠠᠬᠠᠳᠠ ᠮᠤᠩᠭᠤᠯ ᠥᠨᠳᠥᠰᠥᠳᠡᠨ ᠤ ᠭᠡᠤᠭᠡᠳ ᠤᠨ ᠴᠡᠴᠡᠷᠯᠢᠭ | ︵ᠠᠯᠳᠠᠨᠰᠦ᠋ᠭᠡ ᠨᠠᠶᠢᠷᠠᠭᠤᠯᠪᠠ︶ | 2020 ᠣᠨ ᠤ 9 ᠳ᠋ᠦ᠋ᠭᠡᠷ ᠬᠤᠭᠤᠴᠠᠭ᠎ᠠ | | |