| | ᠢᠯᠠᠯᠳᠠ | | | ᠭᠡᠷ ᠪᠦᠯᠢ ᠪᠣᠯ ᠨᠠᠶᠢᠭᠡᠮ ᠤᠨ ᠴᠢᠬᠤᠯᠠ ᠪᠦᠷᠢᠯᠳᠣᠭᠦᠨ ᠭᠡᠰᠡᠭ ᠮᠦᠨ ᠪᠦᠭᠡᠳ ᠭᠡᠣᠭᠡᠳ ᠤᠨ ᠡᠷᠡᠭᠦᠯ | ᠴᠢᠭᠢᠷᠠᠭ ᠢᠶᠠᠷ ᠦᠰᠣᠨ ᠪᠤᠶᠢᠵᠢᠬᠤ ᠳᠤ ᠭᠤᠣᠯ ᠦᠢᠯᠡᠳᠣᠯ ᠭᠠᠷᠭᠠᠵᠣ ᠪᠠᠶᠢᠳᠠᠭ᠃ ᠨᠢᠭᠡ ᠭᠡᠣᠭᠡᠳ ᠤᠨ ᠡᠷᠡᠭᠦᠯ | ᠴᠢᠭᠢᠷᠠᠭ ᠢᠶᠠᠷ ᠦᠰᠣᠨ ᠪᠤᠶᠢᠵᠢᠬᠤ ᠨᠢ ᠭᠡᠷ ᠪᠦᠯᠢ ᠶᠢᠨ ᠰᠣᠷᠭᠠᠨ ᠭᠦᠮᠣᠵᠢᠯ᠂ ᠰᠣᠷᠭᠠᠭᠤᠯᠢ ᠶᠢᠨ ᠰᠣᠷᠭᠠᠨ | ᠭᠦᠮᠣᠵᠢᠯ ᠪᠣᠯᠣᠨ ᠨᠠᠶᠢᠭᠡᠮ ᠤᠨ ᠰᠣᠷᠭᠠᠨ ᠭᠦᠮᠣᠵᠢᠯ ᠠᠴᠠ ᠰᠠᠯᠵᠣ ᠪᠣᠯᠣᠰᠢ ᠦᠭᠡᠢ ᠶᠣᠮ᠃ ᠭᠡᠷ ᠪᠦᠯᠢ ᠶᠢᠨ | ᠰᠣᠷᠭᠠᠨ ᠭᠦᠮᠣᠵᠢᠯ ᠳᠤ ᠡᠴᠢᠭᠡ ᠡᠭᠡ ᠪᠣᠯᠣᠬᠰᠠᠳ ᠠᠳᠠᠯᠢᠬᠠᠨ ᠦᠢᠯᠡᠳᠣᠯ ᠦᠵᠡᠭᠦᠯᠵᠣ᠂ ᠭᠡᠨ ᠠᠯᠢ ᠨᠢ ᠴᠦ | ᠲᠣᠳᠠᠭᠳᠡᠵᠣ ᠪᠣᠯᠣᠰᠢ ᠦᠭᠡᠢ ᠪᠠᠶᠢᠳᠠᠭ᠃ ᠭᠡᠪᠡᠴᠣ ᠵᠠᠷᠢᠮ ᠭᠡᠷ ᠤᠨ ᠠᠬᠠᠮᠠᠳ ᠠᠵᠣ ᠠᠮᠢᠳᠣᠷᠡᠯ ᠳᠤ ᠪᠠᠨ | ᠶᠠᠭᠠᠷᠠᠬᠤ ᠠᠴᠠ ᠪᠣᠯᠵᠣ᠂ ᠭᠡᠣᠭᠡᠳ ᠤᠨ ᠭᠡᠷ ᠪᠦᠯᠢ ᠶᠢᠨ ᠰᠣᠷᠭᠠᠨ ᠭᠦᠮᠣᠵᠢᠯ ᠢ ᠣᠮᠳᠤᠭᠠᠶᠢᠯᠠᠵᠣ ᠪᠠᠶᠢᠳᠠᠭ | ᠦᠵᠡᠭᠳᠡᠯ ᠪᠠᠰᠠ ᠣᠷᠣᠰᠢᠵᠣ ᠪᠣᠢ᠃ | ᠮᠣᠩᠭᠤᠯᠴᠣᠳ ᠡᠷᠳᠠ ᠲᠡᠭᠡᠳᠣ ᠠᠴᠠ ᠪᠠᠨ ᠭᠡᠷ ᠪᠦᠯᠢ ᠶᠢᠨ ᠰᠣᠷᠭᠠᠨ ᠭᠦᠮᠣᠵᠢᠯ ᠢ ᠴᠢᠬᠤᠯᠠᠴᠢᠯᠠᠨ | ᠦᠵᠡᠳᠡᠭ ᠰᠠᠶᠢᠬᠠᠨ ᠣᠯᠠᠮᠵᠢᠯᠠᠯ ᠲᠠᠢ ᠮᠦᠷᠳᠡᠭᠡᠨ ᠭᠡᠷ ᠪᠦᠯᠢ ᠶᠢᠨ ᠰᠣᠷᠭᠠᠨ ᠭᠦᠮᠣᠵᠢᠯ ᠢ ᠡᠷᠭᠢᠮᠯᠡᠭᠰᠡᠭᠡᠷ ᠢᠷᠡᠭᠰᠡᠨ | ᠶᠣᠮ᠃ ᠲᠣᠣᠷ᠎ᠡ ᠪᠢ ᠭᠡᠷ ᠪᠦᠯᠢ ᠶᠢᠨ ᠰᠣᠷᠭᠠᠨ ᠭᠦᠮᠣᠵᠢᠯ ᠤᠨ ᠲᠣᠬᠠᠢ ᠲᠦᠭᠦᠮ ᠦᠭᠦᠯᠡᠶ᠎ᠡ᠃ | ᠨᠢᠭᠡ᠂ ᠭᠡᠷ ᠤᠨ ᠠᠬᠠᠮᠠᠳ ᠦᠷ᠎ᠠ ᠭᠡᠣᠭᠡᠳ ᠲᠠᠢ ᠪᠠᠨ ᠢᠯᠡᠭᠦᠭᠡᠨ ᠪᠤᠳᠤᠯ ᠰᠠᠨᠠᠯ ᠢᠶᠠᠨ ᠰᠤᠯᠢᠯᠴᠠᠬᠤ | ᠭᠡᠷᠡᠭᠳᠡᠢ᠃ | ᠶᠠᠷᠣ ᠶᠢᠨ ᠴᠠᠭ ᠲᠤ ᠭᠡᠣᠭᠡᠳ ᠤᠨ ᠡᠭᠡ ᠡᠴᠢᠭᠡ ᠪᠣᠯᠣᠬᠰᠠᠳ ᠴᠠᠭ ᠭᠠᠷᠭᠠᠵᠣ᠂ ᠭᠡᠣᠭᠡᠳ ᠲᠠᠢ ᠪᠠᠨ ᠦᠵᠡᠯ | ᠰᠠᠨᠠᠭᠠᠨ ᠤ ᠰᠣᠯᠢᠯᠴᠠᠭ᠎ᠠ ᠭᠢᠵᠣ᠂ ᠨᠢᠭᠡ ᠦᠭᠡ ᠪᠠᠨ ᠲᠠᠭᠢᠨ ᠲᠠᠪᠳᠡᠨ ᠨᠣᠷᠰᠢᠬᠤ ᠠᠴᠠ ᠵᠠᠶᠢᠯᠠᠰᠭᠢᠬᠤ ᠭᠡᠷᠡᠭᠳᠡᠢ᠃ | ᠬᠠᠮᠤᠭ ᠤᠨ ᠰᠠᠶᠢᠨ ᠠᠷᠭ᠎ᠠ ᠪᠣᠯ ᠭᠡᠣᠭᠡᠳ ᠲᠠᠢ ᠪᠠᠨ ᠬᠠᠮᠳᠣ ᠪᠠᠷ ᠠᠰᠠᠭᠤᠳᠠᠯ ᠢ ᠵᠠᠳᠠᠯᠵᠣ ᠰᠢᠢᠳᠪᠣᠷᠢᠯᠠᠪᠠᠯ ᠨᠠᠩ | ᠰᠠᠶᠢᠨ ᠪᠠᠶᠢᠳᠠᠭ᠂ ᠢᠡᠭᠭᠢᠪᠡᠯ ᠭᠡᠣᠭᠡᠳ ᠲᠤ ᠢᠳᠡᠭᠡᠯ ᠵᠣᠷᠢᠭ ᠢ ᠤᠯᠭᠤᠵᠤ᠂ ᠭᠦᠴᠢᠷ ᠪᠡᠷᠭᠡᠰᠢᠶᠡᠯ ᠢ ᠢᠯᠠᠨ ᠲᠠᠪᠠᠵᠣ | ᠴᠢᠳᠡᠨ᠎ᠠ᠃ | ︵ᠨᠢᠭᠡ︶ ᠭᠡᠷ ᠤᠨ ᠠᠬᠠᠮᠠᠳ ᠶᠡᠭᠡ ᠭᠡᠷᠡᠭ ᠢ ᠠᠳᠬᠤᠵᠣ᠂ ᠪᠠᠭ᠎ᠠ ᠭᠡᠷᠡᠭ ᠢ ᠲᠡᠯᠪᠢᠬᠤ ᠭᠡᠷᠡᠭᠳᠡᠢ᠃ | ᠭᠡᠣᠭᠡᠳ ᠤᠨ ᠦᠰᠣᠨ ᠪᠤᠶᠢᠵᠢᠬᠤ ᠨᠢ ᠭᠡᠷ ᠤᠨ ᠠᠬᠠᠮᠠᠳ ᠤᠨ ᠬᠠᠷᠠᠭᠠᠯᠵᠠᠯ ᠲᠡᠮᠵᠢᠯᠭᠡ ᠠᠴᠠ ᠰᠠᠯᠵᠣ | ᠪᠣᠯᠣᠰᠢ ᠦᠭᠡᠢ ᠪᠠᠶᠢᠳᠠᠭ᠃ ᠡᠭᠡ ᠡᠴᠢᠭᠡ ᠪᠣᠯᠣᠬᠰᠠᠳ ᠡᠷᠭᠡᠪᠰᠢ ᠦᠪᠡᠷ ᠤᠨ ᠴᠤᠭ ᠵᠢᠪᠬᠤᠭ᠎ᠠ ᠪᠠᠨ ᠲᠡᠳᠡᠭᠡᠷ | ᠴᠢᠬᠤᠯᠠ ᠭᠡᠷᠡᠭ ᠶᠠᠪᠣᠳᠡᠯ ᠲᠡᠭᠡᠷ᠎ᠡ ᠲᠡᠯᠪᠢᠵᠣ᠂ ᠭᠡᠣᠭᠡᠳ ᠤᠨ ᠬᠠᠮᠤᠭ ᠤᠨ ᠭᠤᠣᠯᠯᠠᠭᠴᠢ ᠱᠠᠭᠠᠷᠳᠠᠯᠭ᠎ᠠ ᠳᠤ | ᠠᠩᠬᠠᠷᠣᠯ ᠢᠶᠠᠨ ᠲᠡᠯᠪᠢᠬᠤ ᠭᠡᠷᠡᠭᠳᠡᠢ᠃ ᠵᠢᠱᠢᠶᠠᠯᠠᠪᠠᠯ᠂ ᠭᠡᠣᠭᠡᠳ ᠤᠨ ᠭᠦᠮᠣᠨ ᠤ ᠠᠮᠢᠳᠣᠷᠡᠯ ᠤᠨ ᠣᠪᠣᠷ᠂ | ᠦᠷᠳᠡᠭ ᠤᠨ ᠦᠢᠯᠠᠭᠠᠬᠳᠠᠬᠤᠨ᠂ ᠢᠷᠡᠭᠡᠳᠣᠢ ᠭᠦᠰᠠᠯᠠᠩ᠂ ᠠᠮᠢᠳᠣᠷᠡᠯ ᠤᠨ ᠵᠠᠩ ᠲᠠᠳᠬᠠᠯ᠂ ᠰᠣᠷᠣᠯᠴᠠᠬᠤ ᠠᠷᠭ᠎ᠠ | ᠮᠠᠶ᠋ᠢᠬ ᠵᠡᠷᠭᠡ᠃ | ᠪᠣᠳᠡᠳᠣ ᠠᠮᠢᠳᠣᠷᠡᠯ ᠲᠣᠮᠳᠠ ᠡᠭᠡ ᠡᠴᠢᠭᠡ ᠪᠣᠯᠣᠬᠰᠠᠳ ᠭᠡᠣᠭᠡᠳ ᠤᠨ ᠪᠠᠭ᠎ᠠ ᠰᠠᠭ᠎ᠠ ᠭᠡᠷᠡᠭ ᠶᠠᠪᠣᠳᠡᠯ ᠢ | ᠶᠡᠷᠢᠵᠤ ᠶᠠᠩᠰᠢᠨ᠂ ᠲᠠᠭᠢᠨ ᠲᠠᠪᠳᠡᠨ ᠨᠣᠷᠰᠢᠵᠣ ᠭᠡᠯᠡᠵᠣ ᠪᠣᠯᠬᠤ ᠦᠭᠡᠢ᠃ ᠶᠠᠭᠠᠭᠢᠯ᠎ᠠ ᠴᠦ ᠭᠡᠰᠡᠨ ᠭᠡᠣᠭᠡᠳ ᠤᠳ | ᠡᠳᠣᠷ ᠪᠦᠷᠢ ᠦᠰᠣᠨ ᠪᠤᠶᠢᠵᠢᠵᠣ ᠪᠠᠶᠢᠭ᠎ᠠ ᠪᠣᠯᠬᠤᠷ᠂ ᠭᠡᠣᠭᠡᠳ ᠤᠨ ᠠᠯᠳᠠᠭ᠎ᠠ ᠪᠣᠷᠣᠭᠤ ᠶᠢ ᠵᠠᠯᠠᠷᠡᠭᠤᠯᠬᠤ ᠳᠤ᠂ | ᠡᠭᠡ ᠡᠴᠢᠭᠡ ᠪᠣᠯᠣᠬᠰᠠᠳ ᠵᠠᠪᠠᠯ ᠶᠠᠮᠠᠷ ᠭᠡᠷᠡᠭ ᠪᠠᠶᠢᠪᠠᠯ ᠲᠠᠷᠠ ᠭᠡᠷᠡᠭ ᠢ ᠶᠠᠷᠢᠵᠣ᠂ ᠬᠠᠭᠤᠴᠢᠨ ᠲᠠᠩᠰᠠ ᠶᠢ | ᠣᠷᠪᠠᠭᠤᠯᠵᠣ ᠪᠣᠯᠬᠤ ᠦᠭᠡᠢ᠃ ᠶᠠᠠᠮᠷ ᠭᠡᠷᠡᠭ ᠢ ᠵᠦᠪᠭᠡᠨ ᠨᠢᠭᠡ ᠣᠳᠠᠭ᠎ᠠ ᠶᠠᠷᠢᠵᠣ ᠲᠣᠳᠣᠷᠬᠠᠶᠢᠯᠠᠪᠠᠯ ᠪᠣᠯᠴᠢᠬᠠᠨ᠎ᠠ᠂ | ᠲᠠᠭᠢᠨ ᠲᠠᠪᠳᠡᠨ ᠰᠠᠨᠠᠭᠤᠯᠬᠤ ᠭᠡᠷᠡᠭ ᠦᠭᠡᠢ᠂ ᠦᠭᠡᠢ ᠪᠣᠯ ᠭᠡᠣᠭᠡᠳ ᠬᠠᠰᠢᠷᠠᠬᠤ ᠪᠣᠯᠣᠨ᠎ᠠ᠃ | ︵ᠬᠤᠶᠠᠷ︶ ᠭᠡᠷ ᠤᠨ ᠠᠬᠠᠮᠠᠳ ᠭᠦᠯᠢᠴᠡᠩᠭᠦᠢ ᠤᠪᠤᠷ ᠲᠠᠢ ᠪᠠᠶᠢᠬᠤ ᠭᠡᠷᠡᠭᠳᠡᠢ᠃ | ᠭᠡᠷ ᠤᠨ ᠠᠬᠠᠮᠠᠳ ᠭᠡᠣᠭᠡᠳ ᠲᠤ ᠪᠠᠨ ᠶᠠᠮᠠᠷ ᠨᠢᠭᠡᠨ ᠬᠠᠷᠠᠯᠳᠠ ᠲᠣᠷᠡᠳᠣᠬᠰᠡᠨ ᠤ ᠲᠠᠷᠠᠭ᠎ᠠ᠂ ᠭᠡᠣᠭᠡᠳ ᠲᠤ | ᠵᠡᠪᠡᠯ ᠭᠦᠢᠴᠡᠳ ᠴᠠᠭ ᠭᠠᠷᠭᠠᠵᠣ ᠦᠭᠭᠦ ᠴᠢᠬᠤᠯᠠᠳᠠᠢ ᠮᠦᠷᠳᠡᠭᠡᠨ ᠵᠡᠪᠡᠯ ᠭᠡᠣᠭᠡᠳ ᠢᠶᠠᠷ ᠲᠡᠭᠦᠨ ᠢ ᠣᠶᠢᠯᠠᠭᠠᠭᠤᠯᠵᠣ | ᠭᠢᠭᠦ ᠭᠡᠷᠡᠭᠳᠡᠢ᠂ ᠬᠠᠷᠢᠨ ᠭᠡᠳᠣᠷᠭᠡᠢ ᠶᠠᠭᠠᠷᠡᠵᠣ ᠲᠣᠯᠭᠠᠵᠣ ᠪᠣᠯᠬᠤ ᠦᠭᠡᠢ᠃ ᠵᠢᠱᠢᠶᠠᠯᠠᠪᠠᠯ᠂ ᠭᠡᠣᠭᠡᠳ ᠤᠨ | ᠠᠮᠢᠳᠣᠷᠡᠯ ᠢᠶᠠᠨ ᠦᠪᠡᠷ ᠢᠶᠠᠨ ᠬᠠᠷᠢᠭᠤᠴᠠᠬᠤ ᠴᠢᠳᠡᠪᠣᠷᠢ ᠶᠢ ᠲᠡᠭᠡᠭᠰᠢᠯᠡᠭᠦᠯᠭᠦ᠂ ᠰᠠᠶᠢᠨ ᠰᠠᠶᠢᠬᠠᠨ ᠵᠠᠩ ᠲᠠᠳᠬᠠᠯ ᠢ | ᠭᠦᠮᠣᠵᠢᠭᠦᠯᠭᠦ᠂ ᠰᠣᠶᠣᠯ ᠮᠡᠳᠡᠯᠭᠡ ᠶᠢ ᠬᠤᠷᠡᠮᠳᠣᠭᠤᠯᠬᠤ ᠵᠡᠷᠭᠡ᠃ ᠡᠳᠡᠭᠡᠷ ᠨᠢ ᠪᠦᠷ ᠣᠷᠳᠣ ᠣᠳᠠᠭᠠᠨ | ᠬᠤᠭᠤᠴᠠᠭᠠᠨ ᠤ ᠦᠡᠭᠭᠡᠷᠡᠯᠳᠠ ᠪᠣᠯᠪᠠᠰᠣᠷᠡᠯᠳᠠ ᠪᠠᠷ ᠲᠠᠮᠵᠢᠨ᠂ ᠰᠠᠶ᠋ᠢ ᠵᠢᠱᠢᠭᠰᠡᠨ ᠬᠠᠷᠠᠯᠳᠠ ᠳᠤ ᠪᠠᠨ ᠭᠦᠷᠴᠣ | ᠴᠢᠳᠠᠳᠠᠭ ᠪᠠᠶᠢᠨ᠎ᠠ᠃ ᠣᠴᠢᠷ ᠨᠢ ᠭᠡᠣᠭᠡᠳ ᠤᠨ ᠣᠶᠣᠨ ᠪᠢᠯᠢᠭ ᠪᠣᠯᠣᠨ ᠣᠬᠠᠭᠠᠨ ᠴᠢᠳᠠᠪᠣᠷᠢ ᠨᠢ ᠪᠣᠯᠪᠠᠰᠣᠷᠠᠩᠭᠤᠢ | ᠭᠡᠮᠵᠢᠶᠡᠨ ᠳᠤ ᠭᠦᠭᠵᠢᠨ ᠭᠦᠷᠣᠭᠡᠳᠣᠢ ᠪᠣᠯᠬᠤᠷ᠂ ᠵᠠᠷᠢᠮ ᠭᠡᠷᠡᠭ ᠶᠠᠪᠣᠳᠡᠯ ᠢ ᠭᠡᠣᠭᠡᠳ ᠪᠠᠷᠤᠭ ᠲᠠᠶᠢᠮᠣ ᠰᠠᠶᠢᠨ | ᠮᠡᠳᠡᠵᠣ ᠦᠢᠯᠠᠭᠠᠳᠣᠢ ᠪᠠᠶᠢᠬᠰᠠᠭᠠᠷ᠂ ᠵᠠᠷᠢᠮ ᠭᠡᠷᠡᠭ ᠶᠠᠪᠣᠳᠡᠯ ᠢ ᠶᠠᠭᠠᠭᠢᠵᠣ ᠭᠢᠭᠦ ᠪᠠᠨ ᠰᠠᠶᠢᠨ ᠮᠠᠳᠡᠭᠡᠳᠣᠢ᠂ ᠵᠠᠷᠢᠮ | ᠭᠡᠷᠡᠭ ᠶᠠᠪᠣᠳᠡᠯ ᠢ ᠭᠢᠭᠦ ᠶᠠᠪᠣᠴᠠ ᠳᠤ ᠪᠠᠰᠠ ᠲᠠᠭᠢᠨ ᠠᠯᠳᠠᠭ᠎ᠠ ᠪᠣᠷᠣᠭᠤ ᠭᠠᠷᠭᠠᠬᠤ ᠮᠠᠭᠠᠳ ᠦᠭᠡᠢ ᠭᠡᠭᠦ ᠮᠡᠳᠣ᠃ | ᠡᠶᠢᠮᠣ ᠠᠴᠠ ᠡᠭᠡ ᠡᠴᠢᠭᠡ ᠪᠣᠯᠣᠬᠰᠠᠳ ᠵᠡᠪᠡᠯ ᠭᠦᠯᠢᠴᠡᠩᠭᠦᠢ ᠤᠪᠤᠷ ᠲᠠᠢ ᠪᠠᠶᠢᠵᠣ᠂ ᠦᠪᠡᠷ ᠤᠨ ᠶᠠᠭᠠᠷᠠᠮᠳᠠᠭᠠᠢ | ᠵᠠᠩ ᠢᠶᠠᠨ ᠭᠦᠯᠢᠴᠠᠨ ᠲᠠᠰᠪᠣᠷᠢᠯᠠᠵᠣ᠂ ᠭᠡᠣᠭᠡᠳ ᠲᠤ ᠭᠦᠷᠣᠯᠴᠠᠭᠦ᠋ᠢᠴᠠ ᠴᠠᠭ ᠦᠯᠠᠳᠡᠭᠡᠨ ᠦᠭᠴᠣ᠂ ᠭᠡᠷᠡᠭ | ᠶᠠᠪᠣᠳᠡᠯ ᠢ ᠦᠭᠡᠷᠡᠴᠢᠯᠠᠨ ᠬᠤᠪᠢᠷᠡᠭᠤᠯᠣᠨ ᠭᠢᠭᠦ ᠪᠠ ᠲᠠᠭᠢᠨ ᠲᠠᠪᠳᠡᠨ ᠭᠢᠭᠦ ᠶᠢ ᠵᠦᠪᠰᠢᠶᠡᠷᠡᠭᠦ ᠭᠡᠷᠡᠭᠳᠡᠢ᠃ | ᠬᠤᠶᠠᠷ᠂ ᠭᠡᠷ ᠤᠨ ᠠᠬᠠᠮᠠᠳ ᠡᠩ ᠤᠨ ᠦᠶ᠎ᠡ ᠳᠤ ᠭᠡᠣᠭᠡᠳ ᠲᠠᠢ ᠪᠠᠨ ᠨᠠᠶᠢᠵᠠᠯᠠᠬᠤ ᠭᠡᠷᠡᠭᠳᠡᠢ᠃ | ᠣᠳᠣ ᠶᠢᠨ ᠭᠡᠣᠭᠡᠳ ᠤᠨ ᠣᠯᠠᠩᠭᠢ ᠨᠢ ᠡᠴᠢᠭᠡ ᠡᠭᠡ ᠲᠠᠢ ᠪᠠᠨ ᠰᠡᠳᠭᠢᠯ ᠤᠨ ᠦᠭᠡ ᠪᠠᠨ ᠭᠡᠯᠡᠭᠦ ᠲᠣᠷ᠎ᠡ | ᠦᠭᠡᠢ᠂ ᠭᠡᠣᠭᠡᠳ ᠤᠨ ᠰᠡᠳᠭᠢᠭᠦᠢ ᠪᠠ ᠪᠣᠳᠣᠬᠰᠠᠨ ᠰᠠᠨᠠᠭᠰᠠᠨ ᠢ ᠨᠢ ᠮᠡᠳᠡᠶ᠎ᠡ ᠭᠡᠪᠡᠯ ᠡᠭᠡ ᠡᠴᠢᠭᠡ ᠪᠣᠯᠣᠬᠰᠠᠳ | ᠵᠡᠪᠡᠯ ᠭᠡᠣᠭᠡᠳ ᠢᠶᠠᠨ ᠦᠪᠡᠷ ᠤᠨ ᠦᠨᠡᠨ ᠮᠦᠨ ᠢᠶᠠᠨ ᠢᠯᠡᠷᠡᠭᠦᠯᠵᠣ ᠦᠪᠡᠷ ᠤᠨ ᠪᠠᠶᠠᠷᠯᠠᠬᠤ᠂ ᠭᠢᠯᠢᠩᠨᠠᠭᠦ᠂ | ᠭᠠᠰᠢᠭᠤᠳᠠᠬᠤ᠂ ᠴᠠᠩᠭᠡᠭᠦ ᠪᠠᠨ ᠭᠡᠣᠭᠡᠳ ᠲᠠᠢ ᠪᠠᠨ ᠬᠠᠮᠳᠣ ᠪᠠᠷ ᠡᠳ᠋ᠯᠡᠵᠣ᠂ ᠰᠠᠨᠠᠵᠣ ᠪᠣᠳᠣᠬᠰᠠᠨ ᠢᠶᠠᠨ ᠢᠯᠠ | ᠶᠠᠷᠢᠵᠣ᠂ ᠴᠢᠩ ᠦᠨᠠᠨᠴᠢ ᠪᠠᠷ ᠰᠡᠳᠭᠢᠯ ᠰᠠᠨᠠᠭ᠎ᠠ ᠪᠠᠨ ᠰᠣᠯᠢᠯᠴᠠᠬᠤ ᠭᠡᠷᠡᠭᠳᠡᠢ᠃ ᠢᠡᠭᠭᠢᠪᠠᠯ ᠡᠭᠡ ᠡᠴᠢᠭᠡ | ᠪᠣᠯᠣᠬᠰᠠᠳ ᠰᠠᠶ᠋ᠢ ᠭᠡᠣᠭᠡᠳ ᠤᠨ ᠢᠳᠡᠭᠡᠯ ᠢ ᠣᠯᠵᠣ᠂ ᠭᠡᠣᠭᠡᠳ ᠰᠠᠶ᠋ᠢ ᠡᠴᠢᠭᠡ ᠡᠭᠡ ᠳᠤ ᠪᠠᠨ ᠦᠪᠡᠷ ᠤᠨ ᠪᠣᠳᠣᠯ | ᠰᠠᠨᠠᠯ ᠢᠶᠠᠨ ᠦᠴᠣᠭᠡᠨ ᠴᠦ ᠬᠠᠳᠠᠭᠠᠯᠠᠬᠤ ᠦᠭᠡᠢ ᠪᠠᠷ ᠭᠡᠯᠡᠵᠣ ᠦᠭᠭᠦ ᠶᠣᠮ᠃ | ︵ᠨᠢᠭᠡ︶ ᠭᠡᠷ ᠤᠨ ᠠᠬᠠᠮᠠᠳ ︽ᠬᠠᠳᠠᠭᠤ ᠲᠦᠷᠢ︾ ᠪᠠᠨ ᠬᠤᠪᠢᠷᠠᠭᠤᠯᠵᠣ᠂ ᠡᠴᠢᠭᠡ ᠡᠭᠡ ᠶᠢᠨ ᠶᠠᠩᠪᠠ ᠶᠢ | ᠬᠠᠶᠠᠬᠤ ᠭᠡᠷᠡᠭᠳᠡᠢ᠃ | ᠡᠳᠣᠷ ᠲᠣᠳᠣᠮ ᠤᠨ ᠠᠮᠢᠳᠣᠷᠡᠯ ᠰᠣᠷᠣᠯᠭ᠎ᠠ ᠲᠣᠮᠳᠠ᠂ ᠡᠴᠢᠭᠡ ᠡᠭᠡ ᠪᠣᠯᠣᠬᠰᠠᠳ ᠵᠠᠪᠠᠯ ᠭᠡᠣᠭᠡᠳ ᠲᠠᠢ ᠪᠠᠨ | ᠡᠷᠭᠡ ᠲᠡᠭᠰᠢ᠂ ᠡᠶ᠎ᠡ ᠨᠠᠶᠢᠷᠠᠮᠳᠠᠭᠤ ᠶᠠᠪᠣᠯᠴᠠᠵᠣ᠂ ᠪᠠᠶᠠᠷᠯᠠᠬᠤ ᠭᠤᠮᠤᠳᠠᠬᠤ ᠶᠢ ᠬᠠᠮᠳᠣ ᠪᠠᠷ ᠡᠳ᠋ᠯᠠᠵᠣ᠂ ᠠᠰᠠᠭᠤᠳᠡᠯ | ᠲᠣᠭᠢᠶᠠᠯᠳᠣᠪᠡᠯ ᠴᠠᠭ ᠲᠠᠷᠣᠢ ᠳᠤ ᠨᠢ ᠴᠢᠯᠣᠭᠡᠳᠡᠢ ᠰᠣᠯᠢᠯᠴᠠᠭ᠎ᠠ ᠭᠢᠵᠣ ᠶᠠᠷᠢᠯᠴᠠᠨ᠂ ᠭᠡᠷ ᠪᠦᠯᠢ ᠶᠢᠨ | ᠨᠢᠬᠳᠡᠷᠡᠭᠤᠯᠬᠤ ᠭᠦᠴᠣ ᠶᠢ ᠨᠡᠮᠡᠭᠳᠡᠭᠦᠯᠭᠦ ᠭᠡᠷᠡᠭᠳᠡᠢ᠃ ᠦᠨᠡᠨ ᠳᠤ ᠪᠠᠨ ᠭᠡᠣᠭᠡᠳ ᠨᠢᠭᠡᠪᠣᠷᠢ ᠰᠡᠳᠭᠢᠯ ᠤᠨ | ᠨᠠᠶᠢᠵᠠ ᠲᠠᠢ ᠪᠠᠶᠢᠬᠤ ᠶᠢ ᠭᠦᠰᠡᠨ ᠰᠠᠨᠠᠳᠠᠭ᠂ ᠡᠶᠢᠮᠣ ᠠᠴᠠ ᠡᠭᠡ ᠡᠴᠢᠭᠡ ᠪᠣᠯᠣᠬᠰᠠᠳ ᠵᠡᠪᠡᠯ ᠦᠵᠡᠯ ᠰᠠᠨᠠᠭᠠᠨ | ᠲᠡᠭᠡᠷ᠎ᠡ ᠪᠠᠨ ᠭᠡᠣᠭᠡᠳ ᠲᠠᠢ ᠪᠠᠨ ᠢᠯᠡᠭᠦᠭᠡᠨ ᠰᠣᠯᠢᠯᠴᠠᠭ᠎ᠠ᠂ ᠶᠠᠷᠢᠯᠴᠠᠭ᠎ᠠ᠂ ᠶᠠᠪᠣᠯᠴᠠᠭ᠎ᠠ ᠭᠢᠭᠦ ᠭᠡᠷᠡᠭᠳᠡᠢ᠃ | ᠴᠢᠯᠣᠭᠡᠳᠡᠢ ᠶᠠᠷᠢᠯᠴᠠᠭ᠎ᠠ᠂ ᠶᠠᠪᠣᠯᠴᠠᠭ᠎ᠠ ᠭᠢᠭᠦ ᠳᠤ ᠪᠠᠨ ᠭᠡᠣᠭᠡᠳ ᠲᠤ ᠪᠠᠨ ᠭᠡᠯᠡᠭᠦ ᠠᠷᠭ᠎ᠠ ᠮᠠᠶ᠋ᠢᠬ ᠠᠮᠢᠳᠣᠯᠢᠭ | ᠮᠦᠷᠳᠡᠭᠡᠨ ᠦᠪᠡᠷ ᠤᠨ ᠨᠠᠶᠢᠵᠠ ᠨᠦᠭᠦᠳ ᠲᠠᠢ ᠪᠠᠨ ᠶᠠᠷᠢᠯᠴᠠᠭ᠎ᠠ ᠭᠢᠵᠣ ᠪᠠᠶᠢᠬᠤ ᠲᠠᠢ ᠠᠳᠠᠯᠢ ᠪᠠᠶᠢᠬᠤ ᠭᠡᠷᠡᠭᠳᠡᠢ᠂ | ᠦᠭᠡᠢ ᠪᠣᠯ ᠭᠡᠣᠭᠡᠳ ᠦᠪᠡᠷ ᠤᠨ ᠰᠡᠳᠭᠢᠯ ᠤᠨ ᠦᠭᠡ ᠪᠠᠨ ᠭᠡᠯᠡᠵᠣ ᠭᠠᠷᠭᠠᠬᠤ ᠦᠭᠡᠢ ᠶᠣᠮ᠃ | ︵ᠬᠤᠶᠠᠷ︶ ᠭᠡᠷ ᠤᠨ ᠠᠬᠠᠮᠠᠳ ᠠᠳᠠᠯᠢ ᠪᠣᠰᠣ ᠨᠠᠰᠣ ᠱᠠᠳᠣᠨ ᠤ ᠭᠡᠣᠭᠡᠳ ᠲᠤ ᠠᠳᠠᠯᠢ ᠪᠣᠰᠣ ᠠᠷᠭ᠎ᠠ | ᠮᠠᠶ᠋ᠢᠭ ᠠᠪᠬᠤ ᠭᠡᠷᠡᠭᠳᠡᠢ᠃ | ᠭᠡᠷ ᠤᠨ ᠠᠬᠠᠮᠠᠳ ᠡᠷᠭᠡᠪᠰᠢ ᠭᠡᠣᠭᠡᠳ ᠤᠨ ᠨᠠᠰᠣ᠂ ᠵᠠᠩ ᠠᠭᠠᠰᠢ᠂ ᠭᠦᠢᠰᠣ ᠶᠢᠨ ᠢᠯᠭᠠᠯ ᠵᠡᠷᠭᠡ ᠠᠳᠠᠯᠢ | ᠪᠣᠰᠣ ᠣᠨᠴᠠᠯᠢᠭ ᠢ ᠦᠨᠳᠣᠰᠣᠯᠡᠨ ᠭᠡᠣᠭᠡᠳ ᠲᠠᠢ ᠨᠦᠭᠦᠷᠰᠡᠭ ᠬᠠᠷᠢᠴᠠᠭ᠎ᠠ ᠪᠠᠶᠢᠭᠤᠯᠬᠤ ᠳᠤ᠂ ᠠᠳᠠᠯᠢ ᠪᠣᠰᠣ ᠠᠷᠭ᠎ᠠ | ᠮᠠᠶ᠋ᠢᠬ ᠠᠪᠬᠤ ᠭᠡᠷᠡᠭᠳᠡᠢ᠃ ᠵᠢᠱᠢᠶᠠᠯᠠᠪᠠᠯ᠂ ᠪᠠᠯᠴᠢᠷ ᠪᠠᠭ᠎ᠠ ᠭᠡᠣᠭᠡᠳ ᠲᠤ ᠠᠪᠴᠣ ᠭᠡᠯᠡᠪᠡᠯ᠂ ᠦᠵᠡᠯ ᠰᠠᠨᠠᠭ᠎ᠠ | ᠨᠠᠯᠢᠶᠠᠳ ᠴᠡᠪᠡᠷ ᠴᠣᠯᠭᠤᠢ ᠪᠣᠯᠬᠤᠷ ᠡᠴᠢᠭᠡ ᠡᠭᠡ ᠪᠣᠯᠣᠬᠰᠠᠳ ᠵᠠᠪᠠᠯ ᠠᠮᠢᠳᠣᠯᠢᠭ ᠲᠦᠷᠰᠦᠯᠢᠭ ᠦᠭᠡ ᠭᠡᠯᠡᠯᠭᠡ ᠪᠠ | ᠵᠦᠢᠷᠯᠠᠭᠦ᠂ ᠦᠯᠢᠭᠡᠷ ᠶᠠᠷᠢᠬᠤ ᠵᠡᠷᠭᠡ ᠠᠷᠭ᠎ᠠ ᠭᠡᠮᠵᠢᠶ᠎ᠡ ᠠᠪᠴᠣ ᠭᠡᠣᠭᠡᠳ ᠲᠠᠢ ᠶᠠᠷᠢᠯᠴᠠᠭ᠎ᠠ ᠰᠣᠯᠢᠯᠴᠠᠭ᠎ᠠ ᠭᠢᠭᠦ | ᠭᠡᠷᠡᠭᠳᠡᠢ᠂ ᠢᠡᠭᠭᠢᠪᠡᠯ ᠭᠡᠣᠭᠡᠳ ᠠᠮᠠᠷᠬᠠᠨ ᠭᠦᠯᠢᠶᠡᠨ ᠠᠪᠴᠣ ᠴᠢᠳᠡᠨ᠎ᠠ᠃ ᠵᠠᠯᠠᠭᠤ ᠨᠠᠰᠣᠨ ᠤ ᠦᠶ᠎ᠡ ᠶᠢᠨ | ᠭᠡᠣᠭᠡᠳ ᠲᠤ ᠠᠪᠴᠣ ᠭᠡᠯᠡᠪᠡᠯ᠂ ᠡᠳᠡᠭᠡᠷ ᠭᠡᠣᠭᠡᠳ ᠦᠪᠡᠷ ᠤᠨ ᠦᠵᠡᠯᠳᠠ ᠵᠣᠬᠰᠣᠯᠳᠠ ᠲᠠᠢ ᠪᠣᠯᠣᠬᠰᠠᠨ ᠪᠣᠯᠬᠤᠷ᠂ | ᠭᠡᠷᠡᠭ ᠪᠣᠯᠭᠠᠨ ᠳᠤ ᠡᠴᠢᠭᠡ ᠡᠭᠡ ᠪᠠᠨ ᠲᠦᠰᠢᠭᠦ ᠦᠭᠡᠢ᠂ ᠦᠪᠡᠷ ᠤᠨ ᠲᠣᠰᠠᠭᠠᠷ ᠭᠦᠰᠡᠯ ᠡᠷᠡᠮᠡᠯᠵᠠᠯ ᠲᠠᠢ ᠪᠠᠶᠢᠳᠠᠭ᠃ | ᠴᠢᠮᠠᠭᠠᠳ ᠵᠠᠩ ᠲᠠᠢ ᠭᠡᠣᠭᠡᠳ ᠦᠭᠡ ᠭᠡᠯ᠎ᠠ ᠴᠦᠭᠡᠨ᠂ ᠦᠭᠡᠷ᠎ᠡ ᠭᠦᠮᠣᠰ ᠲᠠᠢ ᠶᠠᠪᠣᠯᠴᠠᠬᠤ ᠲᠣᠷ᠎ᠡ ᠦᠭᠡᠢ᠂ | ᠡᠳᠡᠭᠡᠷ ᠭᠡᠣᠭᠡᠳ ᠤᠨ ᠰᠠᠨᠠᠭ᠎ᠠ ᠰᠡᠳᠭᠢᠯᠭᠡ ᠨᠢ ᠨᠠᠯᠢᠶᠡᠳ ᠬᠤᠷᠴᠠ ᠰᠡᠷᠭᠡᠭ ᠮᠦᠷᠳᠡᠭᠡᠨ ᠠᠮᠠᠷᠬᠠᠨ ᠭᠡᠮᠳᠣᠳᠡᠭ | ᠣᠴᠢᠷ ᠠᠴᠠ ᠡᠴᠢᠭᠡ ᠡᠭᠡ ᠪᠣᠯᠣᠬᠰᠠᠳ ᠡᠳᠡᠭᠡᠷ ᠭᠡᠣᠭᠡᠳ ᠲᠠᠢ ᠰᠡᠳᠭᠢᠯ ᠰᠠᠨᠠᠭ᠎ᠠ ᠪᠠᠨ ᠰᠣᠯᠢᠯᠴᠠᠬᠤ ᠳᠤ ᠪᠠᠨ | ᠡᠷᠭᠡᠪᠰᠢ ᠰᠡᠳᠭᠢᠯᠭᠡ ᠪᠠᠶᠠᠰᠣᠩᠭᠤᠢ᠂ ᠣᠷᠮ᠎ᠠ ᠵᠣᠷᠢᠭ ᠦᠨᠳᠣᠷ ᠪᠠᠶᠢᠬᠤ ᠳᠤ ᠨᠢ ᠭᠡᠯᠡᠭᠦ ᠮᠦᠷᠳᠡᠭᠡᠨ ᠢᠯᠡᠭᠦᠭᠡᠨ | ᠵᠣᠷᠢᠬᠵᠢᠭᠤᠯᠵᠣ᠂ ᠴᠦᠭᠡᠨ ᠰᠢᠭᠦᠮᠵᠢᠯᠡᠭᠦ ᠶᠢ ᠠᠩᠬᠠᠷᠬᠤ ᠭᠡᠷᠡᠭᠳᠡᠢ᠃ ᠶᠠᠷᠣ ᠶᠢᠨ ᠴᠠᠭ ᠲᠤ ᠡᠶᠢᠮᠣᠷᠭᠦᠤ ᠵᠠᠩ | ᠠᠭᠠᠰᠢ ᠲᠠᠢ ᠭᠡᠣᠭᠡᠳ ᠤᠨ ᠰᠡᠳᠭᠢᠯᠭᠡ ᠶᠢᠨ ᠬᠤᠪᠢᠷᠠᠯᠳᠠ ᠶᠢ ᠢᠯᠡᠭᠦᠭᠡᠨ ᠨᠠᠷᠢᠨ ᠭᠢᠨᠠᠮᠠᠭᠠᠢ ᠠᠵᠢᠬᠯᠠᠵᠣ᠂ ᠴᠠᠭ | ᠲᠣᠬᠠᠢ ᠳᠤ ᠨᠢ ᠶᠠᠷᠢᠯᠴᠠᠭ᠎ᠠ ᠰᠣᠯᠢᠯᠴᠠᠭ᠎ᠠ ᠭᠢᠵᠣ᠂ ᠰᠠᠶᠢᠨ ᠭᠢᠷᠢ ᠪᠦᠳᠣᠮᠵᠢ ᠣᠯᠣᠬᠰᠠᠨ ᠪᠣᠯ ᠴᠠᠭ ᠲᠣᠬᠠᠢ ᠳᠤ ᠨᠢ | ᠮᠠᠭᠳᠠᠨ ᠰᠠᠶᠢᠰᠢᠶᠠᠵᠣ᠂ ᠨᠣᠭᠤᠷᠡᠯ ᠪᠦᠳᠣᠷᠢᠯ ᠢᠯᠠᠭᠳᠡᠯ ᠲᠣᠭᠢᠶᠠᠯᠳᠣᠪᠠᠯ ᠴᠠᠭ ᠲᠣᠬᠠᠢ ᠳᠤᠨᠢ ᠬᠠᠪᠰᠣᠷᠤᠨ ᠲᠡᠮᠵᠢᠭᠦ | ᠭᠡᠷᠡᠭᠳᠡᠢ᠃ ᠠᠰᠪᠣᠷᠢ ᠵᠠᠩ ᠠᠭᠠᠯᠢ ᠲᠠᠢ ᠭᠡᠣᠭᠡᠳ ᠲᠤ ᠠᠪᠴᠣ ᠭᠡᠯᠡᠪᠡᠯ᠂ ᠰᠢᠭᠤᠳ ᠰᠢᠭᠦᠮᠵᠢᠯᠡᠭᠦ ᠪᠠ ᠱᠠᠭᠠᠷᠳᠠᠯᠭ᠎ᠠ | ᠲᠣᠷᠡᠳᠴᠣ᠂ ᠡᠶᠢᠮᠣ ᠭᠡᠣᠭᠡᠳ ᠲᠠᠢ ᠰᠡᠳᠭᠢᠯ ᠰᠠᠨᠠᠭ᠎ᠠ ᠰᠣᠯᠢᠯᠴᠠᠬᠤ ᠳᠤ ᠪᠠᠨ ᠣᠪᠣᠷ ᠲᠣᠳᠣᠷᠬᠠᠢ᠂ ᠦᠭᠡ ᠭᠡᠯᠡᠯᠭᠡ | ᠲᠦᠭᠦᠮ ᠠᠪᠰᠠᠷᠬᠠᠨ ᠪᠠᠶᠢᠵᠣ᠂ ᠭᠡᠣᠭᠡᠳ ᠢᠶᠠᠷ ᠦᠪᠡᠷ ᠤᠨ ᠠᠳᠠᠯᠢ ᠪᠣᠰᠣ ᠦᠵᠡᠯ ᠲᠠᠨᠢᠯᠳᠠ ᠶᠢ ᠲᠣᠷᠡᠳᠣᠭᠤᠯᠬᠤ | ᠭᠡᠷᠡᠭᠳᠡᠢ᠃ | ᠭᠤᠷᠪᠠ᠂ ᠭᠡᠷ ᠤᠨ ᠠᠬᠠᠮᠠᠳ ᠭᠡᠣᠭᠡᠳ ᠢᠶᠠᠨ ᠣᠶᠢᠯᠠᠭᠠᠬᠤ ᠶᠢ ᠰᠣᠷᠬᠤ ᠭᠡᠷᠡᠭᠳᠡᠢ | ᠪᠣᠳᠡᠳᠣ ᠠᠮᠢᠳᠣᠷᠡᠯ ᠲᠣᠮᠳᠠ᠂ ᠡᠴᠢᠭᠡ ᠡᠭᠡ ᠪᠣᠯᠣᠬᠰᠡᠳ ᠪᠦᠷ ᠦᠪᠡᠷ ᠤᠨ ᠦᠵᠡᠯᠳᠠ ᠵᠣᠬᠰᠣᠯᠳᠠ ᠶᠢᠨ | ᠲᠠᠯ᠎ᠠ ᠠᠴᠠ ᠣᠴᠢᠵᠣ ᠠᠰᠡᠭᠤᠳᠡᠯ ᠢ ᠪᠣᠳᠣᠯᠭᠢᠯᠡᠳᠠᠭ ᠪᠣᠯᠬᠤᠷ᠂ ᠦᠪᠡᠷ ᠤᠨ ᠠᠮᠢᠳᠣᠷᠠᠬᠤᠢ ᠶᠢᠨ ᠦᠵᠡᠯᠳᠠ ᠪᠣᠯᠣᠨ | ᠦᠷᠳᠡᠭ ᠤᠨ ᠦᠵᠡᠯᠳᠠ ᠪᠠᠷ ᠭᠡᠣᠭᠡᠳ ᠤᠨ ᠭᠡᠷᠡᠭ ᠶᠠᠪᠣᠳᠡᠯ ᠳᠤ ᠬᠢ ᠠᠷᠭ᠎ᠠ ᠪᠠᠷᠢᠯ ᠪᠠ ᠰᠢᠢᠳᠪᠣᠷᠢᠯᠡᠭᠦ ᠠᠷᠭ᠎ᠠ ᠳᠤ | ᠬᠠᠨᠳᠣᠵᠣ᠂ ᠭᠡᠣᠭᠡᠳ ᠤᠨ ᠰᠡᠳᠭᠢᠴᠠ ᠶᠢᠨ ᠱᠠᠭᠠᠷᠳᠠᠯᠭ᠎ᠠ ᠪᠣᠯᠣᠨ ᠰᠡᠷᠡᠵᠣ ᠮᠡᠳᠡᠭᠦ ᠶᠢ ᠣᠮᠳᠤᠭᠠᠶᠢᠯᠠᠵᠣ᠂ | ᠭᠡᠣᠭᠡᠳ ᠲᠤ ᠪᠠᠨ ᠰᠦᠷᠭᠦ ᠨᠦᠯᠣᠭᠡ ᠦᠵᠡᠭᠦᠯᠳᠡᠭ ᠪᠠᠶᠢᠨ᠎ᠠ᠃ ᠦᠨᠡᠨ ᠳᠤ ᠪᠠᠨ ᠭᠡᠣᠭᠡᠳ ᠨᠢᠭᠡᠪᠣᠷᠢ ᠴᠦᠮ ᠡᠴᠢᠭᠡ | ᠡᠭᠡ ᠶᠢᠨ ᠡᠩᠭᠦᠷᠡᠶᠢᠯᠡᠨ ᠬᠠᠶᠢᠷᠡᠯᠠᠬᠤ ᠪᠠ ᠣᠶᠢᠯᠠᠭᠠᠬᠤ ᠶᠢ ᠭᠦᠰᠡᠨ ᠡᠷᠡᠮᠡᠯᠵᠡᠳᠡᠭ ᠪᠠᠶᠢᠨ᠎ᠠ᠃ | 1. ᠭᠡᠷ ᠤᠨ ᠠᠬᠠᠮᠠᠳ ᠪᠠᠶᠢᠷᠢ ᠰᠣᠯᠢᠨ ᠪᠣᠳᠣᠯᠭᠢᠯᠠᠵᠣ᠂ ᠭᠡᠣᠭᠡᠳ ᠤᠨ ᠦᠵᠡᠯᠳᠠ ᠵᠣᠬᠰᠣᠯᠳᠠ ᠶᠢᠨ | ᠲᠠᠯ᠎ᠠ ᠠᠴᠠ ᠠᠰᠠᠭᠤᠳᠡᠯ ᠢ ᠪᠣᠳᠣᠯᠭᠢᠯᠠᠬᠤ ᠭᠡᠷᠡᠭᠳᠡᠢ᠃ ᠡᠴᠢᠭᠡ ᠡᠭᠡ ᠪᠣᠯᠣᠬᠰᠠᠳ ᠵᠡᠪᠡᠯ ᠪᠠᠶᠢᠷᠢ ᠰᠣᠯᠢᠨ | ᠪᠣᠳᠣᠯᠭᠢᠯᠠᠬᠤ ᠠᠷᠭ᠎ᠠ ᠶᠢ ᠰᠣᠷᠴᠣ ᠡᠵᠡᠮᠰᠢᠨ᠂ ᠭᠡᠣᠭᠡᠳ ᠲᠠᠢ ᠪᠠᠨ ᠴᠢᠯᠣᠭᠡᠳᠡᠢ ᠰᠣᠯᠢᠯᠴᠠᠭ᠎ᠠ ᠭᠢᠭᠦ ᠳᠤ ᠬᠠᠷᠰᠢ | ᠰᠠᠭᠠᠳ᠂ ᠵᠠᠢ ᠵᠠᠪᠰᠡᠷ ᠪᠣᠯᠣᠨ ᠵᠦᠷᠢᠴᠡᠯ ᠡᠭᠦᠰᠭᠦ ᠠᠴᠠ ᠵᠠᠶᠢᠯᠠᠰᠭᠢᠭᠦ ᠭᠡᠷᠡᠭᠳᠡᠢ᠃ ᠭᠡᠣᠭᠡᠳ ᠢ ᠰᠣᠷᠭᠠᠨ | ᠭᠦᠮᠣᠵᠢᠭᠦᠯᠭᠦ ᠠᠰᠠᠭᠤᠳᠡᠯ ᠲᠡᠭᠡᠷ᠎ᠡ᠂ ᠡᠴᠢᠭᠡ ᠡᠭᠡ ᠪᠣᠯᠣᠬᠰᠠᠳ ᠭᠡᠷᠪᠡ ᠭᠡᠣᠭᠡᠳ ᠤᠨ ᠦᠵᠠᠯᠳᠠ ᠵᠣᠬᠰᠣᠯᠳᠠ ᠶᠢᠨ | ᠲᠠᠯ᠎ᠠ ᠲᠡᠭᠡᠷ᠎ᠡ ᠵᠣᠬᠰᠣᠵᠣ᠂ ᠪᠠᠶᠢᠷᠢ ᠰᠣᠯᠢᠨ ᠰᠡᠳᠭᠢᠨ᠂ ᠠᠰᠠᠭᠤᠳᠡᠯ ᠢ ᠪᠣᠳᠣᠯᠭᠢᠯᠠᠬᠤ ᠳᠤ ᠭᠦᠷᠪᠡᠯ᠂ | ᠭᠡᠣᠭᠡᠳ ᠲᠤ ᠣᠶᠣᠨ ᠰᠠᠨᠠᠭᠠᠨ ᠲᠡᠭᠡᠷ᠎ᠡ ᠪᠠᠨ ᠬᠠᠮᠳᠣ ᠶᠢᠨ ᠴᠣᠣᠷᠢᠶ᠎ᠡ ᠡᠭᠦᠰᠴᠣ᠂ ᠭᠡᠣᠭᠡᠳ ᠤᠨ ᠰᠡᠳᠭᠢᠴᠠ ᠶᠢᠨ | ᠱᠠᠭᠠᠷᠳᠠᠯᠭ᠎ᠠ ᠪᠣᠯᠣᠨ ᠰᠠᠨᠠᠭ᠎ᠠ ᠪᠣᠳᠣᠯ ᠢ ᠰᠠᠶ᠋ᠢ ᠭᠦᠨᠵᠡᠭᠡᠢ ᠣᠶᠢᠯᠠᠭᠠᠵᠣ᠂ ᠡᠴᠢᠭᠡ ᠡᠭᠡ ᠪᠣᠯᠣᠨ ᠭᠡᠣᠭᠡᠳ ᠤᠨ | ᠬᠤᠭᠤᠷᠣᠨᠳᠣᠭᠢ ᠵᠠᠢ ᠵᠠᠪᠰᠡᠷ ᠪᠠ ᠵᠦᠷᠢᠴᠡᠯ ᠢ ᠪᠦᠳᠣᠮᠵᠢᠳᠡᠢ ᠪᠠᠷ ᠠᠷᠢᠯᠭᠠᠵᠣ᠂ ᠠᠯᠢᠪᠠ ᠭᠡᠷᠡᠭ ᠶᠠᠪᠣᠳᠡᠯ | ᠠᠶᠠᠨᠳᠠᠭᠠᠨ ᠰᠢᠢᠳᠪᠣᠷᠢᠯᠡᠭᠳᠡᠵᠣ ᠪᠣᠯᠬᠤ ᠶᠣᠮ᠃ | 2. ᠭᠡᠷ ᠤᠨ ᠠᠬᠠᠮᠠᠳ ᠭᠡᠣᠭᠡᠳ ᠤᠨ ᠰᠡᠳᠭᠢᠴᠠ ᠶᠢᠨ ᠰᠡᠷᠡᠵᠣ ᠮᠡᠳᠡᠭᠦ ᠶᠢ ᠣᠶᠢᠯᠠᠭᠠᠵᠣ᠂ ᠰᠡᠳᠭᠢᠯ ᠤᠨ | ᠦᠭᠡ ᠶᠢ ᠠᠩᠬᠠᠷᠣᠯ ᠲᠡᠯᠪᠢᠨ ᠰᠣᠨᠣᠰᠬᠤ ᠭᠡᠷᠡᠭᠳᠡᠢ᠃ ᠡᠴᠢᠭᠡ ᠡᠭᠡ ᠪᠣᠯᠣᠬᠰᠠᠳ ᠭᠡᠣᠭᠡᠳ ᠤᠨ ᠦᠵᠠᠯᠳᠠ | ᠵᠣᠬᠰᠣᠯᠳᠠ ᠶᠢᠨ ᠡᠭᠦᠳᠡᠨ ᠠᠴᠠ ᠠᠰᠠᠭᠤᠳᠡᠯ ᠢ ᠪᠣᠳᠣᠯᠭᠢᠯᠠᠵᠣ᠂ ᠭᠡᠣᠭᠡᠳ ᠤᠨ ᠰᠡᠳᠭᠢᠴᠠ ᠶᠢᠨ ᠰᠡᠷᠡᠵᠣ ᠮᠡᠳᠡᠭᠦ ᠶᠢ | ᠣᠶᠢᠯᠠᠭᠠᠵᠣ᠂ ᠠᠰᠠᠭᠤᠳᠡᠯ ᠤᠨ ᠰᠢᠯᠳᠠᠭᠠᠨ ᠢ ᠯᠠᠪᠯᠠᠨ ᠠᠰᠠᠭᠤᠵᠣ᠂ ᠭᠡᠣᠭᠡᠳ ᠲᠤ ᠪᠠᠨ ᠬᠠᠶᠢᠷ᠎ᠡ ᠬᠠᠯᠠᠮᠵᠢ ᠪᠠ | ᠬᠠᠪᠰᠣᠷᠣᠯᠭ᠎ᠠ ᠲᠡᠮᠵᠢᠯᠭᠡ ᠦᠵᠡᠭᠦᠯᠭᠦ ᠭᠡᠷᠡᠭᠳᠡᠢ᠃ ᠭᠡᠣᠭᠡᠳ ᠤᠨ ᠰᠡᠳᠭᠢᠯ ᠤᠨ ᠦᠭᠡ ᠶᠢ ᠠᠩᠬᠠᠷᠣᠯ ᠲᠡᠯᠪᠢᠨ | ᠰᠣᠨᠣᠰᠴᠣ᠂ ᠭᠡᠣᠭᠡᠳ ᠤᠨ ᠦᠨᠡᠨ ᠪᠣᠳᠡᠳᠡᠢ ᠪᠣᠳᠣᠯ ᠰᠠᠨᠠᠭ᠎ᠠ ᠶᠢ ᠦᠢᠯᠠᠭᠠᠵᠣ᠂ ᠭᠡᠣᠭᠡᠳ ᠤᠨ ᠡᠭᠦᠳᠡᠨ ᠠᠴᠠ | ᠭᠠᠷᠳᠡᠨ᠂ ᠵᠦᠪ ᠣᠨᠣᠪᠴᠢᠳᠡᠢ ᠵᠢᠯᠣᠭᠤᠳᠬᠤ ᠪᠠ ᠰᠣᠷᠭᠠᠨ ᠭᠦᠮᠣᠵᠢᠯ ᠭᠢᠭᠦ ᠭᠡᠷᠡᠭᠳᠡᠢ᠃ ᠢᠡᠭᠭᠢᠪᠡᠯ ᠭᠡᠷ ᠤᠨ | ᠠᠬᠠᠮᠠᠳ ᠪᠣᠯᠣᠨ ᠭᠡᠣᠭᠡᠳ ᠤᠨ ᠬᠤᠭᠤᠷᠣᠨᠳᠤᠭᠢ ᠬᠠᠷᠢᠯᠴᠠᠭ᠎ᠠ ᠰᠠᠶ᠋ᠢ ᠨᠠᠩ ᠢᠳᠡᠭᠡᠯ ᠲᠠᠢ ᠪᠣᠯᠣᠨ᠎ᠠ᠃ | ᠲᠦᠷᠪᠡ᠂ ᠭᠡᠷ ᠤᠨ ᠠᠬᠠᠮᠠᠳ ᠭᠡᠣᠭᠡᠳ ᠲᠤ ᠪᠠᠨ ᠭᠦᠮᠣᠨ ᠪᠣᠯᠬᠤ ᠶᠣᠰᠣ ᠶᠢ ᠵᠢᠭᠠᠵᠣ ᠰᠣᠷᠭᠠᠬᠤ | ᠭᠡᠷᠡᠭᠳᠡᠢ᠃ | ᠭᠡᠷ ᠤᠨ ᠠᠬᠠᠮᠠᠳ ᠭᠡᠣᠭᠡᠳ ᠢ ᠰᠣᠷᠭᠠᠨ ᠭᠦᠮᠣᠵᠢᠭᠦᠯᠭᠦ ᠦᠨᠳᠣᠰᠣᠨ ᠵᠣᠷᠢᠯᠭ᠎ᠠ ᠳᠤ ᠬᠤᠶᠠᠷ ᠵᠦᠢᠯ ᠪᠣᠢ᠃ | ᠨᠢᠭᠡ ᠳᠤ᠂ ᠭᠡᠣᠭᠡᠳ ᠤᠨ ᠰᠣᠷᠣᠯᠭ᠎ᠠ ᠪᠣᠯᠣᠨ ᠠᠵᠢᠯ ᠲᠡᠭᠡᠷ᠎ᠡ ᠪᠠᠨ ᠠᠮᠵᠢᠯᠳᠠ ᠪᠦᠳᠣᠭᠡᠯ ᠣᠯᠬᠤ ᠶᠢᠨ ᠲᠦᠯᠣᠭᠡ᠂ | ᠣᠷᠣᠰᠢᠨ ᠲᠣᠬᠳᠡᠨᠢᠬᠤ ᠶᠢᠨ ᠴᠢᠳᠠᠪᠣᠷᠢ ᠶᠢ ᠯᠠᠪᠳᠡᠢ ᠡᠵᠡᠮᠰᠢᠭᠦ ᠭᠡᠷᠡᠭᠳᠡᠢ᠃ ᠬᠤᠶᠠᠷ ᠲᠤ᠂ ᠭᠡᠣᠭᠡᠳ ᠲᠤ | ᠠᠮᠢᠳᠣᠷᠡᠯ ᠤᠨ ᠦᠵᠡᠯᠳᠠ ᠪᠠ ᠠᠮᠢᠳᠣᠷᠠᠬᠤᠢ ᠶᠢᠨ ᠦᠵᠡᠯᠳᠠ ᠶᠢ ᠭᠦᠮᠣᠵᠢᠭᠦᠯᠭᠦ᠂ ᠭᠦᠮᠣᠨ ᠪᠣᠯᠬᠤ ᠶᠣᠰᠣ ᠶᠢ | ᠵᠢᠭᠠᠵᠣ ᠰᠣᠷᠭᠠᠬᠤ ᠭᠡᠷᠡᠭᠳᠡᠢ᠃ | 1. ᠭᠡᠷ ᠤᠨ ᠠᠬᠠᠮᠠᠳ ᠦᠪᠡᠷ ᠤᠨ ᠪᠡᠶ᠎ᠡ ᠪᠠᠷ ᠢᠶᠠᠨ ᠦᠯᠢᠭᠡᠷ ᠲᠠᠭᠤᠷᠢᠶᠡᠯ ᠦᠵᠡᠭᠦᠯᠵᠣ᠂ ᠦᠭᠡ ᠶᠠᠷᠢᠶ᠎ᠡ | ᠦᠢᠯᠠ ᠠᠵᠢᠯᠯᠠᠭ᠎ᠠ ᠪᠠᠷ ᠢᠶᠠᠨ ᠭᠡᠣᠭᠡᠳ ᠲᠤ ᠵᠢᠭᠠᠵᠣ ᠰᠣᠷᠭᠠᠬᠤ ᠭᠡᠷᠡᠭᠳᠡᠢ᠃ ᠭᠡᠷ ᠤᠨ ᠠᠬᠠᠮᠠᠳ ᠦᠪᠡᠷ ᠤᠨ | ᠪᠡᠶ᠎ᠡ ᠪᠠᠷ ᠢᠶᠠᠨ ᠭᠡᠪ ᠲᠦᠷᠢᠮ ᠦᠵᠡᠭᠦᠯᠭᠦ ᠪᠣᠯ ᠭᠡᠷ ᠪᠦᠯᠢ ᠶᠢᠨ ᠰᠣᠷᠭᠠᠨ ᠭᠦᠮᠣᠵᠢᠯ ᠤᠨ ᠪᠠᠶᠠᠯᠡᠭᠳᠡᠭᠦ ᠴᠢᠬᠤᠯᠠ | ᠪᠡᠳᠣᠯᠡᠪᠣᠷᠢ ᠮᠦᠨ᠃ ᠡᠴᠢᠭᠡ ᠡᠭᠡ ᠶᠢᠨ ᠦᠭᠡ ᠶᠠᠷᠢᠶ᠎ᠡ᠂ ᠦᠢᠯᠠ ᠠᠵᠢᠯᠯᠠᠭ᠎ᠠ᠂ ᠲᠦᠷᠭᠦ ᠪᠠᠶᠢᠳᠡᠯ᠂ ᠭᠦᠳᠡᠯᠵᠣ | ᠪᠠᠷᠢᠬᠤ ᠨᠢ ᠭᠡᠣᠭᠡᠳ ᠢ ᠠᠶᠠᠨᠳᠠᠭᠠᠨ ᠨᠦᠯᠣᠭᠡᠯᠡᠭᠦ ᠪᠠ ᠭᠦᠮᠣᠵᠢᠭᠦᠯᠵᠣ ᠪᠠᠶᠢᠭ᠎ᠠ ᠶᠣᠮ᠃ ᠡᠳᠣᠷ ᠲᠣᠳᠣᠮ ᠤᠨ | ᠠᠮᠢᠳᠣᠷᠡᠯ ᠲᠣᠮᠳᠠ᠂ ᠡᠴᠢᠭᠡ ᠡᠭᠡ ᠪᠣᠯᠣᠬᠰᠠᠳ ᠵᠡᠪᠡᠯ ᠦᠪᠡᠷ ᠤᠨ ᠪᠡᠶ᠎ᠡ ᠪᠠᠨ ᠴᠢᠩᠭ᠎ᠠ ᠱᠠᠭᠠᠷᠳᠡᠵᠣ᠂ ᠦᠷ᠎ᠡ | ᠭᠡᠣᠭᠡᠳ ᠤᠨ ᠡᠮᠣᠨ᠎ᠠ ᠦᠭᠡ ᠶᠠᠷᠢᠶ᠎ᠡ᠂ ᠦᠢᠯᠠ ᠠᠵᠢᠯᠯᠠᠭ᠎ᠠ ᠨᠢᠭᠡᠳᠣᠯ ᠲᠠᠢ᠂ ᠭᠡᠯᠡᠵᠣ ᠭᠢᠭᠦ ᠨᠢ ᠠᠳᠡᠯᠢ ᠪᠠᠶᠢᠬᠤ | ᠭᠡᠷᠡᠭᠳᠡᠢ᠃ ᠵᠢᠱᠢᠶᠡᠯᠡᠪᠡᠯ᠂ ᠦᠷ᠎ᠡ ᠭᠡᠣᠭᠡᠳ ᠢᠶᠠᠨ ᠱᠠᠭᠠᠷᠳᠡᠨ ᠭᠢᠭᠦ ᠭᠡᠷᠡᠭ ᠶᠠᠪᠣᠳᠡᠯ ᠢ ᠡᠴᠢᠭᠡ ᠡᠭᠡ ᠪᠣᠯᠣᠬᠰᠡᠳ | ᠣᠷᠢᠳᠡᠪᠡᠷ ᠰᠠᠶᠢᠨ ᠭᠢᠭᠰᠡᠨ ᠪᠠᠶᠢᠬᠤ ᠭᠡᠷᠡᠭᠳᠡᠢ᠃ ᠦᠷ᠎ᠡ ᠭᠡᠣᠭᠡᠳ ᠢᠶᠠᠨ ᠱᠠᠭᠠᠷᠳᠡᠨ ᠭᠦᠮᠣᠨ ᠢ ᠭᠦᠨᠳᠣᠯᠡᠭᠦ ᠭᠡᠪᠡᠯ | ᠡᠴᠢᠭᠡ ᠡᠭᠡ ᠪᠣᠯᠣᠬᠰᠡᠳ ᠣᠷᠢᠳᠡᠪᠡᠷ ᠵᠠᠪᠠᠯ ᠨᠠᠰᠣᠳᠡᠳ ᠢᠶᠠᠨ ᠭᠦᠨᠳᠣᠯᠡᠭᠦ ᠭᠡᠷᠡᠭᠳᠡᠢ᠃ ᠦᠷ᠎ᠡ ᠭᠡᠣᠭᠡᠳ ᠢᠶᠠᠨ | ᠱᠠᠭᠠᠷᠳᠡᠨ ᠰᠠᠶᠢᠨ ᠰᠠᠶᠢᠬᠠᠨ ᠰᠣᠷᠣᠯᠴᠠᠭᠤᠯᠬᠤ ᠭᠡᠪᠡᠯ ᠡᠴᠢᠭᠡ ᠡᠭᠡ ᠪᠣᠯᠣᠬᠰᠡᠳ ᠦᠪᠡᠷ ᠢᠶᠠᠨ ᠪᠠᠰᠠ ᠢᠳᠡᠪᠭᠢᠳᠡᠢ | ᠰᠣᠷᠣᠯᠴᠠᠬᠤ ᠰᠠᠶᠢᠨ ᠲᠠᠳᠬᠠᠯ ᠲᠠᠢ ᠪᠠᠶᠢᠬᠤ ᠭᠡᠷᠡᠭᠳᠡᠢ᠃ ᠡᠶᠢᠮᠣ ᠠᠴᠠ᠂ ᠡᠴᠢᠭᠡ ᠡᠭᠡ ᠪᠣᠯᠣᠬᠰᠡᠳ ᠶᠡᠷᠣ ᠶᠢᠨ | ᠠᠮᠢᠳᠣᠷᠡᠯ ᠲᠣᠮᠳᠠ ᠵᠡᠪᠡᠯ ᠦᠪᠡᠷ ᠤᠨ ᠦᠭᠡ ᠶᠠᠷᠢᠶ᠎ᠡ᠂ ᠦᠢᠯᠠ ᠠᠵᠢᠯᠯᠠᠭ᠎ᠠ ᠪᠠᠨ ᠣᠨᠴᠠᠭᠠᠢ ᠠᠩᠬᠠᠷᠴᠣ᠂ | ᠦᠪᠡᠷ ᠤᠨ ᠰᠠᠶᠢᠨ ᠰᠠᠶᠢᠬᠠᠨ ᠦᠭᠡ ᠶᠠᠷᠢᠶ᠎ᠡ᠂ ᠦᠢᠯᠠ ᠠᠵᠢᠯᠯᠠᠭ᠎ᠠ ᠪᠠᠷ ᠭᠡᠣᠭᠡᠳ ᠢᠶᠠᠨ ᠵᠢᠯᠣᠭᠤᠳᠴᠣ | ᠭᠦᠮᠣᠵᠢᠭᠦᠯᠪᠡᠯ᠂ ᠪᠣᠳᠣᠬᠰᠠᠨ ᠰᠠᠨᠠᠭᠰᠠᠨ ᠠᠴᠠ ᠣᠨᠳᠣᠣ ᠨᠠᠩ ᠰᠠᠶᠢᠨ ᠦᠷ᠎ᠡ ᠪᠦᠳᠣᠮᠵᠢ ᠶᠢ ᠣᠯᠵᠣ ᠴᠢᠳᠠᠬᠤ | ᠶᠣᠮ᠃ | 2. ᠭᠡᠷ ᠤᠨ ᠠᠬᠠᠮᠠᠳ ᠭᠡᠣᠭᠡᠳ ᠢᠶᠠᠨ ᠰᠠᠶᠢᠨ ᠰᠠᠶᠢᠬᠠᠨ ᠦᠭᠡ ᠶᠠᠷᠢᠶ᠎ᠡ᠂ ᠦᠢᠯᠠ ᠠᠵᠢᠯᠯᠠᠭ᠎ᠠ ᠶᠢᠨ | ᠲᠠᠳᠬᠠᠯ ᠲᠠᠢ ᠪᠣᠯᠭᠠᠨ ᠭᠦᠮᠣᠵᠢᠭᠦᠯᠭᠦ ᠭᠡᠷᠡᠭᠳᠡᠢ᠃ | ᠡᠴᠢᠭᠡ ᠡᠭᠡ ᠪᠣᠯᠣᠬᠰᠡᠳ ᠭᠡᠣᠭᠡᠳ ᠤᠨ ᠠᠮᠢᠳᠣᠷᠡᠯ ᠤᠨ ᠵᠠᠩ ᠲᠠᠳᠬᠠᠯ ᠢ ᠡᠳᠣᠷ ᠲᠣᠳᠣᠮ ᠤᠨ | ᠠᠮᠢᠳᠣᠷᠡᠯ ᠯᠤᠭ᠎ᠠ ᠬᠤᠯᠪᠣᠬᠳᠡᠭᠤᠯᠣᠨ ᠭᠦᠮᠣᠵᠢᠭᠦᠯᠭᠦ ᠭᠡᠷᠡᠭᠳᠠᠢ᠃ ᠵᠢᠱᠢᠶᠡᠯᠡᠪᠡᠯ᠂ ᠭᠡᠣᠭᠡᠳ ᠤᠨ ᠠᠮᠢᠳᠣᠷᠡᠯ ᠢᠶᠠᠨ | ᠦᠪᠡᠷ ᠢᠶᠠᠨ ᠬᠠᠷᠢᠭᠤᠴᠠᠬᠤ ᠴᠢᠳᠡᠪᠣᠷᠢ ᠠᠴᠠ ᠭᠠᠷᠳᠡᠨ᠂ ᠴᠠᠭ ᠲᠠᠭᠠᠨ ᠣᠨᠳᠡᠵᠣ᠂ ᠴᠠᠭ ᠲᠠᠭᠠᠨ ᠪᠣᠰᠬᠤ ᠠᠴᠠ | ᠡᠭᠢᠯᠠᠨ ᠴᠢᠩᠭ᠎ᠠ ᠠᠳᠬᠤᠵᠣ ᠪᠠᠷᠢᠬᠤ ᠭᠡᠷᠡᠭᠳᠡᠢ᠃ ᠪᠣᠯᠪᠠᠰᠣᠨ ᠶᠣᠰᠣᠷᠬᠠᠭ ᠵᠠᠩ ᠲᠠᠳᠬᠠᠯ ᠢ ᠭᠦᠮᠣᠵᠢᠭᠦᠯᠭᠦ ᠳᠤ ᠪᠠᠨ | ᠭᠡᠣᠭᠡᠳ ᠤᠨ ᠦᠭᠡ ᠭᠡᠯᠡᠯᠭᠡ ᠠᠴᠠ ᠭᠠᠷᠳᠡᠨ ᠪᠠᠷᠢᠵᠣ᠂ ᠦᠭᠡ ᠭᠡᠯ᠎ᠠ ᠡᠶ᠎ᠡ ᠨᠠᠶᠢᠷᠰᠠᠭ᠂ ᠭᠦᠳᠡᠯᠵᠣ ᠪᠠᠷᠢᠬᠤ | ᠪᠣᠯᠪᠠᠰᠣᠨ ᠢᠷᠡᠭᠤ᠂ ᠴᠣᠪᠣᠭᠤ ᠰᠡᠷᠭᠦᠯᠠᠩ᠂ ᠬᠠᠷᠠᠮ ᠦᠭᠡᠢ ᠪᠠᠶᠢᠬᠤ ᠶᠢ ᠭᠡᠣᠭᠡᠳ ᠲᠤ ᠰᠤᠷᠭᠠᠬᠤ ᠭᠡᠷᠡᠭᠳᠡᠢ᠃ | ᠠᠵᠢᠯ ᠭᠦᠳᠡᠯᠮᠣᠷᠢ ᠶᠢᠨ ᠵᠠᠩ ᠲᠠᠳᠬᠠᠯ ᠢ ᠭᠦᠮᠣᠵᠢᠭᠦᠯᠭᠦ ᠳᠤ ᠪᠠᠨ ᠭᠡᠣᠭᠡᠳ ᠦᠪᠡᠷ ᠤᠨ ᠬᠤᠪᠴᠠᠰᠣ ᠬᠤᠨᠠᠷ ᠢᠶᠠᠨ | ᠡᠮᠣᠰᠭᠦ ᠠᠴᠠ ᠭᠠᠷᠳᠡᠨ᠂ ᠭᠡᠣᠭᠡᠳ ᠲᠤ ᠦᠪᠡᠷ ᠢᠶᠠᠨ ᠭᠠᠷ ᠭᠦᠳᠡᠯᠣᠨ ᠭᠢᠭᠦ ᠵᠠᠪᠰᠢᠶᠡᠨ ᠢ ᠣᠯᠭᠤᠬᠤ ᠭᠡᠷᠡᠭᠳᠡᠢ᠃ | ᠭᠡᠣᠭᠡᠳ ᠤᠨ ᠡᠷᠡᠭᠦᠯ ᠬᠠᠮᠠᠭᠠᠯᠠᠯ ᠤᠨ ᠵᠠᠩ ᠲᠠᠳᠬᠠᠯ ᠢ ᠭᠦᠮᠣᠵᠢᠭᠦᠯᠭᠦ ᠳᠤ ᠪᠠᠨ ᠡᠷᠡᠭᠦᠯ ᠮᠡᠨᠳᠣ ᠢᠳᠡᠵᠣ ᠣᠣᠭᠤᠬᠤ | ᠪᠠ ᠰᠠᠶᠢᠨ ᠰᠠᠶᠢᠬᠠᠨ ᠠᠵᠢᠯᠯᠠᠬᠤ ᠠᠮᠠᠷᠠᠬᠤ ᠠᠴᠠ ᠭᠠᠷᠳᠡᠨ ᠪᠠᠷᠢᠵᠣ᠂ ᠭᠡᠣᠭᠡᠳ ᠲᠤ ᠪᠠᠨ ᠪᠠᠭ᠎ᠠ ᠠᠴᠠ ᠨᠢ ᠡᠷᠡᠭᠦᠯ | ᠴᠢᠭᠢᠷᠠᠭ ᠢᠳᠡᠵᠣ ᠣᠣᠭᠤᠬᠤ ᠦᠵᠡᠯᠳᠠ ᠶᠢ ᠭᠦᠮᠣᠵᠢᠭᠦᠯᠵᠣ᠂ ᠭᠡᠣᠭᠡᠳ ᠢᠶᠠᠨ ᠪᠠᠭ᠎ᠠ ᠠᠴᠠ ᠪᠠᠨ ᠢᠳᠡᠵᠣ | ᠣᠣᠭᠤᠬᠤ ᠳᠤ ᠪᠠᠨ ᠭᠡᠮᠵᠢᠶ᠎ᠡ ᠲᠠᠢ᠂ ᠰᠢᠮ᠎ᠠ ᠲᠠᠵᠢᠭᠡᠯ ᠲᠠᠩᠴᠡᠭᠦᠷᠢᠳᠡᠢ ᠪᠠᠶᠢᠬᠤ ᠰᠠᠶᠢᠨ ᠲᠠᠳᠬᠠᠯ ᠢ ᠪᠦᠷᠢᠯᠳᠣᠭᠦᠯᠭᠦ | ᠭᠡᠷᠡᠭᠳᠡᠢ᠃ ᠰᠣᠷᠣᠯᠴᠠᠬᠤ ᠰᠠᠶᠢᠨ ᠰᠠᠶᠢᠬᠠᠨ ᠵᠠᠩ ᠲᠠᠳᠬᠠᠯ ᠢ ᠪᠠᠯᠴᠢᠷ ᠪᠠᠭ᠎ᠠ ᠨᠠᠰᠣᠨ ᠠᠴᠠ ᠨᠢ ᠭᠠᠷᠳᠡᠨ ᠭᠢᠭᠦ | ᠭᠡᠷᠡᠭᠳᠡᠢ᠃ ᠭᠡᠣᠭᠡᠳ ᠤᠨ ᠰᠣᠷᠣᠯᠴᠠᠬᠤ ᠲᠣᠷ᠎ᠡ ᠪᠠᠬ᠎ᠠ᠂ ᠨᠣᠮ ᠦᠵᠡᠭᠦ ᠲᠣᠷ᠎ᠡ ᠰᠣᠨᠢᠷᠬᠠᠯ ᠢ ᠭᠦᠭᠵᠢᠭᠡᠵᠣ᠂ | ᠭᠡᠣᠭᠡᠳ ᠢ ᠣᠷᠮᠠᠰᠢᠭᠤᠯᠣᠨ ᠰᠣᠷᠣᠯᠴᠠᠬᠤ ᠰᠠᠶᠢᠨ ᠵᠠᠩ ᠲᠠᠳᠬᠠᠯ ᠢ ᠪᠦᠷᠢᠯᠳᠣᠭᠦᠯᠭᠦ ᠭᠡᠷᠡᠭᠳᠡᠢ᠃ ᠰᠠᠶᠢᠨ ᠰᠠᠶᠢᠬᠠᠨ | ᠵᠠᠩ ᠲᠠᠳᠬᠠᠯ ᠢ ᠭᠦᠮᠣᠵᠢᠭᠦᠯᠭᠦ ᠨᠢ ᠦᠨᠣ ᠮᠠᠷᠭᠠᠰᠢ ᠶᠢᠨ ᠭᠡᠷᠡᠭ ᠶᠠᠪᠣᠳᠡᠯ ᠪᠢᠰᠢ᠂ ᠬᠠᠷᠢᠨ ᠡᠴᠢᠭᠡ ᠡᠭᠡ ᠪᠣᠯᠣᠨ | ᠭᠡᠣᠭᠡᠳ ᠤᠨ ᠣᠷᠳᠣ ᠣᠳᠠᠭᠠᠨ ᠬᠤᠭᠤᠴᠠᠭᠠᠨ ᠤ ᠬᠠᠮᠳᠣ ᠶᠢᠨ ᠴᠢᠷᠮᠠᠶᠢᠯᠭ᠎ᠠ ᠠᠴᠠ ᠰᠠᠯᠵᠣ ᠪᠣᠯᠣᠰᠢ ᠦᠭᠡᠢ ᠶᠣᠮ᠃ | ᠡᠴᠢᠭᠡ ᠡᠭᠡ ᠪᠣᠯᠣᠬᠰᠡᠳ ᠵᠡᠪᠡᠯ ᠠᠭᠤᠴᠢᠯᠠᠬᠤ ᠰᠡᠳᠭᠢᠯ ᠢ ᠡᠪᠣᠷᠯᠠᠵᠣ᠂ ᠪᠣᠭᠢᠨᠢᠳᠣᠨ ᠪᠠᠴᠢᠮᠳᠡᠬᠤ ᠠᠴᠠ | ᠵᠠᠶᠢᠯᠠᠰᠬᠢᠵᠤ᠂ ᠬᠠᠯᠠᠰᠢᠷᠡᠯ ᠦᠭᠡᠢ ᠰᠣᠷᠭᠠᠬᠤ ᠭᠡᠷᠡᠭᠳᠡᠢ᠃ ᠭᠡᠣᠭᠡᠳ ᠢ ᠱᠠᠭᠠᠷᠳᠠᠬᠤ ᠳᠤ ᠭᠡᠵᠢᠶᠠᠳᠠ ᠨᠢᠭᠡ ᠠᠳᠡᠯᠢ | ᠪᠠᠶᠢᠵᠣ᠂ ᠣᠷᠳᠣ ᠣᠳᠠᠭᠠᠨ ᠬᠤᠭᠤᠴᠠᠭ᠎ᠠ ᠪᠠᠷ ᠪᠠᠷᠢᠮᠳᠡᠯᠠᠬᠤ ᠭᠡᠷᠡᠭᠳᠡᠢ᠃ | ᠶᠠᠷᠣᠩᠭᠡᠶᠢᠯᠡᠪᠡᠯ᠂ ᠡᠴᠢᠭᠡ ᠡᠭᠡ ᠪᠣᠯᠣᠬᠰᠡᠳ ᠵᠡᠪᠡᠯ ᠭᠡᠷ ᠪᠦᠯᠢ ᠶᠢᠨ ᠰᠣᠷᠭᠠᠨ ᠭᠦᠮᠣᠵᠢᠯ ᠤᠨ ᠴᠢᠬᠤᠯᠠ | ᠴᠢᠨᠡᠷ ᠢ ᠪᠦᠷᠢᠨ ᠭᠦᠢᠴᠡᠳ ᠲᠠᠨᠢᠵᠣ ᠮᠡᠳᠡᠷᠡᠵᠣ᠂ ᠣᠬᠠᠮᠰᠠᠷ ᠠᠴᠠ ᠪᠠᠨ ᠭᠡᠣᠭᠡᠳ ᠤᠨ ᠰᠣᠷᠭᠠᠨ ᠭᠦᠮᠣᠵᠢᠯ ᠤᠨ | ᠠᠵᠢᠯ ᠢ ᠰᠠᠶᠢᠳᠣᠷ ᠭᠢᠵᠣ᠂ ᠭᠡᠣᠭᠡᠳ ᠢᠶᠠᠨ ᠪᠡᠶ᠎ᠡ ᠰᠡᠳᠭᠢᠴᠠ ᠡᠷᠡᠭᠦᠯ ᠴᠢᠭᠢᠷᠠᠭ᠂ ᠪᠠᠶᠠᠰᠣᠩᠭᠤᠢ ᠪᠠᠷ ᠦᠰᠭᠡᠨ | ᠪᠤᠶᠢᠵᠢᠭᠤᠯᠵᠣ᠂ ᠰᠣᠷᠭᠠᠨ ᠭᠦᠮᠣᠵᠢᠭᠦᠯᠭᠦ ᠭᠡᠷᠡᠭᠳᠡᠢ᠃ | | ᠬᠠᠶ᠋ᠢᠬ᠄ ᠰᠦᠪᠸᠢ ᠰᠢᠶᠡᠨ ᠤ ᠵᠢᠭᠠᠨ ᠰᠣᠷᠭᠠᠯᠳᠠ ᠶᠢ ᠰᠣᠳᠣᠯᠬᠤ ᠭᠠᠵᠠᠷ | ︵ᠮᠦᠡᠭᠭᠦᠨᠴᠢᠮᠡᠭ ᠨᠠᠶᠢᠷᠠᠭᠤᠯᠪᠠ︶ | 2020 ᠣᠨ ᠤ 10 ᠳ᠋ᠤᠭᠠᠷ ᠬᠤᠭᠤᠴᠠᠭ᠎ᠠ | | |