| ᠸᠠᠨ ᠸᠧᠢ ᠭᠠᠩ | | | 2017 ᠤᠨ ᠳᠤ ᠠᠮᠧᠷᠢᠺᠠ ᠶᠢᠨ ᠰᠤᠷᠭᠠᠨ ᠭᠦᠮᠦᠵᠢᠯ ᠤᠨ ᠰᠤᠳᠤᠯᠭᠠᠨ ᠭᠡᠤᠭᠡᠳ ᠤᠨ ᠠᠩᠬᠠᠨ ᠤ | ᠰᠤᠷᠭᠠᠨ ᠭᠦᠮᠦᠵᠢᠯ ᠤᠨ ᠵᠢᠮ᠎ᠠ ᠬᠠᠤᠯᠢ ᠪᠤᠯᠬᠤ ︽ᠵᠤᠯᠭᠠᠷᠠᠯᠳᠠ ᠶᠢᠨ ᠦᠢᠯᠠᠴᠢᠯᠡᠭᠡ︾ ᠭᠡᠳᠡᠭ ᠢ ᠲᠤᠷᠠᠳᠴᠠᠢ᠃ | ᠡᠨᠡ ᠵᠢᠮ᠎ᠠ ᠬᠠᠤᠯᠢ ᠳᠤ ᠭᠡᠷᠪᠡ ᠴᠢ ᠰᠤᠷᠤᠭᠴᠢᠳ ᠲᠤ ᠵᠠᠷᠢᠮ ᠮᠠᠳᠠᠯᠭᠡ ᠶᠢ ᠮᠠᠰᠢ ᠲᠦᠷᠭᠡᠨ ᠢᠶᠠᠷ ᠴᠢᠳᠬᠤᠨ | ᠰᠤᠷᠭᠠᠬᠤ ᠳᠤ ᠭᠦᠷᠪᠡᠯ ᠰᠤᠷᠤᠭᠴᠢ ᠦᠨᠠᠭᠡᠷ ᠦᠳᠳᠡᠷ ᠲᠦᠷᠭᠡᠨ ᠢᠶᠠᠷ ᠰᠢᠯᠢᠳᠡᠭ ᠬᠢᠷᠢ ᠪᠦᠳᠤᠮᠵᠢ ᠶᠢ ᠤᠯᠳᠠᠬ᠃ | ᠭᠡᠪᠡᠴᠤ ᠡᠨᠡ ᠭᠦ ᠲᠠᠪᠠᠭᠤᠯᠢᠬ ᠨᠢ ᠲᠠᠮᠠᠢ ᠤᠳᠠᠯ ᠦᠭᠡᠢ ᠵᠤᠯᠭᠠᠷᠠᠨ ᠠᠷᠢᠯᠳᠠᠬ᠃ ᠲᠠᠳᠡᠭᠡᠷ ᠮᠠᠳᠠᠯᠭᠡ ᠶᠢ ᠪᠤᠰᠤᠳ | ᠭᠦᠮᠦᠰ ᠴᠤ ᠡᠴᠤᠰ ᠲᠤ ᠪᠠᠨ ᠰᠤᠷᠴᠤ ᠴᠢᠳᠠᠳᠠᠬ᠃ ᠭᠡᠳᠡᠯ᠎ᠡ ᠡᠮᠦᠨᠡᠬᠢ ᠨᠢ ᠨᠦᠭᠡᠴᠡ ᠭᠦᠴᠦᠨ ᠢᠶᠠᠷ ᠭᠦᠢᠴᠡᠳ | ᠪᠢᠰᠢ ᠪᠠᠶᠢᠳᠠᠬ᠃ ᠦᠨᠠᠨ ᠳᠤ ᠪᠠᠨ ︽ᠵᠤᠯᠭᠠᠷᠠᠯᠳᠠ ᠶᠢᠨ ᠦᠢᠯᠠᠴᠢᠯᠡᠭᠡ︾ ᠨᠢ ᠵᠦᠪᠭᠡᠨ ᠡᠷᠳᠠ ᠦᠶ᠎ᠠ ᠶᠢᠨ | ᠰᠤᠷᠭᠠᠨ ᠭᠦᠮᠦᠵᠢᠯ ᠳᠤ ᠬᠢᠵᠠᠭᠠᠷᠯᠠᠭᠳᠠᠬᠤ ᠪᠢᠰᠢ ᠬᠠᠷᠢᠨ ᠪᠤᠢ ᠪᠦᠭᠦᠢ ᠰᠤᠷᠭᠠᠨ ᠭᠦᠮᠦᠵᠢᠯ ᠳᠤ ᠪᠦᠷ ᠤᠷᠤᠰᠢᠵᠤ | ᠪᠠᠶᠢᠳᠠᠬ᠃ | ᠤᠴᠢᠷ ᠨᠢ ᠲᠦᠪᠯᠠᠷᠠᠭᠦᠯᠦᠨ ᠴᠢᠳᠬᠤᠭᠰᠠᠨ ᠮᠠᠳᠠᠯᠭᠡ ᠪᠤᠯ ᠪᠦᠷ ︽ᠪᠢᠳᠡᠭᠦᠮᠵᠢᠯᠡᠭᠰᠡᠨ ᠭᠡᠯᠪᠠᠷᠢᠳᠤ︾ | ᠮᠠᠷᠭᠡᠰᠢᠯ ᠪᠤᠯᠬᠤ ᠶᠤᠮ᠃ ᠦᠭᠡᠷ᠎ᠠ ᠪᠠᠷ ᠭᠡᠯᠡᠪᠡᠯ ᠪᠦᠷ ᠵᠤᠬᠢᠬᠤ ᠲᠤᠭᠳᠠᠭᠰᠠᠨ ᠠᠵᠢᠯᠯᠠᠭᠠᠨ ᠢᠶᠠᠷ ᠰᠤᠷᠤᠯᠴᠠᠬᠤ | ᠭᠡᠯᠪᠠᠷᠢ ᠪᠤᠯᠤᠨ᠎ᠠ᠃ ᠡᠶᠢᠮᠦᠷᠭᠦᠦ ᠮᠠᠳᠠᠯᠭᠡ ᠶᠢ ᠵᠢᠭᠠᠪᠠᠯ ᠳᠠᠷᠤᠢ ᠰᠤᠷᠴᠤ ᠴᠢᠳᠠᠨ᠎ᠠ᠂ ᠭᠡᠪᠡᠴᠤ ᠬᠤᠷᠠᠮᠳᠤᠭᠤᠯᠤᠯ ᠤᠨ | ᠦᠢᠯᠠᠳᠤᠯ ᠢᠶᠠᠷ ᠲᠤᠳᠠᠮᠠᠬ ᠪᠠᠶᠢᠵᠤ᠂ ᠰᠠᠭᠦᠯᠴᠢ ᠶᠢᠨ ᠲᠠᠪᠰᠢᠯᠳᠠ ᠳᠤ ᠰᠠᠭᠤᠷᠢ ᠪᠤᠯᠵᠤ ᠴᠢᠳᠠᠬᠤ ᠦᠭᠡᠢ ᠪᠠᠶᠢᠳᠠᠬ᠃ | ᠪᠤᠰᠤᠳ ᠲᠤ ᠭᠦᠢᠴᠡᠭᠳᠡᠭᠦ ᠦᠭᠡᠢ ᠭᠡᠪᠡᠯ ᠲᠠ ᠡᠷᠭᠡᠪᠰᠢ ︽ᠨᠡᠭᠡᠭᠡᠯᠳᠠ ᠶᠢᠨ ᠭᠡᠯᠪᠠᠷᠢᠳᠤ︾ ᠮᠠᠷᠭᠡᠰᠢᠯ ᠢ ᠡᠵᠡᠮᠰᠢᠭᠦ | ᠭᠡᠷᠡᠭᠳᠠᠢ᠃ ᠡᠶᠢᠮᠦᠷᠭᠦᠦ ᠮᠠᠷᠭᠡᠰᠢᠯ ᠨᠢ ᠪᠤᠰᠤᠳ ᠮᠠᠳᠠᠯᠭᠡ ᠲᠠᠢ ᠬᠤᠯᠪᠤᠭ᠎ᠠ ᠡᠭᠦᠰᠴᠤ ᠲᠠᠪᠳᠠᠭᠳᠠᠨ ᠠᠰᠢᠭᠯᠠᠭᠳᠠᠬᠤ | ᠦᠢᠯᠠᠳᠤᠯ ᠲᠠᠢ ᠪᠠᠶᠢᠳᠠᠬ᠃ | ᠨᠠᠭᠡᠭᠡᠯᠳᠠ ᠶᠢᠨ ᠭᠡᠯᠪᠠᠷᠢᠳᠤ ᠮᠠᠷᠭᠡᠰᠢᠯ ᠤᠨ ᠰᠤᠷᠤᠯᠴᠠᠯᠭ᠎ᠠ ᠨᠢ ᠤᠳᠠᠭᠠᠨ ᠪᠠᠶᠢᠳᠠᠬ᠃ ᠵᠢᠩᠬᠢᠨᠢ ᠦᠷ᠎ᠠ | ᠪᠦᠳᠤᠮᠵᠢᠳᠤ ᠭᠡᠳᠤᠨ ᠵᠦᠢᠯ ᠤᠨ ᠰᠤᠷᠤᠯᠴᠠᠯᠭ᠎ᠠ ᠶᠢᠨ ᠠᠷᠭ᠎ᠠ ᠶᠢᠨ ᠬᠠᠮᠳᠤ ᠶᠢᠨ ᠤᠨᠴᠠᠯᠢᠬ ᠨᠢ ᠲᠠᠷᠤᠢ ᠤᠳᠠᠭᠠᠨ | ᠪᠤᠯᠤᠨ᠎ᠠ᠃ ᠭᠡᠪᠠᠴᠤ ᠲᠠ ᠡᠭᠦᠨ ᠠᠴᠠ ᠪᠤᠯᠵᠤ ᠤᠳᠤ ᠪᠠᠷ ᠢᠶᠠᠨ ᠢᠯᠠᠭᠳᠠᠵᠤ ᠪᠠᠶᠢᠪᠠᠴᠤ ᠢᠷᠡᠭᠡᠳᠤᠢ ᠳᠤ ᠢᠯᠠᠯᠳᠠ | ᠤᠯᠤᠨ᠎ᠠ ᠭᠡᠳᠡᠭ ᠤᠨ ᠵᠢᠩᠬᠢᠨᠢ ᠴᠢᠳᠠᠪᠤᠷᠢ ᠶᠢ ᠲᠠᠨᠢᠵᠤ ᠤᠯᠬᠤ ᠪᠢᠯᠠ᠃ | ᠨᠢᠭᠡ᠂ ᠰᠠᠶᠢᠨ ᠪᠠᠭᠰᠢ | ᠠᠮᠧᠷᠢᠺᠠ ᠶᠢᠨ ᠠᠭᠠᠷ ᠤᠨ ᠴᠡᠷᠢᠭ ᠤᠨ ᠲᠠᠭᠡᠳᠤ ᠰᠤᠷᠭᠠᠭᠤᠯᠢ ᠪᠤᠯ ᠰᠤᠷᠭᠠᠨ ᠭᠦᠮᠦᠵᠢᠯ ᠵᠢᠭᠠᠨ | ᠰᠤᠷᠭᠠᠯᠳᠠ ᠶᠢᠨ ᠨᠢᠭᠡᠨ ᠲᠤᠮᠤ ᠪᠠᠶᠢᠭᠤᠯᠤᠮᠵᠢ ᠪᠤᠯᠬᠤ ᠪᠦᠭᠡᠳ ᠵᠢᠭᠠᠨ ᠰᠤᠷᠭᠠᠯᠳᠠ ᠨᠢ ᠴᠢᠩᠭ᠎ᠠ ᠮᠦᠷᠳᠡᠭᠡᠨ | ᠲᠦᠢᠯ ᠤᠨ ᠰᠢᠰᠲ᠋ᠧᠮ ᠲᠠᠢ ᠶᠤᠮ᠃ ᠲᠠᠭᠡᠳᠤ ᠰᠤᠷᠭᠠᠭᠤᠯᠢ ᠶᠢᠨ ᠰᠠᠭᠤᠷᠢ ᠬᠢᠴᠢᠶᠡᠯ ᠪᠤᠯ ᠬᠤᠶᠠᠷ ᠬᠤᠭᠤᠴᠠᠭᠠᠨ ᠤ | ︽ᠢᠯᠭᠠᠷᠠᠯ ᠴᠤᠮᠬᠠᠷᠠᠯ 1︾ ᠪᠠ ︽ᠢᠯᠭᠠᠷᠠᠯ ᠴᠤᠮᠬᠠᠷᠠᠯ 2︾ ᠪᠤᠯᠤᠨ᠎ᠠ᠃ ᠨᠢᠭᠡᠨ ᠠᠵᠤ ᠠᠬᠤᠢ ᠶᠢᠨ | ᠡᠷᠳᠠᠮᠳᠠᠨ ᠠᠴᠠ ᠠᠭᠠᠷ ᠤᠨ ᠴᠡᠷᠢᠭ ᠤᠨ ᠲᠠᠭᠡᠳᠤ ᠰᠤᠷᠭᠠᠭᠤᠯᠢ ᠶᠢᠨ ᠢᠯᠭᠠᠷᠠᠯ ᠴᠤᠮᠬᠠᠷᠠᠯ ᠢ ᠵᠢᠭᠠᠬᠤ ᠠᠷᠭ᠎ᠠ ᠳᠤ | ᠰᠤᠳᠤᠯᠤᠯᠳᠠ ᠬᠢᠵᠤ ᠦᠵᠠᠵᠠᠢ᠃ | ᠠᠭᠠᠷ ᠤᠨ ᠴᠡᠷᠢᠭ ᠤᠨ ᠲᠠᠭᠡᠳᠤ ᠰᠤᠷᠭᠠᠭᠤᠯᠢ ᠨᠢ ᠰᠤᠷᠤᠭᠴᠢᠳ ᠢᠶᠠᠨ ᠭᠡᠳᠤᠨ ᠠᠩᠬᠢ ᠬᠤᠪᠢᠶᠠᠵᠠᠢ᠃ | ᠠᠩᠬᠢ ᠪᠦᠷᠢ ᠳᠤ ᠬᠢᠴᠢᠶᠡᠯᠯᠡᠭᠦ ᠪᠠᠭᠰᠢ ᠨᠢ ᠠᠳᠠᠯᠢ ᠪᠤᠰᠤ ᠪᠤᠯᠪᠠᠴᠤ ᠰᠢᠯᠭᠠᠬᠤ ᠰᠠᠳᠤᠪ ᠪᠠ ᠬᠤᠪᠢ ᠤᠯᠭᠤᠬᠤ | ᠪᠠᠷᠢᠮᠵᠢᠶ᠎ᠠ ᠨᠢ ᠪᠦᠷᠢᠮᠤᠰᠤᠨ ᠠᠳᠠᠯᠢ ᠪᠠᠶᠢᠪᠠ᠃ ᠢᠯᠭᠠᠷᠠᠯ ᠴᠤᠮᠬᠠᠷᠠᠯ 1 ᠶᠢ ᠤᠷᠤᠵᠤ ᠪᠠᠷᠠᠭᠰᠠᠨ ᠤ ᠳᠠᠷᠠᠭ᠎ᠠ ᠲᠠᠬᠢᠨ | ᠨᠢᠭᠡ ᠤᠳᠠᠭ᠎ᠠ ᠠᠩᠬᠢ ᠬᠤᠪᠢᠶᠠᠵᠤ ᠢᠯᠭᠠᠷᠠᠯ ᠴᠤᠮᠬᠠᠷᠠᠯ 2 ᠢ ᠤᠷᠤᠵᠠᠢ᠃ ᠡᠨᠡ ᠲᠦᠷᠢᠮ ᠨᠢ ᠠᠯᠢ ᠪᠠᠭᠰᠢ ᠨᠢ | ᠰᠠᠶᠢᠨ ᠵᠢᠭᠠᠵᠤ᠂ ᠠᠯᠢ ᠪᠠᠭᠰᠢ ᠨᠢ ᠮᠠᠭᠤ ᠵᠢᠭᠠᠳᠠᠬ ᠢ ᠲᠤᠩ ᠠᠮᠠᠷᠬᠠᠨ ᠢᠯᠭᠠᠨ ᠮᠠᠳᠡᠳᠡᠭ ᠪᠠᠶᠢᠨ᠎ᠠ᠃ | ᠡᠳᠡᠭᠡᠷ ᠪᠠᠭᠰᠢ ᠶᠢ ᠬᠤᠶᠠᠷ ᠲᠦᠷᠤᠯ ᠳᠤ ᠬᠤᠪᠢᠶᠠᠵᠤ ᠪᠤᠯᠤᠨ᠎ᠠ᠃ ᠨᠢᠭᠡᠳᠤᠭᠡᠷ ᠲᠦᠷᠤᠯ ᠤᠨ ᠪᠠᠭᠰᠢ ᠨᠢ | ᠰᠤᠷᠤᠭᠴᠢ ᠶᠢ ᠰᠢᠯᠭᠠᠯᠳᠠ ᠳᠤ ᠰᠠᠶᠢᠨ ᠬᠢᠷᠢ ᠪᠦᠳᠤᠮᠵᠢ ᠤᠯᠭᠤᠭᠤᠯᠬᠤ ᠳᠤ ᠪᠠᠨ ᠴᠢᠳᠠᠮᠠᠭᠠᠢ ᠪᠠᠶᠢᠳᠠᠬ᠃ ᠲᠠᠳᠠ | ᠬᠢᠴᠢᠶᠡᠯ ᠢᠶᠠᠨ ᠢᠯᠭᠤᠮ ᠤᠷᠤᠵᠤ᠂ ᠮᠠᠳᠠᠯᠭᠡ ᠶᠢᠨ ᠴᠡᠭ ᠨᠢ ᠢᠯᠠᠷᠭᠡᠢ᠂ ᠰᠠᠳᠤᠪ ᠵᠠᠳᠠᠯᠬᠤ ᠶᠠᠪᠤᠴᠠ ᠨᠢ ᠲᠤᠳᠤᠷᠬᠠᠢ | ᠪᠠᠶᠢᠳᠠᠬ᠃ ᠰᠤᠷᠤᠭᠴᠢᠳ ᠬᠢᠴᠢᠶᠡᠯ ᠳᠡᠭᠡᠷ᠎ᠡ ᠶᠠᠭᠤ ᠰᠤᠷᠤᠭᠰᠠᠨ ᠭᠡᠳᠡᠭ ᠢᠶᠠᠨ ᠪᠦᠷᠢᠮᠤᠰᠤᠨ ᠮᠠᠳᠠᠵᠤ ᠪᠠᠶᠢᠳᠠᠬ | ᠪᠤᠯᠬᠤᠷ ᠲᠠᠪᠳᠠᠯᠭ᠎ᠠ ᠨᠢ ᠴᠢᠭᠯᠡᠯᠳᠤ ᠴᠢᠨᠠᠷᠳᠠᠢ ᠪᠠᠶᠢᠵᠤ ᠰᠢᠯᠭᠠᠯᠳᠠ ᠳᠤ ᠪᠠᠨ ᠢᠳᠡᠭᠡᠯ ᠲᠡᠭᠦᠯᠳᠡᠷ ᠪᠠᠶᠢᠳᠠᠬ ᠪᠠᠶᠢᠨ᠎ᠠ᠃ | ᠡᠨᠡ ᠲᠦᠷᠦᠯ ᠤᠨ ᠪᠠᠭᠰᠢ ᠪᠤᠯ ᠲᠦᠷᠭᠡᠨ ᠠᠮᠵᠢᠯᠳᠠ ᠳᠤ ᠭᠦᠷᠭᠡᠭᠦ ᠪᠠᠭᠰᠢ ᠪᠤᠯᠤᠨ᠎ᠠ᠃ | ᠬᠤᠶᠠᠳᠤᠭᠠᠷ ᠲᠦᠷᠤᠯ ᠤᠨ ᠪᠠᠭᠰᠢ ᠪᠤᠯ ᠤᠳᠠᠭᠠᠨ ᠵᠢᠭᠠᠳᠠᠬ ᠪᠠᠭᠰᠢ ᠪᠤᠯᠤᠨ᠎ᠠ᠃ ᠲᠠᠳᠠ ᠰᠤᠷᠤᠭᠴᠢᠳ ᠲᠤ | ᠦᠷᠭᠦᠯᠵᠢ ᠲᠤᠭᠳᠠᠭᠰᠠᠨ ᠠᠭᠤᠯᠭ᠎ᠠ ᠠᠴᠠ ᠭᠠᠳᠠᠨᠠᠬᠢ ᠵᠦᠢᠯ ᠢ ᠶᠠᠷᠢᠳᠠᠬ᠃ ᠵᠢᠱᠢᠶᠡᠯᠡᠪᠡᠯ᠂ ᠢᠯᠭᠠᠷᠠᠯ ᠴᠤᠮᠬᠠᠷᠠᠯ ᠤᠨ | ᠦᠵᠠᠯ ᠰᠠᠨᠠᠭ᠎ᠠ ᠪᠠ ᠹᠢᠽᠢᠺ ᠤᠨ ᠤᠬᠠᠭᠠᠨ ᠤ ᠮᠠᠳᠠᠯᠭᠡ ᠶᠢ ᠬᠤᠯᠪᠤᠨ ᠶᠠᠷᠢᠳᠠᠬ᠃ ᠲᠠᠳᠠ ᠰᠤᠷᠤᠭᠴᠢᠳ ᠤᠨ | ᠢᠯᠭᠠᠷᠠᠯ ᠴᠤᠮᠬᠠᠷᠠᠯ ᠤᠨ ᠲᠤᠬᠠᠢ ᠨᠠᠩ ᠭᠦᠨ ᠤᠢᠢᠯᠠᠭᠠᠯᠳᠠ ᠲᠠᠢ ᠪᠤᠯᠬᠤ ᠶᠢ ᠭᠦᠰᠡᠳᠡᠭ᠃ ᠭᠡᠪᠡᠴᠤ ᠡᠳᠡᠭᠡᠷ ᠨᠢ | ᠰᠢᠯᠭᠠᠯᠳᠠ ᠳᠤ ᠭᠡᠷᠡᠭᠯᠡᠭᠳᠡᠳᠡᠭ ᠦᠭᠡᠢ ᠶᠤᠮ᠃ ᠰᠤᠷᠤᠭᠴᠢᠳ ᠬᠢᠴᠢᠶᠡᠯ ᠤᠨ ᠳᠠᠷᠠᠭ᠎ᠠ ᠪᠤᠯᠪᠠᠰᠤᠷᠠᠯ ᠤᠨ ᠰᠠᠳᠤᠪ | ᠬᠢᠭᠦ ᠳᠤ ᠡᠷᠭᠡᠪᠰᠢ ᠦᠪᠠᠷ ᠢᠶᠠᠨ ᠠᠷᠭ᠎ᠠ ᠪᠤᠳᠤᠨ ᠰᠢᠢᠳᠪᠤᠷᠢᠯᠡᠭᠦ ᠪᠤᠯᠤᠨ᠎ᠠ᠃ ᠤᠴᠢᠷ ᠨᠢ ᠪᠠᠭᠰᠢ ᠴᠢᠭᠯᠡᠯᠳᠤ | ᠴᠢᠨᠠᠷᠳᠠᠢ ᠪᠤᠯᠪᠠᠰᠤᠷᠠᠯ ᠤᠨ ᠵᠠᠮ ᠢ ᠵᠢᠭᠠᠵᠤ ᠦᠭᠭᠦᠭᠰᠡᠨ ᠦᠭᠡᠢ ᠪᠤᠯᠬᠤᠷ ᠡᠳᠡᠭᠡᠷ ᠰᠤᠷᠤᠭᠴᠢ ᠶᠢᠨ ᠬᠢᠷᠢ | ᠪᠦᠳᠤᠮᠵᠢ ᠨᠢ ᠲᠠᠶᠢᠮᠦ ᠰᠠᠶᠢᠨ ᠪᠢᠰᠢ ᠪᠠᠶᠢᠳᠠᠬ᠃ | ᠰᠤᠷᠤᠭᠴᠢᠳ ᠪᠤᠯ ᠨᠢᠭᠡᠳᠤᠭᠡᠷ ᠲᠦᠷᠦᠯ ᠤᠨ ᠪᠠᠭᠰᠢ ᠳᠤ ᠲᠤᠷᠠᠳᠠᠢ ᠪᠠᠶᠢᠳᠠᠬ᠃ ᠭᠡᠪᠡᠴᠤ ᠠᠵᠤ ᠠᠬᠤᠢ ᠶᠢᠨ | ᠤᠬᠠᠭᠠᠨᠳᠠᠨ ᠤ ᠰᠤᠳᠤᠯᠭᠠᠨ ᠤ ᠲᠤᠭ᠎ᠠ ᠪᠠᠷᠢᠮᠳᠠ ᠨᠢ ᠮᠠᠳᠠᠯᠭᠡ ᠳᠤ ᠬᠤᠯᠪᠤᠯᠳᠠ ᠪᠠᠶᠢᠭᠤᠯᠬᠤ ᠲᠤᠷᠠᠳᠠᠢ ᠪᠠᠶᠢᠳᠠᠬ | ᠬᠤᠶᠠᠳᠤᠭᠠᠷ ᠲᠦᠷᠤᠯ ᠤᠨ ᠪᠠᠭᠰᠢ ᠶᠢᠨ ᠵᠢᠭᠠᠭᠰᠠᠨ ᠵᠦᠢᠯ ᠨᠢ ᠵᠢᠩᠬᠢᠨᠢ ᠴᠢᠳᠠᠪᠤᠷᠢ ᠪᠤᠯᠬᠤ ᠶᠢ ᠭᠡᠷᠡᠴᠢᠯᠡᠵᠡᠢ᠃ | ᠰᠤᠳᠤᠯᠤᠭᠴᠢᠳ ᠤᠨ ᠠᠩᠬᠠᠷᠤᠭᠰᠠᠨ ᠨᠢ ᠰᠤᠷᠤᠭᠴᠢᠳ ᠤᠨ ᠢᠯᠭᠠᠷᠠᠯ ᠴᠤᠮᠬᠠᠷᠠᠯ 1 ᠳᠤ ᠬᠢ ᠰᠢᠯᠭᠠᠯᠳᠠ ᠶᠢᠨ ᠬᠢᠷᠢ | ᠪᠦᠳᠤᠮᠵᠢ ᠪᠢᠰᠢ ᠬᠠᠷᠢᠨ ᠲᠠᠳᠠᠨ ᠤ ᠢᠯᠭᠠᠷᠠᠯ ᠴᠤᠮᠬᠠᠷᠠᠯ ᠢ ᠵᠢᠩᠬᠢᠨᠢ ᠡᠵᠡᠮᠰᠢᠭᠰᠡᠨ ᠡᠰᠡᠭᠦ ᠨᠢ ᠰᠤᠷᠤᠭᠴᠢᠳ ᠤᠨ | ᠬᠤᠵᠢᠮ ᠤᠨ ᠬᠢᠴᠢᠶᠡᠯ ᠳᠤ ᠢᠯᠠᠷᠠᠵᠤ ᠪᠠᠶᠢᠬᠤ ᠡᠰᠠᠭᠦ ᠪᠤᠯᠤᠨ᠎ᠠ᠃ ᠵᠢᠱᠢᠶᠡᠯᠡᠪᠡᠯ᠂ ᠢᠯᠭᠠᠷᠠᠯ ᠴᠤᠮᠬᠠᠷᠠᠯ 2 ᠵᠢᠴᠢ | ᠢᠯᠭᠠᠷᠠᠯ ᠴᠤᠮᠬᠠᠷᠠᠯ ᠤᠨ ᠰᠢᠨᠵᠢᠯᠠᠭᠦ ᠤᠬᠠᠭᠠᠨ ᠪᠠ ᠪᠠᠷᠢᠯᠭ᠎ᠠ ᠶᠢᠨ ᠬᠢᠴᠢᠶᠡᠯ ᠳᠤ ᠲᠡᠭᠦᠨ ᠢᠶᠠᠨ ᠭᠡᠷᠡᠭᠯᠡᠵᠦ ᠴᠢᠳᠠᠬᠤ | ᠡᠰᠠᠭᠦ ᠶᠢ ᠨᠢ ᠦᠵᠡᠭᠰᠡᠨ ᠪᠠᠶᠢᠨ᠎ᠠ᠃ ᠡᠭᠦᠨ ᠤ ᠳ᠋ᠦᠩ ᠳᠤ ᠬᠤᠶᠠᠳᠤᠭᠠᠷ ᠲᠦᠷᠤᠯ ᠤᠨ ᠪᠠᠭᠰᠢ ᠶᠢᠨ ᠵᠢᠭᠠᠭᠰᠠᠨ | ᠰᠤᠷᠤᠭᠴᠢᠳ ᠤᠨ ᠰᠠᠭᠦᠯᠴᠢ ᠶᠢᠨ ᠬᠢᠴᠢᠶᠡᠯ ᠳᠤ ᠬᠢ ᠢᠯᠠᠷᠠᠯ ᠨᠢ ᠨᠠᠩ ᠰᠠᠶᠢᠨ ᠪᠠᠶᠢᠵᠠᠢ᠃ | ᠵᠠᠷᠢᠮ ᠪᠠᠭᠰᠢ ᠰᠢᠯᠭᠠᠯᠳᠠ ᠶᠢ ᠠᠷᠭᠠᠴᠠᠭᠠᠬᠤ ᠮᠠᠷᠭᠡᠰᠢᠯ ᠢ ᠵᠢᠭᠠᠳᠠᠬ᠂ ᠵᠠᠷᠢᠮ ᠪᠠᠭᠰᠢ ᠵᠢᠩᠬᠢᠨᠢ ᠴᠢᠳᠠᠪᠤᠷᠢ ᠶᠢ | ᠵᠢᠭᠠᠳᠠᠬ᠃ ᠭᠡᠪᠡᠴᠤ ᠰᠤᠷᠤᠭᠴᠢ ᠭᠦᠷᠳᠠᠯ᠎ᠠ ᠨᠢᠭᠡᠳᠤᠭᠡᠷ ᠲᠦᠷᠦᠯ ᠤᠨ ᠪᠠᠭᠰᠢ ᠳᠤ ᠲᠤᠷᠠᠳᠠᠢ ᠪᠠᠶᠢᠳᠠᠬ ᠨᠢ ᠲᠠᠳᠠ | ᠰᠤᠷᠤᠯᠴᠠᠯᠭ᠎ᠠ ᠨᠢ ᠵᠦᠪᠭᠡᠨ ᠰᠢᠯᠭᠠᠯᠳᠠ ᠶᠢᠨ ᠲᠦᠯᠦᠭᠡ ᠪᠢᠰᠢ ᠭᠡᠳᠡᠭ ᠢ ᠮᠠᠷᠳᠠᠴᠢᠬᠠᠭᠰᠠᠨ ᠭᠡᠵᠢ ᠤᠤ︖ | ᠬᠤᠶᠠᠷ᠂ ᠰᠢᠭᠤᠳ ᠪᠤᠯᠪᠠᠰᠤᠷᠠᠬᠤ ᠪᠠ ᠰᠤᠯᠢᠪᠴᠢᠭᠤᠯᠤᠨ ᠪᠤᠯᠪᠠᠰᠤᠷᠠᠬᠤ | ᠲᠤᠷᠰᠢᠯᠭ᠎ᠠ ᠲᠠᠢ ᠪᠠᠭᠰᠢ ᠳᠤ ᠠᠪᠴᠤ ᠭᠡᠯᠡᠪᠡᠯ ᠰᠤᠷᠤᠭᠴᠢᠳ ᠢ ᠲᠦᠷᠭᠡᠨ ᠰᠤᠷᠭᠠᠬᠤ ᠮᠦᠷᠳᠡᠭᠡᠨ | ᠰᠢᠯᠭᠠᠯᠳᠠ ᠳᠤ ᠰᠠᠶᠢᠨ ᠬᠢᠷᠢ ᠪᠦᠳᠤᠮᠵᠢ ᠤᠯᠭᠤᠭᠤᠯᠬᠤ ᠨᠢ ᠲᠠᠶᠢᠮᠦ ᠭᠦᠴᠢᠷ ᠪᠢᠰᠢ ᠪᠠᠶᠢᠳᠠᠬ᠃ ᠬᠠᠮᠤᠭ ᠤᠨ | ᠰᠠᠶᠢᠨ ᠠᠷᠭ᠎ᠠ ᠨᠢ ᠰᠢᠭᠤᠳ ᠪᠤᠯᠪᠠᠰᠤᠷᠠᠭᠤᠯᠬᠤ ᠪᠤᠯᠤᠨ᠎ᠠ᠃ ᠪᠤᠳᠤᠬᠤ ᠠᠷᠭ᠎ᠠ ᠶᠢ ᠨᠢ ᠨᠢᠭᠡ ᠤᠳᠠᠭ᠎ᠠ ᠵᠢᠭᠠᠵᠤ᠂ | ᠲᠠᠷᠠᠭ᠎ᠠ ᠨᠢ ᠡᠨᠡ ᠠᠷᠭ᠎ᠠ ᠶᠢ ᠲᠠᠷᠠ ᠲᠤᠤᠷ᠎ᠠ ᠨᠢ ᠭᠡᠷᠡᠭᠯᠡᠭᠦᠯᠦᠭᠡᠳ ᠪᠤᠯᠪᠠᠰᠤᠷᠠᠭᠤᠯᠬᠤ ᠪᠤᠯᠤᠨ᠎ᠠ᠃ | ᠵᠢᠱᠢᠶᠡᠯᠡᠪᠡᠯ᠂ ᠦᠨᠦᠳᠤᠷ ᠲᠤᠭᠠᠨ ᠤ ᠤᠬᠠᠭᠠᠨ ᠵᠢᠭᠠᠭᠰᠠᠨ ᠪᠤᠯ ᠨᠢᠭᠡ ᠵᠦᠢᠯ ᠤᠨ ᠰᠠᠳᠤᠪ ᠤᠨ ᠭᠡᠯᠪᠠᠷᠢ ᠶᠢ | ᠵᠠᠳᠠᠯᠠᠭᠤᠯᠵᠤ᠂ ᠨᠢᠭᠡ ᠰᠠᠳᠤᠪ ᠢ ᠵᠠᠳᠠᠯᠤᠨ ᠪᠤᠳᠤᠬᠤ ᠠᠷᠭ᠎ᠠ ᠵᠠᠮ ᠢ ᠳ᠋ᠦᠡᠭᠨᠡᠨ ᠦᠭᠴᠦ᠂ ᠵᠠᠯᠭᠠᠭᠠᠳ ᠴᠢᠮ᠎ᠠ ᠪᠠᠷ | ᠠᠳᠠᠯᠢᠬᠠᠨ ᠭᠡᠯᠪᠠᠷᠢ ᠶᠢᠨ ᠤᠯᠠᠨ ᠠᠷᠪᠢᠨ ᠪᠤᠯᠪᠠᠰᠤᠷᠠᠬᠤ ᠰᠠᠳᠤᠪ ᠢ ᠬᠢᠯᠭᠡᠨ᠎ᠡ᠃ ᠴᠢ ᠡᠶᠢᠮᠦ ᠰᠠᠳᠦᠪ ᠢ | ᠪᠤᠳᠤᠬᠤ ᠳᠤ ᠭᠠᠷ ᠤᠨ ᠠᠶ᠎ᠠ ᠪᠠᠷ ᠪᠠᠶᠢᠵᠤ᠂ ᠮᠠᠷᠭᠠᠰᠢ ᠨᠢ ᠡᠶᠢᠮᠦ ᠰᠠᠳᠤᠪ ᠢ ᠪᠠᠶᠢᠴᠠᠭᠠᠬᠤ ᠳᠤ ᠬᠢᠷᠢ ᠪᠦᠳᠤᠮᠵᠢ | ᠴᠢᠨᠢ ᠯᠠᠪᠳᠠᠢ ᠰᠠᠶᠢᠨ ᠪᠤᠯᠬᠤ ᠶᠤᠮ᠃ | ᠭᠡᠳᠡᠯ᠎ᠠ ᠪᠤᠳᠠᠳᠤ ᠠᠮᠢᠳᠤᠷᠠᠯ ᠲᠤᠮᠳᠠᠬᠢ ᠠᠰᠠᠭᠤᠳᠠᠯ ᠡᠶᠢᠮᠦ ᠪᠠᠶᠢᠳᠠᠬ ᠭᠡᠵᠢ ᠤᠤ︖ ᠵᠢᠱᠢᠶᠡᠯᠡᠪᠡᠯ᠂ ᠲᠠ | ᠦᠳᠠ ᠶᠢᠨ ᠬᠤᠶᠢᠨᠠᠬᠢ ᠠᠵᠢᠯ ᠤᠨ ᠲᠤᠮᠳᠠ ᠭᠦᠴᠢᠷ ᠠᠰᠠᠭᠤᠳᠠᠯ ᠳᠤ ᠲᠤᠯᠭᠠᠷᠠᠪᠠᠯ ᠦᠳᠠ ᠶᠢᠨ ᠡᠮᠦᠨ᠎ᠠ | ᠰᠤᠷᠤᠭᠰᠠᠨ ᠡᠨᠡ ᠲᠠᠯ᠎ᠠ ᠶᠢᠨ ᠲᠤᠭᠳᠠᠭᠰᠠᠨ ᠠᠷᠭ᠎ᠠ ᠪᠠᠷ ᠢᠶᠠᠨ ᠲᠡᠭᠦᠨ ᠢ ᠰᠢᠢᠳᠪᠤᠷᠢᠯᠡᠵᠦ ᠴᠢᠳᠠᠨ᠎ᠠ ᠤᠤ︖ ᠡᠶᠢᠮᠦ | ᠪᠤᠯᠤᠯᠴᠠᠭ᠎ᠠ ᠪᠠᠶᠢᠬᠤ ᠦᠭᠡᠢ ᠶᠤᠮ᠃ ᠠᠰᠠᠭᠤᠳᠠᠯ ᠭᠡᠳᠡᠭ ᠬᠢᠴᠢᠶᠡᠵᠦ ᠪᠠᠶᠢᠳᠠᠯ᠎ᠠ ᠲᠤᠯᠭᠠᠷᠠᠴᠢᠬᠠᠳᠠᠬ᠃ ᠵᠠᠷᠢᠮ ᠨᠢ | ᠴᠢᠨᠦ ᠶᠡᠷᠦ ᠠᠴᠠ ᠦᠵᠡᠭᠡ ᠦᠭᠡᠢ ᠰᠢᠨ᠎ᠠ ᠰᠠᠳᠤᠪ ᠪᠠᠶᠢᠳᠠᠬ᠃ ᠴᠢᠮ᠎ᠠ ᠳᠤ ᠱᠠᠭᠠᠷᠳᠠᠭᠳᠠᠬᠤ ᠨᠢ ᠶᠠᠮᠠᠷ ᠠᠷᠭ᠎ᠠ ᠶᠢ | ᠭᠡᠷᠡᠭᠯᠡᠭᠦ ᠲᠠᠳᠤᠢ ᠪᠢᠰᠢ᠂ ᠬᠠᠷᠢᠨ ᠤᠷᠢᠳ ᠢᠶᠠᠷ ᠶᠠᠮᠠᠷ ᠠᠷᠭ᠎ᠠ ᠶᠢ ᠭᠡᠷᠡᠭᠯᠡᠭᠦ ᠭᠡᠳᠡᠭ ᠢᠶᠠᠨ ᠮᠠᠭᠠᠳᠯᠠᠬᠤ ᠭᠡᠷᠡᠭᠳᠠᠢ | ᠪᠠᠶᠢᠳᠠᠬ᠃ | ᠵᠦᠪ ᠠᠷᠭ᠎ᠠ ᠪᠤᠯ ᠬᠤᠯᠢᠯᠳᠤᠭᠤᠯᠤᠨ ᠪᠤᠯᠪᠠᠰᠤᠷᠠᠭᠤᠯᠬᠤ ᠪᠤᠯᠤᠨ᠎ᠠ᠃ ᠤᠳᠠᠭ᠎ᠠ ᠪᠤᠯᠭᠠᠨ ᠤ ᠪᠤᠯᠪᠠᠰᠤᠷᠠᠯ ᠳᠤ | ᠪᠦᠷ ᠬᠤᠯᠢᠯᠳᠤᠭᠰᠠᠨ ᠰᠠᠳᠤᠪ᠂ ᠰᠠᠳᠤᠪ ᠨᠢᠭᠡ ᠪᠦᠷᠢ ᠶᠢ ᠬᠢᠭᠦ ᠦᠶ᠎ᠠ ᠳᠤ ᠶᠠᠮᠠᠷ ᠠᠷᠭ᠎ᠠ ᠶᠢ ᠭᠡᠷᠡᠭᠯᠡᠭᠦ ᠪᠠᠨ | ᠲᠤᠬᠠᠢ ᠶᠢᠨ ᠴᠠᠭ ᠲᠤ ᠨᠢ ᠮᠠᠭᠠᠳᠯᠠᠬᠤ ᠭᠡᠷᠡᠭᠳᠠᠢ᠃ ᠢᠡᠭᠬᠢᠪᠠᠯ ᠰᠠᠶ᠋ᠢ ᠰᠤᠷᠬᠤ ᠨᠢ ᠭᠡᠷᠡᠭᠯᠡᠭᠦ ᠶᠢᠨ ᠲᠦᠯᠦᠭᠡ ᠭᠡᠳᠡᠭ | ᠰᠠᠨᠠᠭ᠎ᠠ ᠠᠬᠤᠢ ᠲᠠᠢ ᠪᠤᠯᠬᠤ ᠪᠤᠯᠤᠨ᠎ᠠ᠃ | ᠲᠠ ᠭᠡᠷᠪᠠ ᠨᠢᠭᠡᠨ ᠠᠯᠳᠠᠷᠳᠤ ᠵᠢᠷᠤᠭ ᠢ ᠦᠵᠡᠮᠡᠭᠴᠡ ᠶᠠᠮᠠᠷ ᠵᠢᠷᠤᠭᠴᠢᠨ ᠤ ᠶᠠᠮᠠᠷ ᠵᠢᠷᠤᠭ ᠪᠤᠯᠬᠤ ᠶᠢ | ᠮᠠᠭᠠᠳᠯᠠᠨ ᠴᠢᠳᠠᠬᠤ ᠴᠢᠳᠠᠪᠤᠷᠢ ᠶᠢ ᠰᠤᠷᠤᠯᠴᠠᠶ᠎ᠠ ᠭᠡᠪᠡᠯ ᠨᠢᠭᠡ ᠠᠷᠭ᠎ᠠ ᠨᠢ ᠵᠢᠷᠤᠭᠴᠢᠨ ᠨᠢᠭᠡ ᠪᠦᠷᠢ ᠶᠢᠨ | ᠪᠦᠳᠦᠭᠡᠯ ᠢ ᠲᠠᠷᠠᠭᠠᠯᠠᠨ ᠰᠤᠷᠤᠯᠴᠠᠬᠤ ᠭᠡᠷᠡᠭᠳᠠᠢ᠃ ᠵᠢᠱᠢᠶᠡᠯᠡᠪᠡᠯ᠂ ᠫᠠᠺᠠᠰᠤ᠋ ᠶᠢᠨ 10 ᠵᠢᠷᠤᠭ ᠢ ᠵᠠᠯᠭᠠᠭ᠎ᠠ ᠪᠠᠷ | ᠦᠵᠠᠵᠤ᠂ ᠲᠠᠬᠢᠨ ᠽᠠᠶᠢᠱᠡᠩ ᠤᠨ 10 ᠵᠢᠷᠤᠭ ᠢ ᠦᠵᠠᠵᠤ ᠵᠠᠯᠭᠠᠭᠠᠳ ᠪᠠᠰᠠ ᠯᠧᠨᠤᠸᠠ ᠶᠢᠨ 10 ᠵᠢᠷᠤᠭ ᠢ | ᠦᠵᠠᠭᠦ ᠪᠤᠯᠤᠨ᠎ᠠ᠃ ᠨᠦᠭᠦᠭᠡ ᠨᠢᠭᠡ ᠠᠷᠭ᠎ᠠ ᠨᠢ ᠪᠤᠯ ᠲᠠᠳᠠᠨ ᠤ ᠵᠢᠷᠤᠭ ᠢ ᠬᠤᠯᠢᠵᠤ ᠲᠠᠯᠪᠢᠭᠠᠳ ᠨᠢᠭᠡ ᠨᠢᠭᠡ ᠪᠠᠷ | ᠢᠯᠭᠠᠨ ᠮᠠᠭᠠᠳᠯᠠᠬᠤ ᠪᠤᠯᠤᠨ᠎ᠠ᠃ ᠬᠤᠶᠠᠳᠤᠭᠠᠷ ᠠᠷᠭ᠎ᠠ ᠨᠢ ᠲᠠᠨ ᠢ ᠤᠯᠠᠨᠳᠠ ᠪᠤᠷᠤᠭᠤᠳᠠᠭᠤᠯᠬᠤ ᠶᠤᠮ᠃ ᠭᠡᠪᠠᠴᠤ | ᠲᠠᠷᠠ ᠨᠢ ᠠᠳᠠᠯᠢ ᠪᠤᠰᠤ ᠵᠢᠷᠤᠭᠴᠢᠨ ᠤ ᠭᠡᠪ ᠨᠠᠮᠪᠠ ᠶᠢᠨ ᠵᠦᠷᠢᠶᠡᠨ ᠢ ᠢᠯᠭᠠᠨ ᠲᠠᠨᠢᠬᠤ ᠲᠠᠨ ᠤ ᠲᠠᠨᠢᠯᠳᠠ ᠶᠢ | ᠭᠦᠨᠵᠡᠭᠡᠶᠢᠷᠡᠭᠦᠯᠭᠦ ᠪᠤᠯᠤᠨ᠎ᠠ᠃ ᠴᠠᠭᠠᠰᠢᠯᠠᠪᠠᠯ ᠫᠢᠶᠠᠨᠤ᠋ ᠬᠤᠭᠤᠷ ᠲᠤ ᠭᠦᠷᠳᠠᠯ᠎ᠠ ᠬᠤᠯᠢᠯᠳᠤᠭᠰᠠᠨ ᠠᠷᠭ᠎ᠠ ᠶᠢ | ᠭᠡᠷᠡᠭᠯᠡᠭᠦ ᠶᠢ ᠰᠤᠳᠤᠯᠭᠠᠨ ᠢᠶᠠᠷ ᠲᠠᠮᠵᠢᠨ ᠢᠯᠠᠷᠠᠭᠦᠯᠵᠡᠢ᠃ ᠵᠢᠱᠢᠶᠡᠯᠡᠪᠡᠯ᠂ ᠰᠤᠷᠤᠭᠴᠢᠳ ᠢᠶᠠᠷ 0.2 ᠰᠧᠺᠦ᠋ᠨ᠋ᠳ᠋ ᠤᠨ | ᠲᠤᠳᠤᠷ᠎ᠠ ᠵᠠᠭᠦᠨ ᠭᠠᠷ ᠢᠶᠠᠨ ᠫᠢᠶᠠᠨᠤ᠋ ᠶᠢᠨ 15 ᠲᠤᠪᠴᠢ ᠶᠢ ᠰᠤᠨᠳᠠᠯᠠᠬᠤ ᠨᠢᠭᠡᠨ ᠲᠠᠭᠡᠳᠤ ᠲᠠᠰ ᠤᠨ ᠮᠠᠷᠭᠡᠰᠢᠯ ᠤᠨ | ᠭᠦᠳᠠᠯᠭᠡᠭᠡᠨ ᠬᠢᠯᠭᠡᠵᠡᠢ᠃ ᠰᠤᠳᠤᠯᠤᠭᠴᠢᠳ ᠡᠨᠡ ᠭᠦᠳᠠᠯᠭᠡᠭᠡᠨ ᠢ ᠭᠦᠮᠦᠨ ᠨᠢᠭᠡ ᠪᠦᠷᠢ ᠭᠡᠷ ᠲᠤ ᠪᠠᠨ ᠬᠠᠷᠢᠭᠠᠳ | 190 ᠤᠳᠠᠭ᠎ᠠ ᠪᠤᠯᠪᠠᠰᠤᠷᠠᠬᠤ ᠱᠠᠭᠠᠷᠳᠠᠯᠭ᠎ᠠ ᠲᠠᠯᠪᠢᠵᠠᠢ᠃ ᠵᠠᠷᠢᠮ ᠰᠤᠷᠤᠭᠴᠢ ᠵᠦᠪᠭᠡᠨ ᠡᠨᠡ ᠭᠦᠳᠠᠯᠭᠡᠭᠡᠨ ᠢ | 190 ᠤᠳᠠᠭ᠎ᠠ ᠪᠤᠯᠪᠠᠰᠤᠷᠠᠬᠤ ᠳᠤ ᠵᠠᠷᠢᠮ ᠰᠤᠷᠤᠭᠴᠢ ᠨᠢ 8 ᠲᠤᠪᠴᠢ 15 ᠲᠤᠪᠴᠢ ᠪᠠ 22 ᠲᠤᠪᠴᠢ ᠶᠢ | ᠰᠤᠨᠳᠠᠯᠠᠬᠤ ᠪᠤᠯᠪᠠᠰᠤᠷᠠᠯ ᠢ ᠬᠤᠯᠢᠯᠳᠤᠭᠤᠯᠤᠨ ᠬᠢᠵᠠᠢ᠃ ᠪᠠᠶᠢᠴᠠᠭᠠᠯᠳᠠ ᠶᠢᠨ ᠳ᠋ᠦᠩ ᠳᠤ ᠬᠤᠯᠢᠯᠳᠤᠭᠤᠯᠤᠭᠰᠠᠨ | ᠪᠤᠯᠪᠠᠰᠤᠷᠠᠯ ᠤᠨ ᠠᠷᠭ᠎ᠠ ᠶᠢ ᠭᠡᠷᠡᠭᠯᠡᠭᠰᠡᠨ ᠲᠤᠭᠤᠢᠢᠯᠠᠩ ᠤᠨ ᠡᠵᠡᠮᠰᠢᠭᠰᠡᠨ ᠨᠢ ᠢᠯᠠᠷᠭᠡᠢ ᠰᠠᠶᠢᠨ ᠪᠠᠶᠢᠪᠠ᠃ | ᠬᠠᠭᠤᠴᠢ ᠦᠭᠡ ᠳᠤ᠄ ︽ᠰᠦᠭᠡ ᠪᠠᠷᠢᠭᠰᠠᠨ ᠭᠦᠮᠦᠨ ᠳᠤ ᠶᠠᠭᠤᠮ᠎ᠠ ᠪᠦᠭᠦᠨ ᠬᠠᠳᠠᠭᠠᠰᠤ ᠠᠳᠠᠯᠢ | ᠦᠵᠡᠭᠳᠡᠳᠡᠭ︾ ᠭᠡᠳᠡᠭ᠃ ᠡᠨᠡ ᠪᠤᠯ ᠲᠠᠳᠡᠭᠡᠷ ᠨᠢᠭᠡᠨᠳᠠ ᠡᠵᠡᠮᠰᠢᠭᠰᠡᠨ ᠭᠡᠳᠤᠨ ᠵᠦᠢᠯ ᠤᠨ ᠠᠷᠭ᠎ᠠ ᠵᠠᠮ ᠢᠶᠠᠷ ᠢᠶᠠᠨ | ᠪᠤᠯᠪᠠᠰᠤᠷᠠᠵᠤ ᠴᠢᠳᠠᠬᠤ ᠠᠴᠠ ᠪᠢᠰᠢ ᠦᠭᠡᠷ᠎ᠠ ᠶᠠᠩᠵᠤ ᠪᠠᠷ ᠬᠤᠪᠢᠷᠠᠭᠤᠯᠵᠤ ᠴᠢᠳᠠᠳᠠᠬ ᠦᠭᠡᠢ ᠰᠤᠷᠤᠭᠴᠢ ᠶᠢ | ᠭᠡᠯᠡᠭᠰᠡᠨ ᠦᠭᠡ ᠶᠤᠮ᠃ ᠬᠤᠯᠢᠯᠳᠤᠭᠤᠯᠤᠭᠰᠠᠨ ᠪᠤᠯᠪᠠᠰᠤᠷᠠᠯ ᠨᠢ ᠤᠳᠠᠭ᠎ᠠ ᠪᠦᠷᠢ ᠲᠤᠬᠠᠢ ᠶᠢᠨ ᠲᠠᠯᠠᠪᠤᠷ ᠲᠤ ᠶᠠᠮᠠᠷ | ᠠᠷᠭ᠎ᠠ ᠭᠡᠷᠡᠭᠯᠡᠭᠦ ᠶᠢ ᠮᠠᠭᠠᠳᠯᠠᠳᠠᠬ ᠪᠤᠯᠬᠤᠷ ᠲᠠᠷᠠ ᠨᠢ ᠲᠠᠨ ᠤ ᠪᠠᠭᠤᠷᠠᠢ ᠲᠠᠯ᠎ᠠ ᠶᠢ ᠨᠦᠭᠦᠪᠤᠷᠢᠯᠡᠵᠦ ᠪᠤᠯᠳᠠᠬ᠃ | ᠬᠤᠯᠪᠤᠯᠳᠤᠭᠤᠯᠬᠤ ᠪᠠ ᠬᠤᠯᠢᠯᠳᠤᠭᠤᠯᠬᠤ ᠪᠤᠯᠪᠠᠰᠤᠷᠠᠯ ᠤᠨ ᠠᠷᠭ᠎ᠠ ᠶᠢ ᠭᠡᠷᠡᠭᠯᠡᠭᠦ ᠨᠢ ᠲᠠᠨ ᠳᠤ ᠭᠡᠷᠬᠢᠨ | ᠠᠮᠢᠳᠤᠯᠢᠬ ᠢᠶᠠᠷ ᠰᠤᠷᠴᠤ ᠠᠮᠢᠳᠤᠯᠢᠬ ᠢᠶᠠᠷ ᠭᠡᠷᠡᠭᠯᠡᠭᠦ ᠶᠢ ᠰᠤᠷᠭᠠᠬᠤ ᠪᠤᠯᠤᠨ᠎ᠠ᠃ ᠲᠤᠤᠷᠠᠬᠢ ᠪᠤᠯ ᠴᠡᠭᠡᠵᠢᠯᠡᠯ ᠢ | ᠰᠠᠶᠢᠵᠢᠷᠠᠭᠤᠯᠬᠤ ᠬᠤᠶᠠᠷ ᠵᠦᠢᠯ ᠤᠨ ᠠᠷᠭ᠎ᠠ ᠪᠤᠯᠬᠤ ᠶᠤᠮ᠃ | ᠭᠤᠷᠪᠠ᠂ ᠰᠢᠯᠭᠠᠨ ᠪᠠᠶᠢᠴᠠᠭᠠᠬᠤ ᠪᠠ ᠬᠤᠭᠤᠴᠠᠭ᠎ᠠ ᠠᠯᠤᠰᠯᠠᠬᠤ | ᠰᠡᠳᠬᠢᠴᠠ ᠶᠢᠨ ᠵᠦᠢ ᠶᠢᠨ ᠡᠷᠳᠠᠮᠳᠠᠨ ︽ᠠᠰᠢᠬᠳᠠᠢ ᠭᠦᠴᠢᠷᠳᠠᠯ︾ ᠭᠡᠳᠡᠭ ᠢ ᠶᠠᠷᠢᠳᠠᠬ᠃ ᠡᠨᠡ ᠦᠭᠡ ᠶᠢᠨ | ᠰᠠᠨᠠᠭ᠎ᠠ ᠨᠢ ᠭᠦᠴᠢᠷᠳᠠᠯ ᠪᠠᠶᠢᠮᠠᠨᠵᠢᠨ ᠰᠠᠶ᠋ᠢ ᠴᠢ ᠭᠦᠨᠵᠡᠭᠡᠢ ᠰᠤᠷᠤᠯᠴᠠᠵᠤ ᠴᠢᠳᠠᠳᠠᠬ ᠭᠡᠰᠡᠨ ᠤᠳᠬ᠎ᠠ ᠲᠠᠢ ᠪᠢᠯᠡ᠃ | ᠰᠢᠨ᠎ᠠ ᠮᠠᠳᠠᠯᠭᠡ ᠶᠢᠨ ᠴᠡᠭᠡᠵᠢᠯᠡᠯ ᠢ ᠭᠦᠨᠵᠡᠭᠡᠶᠢᠷᠡᠭᠦᠯᠭᠦ ᠨᠢᠭᠡ ᠠᠷᠭ᠎ᠠ ᠪᠤᠯ ᠤᠷᠢᠳ ᠢᠶᠠᠷ ᠰᠢᠯᠭᠠᠨ | ᠪᠠᠶᠢᠴᠠᠭᠠᠵᠤ᠂ ᠲᠠᠷᠠᠭ᠎ᠠ ᠨᠢ ᠰᠤᠷᠬᠤ ᠪᠤᠯᠤᠨ᠎ᠠ᠃ ᠡᠨᠡ ᠮᠠᠳᠠᠯᠭᠡ ᠶᠢᠨ ᠴᠡᠭ ᠢ ᠴᠢ ᠰᠤᠷᠤᠭᠠᠳᠤᠢ ᠪᠤᠯᠬᠤᠷ | ᠡᠬᠢᠯᠡᠮᠡᠭᠴᠡ ᠰᠢᠯᠭᠠᠨ ᠪᠠᠶᠢᠴᠠᠭᠠᠬᠤ ᠳᠤ ᠠᠮᠠᠷᠬᠠᠨ ᠪᠤᠷᠤᠭᠤᠳᠬᠤ ᠪᠤᠯᠤᠯᠴᠠᠭ᠎ᠠ ᠲᠠᠢ᠃ ᠭᠡᠪᠡᠴᠤ ᠢᠡᠭᠬᠢᠭᠦ ᠨᠢ | ᠴᠢᠮ᠎ᠠ ᠳᠤ ᠠᠰᠢᠭᠳᠠᠢ᠃ ᠪᠤᠷᠤᠭᠤᠳᠬᠤ ᠨᠢ ᠴᠢᠨᠦ ᠰᠠᠭᠤᠬᠳᠠᠯ ᠢ ᠤᠯᠠᠮ ᠭᠦᠨᠵᠡᠭᠡᠶᠢᠷᠡᠭᠦᠯᠳᠡᠭ ᠶᠤᠮ᠃ | ᠦᠭᠡᠷ᠎ᠠ ᠨᠢᠭᠡ ᠠᠷᠭ᠎ᠠ ᠪᠤᠯ ᠵᠤᠷᠢᠯᠭ᠎ᠠ ᠲᠠᠢ ᠪᠠᠷ ᠴᠠᠭ ᠠᠯᠤᠰᠯᠠᠬᠤ ᠪᠤᠯᠤᠨ᠎ᠠ᠃ ᠭᠡᠳᠤᠨ ᠡᠳᠦᠷ ᠤᠨ | ᠲᠤᠳᠤᠷ᠎ᠠ ᠨᠢᠭᠡ ᠬᠢᠴᠢᠶᠡᠯ ᠢ ᠲᠦᠪᠯᠠᠷᠠᠭᠦᠯᠦᠨ ᠰᠤᠷᠬᠤ ᠶᠢ ᠭᠦᠭᠡᠭᠡᠴᠡᠯᠳᠤᠭᠦ ᠭᠡᠷᠡᠭ ᠦᠭᠡᠢ᠃ ᠬᠠᠮᠤᠭ ᠤᠨ ᠰᠠᠶᠢᠨ | ᠠᠷᠭ᠎ᠠ ᠪᠤᠯ ᠭᠡᠳᠤᠨ ᠬᠢᠴᠢᠶᠡᠯ ᠢ ᠬᠠᠮᠳᠤ ᠳᠤ ᠨᠢ ᠰᠤᠷᠪᠠᠯ ᠰᠠᠶᠢᠨ᠃ ᠦᠨᠦᠳᠤᠷ ᠡᠨᠡ ᠬᠢᠴᠢᠶᠡᠯ ᠢ ᠰᠤᠷᠤᠭᠰᠠᠨ ᠪᠤᠯ | ᠵᠤᠷᠢᠯᠭ᠎ᠠ ᠲᠠᠢ ᠪᠠᠷ ᠨᠢᠭᠡ ᠬᠤᠶᠠᠷ ᠡᠳᠦᠷ ᠲᠡᠭᠦᠨ ᠢ ᠰᠤᠷᠬᠤ ᠦᠭᠡᠢ ᠪᠠᠶᠢᠵᠤ᠂ ᠵᠤᠬᠢᠬᠤ ᠴᠠᠭ ᠬᠤᠭᠤᠴᠠᠭ᠎ᠠ | ᠦᠡᠭᠭᠡᠷᠡᠭᠰᠡᠨ ᠤ ᠳᠠᠷᠠᠭ᠎ᠠ ᠲᠠᠬᠢᠨ ᠰᠤᠷᠬᠤ ᠭᠡᠷᠡᠭᠳᠠᠢ᠃ | ᠭᠡᠳᠤᠨ ᠡᠳᠦᠷ ᠤᠨ ᠳᠠᠷᠠᠭ᠎ᠠ ᠲᠠᠷᠠ ᠭᠡᠰᠡᠭ ᠴᠡᠭᠡᠵᠢᠯᠠᠯ ᠢᠶᠠᠨ ᠰᠠᠷᠭᠦᠭᠡᠨ ᠪᠤᠳᠤᠬᠤ ᠦᠶ᠎ᠠ ᠳᠤ ᠨᠠᠯᠢᠶᠠᠳ | ᠭᠦᠴᠢᠷᠳᠠᠵᠤ ᠮᠠᠳᠠᠨ᠎ᠠ᠂ ᠲᠡᠭᠡᠪᠡᠯ ᠵᠦᠪ᠂ ᠡᠨᠡ ᠪᠤᠯ ᠳᠠᠷᠤᠢ ᠪᠢᠳᠠᠨ ᠤ ᠭᠦᠰᠠᠵᠤ ᠪᠠᠶᠢᠭ᠎ᠠ ︽ᠠᠰᠢᠬᠳᠠᠢ | ᠭᠦᠴᠢᠷᠳᠠᠯ︾ ᠪᠤᠯᠤᠨ᠎ᠠ᠃ ᠭᠦᠴᠢᠷ ᠢ ᠢᠯᠠᠨ ᠲᠠᠪᠠᠪᠠᠯ ᠰᠠᠶ᠋ᠢ ᠭᠦᠨᠵᠡᠭᠡᠢ ᠰᠤᠷᠤᠯᠴᠠᠵᠤ ᠴᠢᠳᠠᠨ᠎ᠠ᠃ | ᠰᠤᠷᠤᠯᠴᠠᠯᠭ᠎ᠠ ᠪᠤᠯ ᠦᠨᠠᠭᠡᠷ ᠤᠳᠬ᠎ᠠ ᠠᠭᠤᠯᠭ᠎ᠠ ᠲᠠᠢ ᠠᠵᠢᠯᠯᠠᠭ᠎ᠠ ᠶᠤᠮ᠃ ᠭᠦᠮᠦᠨ ᠪᠦᠭᠦᠨ ᠴᠦᠮ | ᠭᠦᠴᠢᠷ ᠢ ᠲᠤᠭᠤᠯᠪᠠᠯ ᠰᠢᠨ᠎ᠠ ᠶᠠᠭᠤᠮ᠎ᠠ ᠰᠤᠷᠴᠤ ᠴᠢᠳᠠᠨ᠎ᠠ᠂ ︽ᠨᠢᠭᠡ ᠭᠡᠨᠡᠳᠡᠪᠡᠯ ᠨᠢᠭᠡ ᠤᠬᠠᠭᠠᠷᠠᠨ᠎ᠠ︾ ᠭᠡᠳᠡᠭ ᠢ | ᠭᠦᠮᠦᠨ ᠪᠦᠭᠦᠨ ᠮᠠᠳᠡᠳᠡᠭ ᠪᠤᠯᠪᠠᠴᠤ ᠵᠢᠩᠬᠢᠨᠢ ᠰᠤᠷᠤᠯᠴᠠᠬᠤ ᠦᠶ᠎ᠠ ᠳᠤ ᠬᠠᠰᠢ ᠯᠡ ᠪᠠᠰᠠ ᠪᠠᠭᠰᠢ ᠠᠴᠠ ᠶᠠᠭᠤᠮ᠎ᠠ | ᠪᠦᠭᠦᠨ ᠢ ᠪᠡᠯᠡᠳᠭᠡᠨ ᠦᠭᠴᠦ ᠰᠠᠶᠢᠨ ᠬᠢᠷᠢ ᠪᠦᠳᠤᠮᠵᠢ ᠤᠯᠬᠤ ᠶᠢ ᠭᠦᠰᠠᠵᠤ ᠪᠠᠶᠢᠳᠠᠬ᠃ | 2007 ᠤᠨ ᠳᠤ ᠠᠮᠧᠷᠢᠺᠠ ᠶᠢᠨ ᠰᠤᠷᠭᠠᠨ ᠭᠦᠮᠦᠵᠢᠯ ᠤᠨ ᠶᠠᠮᠤᠨ ᠨᠢᠭᠡ ᠤᠳᠠᠭᠠᠨ ᠤ ᠲᠤᠮᠤ | ᠭᠡᠪᠴᠢᠶᠡᠨ ᠤ ᠰᠤᠳᠤᠯᠭᠠᠨ ᠬᠢᠵᠤ ᠮᠠᠰᠢ ᠤᠯᠠᠨ ᠪᠠᠭᠰᠢ ᠰᠤᠷᠤᠭᠴᠢ ᠠᠴᠠ ᠴᠤᠬᠤᠮ ᠶᠠᠮᠠᠷ ᠰᠤᠷᠤᠯᠴᠠᠬᠤ ᠠᠷᠭ᠎ᠠ ᠨᠢ | ᠵᠢᠩᠬᠢᠨᠢ ᠦᠷ᠎ᠠ ᠪᠦᠳᠤᠮᠵᠢᠳᠠᠢ ᠰᠤᠷᠤᠯᠴᠠᠬᠤ ᠠᠷᠭ᠎ᠠ ᠪᠤᠯᠬᠤ ᠶᠢ ᠤᠢᠢᠯᠠᠭᠠᠬᠤ ᠲᠤᠬᠠᠢ ᠪᠠᠶᠢᠴᠠᠭᠠᠯᠳᠠ ᠬᠢᠵᠠᠢ᠃ | ᠡᠴᠤᠰ ᠤᠨ ᠳ᠋ᠦᠩ ᠳᠤ ᠰᠢᠨᠵᠢᠯᠠᠭᠦ ᠤᠬᠠᠭᠠᠨᠴᠢ ᠰᠢᠯᠭᠠᠯᠳᠠ ᠶᠢ ᠲᠠᠭᠠᠭᠠᠵᠤ ᠴᠢᠳᠠᠬᠤ ᠠᠷᠭ᠎ᠠ ᠪᠤᠯ ᠳᠠᠷᠤᠢ ᠡᠮᠦᠨ᠎ᠠ | ᠲᠤᠷᠠᠳᠴᠤ ᠦᠡᠭᠭᠡᠷᠡᠭᠰᠡᠨ ᠬᠤᠭᠤᠴᠠᠭ᠎ᠠ ᠠᠯᠤᠰᠯᠠᠬᠤ᠂ ᠰᠢᠯᠭᠠᠨ ᠪᠠᠶᠢᠴᠠᠭᠠᠬᠤ ᠪᠠ ᠬᠤᠯᠪᠤᠯᠳᠠ ᠪᠠᠶᠢᠭᠤᠯᠬᠤ ᠠᠷᠭ᠎ᠠ | ᠪᠠᠶᠢᠪᠠ᠃ | ᠡᠭᠦᠨ ᠠᠴᠠ ᠦᠵᠡᠪᠡᠯ ᠰᠠᠭᠦᠯᠠᠷ ᠭᠦᠴᠦᠯᠡᠭᠦ ᠨᠢ ᠤᠷᠢᠳ ᠢᠶᠠᠷ ᠭᠦᠷᠭᠦ᠂ ᠤᠳᠠᠭᠠᠨ ᠴᠢᠷᠮᠠᠶᠢᠯᠭ᠎ᠠ ᠪᠤᠯ ᠰᠠᠶ᠋ᠢ | ᠵᠢᠩᠬᠢᠨᠢ ᠴᠢᠷᠮᠠᠶᠢᠯᠭ᠎ᠠ ᠪᠠᠶᠢᠵᠤ ᠮᠠᠳᠠᠨ᠎ᠠ᠃ ᠭᠦᠴᠢᠷᠳᠠᠯ ᠳᠤ ᠲᠤᠯᠭᠠᠷᠠᠬᠤ ᠪᠤᠯ ᠰᠠᠶ᠋ᠢ ᠵᠢᠩᠬᠢᠨᠢ ᠰᠤᠷᠤᠯᠴᠠᠯᠭ᠎ᠠ ᠪᠤᠯᠬᠤ | ᠪᠦᠭᠡᠳ ᠮᠦᠨ ᠴᠦ ᠰᠤᠷᠤᠯᠴᠠᠯᠭ᠎ᠠ ᠶᠢᠨ ᠰᠠᠭᠠᠳ ᠪᠤᠯᠬᠤ ᠶᠤᠮ᠃ ᠤᠴᠢᠷ ᠨᠢ ᠡᠨᠡ ᠭᠦ ᠰᠠᠭᠠᠳ ᠰᠠᠶ᠋ᠢ ᠠᠮᠵᠢᠯᠳᠠ | ᠤᠯᠬᠤ ᠭᠦᠮᠦᠨ ᠪᠠ ᠢᠯᠠᠭᠳᠠᠬᠤ ᠭᠦᠮᠦᠨ ᠢ ᠢᠯᠭᠠᠨ ᠭᠠᠷᠭᠠᠵᠤ ᠴᠢᠳᠠᠳᠠᠬ᠃ ᠭᠡᠷᠪᠡ ᠲᠠ ᠠᠮᠵᠢᠯᠳᠠ ᠤᠯᠬᠤ | ᠭᠦᠮᠦᠨ ᠪᠤᠯ ᠡᠶᠢᠮᠦᠷᠭᠦᠦ ᠰᠠᠭᠠᠳ ᠲᠤᠯᠭᠠᠷᠠᠬᠤ ᠶᠢ ᠪᠠᠶᠠᠷᠳᠠᠢ ᠪᠠᠷ ᠭᠦᠯᠢᠶᠡᠨ ᠠᠪᠴᠤ ᠲᠤᠭᠤᠯᠳᠠᠬ ᠶᠤᠮ᠃ | | | ︵︽ᠪᠠᠭᠰᠢ ᠶᠢᠨ ᠬᠤᠷᠸ᠎ᠠ︾ ᠰᠡᠳᠭᠦᠯ ᠤᠨ 2019 ᠤᠨ ᠤ 12 ᠳ᠋ᠤᠭᠠᠷ | ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠵᠤ ᠪᠠᠭᠤᠯᠭᠠᠪᠠ︶ | 2020 ᠣᠨ ᠤ 10 ᠳ᠋ᠤᠭᠠᠷ ᠬᠤᠭᠤᠴᠠᠭ᠎ᠠ | | | | |