| | ᠴᠤᠷᠵᠢ | | | ᠦᠡᠭᠭᠡ ᠭᠡᠷᠡᠯ ᠲᠠᠢ ᠪᠤᠯᠪᠠᠴᠤ ᠭᠦᠴᠢᠷ ᠲᠦᠪᠡᠭ ᠲᠠᠢ ᠪᠠᠭᠰᠢ ᠶᠢᠨ ᠠᠯᠪᠠ ᠬᠠᠰᠢᠭᠰᠠᠨ ᠠᠴᠠ ᠬᠤᠶᠢᠰᠢᠬᠢ | 30 ᠳ᠋ᠤᠭᠠᠷ ᠵᠢᠯ ᠳᠤ ᠪᠠᠨ ᠪᠢ ᠫᠷᠤᠹᠧᠰᠰᠤᠷ ᠤᠨ ᠲᠠᠰ ᠤᠨ ᠪᠠᠭᠰᠢ ᠪᠠᠷ ᠴᠤᠯᠠᠯᠠᠭᠳᠠᠭᠰᠠᠨ ᠶᠤᠮ᠃ ᠮᠢᠨᠦ ᠲᠤᠰᠴᠤ | ᠤᠯᠤᠭᠰᠠᠨ ᠬᠠᠮᠤᠭ ᠤᠨ ᠦᠨ᠎ᠠ ᠦᠷᠳᠡᠭᠳᠤ ᠦᠨᠠᠮᠯᠠᠯ ᠡᠨᠠ ᠪᠠᠶᠢᠬᠤ ᠦᠭᠡᠢ ᠤᠤ ᠳ᠋ᠠ᠃ ᠭᠡᠪᠡᠴᠤ᠂ ᠮᠢᠨᠦ ᠭᠦᠰᠠᠯ | ᠭᠦᠭᠡᠭᠡᠴᠠᠯᠳᠤᠯ ᠡᠨᠡ ᠦᠨᠠᠮᠯᠠᠯ ᠢ ᠤᠯᠬᠤ ᠶᠢᠨ ᠲᠦᠯᠦᠭᠡ ᠭᠡᠵᠦ ᠤᠤ︖ ᠡᠭᠦᠨ ᠢ ᠲᠠᠪᠠᠭᠰᠠᠨ ᠦᠨᠠᠮᠯᠠᠯ ᠢ ᠪᠢ | ᠡᠮᠦᠨ᠎ᠠ ᠨᠢ ᠲᠤᠰᠴᠤ ᠦᠡᠭᠭᠡᠷᠡᠭᠡᠳᠤᠢ᠂ ᠬᠤᠶᠢᠨ᠎ᠠ ᠨᠢ ᠤᠯᠬᠤ ᠪᠤᠯᠤᠮᠵᠢ ᠴᠦ ᠦᠭᠡᠢ ᠶᠤᠮ᠃ ᠮᠢᠨᠦ ᠭᠦᠰᠠᠯ | ᠭᠦᠭᠡᠭᠡᠴᠡᠯᠳᠤᠯ ᠲᠦᠢᠯ ᠳᠤ ᠪᠠᠨ ᠲᠤᠯᠤᠭᠰᠠᠨ ᠭᠡᠵᠤ ᠤᠤ︖ ᠰᠠᠶ᠋ᠢ ᠡᠬᠢᠯᠡᠨ ᠪᠠᠭᠰᠢᠯᠠᠵᠤ ᠪᠠᠶᠢᠭ᠎ᠠ ᠲᠠᠷᠠ | ᠦᠶᠠᠰ ᠢᠶᠠᠷ ᠠᠵᠢᠯ ᠦᠢᠯᠠᠰ ᠲᠤ ᠪᠠᠨ ᠴᠢᠷᠮᠠᠶᠢᠨ ᠵᠢᠳᠭᠦᠵᠤ ᠵᠢᠭᠠᠨ ᠰᠤᠷᠭᠠᠬᠤ ᠳᠤ ᠪᠠᠨ ᠴᠠᠭᠠᠷᠠᠭᠰᠠᠨ ᠪᠠᠭᠰᠢ | ᠪᠤᠯᠤᠶ᠎ᠠ ᠭᠡᠰᠡᠨ ᠮᠦᠷᠤᠭᠡᠳᠤᠯ ᠲᠠᠢ ᠪᠠᠶᠢᠭᠰᠠᠨ ᠠᠴᠠ ᠪᠢᠰᠢ᠂ ᠬᠤᠵᠢᠮ ᠬᠤᠶᠢᠰᠢᠳᠠ ᠫᠷᠤᠹᠧᠰᠰᠤᠷ ᠤᠨ ᠲᠠᠰ ᠤᠨ | ᠮᠠᠷᠭᠡᠵᠢᠯ ᠤᠨ ᠴᠤᠯᠠ ᠲᠠᠢ ᠪᠠᠭᠰᠢ ᠪᠤᠯᠤᠶ᠎ᠠ ᠭᠡᠰᠡᠨ ᠭᠤᠷᠢᠳᠠᠯᠭ᠎ᠠ ᠵᠡᠭᠦᠳᠦᠨ ᠳᠤ ᠴᠦ ᠤᠷᠤᠭ᠎ᠠ ᠦᠭᠡᠢ ᠪᠠᠶᠢᠭᠰᠠᠨ | ᠶᠤᠮ ᠪᠢᠯᠡ᠃ ᠭᠡᠷᠪᠠ ᠲᠤᠬᠠᠢ ᠶᠢᠨ ᠦᠶᠠᠰ ᠲᠠᠶᠢᠮᠦ ᠭᠦᠭᠡᠭᠡᠴᠡᠯᠳᠤᠯ ᠡᠪᠦᠷᠯᠡᠵᠦ ᠪᠠᠶᠢᠭᠰᠠᠨ ᠪᠤᠯ | ᠭᠤᠷᠢᠳᠠᠯᠭ᠎ᠠ ᠳᠤ ᠪᠠᠨ ᠭᠡᠨᠵᠢᠯᠡᠭᠳᠡᠵᠦ ᠡᠨᠡ ᠨᠠᠰᠤᠨ ᠳᠤ ᠫᠷᠤᠹᠧᠰᠰᠤᠷ ᠤᠨ ᠲᠠᠰ ᠤᠨ ᠪᠠᠭᠰᠢ ᠪᠠᠶᠢᠳᠤᠭᠠᠢ ᠤᠨᠴᠠ | ᠲᠠᠰ ᠤᠨ ᠪᠠᠭᠰᠢ ᠴᠦ ᠪᠤᠯᠵᠤ ᠲᠡᠶᠢᠯᠭᠦ ᠦᠭᠡᠢ ᠪᠠᠶᠢᠵᠤ ᠮᠠᠳᠠᠨ᠎ᠠ᠃ ᠭᠦᠭᠡᠭᠡᠴᠡᠯᠳᠤᠯ ᠭᠤᠷᠢᠳᠠᠯᠭ᠎ᠠ ᠳᠤ ᠭᠡᠳᠤ | ᠰᠢᠨᠤᠬᠠᠢᠢᠷᠠᠪᠠᠯ ᠭᠦᠰᠡᠷᠳᠡᠯ ᠬᠤᠭᠤᠰᠤᠷᠠᠯ ᠨᠢ ᠴᠦ ᠲᠠᠳᠤᠢ ᠭᠡᠴᠡᠭᠦᠦ ᠪᠠᠶᠢᠳᠠᠬ ᠪᠢᠰᠢ ᠤᠤ︖ | ᠫᠷᠤᠹᠧᠰᠰᠤᠷ ᠤᠨ ᠲᠠᠰ ᠤᠨ ᠪᠠᠭᠰᠢ ᠪᠠᠷ ᠴᠤᠯᠠᠯᠠᠭᠳᠠᠭᠰᠠᠨ ᠤ ᠲᠠᠷᠠᠭᠠᠬᠠᠨ ᠨᠠᠳᠠ ᠠᠴᠠ᠄ ︽ᠲᠠ ᠶᠠᠭᠠᠬᠢᠭᠠᠳ | ᠫᠷᠤᠹᠧᠰᠰᠤᠷ ᠤᠨ ᠲᠠᠰ ᠤᠨ ᠪᠠᠭᠰᠢ ᠪᠤᠯᠵᠤ ᠲᠠᠶᠢᠯᠦᠭᠰᠡᠨ ᠪᠤᠢ︖ ᠶᠠᠭᠠᠬᠢᠪᠠᠯ ᠰᠠᠶ᠋ᠢ ᠫᠷᠤᠹᠧᠰᠰᠤᠷ ᠤᠨ ᠲᠠᠰ ᠤᠨ | ᠪᠠᠭᠰᠢ ᠪᠤᠯᠵᠤ ᠲᠠᠶᠢᠯᠭᠦ ᠪᠤᠢ︖ ᠰᠤᠷᠭᠠᠯ ᠬᠠᠶᠢᠷᠠᠯᠠᠭᠠᠴᠢ︾ ᠭᠡᠵᠦ ᠯᠠᠪᠯᠠᠨ ᠠᠰᠠᠭᠤᠭᠰᠠᠨ ᠵᠠᠯᠠᠭᠤ ᠢᠳᠠᠷ ᠪᠠᠭᠰᠢ | ᠨᠠᠷ ᠨᠠᠯᠢᠶᠠᠳ ᠪᠤᠢ᠃ ᠦᠷᠦᠭᠡᠯ ᠤᠨ ᠭᠡᠤᠭᠡᠳ ᠤᠨ ᠲᠦᠯᠦᠭᠡ ᠦᠪᠠᠷ ᠤᠨ ᠠᠯᠢᠪᠠ ᠪᠠᠨ ᠤᠷᠬᠢᠵᠤ᠂ ᠠᠵᠢᠯ | ᠦᠢᠯᠠᠰ ᠯᠡ ᠭᠡᠵᠦ ᠮᠠᠬᠠᠷᠠᠨ ᠵᠢᠳᠭᠦᠵᠤ᠂ ᠤᠷᠤᠯᠳᠤᠯᠭ᠎ᠠ ᠰᠤᠳᠤᠯᠭ᠎ᠠ ᠪᠠᠷ ᠭᠠᠨᠵᠤᠭ᠎ᠠ ᠲᠦᠭᠦᠷᠠᠩ ᠶᠠᠪᠤᠭ᠎ᠠ ᠡᠳᠡᠭᠡᠷ | ᠰᠢᠯᠢᠳᠡᠭ ᠪᠠᠭᠰᠢ ᠨᠠᠷ ᠲᠤ ᠶᠠᠭᠤ ᠨᠢᠭᠡ ᠶᠢ ᠰᠠᠨᠠᠭᠤᠯᠬᠤ ᠵᠦᠢᠳᠠᠢ ᠪᠤᠯᠪᠠᠴᠤ ᠲᠠᠳᠠᠨ ᠤ ᠠᠰᠠᠭᠤᠯᠳᠠ ᠶᠢ ᠪᠠᠷᠢᠨ | ᠬᠠᠷᠢᠭᠤᠯᠬᠤ ᠳᠤ ᠦᠨᠡᠭᠡᠷ ᠪᠠᠷᠭᠡ ᠠᠵᠢ︕ ᠪᠠᠭᠰᠢ ᠭᠦᠮᠦᠨ ᠤ ᠬᠢᠪᠠᠰᠤ ᠵᠤᠬᠢᠬᠤ ᠠᠵᠢᠯ ᠢᠶᠠᠨ ᠬᠢᠭᠰᠡᠭᠡᠷ ᠯᠡ | ᠪᠠᠶᠢᠵᠤ ᠫᠷᠤᠹᠧᠰᠰᠤᠷ ᠤᠨ ᠲᠠᠰ ᠤᠨ ᠪᠠᠭᠰᠢ ᠪᠤᠯᠵᠠᠢ᠂ ᠦᠪᠠᠷ ᠤᠨ ᠡᠭᠦᠷᠭᠡ ᠬᠠᠷᠢᠭᠤᠴᠠᠯᠭ᠎ᠠ ᠪᠠᠨ ᠴᠢᠷᠮᠠᠶᠢᠨ | ᠪᠠᠶᠠᠯᠠᠭᠦᠯᠭᠦ ᠶᠢᠨ ᠵᠡᠷᠭᠡᠳᠡ ᠲᠤᠬᠠᠢᠢᠯᠠᠭᠰᠠᠨ ᠠᠵᠢᠯ ᠤᠨ ᠢᠶᠠᠨ ᠲᠤᠬᠠᠢ ᠰᠤᠳᠤᠯᠵᠤ ᠰᠢᠨᠵᠢᠯᠠᠵᠤ ᠯᠠ ᠪᠠᠶᠢᠪᠠᠯ | ᠫᠷᠤᠹᠧᠰᠰᠤᠷ ᠤᠨ ᠲᠠᠰ ᠤᠨ ᠪᠠᠭᠰᠢ ᠪᠠᠷ ᠴᠤᠯᠠᠯᠠᠭᠳᠠᠬᠤ ᠡᠳᠦᠷ ᠠᠶᠠᠨᠳᠠᠭᠠᠨ ᠭᠦᠷᠴᠤ ᠢᠷᠠᠭᠦ ᠶᠤᠮ ᠭᠡᠵᠦ ᠭᠡᠯᠡᠪᠡᠯ | ᠠᠷᠠᠢ ᠭᠦᠡᠭᠭᠡᠨ ᠬᠠᠭᠤᠮᠠᠭᠠᠢ ᠪᠤᠯᠴᠢᠬᠠᠬᠤ ᠰᠢᠬ ᠰᠠᠨᠠᠭᠳᠠᠬᠤ ᠶᠤᠮ᠃ | ᠦᠪᠠᠷ ᠢᠶᠠᠨ ᠮᠠᠳᠠᠭᠦ ᠪᠠ ᠦᠭᠡᠷ᠎ᠠ ᠪᠤᠰᠤᠳ ᠲᠤ ᠮᠠᠳᠠᠭᠦᠯᠭᠦ ᠪᠤᠯ ᠱᠠᠯ ᠠᠰᠳᠠᠭᠠᠨ ᠬᠤᠶᠠᠷ ᠶᠠᠪᠤᠳᠠᠯ ᠮᠦᠨ᠃ | ᠨᠡᠩ ᠦᠪᠠᠷ ᠢᠶᠠᠨ ᠪᠠᠰᠠ ᠮᠠᠳᠠᠭᠦ ᠦᠭᠡᠢ ᠶᠢ ᠦᠭᠡᠷ᠎ᠠ ᠪᠤᠰᠤᠳ ᠲᠤ ᠵᠢᠭᠠᠵᠤ ᠲᠠᠶᠢᠯᠤᠨ᠎ᠠ ᠭᠡᠵᠦ ᠤᠤ︖ ᠰᠤᠷᠬᠤ | ᠪᠢᠴᠢᠭ ᠪᠠ ᠰᠤᠷᠤᠭᠴᠢ ᠳᠤ ᠲᠤᠳᠤᠷᠬᠠᠢ ᠪᠠᠶᠢᠬᠤ᠂ ᠺᠤᠨᠰᠫᠧᠺᠲ ᠪᠢᠴᠢᠭᠦ ᠪᠤᠯ ᠬᠢᠴᠢᠶᠡᠯ ᠢ ᠴᠢᠨᠠᠷᠯᠢᠬ ᠵᠢᠭᠠᠬᠤ ᠶᠢᠨ | ᠤᠷᠢᠳᠠᠴᠢ ᠨᠦᠭᠦᠴᠡᠯ ᠮᠦᠨ᠃ ᠰᠤᠷᠬᠤ ᠪᠢᠴᠢᠭ ᠲᠤ ᠲᠤᠳᠤᠷᠬᠠᠢ ᠦᠭᠡᠢ ᠪᠤᠯ ᠪᠤᠷᠤᠭᠤ ᠵᠢᠭᠠᠵᠤ ᠮᠠᠰᠢ ᠭᠦᠨᠳᠤ | ᠨᠤᠴᠢᠳᠠᠢ ᠵᠢᠭᠠᠨ ᠰᠤᠷᠭᠠᠯᠳᠠ ᠶᠢᠨ ᠠᠯᠳᠠᠭ᠎ᠠ ᠭᠠᠷᠭᠠᠵᠤ ᠮᠠᠳᠠᠨ᠎ᠠ᠃ ᠵᠢᠭᠠᠨ ᠰᠤᠷᠭᠠᠯᠳᠠ ᠪᠤᠯᠤᠨ ᠰᠤᠷᠤᠭᠴᠢ ᠶᠢ | ᠤᠮᠳᠤᠭᠠᠢᠢᠯᠠᠭᠰᠠᠨ ᠵᠢᠭᠠᠨ ᠰᠤᠷᠭᠠᠯᠳᠠ ᠰᠤᠷᠤᠭᠴᠢ ᠶᠢᠨ ᠪᠤᠳᠠᠳᠠᠢ ᠠᠴᠠ ᠭᠡᠳᠤ ᠵᠠᠶᠢᠳᠠᠵᠤ ᠮᠠᠳᠠᠭᠦ ᠲᠤᠯᠠ ᠵᠠᠷᠢᠮ | ᠰᠤᠷᠤᠭᠴᠢ ᠶᠢᠨ ᠰᠤᠷᠬᠤ ᠶᠢ ᠰᠢᠭᠤᠳ ᠨᠦᠯᠦᠭᠡᠯᠡᠳᠡᠭ᠃ ᠡᠭᠦᠨ ᠤ ᠬᠤᠤᠷ ᠭᠦᠨᠦᠭᠡᠯ ᠮᠠᠰᠢ ᠭᠦᠨᠳᠤ ᠨᠤᠴᠢᠳᠠᠢ᠃ | ᠶᠡᠭᠡ ᠭᠡᠮᠵᠢᠶᠡᠨ ᠤ ᠰᠤᠷᠤᠭᠴᠢ ᠬᠢᠴᠢᠶᠡᠯ ᠰᠤᠷᠤᠯᠭ᠎ᠠ ᠪᠠᠨ ᠲᠠᠭᠠᠵᠤ ᠲᠠᠶᠢᠯᠭᠦ ᠦᠭᠡᠢ ᠠᠴᠠ ᠪᠤᠯᠵᠤ ᠰᠤᠷᠬᠤ ᠪᠠᠨ | ᠪᠤᠯᠢᠬᠤ ᠪᠤᠶᠤ ᠵᠠᠷᠢᠮ ᠰᠤᠷᠤᠭᠴᠢ ᠭᠦᠷᠪᠠᠰᠤ ᠵᠤᠬᠢᠬᠤ ᠭᠦᠭᠵᠢᠯᠳᠠ ᠳᠤ ᠪᠠᠨ ᠲᠤᠯᠵᠤ ᠲᠠᠶᠢᠯᠭᠦ ᠦᠭᠡᠢ ᠦᠵᠡᠭᠳᠡᠯ | ᠲᠤᠮᠳᠠᠳᠤ ᠪᠠᠭ᠎ᠠ ᠰᠤᠷᠭᠠᠭᠤᠯᠢ ᠳᠤ ᠲᠠᠩᠳᠠ ᠢᠯᠠᠷᠠᠳᠡᠭ ᠨᠢ ᠰᠤᠷᠤᠭᠴᠢ ᠶᠢᠨ ᠪᠤᠳᠠᠳᠠᠢ ᠠᠴᠠ ᠭᠡᠳᠤ ᠵᠠᠶᠢᠳᠠᠭᠰᠠᠨ | ᠵᠢᠭᠠᠨ ᠰᠤᠷᠭᠠᠯᠳᠠ ᠶᠢᠨ ᠠᠷᠬᠠᠬ ᠭᠡᠮ ᠠᠴᠠ ᠪᠤᠯᠤᠭᠰᠠᠨ ᠦᠭᠡᠢ ᠭᠡᠵᠦ ᠤᠤ︖ ᠺᠤᠨᠰᠫᠧᠺᠲ ᠭᠡᠭᠴᠢ ᠵᠢᠭᠠᠬᠤ | ᠠᠭᠤᠯᠭ᠎ᠠ ᠪᠠᠨ ᠵᠢᠭᠠᠬᠤ ᠲᠠᠷᠠᠭᠠᠯᠠᠯ ᠢᠶᠠᠷ ᠪᠢᠴᠢᠵᠤ ᠲᠠᠮᠳᠡᠭᠯᠡᠭᠰᠡᠨ ᠲᠠᠮᠳᠡᠭᠯᠡᠯ ᠤᠭᠳᠤ ᠪᠢᠰᠢ᠃ ᠺᠤᠨ᠋ᠰᠫᠧᠺᠲ | ᠪᠢᠴᠢᠭᠦ ᠳᠤ ᠭᠡᠪᠰᠢᠭᠰᠡᠨ ᠵᠦᠢᠯᠠᠰ ᠢ ᠠᠬᠢᠨ ᠲᠠᠬᠢᠨ ᠲᠠᠪᠳᠠᠵᠤ ᠪᠠᠶᠢᠭ᠎ᠠ ᠰᠢᠬ ᠪᠤᠯᠪᠠᠴᠤ ᠲᠠᠷᠠ ᠨᠢ ᠭᠡᠷᠡᠭ | ᠲᠡᠭᠡᠷ᠎ᠡ ᠪᠠᠨ ᠵᠢᠭᠠᠨ ᠰᠤᠷᠭᠠᠯᠳᠠ ᠳᠤ ᠴᠠᠭᠠᠷᠠᠬᠤ ᠶᠢᠨ ᠠᠩᠬᠠᠨ ᠤ ᠱᠠᠳᠤ ᠪᠠᠷ ᠨᠠᠭᠠᠰᠢ ᠴᠠᠭᠠᠰᠢ ᠠᠯᠬᠤᠵᠤ᠂ ᠵᠢᠭᠠᠨ | ᠰᠤᠷᠭᠠᠬᠤ ᠠᠷᠭ᠎ᠠ ᠤᠬᠠᠭᠠᠨ ᠰᠤᠪᠢᠵᠤ ᠰᠢᠮ᠎ᠠ ᠰᠢᠭᠦᠰᠤ ᠶᠢ ᠨᠢ ᠬᠤᠷᠠᠮᠳᠤᠭᠤᠯᠬᠤ ᠵᠢᠷᠦᠭᠡᠨ ᠲᠠᠮᠢᠷ ᠬᠢᠵᠦ | ᠪᠠᠶᠢᠭ᠎ᠠ ᠲᠠᠢ ᠠᠳᠠᠯᠢ ᠶᠤᠮ᠃ ᠺᠤᠨᠰᠫᠧᠺᠲ ᠲᠤ ᠵᠢᠭᠠᠨ ᠰᠤᠷᠭᠠᠯᠳᠠ ᠶᠢᠨ ᠤᠷᠴᠢᠨ ᠢ ᠪᠤᠢ ᠪᠤᠯᠭᠠᠭᠰᠠᠨ ᠠᠬᠤᠢ | ᠪᠠᠶᠢᠳᠠᠯ ᠲᠠᠢ ᠪᠠᠷ ᠪᠠᠷᠠᠬᠤ ᠦᠭᠡᠢ ᠰᠤᠷᠬᠤ ᠬᠠᠷᠠᠯᠳᠠ ᠳᠤ ᠭᠦᠷᠭᠦ ᠶᠢ ᠪᠠᠶᠠᠯᠠᠭᠦᠯᠭᠦ ᠭᠤᠤᠯᠳᠠᠯᠭ᠎ᠠ ᠶᠢ ᠲᠤᠪᠤᠶᠢᠯᠭᠠᠬᠤ | ᠪᠠ ᠭᠦᠴᠢᠷᠳᠠᠯᠭᠡ ᠶᠢ ᠪᠤᠳᠠᠷᠠᠭᠠᠬᠤ ᠵᠡᠷᠭᠡ ᠴᠢᠬᠤᠯᠠ ᠪᠦᠭᠦᠢ ᠢᠮ ᠲᠡᠮᠳᠡᠭ ᠢᠯᠠ ᠲᠤᠳᠤ ᠬᠠᠷᠠᠭᠳᠠᠬᠤ ᠳᠤ ᠪᠠᠨ | ᠲᠠᠭᠠᠷᠠᠨ᠎ᠠ᠃ ᠰᠤᠷᠤᠭᠴᠢ ᠶᠢᠨ ᠠᠵᠢᠯᠯᠠᠭ᠎ᠠ ᠪᠠ ᠪᠠᠭᠰᠢ ᠶᠢᠨ ᠠᠵᠢᠯᠯᠠᠭ᠎ᠠ ᠶᠢᠨ ᠲᠤᠬᠠᠢ ᠵᠢᠱᠢᠶᠡᠯᠡᠪᠡᠯ᠂ ᠵᠢᠭᠠᠨ | ᠰᠤᠷᠭᠠᠯᠳᠠ ᠶᠢᠨ ᠠᠯᠢ ᠭᠤᠭᠴᠤᠭᠠᠨ ᠳᠤ ᠰᠤᠷᠤᠭᠴᠢ ᠶᠢ ᠬᠤᠭᠤᠷᠤᠨᠳᠤ ᠨᠢ ᠶᠠᠷᠢᠯᠴᠠᠭᠤᠯᠬᠤ᠂ ᠴᠢᠳᠠᠭᠰᠠᠨ | ᠰᠤᠷᠤᠭᠴᠢ ᠪᠠᠷ ᠴᠢᠳᠠᠭᠠᠳᠤᠢ ᠰᠤᠷᠤᠭᠴᠢ ᠶᠢ ᠵᠢᠯᠤᠭᠤᠳᠤᠭᠤᠯᠬᠤ ᠪᠤᠶᠤ ᠶᠠᠮᠠᠷ ᠦᠶᠠᠰ ᠪᠠᠭᠰᠢ ᠪᠠᠷ ᠪᠦᠭᠦᠳᠠ | ᠰᠤᠷᠤᠭᠴᠢ ᠳᠤ ᠰᠠᠩᠭᠡᠷᠡᠭᠦᠯᠦᠯ ᠵᠢᠯᠤᠭᠤᠳᠤᠮᠵᠢ ᠦᠭᠭᠦ᠂ ᠨᠠᠷᠢᠯᠢᠬ ᠲᠤᠳᠤᠷᠬᠠᠢ ᠲᠠᠶᠢᠯᠪᠤᠷᠢᠯᠠᠬᠤ ᠠᠭᠤᠯᠭ᠎ᠠ ᠪᠠᠶᠢᠬᠤ | ᠡᠰᠠᠭᠦ ᠵᠡᠷᠭᠡ ᠠᠯᠢ ᠤᠯᠠᠨ ᠵᠦᠢᠯᠠᠰ ᠢ ᠨᠠᠷᠢᠨ ᠲᠤᠳᠤᠷᠬᠠᠢ ᠪᠢᠴᠢᠪᠠᠯ ᠵᠤᠬᠢᠨ᠎ᠠ᠃ ᠵᠢᠭᠠᠬᠤ ᠳᠤ ᠲᠤᠭᠳᠠᠭᠰᠠᠨ | ᠲᠤᠮᠢᠶᠠᠯᠠᠯ ᠦᠭᠡᠢ ᠲᠤᠯᠠ ᠬᠠᠮᠤᠭ ᠤᠨ ᠤᠬᠢ ᠰᠢᠯᠢᠳᠡᠭ ᠵᠢᠭᠠᠬᠤ ᠠᠷᠭ᠎ᠠ ᠭᠡᠵᠦ ᠦᠭᠡᠢ ᠶᠤᠮ᠃ ᠵᠠᠷᠢᠮ | ᠠᠭᠤᠯᠭ᠎ᠠ ᠶᠢ ᠵᠢᠭᠠᠬᠤ ᠳᠤ ᠶᠡᠪ ᠴᠠᠪ ᠲᠤᠬᠢᠷᠠᠬᠤ ᠵᠢᠭᠠᠬᠤ ᠠᠷᠭ᠎ᠠ ᠪᠠᠶᠢᠪᠠᠴᠤ ᠡᠨᠡ ᠵᠢᠭᠠᠬᠤ ᠠᠷᠭ᠎ᠠ ᠪᠠᠷ ᠦᠭᠡᠷ᠎ᠠ | ᠠᠭᠤᠯᠭ᠎ᠠ ᠶᠢ ᠵᠢᠭᠠᠬᠤ ᠳᠤ ᠲᠤᠬᠢᠷᠠᠬᠤ ᠪᠠᠨ ᠪᠤᠯᠢᠵᠤ ᠮᠠᠳᠠᠨ᠎ᠠ᠃ ᠢᠡᠭᠬᠢᠭᠦ ᠪᠠᠷ ᠢᠶᠠᠨ ᠶᠠᠮᠠᠷ ᠨᠢᠭᠡᠨ ᠵᠢᠭᠠᠨ | ᠰᠤᠷᠭᠠᠬᠤ ᠠᠷᠭ᠎ᠠ ᠶᠢᠨ ᠺᠤᠨᠰᠫᠧᠺᠲ ᠢ ᠪᠢᠴᠢᠭᠦ ᠳᠤ ᠭᠡᠯᠪᠠᠷᠢ ᠶᠠᠩᠵᠤ ᠳᠤ ᠨᠢ ᠭᠡᠳᠤᠷᠭᠡᠢ ᠪᠠᠷᠢᠭᠳᠠᠵᠤ ᠪᠤᠯᠬᠤ ᠦᠭᠡᠢ᠂ | ᠠᠯᠪᠠ ᠪᠠᠷ ᠲᠤᠬᠤᠵᠤ ᠪᠢᠴᠢᠪᠠᠯ ᠵᠢᠭᠠᠨ ᠰᠤᠷᠭᠠᠯᠳᠠ ᠶᠢᠨ ᠦᠷ᠎ᠠ ᠠᠰᠢᠬ ᠢ ᠨᠦᠯᠦᠭᠡᠯᠡᠭᠦ ᠨᠢ ᠭᠠᠷᠴᠠᠭ᠎ᠠ ᠦᠭᠡᠢ ᠶᠤᠮ᠃ | ᠮᠢᠨᠦ ᠦᠵᠡᠭᠦ ᠪᠠᠷ ᠵᠢᠭᠠᠨ ᠰᠤᠷᠭᠠᠯᠳᠠ ᠶᠢᠨ ᠵᠠᠷᠢᠮ ᠭᠤᠭᠴᠤᠭ᠎ᠠ ᠭᠡᠯᠬᠢᠶᠠᠰᠤ ᠶᠢ ᠨᠢ ᠦᠭᠡᠷᠡᠴᠢᠯᠠᠭᠦ ᠪᠤᠶᠤ ᠤᠷᠬᠢᠬᠤ᠂ | ᠵᠢᠭᠠᠬᠤ ᠠᠷᠭ᠎ᠠ ᠶᠢᠨ ᠲᠠᠰ ᠲᠠᠷᠠᠭᠠᠯᠠᠯ ᠢ ᠨᠢ ᠰᠤᠯᠢᠬᠤ᠂ ᠡᠰᠠᠭᠦᠯ᠎ᠠ ᠵᠢᠭᠠᠬᠤ ᠠᠷᠭ᠎ᠠ ᠳᠤ ᠲᠤᠷᠠᠳᠤᠭᠳᠠᠭᠰᠠᠨ ᠦᠭᠡᠢ | ᠵᠦᠢᠯᠠᠰ ᠢ ᠨᠠᠮᠠᠵᠤ ᠨᠦᠭᠦᠵᠤ ᠪᠦᠷ ᠪᠤᠯᠤᠨ᠎ᠠ᠃ ᠡᠨᠠ ᠮᠠᠳᠤ ᠵᠠᠰᠠᠯᠳᠠ ᠦᠭᠡᠷᠡᠴᠢᠯᠠᠯᠳᠠ ᠬᠢᠵᠤ ᠲᠦᠰᠦᠪᠯᠡᠭᠰᠡᠨ | ᠺᠤᠨᠰᠫᠧᠺᠲ ᠢᠶᠠᠷ ᠬᠢᠴᠢᠶᠡᠯᠯᠡᠭᠦ ᠳᠤ ᠦᠷ᠎ᠠ ᠠᠰᠢᠬ ᠨᠢ ᠮᠠᠰᠢ ᠰᠠᠶᠢᠨ ᠪᠠᠶᠢᠪᠠᠯ ᠲᠡᠭᠦᠨ ᠢ ᠡᠨᠡ ᠵᠢᠭᠠᠬᠤ ᠠᠷᠭ᠎ᠠ | ᠪᠤᠷᠤᠭᠤ ᠭᠡᠵᠦ ᠦᠵᠡᠵᠤ ᠪᠤᠯᠤᠨ᠎ᠠ ᠤᠤ᠂ ᠡᠰᠡᠷᠭᠦ ᠪᠠᠷ ᠡᠨᠠ ᠵᠢᠭᠠᠬᠤ ᠠᠷᠭ᠎ᠠ ᠶᠢ ᠴᠢᠮᠦᠭᠡᠨ ᠳᠤ ᠨᠢ ᠲᠤᠯᠳᠠᠯ᠎ᠠ | ᠤᠢᠢᠯᠠᠭᠠᠵᠤ ᠤᠷᠠᠨ ᠴᠢᠳᠠᠮᠠᠭᠠᠢ ᠭᠡᠷᠡᠭᠯᠡᠵᠦ ᠴᠢᠳᠠᠵᠤ ᠪᠠᠶᠢᠭ᠎ᠠ ᠳᠤ ᠲᠤᠭᠠᠴᠢᠭᠳᠠᠬᠤ ᠶᠤᠮ᠃ ᠡᠨᠡ ᠬᠢᠴᠢᠶᠠᠯ ᠳᠤ | ᠰᠤᠷᠤᠭᠴᠢ ᠶᠢ ᠯᠠᠪᠳᠠᠢ ᠵᠢᠭᠠᠨ ᠰᠤᠷᠭᠠᠬᠤ ᠠᠵᠢᠯᠯᠠᠭ᠎ᠠ ᠳᠤ ᠢᠳᠡᠪᠬᠢᠳᠠᠢ ᠤᠷᠤᠯᠴᠠᠭᠤᠯᠵᠤ ᠭᠤᠤᠯ ᠴᠤᠭᠴᠠ ᠶᠢᠨ | ᠦᠢᠯᠠᠳᠤᠯ ᠢ ᠨᠢ ᠲᠠᠭᠦᠰ ᠪᠠᠳᠠᠷᠠᠭᠤᠯᠤᠭᠰᠠᠨ ᠢᠶᠠᠷ ᠪᠠᠷᠠᠬᠤ ᠦᠭᠡᠢ ᠪᠠᠭᠰᠢ ᠶᠢᠨ ᠭᠤᠤᠯᠴᠢᠯᠠᠨ ᠵᠢᠯᠤᠭᠤᠳᠬᠤ | ᠦᠢᠯᠠᠳᠤᠯ ᠢᠶᠠᠨ ᠭᠦᠢᠴᠡᠳ ᠪᠠᠳᠠᠷᠠᠭᠤᠯᠵᠤ ᠲᠠᠶᠢᠯᠦᠭᠰᠡᠨ᠂ ᠤᠯᠠᠩᠬᠢ ᠰᠤᠷᠤᠭᠴᠢ ᠶᠢ ᠵᠢᠭᠠᠨ ᠰᠤᠷᠭᠠᠬᠤ | ᠬᠠᠷᠠᠯᠳᠠ ᠶᠢᠨ ᠱᠠᠭᠠᠷᠳᠠᠯᠭ᠎ᠠ ᠳᠤ ᠭᠦᠷᠭᠡᠵᠦ ᠲᠠᠶᠢᠯᠦᠭᠰᠡᠨ ᠨᠢ ᠯᠠᠪᠳᠠᠢ ᠭᠡᠵᠦ ᠠᠮᠠ ᠪᠠᠷᠳᠠᠮ ᠭᠡᠯᠡᠵᠦ ᠲᠠᠶᠢᠯᠤᠨ᠎ᠠ᠃ | ᠲᠡᠭᠡᠪᠡᠯ ᠬᠢᠴᠢᠶᠡᠯ ᠢᠶᠠᠨ ᠵᠢᠭᠠᠵᠤ ᠪᠠᠷᠠᠮᠠᠭᠴᠠ ᠺᠤᠨᠰᠫᠧᠺᠲ ᠤᠨ ᠦᠢᠯᠠᠳᠤᠯ ᠲᠠᠭᠤᠰᠴᠢᠬᠠᠬᠤ ᠪᠢᠰᠢ᠂ ᠬᠢᠴᠢᠶᠡᠯ ᠤᠨ | ᠲᠠᠷᠠᠭ᠎ᠠ ᠪᠠᠰᠠ ᠵᠠᠰᠠᠨ ᠵᠠᠯᠠᠷᠠᠭᠤᠯᠵᠤ᠂ ᠨᠦᠭᠦᠪᠤᠷᠢᠯᠡᠵᠦ ᠪᠦᠷᠢᠨᠵᠢᠭᠦᠯᠭᠦ ᠴᠢᠬᠤᠯᠠ ᠪᠤᠢ᠃ ᠵᠢᠭᠠᠬᠤ ᠶᠠᠪᠤᠴᠠ ᠳᠤ | ᠰᠠᠷᠡᠭᠳᠡᠭᠰᠡᠨ ᠵᠦᠢᠯᠠᠰ᠂ ᠠᠯᠳᠠᠰᠢ ᠤᠯᠤᠰᠢ᠂ ᠬᠢᠯᠠᠰ ᠴᠡᠭ᠂ ᠬᠠᠯᠠᠵᠤ ᠰᠠᠶᠢᠵᠢᠷᠠᠭᠤᠯᠬᠤ ᠵᠦᠢᠯ᠂ ᠡᠮᠵᠡᠭ ᠪᠠᠭᠤᠷᠠᠢ | ᠲᠠᠯ᠎ᠠ ᠁ ᠵᠡᠷᠭᠡ ᠤᠯᠠᠨ ᠲᠠᠯ᠎ᠠ ᠪᠠᠷ ᠲᠠᠮᠳᠡᠭᠯᠡᠵᠦ ᠪᠤᠯᠤᠨ᠎ᠠ᠃ ᠡᠭᠦᠨ ᠠᠴᠠ ᠭᠠᠳᠠᠨ᠎ᠠ ᠵᠢᠭᠠᠨ ᠰᠤᠷᠭᠠᠯᠳᠠ ᠶᠢᠨ | ᠡᠷᠬᠢᠴᠠᠭᠦᠯᠦᠯ ᠲᠤᠩᠭᠠᠯᠳᠠ ᠶᠢ ᠲᠠᠭᠠᠯᠳᠤᠭᠤᠯᠪᠠᠯ ᠨᠠᠩ ᠰᠠᠶᠢᠨ᠃ ᠢᠡᠭᠬᠢᠵᠤ ᠵᠠᠰᠠᠵᠤ ᠰᠢᠨᠡᠳᠭᠡᠭᠰᠡᠨ ᠺᠤᠨᠰᠫᠧᠺᠲ | ᠲᠠᠷᠠᠭᠠᠴᠢ ᠶᠢᠨ ᠡᠭᠡᠯᠵᠢ ᠶᠢᠨ ᠺᠤᠨᠰᠫᠧᠺᠲ ᠢ ᠪᠢᠴᠢᠭᠦ ᠳᠤ ᠤᠯᠳᠠᠰᠢ ᠦᠭᠡᠢ ᠬᠤᠪᠤᠷ ᠨᠠᠨᠳᠢᠨ ᠪᠤᠷᠤ ᠮᠠᠲ᠋ᠧᠷᠢᠶᠠᠯ | ᠪᠤᠯᠬᠤ ᠶᠤᠮ᠃ ᠠᠯᠵᠠᠭᠤᠷᠠᠵᠤ ᠵᠠᠯᠬᠠᠭᠤᠷᠠᠬᠤ ᠦᠭᠡᠢ᠂ ᠨᠠᠷᠢᠨ ᠬᠢᠨᠠᠮᠠᠭᠠᠢ᠂ ᠱᠠᠭᠠᠷᠳᠠᠯᠭ᠎ᠠ ᠲᠦᠷᠢᠮᠵᠢᠯ ᠢᠶᠠᠷ | ᠬᠢᠴᠢᠶᠡᠯ ᠪᠤᠯᠭᠠᠨ ᠤ ᠺᠤᠨᠰᠫᠧᠺᠲ ᠢ ᠦᠪᠠᠷ ᠤᠨ ᠭᠡᠰᠡᠨ ᠭᠡᠪ ᠨᠠᠮᠪᠠ ᠲᠠᠢ ᠲᠠᠪᠳᠠᠨ ᠪᠢᠴᠢᠵᠤ ᠯᠠ ᠪᠠᠶᠢᠪᠠᠯ | ᠠᠶᠠᠨᠳᠠᠭᠠᠨ ᠰᠤᠷᠬᠤ ᠪᠢᠴᠢᠭ ᠲᠤ ᠲᠦᠢᠯ ᠤᠨ ᠲᠤᠳᠤᠷᠬᠠᠢ ᠪᠤᠯᠵᠤ ᠵᠢᠭᠠᠨ ᠰᠤᠷᠭᠠᠬᠤ ᠳᠤ ᠮᠠᠷᠭᠡᠰᠢᠵᠤ ᠴᠠᠭᠠᠷᠠᠨ᠎ᠠ᠃ | ᠵᠢᠭᠠᠬᠤ ᠠᠭᠤᠯᠭ᠎ᠠ ᠶᠢᠨ ᠭᠠᠷᠴᠠᠭ ᠢ ᠬᠠᠷᠠᠮᠠᠭᠴᠠ ᠪᠠᠷᠢᠨ ᠵᠢᠭᠠᠵᠤ ᠲᠠᠶᠢᠯᠳᠡᠭ ᠬᠢᠷᠢ ᠭᠡᠮ ᠲᠠᠢ ᠪᠤᠯᠤᠨ᠎ᠠ᠃ ᠶᠠᠮᠠᠷᠪᠠ | ᠵᠢᠭᠠᠨ ᠰᠤᠷᠭᠠᠬᠤ ᠠᠷᠭ᠎ᠠ ᠶᠢ ᠭᠡᠷᠡᠭᠯᠡᠵᠦ ᠪᠠᠶᠢᠭᠰᠠᠨ ᠴᠦ ᠲᠡᠭᠦᠨ ᠲᠠᠢ ᠪᠠᠨ ᠶᠠᠪ ᠴᠠᠪ ᠲᠤᠬᠢᠷᠠᠯᠴᠠᠭᠰᠠᠨ ᠵᠢᠭᠠᠨ | ᠰᠤᠷᠭᠠᠬᠤ ᠲᠦᠰᠦᠪ ᠢ ᠲᠦᠰᠦᠪᠯᠡᠵᠦ ᠲᠠᠶᠢᠯᠤᠨ᠎ᠠ᠃ ᠴᠢᠨᠠᠭᠰᠢᠯᠠᠨ ᠬᠠᠮᠤᠭ ᠤᠨ ᠤᠬᠢ ᠵᠢᠭᠠᠨ ᠰᠤᠷᠭᠠᠬᠤ | ᠲᠦᠰᠦᠪ ᠢ ᠴᠦ ᠲᠦᠰᠦᠪᠯᠡᠵᠦ ᠮᠠᠳᠠᠭᠦ ᠶᠤᠮ᠃ ᠡ᠊ᠨᠳᠠ᠂ ᠴᠡᠭ ᠠᠴᠠ ᠰᠢᠯᠤᠭᠤᠨ ᠭᠦᠷᠭᠦ ᠵᠠᠢ ᠶᠢᠨ ᠤᠬᠠᠭᠳᠠᠬᠤᠨ ᠢ | ᠵᠢᠭᠠᠬᠤ ᠳᠤ ᠲᠦᠰᠦᠪᠯᠡᠭᠰᠡᠨ ᠵᠢᠭᠠᠨ ᠰᠤᠷᠭᠠᠬᠤ ᠲᠦᠰᠦᠪ ᠠᠴᠠ ᠪᠠᠨ ᠲᠤᠪᠴᠢᠯᠠᠨ ᠰᠠᠶᠢᠷᠠᠭᠦᠯᠵᠦ ᠯᠠᠪᠯᠠᠯᠳᠠ | ᠪᠤᠯᠭᠠᠶ᠎ᠠ᠃ | ᠪᠠᠭᠰᠢ ᠶᠠᠷᠢᠵᠤ ᠰᠤᠷᠤᠭᠴᠢ ᠪᠦᠭᠦᠨ ᠭᠦᠢᠴᠡᠳᠭᠡᠨ᠎ᠡ᠃ | — ᠲᠤᠷ᠎ᠠ ᠪᠠᠷ ᠨᠢᠭᠡᠨ ᠰᠢᠯᠤᠭᠤᠨ l ᠢ ᠪᠠᠶᠢᠭᠤᠯ᠃ | — ᠲᠤᠷ᠎ᠠ ᠶᠢᠨ ᠨᠢᠭᠡᠨ ᠴᠡᠭ P ᠶᠢ ᠠᠪ᠃ | — ᠴᠡᠭ P ᠢ ᠲᠠᠭᠠᠷᠢᠭᠤᠯᠵᠤ ᠰᠢᠯᠤᠭᠤᠨ l ᠳᠤ ᠡᠭ᠍ᠴᠡ ᠰᠢᠯᠤᠭᠤᠨ ᠪᠠᠶᠢᠭᠤᠯ᠂ ᠡᠭ᠍ᠴᠡ ᠶᠢᠨ | ᠰᠠᠭᠤᠷᠢ ᠶᠢ ᠨᠢ Q ᠭᠡᠵᠦ ᠠᠪ᠃ | — ᠭᠡᠷᠴᠢᠮ PQ ᠶᠢ ᠴᠡᠭ P ᠠᠴᠠ ᠰᠢᠯᠤᠭᠤᠨ l ᠭᠦᠷᠭᠦ ᠡᠭ᠍ᠴᠡ ᠭᠡᠷᠴᠢᠮ᠂ ᠡᠭ᠍ᠴᠡ ᠭᠡᠷᠴᠢᠮ | PQ ᠶᠢᠨ ᠤᠷᠳᠤ ᠶᠢ ᠴᠡᠭ P ᠠᠴᠠ ᠰᠢᠯᠤᠭᠤᠨ l ᠭᠦᠷᠭᠦ ᠵᠠᠢ ᠭᠡᠨ᠎ᠠ᠃ | — ᠴᠡᠭ P ᠠᠴᠠ ᠰᠢᠯᠤᠭᠤᠨ l ᠭᠦᠷᠭᠦ ᠵᠠᠢ ᠶᠢ ᠤᠯ᠃ | ᠴᠢᠳᠠᠬᠤ ᠦᠭᠡᠢ ᠰᠤᠷᠤᠭᠴᠢ ᠪᠠᠶᠢᠪᠠᠯ ︽ᠡᠭ᠍ᠴᠡ ᠭᠡᠷᠴᠢᠮ PQ ᠶᠢᠨ ᠤᠷᠳᠤ ᠶᠢ ᠭᠡᠮᠵᠢ︾ ᠭᠡᠭᠦ ᠮᠠᠳᠤ ᠪᠠᠷ | ᠰᠠᠩᠭᠡᠷᠡᠭᠦᠯᠦᠨᠠ᠃ ᠰᠤᠷᠤᠭᠴᠢᠳ ᠭᠦᠢᠴᠡᠳᠭᠡᠵᠦ ᠪᠠᠷᠠᠭᠰᠠᠨ ᠤ ᠳᠠᠷᠠᠭ᠎ᠠ ᠲᠠᠳᠠᠨ ᠳᠤ ᠬᠠᠷᠢᠯᠴᠠᠨ ᠰᠤᠯᠢᠯᠴᠠᠵᠤ | ᠰᠤᠷᠤᠯᠴᠠᠬᠤ ᠲᠤᠬᠢᠶᠠᠯ ᠤᠯᠭᠤᠨ᠎ᠠ᠃ ᠲᠤᠬᠠᠢᠢᠯᠠᠪᠠᠯ᠂ ᠴᠡᠭ ᠠᠴᠠ ᠰᠢᠯᠤᠭᠤᠨ ᠭᠦᠷᠭᠦ ᠵᠠᠢ ᠶᠢ ᠤᠯᠤᠭᠰᠠᠨ ᠢ ᠵᠦᠪ | ᠡᠰᠠᠭᠦ ᠪᠠᠨ ᠬᠠᠷᠢᠯᠴᠠᠨ ᠪᠠᠶᠢᠴᠠᠭᠠᠨ᠎ᠠ᠂ ᠭᠡᠷᠪᠠ ᠪᠤᠷᠤᠭᠤᠳᠠᠭᠰᠠᠨ ᠪᠠᠶᠢᠪᠠᠯ ᠵᠠᠰᠠᠵᠤ ᠵᠠᠯᠠᠷᠠᠭᠤᠯᠵᠤ ᠦᠭᠭᠦ ᠶᠢᠨ ᠵᠡᠷᠭᠡᠳᠡ | ᠲᠠᠶᠢᠯᠪᠤᠷᠢ ᠲᠤᠳᠤᠷᠬᠠᠢᠢᠯᠠᠯ ᠭᠢᠵᠤ ᠦᠭᠭᠦᠨ᠎ᠠ᠃ ᠶᠠᠷᠢᠶᠠᠨ ᠦᠭᠡᠢ ᠪᠠᠭᠰᠢ ᠪᠠᠰᠠ ᠰᠤᠷᠤᠭᠴᠢ ᠶᠢᠨ ᠠᠬᠢᠴᠠ ᠲᠠᠢ | ᠠᠯᠬᠤᠮ ᠨᠢᠭᠡ ᠲᠠᠢ ᠪᠠᠷ ᠬᠠᠮᠢᠶ᠎ᠠ ᠪᠦᠭᠦᠢ ᠵᠦᠢᠯᠠᠰ ᠢ ᠰᠠᠮᠪᠠᠷ᠎ᠠ ᠲᠡᠭᠡᠷ᠎ᠠ ᠭᠦᠢᠴᠡᠳᠭᠡᠵᠦ ᠪᠤᠯᠬᠤ ᠶᠤᠮ᠃ ᠢᠡᠭᠬᠢᠵᠤ | ᠲᠦᠰᠦᠪᠯᠡᠭᠰᠡᠨ ᠵᠢᠭᠠᠨ ᠰᠤᠷᠭᠠᠯᠳᠠ ᠶᠢᠨ ᠲᠦᠰᠦᠪ ᠬᠠᠮᠤᠭ ᠤᠨ ᠤᠬᠢ ᠰᠢᠯᠢᠳᠡᠭ ᠵᠢᠭᠠᠨ ᠰᠤᠷᠭᠠᠬᠤ ᠲᠦᠰᠦᠪ | ᠪᠤᠯᠬᠤ ᠦᠭᠡᠢ ᠭᠡᠵᠦ ᠤᠤ︖ ᠡᠨᠠ ᠵᠢᠭᠠᠨ ᠰᠤᠷᠭᠠᠯᠳᠠ ᠶᠢᠨ ᠲᠦᠰᠦᠪ ᠲᠤ ᠰᠤᠷᠤᠭᠴᠢ ᠪᠠᠷ ᠭᠤᠤᠯ ᠴᠤᠭᠴᠠ | ᠪᠤᠯᠭᠠᠵᠤ ᠦᠭᠡᠢ ᠭᠡᠵᠦ ᠤᠤ︖ ᠰᠤᠷᠤᠭᠴᠢ ᠶᠢᠨ ᠤᠷᠤᠯᠳᠤᠯᠭ᠎ᠠ ᠬᠢᠭᠡᠳ ᠪᠠᠭᠰᠢ ᠶᠢᠨ ᠵᠢᠯᠤᠭᠤᠳᠤᠮᠵᠢ ᠶᠢ | ᠤᠷᠭᠠᠨᠢᠬ ᠢᠶᠠᠷ ᠠᠪᠴᠠᠯᠳᠤᠭᠤᠯᠵᠤ ᠦᠭᠡᠢ ᠭᠡᠵᠦ ᠤᠤ︖ ᠪᠠᠭᠰᠢ ᠶᠢᠨ ᠵᠤᠬᠢᠶᠠᠨ ᠪᠠᠶᠢᠭᠤᠯᠤᠯᠳᠠ ᠲᠤᠤᠷ᠎ᠠ | ᠰᠤᠷᠤᠭᠴᠢᠳ ᠦᠪᠠᠷ ᠤᠨ ᠤᠷᠤᠯᠳᠤᠯᠭ᠎ᠠ ᠳᠤ ᠪᠠᠨ ᠲᠦᠰᠢᠭᠯᠡᠵᠦ ᠴᠡᠭ ᠠᠴᠠ ᠰᠢᠯᠤᠭᠤᠨ ᠭᠦᠷᠭᠦ ᠵᠠᠢ ᠶᠢᠨ | ᠤᠬᠠᠭᠳᠠᠬᠤᠨ ᠢ ᠮᠠᠰᠢ ᠠᠮᠠᠷᠬᠠᠨ ᠡᠵᠡᠮᠰᠢᠵᠤ ᠲᠠᠶᠢᠯᠤᠨ᠎ᠠ᠃ ᠴᠡᠭ ᠠᠴᠠ ᠰᠢᠯᠤᠭᠤᠨ ᠭᠦᠷᠭᠦ ᠵᠠᠢ ᠲᠠᠢ ᠬᠠᠮᠢᠶ᠎ᠠ | ᠪᠦᠭᠦᠢ ᠠᠰᠠᠭᠤᠳᠠᠯ ᠢ ᠰᠢᠢᠳᠪᠤᠷᠢᠯᠡᠭᠦ ᠳᠤ ᠭᠦᠴᠢᠷᠳᠠᠭᠦ ᠦᠭᠡᠢ ᠪᠤᠯᠬᠤ ᠶᠤᠮ᠃ ᠶᠠᠷᠢᠶᠠᠨ ᠦᠭᠡᠢ ᠵᠢᠭᠠᠨ | ᠰᠤᠷᠭᠠᠯᠳᠠ ᠶᠢᠨ ᠶᠠᠪᠤᠴᠠ ᠳᠤ ᠴᠡᠭ ᠢ ᠰᠢᠯᠤᠭᠤᠨ ᠲᠡᠭᠡᠷ᠎ᠠ ᠠᠪᠬᠤ ᠰᠤᠷᠤᠭᠴᠢ ᠪᠠᠶᠢᠵᠤ ᠮᠠᠳᠠᠨ᠎ᠠ᠃ ᠢᠢᠮᠦ ᠪᠠᠶᠢᠳᠠᠯ | ᠢᠯᠠᠷᠠᠪᠠᠯ ᠮᠠᠰᠢ ᠰᠠᠶᠢᠨ᠃ ᠲᠠᠷᠠ ᠪᠤᠯ ᠴᠡᠭ ᠨᠢ ᠰᠢᠯᠤᠭᠤᠨ ᠲᠡᠭᠡᠷ᠎ᠠ ᠤᠷᠤᠰᠢᠬᠤ ᠦᠶᠠᠰ ᠴᠡᠭ ᠠᠴᠠ ᠰᠢᠯᠤᠭᠤᠨ | ᠭᠦᠷᠭᠦ ᠵᠠᠢ ᠨᠢ 0 ᠪᠤᠯᠬᠤ ᠶᠢ ᠵᠢᠭᠠᠬᠤ ᠬᠠᠮᠤᠭ ᠤᠨ ᠤᠬᠢ ᠰᠠᠶᠢᠨ ᠵᠢᠭᠠᠨ ᠰᠤᠷᠭᠠᠯᠳᠠ ᠶᠢᠨ ᠤᠷᠴᠢᠨ ᠮᠦᠨ᠃ | ᠵᠢᠭᠠᠨ ᠰᠤᠷᠭᠠᠯᠳᠠ ᠶᠢᠨ ᠶᠠᠪᠤᠴᠠ ᠳᠤ᠂ ᠡᠶᠢᠮᠦᠷᠭᠦᠦ ᠠᠬᠤᠢ ᠤᠷᠴᠢᠨ ᠢᠯᠠᠷᠡᠭᠦ ᠦᠭᠡᠢ ᠴᠦ ᠭᠡᠰᠡᠨ ᠪᠠᠭᠰᠢ | ᠲᠡᠭᠦᠨ ᠢ ᠪᠤᠢ ᠪᠤᠯᠭᠠᠬᠤ ᠳᠤ ᠪᠠᠨ ᠲᠠᠭᠠᠷᠠᠨ᠎ᠠ᠃ | ᠵᠢᠭᠠᠨ ᠰᠤᠷᠭᠠᠯᠳᠠ ᠶᠢ ᠲᠦᠰᠦᠪᠯᠡᠭᠦ ᠳᠤ ᠵᠦᠪᠭᠡᠨ ᠰᠤᠷᠬᠤ ᠪᠢᠴᠢᠭ᠂ ᠯᠠᠪᠯᠠᠬᠤ ᠪᠢᠴᠢᠭ ᠪᠠ ᠠᠷᠭ᠎ᠠ | ᠲᠤᠷᠰᠢᠯᠭ᠎ᠠ ᠳᠤ ᠪᠠᠨ ᠲᠦᠰᠢᠭᠯᠡᠭᠡᠳ ᠪᠠᠶᠢᠵᠤ ᠪᠤᠯᠬᠤ ᠦᠭᠡᠢ᠂ ᠡᠷᠭᠡᠪᠰᠢ ᠰᠤᠷᠭᠠᠨ ᠭᠦᠮᠦᠵᠢᠯ ᠵᠢᠭᠠᠨ | ᠰᠤᠷᠭᠠᠯᠳᠠ ᠶᠢᠨ ᠲᠤᠬᠠᠢ ᠴᠠᠬ ᠢᠮᠠᠭᠳᠠ ᠰᠤᠷᠤᠯᠴᠠᠵᠤ᠂ ᠰᠤᠷᠭᠠᠨ ᠭᠦᠮᠦᠵᠢᠭᠦᠯᠭᠦ ᠤᠢᠢᠯᠠᠭᠠᠭᠳᠠᠬᠤᠨ ᠢᠶᠠᠨ | ᠰᠢᠨᠡᠳᠭᠡᠨ᠂ ᠵᠢᠭᠠᠨ ᠰᠤᠷᠭᠠᠬᠤ ᠤᠤᠷ ᠮᠠᠷᠭᠡᠵᠢᠯ ᠢᠶᠠᠨ ᠲᠠᠰᠤᠷᠠᠯᠳᠠ ᠦᠭᠡᠢ ᠲᠡᠭᠡᠭᠰᠢᠯᠠᠭᠦᠯᠭᠦ ᠭᠡᠷᠡᠭᠳᠠᠢ᠃ ᠡᠰᠠ | ᠲᠠᠶᠢᠮᠦ ᠪᠤᠯ ᠺᠤᠨᠰᠫᠧᠺᠲ ᠴᠢᠨᠢ ᠴᠢᠨᠠᠷᠯᠢᠬᠵᠢᠵᠤ ᠲᠠᠶᠢᠯᠭᠦ ᠦᠭᠡᠢ᠂ ᠨᠡᠩ ᠴᠠᠭ ᠡᠷᠢᠨ ᠤ ᠱᠠᠭᠠᠷᠳᠠᠯᠭ᠎ᠠ ᠳᠤ | ᠨᠠᠶᠢᠴᠡᠭᠰᠡᠨ ᠰᠤᠷᠤᠭᠴᠢ ᠶᠢ ᠭᠦᠮᠦᠵᠢᠭᠦᠯᠵᠦ ᠲᠠᠶᠢᠯᠭᠦ ᠳᠤ ᠪᠡᠷᠭᠡ᠃ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ | ᠲᠤᠬᠠᠢ ᠨᠤᠮ ᠵᠤᠬᠢᠶᠠᠯ ᠢ ᠦᠷᠭᠡᠨ ᠲᠠᠯᠭᠡᠷ ᠤᠡᠭᠰᠢᠵᠤ᠂ ᠰᠤᠳᠤᠯᠵᠤ ᠰᠢᠨᠵᠢᠯᠠᠭᠦ ᠪᠤᠶᠤ ᠪᠢᠴᠢᠵᠤ ᠤᠷᠤᠯᠳᠤᠳᠠᠬ ᠯᠠ | ᠶᠤᠮ ᠪᠤᠯ ᠠᠶᠠᠨᠳᠠᠭᠠᠨ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠦᠭᠦᠯᠠᠯ ᠵᠤᠬᠢᠶᠠᠯ ᠪᠢᠴᠢᠭᠦ ᠳᠤ ᠭᠦᠴᠢᠷᠳᠠᠭᠦ | ᠦᠭᠡᠢ ᠪᠤᠯᠤᠨ᠎ᠠ᠂ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠤᠷᠤᠯᠳᠤᠯᠭ᠎ᠠ ᠰᠤᠳᠤᠯᠭ᠎ᠠ ᠶᠢ ᠬᠢᠵᠤ ᠴᠢᠳᠠᠬᠤ | ᠪᠤᠯᠤᠨ᠎ᠠ᠂ ᠴᠢᠨᠠᠭᠰᠢᠯᠠᠨ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠰᠠᠳᠤᠪᠳᠤ ᠰᠤᠳᠤᠯᠭᠠᠨ ᠢ ᠴᠦ ᠡᠭᠦᠷᠭᠡᠯᠡᠨ | ᠭᠦᠢᠴᠡᠳᠭᠡᠵᠦ ᠲᠠᠶᠢᠯᠭᠦ ᠬᠢᠷᠢ ᠭᠡᠮ ᠲᠠᠢ ᠪᠤᠯᠬᠤ ᠶᠤᠮ᠃ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠲᠤᠬᠠᠢ | ᠠᠷᠰᠠᠷ ᠶᠠᠪᠤᠳᠠᠯ᠂ ᠶᠠᠯᠢᠮ ᠦᠭᠡᠢ ᠦᠴᠦᠭᠡᠨ ᠶᠠᠪᠤᠳᠠᠯ ᠢ ᠭᠦᠷᠳᠠᠯ᠎ᠠ ᠡᠳᠦᠷ ᠲᠤᠵᠢ ᠬᠠᠯᠠᠰᠢᠷᠠᠯ ᠦᠭᠡᠢ ᠨᠠᠷᠢᠨ | ᠬᠢᠨᠠᠮᠠᠭᠠᠢ ᠪᠠᠶᠠᠯᠠᠭᠦᠯᠵᠦ ᠯᠠ ᠪᠠᠶᠢᠪᠠᠯ ᠰᠤᠷᠭᠠᠵᠤ ᠭᠦᠮᠦᠵᠢᠭᠦᠯᠭᠦ ᠪᠠ ᠵᠢᠭᠠᠵᠤ ᠰᠤᠷᠭᠠᠬᠤ ᠨᠠᠩ ᠦᠨᠳᠤᠷ | ᠲᠦᠪᠰᠢᠨ ᠳᠤ ᠭᠦᠷᠴᠤ ᠲᠠᠶᠢᠯᠤᠨ᠎ᠠ᠃ ᠵᠦᠪᠭᠡᠨ ᠬᠢᠴᠢᠶᠠᠯ ᠵᠢᠭᠠᠬᠤ ᠳᠤ ᠪᠠᠨ ᠮᠠᠷᠭᠡᠰᠢᠵᠤ ᠴᠠᠭᠠᠷᠠᠬᠤ ᠲᠠᠳᠤᠢ ᠪᠢᠰᠢ᠂ | ᠵᠢᠭᠠᠨ ᠰᠤᠷᠭᠠᠯᠳᠠ ᠶᠢᠨ ᠤᠷᠤᠯᠳᠤᠯᠭ᠎ᠠ ᠰᠤᠳᠤᠯᠭ᠎ᠠ ᠬᠢᠭᠦ᠂ ᠰᠤᠷᠤᠭᠴᠢ ᠶᠢ ᠭᠦᠮᠦᠵᠢᠭᠦᠯᠵᠦ ᠰᠤᠷᠭᠠᠬᠤ᠂ ᠵᠠᠯᠠᠭᠤ | ᠪᠠᠭᠰᠢ ᠶᠢ ᠪᠤᠯᠪᠠᠰᠤᠷᠠᠭᠤᠯᠵᠤ ᠭᠦᠮᠦᠵᠢᠭᠦᠯᠭᠦ᠂ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠶᠠᠷᠢᠶ᠎ᠠ ᠲᠠᠶᠢᠯᠤᠮᠵᠢ | ᠬᠢᠭᠦ᠂ ᠦᠭᠦᠯᠡᠯ ᠵᠤᠬᠢᠶᠠᠯ ᠪᠢᠴᠢᠭᠦ ᠁ ᠵᠡᠷᠭᠡ ᠪᠢᠰᠢᠭᠦᠢ ᠤᠯᠠᠨ ᠲᠠᠯ᠎ᠠ ᠪᠠᠷ ᠪᠦᠷ ᠦᠪᠠᠷ ᠤᠨ ᠭᠡᠰᠡᠨ ᠭᠡᠪ | ᠨᠠᠮᠪᠠ ᠲᠠᠢ ᠪᠤᠯᠬᠤ ᠶᠤᠮ᠃ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠡᠷᠳᠠᠮᠳᠠᠨ ᠮᠠᠷᠭᠡᠵᠢᠯᠳᠠᠨ ᠪᠤᠯᠵᠤ | ᠮᠠᠳᠠᠨ᠎ᠠ᠂ ᠴᠢᠨᠠᠭᠰᠢᠯᠠᠨ ᠰᠤᠷᠭᠠᠨ ᠭᠦᠮᠦᠵᠢᠯᠳᠠᠨ ᠪᠤᠯᠵᠤ ᠴᠦ ᠮᠠᠳᠠᠨ᠎ᠠ᠃ ᠡᠶᠢᠮᠦ ᠬᠢᠷᠢ ᠲᠦᠪᠰᠢᠨ ᠳᠤ ᠭᠦᠷᠴᠢᠭᠡᠪᠡᠯ | ᠦᠭᠦᠯᠠᠯ ᠵᠤᠬᠢᠶᠠᠯ ᠪᠢᠴᠢᠭᠡᠳ ᠨᠠᠶᠢᠳᠠᠯᠠᠵᠤ ᠲᠠᠶᠢᠯᠭᠦ ᠦᠭᠡᠢ ᠭᠡᠵᠦ ᠵᠤᠪᠠᠭ᠋ᠤ ᠤᠴᠢᠷ ᠪᠠᠶᠢᠨ᠎ᠠ ᠤᠤ︖ ᠴᠢ | ᠭᠦᠮᠦᠨ ᠢ ᠡᠷᠢᠭᠦ ᠦᠭᠡᠢ ᠳᠤ ᠭᠦᠮᠦᠨ ᠴᠢᠮ᠎ᠠ ᠶᠢ ᠡᠷᠢᠭᠡᠳ ᠢᠷᠡᠴᠢᠭᠡᠨ᠎ᠡ᠃ ᠲᠠᠷᠠ ᠦᠶᠠᠰ ᠴᠢ ᠦᠪᠠᠷ ᠤᠨ ᠭᠡᠰᠡᠨ | ᠭᠡᠪ ᠨᠠᠮᠪᠠ ᠲᠠᠢ ᠭᠡᠷᠡᠭᠯᠡᠭᠡᠨ ᠤ ᠦᠷᠳᠡᠭ ᠪᠤᠶᠤ ᠤᠨᠤᠯ ᠤᠨ ᠦᠷᠳᠡᠭ ᠲᠠᠢ ᠦᠨᠳᠤᠷ ᠲᠦᠪᠰᠢᠨ ᠪᠦᠭᠦᠢ ᠦᠭᠦᠯᠡᠯ | ᠨᠠᠶᠢᠳᠠᠯᠠᠵᠤ ᠲᠠᠶᠢᠯᠭᠦ ᠨᠢ ᠭᠠᠷᠴᠠᠭ᠎ᠠ ᠦᠭᠡᠢ ᠶᠤᠮ᠃ ᠴᠢᠮ᠎ᠠ ᠪᠠᠷ ᠡᠨᠠ ᠲᠠᠷᠠ ᠶᠠᠷᠢᠶ᠎ᠠ ᠲᠠᠶᠢᠯᠤᠮᠵᠢ ᠬᠢᠯᠭᠡᠶᠠ ᠭᠡᠰᠡᠨ | ᠤᠷᠢᠯᠭ᠎ᠠ ᠵᠠᠯᠠᠯᠭ᠎ᠠ ᠲᠠᠰᠤᠷᠠᠬᠤ ᠦᠭᠡᠢ ᠭᠡᠵᠦ ᠮᠠᠳᠠ︕ | ᠵᠢᠭᠠᠨ ᠰᠤᠷᠭᠠᠯᠳᠠ ᠶᠢᠨ ᠨᠢᠭᠡᠳᠤᠭᠡᠷ ᠹᠷᠤᠨᠲ ᠲᠡᠭᠡᠷ᠎ᠡ ᠭᠠᠪᠰᠢᠭᠠᠢᠢᠯᠠᠵᠤ ᠪᠠᠶᠢᠭ᠎ᠠ ᠪᠠᠭᠰᠢ ᠨᠠᠷ ᠲᠤ ᠠᠪᠴᠤ | ᠭᠡᠯᠡᠪᠠᠯ ᠡᠯ᠎ᠠ ᠱᠠᠳᠤᠨ ᠤ ᠬᠢᠴᠢᠶᠡᠯᠯᠡᠭᠡ ᠶᠢᠨ ᠰᠢᠯᠭᠠᠷᠠᠭᠤᠯᠤᠯᠳᠠ ᠳᠤ ᠤᠷᠤᠯᠴᠠᠬᠤ ᠪᠤᠯ ᠮᠠᠰᠢ ᠴᠢᠬᠤᠯᠠ ᠶᠠᠪᠤᠳᠠᠯ | ᠮᠦᠨ᠂ ᠲᠡᠭᠦᠨ ᠢ ᠭᠦᠨᠳᠤᠳᠭᠡᠭᠦ ᠳᠤ ᠪᠠᠨ ᠲᠠᠭᠠᠷᠠᠨ᠎ᠠ᠃ ᠦᠨᠳᠤᠰᠤᠨ ᠪᠤᠯᠪᠠᠰᠤᠷᠠᠯ ᠤᠨ ᠬᠢᠴᠢᠶᠡᠯᠯᠡᠭᠡ ᠶᠢᠨ | ᠮᠦᠷᠦ᠋ᠢᠴᠡᠭᠡᠨ᠂ ᠵᠢᠭᠠᠨ ᠰᠤᠷᠭᠠᠬᠤ ᠴᠢᠳᠠᠪᠤᠷᠢᠳᠠᠨ ᠤ ᠰᠢᠯᠭᠠᠷᠠᠭᠤᠯᠤᠯᠳᠠ᠂ ᠬᠢᠴᠢᠶᠡᠯ ᠲᠦᠷᠦᠯ ᠤᠨ | ᠲᠠᠭᠠᠭᠤᠯᠤᠭᠴᠢ ᠶᠢᠨ ᠰᠢᠯᠭᠠᠷᠠᠭᠤᠯᠤᠯᠳᠠ ᠵᠡᠷᠭᠡ ᠶᠢ ᠵᠠᠰᠠᠭ ᠤᠨ ᠲᠠᠯ᠎ᠠ ᠠᠴᠠ ᠡᠷᠬᠢᠯᠡᠨ ᠶᠠᠪᠤᠭᠳᠠᠭᠤᠯᠵᠤ ᠪᠠᠶᠢᠭ᠎ᠠ | ᠤᠴᠢᠷ ᠠᠴᠠ ᠲᠡᠭᠦᠨ ᠤ ᠬᠤᠪᠢ ᠶᠢᠨ ᠵᠢᠩ ᠨᠠᠯᠢᠶᠠᠳ ᠭᠦᠨᠳᠤ ᠶᠤᠮ᠃ ᠡᠳᠡᠭᠡᠷ ᠤᠷᠤᠯᠳᠤᠭᠠᠨ ᠮᠦᠷᠦ᠋ᠢᠴᠡᠭᠡᠨ ᠳᠤ | ᠤᠷᠤᠯᠴᠠᠳᠠᠬ ᠯᠠ ᠶᠤᠮ ᠪᠤᠯ ᠵᠤᠬᠢᠬᠤ ᠤᠯᠤᠯᠳᠠ ᠲᠠᠢ ᠨᠢ ᠭᠠᠷᠴᠠᠭ᠎ᠠ ᠦᠭᠡᠢ᠃ ᠱᠠᠩᠨᠠᠯ ᠭᠦᠷᠳᠠᠭᠦ ᠦᠭᠡᠢ ᠴᠤ | ᠭᠡᠰᠡᠨ ᠨᠢᠭᠡ ᠤᠳᠠᠭᠠᠨ ᠤ ᠲᠠᠪᠳᠠᠨ ᠪᠤᠯᠪᠠᠰᠤᠷᠠᠬᠤ ᠠᠵᠠ ᠲᠤᠬᠢᠶᠠᠯ ᠪᠠ ᠴᠠᠭᠠᠷᠠᠵᠤ ᠮᠠᠷᠭᠡᠰᠢᠭᠦ ᠲᠠᠪᠴᠠᠩ ᠤᠯᠬᠤ | ᠶᠤᠮ᠃ ᠡᠭᠦᠨ ᠢ ᠰᠢᠵᠢᠷ ᠠᠯᠳᠠ ᠪᠠᠷ ᠰᠤᠯᠢᠵᠤ ᠲᠠᠶᠢᠯᠭᠦ ᠭᠡᠵᠦ ᠤᠤ︖ ᠨᠡᠩ ᠱᠠᠩᠨᠠᠯ ᠭᠦᠬᠢᠭᠦᠯᠤᠯ ᠢᠶᠠᠷ ᠡᠩᠭᠡᠷ | ᠢᠶᠠᠨ ᠮᠢᠯᠢᠶᠠᠯᠭᠠᠴᠢᠬᠠᠪᠠᠯ ᠲᠡᠭᠦᠨ ᠢ ᠲᠠᠪᠠᠭ᠋ᠤ ᠤᠯᠵᠠ ᠠᠰᠢᠬ ᠪᠠᠶᠢᠬᠤ ᠭᠡᠵᠦ ᠤᠤ︖ ᠮᠠᠨ ᠤ ᠪᠠᠭᠰᠢ ᠨᠠᠷ ᠤᠨ | ᠲᠤᠳᠤᠷ᠎ᠠ ᠬᠢᠴᠢᠶᠡᠯᠯᠡᠭᠡ ᠶᠢᠨ ᠤᠷᠤᠯᠳᠤᠭᠠᠨ ᠮᠦᠷᠦ᠋ᠢᠴᠡᠭᠡᠨ ᠳᠤ ᠤᠷᠤᠯᠴᠠᠬᠤ ᠠᠴᠠ ᠲᠠᠳᠠᠭᠠᠯᠵᠠᠬᠤ ᠪᠤᠶᠤ | ᠤᠬᠤᠷᠢᠵᠤ ᠰᠠᠭᠤᠬᠤ ᠪᠠᠭᠰᠢ ᠨᠠᠯᠢᠶᠠᠳ ᠪᠤᠢ᠃ ᠴᠢᠨᠠᠭᠰᠢᠯᠠᠨ ︽ᠨᠠᠳᠠ ᠶᠢ ᠤᠷᠤᠯᠴᠠᠭᠤᠯᠬᠤ ᠦᠭᠡᠢ᠂ | ᠢᠡᠭᠬᠢᠭᠦ ᠪᠠᠷ ᠢᠶᠠᠨ ᠪᠢ ᠨᠠᠷᠠ ᠪᠠᠨ ᠮᠠᠳᠠᠭᠦᠯᠭᠦ ᠦᠭᠡᠢ᠃ ᠨᠠᠳᠠ ᠳᠤ ᠱᠠᠩᠨᠠᠯ ᠦᠭᠭᠦ ᠦᠭᠡᠢ᠂ ᠢᠡᠭᠬᠢᠭᠦ ᠪᠠᠷ ᠢᠶᠠᠨ ᠪᠢ | ᠤᠷᠤᠯᠴᠠᠬᠤ ᠦᠭᠡᠢ︾ ᠭᠡᠭᠦ ᠮᠠᠳᠤ ᠪᠠᠷ ᠭᠠᠰᠢᠭᠤᠨ ᠦᠭᠡ ᠭᠡᠯᠡᠭᠦ ᠴᠦ ᠪᠤᠢ᠃ ᠴᠢᠮ᠎ᠠ ᠶᠢ ᠤᠷᠤᠯᠴᠠᠭᠤᠯᠬᠤ ᠦᠭᠡᠢ | ᠪᠤᠶᠤ ᠴᠢᠮ᠎ᠠ ᠳᠤ ᠱᠠᠩᠨᠠᠯ ᠦᠭᠭᠦ ᠦᠭᠡᠢ ᠶᠢ ᠴᠢ ᠶᠠᠭᠠᠬᠢᠵᠤ ᠤᠷᠢᠳᠴᠢᠯᠠᠨ ᠮᠠᠳᠡᠭᠰᠡᠨ ᠪᠤᠢ︖ ᠨᠦᠭᠦᠴᠡᠯ ᠴᠢᠨᠢ | ᠭᠦᠷᠭᠦ ᠦᠭᠡᠢ ᠤᠤ︖ ᠡᠰᠠᠭᠦᠯ᠎ᠠ ᠪᠠᠶ᠎ᠠ ᠳᠤ ᠪᠠᠨ ᠢᠳᠡᠭᠡᠯ ᠦᠭᠡᠢ ᠤᠤ︖ ᠭᠡᠷᠡᠭ ᠲᠠᠭᠡᠷ᠎ᠠ ᠪᠠᠨ ᠬᠢᠴᠢᠶᠡᠯᠯᠡᠭᠡ ᠶᠢᠨ | ᠤᠷᠤᠯᠳᠤᠭᠠᠨ ᠮᠦᠷᠦ᠋ᠢᠴᠡᠭᠡᠨ ᠳᠤ ᠤᠷᠤᠯᠴᠠᠬᠤ ᠪᠠᠷ ᠡᠷᠡᠮᠡᠯᠵᠡᠭᠦ ᠡᠰᠠᠭᠦ ᠪᠤᠯ ᠴᠢᠨᠦ ᠠᠰᠠᠭᠤᠳᠠᠯ᠂ ᠤᠷᠤᠯᠴᠠᠭᠤᠯᠬᠤ | ᠡᠰᠠᠭᠦ ᠪᠤᠯ ᠪᠤᠰᠤᠳ ᠤᠨ ᠠᠰᠠᠭᠤᠳᠠᠯ᠃ ᠴᠢᠷᠮᠠᠶᠢᠨ ᠮᠦᠷᠦ᠋ᠢᠴᠠᠭᠦ ᠪᠤᠯ ᠴᠢᠨᠦ ᠠᠰᠠᠭᠤᠳᠠᠯ᠂ ᠱᠠᠩᠨᠠᠯ ᠭᠦᠷᠳᠠᠭᠦ | ᠡᠰᠠᠭᠦ ᠪᠤᠯ ᠴᠢᠨᠦ ᠰᠠᠨᠠᠭᠠᠰᠢᠷᠠᠬᠤ ᠠᠰᠠᠭᠤᠳᠠᠯ ᠤᠭᠳᠤ ᠪᠢᠰᠢ᠃ ᠲᠠᠶᠢᠮᠦ ᠦᠭᠡᠢ ᠤᠤ︖ ᠨᠦᠭᠦᠴᠡᠯ ᠱᠠᠭᠠᠷᠳᠠᠯᠭ᠎ᠠ | ᠪᠦᠷᠢᠯᠳᠦᠭᠰᠡᠨ ᠪᠠᠶᠢᠳᠠᠯ᠎ᠠ ᠤᠷᠤᠯᠴᠠᠬᠤ ᠪᠠᠨ ᠪᠤᠯᠢᠪᠠᠯ ᠨᠢᠭᠡ ᠤᠳᠠᠭᠠᠨ ᠤ ᠪᠤᠯᠪᠠᠰᠤᠷᠠᠵᠤ ᠴᠠᠭᠠᠷᠠᠬᠤ ᠠᠵᠠ | ᠲᠤᠬᠢᠶᠠᠯ ᠢᠶᠠᠨ ᠦᠪᠠᠷ ᠢᠶᠠᠨ ᠲᠠᠶᠠᠭᠳᠠᠭᠰᠠᠨ ᠤᠴᠢᠷ ᠮᠦᠨ᠃ ᠬᠤᠶᠢᠰᠢᠳᠠ ᠬᠠᠷᠠᠮᠰᠠᠵᠤ ᠮᠠᠳᠠᠨ᠎ᠠ᠂ ᠠᠵᠠ ᠲᠤᠬᠢᠶᠠᠯ | ᠲᠠᠩᠳᠠ ᠲᠤᠬᠢᠶᠠᠯᠳᠤᠭᠠᠳ ᠪᠠᠶᠢᠳᠠᠭ ᠪᠢᠰᠢ ᠰᠢᠤ ᠳ᠋ᠠ︕ | ᠱᠠᠩᠨᠠᠯ ᠭᠡᠭᠴᠢ ᠲᠤᠭ᠎ᠠ ᠨᠤᠷᠮ᠎ᠠ ᠲᠠᠢ ᠤᠴᠢᠷ ᠠᠴᠠ ᠤᠷᠤᠯᠴᠠᠪᠠᠯ ᠤᠯᠴᠢᠬᠠᠨ᠎ᠠ ᠭᠡᠰᠡᠨ ᠶᠠᠪᠤᠳᠠᠯ ᠪᠢᠰᠢ᠃ | ᠤᠷᠤᠯᠳᠤᠵᠤ ᠮᠦᠷᠦ᠋ᠢᠴᠡᠭᠡᠳ ᠦᠨᠠᠨ ᠭᠦ ᠪᠤᠰᠤᠳ ᠢ ᠭᠦᠷᠦᠭᠰᠡᠨ ᠦᠭᠡᠢ ᠪᠠᠶᠢᠵᠤ ᠮᠠᠳᠠᠨ᠎ᠠ᠂ ᠶᠠᠯᠢᠮ ᠦᠭᠡᠢ ᠡᠮᠵᠡᠭ | ᠭᠠᠷᠭᠠᠭᠰᠠᠨ ᠠᠴᠠ ᠪᠤᠯᠵᠤ ᠤᠯᠪᠠᠰᠤ ᠵᠤᠬᠢᠬᠤ ᠱᠠᠩᠨᠠᠯ ᠢᠶᠠᠨ ᠦᠪᠠᠷ ᠤᠨ ᠭᠠᠷ ᠢᠶᠠᠷ ᠢᠶᠠᠨ ᠪᠤᠰᠤᠳ ᠲᠤ ᠪᠡᠯᠭᠡᠯᠡᠭᠰᠡᠨ | ᠴᠤ ᠪᠠᠶᠢᠵᠤ ᠮᠠᠳᠠᠨ᠎ᠠ᠂ ᠬᠠᠰᠢ ᠶᠠᠰᠢ ᠠᠯᠠᠩ ᠰᠠᠯᠠᠩ ᠪᠤᠶᠤ ᠪᠠᠯᠠᠳᠭᠡᠯ ᠲᠤᠳᠠᠭᠤ ᠵᠡᠷᠭᠡ ᠰᠢᠯᠳᠠᠭᠠᠨ ᠠᠴᠠ ᠪᠤᠯᠵᠤ | ᠱᠠᠩᠨᠠᠯ ᠲᠠᠢ ᠪᠠᠶᠠᠷᠳᠠᠢ ᠭᠡᠰᠡᠨ ᠴᠦ ᠪᠠᠶᠢᠵᠤ ᠮᠠᠳᠠᠨ᠎ᠠ᠃ ᠭᠡᠪᠠᠴᠤ ᠡᠳᠡᠭᠡᠷ ᠵᠦᠢᠯᠠᠰ ᠴᠢᠮ᠎ᠠ ᠳᠤ ᠰᠤᠷᠭᠠᠮᠵᠢ | ᠪᠤᠯᠬᠤ ᠠᠴᠠ ᠪᠢᠰᠢ ᠶᠠᠮᠠᠷ ᠴᠦ ᠮᠠᠭᠤ ᠨᠦᠯᠦᠭᠡ ᠠᠪᠴᠢᠷᠠᠵᠤ ᠦᠭᠭᠦ ᠦᠭᠡᠢ ᠶᠤᠮ᠃ ᠲᠤᠷᠰᠢᠯᠭ᠎ᠠ ᠰᠤᠷᠭᠠᠮᠵᠢ ᠪᠠᠨ | ᠳ᠋ᠦᠡᠭᠨᠡᠵᠤ᠂ ᠦᠪᠠᠷ ᠢ ᠪᠠᠨ ᠤᠯᠠᠮ ᠠᠴᠠ ᠤᠯᠠᠮ ᠲᠡᠭᠦᠯᠳᠡᠷᠵᠢᠭᠦᠯᠵᠤ ᠪᠠᠶᠢᠪᠠᠯ ᠡᠷᠳᠠ ᠤᠷᠤᠢ ᠦᠭᠡᠢ ᠡᠨᠡ ᠲᠠᠷᠠ | ᠬᠢᠴᠢᠶᠡᠯᠯᠡᠭᠡ ᠶᠢᠨ ᠤᠷᠤᠯᠳᠤᠭᠠᠨ ᠳᠤ ᠯᠠᠪᠳᠠᠢ ᠱᠠᠩᠨᠠᠯ ᠲᠤᠰᠬᠤ ᠶᠤᠮ ᠪᠢᠯᠡ᠃ ᠮᠢᠨᠦ ᠪᠤᠳᠤᠬᠤ ᠪᠠᠷ ᠡᠶᠢᠮᠦᠷᠭᠦᠦ | ᠱᠠᠩᠨᠠᠯ ᠢ ᠴᠢ ᠦᠪᠠᠷ ᠤᠨ ᠴᠢᠷᠮᠠᠶᠢᠯᠭ᠎ᠠ ᠪᠠᠷ ᠢᠶᠠᠨ ᠭᠦᠴᠦ ᠭᠦᠯᠦᠰᠤ ᠪᠠᠨ ᠤᠷᠤᠰᠬᠠᠨ ᠪᠠᠶᠢᠵᠤ ᠤᠯᠤᠭᠰᠠᠨ ᠪᠤᠯᠬᠤᠷ | ᠲᠡᠭᠦᠨ ᠤ ᠦᠨ᠎ᠠ ᠴᠠᠨ᠎ᠠ ᠶᠢ ᠪᠤᠰᠤᠳ ᠱᠠᠩᠨᠠᠯ ᠲᠠᠢ ᠵᠦᠢᠷᠯᠡᠭᠦ ᠶᠢᠨ ᠠᠷᠭ᠎ᠠ ᠦᠭᠡᠢ ᠶᠤᠮ᠃ ᠨᠠᠩ | ᠰᠤᠩᠭᠤᠭᠤᠯᠢ ᠪᠠᠷ ᠤᠯᠳᠠᠬ ᠱᠠᠩᠨᠠᠯ᠂ ᠮᠠᠳᠠᠭᠦᠯᠪᠡᠯ ᠤᠯᠴᠢᠬᠠᠳᠠᠬ ᠱᠠᠩᠨᠠᠯ ᠲᠠᠢ ᠲᠡᠭᠷᠢ ᠭᠠᠵᠠᠷ ᠤᠨ ᠵᠦᠷᠢᠶ᠎ᠠ ᠲᠠᠢ | ᠪᠢᠯᠡ᠃ ᠤᠷᠤᠯᠳᠤᠭᠠᠨ ᠮᠦᠷᠦ᠋ᠢᠴᠠᠭᠡᠨ ᠢ ᠰᠢᠯᠭᠠᠷᠠᠭᠤᠯᠬᠤ ᠳᠤ ᠰᠠᠬᠢᠯᠭ᠎ᠠ ᠵᠢᠷᠤᠮ᠂ ᠪᠠᠷᠢᠮᠵᠢᠶ᠎ᠠ ᠱᠠᠭᠠᠷᠳᠠᠯᠭ᠎ᠠ᠂ | ᠬᠢᠨᠠᠵᠤ ᠲᠤᠯᠢᠳᠠᠬᠤ ᠵᠦᠢᠯ ᠪᠠᠶᠢᠭ᠎ᠠ ᠪᠤᠯᠬᠤᠷ ᠬᠠᠷᠢᠴᠠᠩᠭᠤᠢ ᠪᠠᠷ ᠲᠦᠪ ᠭᠤᠤᠯᠴᠢ ᠡᠷᠭᠡ ᠲᠡᠭᠰᠢ ᠪᠠᠶᠢᠳᠠᠬ᠃ | ᠤᠷᠤᠯᠳᠤᠭᠠᠨ ᠮᠦᠷᠦ᠋ᠢᠴᠡᠭᠡᠨ ᠳᠤ ᠤᠷᠤᠯᠴᠠᠬᠤ ᠳᠤ ᠪᠠᠨ ᠭᠡᠷᠡᠭ ᠦᠭᠡᠢ ᠶᠠᠭᠤᠮᠠᠨ ᠳᠤ ᠰᠡᠳᠬᠢᠯ ᠠᠯᠭᠠᠰᠠᠵᠤ᠂ | ᠭᠤᠤᠯ ᠲᠠᠳ᠋ ᠢᠶᠠᠨ ᠲᠤᠩᠭᠤᠷᠠᠭᠤᠯᠬᠤ ᠶᠢ ᠡᠷᠡᠰ ᠲᠠᠶᠠᠭᠳᠠᠪᠠᠯ ᠵᠤᠬᠢᠨ᠎ᠠ᠃ | ︽ᠮᠢᠨᠦ ᠰᠠᠶ᠋ᠢᠬᠠᠨ ᠭᠡᠯᠡᠭᠰᠡᠨ ᠵᠦᠢᠯᠡᠰ ᠢ ᠪᠠᠶᠠᠯᠠᠭᠦᠯᠴᠢᠭᠡᠪᠡᠯ ᠫᠷᠤᠹᠧᠰᠰᠤᠷ ᠤᠨ ᠲᠠᠰ ᠤᠨ ᠪᠠᠭᠰᠢ ᠶᠢᠨ ᠬᠢᠷᠢ | ᠲᠡᠮ ᠲᠠᠢ ᠪᠤᠯᠴᠢᠬᠠᠬᠤ ᠶᠤᠮ︾ ᠭᠡᠵᠦ ᠭᠡᠯᠡᠭᠦ ᠳᠤ ᠲᠡᠭᠷᠢ ᠤᠢᠢᠷ᠎ᠠ ᠲᠠᠷᠠ ᠬᠤᠯᠠ ᠰᠢᠬ ᠵᠠᠯᠠᠭᠤ ᠪᠠᠭᠰᠢ ᠨᠠᠷ ᠲᠤ | ᠰᠠᠨᠠᠭᠳᠠᠬᠤ ᠮᠠᠭᠠᠳ︕ ᠦᠡᠭᠭᠡᠷᠡᠭᠡᠵᠦ ᠪᠠᠶᠢᠭ᠎ᠠ ᠦᠶᠠᠰ ᠲᠤ ᠪᠠᠨ ᠮᠠᠳᠠᠷᠠᠵᠤ ᠪᠠᠶᠢᠭᠰᠠᠨ ᠦᠭᠡᠢ ᠪᠤᠯᠪᠠᠴᠤ ᠨᠢᠭᠡ | ᠮᠠᠳᠠᠭᠦ ᠳᠤ ᠵᠠᠯᠠᠭᠤ ᠽᠨᠨᠳᠠᠨ ᠨᠠᠰᠤ ᠠᠯᠢ ᠭᠡᠳᠦ᠋ᠢᠨ ᠤᠳᠴᠢᠬᠠᠭᠰᠠᠨ ᠪᠠᠶᠢᠵᠤ ᠮᠠᠳᠠᠨ᠎ᠠ᠃ ᠠᠵᠢᠯ ᠦᠢᠯᠠᠰ ᠲᠤ ᠪᠠᠨ | ᠰᠢᠭᠤᠷᠬᠠᠢᠢᠯᠠᠵᠤ ᠰᠤᠷᠴᠤ ᠰᠤᠳᠤᠯᠬᠤ ᠪᠠᠨ ᠲᠠᠶᠠᠭᠳᠠᠬᠤ ᠦᠭᠡᠢ ᠪᠠᠶᠢᠪᠠᠯ ᠫᠷᠤᠹᠧᠰᠰᠤᠷ ᠤᠨ ᠲᠠᠰ ᠤᠨ ᠪᠠᠭᠰᠢ ᠴᠢᠨᠦ | ᠲᠤᠯᠤᠭᠠᠢ ᠲᠠᠭᠡᠷ᠎ᠠ ᠲᠤᠯᠵᠤ ᠢᠷᠡᠭᠦ ᠶᠢᠨ ᠦᠶᠠᠰ᠂ ᠫᠷᠤᠹᠧᠰᠰᠤᠷ ᠤᠨ ᠲᠠᠰ ᠤᠨ ᠪᠠᠭᠰᠢ ᠪᠠᠷ ᠴᠤᠯᠠᠯᠠᠭᠳᠠᠬᠤ ᠳᠤ | ᠡᠷᠭᠡᠪᠰᠢ ᠪᠦᠷᠢᠯᠳᠤᠭᠦᠯᠭᠦ ᠭᠡᠷᠡᠭᠳᠠᠢ ᠪᠦᠭᠡᠳ ᠬᠠᠮᠤᠭ ᠤᠨ ᠭᠦᠴᠢᠷ ᠪᠡᠷᠭᠡ ᠪᠦᠭᠦᠢ ᠬᠠᠳᠠᠭᠤ ᠨᠦᠭᠦᠴᠡᠯ ᠤᠳ ᠢ ᠨᠢ | ᠴᠢ ᠠᠯᠢ ᠭᠡᠳᠦ᠋ᠢᠨ ᠪᠦᠷᠢᠯᠳᠤᠭᠦᠯᠴᠢᠭᠡᠭᠰᠡᠨ ᠪᠠᠶᠢᠬᠤ ᠶᠤᠮ᠃ ᠲᠠᠷᠠ ᠦᠶᠠᠰ ᠫᠷᠤᠹᠧᠰᠰᠤᠷ ᠤᠨ ᠲᠠᠰ ᠤᠨ | ᠪᠠᠭᠰᠢ ᠶᠢᠨ ᠪᠦᠷᠢᠯᠳᠤᠭᠦᠯᠪᠠᠰᠤ ᠵᠤᠬᠢᠬᠤ ᠪᠤᠰᠤᠳ ᠨᠦᠭᠦᠴᠡᠯ ᠢ ᠨᠢ ᠰᠠᠨᠠᠭᠠᠴᠢᠯᠠᠭ᠎ᠠ ᠲᠠᠢ ᠪᠠᠷ ᠪᠦᠷᠢᠯᠳᠤᠭᠦᠯᠵᠦ | ᠲᠡᠶᠢᠯᠭᠦ ᠶᠤᠮ ᠭᠡᠵᠦ ᠪᠢ ᠠᠮᠠ ᠪᠠᠷᠳᠠᠮ ᠭᠡᠯᠡᠵᠦ ᠲᠠᠶᠢᠯᠤᠨ᠎ᠠ᠃ | ᠪᠠᠭᠰᠢ ᠭᠦᠮᠦᠨ ᠵᠦᠪᠭᠡᠨ ᠨᠠᠷᠠ ᠲᠦᠷᠦ ᠠᠰᠢᠬ ᠲᠤᠰᠠ ᠶᠢ ᠭᠦᠭᠡᠭᠡᠴᠡᠯᠳᠤᠵᠤ᠂ ᠮᠠᠷᠭᠡᠵᠢᠯ ᠤᠨ ᠴᠤᠯᠠ | ᠤᠯᠬᠤ ᠶᠢᠨ ᠲᠦᠯᠦᠭᠡ ᠠᠵᠢᠯᠯᠠᠳᠠᠬ ᠪᠢᠰᠢ᠂ ᠬᠠᠷᠢᠨ ᠮᠤᠷᠠᠯ ᠰᠤᠷᠳᠠᠯ ᠰᠠᠶᠢᠳᠠᠢ ᠮᠦᠷᠳᠡᠭᠡᠨ ᠡᠷᠳᠠᠮ ᠴᠢᠳᠠᠪᠤᠷᠢ | ᠬᠤᠤᠰᠯᠠᠭᠰᠠᠨ ᠰᠤᠷᠤᠭᠴᠢ ᠶᠢ ᠭᠦᠮᠦᠵᠢᠭᠦᠯᠭᠦ ᠪᠠᠷ ᠭᠦᠰᠠᠯ ᠵᠤᠷᠢᠯᠳᠠ ᠪᠠᠨ ᠪᠤᠯᠭᠠᠵᠤ᠂ ᠨᠠᠰᠤᠨ ᠲᠤᠷᠰᠢ | ᠰᠤᠷᠤᠭᠴᠢ ᠶᠢᠨ ᠲᠦᠯᠦᠭᠡ ᠵᠢᠳᠭᠦᠵᠤ ᠵᠦᠳᠠᠷᠠᠭᠦ ᠠᠴᠠ ᠶᠠᠷᠦ ᠵᠢᠷᠦᠭᠡᠰᠢᠶᠡᠳᠡᠭ ᠦᠭᠡᠢ᠂ ᠡ᠊ᠨᠡ ᠪᠤᠯ ᠪᠠᠭᠰᠢ | ᠭᠦᠮᠦᠨ ᠤ ᠭᠦᠮᠦᠨ ᠮᠦᠰᠤ ᠮᠦᠨ᠃ ᠢᠡᠭᠬᠢᠭᠦ ᠪᠠᠷ ᠢᠶᠠᠨ ᠲᠠᠳᠠ ᠰᠤᠷᠤᠭᠴᠢ ᠳᠤ ᠪᠠᠨ ᠭᠦᠨᠳᠤᠳᠭᠡᠯ ᠲᠠᠢ᠂ ᠭᠡᠷ ᠤᠨ | ᠠᠬᠠᠮᠠᠳ ᠲᠤ ᠪᠠᠨ ᠭᠦᠷᠢᠶᠠᠯᠠᠯ ᠲᠠᠢ᠂ ᠨᠠᠶᠢᠭᠡᠮ ᠨᠠᠶᠢᠳᠠ ᠳᠤ ᠵᠢᠳᠭᠦᠯ ᠲᠠᠢ ᠪᠠᠶᠢᠳᠠᠬ᠃ ᠫᠷᠤᠹᠧᠰᠰᠤᠷ ᠤᠨ ᠲᠠᠰ ᠤᠨ | ᠪᠠᠭᠰᠢ ᠶᠢᠨ ᠠᠯᠢ ᠨᠢᠭᠡ ᠨᠦᠭᠦᠴᠡᠯ ᠱᠠᠭᠠᠷᠳᠠᠯᠭ᠎ᠠ ᠶᠢ ᠪᠦᠷᠢᠯᠳᠤᠭᠦᠯᠭᠦ ᠠᠵᠠ ᠵᠠᠪᠰᠢᠶᠠᠨ ᠡᠨᠠ ᠨᠠᠰᠤᠨ ᠳᠤ ᠨᠢᠭᠡᠨᠳᠠ | ᠲᠤᠬᠢᠶᠠᠯᠳᠤᠬᠤ ᠪᠠᠨ ᠪᠤᠯᠢᠭᠰᠠᠨ᠂ ᠴᠢᠨᠠᠭᠰᠢᠯᠠᠨ ᠫᠷᠤᠹᠧᠰᠰᠤᠷ ᠤᠨ ᠲᠠᠰ ᠤᠨ ᠪᠠᠭᠰᠢ ᠶᠢᠨ ᠨᠦᠭᠦᠴᠡᠯ | ᠱᠠᠭᠠᠷᠳᠠᠯᠭ᠎ᠠ ᠶᠢ ᠴᠦᠮ ᠪᠦᠷᠢᠯᠳᠤᠭᠦᠯᠦᠭᠰᠡᠨ ᠪᠤᠯᠪᠠᠴᠤ ᠲᠤᠭ᠎ᠠ ᠨᠤᠷᠮ᠎ᠠ ᠶᠢᠨ ᠬᠢᠵᠠᠭᠠᠷᠯᠠᠯ ᠠᠴᠠ ᠪᠤᠯᠵᠤ | ᠫᠷᠤᠹᠧᠰᠰᠤᠷ ᠤᠨ ᠲᠠᠰ ᠤᠨ ᠪᠠᠭᠰᠢ ᠪᠠᠷ ᠴᠤᠯᠠᠯᠠᠭᠳᠠᠬᠠ ᠦᠭᠡᠢ ᠪᠠᠭᠰᠢ ᠶᠢᠨ ᠲᠤᠳᠤᠷ᠎ᠠ ᠭᠠᠰᠢᠭᠤᠨ ᠦᠭᠡ | ᠲᠠᠯᠪᠢᠵᠤ ᠤᠬᠤᠷᠢᠨ ᠰᠠᠭᠤᠳᠠᠬ ᠪᠠᠭᠰᠢ ᠨᠢᠭᠡ ᠴᠦ ᠦᠭᠡᠢ᠃ ᠲᠠᠳᠠ ᠮᠦᠨ ᠯᠡ ᠭᠢᠳᠡᠭ ᠢᠶᠠᠨ ᠬᠢᠵᠤ | ᠵᠢᠳᠭᠦᠳᠡᠭ ᠢᠶᠠᠷ ᠢᠶᠠᠨ ᠵᠢᠳᠭᠦᠨ᠎ᠠ᠂ ᠦᠷᠦᠭᠡᠯ ᠤᠨ ᠭᠡᠤᠭᠡᠳ ᠢ ᠦᠪᠠᠷ ᠤᠨ ᠭᠡᠤᠭᠡᠳ ᠰᠢᠭ ᠡᠨᠡᠷᠢᠵᠤ᠂ ᠤᠨᠳᠠᠵᠤ | ᠠᠮᠠᠷᠠᠬᠤ ᠴᠠᠭ ᠢᠶᠠᠨ ᠦᠷᠡᠭᠳᠡᠭᠦᠯᠵᠦ ᠪᠠᠶᠢᠭᠠᠳ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠠᠵᠢᠯ ᠳᠤ ᠪᠠᠨ | ᠵᠢᠳᠭᠦᠳᠡᠭ ᠨᠢ ᠪᠠᠭᠰᠢ ᠭᠦᠮᠦᠨ ᠤ ᠤᠨᠴᠠᠯᠢᠬ ᠰᠢᠨᠵᠢ ᠪᠤᠶᠤ᠃ ᠠᠯᠢ ᠴᠦ ᠲᠠᠯ᠎ᠠ ᠪᠠᠷ ᠭᠡᠰᠡᠨ ᠦᠭᠡᠢ ᠰᠤᠷᠤᠭᠴᠢ ᠨᠢ | ᠲᠠᠪᠰᠢᠯᠳᠠ ᠲᠠᠭᠡᠭᠰᠢᠯᠠᠯᠳᠠ ᠲᠠᠢ ᠯᠠ ᠶᠤᠮ ᠪᠤᠯ ᠲᠠᠭᠠᠨ ᠪᠠᠶᠠᠰᠴᠤ᠂ ᠶᠠᠭᠤᠨ ᠠᠴᠠ ᠴᠦ ᠲᠤᠮᠤ ᠱᠠᠩᠨᠠᠯ ᠲᠤᠰᠤᠭᠰᠠᠨ | ᠶᠤᠮ ᠰᠢᠬ ᠭᠦᠭᠡᠷᠴᠦ ᠭᠦᠭᠰᠡᠳᠡᠭ᠃ ᠤᠴᠢᠷ ᠤᠬᠠᠭᠠᠨ ᠢ ᠲᠤᠩᠭᠠᠨ ᠪᠤᠳᠤᠳᠠᠬ ᠦᠵᠠᠯ ᠪᠤᠳᠤᠯ ᠲᠠᠢ᠂ ᠨᠠᠶᠢᠭᠡᠮ | ᠨᠠᠶᠢᠳᠠ ᠳᠤ ᠭᠡᠷᠡᠭᠴᠡᠭᠡ ᠲᠠᠢ᠂ ᠦᠨᠳᠤᠰᠤ ᠤᠭᠰᠠᠭ᠎ᠠ ᠪᠠᠨ ᠡᠷᠭᠦᠨ ᠶᠠᠪᠤᠵᠤ ᠲᠠᠶᠢᠯᠳᠡᠭ ᠰᠤᠷᠤᠭᠴᠢ ᠶᠢ | ᠭᠦᠮᠦᠵᠢᠭᠦᠯᠭᠦ ᠪᠠᠷ ᠭᠦᠰᠠᠯ ᠭᠦᠭᠡᠭᠡᠴᠡᠯᠳᠤᠯ ᠢᠶᠠᠨ ᠪᠤᠯᠭᠠᠨ᠎ᠠ᠃ ᠭᠦᠮᠦᠵᠢᠭᠦᠯᠦᠨ ᠭᠠᠷᠭᠠᠭᠰᠠᠨ ᠰᠤᠷᠤᠭᠴᠢ ᠨᠢ | ᠨᠤᠳᠤᠬ ᠤᠰᠤ ᠪᠠᠨ ᠪᠦᠳᠦᠭᠡᠨ ᠪᠠᠶᠢᠭᠤᠯᠤᠭᠴᠢ᠂ ᠡᠭᠡ ᠤᠷᠤᠨ ᠤ ᠪᠠᠨ ᠲᠦᠰᠢᠭ ᠲᠤᠯᠭᠠᠭᠤᠷᠢ ᠪᠤᠯᠵᠤ ᠢᠷᠠᠭᠦ ᠪᠠᠷ | ᠮᠠᠩᠨᠠᠢ ᠲᠠᠨᠢᠨ ᠪᠠᠶᠠᠰᠳᠠᠬ᠃ ᠪᠠᠭᠰᠢ ᠭᠦᠮᠦᠨ ᠡᠭᠦᠨ ᠢᠶᠠᠷ ᠢᠶᠠᠨ ᠬᠠᠮᠤᠭ ᠤᠨ ᠶᠡᠭᠡ ᠬᠠᠪᠤ ᠴᠠᠩᠭᠡᠯ᠂ ᠪᠠᠶᠠᠷ ᠪᠠᠭ᠋ᠠᠳᠤᠯ | ᠪᠤᠯᠭᠠᠨ᠎ᠠ᠃ ᠡᠨᠡ ᠨᠢ ᠮᠦᠨ ᠴᠦ ᠪᠠᠭᠰᠢ ᠭᠦᠮᠦᠨ ᠤ ᠭᠦᠰᠠᠯ ᠭᠦᠭᠡᠭᠡᠴᠡᠯᠳᠤᠯ ᠤᠨ ᠬᠢᠨᠢ ᠪᠡᠶᠡᠯᠡᠭᠳᠡᠯ ᠪᠠᠶᠢᠬ᠎ᠠ︕ | ᠦᠭᠡ ᠤᠯᠠᠳᠠᠵᠤ᠂ ᠦᠭᠡᠷ ᠬᠤᠯᠠᠳᠠᠯ᠎ᠠ᠃ | ᠭᠦᠭᠡᠬᠤᠳᠠ ᠶᠢᠨ ᠮᠤᠩᠭᠤᠯ ᠦᠨᠳᠤᠰᠤᠳᠠᠨ ᠤ ᠰᠤᠷᠭᠠᠭᠤᠯᠢ ᠶᠢᠨ 2019 ᠤᠨ ᠳᠤ ᠪᠠᠭᠰᠢ ᠶᠢᠨ ᠪᠠᠶᠠᠷ ᠢ | ᠪᠠᠯᠭᠡᠯᠡᠭᠦ ᠶᠤᠰᠤᠯᠠᠯ ᠲᠠᠭᠡᠷ᠎ᠠ ᠠᠬᠠᠮᠠᠳ ᠲᠤᠮᠤᠭᠠᠳᠠᠨ ᠪᠠᠭᠰᠢ ᠨᠠᠷ ᠢᠶᠠᠨ ᠲᠦᠯᠦᠭᠡᠯᠡᠵᠦ ᠶᠠᠷᠢᠭᠰᠠᠨ | ᠶᠠᠷᠢᠶᠠᠨ ᠠᠴᠠ ᠪᠠᠨ ᠨᠢᠭᠡ ᠪᠠᠳᠠᠬ ᠢ ᠨᠢ ᠰᠠᠶᠢᠷᠠᠭᠦᠯᠵᠦ ᠵᠤᠬᠢᠶᠠᠯ ᠤᠨ ᠢᠶᠠᠨ ᠲᠠᠭᠦᠰᠭᠡᠯ ᠪᠤᠯᠭᠠᠶ᠎ᠠ᠄ | ᠪᠠᠭᠰᠢ ᠭᠦᠮᠦᠨ ᠤ ᠬᠢᠪᠠᠰᠤ ᠵᠤᠬᠢᠬᠤ ᠠᠵᠢᠯ ᠢᠶᠠᠨ ᠬᠢᠭᠰᠡᠭᠡᠷ ᠯᠡ ᠪᠠᠶᠢᠵᠤ᠂ ᠠᠵᠠ ᠲᠤᠬᠢᠶᠠᠯ | ᠲᠠᠭᠠᠷᠠᠯᠳᠤᠭᠰᠠᠨ ᠤ ᠰᠠᠶᠢᠨ ᠢᠶᠠᠷ ᠰᠠᠨᠠᠮᠰᠠᠷ ᠦᠭᠡᠢ ᠫᠷᠤᠹᠧᠰᠰᠤᠷ ᠤᠨ ᠲᠠᠰ ᠤᠨ ᠪᠠᠭᠰᠢ ᠪᠤᠯᠤᠭᠰᠠᠨ ᠶᠤᠮ᠃ | ᠫᠷᠤᠹᠧᠰᠰᠤᠷ ᠤᠨ ᠲᠠᠰ ᠤᠨ ᠪᠠᠭᠰᠢ ᠪᠠᠶᠢᠳᠤᠭᠠᠢ᠂ ᠤᠨᠴᠠ ᠲᠠᠰ ᠤᠨ ᠪᠠᠭᠰᠢ ᠪᠤᠯᠤᠭᠰᠠᠨ ᠴᠦ ᠭᠡᠰᠡᠨ ᠮᠦᠡ ᠯᠡ | ᠢᠡᠭᠬᠢᠵᠤ ᠠᠮᠢᠳᠤᠷᠠᠵᠤ ᠠᠵᠢᠯᠯᠠᠵᠤ ᠤᠳᠤᠬᠢ ᠰᠢᠬ ᠢᠶᠠᠨ ᠶᠠᠪᠤᠵᠤ ᠪᠠᠶᠢᠭ᠎ᠠ ᠳ᠋ᠠ︕ ᠠᠳᠠᠯᠢ ᠦᠭᠡᠢ ᠨᠢ ᠵᠦᠪᠭᠡᠨ | ᠡᠨᠡ ᠡᠳᠦᠷ ᠤᠨ ᠶᠠᠷᠢᠶᠠᠨ ᠤ ᠲᠠᠪᠴᠠᠩ ᠲᠠᠭᠡᠷ᠎ᠡ ᠵᠤᠭᠰᠤᠵᠤ ᠶᠠᠷᠢᠶ᠎ᠠ ᠢᠯᠠᠳᠭᠡᠯ ᠬᠢᠵᠤ ᠦᠭᠡᠢ ᠯᠡ ᠲᠠᠳᠤᠢ᠃ | ᠦᠨᠠᠨ ᠢ ᠭᠡᠯᠡᠭᠦ ᠳᠤ ᠪᠢ ᠵᠢᠷ ᠤᠨ ᠪᠠᠭᠰᠢ ᠯᠠ ᠲᠠᠳᠤᠢ᠂ ᠦᠭᠡᠷ᠎ᠠ ᠪᠤᠰᠤᠳ ᠠᠴᠠ ᠤᠨᠴᠠᠯᠢᠬᠳᠠᠬᠤ ᠵᠦᠢᠯ ᠠᠯᠠᠭ᠎ᠠ᠃ | ᠨᠠᠳᠠ ᠠᠴᠠ ᠢᠯᠠᠭᠦᠦ ᠤᠷᠤᠯᠳᠤᠯᠭ᠎ᠠ ᠲᠠᠢ᠂ ᠪᠦᠳᠦᠭᠡᠯ ᠲᠠᠢ᠂ ᠵᠢᠳᠭᠦᠯ ᠲᠠᠢ , ᠭᠠᠪᠢᠶ᠎ᠠ ᠲᠠᠢ᠂ ᠡᠷᠳᠠᠮ | ᠴᠢᠳᠠᠪᠤᠷᠢ ᠲᠠᠢ ᠰᠢᠯᠢᠳᠡᠭ ᠪᠠᠭᠰᠢ᠂ ᠤᠷᠦ᠋ᠢᠯᠠᠭᠰᠠᠨ ᠪᠠᠭᠰᠢ ᠡᠨᠡ ᠲᠠᠩᠬᠢᠮ ᠳᠤ ᠪᠠᠶᠢᠬᠤ ᠯᠠ ᠳ᠋ᠠ︕ ᠲᠠᠳᠠ ᠪᠤᠯ | ᠮᠢᠨᠦ ᠰᠤᠷᠤᠯᠴᠠᠬᠤ ᠲᠠᠭᠤᠷᠢᠶᠠᠯ ᠮᠦᠨ᠃ | ᠡ᠊ᠨᠳᠠ ᠲᠠᠨᠳᠠ ᠦᠭᠡᠢ ᠡᠰᠠᠨ ᠪᠤᠰᠠᠨ ᠪᠢᠴᠢᠭᠰᠡᠨ ᠢ ᠰᠢᠮᠳᠠᠢ ᠤᠡᠭᠰᠢᠭ᠌ᠰᠠᠨ ᠲᠠ ᠪᠦᠭᠦᠨ ᠳᠤ ᠪᠠᠶᠠᠷᠯᠠᠯ᠎ᠠ᠃ | | | ᠠᠵᠢᠯᠯᠠᠵᠤ ᠪᠠᠶᠢᠭ᠎ᠠ ᠪᠠᠶᠢᠭᠤᠯᠭ᠎ᠠ᠄ ᠬᠦᠭᠡᠬᠤᠳᠠ ᠶᠢᠨ ᠮᠤᠩᠭᠤᠯ ᠦᠨᠳᠤᠰᠤᠳᠠᠨ ᠤ ᠰᠤᠷᠭᠠᠭᠤᠯᠢ | ︵ᠡᠾᠦ᠋ᠩ ᠮᠸᠢ ᠨᠠᠶᠢᠷᠠᠭᠤᠯᠪᠠ︶ | 2021ᠣᠨ ᠤ 1 ᠳ᠋ᠦ᠋ᠭᠡᠷ ᠬᠤᠭᠤᠴᠠᠭ᠎ᠠ | | |