| | ᠠᠷᠢᠰᠲ᠋ᠤᠲ᠋ᠧᠯ ︵ᠡᠷᠳᠠᠨ ᠤ ᠭᠷᠧᠭ︶ | | | ᠤᠡᠭᠰᠢᠯᠭ᠎ᠠ ᠶᠢᠨ ᠰᠠᠨᠠᠭᠤᠯᠤᠮᠵᠢ᠄ | ᠠᠷᠢᠰᠲ᠋ᠤᠲ᠋ᠧᠯ ︵ᠨᠠᠶᠢᠳᠠ ᠶᠢᠨ ᠤᠨ ᠲᠤᠭᠠᠯᠠᠯ ᠤᠨ ᠡᠮᠦᠨᠡᠬᠢ 384 — 322︶ ᠡᠷᠳᠠᠨ ᠤ ᠭᠷᠧᠭ ᠤᠨ | ᠭᠦᠨ ᠤᠬᠠᠭᠠᠨᠳᠠᠨ᠂ ᠫᠯᠠᠲ᠋ᠤ᠋ ᠶᠢᠨ ᠰᠤᠷᠤᠭᠴᠢ᠂ ᠠᠯᠧᠺᠰᠠᠨᠳᠠᠷ ᠬᠠᠭᠠᠨ ᠤ ᠪᠠᠭᠰᠢ ᠪᠤᠯᠤᠨ᠎ᠠ᠃ ᠰᠤᠺᠷᠠᠲ᠋ᠧᠰ ᠡᠳᠠ | ᠭᠤᠷᠪᠠᠭᠤᠯᠠ ᠶᠢ ᠦᠷᠤᠨᠠᠳᠡᠬᠢᠨ ᠤ ᠭᠦᠨ ᠤᠬᠠᠭᠠᠨ ᠤ ᠰᠠᠭᠤᠷᠢᠯᠠᠭᠴᠢ ᠭᠡᠳᠡᠭ᠃ ᠠᠷᠢᠰᠲ᠋ᠤᠲ᠋ᠧᠯ ᠪᠤᠯ ᠪᠦᠷ ᠲᠤᠯᠢ | ᠠᠳᠠᠯᠢ ᠭᠦᠮᠦᠨ ᠶᠤᠮ᠃ ᠲᠡᠭᠦᠨ ᠤ ᠦᠵᠡᠯ ᠰᠠᠨᠠᠭ᠎ᠠ ᠨᠢ ᠲᠤᠮᠳᠠᠳᠤ ᠵᠠᠭᠤᠨ ᠤ ᠡᠷᠳᠠᠮ ᠰᠢᠨᠵᠢᠯᠡᠭᠡᠨ ᠤ ᠦᠵᠠᠯ | ᠰᠠᠨᠠᠭ᠎ᠠ ᠶᠢ ᠭᠦᠨ ᠭᠦᠨᠵᠡᠭᠡᠢ ᠨᠦᠯᠦᠭᠡᠯᠡᠵᠦ ᠤᠳᠬ᠎ᠠ ᠤᠷᠠᠯᠢᠬ ᠤᠨ ᠰᠠᠷᠭᠦᠭᠡᠯᠳᠠ ᠶᠢᠨ ᠦᠶ᠎ᠠ ᠭᠦᠷᠳᠠᠯ᠎ᠠ | ᠦᠷᠭᠦᠯᠵᠢᠯᠡᠵᠡᠢ᠃ | ᠠᠷᠢᠰᠲ᠋ᠤᠲ᠋ᠧᠯ ᠤᠨ ᠦᠵᠡᠭᠦ ᠪᠠᠷ ᠰᠤᠷᠭᠠᠨ ᠭᠦᠮᠦᠵᠢᠯ ᠵᠠᠶᠢᠯᠠᠰᠢ ᠦᠭᠡᠢ ᠭᠡᠤᠭᠡᠳ ᠲᠤ ︽ᠦᠨᠠᠨ ᠭᠦ ᠭᠡᠷᠡᠭᠳᠠᠢ | ᠶᠠᠭᠤᠮ᠎ᠠ︾ ᠶᠢ ᠵᠢᠭᠠᠬᠤ ᠶᠤᠰᠤᠳᠠᠢ᠃ ᠭᠡᠪᠠᠴᠤ ︽ᠠᠯᠢᠪᠠ ᠭᠡᠷᠡᠭᠳᠠᠢ ᠶᠠᠭᠤᠮ᠎ᠠ︾ ᠶᠢ ᠵᠢᠭᠠᠬᠤ ᠪᠢᠰᠢ᠃ ᠲᠠᠷᠠ | ᠮᠦᠷᠳᠡᠭᠡᠨ ᠭᠡᠷᠡᠭᠳᠠᠢ ᠭᠡᠳᠡᠭ ᠶᠠᠭᠤᠮ᠎ᠠ ᠨᠢ ᠨᠢᠳᠤᠨ ᠡᠮᠦᠨᠡᠬᠢ ᠠᠰᠢᠬᠳᠠᠢ ᠵᠦᠢᠯ ᠪᠢᠰᠢ ᠬᠠᠷᠢᠨ ᠠᠯᠤᠰ | ᠢᠷᠡᠭᠡᠳᠤᠢ ᠳᠤ ᠬᠠᠨᠳᠤᠭᠰᠠᠨ ᠪᠠᠶᠢᠬᠤ ᠭᠡᠷᠡᠭᠳᠠᠢ᠃ ᠢᠡᠭᠬᠢᠪᠠᠯ ᠰᠠᠶ᠋ᠢ ᠭᠡᠤᠭᠡᠳ ᠢ ᠪᠤᠯᠬᠢ ᠪᠦᠳᠦᠭᠦᠯᠢᠭ ᠪᠤᠯᠭᠠᠬᠤ | ᠦᠭᠡᠢ ᠪᠤᠯᠭᠠᠳᠠᠬ᠃ ᠵᠠᠯᠭᠠᠭᠠᠳ ᠲᠠᠷᠠ ᠪᠠᠰᠠ ᠲᠠᠭᠤᠤ ᠭᠦᠭᠵᠢᠮ ᠤᠨ ᠦᠪᠠᠷᠮᠢᠴᠠ ᠴᠢᠳᠠᠪᠬᠢ ᠶᠢ ᠦᠭᠦᠯᠡᠵᠡᠢ᠃ | ᠳᠠᠭᠤᠤ ᠭᠦᠭᠵᠢᠮ ᠰᠤᠷᠬᠤ ᠨᠢ ᠵᠦᠪᠭᠡᠨ ᠪᠠᠶᠠᠷᠯᠠᠵᠤ ᠭᠦᠭᠡᠷᠭᠦ ᠶᠢᠨ ᠲᠦᠯᠦᠭᠡ ᠪᠢᠰᠢ ᠬᠠᠷᠢᠨ ᠰᠤᠯᠠ ᠰᠠᠯᠠᠭᠦᠦ | ᠦᠶ᠎ᠠ ᠳᠤ ᠬᠢ ᠤᠶᠤᠨᠴᠢ ᠭᠦᠷᠳᠡᠭᠡᠯ ᠪᠤᠯᠤᠨ᠎ᠠ᠃ ᠲᠠᠭᠤᠤ ᠭᠦᠭᠵᠢᠮ ᠪᠤᠯ ᠡᠷᠭᠡ ᠴᠢᠯᠦᠭᠡᠳᠤ ᠠᠷᠠᠳ ᠤᠨ | ᠰᠠᠯᠡᠭᠦᠴᠡᠭᠦ ᠨᠢᠭᠡ ᠵᠦᠢᠯ ᠤᠨ ᠭᠡᠯᠪᠠᠷᠢ ᠮᠦᠨ ᠭᠡᠵᠡᠢ᠃ ᠡᠭᠦᠨ ᠠᠴᠠ ᠠᠷᠢᠰᠲ᠋ᠤᠲ᠋ᠧᠯ ᠨᠢᠭᠡ ᠯᠡ ᠰᠡᠳᠬᠢᠯ ᠢᠶᠠᠷ | ᠭᠡᠷᠡᠭᠳᠠᠢ ᠰᠤᠷᠭᠠᠨ ᠭᠦᠮᠦᠵᠢᠯ ᠢ ᠭᠦᠭᠡᠭᠡᠴᠡᠯᠳᠤᠭᠦ ᠨᠢ ᠡᠷᠬᠢᠮ ᠲᠡᠭᠡᠳᠤ ᠡᠷᠭᠡ ᠴᠢᠯᠦᠭᠡᠳᠤ ᠤᠶᠤᠨ ᠰᠦᠨᠠᠰᠤ ᠶᠢ | ᠪᠦᠷᠢᠯᠳᠤᠭᠦᠯᠵᠦ ᠴᠢᠳᠠᠬᠤ ᠦᠭᠡᠢ᠂ ᠬᠠᠷᠢᠨ ᠰᠠᠶᠢᠨ ᠰᠤᠷᠭᠠᠨ ᠭᠦᠮᠦᠵᠢᠯ ᠪᠤᠯ ︽ᠡᠷᠭᠡ ᠴᠢᠯᠦᠭᠡᠳᠠᠢ᠂ ᠡᠷᠬᠢᠮ | ᠲᠡᠭᠡᠳᠤ ᠪᠠᠶᠢᠳᠠᠬ︾ ᠭᠡᠵᠦ ᠳ᠋ᠦᠡᠭᠨᠡᠵᠡᠢ᠃ | ᠨᠢᠭᠡ᠂ ᠰᠤᠷᠭᠠᠨ ᠭᠦᠮᠦᠵᠢᠯ ᠡᠷᠭᠡᠪᠰᠢ ᠡᠷᠭᠡ ᠴᠢᠯᠦᠭᠡᠳᠠᠢ ᠪᠠᠶᠢᠬᠤ ᠭᠡᠷᠡᠭᠳᠠᠢ | ᠰᠤᠷᠭᠠᠨ ᠭᠦᠮᠦᠵᠢᠯ ᠡᠷᠭᠡᠪᠰᠢ ᠬᠠᠤᠯᠢ ᠪᠠᠷ ᠲᠤᠭᠳᠠᠭᠠᠭᠰᠠᠨ ᠮᠦᠷᠳᠡᠭᠡᠨ ᠤᠯᠤᠰ ᠤᠨ ᠠᠵᠢᠯ ᠦᠢᠯᠠᠰ | ᠪᠠᠶᠢᠬᠤ ᠭᠡᠷᠡᠭᠳᠠᠢ ᠭᠡᠳᠡᠭ ᠨᠢ ᠨᠢᠴᠤᠭᠠᠭᠳᠠᠰᠢ ᠦᠭᠡᠢ ᠶᠤᠮ᠃ ᠭᠡᠳᠡᠯ᠎ᠠ ᠤᠯᠠᠨ ᠨᠠᠶᠢᠳᠠ ᠶᠢᠨ ᠭᠡᠤᠭᠡᠳ | ᠪᠠᠭᠠᠴᠤᠳ ᠲᠤ ᠭᠡᠷᠬᠢᠨ ᠰᠤᠷᠭᠠᠨ ᠭᠦᠮᠦᠵᠢᠯ ᠬᠢᠭᠦ ᠭᠡᠳᠡᠭ ᠪᠤᠯ ᠪᠤᠳᠤᠯᠬᠢᠯᠠᠭᠤᠰᠢᠳᠠᠢ ᠠᠰᠠᠭᠤᠳᠠᠯ ᠪᠤᠯᠤᠨ᠎ᠠ᠃ | ᠭᠡᠷᠡᠭ ᠲᠡᠭᠡᠷ᠎ᠡ ᠪᠠᠨ ᠬᠢᠴᠢᠶᠡᠯ ᠭᠦᠮᠦᠵᠢᠯ ᠤᠨ ᠲᠠᠯ᠎ᠠ ᠪᠠᠷ ᠯᠠᠪᠳᠠᠢ ᠵᠦᠷᠢᠴᠡᠯ ᠤᠷᠤᠰᠢᠬᠤ ᠶᠤᠮ᠃ ᠤᠴᠢᠷ ᠨᠢ | ᠭᠦᠮᠦᠰ ᠵᠢᠭᠠᠬᠤ ᠶᠤᠰᠤᠳᠠᠢ ᠭᠡᠳᠡᠭ ᠵᠦᠢᠯ ᠳᠤ ᠪᠠᠨ ᠲᠠᠭᠦᠨ ᠤ ᠵᠤᠷᠢᠯᠭ᠎ᠠ ᠨᠢ ᠶᠤᠰᠤ ᠰᠤᠷᠳᠠᠬᠤᠨ ᠤ ᠦᠢᠯᠠ | ᠠᠵᠢᠯᠯᠠᠭ᠎ᠠ ᠳᠤ ᠪᠠᠶᠢᠭ᠎ᠠ ᠪᠤᠶᠤ ᠡᠰᠡᠭᠦᠯ᠎ᠡ ᠰᠠᠶᠢᠨ ᠰᠠᠶᠢᠬᠠᠨ ᠠᠮᠢᠳᠤᠷᠠᠯ ᠳᠤ ᠪᠠᠶᠢᠭ᠎ᠠ ᠭᠡᠳᠡᠭ ᠲᠤ ᠯᠠᠪᠳᠠᠢ | ᠬᠠᠮᠳᠤ ᠶᠢᠨ ᠦᠵᠠᠯᠳᠠ ᠭᠡᠵᠦ ᠪᠠᠶᠢᠳᠠᠬ ᠦᠭᠡᠢ ᠶᠤᠮ᠃ ᠰᠤᠷᠭᠠᠨ ᠭᠦᠮᠦᠵᠢᠯ ᠤᠨ ᠢᠯᠠᠭᠦᠦ ᠠᠩᠬᠠᠷᠳᠠᠬ ᠨᠢ | ᠤᠶᠤᠨ ᠤ ᠴᠢᠳᠠᠪᠤᠷᠢ ᠤᠤ᠂ ᠡᠰᠡᠭᠦᠯ᠎ᠠ ᠶᠤᠰᠤ ᠰᠤᠷᠳᠠᠬᠤᠨ ᠵᠠᠩ ᠴᠢᠨᠠᠷ ᠤᠤ ᠭᠡᠳᠡᠭ ᠨᠢ ᠴᠦ ᠲᠤᠳᠤᠷᠬᠠᠢ ᠦᠭᠡᠢ᠃ | ᠤᠳᠤ ᠶᠢᠨ ᠪᠠᠶᠢᠳᠠᠯ ᠭᠦᠮᠦᠰ ᠢ ᠶᠠᠭᠠᠬᠢᠬᠤ ᠶᠢᠨ ᠠᠷᠭ᠎ᠠ ᠦᠭᠡᠢ ᠪᠤᠯᠭᠠᠵᠤ ᠴᠤᠬᠤᠮ ᠶᠠᠮᠠᠷ ᠵᠠᠷᠴᠢᠮ ᠢ ᠦᠨᠳᠤᠰᠤᠯᠠᠭᠦ | ᠪᠤᠢ᠂ ᠪᠤᠯᠪᠠᠰᠤᠷᠠᠭᠤᠯᠬᠤ ᠵᠤᠷᠢᠯᠳᠠ ᠨᠢ ᠠᠮᠢᠳᠤᠷᠠᠯ ᠳᠤ ᠭᠡᠷᠡᠭᠳᠠᠢ ᠵᠦᠢᠯ ᠤᠤ ᠶᠤᠰᠤ ᠰᠤᠷᠳᠠᠬᠤᠨ ᠤ ᠠᠵᠢᠯᠯᠠᠭᠠᠨ | ᠤᠤ ᠡᠰᠠᠭᠦᠯ᠎ᠠ ᠭᠦᠨ ᠲᠠᠭᠡᠳᠤ ᠮᠠᠳᠠᠯᠭᠡ ᠤᠤ ᠭᠡᠳᠡᠭ ᠢ ᠭᠦᠮᠦᠰ ᠮᠠᠳᠠᠭᠦ ᠦᠭᠡᠢ ᠪᠤᠯᠵᠠᠢ᠃ ᠡᠨᠡ ᠭᠤᠷᠪᠠᠨ ᠵᠦᠢᠯ ᠤᠨ | ᠰᠠᠨᠠᠯ ᠢ ᠭᠦᠮᠦᠰ ᠪᠦᠷ ᠭᠦᠯᠢᠶᠡᠨ ᠠᠪᠴᠤ ᠭᠡᠷᠡᠭᠯᠡᠵᠡᠢ᠃ ᠭᠡᠪᠡᠴᠤ ᠬᠤᠯᠪᠤᠭᠳᠠᠯ ᠪᠦᠭᠦᠢ ᠠᠷᠭ᠎ᠠ ᠪᠠᠷᠢᠯ ᠤᠨ | ᠲᠠᠯ᠎ᠠ ᠪᠠᠷ ᠠᠳᠠᠯᠢ ᠦᠭᠡᠢ ᠪᠠᠶᠢᠵᠠᠢ᠃ ᠤᠴᠢᠷ ᠨᠢ ᠠᠳᠠᠯᠢ ᠪᠤᠰᠤ ᠭᠦᠮᠦᠨ ᠠᠳᠠᠯᠢ ᠪᠤᠰᠤ ᠶᠤᠰᠤ ᠰᠤᠷᠳᠠᠬᠤᠨ ᠤ | ᠠᠵᠢᠯᠯᠠᠭᠠᠨ ᠤ ᠦᠵᠠᠯᠳᠠ ᠠᠴᠠ ᠡᠭᠦᠰᠦᠭᠰᠡᠨ ᠪᠤᠯᠬᠤᠷ ᠲᠡᠭᠦᠨ ᠢ ᠦᠢᠯᠠᠳᠤᠯᠭᠡᠵᠢᠭᠦᠯᠭᠦ ᠰᠠᠨᠠᠯ ᠨᠢ ᠴᠦ ᠠᠳᠠᠯᠢ ᠪᠤᠰᠤ | ᠪᠠᠶᠢᠳᠠᠬ᠃ | ᠭᠡᠤᠭᠡᠳ ᠲᠤ ᠵᠢᠩᠬᠢᠨᠢ ᠭᠡᠷᠡᠭᠴᠡᠭᠡᠳᠠᠢ ᠶᠠᠭᠤᠮ᠎ᠠ ᠶᠢ ᠵᠢᠭᠠᠬᠤ ᠭᠡᠷᠡᠭᠳᠠᠢ ᠪᠤᠯᠪᠠᠴᠤ ᠭᠡᠷᠡᠭᠴᠡᠭᠡᠳᠠᠢ ᠶᠠᠭᠤᠮ᠎ᠠ | ᠪᠦᠭᠦᠨ ᠢ ᠵᠢᠭᠠᠬᠤ ᠪᠢᠰᠢ ᠶᠤᠮ᠃ ᠤᠴᠢᠷ ᠨᠢ ᠠᠵᠢᠯ ᠮᠠᠷᠭᠡᠵᠢᠯ ᠳᠤ ᠡᠷᠭᠡ ᠴᠢᠯᠦᠭᠡᠳᠠᠢ ᠪᠠ ᠭᠡᠯᠪᠠᠶᠢᠭᠦᠦ | ᠢᠪᠴᠤᠤ ᠶᠢᠨ ᠢᠯᠭᠠᠭ᠎ᠠ ᠪᠠᠶᠢᠳᠠᠬ᠃ ᠭᠡᠤᠭᠡᠳ ᠲᠤ ᠲᠠᠳᠠᠨ ᠤ ᠢᠷᠡᠭᠡᠳᠤᠢ ᠳᠤ ᠨᠢ ᠭᠡᠷᠡᠭᠳᠠᠢ ᠮᠠᠳᠠᠯᠭᠡ ᠶᠢ ᠵᠢᠭᠠᠬᠤ | ᠭᠡᠷᠡᠭᠳᠠᠢ᠂ ᠬᠠᠷᠢᠨ ᠲᠠᠳᠠᠨ ᠢ ᠪᠤᠯᠬᠢᠴᠢᠯᠠᠵᠤ ᠪᠤᠯᠬᠤ ᠦᠭᠡᠢ᠃ ᠠᠯᠢᠪᠠ ᠠᠵᠢᠯ ᠮᠠᠷᠭᠡᠵᠢᠯ᠂ ᠤᠷᠠᠯᠢᠬ᠂ ᠰᠢᠨᠵᠢᠯᠠᠭᠦ | ᠤᠬᠠᠭᠠᠨ ᠵᠡᠷᠭᠡ ᠶᠢᠨ ᠴᠢᠯᠦᠭᠡᠳᠤ ᠠᠷᠠᠳ ᠤᠨ ᠪᠠᠶ᠎ᠠ ᠮᠠᠬᠠᠪᠤᠳ᠂ ᠤᠶᠤᠨ ᠰᠦᠨᠠᠰᠤ᠂ ᠰᠡᠳᠬᠢᠴᠠ ᠶᠢ | ᠦᠢᠯᠠᠳᠤᠯᠭᠡ ᠳᠤ ᠵᠤᠬᠢᠴᠠᠭᠤᠯᠬᠤ ᠦᠭᠡᠢ ᠪᠤᠶᠤ ᠲᠠᠳᠠᠨ ᠤ ᠶᠤᠰᠤ ᠰᠤᠷᠳᠠᠬᠤᠨ ᠤ ᠠᠵᠢᠯᠯᠠᠭᠠᠨ ᠳᠤ ᠭᠡᠷᠡᠭᠯᠡᠵᠦ | ᠪᠤᠯᠬᠤ ᠦᠭᠡᠢ ᠵᠦᠢᠯ ᠪᠤᠯ ᠳᠠᠷᠤᠢ ᠪᠤᠯᠬᠢ ᠵᠦᠢᠯ ᠮᠦᠨ᠃ ᠡᠶᠢᠮᠦ ᠠᠴᠠ ᠪᠢᠳᠠ ᠭᠦᠮᠦᠨ ᠤ ᠪᠡᠶ᠎ᠠ ᠮᠠᠬᠠᠪᠤᠳ ᠢ | ᠡᠷᠡᠮᠳᠡᠭ ᠪᠤᠯᠭᠠᠬᠤ ᠲᠠᠳᠡᠭᠡᠷ ᠤᠷᠠᠯᠢᠬ ᠢ ᠪᠤᠯᠬᠢ ᠪᠦᠳᠦᠭᠦᠯᠢᠭ ᠭᠡᠳᠡᠭ ᠪᠦᠭᠡᠳ ᠵᠠᠷᠤᠴᠠᠭᠤᠯᠤᠭᠰᠠᠨ ᠪᠤᠢ ᠪᠦᠭᠦᠢ | ᠠᠵᠢᠯ ᠨᠢ ᠪᠦᠷ ᠰᠡᠳᠬᠢᠯ ᠤᠨ ᠭᠦᠴᠦᠨ ᠢ ᠬᠤᠷᠤᠭᠳᠠᠭᠤᠯᠤᠨ ᠪᠠᠭᠤᠷᠠᠭᠤᠯᠳᠠᠬ᠃ ᠵᠠᠷᠢᠮ ᠴᠢᠯᠦᠭᠡᠳᠤ ᠤᠷᠠᠯᠢᠬ ᠨᠢ | ᠴᠢᠯᠦᠭᠡᠳᠤ ᠠᠷᠠᠳ ᠤᠨ ᠰᠤᠷᠤᠯᠴᠠᠯᠭ᠎ᠠ ᠳᠤ ᠲᠤᠬᠢᠷᠠᠳᠠᠬ᠃ ᠭᠡᠪᠡᠴᠤ ᠬᠢᠵᠠᠭᠠᠷᠳᠠᠢ ᠪᠠᠶᠢᠬᠤ ᠭᠡᠷᠡᠭᠳᠠᠢ᠃ ᠭᠡᠷᠪᠡ | ᠤᠷᠠᠯᠢᠬ ᠤᠨ ᠲᠠᠭᠦᠯᠳᠡᠷ ᠰᠠᠶᠢᠬᠠᠨ ᠳᠤ ᠭᠦᠷᠭᠦ ᠶᠢᠨ ᠲᠦᠯᠦᠭᠡ ᠭᠡᠳᠤᠷᠭᠡᠢ ᠭᠦᠴᠦᠯᠡᠪᠡᠯ ᠮᠦᠨ ᠠᠳᠠᠯᠢᠬᠠᠨ ᠨᠠᠵᠠᠭᠠᠢ | ᠦᠷ᠎ᠠ ᠳ᠋ᠦᠩ ᠢ ᠤᠯᠬᠤ ᠪᠤᠯᠤᠨ᠎ᠠ᠃ ᠡᠨᠡ ᠨᠢ ᠨᠢᠭᠡ ᠭᠦᠮᠦᠨ ᠤ ᠪᠠᠷᠢᠮᠳᠠᠯᠠᠵᠤ ᠪᠠᠶᠢᠭ᠎ᠠ ᠵᠤᠷᠢᠯᠳᠠ ᠲᠠᠢ ᠨᠢ | ᠬᠠᠷᠢᠴᠠᠭ᠎ᠠ ᠲᠠᠢ ᠪᠠᠶᠢᠳᠠᠬ᠃ ᠵᠢᠱᠢᠶᠡᠯᠡᠪᠡᠯ᠂ ᠲᠠᠷᠠ ᠶᠠᠮᠠᠷ ᠨᠢᠭᠡᠨ ᠭᠡᠷᠡᠭ ᠶᠠᠪᠤᠳᠠᠯ ᠢ ᠬᠢᠭᠦ ᠪᠤᠶᠤ ᠰᠤᠷᠤᠯᠴᠠᠵᠤ | ᠦᠪᠠᠷ ᠤᠨ ᠪᠠᠶ᠎ᠠ ᠪᠤᠶᠤ ᠨᠠᠶᠢᠵᠠ ᠨᠦᠭᠦᠳ ᠡᠰᠠᠭᠦᠯ᠎ᠠ ᠭᠡᠷᠡᠭ ᠪᠤᠳᠠᠰ ᠤᠨ ᠲᠤᠰ ᠪᠠᠶ᠎ᠠ ᠶᠢ ᠨᠢ ᠲᠠᠭᠦᠯᠳᠡᠷ ᠰᠠᠶᠢᠬᠠᠨ | ᠪᠤᠯᠭᠠᠶ᠎ᠠ ᠭᠡᠵᠦ ᠪᠠᠶᠢᠬᠤ ᠳᠤ ᠭᠦᠷᠪᠡᠯ ᠲᠡᠭᠦᠨ ᠤ ᠠᠵᠢᠯᠯᠠᠭ᠎ᠠ ᠨᠢ ᠶᠠᠷᠢᠶᠠᠨ ᠦᠭᠡᠢ ᠢᠪᠴᠤᠤ ᠭᠡᠯᠪᠠᠶᠢᠭᠦᠦ ᠪᠢᠰᠢ | ᠶᠤᠮ᠃ ᠭᠡᠪᠡᠴᠤ ᠪᠤᠰᠤᠳ ᠭᠦᠮᠦᠨ ᠤ ᠲᠦᠯᠦᠭᠡ ᠠᠵᠢᠯᠯᠠᠵᠤ ᠪᠠᠶᠢᠪᠠᠯ ᠠᠳᠠᠯᠢᠬᠠᠨ ᠠᠵᠢᠯᠯᠠᠭ᠎ᠠ ᠪᠤᠯᠪᠠᠴᠤ | ᠪᠤᠰᠤᠳ ᠲᠤ ᠤᠯᠢᠬ ᠦᠭᠡᠢ ᠪᠤᠭᠤᠯᠴᠢ ᠭᠡᠵᠦ ᠦᠵᠡᠭᠳᠡᠨ᠎ᠡ᠃ ᠪᠢ ᠨᠢᠭᠡᠨᠳᠠ ᠪᠤᠢ ᠪᠦᠭᠦᠢ ᠵᠢᠭᠠᠨ ᠰᠤᠷᠭᠠᠬᠤ | ᠬᠢᠴᠢᠶᠡᠯ ᠲᠦᠷᠤᠯ ᠤᠨ ᠰᠢᠨᠵᠢ ᠴᠢᠨᠠᠷ ᠤᠨ ᠨᠢᠭᠡ ᠭᠡᠰᠡᠭ ᠨᠢ ᠴᠢᠯᠦᠭᠡᠳᠠᠢ᠂ ᠨᠢᠭᠡ ᠭᠡᠰᠡᠭ ᠨᠢ ᠢᠪᠴᠤᠤ ᠭᠡᠯᠪᠠᠶᠢᠭᠦᠦ | ᠭᠡᠵᠦ ᠭᠡᠯᠡᠵᠦ ᠦᠡᠭᠭᠡᠷᠡᠭᠰᠡᠨ ᠪᠢᠯᠡ᠃ | ᠬᠤᠶᠠᠷ᠂ ᠡᠩ ᠤᠨ ᠰᠤᠶᠤᠯ ᠤᠨ ᠰᠤᠷᠭᠠᠨ ᠭᠦᠮᠦᠵᠢᠯ ᠢ ᠭᠡᠷᠡᠭᠵᠢᠭᠦᠯᠭᠦ ᠭᠡᠷᠡᠭᠳᠠᠢ | ᠰᠤᠷᠭᠠᠨ ᠭᠦᠮᠦᠵᠢᠯ ᠤᠨ ᠶᠠᠷᠤᠳᠠ ᠶᠢᠨ ᠬᠢᠴᠢᠶᠡᠯ ᠲᠦᠷᠤᠯ ᠢ ᠲᠦᠷᠪᠡᠨ ᠵᠦᠢᠯ ᠳᠤ ᠬᠤᠪᠢᠶᠠᠳᠠᠬ᠄ ᠨᠢᠭᠡ᠂ | ᠤᠡᠭᠰᠢᠯᠭ᠎ᠠ ᠪᠢᠴᠢᠯᠭᠡ︔ ᠬᠤᠶᠠᠷ᠂ ᠪᠠᠬ᠎ᠠ ᠶᠢᠨ ᠲᠠᠮᠢᠷ ᠤᠨ ᠪᠤᠯᠪᠠᠰᠤᠷᠠᠯ︔ ᠭᠤᠷᠪᠠ᠂ ᠲᠠᠭᠤᠤ ᠭᠦᠭᠵᠢᠮ︔ ᠲᠦᠷᠪᠡ᠂ | ᠵᠢᠷᠤᠭ ᠵᠢᠷᠤᠬᠤ ᠪᠤᠯᠤᠨ᠎ᠠ᠃ ᠡᠨᠡ ᠭᠡᠳᠤᠨ ᠬᠢᠴᠢᠶᠡᠯ ᠲᠤᠳᠤᠷ᠎ᠠ ᠤᠡᠭᠰᠢᠯᠭ᠎ᠠ ᠪᠢᠴᠢᠯᠭᠡ ᠪᠠ ᠵᠢᠷᠤᠭ ᠵᠢᠷᠤᠬᠤ ᠪᠤᠯ | ᠡᠯ᠎ᠠ ᠵᠦᠢᠯ ᠤᠨ ᠠᠮᠢᠳᠤᠷᠠᠯ ᠳᠤ ᠭᠡᠷᠡᠭᠯᠡᠭᠦ ᠤᠯᠠᠨ ᠭᠡᠷᠡᠭᠴᠡᠭᠡᠳᠤ ᠬᠢᠴᠢᠶᠠᠯ ᠶᠤᠮ᠃ ᠪᠠᠶ᠎ᠠ ᠶᠢᠨ ᠲᠠᠮᠢᠷ ᠤᠨ | ᠪᠤᠯᠪᠠᠰᠤᠷᠠᠯ ᠪᠤᠯ ᠡᠷᠴᠢ ᠭᠦᠴᠦᠨ ᠢ ᠭᠦᠭᠵᠢᠭᠡᠭᠦ ᠬᠢᠴᠢᠶᠡᠯ ᠶᠤᠮ᠃ ᠬᠠᠷᠢᠨ ᠳᠠᠭᠤᠤ ᠭᠦᠭᠵᠢᠮ ᠪᠤᠯ ᠰᠡᠵᠢᠭᠯᠡᠯ ᠢ | ᠡᠭᠦᠰᠭᠡᠳᠡᠭ᠃ ᠤᠯᠠᠩᠬᠢ ᠭᠦᠮᠦᠰ ᠲᠠᠭᠤᠤ ᠭᠦᠭᠵᠢᠮ ᠰᠤᠷᠬᠤ ᠶᠢ ᠵᠤᠭ᠎ᠠ ᠴᠡᠩᠭᠡᠯ ᠭᠡᠵᠦ ᠦᠵᠠᠳᠡᠭ᠃ ᠭᠡᠪᠡᠴᠤ | ᠡᠬᠢᠯᠡᠩᠭᠦᠳᠠ ᠲᠡᠭᠦᠨ ᠢ ᠰᠤᠷᠭᠠᠨ ᠭᠦᠮᠦᠵᠢᠯ ᠤᠨ ᠲᠤᠳᠤᠷ᠎ᠠ ᠪᠠᠭᠳᠠᠭᠠᠭᠰᠠᠨ ᠤ ᠰᠢᠯᠳᠠᠭᠠᠨ ᠪᠤᠯ ᠪᠠᠶᠢᠭᠠᠯᠢ ᠶᠢᠨ ᠲᠤᠰ | ᠪᠡᠶ᠎ᠠ ᠨᠢ ᠪᠢᠳᠠᠨ ᠢ ᠠᠵᠢᠯ ᠢᠶᠠᠨ ᠰᠠᠶᠢᠨ ᠬᠢᠭᠦ ᠪᠠᠷ ᠪᠠᠷᠠᠬᠤ ᠦᠭᠡᠢ ᠪᠠᠰᠠ ᠰᠤᠯᠠ ᠰᠠᠯᠠᠭᠦᠦ ᠴᠠᠭ ᠢᠶᠠᠨ ᠴᠢᠳᠠᠮᠠᠭᠠᠢ | ᠠᠰᠢᠭᠯᠠᠬᠤ ᠶᠢ ᠱᠠᠭᠠᠷᠳᠠᠵᠤ ᠪᠠᠶᠢᠭ᠎ᠠ ᠶᠤᠮ᠃ ᠤᠴᠢᠷ ᠨᠢ ᠪᠢᠳᠠᠨ ᠤ ᠠᠯᠢᠪᠠ ᠠᠵᠢᠯᠯᠠᠭᠠᠨ ᠤ ᠨᠢᠭᠡᠳᠤᠭᠡᠷ ᠵᠠᠷᠴᠢᠮ | ᠪᠤᠯ ᠰᠤᠯᠠ ᠰᠠᠯᠠᠭᠦᠭᠡᠨ ᠪᠠᠶᠢᠬᠤ ᠶᠠᠪᠤᠳᠠᠯ ᠶᠤᠮ᠃ ᠠᠵᠢᠯ ᠬᠢᠭᠡᠳ ᠰᠤᠯᠠ ᠰᠠᠯᠠᠭᠦᠦ ᠴᠦᠮ ᠱᠠᠭᠠᠷᠳᠠᠭᠳᠠᠨ᠎ᠠ᠂ | ᠭᠡᠪᠡᠴᠤ ᠰᠤᠯᠠ ᠰᠠᠯᠠᠭᠦᠦ ᠨᠢ ᠠᠵᠢᠯ ᠠᠴᠠ ᠲᠠᠪᠠᠭᠤ ᠪᠠᠶᠢᠳᠠᠬ ᠮᠦᠷᠳᠡᠭᠡᠨ ᠲᠠᠷᠠ ᠪᠤᠯ ᠠᠵᠢᠯᠯᠠᠬᠤ ᠶᠢᠨ ᠵᠤᠷᠢᠯᠳᠠ | ᠪᠤᠯᠳᠠᠬ ᠶᠤᠮ᠃ ᠢᠡᠭᠬᠢᠭᠰᠡᠨ ᠠᠴᠠ ᠰᠤᠯᠠ ᠰᠠᠯᠠᠭᠦᠦ ᠴᠠᠭ ᠲᠤ ᠪᠠᠨ ᠪᠢᠳᠠ ᠴᠤᠬᠤᠮ ᠶᠠᠭᠤ ᠬᠢᠭᠦ ᠪᠤᠢ ᠭᠡᠰᠡᠨ | ᠠᠰᠠᠭᠤᠳᠠᠯ ᠡᠭᠦᠰᠦᠭᠰᠡᠨ ᠶᠤᠮ᠃ ᠭᠡᠯᠡᠯᠭᠡᠨ ᠦᠭᠡᠢ ᠪᠢᠳᠠ ᠵᠦᠪᠭᠡᠨ ᠦᠪᠠᠷ ᠢᠶᠠᠨ ᠪᠠᠶᠠᠷᠯᠠᠵᠤ ᠴᠡᠩᠬᠡᠭᠡᠳ ᠪᠤᠯᠬᠤ | ᠦᠭᠡᠢ᠂ ᠤᠴᠢᠷ ᠨᠢ ᠭᠡᠷᠪᠡ ᠲᠠᠭᠡᠵᠦ ᠴᠡᠩᠭᠡᠭᠦ ᠳᠤ ᠭᠦᠷᠪᠡᠯ ᠲᠠᠷᠠ ᠨᠢ ᠠᠮᠢᠳᠤᠷᠠᠬᠤᠢ ᠶᠢᠨ ᠬᠠᠷᠠᠯᠳᠠ ᠪᠤᠯᠴᠢᠬᠠᠨ᠎ᠠ᠃ | ᠭᠡᠷᠪᠡ ᠵᠤᠭ᠎ᠠ ᠴᠠᠩᠭᠡᠯ ᠢ ᠨᠠᠷᠢᠨ ᠬᠢᠨᠠᠮᠠᠭᠠᠢ ᠠᠵᠢᠯ ᠤᠨ ᠲᠤᠮᠳᠠ ᠪᠤᠰᠤᠳ ᠴᠠᠭ ᠦᠶ᠎ᠠ ᠠᠴᠠ ᠨᠡᠩ ᠴᠢᠬᠤᠯᠠ ᠭᠡᠵᠦ | ᠦᠵᠠᠭᠦ ᠳᠤ ᠭᠦᠷᠪᠡᠯ ︵ᠤᠴᠢᠷ ᠨᠢ ᠬᠠᠳᠠᠭᠤᠵᠢᠯᠳᠠᠢ ᠠᠵᠢᠯᠯᠠᠳᠠᠬ ᠭᠦᠮᠦᠰ ᠪᠦᠷ ᠲᠠᠶᠢᠪᠤᠰᠢᠷᠠᠵᠤ ᠠᠮᠠᠷᠠᠬᠤ ᠶᠢ | ᠭᠦᠰᠡᠳᠡᠭ᠂ ᠠᠵᠢᠯ ᠨᠢ ᠭᠡᠵᠢᠶᠠᠳᠠ ᠴᠢᠷᠮᠠᠶᠢᠯᠭ᠎ᠠ ᠪᠠᠶᠢᠳᠠᠬ᠂ ᠭᠠᠭᠴᠠ ᠭᠦ ᠪᠠᠶᠠᠷ ᠴᠡᠩᠭᠡᠯ ᠨᠢ ᠰᠠᠶ᠋ᠢ ᠲᠡᠭᠦᠨ ᠢ | ᠠᠮᠠᠷᠠᠵᠤ ᠲᠠᠶᠢᠪᠤᠰᠢᠷᠠᠭᠤᠯᠳᠠᠬ︶ ᠪᠢᠳᠠ ᠡᠷᠭᠡᠪᠰᠢ ᠲᠤᠬᠢᠷᠠᠮᠵᠢᠳᠠᠢ ᠴᠠᠭ ᠦᠶ᠎ᠠ ᠳᠤ ᠵᠤᠭ᠎ᠠ ᠴᠡᠩᠭᠡᠯ ᠬᠢᠭᠦ ᠮᠦᠷᠳᠡᠭᠡᠨ | ᠲᠠᠭᠦᠨ ᠢ ᠡᠮ ᠲᠤᠮ ᠢᠶᠠᠷ ᠦᠵᠠᠭᠦ ᠭᠡᠷᠡᠭᠳᠠᠢ᠃ ᠤᠴᠢᠷ ᠨᠢ ᠲᠠᠷᠠ ᠪᠤᠯ ᠤᠶᠤᠨ ᠰᠠᠨᠠᠭᠠᠨ ᠳᠡᠭᠡᠷ᠎ᠠ ᠰᠤᠯᠠ | ᠲᠠᠶᠢᠪᠤᠭᠤ ᠰᠡᠳᠬᠢᠯᠭᠡ ᠶᠢ ᠡᠭᠦᠰᠭᠡᠵᠦ ᠪᠢᠳᠠᠨ ᠢ ᠡᠶᠢᠮᠦᠷᠭᠦᠦ ᠪᠠᠶᠠᠷ ᠵᠢᠷᠭᠠᠯ ᠤᠨ ᠲᠤᠮᠳᠠ ᠠᠮᠠᠷᠠᠭᠤᠯᠵᠤ ᠴᠢᠳᠠᠳᠠᠬ᠃ | ᠭᠡᠪᠡᠴᠤ ᠡᠨᠡ ᠭᠦ ᠰᠤᠯᠠ ᠰᠠᠯᠠᠭᠦᠦ ᠶᠢᠨ ᠲᠤᠰ ᠪᠡᠶ᠎ᠡ ᠶᠢᠨ ᠤᠯᠭᠤᠭᠰᠠᠨ ᠪᠠᠶᠠᠷ ᠪᠠᠶᠠᠰᠬᠤᠯᠠᠩ᠂ ᠵᠤᠯ ᠵᠢᠷᠭᠠᠯ ᠬᠢᠭᠡᠳ | ᠠᠮᠢᠳᠤᠷᠠᠯ ᠢ ᠡᠳ᠋ᠯᠡᠳᠡᠭ ᠨᠢ ᠵᠠᠪ ᠴᠢᠯᠦᠭᠡᠳᠠᠢ ᠭᠦᠮᠦᠰ ᠪᠤᠯᠬᠤ ᠠᠴᠠ ᠪᠢᠰᠢ ᠶᠠᠭᠠᠷᠠᠯᠳᠠᠢ ᠭᠦᠮᠦᠰ ᠪᠢᠰᠢ ᠶᠤᠮ᠃ | ᠤᠴᠢᠷ ᠨᠢ ᠠᠵᠢᠯ ᠬᠢᠵᠤ ᠪᠠᠶᠢᠭ᠎ᠠ ᠭᠦᠮᠦᠨ ᠤ ᠰᠡᠳᠬᠢᠯ ᠳᠤ ᠭᠡᠵᠢᠶᠠᠳᠠ ᠵᠤᠷᠢᠯᠭ᠎ᠠ ᠳᠤ ᠪᠠᠨ ᠭᠦᠷᠦᠭᠡ ᠦᠭᠡᠢ | ᠬᠠᠷᠠᠯᠳᠠ ᠪᠠᠶᠢᠳᠠᠬ᠃ ᠲᠠᠷᠠ ᠬᠠᠷᠠᠯᠳᠠ ᠪᠤᠯ ᠲᠠᠷᠤᠢ ᠵᠤᠯ ᠵᠢᠷᠭᠠᠯ ᠮᠦᠨ᠃ ᠪᠤᠢ ᠪᠦᠭᠦᠢ ᠭᠦᠮᠦᠨ ᠵᠤᠯ ᠵᠢᠷᠭᠠᠯ ᠢ | ᠠᠪᠴᠢᠷᠠᠭᠰᠠᠨ ᠵᠦᠢᠯ ᠪᠤᠯ ᠳᠠᠷᠤᠢ ᠪᠠᠶᠠᠷ ᠪᠠᠶᠠᠰᠬᠤᠯᠠᠩ ᠭᠡᠵᠦ ᠦᠵᠠᠳᠡᠭ᠃ ᠭᠡᠪᠡᠴᠤ ᠪᠤᠳᠠᠭᠠᠯᠢ ᠪᠠᠶ᠎ᠠ ᠶᠢᠨ ᠪᠠᠶᠠᠷ | ᠪᠠᠶᠠᠰᠬᠤᠯᠠᠩ ᠤᠨ ᠲᠤᠬᠠᠢ ᠦᠵᠠᠯᠳᠠ ᠠᠳᠠᠯᠢ ᠦᠭᠡᠢ ᠪᠠᠶᠢᠵᠤ᠂ ᠬᠤᠪᠢ ᠭᠦᠮᠦᠨ ᠤ ᠵᠠᠩ ᠴᠢᠨᠠᠷ ᠢ ᠲᠠᠭᠠᠯᠳᠤᠨ | ᠵᠦᠷᠢᠶ᠎ᠠ ᠭᠠᠷᠳᠠᠬ᠃ ᠡᠷᠬᠢᠮ ᠲᠡᠭᠡᠳᠤ ᠭᠦᠮᠦᠨ ᠤ ᠪᠠᠶᠠᠷ ᠪᠠᠶᠠᠰᠬᠤᠯᠠᠩ ᠤᠨ ᠡᠬᠢ ᠰᠤᠷᠪᠤᠯᠵᠢ ᠪᠤᠯ ᠡᠷᠬᠢᠮ ᠨᠠᠨᠳᠢᠨ | ᠪᠠᠶᠢᠳᠠᠬ᠃ ᠵᠠᠷᠢᠮ ᠲᠦᠷᠦᠯ ᠤᠨ ᠡᠷᠳᠠᠮ ᠮᠠᠳᠠᠯᠭᠡ ᠪᠠ ᠪᠤᠯᠪᠠᠰᠤᠷᠠᠯ ᠢ ᠪᠢᠳᠠ ᠵᠠᠶᠢᠯᠠᠰᠢ ᠦᠭᠡᠢ ᠰᠤᠯᠠ ᠰᠠᠯᠠᠭᠦᠦ ᠶᠢ | ᠠᠰᠢᠭᠯᠠᠬᠤ ᠵᠤᠷᠢᠯᠭ᠎ᠠ ᠪᠠᠷ ᠰᠤᠳᠤᠯᠳᠠᠬ ᠨᠢ ᠮᠠᠰᠢ ᠲᠤᠳᠤᠷᠬᠠᠢ ᠪᠢᠯᠠ᠃ ᠡᠳᠡᠭᠡᠷ ᠬᠢᠴᠢᠶᠡᠯ ᠲᠦᠷᠦᠯ ᠤᠨ | ᠦᠷᠳᠡᠭ ᠨᠢ ᠲᠡᠭᠦᠨ ᠤ ᠲᠤᠰ ᠪᠡᠶ᠎ᠠ ᠳᠤ ᠨᠢ ᠪᠠᠶᠢᠳᠠᠬ᠃ ᠠᠵᠢᠯ ᠶᠠᠪᠤᠳᠠᠯ ᠳᠤ ᠭᠡᠷᠡᠭᠳᠠᠢ ᠲᠠᠳᠡᠭᠡᠷ ᠮᠠᠳᠠᠯᠭᠡ ᠶᠢ | ᠴᠢᠬᠤᠯᠠᠳᠠᠢ ᠭᠡᠵᠦ ᠦᠵᠡᠭᠦ ᠪᠤᠯᠪᠠᠴᠤ ᠲᠠᠷᠠ ᠨᠢ ᠪᠤᠰᠤᠳ ᠭᠡᠷᠡᠭ ᠪᠤᠳᠠᠰ ᠲᠤ ᠬᠤᠯᠪᠤᠭᠳᠠᠬᠤ ᠠᠴᠠ ᠪᠤᠯᠵᠤ | ᠤᠷᠤᠰᠢᠵᠤ ᠪᠠᠶᠢᠳᠠᠬ᠃ ᠡᠶᠢᠮᠦ ᠠᠴᠠ ᠮᠠᠨ ᠤ ᠡᠪᠦᠭᠡ ᠲᠠᠭᠡᠳᠤᠰ ᠲᠠᠭᠤᠤ ᠭᠦᠭᠵᠢᠮ ᠢ ᠰᠤᠷᠭᠠᠨ ᠭᠦᠮᠦᠵᠢᠯ ᠳᠤ | ᠤᠷᠤᠭᠤᠯᠤᠭᠰᠠᠨ ᠨᠢ ᠴᠢᠬᠤᠯᠠᠳᠠᠢ ᠪᠤᠶᠤ ᠠᠰᠢᠭᠳᠠᠢ ᠶᠢᠨ ᠲᠦᠯᠦᠭᠡ ᠪᠢᠰᠢ ᠶᠤᠮ᠃ ᠤᠴᠢᠷ ᠨᠢ ᠲᠠᠷᠠ ᠪᠤᠯ | ᠤᠡᠭᠰᠢᠯᠭ᠎ᠠ ᠪᠠ ᠪᠢᠴᠢᠯᠭᠡ ᠰᠢᠭ ᠠᠮᠢᠳᠤᠷᠠᠬᠤ ᠳᠤ ᠭᠡᠷᠡᠭᠳᠠᠢ ᠪᠢᠰᠢ᠂ ᠭᠡᠷ ᠪᠦᠯᠢ ᠶᠢᠨ ᠭᠡᠷᠡᠭ ᠶᠠᠪᠤᠳᠠᠯ ᠢ | ᠰᠢᠢᠳᠪᠤᠷᠢᠯᠡᠭᠦ ᠳᠤ ᠭᠡᠷᠡᠭᠳᠠᠢ ᠪᠢᠰᠢ᠂ ᠮᠠᠳᠠᠯᠭᠡ ᠶᠢ ᠨᠡᠮᠡᠭᠳᠠᠭᠦᠯᠭᠦ ᠪᠠ ᠤᠯᠤᠰ ᠲᠦᠷᠦ ᠶᠢᠨ ᠠᠮᠢᠳᠤᠷᠠᠯ ᠳᠤ ᠭᠡᠷᠡᠭᠳᠠᠢ | ᠪᠢᠰᠢ᠃ ᠮᠦᠨ ᠴᠦ ᠵᠢᠷᠤᠭ ᠰᠤᠷᠬᠤ ᠠᠳᠠᠯᠢ ᠤᠷᠠᠯᠢᠬᠴᠢᠨ ᠤ ᠪᠦᠳᠦᠭᠡᠯ ᠳᠤ ᠤᠨᠤᠪᠴᠢᠳᠠᠢ ᠦᠨᠠᠯᠠᠯᠳᠠ ᠦᠭᠭᠦ ᠳᠤ | ᠭᠡᠷᠡᠭᠳᠠᠢ ᠪᠢᠰᠢ᠂ ᠪᠠᠶ᠎ᠠ ᠶᠢᠨ ᠲᠠᠮᠢᠷ ᠠᠳᠠᠯᠢ ᠭᠦᠮᠦᠨ ᠢ ᠡᠷᠡᠭᠦᠯ ᠴᠢᠬᠢᠷᠠᠬ᠂ ᠭᠦᠴᠦᠨ ᠲᠡᠩᠭᠡᠭᠡ ᠲᠠᠢ ᠪᠤᠯᠭᠠᠵᠤ | ᠴᠢᠳᠠᠬᠤ ᠦᠭᠡᠢ᠃ ᠲᠠᠭᠡᠷᠡᠬᠢ ᠴᠢᠳᠠᠪᠤᠷᠢ ᠶᠢᠨ ᠨᠢᠭᠡ ᠵᠦᠢᠯ ᠢ ᠴᠦ ᠲᠠᠭᠤᠤ ᠭᠦᠭᠵᠢᠮ ᠠᠴᠠ ᠤᠯᠵᠤ ᠴᠢᠳᠠᠬᠤ | ᠦᠭᠡᠢ ᠶᠤᠮ᠃ ᠲᠡᠭᠡᠪᠡᠯ ᠳᠠᠭᠤᠤ ᠭᠦᠭᠵᠢᠮ ᠤᠨ ᠦᠯᠠᠳᠡᠭᠰᠡᠨ ᠦᠢᠯᠠᠳᠤᠯ ᠨᠢ ᠶᠠᠭᠤ ᠪᠤᠢ︖ ᠭᠡᠪᠡᠯ ᠳᠠᠷᠤᠢ | ᠰᠤᠯᠠ ᠰᠠᠯᠠᠭᠦᠦ ᠴᠠᠭ ᠲᠤ ᠤᠶᠤᠨᠴᠢ ᠭᠦᠷᠳᠡᠭᠡᠯ ᠢ ᠬᠠᠨᠭ᠍ᠭᠠᠬᠤ ᠯᠠ ᠲᠠᠳᠤᠢ ᠶᠤᠮ᠃ ᠳᠠᠭᠤᠤ ᠭᠦᠭᠵᠢᠮ ᠢ ᠬᠢᠴᠢᠶᠠᠯ | ᠲᠦᠷᠤᠯ ᠳᠤ ᠤᠷᠤᠭᠤᠯᠤᠭᠰᠠᠨ ᠤ ᠰᠢᠯᠳᠠᠭᠠᠨ ᠬᠢᠭᠡᠳ ᠦᠨᠳᠤᠰᠤᠯᠠᠯ ᠨᠢ ᠳᠠᠷᠤᠢ ᠡᠭᠦᠨ ᠳᠤ ᠪᠤᠢ᠃ ᠡᠨᠡ ᠪᠤᠯ | ᠴᠢᠯᠦᠭᠡᠳᠠᠢ ᠠᠷᠠᠳ ᠤᠨ ᠰᠠᠯᠡᠭᠦᠴᠡᠵᠤ ᠠᠮᠠᠷᠠᠬᠤ ᠨᠢᠭᠡ ᠵᠦᠢᠯ ᠤᠨ ᠭᠡᠯᠪᠠᠷᠢ ᠪᠤᠯᠤᠨ᠎ᠠ᠃ ᠡᠳᠤᠮᠧᠷ ᠤᠨ ᠲᠤᠤᠯᠢ ᠳᠤ | ᠲᠤᠷᠠᠳᠤᠭᠰᠠᠨ ᠤᠳᠢᠰᠢᠤᠰ ︵ᠡᠷᠳᠠᠨ ᠤ ᠭᠷᠧᠭ ᠤᠨ ᠡᠳᠤᠮᠧᠷ ᠤᠨ ᠲᠤᠤᠯᠢ ︽ᠤᠳᠢᠰᠠᠢ︾ ᠶᠢᠨ ᠭᠤᠤᠯ ᠪᠠᠭᠠᠳᠤᠷ︶ ᠤᠨ | ᠭᠡᠯᠡᠭᠰᠡᠨ ᠭᠦᠮᠦᠨ ᠤ ᠠᠮᠢᠳᠤᠷᠠᠬᠤᠢ ᠶᠢᠨ ᠬᠠᠮᠤᠭ ᠤᠨ ᠭᠤᠸ᠎ᠠ ᠰᠠᠶᠢᠬᠠᠨ ᠶᠠᠪᠤᠳᠠᠯ ᠪᠤᠯ ︽ᠦᠷᠦᠭᠡ ᠲᠦᠭᠦᠷᠠᠩ | ᠵᠤᠴᠢᠳ ᠤᠨ ᠬᠠᠮᠳᠤ ᠪᠠᠶᠠᠷ ᠪᠠᠶᠠᠰᠬᠤᠯᠠᠩᠳᠠᠢ ᠳᠠᠭᠤᠤ ᠭᠦᠭᠵᠢᠮ ᠰᠤᠨᠤᠰᠬᠤ ᠶᠠᠪᠤᠳᠠᠯ ᠪᠤᠯᠤᠨ᠎ᠠ︾ ᠭᠡᠰᠡᠨ ᠶᠤᠮ᠃ | ᠲᠡᠭᠡᠪᠡᠯ᠂ ᠡᠶᠢᠮᠦ ᠨᠢᠭᠡᠨ ᠰᠤᠷᠭᠠᠨ ᠭᠦᠮᠦᠵᠢᠯ ᠪᠠᠶᠢᠵᠤ᠂ ᠡᠴᠢᠭᠡ ᠡᠭᠡ ᠨᠢ ᠲᠡᠭᠦᠨ ᠢ ᠭᠡᠷᠡᠭᠯᠡᠵᠦ ᠦᠷ᠎ᠠ | ᠭᠡᠤᠭᠡᠳ ᠢᠶᠠᠨ ᠰᠤᠷᠭᠠᠬᠤ ᠪᠤᠯᠤᠭᠰᠠᠨ ᠨᠢ ᠲᠠᠭᠦᠨ ᠤ ᠭᠡᠷᠡᠭᠴᠡᠭᠡ ᠪᠤᠶᠤ ᠭᠡᠷᠡᠭᠳᠠᠢ ᠪᠠᠶᠢᠬᠤ ᠳᠤ ᠪᠠᠶᠢᠭ᠎ᠠ ᠪᠢᠰᠢ | ᠬᠠᠷᠢᠨ ᠲᠡᠭᠦᠨ ᠤ ᠡᠷᠭᠡ ᠴᠢᠯᠦᠭᠡᠳᠠᠢ ᠪᠠ ᠡᠷᠬᠢᠮ ᠲᠡᠭᠡᠳᠤ ᠳᠤ ᠨᠢ ᠪᠠᠶᠢᠭ᠎ᠠ ᠶᠤᠮ᠃ ᠡᠨᠡ ᠲᠦᠷᠤᠯ ᠤᠨ ᠰᠤᠷᠭᠠᠨ | ᠭᠦᠮᠦᠵᠢᠯ ᠨᠢ ᠨᠢᠭᠡ ᠵᠦᠢᠯ ᠳᠤ ᠬᠢᠵᠠᠭᠠᠷᠯᠠᠭᠳᠠᠳᠠᠬ ᠤᠤ ᠡᠰᠠᠭᠦᠯ᠎ᠠ ᠭᠡᠳᠤᠨ ᠵᠦᠢᠯ ᠪᠠᠶᠢᠳᠠᠬ ᠤᠤ︖ ᠭᠡᠷᠪᠠ ᠨᠢᠭᠡ | ᠵᠦᠢᠯ ᠪᠢᠰᠢ ᠪᠤᠯ ᠲᠠᠷᠠ ᠨᠢ ᠶᠠᠭᠤ ᠶᠠᠭᠤ ᠪᠠᠶᠢᠵᠤ᠂ ᠭᠡᠷᠬᠢᠨ ᠵᠢᠭᠠᠨ ᠰᠤᠷᠭᠠᠳᠠᠬ ᠪᠤᠢ︖ | ᠡᠭᠦᠨ ᠢ ᠬᠤᠵᠢᠮ ᠤᠨ ᠡᠳᠦᠷ ᠯᠠᠪᠳᠠᠢ ᠰᠢᠢᠳᠪᠤᠷᠢᠯᠡᠭᠦ ᠶᠤᠮ᠃ ᠪᠢᠳᠠᠨ ᠤ ᠡ᠊ᠨᠳᠠ ᠭᠡᠯᠡᠵᠦ ᠪᠠᠶᠢᠭ᠎ᠠ | ᠵᠦᠢᠯ ᠳᠤ ᠡᠷᠳᠠᠨ ᠤ ᠭᠦᠮᠦᠨ ᠪᠢᠳᠠᠨ ᠳᠤ ᠭᠡᠷᠡᠴᠢ ᠪᠤᠯᠤᠭᠰᠠᠨ ᠶᠤᠮ᠃ ᠤᠴᠢᠷ ᠨᠢ ᠲᠠᠳᠠᠨ ᠤ ᠰᠠᠨᠠᠯ ᠨᠢ ᠳᠠᠭᠤᠤ | ᠭᠦᠭᠵᠢᠮ ᠪᠤᠯ ᠬᠠᠮᠳᠤ ᠶᠢᠨ ᠮᠠᠳᠠᠷᠠᠵᠤ ᠪᠦᠭᠦᠢ ᠤᠯᠠᠮᠵᠢᠯᠠᠯᠳᠤ ᠰᠤᠷᠭᠠᠨ ᠭᠦᠮᠦᠵᠢᠯ ᠤᠨ ᠬᠢᠴᠢᠶᠡᠯ ᠲᠦᠷᠤᠯ ᠤᠨ | ᠨᠢᠭᠡ ᠪᠦᠯᠦᠭ ᠪᠤᠯᠬᠤ ᠪᠤᠳᠠᠳᠤ ᠶᠠᠪᠤᠳᠠᠯ ᠠᠴᠠ ᠮᠠᠭᠠᠳᠯᠠᠨ ᠭᠠᠷᠭᠠᠭᠰᠠᠨ ᠪᠢᠯᠡ᠃ ᠡᠭᠦᠨ ᠠᠴᠠ ᠭᠠᠳᠠᠨ᠎ᠠ | ᠭᠡᠤᠭᠡᠳ ᠲᠤ ᠮᠠᠰᠢ ᠤᠯᠠᠨ ᠭᠡᠷᠡᠭᠳᠠᠢ ᠭᠡᠷᠡᠭ ᠪᠤᠳᠠᠰ ᠢ ᠵᠢᠭᠠᠬᠤ ᠪᠤᠯ ᠵᠠᠶᠢᠯᠠᠰᠢ ᠦᠭᠡᠢ ᠶᠤᠮ᠃ ᠵᠢᠱᠢᠶᠡᠯᠡᠪᠡᠯ᠂ | ᠤᠡᠭᠰᠢᠬᠤ ᠪᠠ ᠪᠢᠴᠢᠭᠦ ᠪᠤᠯᠤᠨ᠎ᠠ᠃ ᠲᠠᠷᠠ ᠨᠢ ᠲᠤᠰ ᠪᠠᠶ᠎ᠠ ᠨᠢ ᠭᠡᠷᠡᠭᠳᠠᠢ ᠪᠦᠭᠡᠳ ᠲᠠᠭᠦᠨ ᠢᠶᠠᠷ ᠲᠠᠮᠵᠢᠨ ᠮᠠᠰᠢ | ᠤᠯᠠᠨ ᠦᠭᠡᠷ᠎ᠡ ᠦᠭᠡᠷ᠎ᠠ ᠮᠠᠳᠠᠯᠭᠡ ᠶᠢ ᠤᠯᠳᠠᠬ ᠶᠤᠮ᠃ ᠭᠡᠤᠭᠡᠳ ᠲᠤ ᠵᠢᠷᠤᠭ ᠵᠢᠷᠤᠬᠤ ᠶᠢ ᠰᠤᠷᠭᠠᠳᠠᠬ ᠨᠢ ᠮᠦᠨ | ᠴᠦ ᠡᠨᠡ ᠦᠵᠠᠯᠳᠠ ᠠᠴᠠ ᠡᠭᠦᠰᠦᠭᠰᠡᠨ ᠶᠤᠮ᠃ ᠲᠠᠷᠠ ᠨᠢ ᠵᠦᠪᠭᠡᠨ ᠠᠷᠠᠯᠵᠢᠶ᠎ᠠ ᠬᠤᠳᠠᠯᠳᠤᠭᠠᠨ ᠤ ᠲᠤᠮᠳᠠ | ᠪᠤᠷᠤᠭᠤᠳᠬᠤ ᠪᠤᠶᠤ ᠮᠠᠭᠡᠯᠡᠭᠳᠡᠭᠦ ᠶᠢ ᠰᠠᠷᠭᠡᠶᠢᠯᠡᠭᠦ ᠶᠢᠨ ᠲᠦᠯᠦᠭᠡ ᠪᠢᠰᠢ ᠬᠠᠷᠢᠨ ᠲᠠᠳᠠᠨ ᠢ ᠭᠦᠮᠦᠨ ᠤ ᠪᠠᠶ᠎ᠠ | ᠲᠦᠷᠭᠦ ᠶᠢᠨ ᠭᠤᠸ᠎ᠠ ᠰᠠᠶᠢᠬᠠᠨ ᠢ ᠦᠨᠡᠯᠡᠭᠴᠢ ᠪᠤᠯᠭᠠᠬᠤ ᠶᠢᠨ ᠲᠦᠯᠦᠭᠡ ᠶᠤᠮ᠃ ᠨᠢᠭᠡ ᠯᠡ ᠰᠡᠳᠬᠢᠯ ᠢᠶᠠᠷ ᠭᠡᠷᠡᠭᠳᠠᠢ | ᠵᠦᠢᠯ ᠢ ᠭᠦᠭᠡᠭᠡᠴᠡᠯᠳᠤᠭᠦ ᠨᠢ ᠡᠷᠭᠡ ᠴᠢᠯᠦᠭᠡᠳᠠᠢ ᠰᠡᠳᠬᠢᠯᠭᠡ ᠶᠢ ᠪᠦᠷᠢᠯᠳᠤᠭᠦᠯᠵᠦ ᠴᠢᠳᠠᠬᠤ ᠦᠭᠡᠢ᠃ ᠡᠶᠢᠮᠦ ᠠᠴᠠ | ᠰᠤᠷᠭᠠᠨ ᠭᠦᠮᠦᠵᠢᠯ ᠳᠤ ᠦᠢᠯᠠᠳᠤᠯᠭᠡ ᠨᠢ ᠤᠨᠤᠯ ᠠᠴᠠ ᠡᠮᠦᠨ᠎ᠠ ᠪᠠᠶᠢᠬᠤ ᠭᠡᠷᠡᠭᠳᠠᠢ᠃ ᠪᠡᠶ᠎ᠠ ᠮᠠᠬᠠᠪᠤᠳ ᠤᠨ | ᠪᠤᠯᠪᠠᠰᠤᠷᠠᠯ ᠨᠢ ᠡᠷᠭᠡᠪᠰᠢ ᠤᠶᠤᠨ ᠤᠬᠠᠭᠠᠨ ᠤ ᠪᠤᠯᠪᠠᠰᠤᠷᠠᠯ ᠠᠴᠠ ᠡᠮᠦᠨ᠎ᠠ ᠪᠠᠶᠢᠬᠤ ᠭᠡᠷᠡᠭᠳᠠᠢ᠃ ᠡᠶᠢᠮᠦ ᠠᠴᠠ | ᠡᠷᠡᠭᠳᠠᠢ ᠭᠡᠤᠭᠡᠳ ᠲᠤ ᠲᠠᠳᠠᠨ ᠤ ᠪᠠᠶ᠎ᠠ ᠮᠠᠬᠠᠪᠤᠳ ᠤᠨ ᠲᠠᠳᠬᠠᠯ ᠢ ᠭᠦᠮᠦᠵᠢᠭᠦᠯᠭᠦ ᠳᠤ ᠲᠤᠬᠢᠷᠠᠭᠰᠠᠨ ᠰᠤᠷᠭᠠᠭᠴᠢ | ᠪᠠ ᠪᠠᠶ᠎ᠠ ᠲᠠᠮᠢᠷ ᠤᠨ ᠪᠤᠯᠪᠠᠰᠤᠷᠠᠯ ᠢ ᠵᠢᠭᠠᠬᠤ ᠪᠠᠭᠰᠢ ᠶᠢ ᠤᠯᠵᠤ ᠦᠭᠭᠦ ᠭᠡᠷᠡᠭᠳᠠᠢ ᠪᠠᠶᠢᠳᠠᠬ᠃ | | | ︵︽ᠪᠠᠭᠰᠢ ᠶᠢᠨ ᠬᠤᠷᠸ᠎ᠠ︾ ᠰᠡᠳᠭᠦᠯ ᠤᠨ 2019 ᠤᠨ ᠤ 10 ᠳ᠋ᠤᠭᠠᠷ | ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠵᠤ ᠪᠠᠭᠤᠯᠭᠠᠪᠠ︶ | 2020 ᠣᠨ ᠤ 10 ᠳ᠋ᠤᠭᠠᠷ ᠬᠤᠭᠤᠴᠠᠭ᠎ᠠ | | |