︽ᠡᠸᠦ᠋ᠺᠯᠢᠳ᠋ ᠤᠨ ᠤᠭ ᠪᠢᠴᠢᠭ︾ ᠬᠢᠭᠡᠳ ᠮᠥᠩᠬᠡ ᠬᠠᠭᠠᠨ
ᠨᠡᠶᠢᠲᠡᠯᠡᠭᠰᠡᠨ ᠴᠠᠭ᠄
2021/8/18
                    — ︽ᠡᠸᠦ᠋ᠺᠯᠢᠳ᠋ ᠤᠨ ᠤᠭ ᠪᠢᠴᠢᠭ︾᠎ ᠢ                     ᠰᠤᠳᠤᠯᠵᠤ ᠪᠠᠶᠢᠭᠰᠠᠨ ᠰᠣᠷᠪᠣᠯᠵᠢ ᠲᠡᠮᠳᠡᠭᠯᠡᠯ                                   ᠴᠣᠭᠪᠠᠭᠠᠲᠤᠷ      ᠮᠤᠩᠭᠤᠯᠴᠤᠳ ᠡᠷᠳᠡᠨ ᠤ ᠨᠡᠭᠦᠳᠡᠯ ᠰᠤᠶᠤᠯ ᠤᠨ ᠠᠮᠢᠳᠤᠷᠠᠯ ᠲᠤᠮᠳᠠ ᠪᠠᠨ ᠥᠪᠡᠷ ᠤᠨ ᠥᠰᠥᠭ ᠪᠢᠴᠢᠭ ᠢᠶᠠᠨ ᠵᠣᠬᠢᠶᠠᠨ ᠭᠡᠷᠡᠭᠯᠡᠭᠰᠡᠨ ᠢᠶᠠᠷ ᠪᠠᠷᠠᠬᠤ ᠥᠭᠡᠢ ᠲᠤᠩ ᠤᠯᠠᠨ ᠭᠠᠶᠢᠬᠠᠮᠰᠢᠬᠳᠦ ᠵᠤᠬᠢᠶᠠᠯ ᠪᠦᠳᠦᠭᠡᠯ ᠵᠤᠬᠢᠶᠠᠵᠤ ᠤᠯᠠᠮᠵᠢᠯᠠᠭᠰᠠᠨ ᠶᠤᠮ᠃ ᠲᠤᠬᠠᠢᠢᠯᠠᠪᠠᠯ᠂ ︽ᠮᠤᠩᠭᠤᠯ ᠤᠨ ᠨᠢᠭᠤᠴᠠ ᠲᠤᠪᠴᠢᠶᠠᠨ︾᠂ ︽ᠠᠯᠲᠠᠨ ᠳᠤᠪᠴᠢ︾᠂ ︽ᠡᠷᠳᠡᠨᠢ ᠶᠢᠨ ᠳᠤᠪᠴᠢ︾᠂ ︽ᠠᠷᠪᠠᠨ ᠪᠤᠶᠠᠨᠳᠦ ᠨᠤᠮ ᠤᠨ ᠴᠠᠭᠠᠨ ᠲᠡᠤᠬᠡ︾᠂ ︽ᠬᠥᠬᠡ ᠰᠤᠳᠤᠷ︾ ᠮᠠᠳᠤᠴᠢᠯᠠᠨ ᠠᠯᠳᠠᠷᠳᠦ ᠵᠤᠬᠢᠶᠠᠯ ᠪᠥᠳᠥᠭᠡᠯ ᠤᠯᠠᠨ ᠪᠠᠶᠢᠳᠠᠭ ᠠᠴᠠ ᠭᠠᠳᠠᠨ᠎ᠠ ᠲᠤᠭᠠᠨ ᠤ ᠤᠬᠠᠭᠠᠨ᠂ ᠤᠳᠤᠨ ᠤᠷᠤᠨ᠂ ᠵᠢᠷᠤᠬᠠᠢ ᠶᠢᠨ ᠤᠬᠠᠭᠠᠨ ᠵᠡᠷᠭᠡ ᠪᠠᠶᠢᠭᠠᠯᠢ ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠲᠠᠯ᠎ᠠ ᠪᠠᠷ ᠴᠦ ᠴᠥᠬᠡᠨ ᠪᠤᠰᠦ ᠪᠥᠳᠦᠭᠡᠯ ᠲᠤᠭᠤᠷᠪᠢᠯ ᠭᠠᠷᠭᠠᠭᠰᠠᠨ ᠪᠠᠶᠢᠨ᠎ᠠ᠃ ᠢᠯᠠᠩᠭᠤᠶ᠎ᠠ ᠮᠤᠩᠭᠤᠯᠴᠤᠳ ᠤᠨ ᠤᠳᠤᠨ ᠤᠷᠤᠨ᠂ ᠵᠢᠷᠤᠬᠠᠢ ᠶᠢᠨ ᠤᠬᠠᠭᠠᠨ ᠨᠢ ᠳᠤᠮᠳᠠᠳᠦ ᠵᠠᠭᠤᠨ ᠤ ᠥᠶ᠎ᠡ ᠶᠢᠨ ᠳᠣᠷᠣᠨᠠᠳᠠᠬᠢᠨ ᠤ ᠤᠳᠤᠨ ᠤᠷᠤᠨ ᠤ ᠰᠤᠳᠤᠯᠤᠯ ᠤᠨ ᠬᠠᠮᠤᠭ ᠤᠨ ᠥᠨᠳᠤᠷ ᠲᠦᠪᠰᠢᠨ ᠳᠤ ᠬᠥᠷᠥᠭᠰᠡᠨ ᠮᠥᠷᠳᠡᠭᠡᠨ ᠲᠡᠯᠡᠬᠡᠢ ᠶᠢᠨ ᠤᠳᠤᠨ ᠤᠷᠤᠨ ᠤ ᠰᠤᠳᠤᠯᠤᠯ ᠤᠨ ᠥᠨᠳᠥᠷ ᠳᠥᠪᠰᠢᠨ ᠳᠤ ᠴᠦ ᠬᠥᠷᠥᠭᠰᠡᠨ ᠪᠠᠶᠢᠨ᠎ᠠ᠃ ᠢᠯ ᠬᠠᠭᠠᠨᠳᠦ ᠤᠯᠤᠰ ᠤᠨ ᠥᠯᠡᠬᠦᠥ ᠬᠠᠭᠠᠨ ᠤ ᠥᠶ᠎ᠡ ᠶᠢᠨ ︽ᠢᠯ ᠬᠠᠭᠠᠨ ᠤ ᠤᠳᠤᠨ ᠤᠷᠤᠨ ᠤ ᠬᠥᠰᠥᠨᠥᠭᠳᠦ︾᠂ ᠶᠤᠸᠠᠨ ᠤᠯᠤᠰ ᠤᠨ ᠬᠤᠪᠢᠯᠠᠢ ᠬᠠᠭᠠᠨ ᠤ ᠥᠶ᠎ᠡ ᠶᠢᠨ ︽ᠴᠠᠭ ᠤᠨ ᠮᠡᠳᠡᠭᠡᠨ ᠤ ᠵᠢᠷᠤᠬᠠᠢ︾᠂ ᠲᠡᠮᠥᠷ ᠬᠠᠭᠠᠨ ᠤ ᠬᠤᠶᠢᠴᠢᠰ᠂ ᠤᠳᠤᠨ ᠤᠷᠤᠨ ᠤ ᠤᠬᠠᠭᠠᠨᠳᠠᠨ᠂ ᠲᠤᠭᠠᠨ ᠤ ᠤᠬᠠᠭᠠᠨᠳᠠᠨ ᠥᠯᠥᠭ ᠪᠠᠬᠢ ᠶᠢᠨ ᠵᠤᠬᠢᠶᠠᠭᠰᠠᠨ ︽ᠤᠳᠤᠨ ᠤᠷᠤᠨ ᠤ ᠰᠢᠨ᠎ᠡ ᠬᠥᠰᠥᠨᠥᠭᠳᠦ︾ ᠵᠡᠷᠭᠡ ᠪᠣᠯ ᠲᠤᠬᠠᠢ ᠥᠶ᠎ᠡ ᠶᠢᠨ ᠲᠡᠯᠡᠬᠡᠢ ᠶᠢᠨ ᠤᠳᠤᠨ ᠤᠷᠤᠨ ᠤ ᠰᠤᠳᠤᠯᠤᠯ ᠤᠨ ᠰᠢᠯᠢᠳᠡᠭ ᠪᠥᠳᠥᠭᠡᠯ ᠪᠠᠶᠢᠵᠡᠢ᠃ ᠴᠢᠩ ᠤᠯᠤᠰ ᠤᠨ ᠥᠶ᠎ᠡ ᠶᠢᠨ ᠤᠳᠤᠨ ᠤᠷᠤᠨ ᠤ ᠤᠬᠠᠭᠠᠨᠳᠠᠨ ᠮᠢᠩᠭᠠᠨᠳᠦ ᠶᠢᠨ ᠬᠡᠮᠵᠢᠯᠳᠡ ᠨᠢ ᠲᠢᠾᠤ᠋᠂ ᠪᠧᠷᠡᠭᠧ ᠶᠢᠨ ᠳᠤᠳᠠᠭᠳᠠᠯ ᠢ ᠨᠥᠬᠦᠭᠰᠡᠨ ᠲᠤᠮᠦ ᠠᠮᠵᠢᠯᠳᠠ ᠶᠤᠮ᠃      ᠡᠳᠦᠭᠡ ᠠᠴᠠ ᠬᠤᠶᠠᠷ ᠮᠢᠩᠭ᠎ᠠ ᠭᠠᠷᠤᠢ ᠵᠢᠯ ᠤᠨ ᠡᠮᠤᠨ᠎ᠡ᠂ ᠭᠷᠧᠭ ᠤᠨ ᠲᠤᠭᠠᠨ ᠤ ᠤᠬᠠᠭᠠᠨᠳᠡᠨ ᠡᠸᠦ᠋ᠺᠯᠢᠳ᠋ ᠤᠨ ᠪᠢᠴᠢᠭᠰᠡᠨ ︽ᠡᠸᠦ᠋ᠺᠯᠢᠳ᠋ ᠤᠨ ᠤᠭ ᠪᠢᠴᠢᠭ︾ ᠪᠣᠯ ᠳᠡᠯᠡᠬᠡᠢ ᠶᠢᠨ ᠲᠤᠭᠠᠨ ᠤ ᠤᠬᠠᠭᠠᠨ ᠤ ᠰᠤᠩᠭᠤᠳᠠᠭ ᠵᠤᠬᠢᠶᠠᠯ ᠤᠳ ᠤᠨ ᠳᠤᠲᠤᠷ᠎ᠠ ᠤᠬᠢ ᠰᠢᠯᠢᠳᠡᠭ ᠨᠢ ᠶᠤᠮ᠃ ᠲᠤᠰ ᠥᠭᠦᠯᠡᠯ ᠳᠤ ︽ᠡᠸᠦ᠋ᠺᠯᠢᠳ᠋ ᠤᠨ ᠤᠭ ᠪᠢᠴᠢᠭ︾᠎ ᠢ ᠲᠣᠪᠴᠢᠯᠠᠨ ᠲᠠᠨᠢᠯᠴᠠᠭᠤᠯᠬᠤ ᠶᠢᠨ ᠬᠠᠮᠳᠦ ᠶᠡᠭᠡ ᠮᠣᠩᠭᠤᠯ ᠤᠯᠤᠰ ᠤᠨ ᠳᠥᠷᠪᠡᠳᠡᠬᠢ ᠶᠡᠭᠡ ᠬᠠᠭᠠᠨ ᠮᠥᠩᠬᠡ ᠤᠭ ᠵᠤᠬᠢᠶᠠᠯ ᠢ ᠰᠤᠳᠤᠯᠵᠦ ᠪᠠᠶᠢᠭᠰᠠᠨ ᠰᠣᠷᠪᠣᠯᠵᠢ ᠲᠡᠮᠳᠡᠭᠯᠡᠯ ᠤᠳ ᠤᠨ ᠲᠤᠬᠠᠢ ᠲᠣᠪᠴᠢᠯᠠᠨ ᠥᠭᠦᠯᠡᠬᠦ ᠪᠤᠯᠤᠨ᠎ᠠ᠃      ᠨᠢᠭᠡ᠂ ︽ᠡᠸᠦ᠋ᠺᠯᠢᠳ᠋ ᠤᠨ ᠤᠭ ᠪᠢᠴᠢᠭ︾᠎ ᠤᠨ ᠳᠤᠬᠠᠢ      ︽ᠡᠸᠦ᠋ᠺᠯᠢᠳ᠋ ᠤᠨ ᠤᠭ ᠪᠢᠴᠢᠭ︾ ᠪᠣᠯ ᠴᠠᠭ ᠥᠶ᠎ᠡ ᠶᠢ ᠵᠠᠭᠠᠬᠯᠠᠭᠰᠠᠨ ᠠᠯᠳᠠᠷᠳᠦ ᠪᠥᠳᠥᠭᠡᠯ ᠪᠤᠯᠤᠨ᠎ᠠ᠂ ᠲᠡᠭᠦᠨ ᠤ ᠠᠭᠤᠥ ᠶᠡᠭᠡ ᠲᠡᠤᠬᠡᠳᠦ ᠠᠴᠢ ᠬᠤᠯᠪᠤᠭᠳᠠᠯ ᠨᠢ ᠬᠥᠮᠥᠨ ᠳᠥᠷᠥᠯᠬᠢᠳᠡᠨ ᠤ ᠲᠡᠤᠬᠡᠨ ᠳᠤ ᠠᠩᠬ᠎ᠠ ᠤᠳᠠᠭ᠎ᠠ ᠲᠤᠭᠠᠨ ᠤ ᠤᠬᠠᠭᠠᠨ ᠤ ᠰᠢᠰᠲ᠋ᠧᠮ ᠢ ᠪᠤᠢ ᠪᠤᠯᠭᠠᠭᠰᠠᠨ ᠳᠤ ᠪᠤᠢ᠃ ︽ᠡᠸᠦ᠋ᠺᠯᠢᠳ᠋ ᠤᠨ ᠤᠭ ᠪᠢᠴᠢᠭ︾ ᠪᠣᠯ ᠡᠷᠲᠡᠨ ᠤ ᠭᠷᠧᠭ ᠤᠨ ᠲᠤᠭᠠᠨ ᠤ ᠤᠬᠠᠭᠠᠨᠳᠠᠨ ᠡᠸᠦ᠋ᠺᠯᠢᠳ᠋ ︵Euclid ︵ᠪᠠᠭ᠎ᠠ ᠵᠠᠢ ᠦᠭᠭᠦ︶ ᠨᠡᠶᠢᠳᠡ ᠶᠢᠨ ᠤᠨ ᠲᠤᠭᠠᠯᠠᠯ ᠠᠴᠠ ᠡᠮᠤᠨ᠎ᠠ 330 — 275︶᠎ ᠠᠴᠠ ᠡᠷᠲᠡᠨ ᠤ ᠭᠷᠧᠭ ᠤᠨ ᠲᠤᠭᠠᠨ ᠤ ᠤᠬᠠᠭᠠᠨᠳᠠᠳ ᠤᠨ ᠪᠥᠳᠥᠭᠡᠯ ᠢ ᠡᠮᠬᠢᠯᠡᠨ ᠴᠤᠭᠯᠠᠭᠤᠯᠵᠦ᠂ ᠰᠢᠰᠲ᠋ᠧᠮᠴᠢᠯᠡᠨ᠂ ᠴᠥᠬᠡᠨ ᠲᠤᠭᠠᠨ ᠤ ᠢᠯᠡᠶᠤᠰᠦ ᠠᠴᠠ ᠡᠬᠢᠯᠡᠵᠦ᠂ ᠯᠤᠬᠢᠬᠴᠢᠯᠠᠨ ᠮᠥᠷᠳᠡᠬᠦ ᠪᠠ ᠲᠤᠭᠠᠨ ᠤ ᠤᠬᠠᠭᠠᠨ ᠤ ᠪᠠᠲᠤᠯᠠᠬᠤ ᠠᠷᠭ᠎ᠠ ︵ᠠᠨᠠᠯᠢᠰ ᠪᠠᠲᠤᠯᠠᠬᠤ ᠠᠷᠭ᠎ᠠ᠂ ᠶᠡᠷᠤᠩᠬᠡᠶᠢᠯᠡᠭᠰᠡᠨ ᠪᠠᠲᠤᠯᠠᠬᠤ ᠠᠷᠭ᠎ᠠ᠂ ᠡᠰᠡᠷᠭᠦ ᠠᠴᠠ ᠪᠠᠲᠤᠯᠠᠬᠤ ᠠᠷᠭ᠎ᠠ︶᠎ ᠶᠢ ᠬᠡᠷᠡᠭᠯᠡᠨ ᠡᠨᠡ ᠬᠦ ᠠᠪᠤᠷᠭᠤ ᠵᠤᠬᠢᠶᠠᠯ ᠢᠶᠠᠨ ᠪᠥᠳᠦᠭᠡᠵᠡᠢ᠃      ᠭᠧᠦᠮᠧᠲ᠋ᠧᠷᠢ ᠶᠢᠨ ᠤᠬᠠᠭᠠᠨ ᠤ ᠬᠥᠭᠵᠢᠯᠳᠡ ᠳᠤ᠂ ︽ᠡᠸᠦ᠋ᠺᠯᠢᠳ᠋ ᠤᠨ ᠤᠭ ᠪᠢᠴᠢᠭ︾᠎ ᠨᠢ ᠠᠤᠭ᠎ᠠ ᠶᠡᠭᠡ ᠳᠥᠯᠬᠢᠴᠡ ᠬᠥᠴᠥᠨ ᠪᠤᠯᠤᠭᠰᠠᠨ ᠶᠤᠮ᠃ ᠲᠡᠷᠡ ᠪᠠᠷ ᠭᠧᠥᠮᠧᠲᠷᠢ ᠶᠢᠨ ᠤᠬᠠᠭᠠᠨ ᠤ ︽ᠥᠨᠳᠥᠰᠥᠯᠡᠯ︾ ᠪᠤᠯᠤᠨ ᠯᠤᠬᠢᠭ ᠤᠨ ︽ᠬᠡᠯᠬᠢᠶᠡᠰᠦ︾᠎ ᠪᠠᠷ ᠪᠥᠬᠦᠶ ᠯᠡ ︽ᠡᠸᠦ᠋ᠺᠯᠢᠳ᠋ ᠤᠨ ᠤᠭ ᠪᠢᠴᠢᠭ︾᠎ ᠢ ᠪᠣᠰᠬᠠᠵᠤ ᠭᠠᠷᠭᠠᠵᠠᠢ᠃ ᠢᠩᠭᠢᠭᠡᠳ ᠡᠮᠥᠨᠡᠬᠢ ᠬᠥᠮᠤᠨ ᠶᠡᠷᠥ ᠬᠢᠵᠦ ᠥᠩᠭᠡᠷᠡᠭᠰᠡᠨ ᠥᠭᠡᠢ ︽ᠡᠸᠦ᠋ᠺᠯᠢᠳ᠋ ᠤᠨ ᠤᠭ ᠪᠢᠴᠢᠭ︾ ᠮᠡᠨᠳᠥᠯᠡᠵᠤ᠂ ᠭᠧᠥᠮᠧᠲᠷᠢ ᠶᠢᠨ ᠤᠬᠠᠭᠠᠨ ᠨᠢ ᠨᠢᠭᠡᠨ ᠭᠥᠨ ᠭᠥᠨᠵᠡᠭᠡᠢ ᠤᠨᠤᠯ ᠤᠨ ᠰᠢᠰᠲ᠋ᠧᠮ ᠪᠠ ᠰᠢᠨᠵᠢᠯᠡᠬᠦ ᠤᠬᠠᠭᠠᠨ ᠤ ᠠᠷᠭ᠎ᠠ ᠪᠥᠬᠦᠢ ᠰᠤᠳᠤᠯᠭᠠᠨ ᠪᠤᠢ ᠪᠤᠯᠤᠭᠰᠠᠨ ᠪᠠᠶᠢᠨ᠎ᠠ᠃      ᠡᠷᠳᠡᠨ ᠠᠴᠠ ᠠᠪᠤᠭᠠᠳ ︽ᠡᠸᠦ᠋ᠺᠯᠢᠳ᠋ ᠤᠨ ᠤᠭ ᠪᠢᠴᠢᠭ︾᠎ ᠨᠢ ᠵᠠᠯᠠᠭᠤ ᠪᠠᠭᠠᠴᠤᠳ ᠤᠨ ᠯᠤᠬᠢᠭ ᠰᠡᠳᠬᠢᠭᠦᠢ ᠤᠨ ᠴᠢᠳᠠᠪᠤᠷᠢ ᠶᠢ ᠬᠥᠮᠥᠵᠢᠭᠦᠯᠬᠦ ᠪᠠ ᠳᠡᠭᠡᠭᠰᠢᠯᠡᠭᠦᠯᠬᠦ ᠰᠠᠶᠢᠨ ᠮᠠᠲ᠋ᠧᠷᠢᠶᠠᠯ ᠪᠤᠯᠤᠭᠰᠠᠭᠠᠷ ᠢᠷᠡᠵᠡᠢ᠃ ︽ᠵᠠᠯᠠᠭᠤ ᠥᠶ᠎ᠡ ᠶᠢᠨ ᠨᠢᠶᠦ᠋ᠲ᠋ᠤᠨ ︵Newton 1643-1727᠂ ᠠᠩᠭ᠍ᠯᠢ ᠶᠢᠨ ᠠᠯᠳᠠᠷᠳᠦ ᠹᠢᠽᠢᠺ ᠤᠨ ᠤᠬᠠᠭᠠᠨᠳᠡᠨ᠂ ᠲᠤᠭᠠᠨ ᠤ ᠤᠬᠠᠭᠠᠨᠳᠡᠨ︶᠂ ᠺᠠᠮᠪᠷᠢᠵ ᠶᠡᠭᠡ ᠰᠤᠷᠭᠠᠭᠤᠯᠢ ᠳᠤ ᠰᠤᠷᠤᠯᠴᠠᠵᠦ ᠪᠠᠶᠢᠬᠤ ᠳᠤ ᠪᠠᠨ ︿ᠡᠸᠦ᠋ᠺᠯᠢᠳ᠋ ᠤᠨ ᠤᠭ ᠪᠢᠴᠢᠭ﹀᠎ ᠢ ᠰᠤᠨᠢᠷᠬᠠᠨ ᠰᠤᠳᠤᠯᠤᠭᠰᠠᠨ ᠪᠠᠶᠢᠨ᠎ᠠ᠃ ᠡᠨᠡ ᠨᠢ ᠲᠡᠭᠦᠨ ᠤ ᠬᠤᠵᠢᠮ ᠤᠨ ᠰᠢᠨᠵᠢᠯᠡᠬᠦ ᠤᠬᠠᠭᠠᠨ ᠤ ᠠᠪᠤᠷᠭᠤ ᠳᠤᠮᠥ ᠪᠥᠳᠥᠭᠡᠯ ᠭᠠᠷᠭᠠᠬᠤ ᠳᠤ ᠪᠠᠳᠦ ᠪᠠᠬᠢ ᠲᠤᠭᠠᠨ ᠤ ᠤᠬᠠᠭᠠᠨ ᠤ ᠰᠠᠭᠤᠷᠢ ᠶᠢ ᠲᠠᠯᠪᠢᠵᠦ ᠥᠭᠴᠡᠢ︾[1]᠃      ︽ᠡᠸᠦ᠋ᠺᠯᠢᠳ᠋ ᠤᠨ ᠤᠭ ᠪᠢᠴᠢᠭ︾᠎ ᠤᠨ ᠰᠢᠨᠵᠢᠯᠡᠬᠦ ᠤᠬᠠᠭᠠᠨ ᠤ ᠬᠥᠭᠵᠢᠯᠳᠡ ᠶᠢᠨ ᠳᠤᠮᠳᠠᠬᠢ ᠥᠢᠯᠡᠳᠤᠯ ᠤᠨ ᠳᠤᠬᠠᠢ᠂ ᠠᠶᠢᠨᠰᠲ᠋ᠧᠨ᠄ ︽ᠥᠷᠥᠨᠡᠳᠠᠬᠢᠨ ᠤ ᠰᠢᠨᠵᠢᠯᠡᠬᠦ ᠤᠬᠠᠭᠠᠨ ᠤ ᠬᠥᠭᠵᠢᠯᠳᠡ ᠪᠣᠯ ᠬᠤᠶᠠᠷ ᠠᠭᠤᠤ ᠶᠡᠭᠡ ᠪᠥᠳᠤᠭᠡᠯ ᠢᠶᠠᠷ ᠰᠠᠭᠤᠷᠢ ᠪᠤᠯᠭᠠᠭᠰᠠᠨ ᠶᠤᠮ᠃ ᠲᠡᠷᠡ ᠨᠢ ᠳᠠᠷᠥᠢ ᠭᠷᠧᠭ ᠤᠨ ᠭᠥᠨ ᠤᠬᠠᠭᠠᠨᠳᠠᠨ ᠤ ᠡᠭᠦᠳᠥᠭᠰᠡᠨ ᠬᠡᠯᠪᠡᠷᠢ ᠶᠢᠨ ᠯᠤᠬᠢᠬᠴᠢᠯᠠᠭᠰᠠᠨ ᠰᠢᠰᠲ᠋ᠧᠮ-︿ᠡᠸᠦ᠋ᠺᠯᠢᠳ᠋ ᠤᠨ ᠤᠭ ᠪᠢᠴᠢᠭ﹀ ᠪᠤᠯᠤᠨ ᠰᠢᠰᠲ᠋ᠧᠮ ᠲᠠᠢ ᠳᠤᠷᠰᠢᠯᠳᠠ ᠪᠠᠷ ᠳᠠᠮᠵᠢᠨ ᠥᠷ᠎ᠡ ᠳ᠋ᠦᠩ ᠢ ᠤᠯᠵᠦ ᠮᠡᠳᠡᠬᠦ-︿ᠤᠳᠬ᠎ᠠ ᠤᠷᠠᠯᠢᠭ ᠤᠨ ᠰᠢᠨᠡᠴᠢᠯᠡᠯᠳᠡ﹀ ᠪᠤᠯᠤᠨ᠎ᠠ︾ [2]ᠭᠡᠵᠡᠢ᠃      ᠢᠯᠠᠶᠤᠰᠤᠴᠢᠯᠠᠭᠰᠠᠨ ᠪᠦᠲᠦᠴᠡ ᠪᠣᠯ ᠣᠷᠴᠢᠨ ᠦᠶ᠎ᠡ ᠶᠢᠨ ᠲᠣᠭᠠᠨ ᠤ ᠤᠬᠠᠭᠠᠨ ᠤ ᠭᠤᠤᠯ ᠣᠨᠴᠠᠯᠢᠭ ᠮᠥᠨ᠃ ᠬᠠᠷᠢᠨ ︽ᠡᠸᠦ᠋ᠺᠯᠢᠳ᠋ ᠤᠨ ᠤᠭ ᠪᠢᠴᠢᠭ︾ ᠪᠣᠯ ᠢᠯᠡᠶᠣᠰᠣᠴᠢᠯᠠᠭᠰᠠᠨ ᠪᠦᠲᠦᠴᠡ ᠶᠢ ᠪᠡᠶᠡᠯᠡᠭᠦᠯᠦᠭᠰᠡᠨ ᠬᠠᠮᠤᠭ ᠤᠨ ᠡᠷᠲᠡᠨ ᠤ ᠦᠯᠢᠭᠡᠷ ᠵᠢᠱᠢᠶ᠎ᠡ ᠮᠥᠨ᠃ ︽ᠡᠸᠦ᠋ᠺᠯᠢᠳ᠋ ᠤᠨ ᠤᠭ ᠪᠢᠴᠢᠭ︾᠎ ᠨᠢ ᠲᠣᠭᠠᠨ ᠤ ᠤᠬᠠᠭᠠᠨ ᠤ ᠢᠯᠡᠶᠣᠰᠣᠴᠢᠯᠠᠬᠤ ᠵᠥᠪ ᠵᠠᠮ ᠢ ᠨᠡᠭᠡᠭᠡᠵᠦ᠂ ᠪᠦᠬᠦᠢ ᠯᠡ ᠲᠣᠭᠠᠨ ᠤ ᠤᠬᠠᠭᠠᠨ ᠤ ᠬᠥᠭᠵᠢᠯᠲᠡ ᠳᠤ ᠦᠵᠡᠭᠦᠯᠦᠭᠰᠡᠨ ᠨᠥᠯᠥᠭᠡ ᠨᠢ ᠲᠡᠤᠬᠡᠨ ᠲᠡᠭᠡᠷᠡᠬᠢ ᠠᠯᠢᠪᠠ ᠲᠤᠭᠠᠨ ᠤ ᠤᠬᠠᠭᠠᠨ ᠤ ᠵᠣᠬᠢᠶᠠᠯ ᠠᠴᠠ ᠳᠠᠪᠠᠭᠰᠠᠨ ᠪᠠᠶᠢᠨ᠎ᠠ᠃ ᠡᠶᠢᠮᠦ ᠠᠴᠠ ︽ᠡᠸᠦ᠋ᠺᠯᠢᠳ᠋ ᠤᠨ ᠤᠭ ᠪᠢᠴᠢᠭ︾᠎ ᠨᠢ ᠭᠷᠧᠭ᠂ ᠠᠩᠭ᠍ᠯᠢ᠂ ᠤᠷᠤᠰ᠂ ᠹᠷᠠᠨᠼᠢ᠂ ᠭᠧᠷᠮᠠᠨ᠂ ᠶᠠᠫᠤᠨ ᠵᠡᠷᠭᠡ ᠳᠡᠯᠡᠬᠡᠢ ᠶᠢᠨ ᠮᠠᠰᠢ ᠤᠯᠠᠨ ᠬᠡᠯᠡᠨ ᠳᠤ ᠤᠷᠴᠢᠭᠤᠯᠤᠭᠳᠠᠨ ᠬᠡᠪᠯᠡᠭᠳᠡᠭᠰᠡᠨ ᠪᠠᠶᠢᠨ᠎ᠠ᠃      1986 ᠤᠨ ᠳᠤ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠡᠳᠡᠯᠳᠥ ᠫᠷᠤᠹᠧᠰᠰᠤᠷ ᠠᠩᠭ᠍ᠯᠢ᠂ ᠬᠢᠳᠠᠳ᠂ ᠶᠠᠫᠤᠨ᠂ ᠤᠷᠤᠰ ᠵᠡᠷᠭᠡ ᠠᠳᠠᠯᠢ ᠪᠤᠰᠦ ᠬᠡᠯᠡᠨ ᠳᠤ ᠤᠷᠴᠢᠭᠤᠯᠤᠭᠳᠠᠭᠰᠠᠨ ︽ᠡᠸᠦ᠋ᠺᠯᠢᠳ᠋ ᠤᠨ ᠤᠭ ᠪᠢᠴᠢᠭ︾᠎ ᠢ ᠬᠠᠷᠢᠴᠠᠭᠤᠯᠤᠨ ᠰᠤᠳᠤᠯᠵᠦ᠂ ᠡᠮᠥᠨᠡᠬᠢ ᠲᠠᠪᠤᠨ ᠪᠥᠯᠥᠭ ᠢ ᠨᠢ ᠮᠣᠩᠭᠤᠯᠴᠢᠯᠡᠨ ᠬᠡᠪᠯᠡᠭᠦᠯᠵᠡᠢ᠃ ᠤᠭ ᠨᠣᠮ ᠤᠨ ᠣᠷᠣᠰᠢᠯ ᠳᠤ ᠯᠢ ᠳ᠋ᠢ ᠫᠷᠦᠹᠧᠰᠰᠣᠷ ︽ᠡᠶᠢᠨᠬᠦ ︿ᠡᠸᠦ᠋ᠺᠯᠢᠳ᠋ ᠤᠨ ᠤᠭ ᠪᠢᠴᠢᠭ﹀᠎ ᠤᠨ ᠳᠡᠯᠡᠬᠡᠢ ᠳᠡᠬᠡᠷᠡᠬᠢ ᠠᠩᠬᠠᠳᠠᠭᠴᠢ ᠮᠣᠩᠭᠤᠯ ᠬᠡᠯᠡᠨ ᠤ ᠤᠷᠴᠢᠭᠤᠯᠭ᠎ᠠ ᠶᠢᠨ ᠳᠡᠪᠳᠡᠷ ᠪᠣᠢ ᠪᠤᠯᠪᠠ᠃ ᠡᠨᠡ ᠪᠣᠯ ᠮᠠᠨ ᠤ ᠤᠯᠤᠰ ᠤᠨ ᠴᠥᠬᠡᠨ ᠲᠤᠭᠠᠳᠦ ᠥᠨᠳᠦᠰᠦᠳᠡᠨ ᠤ ᠰᠢᠨᠵᠢᠯᠡᠬᠦ ᠤᠬᠠᠭᠠᠨ ᠤ ᠲᠡᠤᠬᠡᠨ ᠠᠴᠠ ᠦᠵᠡᠬᠦ ᠳᠤ ᠡᠭᠦᠳᠦᠯᠲᠡ ᠶᠢᠨ ᠴᠢᠨᠠᠷᠲᠠᠢ ᠠᠵᠢᠯ ᠮᠥᠨ᠂ ᠲᠡᠷᠡ ᠨᠢ ᠳᠡᠯᠡᠬᠡᠢ ᠶᠢᠨ ᠬᠡᠪᠴᠢᠶᠠᠨ ᠤ ᠠᠴᠢ ᠬᠤᠯᠪᠤᠭᠳᠠᠯ ᠲᠠᠢ ᠶᠤᠮ︾ ᠭᠡᠵᠡᠢ᠃      ︽ᠡᠸᠦ᠋ᠺᠯᠢᠳ᠋ ᠤᠨ ᠤᠭ ᠪᠢᠴᠢᠭ︾᠎ ᠤᠨ 13 ᠪᠥᠯᠥᠭ ᠤᠨ ᠠᠭᠤᠯᠭ᠎ᠠ ᠶᠢ ᠲᠣᠪᠴᠢᠯᠠᠪᠠᠯ᠄      ᠨᠢᠭᠡᠳᠦᠭᠡᠷ ᠪᠦᠯᠦᠭ ᠨᠢ ︽ᠭᠧᠥᠮᠧᠲᠷᠢ ᠶᠢᠨ ᠰᠠᠭᠤᠷᠢ ᠮᠡᠳᠡᠯᠭᠡ︾᠂ ᠡᠩ ᠲᠡᠷᠢᠭᠦᠨ ᠳᠤ 23 ᠲᠤᠳᠤᠷᠬᠠᠶᠢᠯᠠᠯᠳᠠ ᠥᠭᠴᠡᠢ᠃ ᠵᠢᠱᠢᠶᠡᠯᠡᠪᠡᠯ᠂ ︽ᠴᠡᠭ ᠲᠤ ᠬᠡᠰᠡᠭ ᠪᠠᠶᠢᠬᠤ ᠦᠭᠡᠢ︾᠂ ︽ᠱᠤᠭᠤᠮ ᠭᠡᠳᠡᠭ ᠲᠤ ᠤᠷᠲᠤ ᠶᠢᠨ ᠬᠡᠮᠵᠢᠶ᠎ᠡ ᠪᠠᠶᠢᠬᠤ ᠠᠴᠠ ᠪᠢᠰᠢ ᠥᠷᠭᠡᠨ ᠭᠡᠵᠦ ᠪᠠᠶᠢᠬᠤ ᠦᠭᠡᠢ︾ ᠭᠡᠬᠦ ᠮᠡᠲᠦ᠃ ᠪᠠᠰᠠ ᠬᠠᠪᠲᠠᠭᠠᠶ᠂ ᠲᠡᠭᠰᠢ ᠥᠨᠴᠥᠭ᠂ ᠡᠭ᠍ᠴᠡ᠂ ᠬᠤᠷᠴᠠ ᠥᠨᠴᠥᠭ᠂ ᠮᠣᠬᠤᠭᠤ ᠥᠨᠴᠥᠭ᠂ ᠵᠡᠷᠭᠡᠴᠡᠭᠡ ᠱᠤᠭᠤᠮ[4]ᠵᠡᠷᠭᠡ ᠲᠤᠳᠤᠷᠬᠠᠶᠢᠯᠠᠯᠳᠠ ᠪᠠᠶᠢᠳᠠᠭ᠃ ᠵᠠᠯᠭᠠᠭᠠᠳ 5 ᠵᠥᠢᠯ ᠤᠨ ᠢᠯᠡ ᠵᠢᠱᠢᠯᠳᠡ ᠪᠠᠶᠢᠳᠠᠭ᠃ ᠢᠯᠡ ᠵᠢᠱᠢᠯᠳᠡ ᠶᠢᠨ ᠳᠠᠷᠠᠭ᠎ᠠ 5 ᠨᠡᠶᠢᠳᠡᠮ ᠤᠨ ᠥᠵᠡᠯᠳᠡ ᠪᠠᠶᠢᠵᠤ᠂ ᠣᠷᠴᠢᠨ ᠦᠶ᠎ᠡ ᠶᠢᠨ ᠲᠣᠭᠠᠨ ᠤ ᠤᠬᠠᠭᠠᠨ ᠳᠤ ᠢᠯᠡ ᠵᠢᠱᠢᠯᠳᠡ ᠪᠠ ᠨᠡᠶᠢᠳᠡᠮ ᠤᠨ ᠥᠵᠡᠯᠳᠡ ᠭᠡᠵᠦ ᠢᠯᠭᠠᠯ ᠦᠭᠡᠢ ᠪᠦᠷ ᠢᠯᠡᠶᠤᠰᠦ ᠭᠡᠳᠡᠭ᠃ ︽ᠡᠸᠦ᠋ᠺᠯᠢᠳ᠋ ᠤᠨ ᠤᠭ ᠪᠢᠴᠢᠭ︾᠎ ᠤᠨ ᠬᠤᠶᠢᠨᠠᠬᠢ ᠡᠯ᠎ᠡ ᠪᠦᠯᠦᠭ ᠲᠤ ᠢᠯᠡᠶᠤᠰᠦ ᠶᠢ ᠵᠢᠭᠰᠠᠭᠠᠭᠰᠠᠨ ᠦᠭᠡᠢ᠃ ᠨᠢᠭᠡᠳᠦᠭᠡᠷ ᠪᠦᠯᠦᠭ ᠨᠢ ᠢᠯᠡᠶᠤᠰᠦ ᠶᠢᠨ ᠠᠷᠤ ᠳᠤ 48 ᠥᠭᠦᠯᠡᠯ ᠪᠠᠶᠢᠳᠠᠬ᠃ ᠥᠭᠦᠯᠡᠯ 1.4᠎ ᠪᠠᠷ ᠵᠢᠱᠢᠶᠡᠯᠡᠪᠡᠯ᠂ ︽ᠬᠤᠶᠠᠷ ᠭᠤᠷᠪᠠᠯᠵᠢᠨ ᠤ ᠬᠤᠶᠠᠷ ᠲᠠᠯ᠎ᠠ ᠪᠤᠯᠤᠨ ᠬᠠᠪᠴᠢᠭᠳᠠᠭᠰᠠᠨ ᠥᠨᠴᠥᠭ ᠨᠢ ᠬᠠᠷᠠᠭᠠᠯᠵᠠᠨ ᠲᠡᠩᠴᠡᠭᠦᠤ ᠪᠣᠯ᠂ ᠡᠨᠡ ᠬᠤᠶᠠᠷ ᠭᠤᠷᠪᠠᠯᠵᠢᠨ ᠲᠡᠩᠴᠡᠭᠦᠤ ᠪᠣᠯᠤᠨ᠎ᠠ︾ ᠭᠡᠰᠡᠨ ᠥᠭᠦᠯᠡᠯ ᠪᠣᠯᠤᠨ᠎ᠠ᠃ ᠡ᠊ᠨᠳᠡ ᠲᠡᠩᠴᠡᠭᠦᠤ ᠭᠡᠳᠡᠭ ᠨᠢ ᠪᠦᠷᠢᠨ ᠲᠡᠩᠴᠡᠭᠦᠤ ᠪᠠᠶᠢᠬᠤ ᠶᠢ ᠵᠢᠭᠠᠵᠤ ᠪᠠᠶᠢᠨ᠎ᠠ᠂ ᠲᠤᠬᠠᠶᠢᠯᠠᠪᠠᠯ᠂ ᠬᠤᠶᠠᠷ ᠵᠢᠷᠤᠭ ᠳᠦᠷᠰᠦ ᠨᠢ ᠳᠠᠪᠬᠤᠴᠠᠵᠦ ᠪᠣᠯᠤᠨ᠎ᠠ᠂ ᠭᠡᠪᠡᠴᠦ ᠥᠭᠦᠯᠡᠯ 1.35᠎ ᠶᠢᠨ ᠲᠠᠷᠠᠭ᠎ᠠ᠂ ᠲᠡᠩᠴᠡᠭᠦᠤ ᠭᠡᠳᠡᠭ ᠨᠢ ᠪᠠᠰᠠ ᠥᠭᠡᠷ᠎ᠡ ᠤᠳᠬ᠎ᠠ ᠲᠠᠢ᠂ ᠲᠡᠷᠡ ᠨᠢ ᠲᠠᠯᠠᠪᠠᠢ ᠨᠢ ᠲᠡᠩᠴᠡᠭᠦᠤ ᠪᠠᠶᠢᠬᠤ ᠶᠢ ᠵᠢᠭᠠᠵᠤ ᠪᠣᠯᠤᠨ᠎ᠠ᠃ ᠥᠭᠦᠯᠡᠯ 1.47 ᠪᠣᠯ ᠳᠠᠷᠤᠶ ᠠᠯᠳᠠᠷᠳᠦ ︽ᠬᠤᠶᠠᠷ ᠡᠭ᠍ᠴᠡ ᠲᠠᠯ᠎ᠠ ᠶᠢᠨ ᠪᠠᠳᠤᠶᠤᠰᠦ︾ ᠪᠣᠯᠤᠨ᠎ᠠ᠂ ᠲᠤᠬᠠᠢᠢᠯᠠᠪᠠᠯ᠂ ︽ᠲᠡᠭᠰᠢ ᠥᠨᠴᠥᠭᠲᠦ ᠭᠤᠷᠪᠠᠯᠵᠢᠨ ᠤ ᠳᠡᠭᠰᠢ ᠥᠨᠴᠥᠭ ᠤᠨ ᠡᠰᠡᠷᠭᠦ ᠲᠠᠯ᠎ᠠ ᠳᠡᠭᠡᠷᠡᠬᠢ ᠲᠡᠭᠰᠢ ᠳᠥᠷᠪᠡᠯᠵᠢᠨ ︵ᠵᠢᠰᠢᠭᠦᠤ ᠲᠠᠯ᠎ᠠ ᠪᠠᠷ ᠲᠠᠯ᠎ᠠ ᠪᠣᠯᠭᠠᠭᠰᠠᠨ ᠲᠡᠭᠰᠢ ᠳᠥᠷᠪᠡᠯᠵᠢᠨ︶᠎ ᠨᠢ ᠳᠡᠭᠰᠢ ᠥᠨᠴᠥᠭ ᠢ ᠬᠠᠪᠴᠢᠭᠰᠠᠨ ᠬᠤᠶᠠᠷ ᠲᠠᠯ᠎ᠠ ᠳᠡᠭᠡᠷᠡᠬᠢ ᠲᠡᠭᠰᠢ ᠳᠥᠷᠪᠡᠯᠵᠢᠨ ᠤ ᠨᠡᠶᠢᠯᠡᠪᠥᠷᠢ ᠲᠠᠢ ᠲᠡᠩᠴᠡᠨ᠎ᠡ᠃︾      ᠬᠤᠶᠠᠳᠤᠭᠠᠷ ᠪᠦᠯᠦᠭ ᠨᠢ ︽ᠭᠧᠣᠮᠧᠲᠷᠢ ᠪᠤᠯᠤᠨ ᠠᠯᠭᠧᠪᠷᠠ ᠶᠢᠨ ᠬᠤᠯᠪᠤᠭᠳᠠᠯ︾᠂ 14 ᠥᠭᠦᠯᠡᠯ ᠢ ᠪᠠᠭᠲᠠᠭᠠᠵᠤ᠂ ᠭᠧᠣᠮᠧᠲᠷᠢ ᠶᠢᠨ ᠬᠡᠯᠡᠯᠭᠡ ᠪᠠᠷ ᠠᠯᠭᠧᠪᠷᠠ ᠶᠢᠨ ᠪᠠᠶᠢᠩᠭᠤ ᠲᠡᠩᠴᠡᠳᠬᠡᠯ ᠢ ᠥᠭᠦᠯᠡᠵᠡᠶ᠃ ᠵᠢᠱᠢᠶᠡᠯᠡᠪᠡᠯ᠂ ᠥᠭᠦᠯᠡᠯ 2.4᠎ ᠨᠢ ︽ᠨᠢᠭᠡ ᠰᠢᠯᠤᠭᠤᠨ ᠱᠤᠭᠤᠮ[5]᠎ ᠢ ᠳᠤᠷ᠎ᠠ ᠪᠠᠷ ᠢᠶᠠᠨ ᠬᠤᠶᠠᠷ ᠬᠡᠰᠡᠭ ᠪᠣᠯᠭᠠᠨ ᠬᠤᠪᠢᠶᠠᠪᠡᠯ᠂ ᠪᠦᠬᠦ᠋ᠢᠯᠡ ᠬᠡᠷᠴᠢᠮ ᠳᠡᠭᠡᠷᠡᠬᠢ ᠲᠡᠭᠰᠢ ᠳᠥᠷᠪᠡᠯᠵᠢᠨ ᠨᠢ ᠬᠤᠶᠠᠷ ᠬᠡᠷᠴᠢᠮ ᠳᠡᠭᠡᠷᠡᠬᠢ ᠬᠤᠶᠠᠷ ᠲᠡᠭᠰᠢ ᠳᠥᠷᠪᠡᠯᠵᠢᠨ ᠤ ᠳᠡᠭᠡᠷ᠎ᠡ ᠡᠨᠡ ᠬᠤᠶᠠᠷ ᠬᠡᠷᠴᠢᠮ ᠢᠶᠠᠷ ᠲᠠᠯ᠎ᠠ ᠪᠣᠯᠭᠠᠭᠰᠠᠨ ᠲᠡᠭᠰᠢ ᠥᠨᠴᠥᠭᠳᠦ ᠶᠢᠨ ᠨᠡᠶᠢᠯᠡᠪᠥᠷᠢ ᠲᠠᠢ ᠲᠡᠩᠴᠡᠨ᠎ᠡ︾᠃ ᠥᠭᠦᠯᠡᠯ 2.11 ᠬᠤᠵᠢᠮ ᠨᠢ ︽ᠠᠯᠳᠠᠨ ᠤᠭᠳᠤᠯᠤᠯ︾ ᠭᠡᠵᠦ ᠨᠡᠷᠡᠶᠢᠳᠦᠭᠳᠡᠪᠡ᠃ ᠥᠭᠦᠯᠡᠯ 2.12 ᠪᠤᠯᠤᠨ 2.13 ᠪᠣᠯ ᠺᠣᠰᠠᠶ᠋ᠢᠨ ᠤ ᠪᠠᠳᠤᠶᠤᠰᠦ ᠲᠠᠢ ᠰᠠᠴᠠᠭᠤ ᠥᠭᠦᠯᠡᠯ ᠪᠤᠯᠤᠨ᠎ᠠ᠃      ᠭᠤᠷᠪᠠᠳᠤᠭᠠᠷ ᠪᠦᠯᠦᠭ ᠨᠢ ︽ᠲᠣᠭᠤᠷᠢᠭ ᠪᠤᠯᠤᠨ ᠲᠡᠭᠦᠨ ᠲᠠᠢ ᠬᠤᠯᠪᠤᠭᠳᠠᠯ ᠲᠠᠢ ᠥᠨᠴᠥᠭ︾᠂ ᠡᠭᠦᠨ ᠳᠤ 37 ᠥᠭᠦᠯᠡᠯ ᠪᠠᠶᠢᠵᠤ᠂ ᠲᠣᠭᠤᠷᠢᠭ᠂ ᠬᠥᠪᠴᠢ᠂ ᠰᠢᠬᠠᠭᠴᠢ ᠰᠢᠯᠤᠭᠤᠨ᠂ ᠲᠣᠭᠤᠷᠢᠭ ᠤᠨ ᠲᠥᠪ ᠥᠨᠴᠥᠭ᠂ ᠲᠣᠭᠤᠷᠢᠭ ᠲᠤ ᠪᠠᠭᠲᠠᠭᠰᠠᠨ ᠳᠥᠷᠪᠡᠯᠵᠢᠨ ᠵᠢᠴᠢ ᠲᠣᠭᠤᠷᠢᠭ ᠲᠠᠢ ᠬᠤᠯᠪᠣᠭᠳᠠᠯ ᠪᠦᠬᠦᠢ ᠵᠢᠷᠤᠭ ᠳᠦᠷᠰᠦ ᠶᠢ ᠶᠠᠷᠢᠪᠠ᠃      ᠳᠥᠷᠪᠡᠳᠥᠭᠡᠷ ᠪᠦᠯᠦᠭ ᠨᠢ ︽ᠲᠣᠭᠤᠷᠢᠭ ᠪᠤᠯᠤᠨ ᠵᠥᠪ ᠤᠯᠠᠨ ᠥᠨᠴᠥᠭᠳᠦ︾᠂ 16 ᠥᠭᠦᠯᠡᠯ ᠪᠠᠶᠢᠨ᠎ᠠ᠃ ᠡᠭᠦᠨ ᠳᠤ ᠲᠣᠭᠤᠷᠢᠭ ᠲᠤ ᠪᠠᠭᠳᠠᠭᠰᠠᠨ ᠭᠤᠷᠪᠠᠯᠵᠢᠨ᠂ ᠲᠣᠭᠤᠷᠢᠭ ᠤᠨ ᠭᠠᠳᠠᠭᠠᠳᠤ ᠠᠴᠠ ᠰᠢᠬᠠᠭᠰᠠᠨ ᠭᠤᠷᠪᠠᠯᠵᠢᠨ᠂ ᠲᠣᠭᠤᠷᠢᠭ ᠲᠤ ᠪᠠᠭᠳᠠᠭᠰᠠᠨ ᠲᠡᠭᠰᠢ ᠳᠥᠷᠪᠡᠯᠵᠢᠨ᠂ ᠲᠣᠭᠤᠷᠢᠭ ᠤᠨ ᠭᠠᠳᠠᠭᠠᠳᠤ ᠠᠴᠠ ᠰᠢᠬᠠᠭᠰᠠᠨ ᠲᠡᠭᠰᠢ ᠳᠥᠷᠪᠡᠯᠵᠢᠨ ᠵᠥᠪ ᠣᠯᠠᠨ ᠥᠨᠴᠥᠭᠲᠦ ︵5 ᠲᠠᠯᠠᠳᠦ᠂ 10 ᠲᠠᠯᠠᠳᠦ᠂ 15 ᠲᠠᠯᠠᠳᠦ︶᠎ ᠶᠢ ᠵᠢᠷᠤᠬᠤ ᠠᠷᠭ᠎ᠠ    ᠪᠠᠭᠲᠠᠨ᠎ᠠ᠃      ᠲᠠᠪᠤᠳᠤᠭᠠᠷ ᠪᠦᠯᠦᠭ ᠨᠢ ︽ᠬᠠᠷᠢᠴᠠᠯ ᠤᠨ ᠤᠨᠤᠯ︾᠂ ᠬᠤᠵᠢᠮ ᠤᠨ ᠰᠢᠭᠦᠮᠵᠢᠯᠡᠭᠴᠢᠳ ᠤᠨ ᠦᠵᠡᠬᠦ ᠪᠠᠷ ᠡᠨᠡ ᠪᠣᠯ ︽ᠡᠸᠦ᠋ᠺᠯᠢᠳ᠋ ᠤᠨ ᠤᠭ ᠪᠢᠴᠢᠭ︾᠎ ᠤᠨ ᠬᠠᠮᠤᠭ ᠤᠨ ᠥᠨᠳᠥᠷ ᠠᠮᠵᠢᠯᠲᠠ ᠪᠣᠯᠤᠨ᠎ᠠ᠃ ᠡᠨᠡ ᠪᠥᠯᠥᠭ ᠲᠤ 25 ᠥᠭᠦᠯᠡᠯ ᠪᠠᠶᠢᠳᠠᠭ᠃      ᠵᠢᠷᠭᠤᠳᠤᠭᠠᠷ ᠪᠦᠯᠦᠭ ᠨᠢ ︽ᠳᠥᠰᠳᠡᠢ ᠳᠥᠷᠰᠦ︾᠂ ᠡᠮᠦᠨᠡᠬᠢ 5 ᠪᠦᠯᠦᠭ ᠨᠢᠭᠡᠨᠲᠡ ᠪᠠᠶᠢᠭᠤᠯᠤᠭᠰᠠᠨ ᠣᠶᠢᠯᠠᠭᠠᠭᠳᠠᠬᠤᠨ ᠢ ᠬᠠᠪᠲᠠᠭᠠᠶ ᠶᠢᠨ ᠵᠢᠷᠤᠭ ᠳᠦᠷᠰᠦ ᠳᠤ ᠬᠡᠷᠡᠭᠯᠡᠪᠡ᠂ 33 ᠥᠭᠦᠯᠡᠯ ᠪᠠᠶᠢᠳᠠᠭ᠃      ᠲᠤᠯᠤᠭ᠎ᠠ᠂ ᠨᠠᠢᠮᠠ᠂ ᠶᠢᠰᠥᠳᠥᠭᠡᠷ ᠪᠥᠯᠥᠭ ᠨᠢ ︽ᠲᠤᠭᠠᠨ ᠤ ᠤᠨᠤᠯ︾᠂ ᠲᠤᠰ ᠪᠥᠷᠢ 39.27.36 ᠥᠭᠦᠯᠡᠯ ᠪᠤᠢ᠃ ᠥᠭᠦᠯᠡᠯ 9.20 ᠪᠣᠯ ᠲᠣᠭᠠᠨ ᠤ ᠣᠨᠣᠯ ᠳᠤ ᠬᠢ ᠧᠦ᠋ᠺᠯᠢᠳ᠋ ᠤᠨ ᠪᠠᠲᠤᠶᠣᠰᠣ᠄ ︽ᠠᠩᠬᠠᠨ ᠤ ᠲᠣᠭᠠᠨ ᠤ ᠪᠣᠳᠠᠭᠠᠯᠢ ᠲᠤᠭ᠎ᠠ ᠨᠢ ᠬᠢᠵᠠᠭᠠᠷ ᠥᠭᠡᠢ ᠤᠯᠠᠨ ᠪᠠᠶᠢᠳᠠᠭ︾ ᠪᠤᠯᠤᠨ᠎ᠠ᠃      ᠠᠷᠪᠠᠳᠤᠭᠠᠷ ᠪᠦᠯᠦᠭ ᠨᠢ ᠶᠤᠰᠥᠭᠦᠢ ᠬᠡᠮᠵᠢᠭᠳᠡᠭᠦᠨ᠃ 115 ᠥᠭᠦᠯᠡᠯ ᠢ ᠪᠠᠭᠲᠠᠭᠠᠵᠤ᠂ ᠭᠤᠣᠯᠳᠠᠭᠤ ᠶᠤᠰᠦᠭᠦᠢ ᠬᠡᠮᠵᠢᠭᠳᠡᠭᠦᠨ ᠢ ᠰᠤᠳᠤᠯᠵᠡᠢ᠃ ᠥᠭᠦᠯᠡᠯ 10.1 ᠪᠣᠯ ᠲᠦᠢᠯᠰᠢᠷᠠᠯ ᠤᠨ ᠣᠨᠣᠯ ᠤᠨ ᠠᠩᠬᠠᠨ ᠤ ᠳᠦᠷᠰᠦ ᠮᠥᠨ᠂ ᠲᠦᠢᠯᠰᠢᠷᠠᠯ ᠪᠣᠯ ᠶᠡᠭᠡ ᠰᠤᠷᠭᠠᠭᠤᠯᠢ ᠶᠢᠨ ᠳᠡᠬᠡᠳᠦ ᠵᠡᠷᠭᠡ ᠶᠢᠨ ᠳᠤᠭᠠᠨ ᠤ ᠤᠬᠠᠭᠠᠨ ᠤ ᠨᠢᠭᠡ ᠴᠢᠬᠤᠯᠠ ᠠᠭᠤᠯᠭ᠎ᠠ ᠪᠤᠯᠤᠨ᠎ᠠ᠃      ᠠᠷᠪᠠᠨ ᠨᠢᠭᠡᠳᠦᠭᠡᠷ ᠪᠦᠯᠦᠭ ᠨᠢ ︽ᠪᠡᠶᠡᠳᠦ ᠶᠢᠨ ᠭᠧᠣᠮᠧᠲᠷᠢ︾᠃ ᠣᠭᠲᠠᠷᠭᠤᠶ ᠶᠢᠨ ᠰᠢᠯᠤᠭᠤᠨ ᠱᠤᠭᠤᠮ ᠪᠣᠯᠤᠨ ᠬᠠᠪᠲᠠᠭᠠᠶ ᠶᠢᠨ ᠡᠯ᠎ᠡ ᠵᠥᠢᠯ ᠤᠨ ᠬᠤᠯᠪᠤᠭᠳᠠᠯ ᠢ ᠶᠠᠷᠢᠪᠠ᠃      ᠠᠷᠪᠠᠨ ᠬᠤᠶᠠᠳᠤᠭᠠᠷ ᠪᠦᠯᠦᠭ ᠨᠢ ︽ᠪᠡᠶᠡᠳᠦ ᠶᠢᠨ ᠬᠡᠮᠵᠢᠯᠳᠡ︾᠂ ︽ᠲᠣᠭᠤᠷᠢᠭ ᠤᠨ ᠲᠠᠯᠠᠪᠠᠢ ᠶᠢᠨ ᠬᠠᠷᠢᠴᠠᠯ ᠨᠢ ᠳ᠋ᠢᠶᠠᠮᠧᠲᠷ ᠤᠨ ᠺᠤᠸᠠᠳ᠋ ᠤᠨ ᠬᠠᠷᠢᠴᠠᠯ ᠲᠠᠢ ᠲᠡᠩᠴᠡᠭᠦᠤ︾᠂ ︽ᠱᠤᠷᠤᠯᠵᠢᠨ ᠤ ᠡᠵᠡᠯᠡᠭᠦᠨ ᠨᠢ ᠢᠵᠢᠯ ᠰᠠᠭᠤᠷᠢ ᠲᠡᠩᠴᠡᠭᠦᠥ ᠥᠨᠳᠦᠷ ᠲᠠᠢ ᠪᠥᠭᠡᠷᠡᠩᠬᠡᠢ ᠪᠠᠭᠠᠨ᠎ᠠ ᠶᠢᠨ ᠡᠵᠡᠯᠡᠭᠦᠨ ᠤ ᠭᠤᠷᠪᠠᠨ ᠤ ᠨᠢᠭᠡ ᠲᠠᠢ ᠲᠡᠩᠴᠡᠭᠦᠤ︾᠎ ᠶᠢ ᠪᠠᠳᠤᠯᠠᠵᠡᠢ᠃      ᠠᠷᠪᠠᠨ ᠭᠤᠷᠪᠠᠳᠤᠭᠠᠷ ᠪᠦᠯᠦᠭ ᠨᠢ ︽ᠵᠥᠪ ᠤᠯᠠᠨ ᠭᠠᠳᠠᠷᠭᠤᠳᠦ ᠪᠡᠶ᠎ᠡ ᠪᠠᠶᠢᠭᠤᠯᠬᠤ︾᠂ 5 ᠵᠥᠢᠯ ᠤᠨ ᠵᠥᠪ ᠣᠯᠠᠨ ᠭᠠᠳᠠᠷᠭᠤᠳᠦ ᠪᠡᠶ᠎ᠡ ᠶᠢ ᠭᠤᠤᠯᠴᠢᠯᠠᠨ ᠰᠤᠳᠤᠯᠵᠡᠢ᠃      ︽ᠡᠸᠦ᠋ᠺᠯᠢᠳ᠋ ᠤᠨ ᠤᠭ ᠪᠢᠴᠢᠭ︾ ᠵᠤᠬᠢᠶᠠᠭᠳᠠᠭᠠᠳ ᠬᠤᠶᠠᠷ ᠮᠢᠩᠭ᠎ᠠ ᠭᠠᠷᠤᠢ ᠵᠢᠯ ᠪᠤᠯᠵᠦ ᠪᠠᠶᠢᠭ᠎ᠠ ᠪᠤᠯᠪᠠᠴᠦ ᠡᠳᠤᠭᠡ ᠪᠤᠯᠳᠠᠯ᠎ᠠ ᠠᠩᠬ᠎ᠠ ᠵᠡᠷᠭᠡ ᠶᠢᠨ ᠳᠤᠮᠳᠠᠳᠦ ᠰᠤᠷᠭᠠᠭᠤᠯᠢ ᠪᠠ ᠲᠡᠭᠡᠳᠤ ᠵᠡᠷᠭᠡ ᠶᠢᠨ ᠳᠤᠮᠳᠠᠳᠦ ᠰᠤᠷᠭᠠᠭᠤᠯᠢ ᠶᠢᠨ ᠰᠤᠷᠬᠤ ᠪᠢᠴᠢᠭ ᠲᠤ ᠬᠡᠷᠡᠭᠯᠡᠭᠳᠡᠵᠦ᠂ ᠵᠠᠯᠠᠭᠤ ᠪᠠᠭᠠᠴᠤᠳ ᠤᠨ ᠯᠤᠬᠢᠭ ᠰᠡᠳᠬᠢᠭᠦᠢ ᠶᠢᠨ ᠴᠢᠳᠠᠪᠤᠷᠢ ᠶᠢ ᠬᠥᠮᠦᠵᠢᠭᠦᠯᠦᠭᠰᠡᠭᠡᠷ ᠢᠷᠡᠭᠰᠡᠨ ᠨᠢ ᠭᠠᠶᠢᠬᠠᠮᠠᠷ᠂ ᠵᠢᠩᠬᠢᠨᠢ ᠰᠢᠨᠵᠢᠯᠡᠬᠦ ᠤᠬᠠᠭᠠᠨ ᠪᠤᠯᠬᠤᠷ ᠴᠠᠭ ᠤᠨ ᠡᠯᠡᠭᠡᠯᠳᠡ ᠶᠢ ᠳᠠᠭᠠᠭᠠᠵᠦ ᠴᠢᠳᠠᠵᠦ ᠪᠠᠶᠢᠭ᠎ᠠ ᠪᠠᠶᠢᠬᠤ ᠡ᠃ ᠠᠩᠬ᠎ᠠ ᠵᠡᠷᠭᠡ ᠶᠢᠨ ᠳᠤᠮᠳᠠᠳᠦ ᠰᠤᠷᠭᠠᠭᠤᠯᠢ ᠪᠠ ᠲᠡᠭᠡᠳᠤ ᠵᠡᠷᠭᠡ ᠶᠢᠨ ᠳᠤᠮᠳᠠᠳᠦ ᠰᠤᠷᠭᠠᠭᠤᠯᠢ ᠶᠢᠨ ᠲᠣᠭᠠᠨ ᠤ ᠤᠬᠠᠭᠠᠨ ᠤ ᠰᠤᠷᠬᠤ ᠪᠢᠴᠢᠭ ᠲᠤ 30 ᠤᠷᠴᠢᠮ ︽ᠡᠸᠦ᠋ᠺᠯᠢᠳ᠋ ᠤᠨ ᠤᠭ ᠪᠢᠴᠢᠭ︾᠎ ᠤᠨ ᠠᠭᠤᠯᠭ᠎ᠠ ᠪᠠᠶᠢᠳᠠᠭ᠃ ᠵᠢᠱᠢᠶᠡᠯᠡᠪᠡᠯ᠂ ᠠᠩᠬ᠎ᠠ ᠵᠡᠷᠭᠡ ᠶᠢᠨ ᠲᠤᠮᠳᠠᠳᠤ ᠰᠤᠷᠭᠠᠭᠤᠯᠢ ᠶᠢᠨ ᠬᠠᠪᠳᠠᠭᠠᠢ ᠶᠢᠨ ᠭᠧᠥᠮᠧᠲᠷᠢ ᠳᠤ᠂ ᠰᠢᠯᠤᠭᠤᠨ᠂ ᠲᠤᠭᠤᠷᠢᠭ᠂ ᠤᠯᠠᠨ ᠥᠨᠴᠥᠭᠳᠦ ᠶᠢᠨ ᠰᠢᠨᠵᠢ ᠴᠢᠨᠠᠷ ᠤᠨ ᠳᠤᠬᠠᠢ 21 ᠪᠠᠳᠤᠶᠤᠰᠦ ᠶᠢ ᠪᠠᠳᠤᠯᠠᠭᠰᠠᠨ ᠪᠠᠶᠢᠳᠠᠭ ᠪᠥᠭᠡᠳ ᠬᠠᠮᠤᠭ ᠤᠨ ᠤᠯᠠᠨ ᠭᠡᠷᠡᠭᠯᠡᠭᠳᠡᠭᠦ ︽ᠬᠤᠶᠠᠷ ᠡᠭ᠍ᠴᠡ ᠲᠠᠯ᠎ᠠ ᠶᠢᠨ ᠪᠠᠳᠤᠶᠤᠰᠥ︾᠎ ᠶᠢ ᠪᠠᠰᠠ ᠪᠠᠳᠤᠯᠠᠭᠰᠠᠨ ᠪᠠᠶᠢᠨ᠎ᠠ᠃ ᠲᠡᠭᠡᠳᠤ ᠵᠡᠷᠭᠡ ᠶᠢᠨ ᠲᠤᠮᠳᠠᠳᠤ ᠰᠤᠷᠭᠠᠭᠤᠯᠢ ᠶᠢᠨ ᠪᠡᠶᠡᠳᠦ ᠶᠢᠨ ᠭᠧᠥᠮᠧᠲᠷᠢ ᠳᠤ᠂ ᠤᠭᠳᠠᠷᠭᠤᠢ ᠶᠢᠨ ᠰᠢᠯᠤᠭᠤᠨ ᠨᠤᠭᠤᠳ ᠤᠨ ᠬᠤᠭᠤᠷᠤᠨᠳᠤᠬᠢ ᠬᠤᠯᠪᠤᠭᠳᠠᠯ᠂ ᠰᠢᠯᠤᠭᠤᠨ ᠪᠠ ᠬᠠᠪᠳᠠᠭᠠᠢ ᠶᠢᠨ ᠡᠭ᠍ᠴᠡ ᠪᠤᠯᠬᠤ ᠶᠢᠨ ᠮᠠᠭᠠᠳᠯᠠᠯᠳᠠ ᠰᠢᠨᠵᠢ ᠴᠢᠨᠠᠷ᠂ ᠬᠠᠪᠳᠠᠭᠠᠢ ᠪᠠ ᠬᠠᠪᠳᠠᠭᠠᠢ ᠵᠡᠷᠭᠡᠴᠡᠭᠡ ᠪᠤᠯᠬᠤ ᠶᠢᠨ ᠮᠠᠭᠠᠳᠯᠠᠯᠳᠠ ᠰᠢᠨᠵᠢ ᠴᠢᠨᠠᠷ᠂ ᠬᠠᠪᠳᠠᠭᠠᠢ ᠪᠠ ᠬᠠᠪᠳᠠᠭᠠᠢ ᠡᠭ᠍ᠴᠡ ᠪᠤᠯᠬᠤ ᠶᠢᠨ ᠮᠠᠭᠠᠳᠯᠠᠯᠳᠠ ᠵᠡᠷᠭᠡ 8 ᠪᠠᠳᠤᠶᠤᠰᠦ ᠶᠢ ᠪᠠᠳᠤᠯᠠᠭᠰᠠᠨ ᠪᠠᠶᠢᠳᠠᠭ᠃ ᠪᠠᠰᠠ ︽ᠱᠤᠷᠤᠯᠵᠢᠨ ᠤ ᠡᠵᠡᠯᠡᠭᠦᠨ ᠨᠢ ᠢᠵᠢᠯ ᠰᠠᠭᠤᠷᠢ ᠲᠡᠩᠴᠡᠭᠦᠥ ᠥᠨᠳᠦᠷ ᠲᠠᠢ ᠪᠥᠭᠡᠷᠡᠩᠬᠡᠢ ᠪᠠᠭᠠᠨ᠎ᠠ ᠶᠢᠨ ᠡᠵᠡᠯᠡᠭᠦᠨ ᠤ ᠭᠤᠷᠪᠠᠨ ᠤ ᠨᠢᠭᠡ ᠲᠠᠢ ᠲᠡᠩᠴᠡᠭᠦᠤ︾᠎ ᠶᠢ ᠪᠠᠳᠤᠯᠠᠵᠡᠢ᠃ ᠤᠯᠠᠨ ᠬᠡᠷᠡᠭᠴᠡᠭᠡᠳᠦ ︽ᠠᠯᠳᠠᠨ ᠤᠭᠳᠤᠯᠤᠯ︾ ᠪᠤᠯᠤᠨ ︽ᠺᠣᠰᠠᠶ᠋ᠢᠨ ᠤ ᠪᠠᠳᠤᠶᠤᠰᠦ︾᠎ ᠲᠠᠢ ᠰᠠᠴᠠᠭᠤ ᠥᠭᠦᠯᠡᠯ ᠢ ᠴᠦ ᠪᠠᠳᠤᠯᠠᠵᠡᠢ᠃      ᠬᠤᠶᠠᠷ᠂ ᠮᠥᠩᠬᠡ ᠬᠠᠭᠠᠨ ︽ᠡᠸᠦ᠋ᠺᠯᠢᠳ᠋ ᠤᠨ ᠤᠭ ᠪᠢᠴᠢᠭ︾᠎ ᠢ ᠰᠤᠳᠤᠯᠵᠤ ᠪᠠᠶᠢᠭᠰᠠᠨ ᠰᠣᠷᠪᠣᠯᠵᠢ ᠲᠡᠮᠳᠡᠭᠯᠡᠯ ᠤᠳ      ᠶᠡᠭᠡ ᠮᠤᠩᠭᠤᠯ ᠤᠯᠤᠰ ᠤᠨ ᠮᠥᠩᠭᠡ ᠬᠠᠭᠠᠨ ︵1208 — 1259︶ ︽ᠡᠸᠦ᠋ᠺᠯᠢᠳ᠋ ᠤᠨ ᠤᠭ ᠪᠢᠴᠢᠭ︾᠎ ᠢ ᠰᠤᠳᠤᠯᠵᠦ ᠲᠡᠭᠦᠨ ᠤ ᠳᠤᠳᠤᠷᠠᠬᠢ ᠨᠡᠯᠢᠶᠡᠳ ᠠᠷᠪᠢᠨ ᠢᠯᠡᠳᠭᠡᠭᠴᠢ ᠵᠢᠷᠤᠭ ᠢ ᠵᠠᠳᠠᠯᠤᠨ ᠲᠠᠶᠢᠯᠪᠤᠷᠢᠯᠠᠵᠦ ᠴᠢᠳᠠᠳᠠᠭ ᠭᠡᠰᠡᠨ ᠲᠡᠤᠬᠡᠨ ᠲᠡᠮᠳᠡᠭᠯᠡᠯ ᠪᠠᠶᠢᠳᠠᠭ᠃ ᠶᠠᠫᠤᠨ ᠤ ᠮᠤᠩᠭᠤᠯᠴᠢ ᠡᠷᠳᠡᠮᠳᠡᠨ ᠺᠠᠽᠦ᠋ᠪᠣᠵᠢ · ᠲᠠᠺᠠᠶᠢᠰᠢ᠄ ︽ᠮᠥᠩᠭᠡ ᠪᠣᠯ ᠴᠢᠩᠭᠢᠰ ᠬᠠᠭᠠᠨ ᠤ ᠤᠳᠬᠤᠨ ᠬᠥᠪᠡᠭᠦᠨ ᠲᠤᠯᠤᠢ ᠶᠢᠨ ᠠᠬᠠᠮᠠᠳ ᠬᠥᠪᠡᠭᠦᠨ ᠶᠤᠮ᠂ ᠠᠯᠳᠠᠨ ᠤᠯᠤᠰ ᠢ ᠳᠠᠶᠢᠯᠠᠬᠤ ᠳᠠᠶᠢᠨ ᠳᠤ ᠴᠦ ᠲᠡᠷᠡ᠂ ᠡᠸᠦ᠋ᠷᠤᠫᠠ ᠳᠤ ᠶᠠᠪᠤᠭᠤᠯᠤᠭᠰᠠᠨ ᠳᠠᠶᠢᠨ ᠳᠤ ᠴᠦ ᠲᠡᠷᠡ᠂ ᠮᠥᠩᠬᠡ ᠶᠢᠨ ᠪᠠᠶᠢᠭᠤᠯᠤᠭᠰᠠᠨ ᠴᠡᠷᠢᠭ ᠤᠨ ᠭᠠᠪᠢᠶ᠎ᠠ ᠭᠡᠪᠡᠯ ᠥᠨᠡᠭᠡᠷ ᠭᠢᠯᠠᠯᠵᠠᠮ᠎ᠠ ᠪᠠᠶᠢᠭᠰᠠᠨ ᠶᠤᠮ᠃ ᠮᠦᠡᠭᠭᠡ ᠬᠠᠭᠠᠨ ᠪᠤᠯ ᠠᠷᠢᠬᠢᠳᠠᠵᠦ ᠴᠡᠩᠭᠡᠬᠦ ᠪᠤᠶᠦ ᠪᠥᠷᠢᠯᠭᠡᠵᠦ ᠱᠠᠯᠢᠬᠤ ᠳᠤ ᠰᠤᠨᠢᠷᠬᠠᠯ ᠥᠭᠡᠢ᠂ ᠠᠩ ᠭᠥᠷᠥᠭᠡ ᠬᠢᠬᠦ ᠪᠠᠷ ᠵᠤᠭ᠎ᠠ ᠴᠡᠩᠭᠡᠯ ᠪᠤᠯᠭᠠᠳᠠᠭ ᠪᠠᠭᠠᠳᠤᠷᠯᠢᠭ ᠪᠥᠭᠡᠳ ᠠᠰᠪᠤᠷ ᠴᠠᠭᠠᠨ ᠵᠠᠩ ᠴᠢᠨᠠᠷ ᠲᠠᠢ᠂ ᠮᠥᠩᠭᠡ ᠬᠠᠭᠠᠨ ᠢ ᠶᠤᠰᠤᠳᠠᠢ ᠯᠠ ᠮᠤᠩᠭᠤᠯᠴᠤᠳ ᠤᠨ ᠤᠭ ᠰᠢᠨᠵᠢ ᠶᠢ ᠬᠠᠳᠠᠭᠠᠯᠠᠭᠰᠠᠨ ᠬᠥᠮᠥᠨ ᠭᠡᠵᠦ ᠬᠡᠯᠡᠵᠦ ᠪᠤᠯᠤᠨ᠎ᠠ︾ [6] ᠬᠡᠵᠦ ᠬᠡᠯᠡᠵᠡᠢ᠃ ᠮᠥᠩᠭᠡ ᠬᠠᠭᠠᠨ ᠪᠣᠯ ᠠᠭᠤᠤ ᠶᠡᠭᠡ ᠮᠤᠩᠭᠤᠯ ᠡᠬᠡ ᠰᠤᠷᠬᠠᠭᠳᠠᠨᠢ ᠪᠠᠬᠢ ᠶᠢᠨ ᠬᠥᠮᠥᠵᠢᠯ ᠳᠤᠤᠷ᠎ᠠ ᠥᠰᠥᠨ ᠪᠤᠶᠢᠵᠢᠭᠰᠠᠨ ᠠᠯᠳᠠᠷᠳᠦ ᠶᠡᠭᠡ ᠮᠤᠩᠭᠤᠯ ᠤᠯᠤᠰ ᠤᠨ ᠬᠠᠭᠠᠨ ᠤ ᠨᠢᠭᠡ ᠨᠢ ᠶᠤᠮ᠃ ᠡᠨᠡ ᠬᠦ ᠮᠤᠩᠭᠤᠯ ᠪᠥᠰᠡᠭᠦᠢ ᠶᠢ ᠫᠧᠷᠰ ᠤᠨ ᠲᠡᠤᠬᠡᠴᠢᠨ ᠷᠠᠰᠢᠳ᠋ - ᠠᠳ᠋ - ᠳ᠋ᠢᠨ ︽ᠰᠤᠳᠤᠷ ᠤᠨ ᠴᠢᠭᠤᠯᠭᠠᠨ︾ ᠬᠡᠬᠦ ᠠᠯᠳᠠᠷᠳᠦ ᠨᠤᠮ ᠳᠤ ᠪᠠᠨ᠄ ︽ᠰᠤᠷᠬᠠᠬᠳᠠᠨᠢ ᠪᠠᠬᠢ ᠪᠤᠯ ᠮᠠᠰᠢ ᠶᠡᠭᠡ ᠤᠬᠠᠭᠠᠨ ᠲᠠᠢ᠂ ᠠᠪᠢᠶᠠᠰᠯᠢᠬ ᠲᠠᠯ᠎ᠠ ᠪᠠᠷ ᠢᠶᠠᠨ ᠪᠦᠭᠦ ᠲᠡᠯᠡᠭᠡᠢ ᠶᠢᠨ ᠡᠮᠡᠭᠳᠠᠶᠢᠴᠤᠳ ᠤᠨ ᠲᠤᠳᠤᠷ᠎ᠠ ᠠᠴᠠ ᠲᠤᠪᠤᠶᠢᠵᠤ ᠪᠠᠶᠢᠯ᠎ᠠ︾ [7] ᠭᠡᠮᠡᠵᠦ᠂ ᠡᠸᠦ᠋ᠷᠤᠫᠠ ᠶᠢᠨ ᠱᠠᠰᠢᠨ ᠳᠡᠯᠭᠡᠷᠡᠭᠦᠯᠥᠭᠴᠢ ᠫᠯᠠᠨ ᠺᠠᠷᠫᠢᠨ ︽ᠮᠤᠩᠭᠤᠯ ᠳᠤ ᠵᠢᠭᠤᠴᠢᠯᠠᠭᠰᠠᠨ ᠲᠡᠮᠳᠡᠭᠯᠡᠯ︾᠎ ᠳᠤ ᠪᠠᠨ᠄ ︽ᠪᠦᠭᠦ ᠲᠠᠲ᠋ᠠᠷ ᠤᠨ ᠬᠠᠭᠠᠨ ᠤ ᠡᠬᠡ ᠶᠢ ᠭᠠᠷᠭᠠᠪᠠᠯ ᠬᠠᠮᠤᠭ ᠠᠴᠠ ᠬᠥᠨᠳᠥᠲᠠᠢ ᠪᠠᠶᠢᠳᠠᠬ︾ [8] ᠭᠡᠵᠡᠢ᠃       ᠫᠷᠤᠹᠧᠰᠰᠤᠷ ᠲᠠᠶᠢᠴᠢᠭᠤᠳ · ᠮᠠᠨᠰᠠᠩ ᠤᠨ ᠡᠷᠭᠢᠯᠡᠨ ᠨᠠᠶᠢᠷᠠᠭᠤᠯᠤᠭᠰᠠᠨ ︽ᠮᠤᠩᠭᠤᠯ ᠥᠨᠳᠦᠰᠦᠳᠡᠨ ᠤ ᠪᠥᠷᠢᠨ ᠲᠡᠤᠬᠡ︾᠎ ᠳᠤ᠄ ︽ᠮᠥᠩᠬᠡ ᠬᠠᠭᠠᠨ ᠲᠤᠭᠠᠨ ᠤ ᠤᠬᠠᠭᠠᠨ ᠢ ᠰᠠᠶᠢᠨ ᠮᠡᠳᠡᠳᠡᠭ ᠪᠥᠭᠡᠳ ᠪᠠᠰᠠ ᠰᠤᠳᠤᠯᠤᠯ ᠬᠢᠵᠦ ᠪᠠᠶᠢᠭᠰᠠᠨ ᠪᠠᠶᠢᠵᠡᠢ᠃ ᠲᠡᠷᠡ ᠡᠾᠦ᠋ᠭᠯᠢᠳ ︵ᠡᠸᠦ᠋ᠺᠯᠢᠳ᠋ — ᠨᠠᠶᠢᠷᠠᠭᠤᠯᠤᠭᠴᠢ︶ ᠲᠤᠭᠠᠨ ᠤ ᠤᠬᠠᠭᠠᠨ ᠢ ᠮᠡᠳᠡᠳᠡᠭ᠃ ᠡᠾᠦ᠋ᠭᠯᠢᠳ ᠪᠣᠯ ᠡᠷᠳᠡᠨ ᠤ ᠭᠷᠧᠭ ᠤᠨ ᠲᠤᠭᠠᠨ ᠤ ᠤᠬᠠᠭᠠᠨᠳᠡᠨ ᠮᠥᠨ᠃ ᠲᠡᠭᠦᠨ ᠤ ᠨᠡᠷ᠎ᠡ ᠲᠠᠢ ᠵᠤᠬᠢᠶᠠᠯ ︿ᠵᠢᠢ ᠾᠧ ᠶᠤᠸ᠋ᠨᠨ ᠪᠧᠨ﹀᠎ ᠨᠢ 13 ᠳ᠋ᠤᠭᠠᠷ ᠵᠠᠭᠤᠨ ᠤ ᠡᠮᠥᠨ᠎ᠠ ᠬᠠᠭᠠᠰ ᠬᠤᠭᠤᠴᠠᠭᠠᠨ ᠳᠤ ᠫᠧᠷᠰ ᠤᠨ ᠡᠷᠳᠡᠮᠳᠡᠨ ᠨᠠᠰᠢ - ᠥᠳ᠋ - ᠳ᠋ᠢᠨ ᠲᠤᠤ ᠰᠧ ᠠᠷᠠᠪ ᠬᠡᠯᠡ ᠳᠡᠭᠡᠷ᠎ᠡ ᠤᠷᠴᠢᠭᠤᠯᠤᠨ ᠪᠠᠭᠤᠯᠭᠠᠵᠡᠢ ᠁ ᠲᠤᠰ ᠨᠤᠮ ᠪᠣᠯ ᠮᠥᠩᠭᠡ ᠬᠠᠭᠠᠨ ᠤ ᠰᠤᠳᠤᠯᠵᠦ ᠪᠠᠶᠢᠭᠰᠠᠨ ᠨᠤᠮ ᠤᠨ ᠭᠡᠰᠡᠭ ᠠᠭᠤᠯᠭ᠎ᠠ ᠪᠤᠯᠤᠨ᠎ᠠ︾ [9] ᠭᠡᠵᠡᠢ᠃      ᠫᠷᠤᠹᠧᠰᠰᠤᠷ ᠱᠢ ᠵᠢᠶᠦ᠋ᠨ᠄ ︽ᠮᠥᠩᠭᠡ ᠬᠠᠭᠠᠨ᠂ ᠡᠸᠦ᠋ᠺᠯᠢᠳ᠋ ᠤᠨ ᠤᠭ ᠪᠢᠴᠢᠭ ᠢ ᠲᠠᠶᠢᠯᠵᠦ ᠪᠠᠶᠢᠭᠰᠠᠨ ᠨᠢ ᠮᠤᠩᠭᠤᠯ ᠬᠥᠮᠦᠨ ᠤ ᠳᠤᠳᠤᠷᠠᠬᠢ ᠬᠠᠮᠤᠭ ᠤᠨ ᠲᠡᠷᠢᠭᠦᠨ ᠤ ᠬᠥᠮᠥᠨ ᠪᠤᠯᠤᠨ᠎ᠠ︾[10]ᠭᠡᠵᠡᠢ᠃ ᠲᠡᠷᠡᠴᠢᠯᠡᠨ᠄ ︽ᠮᠥᠩᠭᠡ ᠬᠠᠭᠠᠨ ᠪᠣᠯ ᠡᠸᠦ᠋ᠺᠯᠢᠳ᠋ ᠤᠨ ᠤᠭ ᠪᠢᠴᠢᠭ ᠢ ᠬᠠᠮᠤᠭ ᠤᠨ ᠲᠡᠷᠢᠭᠦᠨ ᠳᠤ ᠰᠤᠳᠤᠯᠤᠭᠰᠠᠨ ᠳᠤᠮᠳᠠᠳᠦ ᠤᠯᠤᠰ ᠤᠨ ᠬᠥᠮᠥᠨ ᠪᠤᠯᠤᠨ᠎ᠠ︾[11]ᠭᠡᠵᠡᠢ᠃      ᠡᠭᠦᠨ ᠠᠴᠠ ᠥᠵᠡᠬᠦ ᠳᠤ᠂ ᠠᠯᠢ ᠡᠷᠳᠡ ᠶᠡᠭᠡ ᠮᠤᠩᠭᠤᠯ ᠤᠯᠤᠰ ᠤᠨ ᠥᠶ᠎ᠡ ᠳᠤ ᠮᠤᠩᠭᠤᠯᠴᠤᠳ ︽ᠡᠸᠦ᠋ᠺᠯᠢᠳ᠋ ᠤᠨ ᠤᠭ ᠪᠢᠴᠢᠭ︾᠎ ᠢ ᠰᠤᠨᠢᠷᠬᠠᠵᠦ ᠰᠤᠳᠤᠯᠵᠦ ᠪᠠᠶᠢᠭᠰᠠᠨ ᠪᠠᠶᠢᠨ᠎ᠠ᠃ ᠮᠥᠩᠬᠡ ᠬᠠᠭᠠᠨ ᠰᠠᠷᠳᠠᠭᠤᠯ ᠤᠨ ᠠᠰᠲᠷᠤᠨᠤᠮᠢᠴᠢ ᠨᠠᠰᠢ — ᠠᠯ — ᠳ᠋ᠢᠨ ᠲᠥᠰᠢ ᠶᠢᠨ ᠨᠠᠶᠢᠷᠠᠭᠤᠯᠤᠭᠰᠠᠨ ︽ᠡᠸᠦ᠋ᠺᠯᠢᠳ᠋ ᠤᠨ ᠤᠭ ᠪᠢᠴᠢᠭ︾᠎ ᠢ ᠤᠩᠰᠢᠬᠤ ᠪᠠᠷ ᠳᠠᠮᠵᠢᠨ ᠡᠷᠳᠡᠮᠳᠡᠨ ᠨᠠᠰᠢ — ᠠᠯ — ᠳ᠋ᠢᠨ ᠲᠥᠰᠢ ᠶᠢ ᠤᠯᠵᠦ ᠮᠡᠳᠡᠭᠰᠡᠨ ᠪᠠᠶᠢᠵᠠᠢ᠃ ᠶᠠᠭ ᠡᠶᠢᠮᠦ ᠠᠴᠠ ᠮᠥᠩᠬᠡ ᠬᠠᠭᠠᠨ 1252 ᠤᠨ ᠳᠤ ᠳᠡᠭᠦᠥ ᠬᠤᠯᠤᠭᠤ ︵ᠢᠯ ᠬᠠᠭᠠᠨᠳᠦ ᠤᠯᠤᠰ ᠤᠨ ᠥᠯᠡᠬᠦ ᠬᠠᠭᠠᠨ ᠢ ᠬᠡᠯᠡᠵᠦ ᠪᠠᠶᠢᠨ᠎ᠠ︶᠎ ᠶᠢ ᠪᠠᠷᠠᠭᠤᠨᠰᠢ ᠰᠠᠷᠳᠠᠭᠤᠯ ᠳᠡᠶᠢᠰᠢ ᠳᠠᠶᠢᠯᠠᠷ᠎ᠠ ᠮᠤᠷᠳᠠᠭᠤᠯᠬᠤ ᠳᠤ ᠪᠠᠨ ᠨᠠᠰᠢ — ᠠᠯ — ᠳ᠋ᠢᠨ ᠲᠥᠰᠢ ᠶᠢ ᠡᠷᠢᠵᠦ ᠤᠯᠤᠭᠠᠳ ᠮᠤᠩᠭᠤᠯ ᠤᠨ ᠬᠠᠭᠠᠨ ᠤ ᠤᠷᠳᠤᠨ ᠳᠤ ᠶᠠᠪᠤᠭᠤᠯᠵᠦ ᠥᠭᠬᠦ ᠬᠡᠷᠡᠭᠳᠠᠢ ᠭᠡᠵᠦ ᠵᠠᠬᠢᠭᠰᠠᠨ ᠪᠠᠶᠢᠳᠠᠭ᠃      ︽ᠶᠤᠸᠠᠨ ᠤᠯᠤᠰ ᠤᠨ ᠠᠰᠲᠷᠤᠨᠤᠮᠢ ᠶᠢᠨ ᠲᠡᠥᠬᠡ ᠶᠢᠨ ᠨᠠᠪᠳᠠᠷᠠᠭ︾ ᠭᠡᠳᠡᠭ ᠨᠤᠮ ᠳᠤ᠄ ︽ᠮᠢᠩ ᠤᠯᠤᠰ ᠤᠨ ᠰᠢᠥᠢ ᠭᠤᠸᠠᠩ ᠴᠢ ᠠᠴᠠ 350 ᠵᠢᠯ ᠤᠨ ᠡᠮᠥᠨ᠎ᠡ ᠮᠥᠩᠬᠡ ᠬᠠᠭᠠᠨ ᠤ ᠥᠶ᠎ᠡ ᠳᠤ ᠤᠷᠴᠢᠭᠤᠯᠤᠭᠰᠠᠨ ︵ᠡᠸᠦ᠋ᠺᠯᠢᠳ᠋ ᠤᠨ ᠤᠭ ᠪᠢᠴᠢᠭ︶ ᠪᠣᠯ ᠮᠠᠨ ᠤ ᠤᠯᠤᠰ ᠲᠤ ᠤᠷᠥᠵᠦ ᠢᠷᠡᠭᠰᠡᠨ ᠬᠠᠮᠤᠭ ᠤᠨ ᠠᠩᠬᠠᠨ ᠤ ︿ᠡᠸᠦ᠋ᠺᠯᠢᠳ᠋ ᠤᠨ ᠤᠭ ᠪᠢᠴᠢᠭ﹀ ᠪᠤᠯᠤᠨ᠎ᠠ︾ [12]ᠭᠡᠵᠡᠢ᠃      ᠮᠥᠨ ᠫᠷᠤᠹᠧᠰᠰᠤᠷ ᠱᠢ ᠵᠢᠶᠦ᠋ᠨ᠄ ︽ᠮᠥᠩᠭᠡ ᠬᠠᠭᠠᠨ ᠤ ᠥᠶ᠎ᠡ ᠳᠤ᠂ ︿ᠡᠸᠦ᠋ᠺᠯᠢᠳ᠋ ᠤᠨ ᠤᠭ ᠪᠢᠴᠢᠭ﹀ ᠪᠣᠯ ᠬᠠᠮᠤᠭ ᠤᠨ ᠠᠩᠬᠠᠨ ᠳᠤ ᠪᠠᠨ ᠮᠤᠩᠭᠤᠯ ᠢᠶᠠᠷ ᠤᠷᠴᠢᠭᠤᠯᠤᠭᠳᠠᠵᠦ ᠮᠠᠨ ᠤ ᠤᠯᠤᠰ ᠲᠤ ᠤᠯᠠᠮᠵᠢᠯᠠᠭᠳᠠᠭᠰᠠᠨ ᠶᠤᠮ︾[13]ᠭᠡᠵᠡᠢ᠃ ᠡᠳᠡᠭᠡᠷ ᠲᠡᠤᠬᠡ ᠶᠢᠨ ᠪᠠᠷᠢᠮᠳᠠ ᠠᠴᠠ ᠥᠵᠡᠪᠡᠯ ᠮᠤᠩᠭᠤᠯᠴᠤᠳ ᠬᠠᠷᠢᠨ ᠬᠢᠳᠡᠳ ᠦᠨᠳᠤᠰᠤᠳᠠᠨ ᠠᠴᠠ 350 ᠭᠠᠷᠤᠢ ᠵᠢᠯ ᠤᠨ ᠡᠮᠤᠨ᠎ᠡ ︽ᠡᠸᠦ᠋ᠺᠯᠢᠳ᠋ ᠤᠨ ᠤᠭ ᠪᠢᠴᠢᠭ ᠢ ᠰᠤᠨᠢᠷᠬᠠᠵᠦ ᠰᠤᠳᠥᠯᠵᠦ ᠪᠠᠶᠢᠭᠰᠠᠨ︾[14]ᠪᠠᠶᠢᠨ᠎ᠠ᠃      ᠮᠥᠩᠭᠡ ᠬᠠᠭᠠᠨ ︽ᠡᠸᠦ᠋ᠺᠯᠢᠳ᠋ ᠤᠨ ᠤᠭ ᠪᠢᠴᠢᠭ︾᠎ ᠢ ᠥᠪᠡᠷ ᠢᠶᠠᠨ ᠤᠷᠴᠢᠭᠤᠯᠤᠭᠰᠠᠨ ᠥᠭᠡᠢ ᠴᠦ ᠲᠡᠭᠦᠨ ᠤ ᠤᠳᠤᠷᠢᠳᠤᠯᠭ᠎ᠠ ᠳᠤᠤᠷ᠎ᠠ ᠤᠷᠴᠢᠭᠤᠯᠤᠭᠰᠠᠨ ᠪᠠᠶᠢᠵᠦ ᠪᠤᠯᠬᠤ ᠶᠤᠮ᠃ ᠡᠷᠳᠡᠮᠲᠡᠨ ᠪᠤᠷᠵᠢᠭᠢᠨ· ᠸᠨᠩᠴᠤᠭ᠄ ︽ᠮᠤᠩᠭᠤᠯᠴᠤᠳ ᠤᠨ ᠰᠢᠨᠵᠢᠯᠡᠬᠦ ᠤᠬᠠᠭᠠᠨ ᠲᠧᠭᠨᠢᠭ ᠤᠨ ᠲᠡᠤᠬᠡ︾ ᠬᠡᠭᠦ ᠨᠤᠮ ᠳᠤ ᠪᠠᠨ᠄ ︽ᠶᠤᠸᠠᠨ ᠤᠯᠤᠰ ᠤᠨ ᠪᠢᠴᠢᠭᠡᠴᠢ ᠶᠢᠨ ᠶᠠᠮᠤᠨ ᠤ ᠲᠡᠮᠳᠡᠭᠯᠡᠯ ᠳᠤ ᠡᠸᠦ᠋ᠺᠯᠢᠳ᠋ ᠤᠨ ᠳᠥᠷᠪᠡᠨ ᠮᠥᠴᠡ ᠶᠢᠨ ᠪᠤᠳᠤᠬᠤ ᠠᠷᠭ᠎ᠠ ᠶᠢᠨ ᠬᠡᠰᠡᠭᠯᠡᠯ ᠲᠤᠭ᠎ᠠ 15 ᠪᠥᠯᠥᠭ ᠨᠢᠭᠡᠨ ᠵᠥᠢᠯ ᠪᠤᠢ᠃ ᠡᠨᠡ ᠪᠣᠯ ᠶᠠᠭ ︿ᠡᠸᠦ᠋ᠺᠯᠢᠳ᠋ ᠤᠨ ᠤᠭ ᠪᠢᠴᠢᠭ﹀᠎ ᠤᠨ ᠠᠷᠠᠪ ᠬᠡᠯᠡᠨ ᠤ ᠤᠷᠴᠢᠭᠤᠯᠭ᠎ᠠ ᠮᠥᠨ︾[15]ᠭᠡᠵᠡᠢ᠃ ᠡ᠊ᠨᠳᠡ ᠶᠠᠷᠢᠵᠦ ᠪᠠᠶᠢᠭ᠎ᠠ ᠤᠮᠠᠷᠠᠳᠥ ᠵᠤᠷᠭᠠᠨ ᠤ ᠤᠳᠤᠨ ᠤᠷᠤᠨ ᠤ ᠤᠷᠭᠢᠯ ᠭᠡᠭᠴᠢ ᠪᠣᠯ ᠬᠤᠪᠢᠯᠠᠢ ᠬᠠᠭᠠᠨ ᠤ ᠥᠶ᠎ᠡ ᠳᠤ ᠪᠠᠶᠢᠭᠤᠯᠤᠭᠰᠠᠨ ᠲᠡᠭᠡᠳᠤ ᠨᠠᠶᠢᠰᠯᠠᠯ ᠳᠤ ᠬᠢ ᠤᠳᠤᠨ ᠤᠷᠤᠨ ᠤ ᠤᠷᠭᠢᠯ-︽ᠤᠳᠤᠨ ᠤᠷᠤᠨ ᠢ ᠰᠢᠨᠵᠢᠯᠡᠬᠦ ᠥᠷᠳᠡᠭᠡ︾᠎ ᠶᠢ ᠵᠢᠭᠠᠵᠦ ᠪᠠᠶᠢᠨ᠎ᠠ᠃      ᠮᠥᠩᠭᠡ ᠬᠠᠭᠠᠨ ᠤ ᠥᠶ᠎ᠡ ᠳᠤ ᠮᠤᠩᠭᠤᠯ ᠢᠶᠠᠷ ᠤᠷᠴᠢᠭᠤᠯᠤᠭᠳᠠᠭᠰᠠᠨ ︽ᠡᠸᠦ᠋ᠺᠯᠢᠳ᠋ ᠤᠨ ᠤᠭ ᠪᠢᠴᠢᠭ︾ ᠭᠡᠭᠦ ᠡᠨᠡ ᠭᠦ ᠥᠨᠡᠳᠦ ᠨᠤᠮ ᠬᠤᠶᠢᠴᠢ ᠥᠶ᠎ᠡ ᠶᠢᠨ ᠮᠤᠩᠭᠤᠯᠴᠤᠳ ᠲᠤ ᠤᠯᠠᠮᠵᠢᠯᠠᠭᠳᠠᠵᠦ ᠳᠡᠶᠢᠯᠦᠭᠰᠡᠨ ᠥᠭᠡᠢ᠂ ᠶᠤᠸᠠᠨ ᠤᠯᠤᠰ ᠤᠨ ᠲᠡᠭᠡᠳᠤ ᠨᠠᠶᠢᠰᠯᠡᠯ ᠳᠤ ᠬᠠᠳᠠᠭᠠᠯᠠᠭᠳᠠᠵᠤ ᠪᠠᠶᠢᠭᠠᠳ ︽ᠮᠢᠩ ᠤᠯᠤᠰ ᠤᠨ ᠬᠠᠭᠠᠨ ᠵᠥ ᠶᠤᠸᠠᠨ ᠵᠠᠩ᠂ ᠶᠤᠸᠠᠨ ᠤᠯᠤᠰ ᠤᠨ ︿ᠬᠠᠭᠠᠨ ᠰᠥᠷ﹀᠎ ᠢ ᠳᠠᠷᠤᠬᠤ ᠲᠡᠷᠡ ᠥᠶ᠎ᠡ ᠶᠢᠨ ᠪᠢᠴᠢᠭ ᠨᠤᠮ ᠢ ᠰᠢᠳᠠᠭᠠᠵᠦ ᠰᠥᠢᠳᠭᠡᠭᠰᠡᠨ ᠲᠠᠢ ᠬᠤᠯᠪᠤᠭᠳᠠᠯ ᠲᠠᠢ ᠪᠤᠯᠤᠯᠳᠠᠢ︾ ᠭᠡᠵᠦ ᠰᠤᠳᠤᠯᠤᠭᠠᠴᠢ ᠥᠭᠡᠯᠡᠳ᠂ ᠨᠢᠮ᠎ᠠ ︽ᠶᠤᠸᠠᠨ ᠤᠯᠤᠰ ᠎ ᠤᠨ ᠠᠰᠲᠷᠤᠨᠤᠮᠢ ᠶᠢᠨ ᠲᠡᠥᠬᠡ ᠶᠢᠨ ᠨᠠᠪᠳᠠᠷᠠᠭ︾ ᠬᠡᠬᠦ ᠨᠤᠮ ᠳᠤ ᠪᠠᠨ ᠲᠡᠮᠳᠡᠭᠯᠡᠭᠰᠡᠨ ᠪᠠᠶᠢᠨ᠎ᠠ᠃ ᠪᠠᠰᠠ ᠲᠤᠰ ᠨᠤᠮ ᠳᠤ᠄ ︽ᠶᠤᠸᠠᠨ ᠤᠯᠤᠰ ᠤᠨ ᠬᠠᠭᠠᠨ ᠤ ᠤᠷᠳᠤᠨ ᠤ ᠪᠢᠴᠢᠭᠡᠴᠢ ᠶᠢᠨ ᠶᠠᠮᠤᠨ — ᠬᠠᠭᠠᠨ ᠤ ᠤᠷᠳᠤᠨ ᠤ ᠨᠤᠮ ᠤᠨ ᠰᠠᠩ ᠳᠤ ᠲᠤᠬᠠᠢ ᠶᠢᠨ ᠥᠶ᠎ᠡ ᠳᠤ ᠶᠤᠸᠠᠨ ᠤᠯᠤᠰ ᠤᠨ ᠬᠠᠭᠠᠨ ᠤ ᠤᠷᠳᠤᠨ ᠤ ᠳᠥᠰᠢᠮᠡᠯ ᠪᠠᠶᠢᠭᠰᠠᠨ ᠰᠠᠷᠳᠠᠭᠤᠯ ᠡᠷᠳᠡᠮᠳᠡᠨ ᠵᠠᠮᠠᠯ — ᠠᠯ — ᠳ᠋ᠢᠨ ᠤ ᠠᠪᠴᠢᠷᠠᠭᠰᠠᠨ ᠠᠷᠠᠪ ᠬᠡᠯᠡ ᠪᠠᠷ ᠪᠢᠴᠢᠭᠳᠡᠭᠰᠡᠨ ᠡᠷᠳᠡᠨ ᠤ ᠠᠷᠠᠪ ᠬᠢᠭᠡᠳ ᠭᠷᠧᠭ ᠤᠨ ᠡᠷᠳᠡᠮ ᠰᠢᠨᠵᠢᠯᠡᠭᠡᠨ ᠤ ᠵᠤᠬᠢᠶᠠᠯ ᠪᠥᠳᠥᠭᠡᠯ — ᠠᠰᠲᠷᠤᠨᠤᠮᠢ ︵ᠤᠳᠤᠨ ᠤᠷᠤᠨ ᠤ ᠰᠤᠳᠤᠯᠭᠠᠨ︶᠂ ᠲᠤᠭᠠᠨ ᠤ ᠤᠬᠠᠭᠠᠨ᠂ ᠭᠠᠵᠠᠷ ᠵᠥᠢ᠂ ᠲᠡᠤᠬᠡ᠂ ᠠᠨᠠᠭᠠᠬᠤ ᠤᠬᠠᠭᠠᠨ᠂ ᠭᠥᠨ ᠤᠬᠠᠭᠠᠨ᠂ ᠤᠳᠬ᠎ᠠ ᠵᠤᠬᠢᠶᠠᠯ᠂ ᠮᠧᠬᠠᠨᠢᠭ ᠰᠤᠳᠤᠯᠤᠯ᠂ ᠲᠡᠮᠤᠷ ᠤᠨ ᠲᠠᠷᠬᠠᠨ ᠤ ᠤᠨᠤᠯ᠂ ᠵᠢᠷᠤᠬᠠᠢ ᠰᠤᠳᠤᠯᠤᠯ ᠪᠤᠯᠤᠨ ᠤᠳᠤᠨ ᠤᠷᠤᠨ ᠤ ᠰᠤᠳᠤᠯᠤᠯ ᠤᠨ ᠪᠠᠭᠠᠵᠢ ᠬᠡᠮᠵᠢᠬᠦᠷ ᠥᠢᠯᠡᠳᠬᠦ ᠶᠤᠰᠥ ᠵᠢᠴᠢ ᠬᠡᠷᠡᠭᠯᠡᠬᠦ ᠠᠷᠭ᠎ᠠ ᠵᠡᠷᠭᠡ ᠤᠯᠠᠨ ᠵᠥᠢᠯ ᠤᠨ ᠰᠢᠨᠵᠢᠯᠡᠬᠦ ᠤᠬᠠᠭᠠᠨ ᠤ ᠬᠥᠷᠢᠶ᠎ᠡ ᠬᠡᠪᠴᠢᠶ᠎ᠡ ᠶᠢ ᠪᠠᠭᠳᠠᠭᠠᠭᠰᠠᠨ ᠲᠤᠬᠠᠢ ᠶᠢᠨ ᠥᠶ᠎ᠡ ᠶᠢᠨ ᠳᠡᠯᠡᠬᠡᠢ ᠳ᠋ᠠᠬᠢᠨ ᠤ ᠤᠬᠢ ᠰᠠᠶᠢᠨ ᠲᠤᠯᠭᠤᠷ ᠪᠢᠴᠢᠭ ᠤᠳ ᠪᠠᠶᠢᠵᠡᠢ︾[16]ᠭᠡᠵᠡᠢ᠃       ᠭᠤᠷᠪᠠ᠂ ᠲᠣᠪᠴᠢ ᠳ᠋ᠦᠩᠨᠡᠯᠲᠡ      ᠮᠥᠩᠭᠡ ᠬᠠᠭᠠᠨ ᠤ ᠥᠶ᠎ᠡ ᠳᠤ ᠮᠤᠩᠭᠤᠯ ᠢᠶᠠᠷ ᠤᠷᠴᠢᠭᠤᠯᠤᠭᠳᠠᠭᠰᠠᠨ ︽ᠡᠸᠦ᠋ᠺᠯᠢᠳ᠋ ᠤᠨ ᠤᠭ ᠪᠢᠴᠢᠭ︾ ᠪᠣᠯ ᠮᠤᠩᠭᠤᠯ ᠬᠡᠯᠡᠨ ᠤ ᠪᠠᠶᠢᠭᠠᠯᠢ ᠶᠢᠨ ᠰᠢᠨᠵᠢᠯᠡᠬᠦ ᠤᠬᠠᠭᠠᠨ ᠤ ᠬᠠᠮᠤᠭ ᠤᠨ ᠡᠷᠳᠡᠨ ᠤ ᠵᠤᠬᠢᠶᠠᠯ ᠪᠤᠯᠬᠤ ᠪᠥᠭᠡᠳ ᠮᠤᠩᠭᠤᠯ ᠲᠡᠥᠬᠡ ᠰᠣᠶᠣᠯ ᠤᠨ ᠪᠠᠰᠠ ᠨᠢᠭᠡᠨ ᠥᠨᠡᠳᠦ ᠡᠷᠳᠡᠨᠢ ᠪᠤᠯᠬᠤ ᠨᠢ ᠳᠠᠮᠵᠢᠭ ᠥᠭᠡᠢ ᠶᠤᠮ᠃ ︽ᠡᠸᠦ᠋ᠺᠯᠢᠳ᠋ ᠤᠨ ᠤᠭ ᠪᠢᠴᠢᠭ︾ ᠬᠡᠮᠡᠬᠦ ᠬᠥᠮᠥᠨ ᠲᠥᠷᠥᠯᠬᠢᠲᠡᠨ ᠤ ᠠᠭᠤᠤ ᠰᠣᠳᠣᠨ ᠪᠦᠲᠦᠭᠡᠯ ᠢ ᠮᠣᠩᠭᠤᠯ ᠤᠨ ᠨᠢᠭᠡᠨ ᠦᠶ᠎ᠡ ᠶᠢᠨ ᠶᠡᠭᠡ ᠬᠠᠭᠠᠨ ᠮᠦᠡᠭᠭᠡ ᠰᠤᠳᠤᠯᠤᠨ ᠰᠢᠨᠵᠢᠯᠡᠵᠦ ᠪᠠᠶᠢᠭᠰᠠᠨ ᠶᠠᠪᠤᠳᠠᠯ ᠪᠣᠯ ᠮᠠᠰᠢ ᠰᠣᠨᠢᠷᠬᠠᠯᠲᠠᠢ ᠪᠥᠭᠡᠳ ᠰᠤᠳᠤᠯᠤᠭᠤᠰᠢᠲᠠᠢ ᠤᠴᠢᠷ ᠶᠤᠮ᠃ ︽ᠡᠸᠦ᠋ᠺᠯᠢᠳ᠋ ᠤᠨ ᠤᠭ ᠪᠢᠴᠢᠭ︾᠎ ᠨᠢ ᠡᠳᠦᠭᠡ ᠬᠦᠷᠲᠡᠯ᠎ᠡ ᠮᠣᠩᠭᠤᠯ ᠢᠶᠠᠷ ᠪᠦᠷᠢᠨ ᠪᠦᠲᠦᠨ ᠣᠷᠴᠢᠭᠤᠯᠤᠭᠳᠠᠵᠤ ᠭᠠᠷᠤᠭᠠᠳᠤᠢ ᠪᠠᠶᠢᠭᠰᠠᠭᠠᠷ᠃ ᠡᠶᠢᠮᠦ ᠠᠴᠠ ᠮᠣᠩᠭᠤᠯ ᠦᠨᠳᠦᠰᠦᠲᠡᠨ ᠤ ᠲᠡᠥᠬᠡ ᠰᠣᠶᠣᠯ ᠲᠠᠢ ᠨᠢᠭᠲᠠ ᠬᠤᠯᠪᠣᠭ᠎ᠠ ᠪᠦᠬᠦᠢ ᠡᠨᠡ ᠬᠦ ᠠᠪᠤᠷᠭᠤ ᠪᠦᠲᠦᠭᠡᠯ ᠢ ᠮᠣᠩᠭᠤᠯ ᠢᠶᠠᠷ ᠣᠷᠴᠢᠭᠤᠯᠤᠨ ᠭᠠᠷᠭᠠᠬᠤ ᠶᠠᠪᠤᠳᠠᠯ ᠴᠠᠭ ᠦᠶ᠎ᠡ ᠶᠢᠨ ᠵᠠᠶᠢᠯᠠᠰᠢ ᠦᠭᠡᠢ ᠨᠢᠭᠡᠨ ᠱᠠᠭᠠᠷᠳᠠᠯᠭ᠎ᠠ ᠪᠣᠯᠣᠭᠠᠳ ᠪᠣᠢ᠃      ᠪᠢᠳᠠ ︽ᠡᠸᠦ᠋ᠺᠯᠢᠳ᠋ ᠤᠨ ᠤᠭ ᠪᠢᠴᠢᠭ︾᠎ ᠢ ᠪᠠᠭᠲᠠᠭᠠᠭᠰᠠᠨ ᠪᠠᠶᠢᠭᠠᠯᠢ ᠶᠢᠨ ᠰᠢᠨᠵᠢᠯᠡᠬᠦ ᠤᠬᠠᠭᠠᠨ ᠤ ᠰᠣᠩᠭᠤᠳᠠᠭ ᠪᠦᠲᠦᠭᠡᠯ ᠤᠳ ᠤᠨ ᠳᠣᠬᠠᠢ ᠰᠤᠷᠲᠠᠯᠴᠢᠯᠠᠨ ᠤᠬᠠᠭᠤᠯᠬᠤ ᠪᠠᠷ ᠳᠠᠮᠵᠢᠨ ᠣᠯᠠᠨ ᠨᠡᠶᠢᠲᠡ᠂ ᠢᠯᠠᠩᠭᠤᠶ᠎ᠠ ᠵᠠᠯᠠᠭᠤ ᠪᠠᠭᠠᠴᠤᠳ ᠤᠨ ᠰᠢᠨᠵᠢᠯᠡᠬᠦ ᠤᠬᠠᠭᠠᠨ ᠤ ᠲᠡᠥᠬᠡ ᠶᠢᠨ ᠮᠡᠳᠡᠯᠭᠡ ᠶᠢᠨ ᠬᠦᠷᠢᠶ᠎ᠡ ᠬᠡᠪᠴᠢᠶ᠎ᠡ ᠶᠢ ᠲᠡᠯᠡᠵᠦ᠂ ᠲᠡᠳᠡᠨ ᠤ ᠰᠣᠨᠢᠷᠬᠠᠯ ᠢ ᠳᠠᠶᠢᠴᠢᠯᠠᠵᠤ᠂ ᠬᠥᠮᠥᠨ ᠲᠥᠷᠥᠯᠬᠢᠲᠡᠨ ᠤ ᠣᠶᠤᠨ ᠤᠬᠠᠭᠠᠨ ᠤ ᠡᠭᠦᠳᠦᠨ ᠪᠦᠲᠦᠭᠡᠯᠲᠡ ᠪᠣᠯ ᠥᠨᠢ ᠡᠭᠦᠷᠢᠳᠡ ᠶᠢᠨ ᠳᠠᠪᠲᠠᠭᠳᠠᠰᠢ ᠦᠭᠡᠢ ᠴᠢᠨᠠᠷ ᠲᠠᠢ ᠪᠠᠶᠢᠳᠠᠭ ᠭᠡᠳᠡᠭ ᠢ ᠤᠯᠠᠮ ᠭᠦᠨᠵᠡᠭᠡᠢ ᠲᠠᠨᠢᠭᠤᠯᠵᠤ᠂ ᠣᠶᠣᠨ ᠮᠡᠳᠡᠯᠭᠡ ᠰᠢᠮᠳᠠᠨ ᠰᠤᠷᠤᠯᠴᠠᠬᠤ ᠶᠢᠨ ᠷᠢᠳᠢ ᠰᠢᠳᠢ ᠶᠢ ᠠᠮᠢᠳᠤ ᠳᠦᠷᠰᠦᠯᠢᠭ ᠢᠶᠠᠷ ᠣᠶᠢᠯᠠᠭᠠᠭᠤᠯᠵᠤ ᠪᠣᠯᠣᠨ᠎ᠠ᠃     ᠵᠡᠭᠦᠯᠲᠡ ᠲᠠᠶᠢᠯᠪᠤᠷᠢ     [1][2] ᠡᠸᠦ᠋ᠺᠯᠢᠳ᠋ ᠤᠨ ᠤᠭ ᠪᠢᠴᠢᠭ᠂ ᠸᠧᠢ ᠫᠢᠩ ᠤᠷᠴᠢᠭᠤᠯᠵᠤ᠂ ᠱᠤ᠋ ᠱᠢ ᠴᠠᠨ ᠬᠢᠨᠠᠪᠠ᠂ ᠱᠠᠨᠰᠢ ᠶᠢᠨ ᠬᠡᠪᠯᠡᠯ ᠤᠨ ᠬᠤᠷᠢᠶ᠎ᠠ᠂ 2010᠄ 5᠂ 6     [3]ᠡᠸᠦ᠋ᠺᠯᠢᠳ᠋ ᠤᠨ ᠤᠭ ᠪᠢᠴᠢᠭ᠂ ᠮᠡᠳᠡᠯᠳᠦ ᠶᠢᠨ ᠮᠤᠩᠭᠤᠯᠴᠢᠯᠠᠭ᠎ᠠ ᠶᠢᠨ ︽ᠤᠷᠤᠰᠢᠯ︾[M]· ᠥᠪᠥᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1986     [4]ᠵᠡᠷᠭᠡᠴᠡᠭᠡ ᠱᠤᠭᠤᠮ ᠭᠡᠳᠡᠭ ᠨᠢ ᠵᠡᠷᠭᠡᠴᠡᠭᠡ ᠰᠢᠯᠤᠭᠤᠨ ᠢ ᠬᠡᠯᠡᠵᠦ ᠪᠠᠶᠢᠨ᠎ᠠ     [5]ᠰᠢᠯᠤᠭᠤᠨ ᠱᠤᠭᠤᠮ ᠭᠡᠳᠡᠭ ᠨᠢ ᠰᠢᠯᠤᠭᠤᠨ ᠢ ᠬᠡᠯᠡᠵᠦ ᠪᠠᠶᠢᠨ᠎ᠠ     [6][ᠶᠠᠫᠤᠨ]ᠺᠠᠽᠦ᠋ᠪᠣᠵᠢ ᠲᠠᠺᠠᠶᠢᠰᠢ᠂ ᠤᠲ᠋ᠠᠲ ᠮᠠᠼᠦ᠋ᠸᠤ᠋· ᠴᠢᠩᠭᠢᠰ ᠬᠠᠭᠠᠨ ᠬᠤᠪᠢᠯᠠᠢ ᠬᠠᠭᠠᠨ[M]· ᠭᠦᠭᠡᠬᠤᠳᠠ᠄ ᠲᠠᠯᠭᠡᠷᠴᠤᠭᠳᠤ᠂ ᠰᠤᠳᠨᠠᠮᠳᠠᠷᠵᠠ᠂ ᠰᠠᠴᠠᠨ᠂ ᠪᠤᠶᠠᠨᠳᠠᠯᠭᠡᠷ ᠤᠷᠴᠢᠭᠤᠯᠪᠠ᠂ ᠥᠪᠥᠷ ᠮᠤᠩᠭᠤᠯ ᠤᠨ ᠰᠤᠷᠭᠠᠨ ᠬᠥᠮᠥᠵᠢᠯ ᠤᠨ ᠬᠡᠪᠯᠡᠯ ᠤᠨ ᠬᠤᠷᠢᠶ᠎ᠠ᠂ 1987᠄ 293᠂ 296-297     [7][ᠫᠧᠷᠰ]ᠷᠢᠰᠢᠳ᠋ — ᠠᠳ᠋ — ᠳ᠋ᠢᠨ ᠨᠠᠶᠢᠷᠠᠭᠤᠯᠪᠠ᠂ ᠰᠤᠳᠤᠷ ᠤᠨ ᠴᠢᠭᠤᠯᠭᠠᠨ[M]·[ᠮᠤᠩᠭᠤᠯ ᠤᠯᠤᠰ]ᠰᠦᠷᠤᠩᠬᠤᠷᠯᠸ᠎ᠠ ᠮᠤᠩᠭᠤᠯᠴᠢᠯᠠᠪᠠ᠂ ᠪᠠᠯᠵᠢᠨᠢᠮ᠎ᠠ ᠪᠠᠭᠤᠯᠭᠠᠪᠠ᠂ ᠪᠡᠭᠡᠵᠢᠩ᠄ ᠦᠨᠳᠤᠰᠤᠳᠠᠨ ᠤ ᠭᠡᠪᠯᠡᠯ ᠤᠨ ᠬᠤᠷᠢᠶ᠎ᠠ᠂ 2013᠄ 549     [8]ᠫᠯᠠᠨ ᠺᠠᠷᠫᠢᠨ᠂ ᠸᠢᠯᠢᠶᠠᠮ ᠷᠦᠪᠷᠦ᠋ᠭ ᠮᠤᠩᠭᠤᠯ ᠳᠤ ᠵᠢᠭᠤᠯᠴᠢᠯᠠᠭᠰᠠᠨ ᠲᠡᠮᠳᠡᠭᠯᠡᠯ[M]· ᠭᠡᠷᠡᠯᠴᠤᠭᠳᠤ ᠤᠷᠴᠢᠭᠤᠯᠪᠠ᠂ ᠭᠦᠭᠡᠬᠤᠳᠠ᠄ ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 1987᠄ 100     [9]ᠲᠠᠶᠢᠴᠢᠭᠤᠳ· ᠮᠠᠨᠰᠠᠩ ᠡᠷᠬᠢᠯᠡᠨ ᠨᠠᠶᠢᠷᠠᠭᠤᠯᠪᠠ᠂ ᠮᠤᠩᠭᠤᠯ ᠦᠨᠳᠤᠰᠤᠳᠠᠨ ᠤ ᠪᠦᠷᠢᠨ ᠲᠡᠦᠭᠡ ︵ᠲᠠᠪᠤᠳᠤᠭᠠᠷ ᠲᠠᠪᠳᠠᠷ︶[M]· ᠮᠦᠭᠳᠡᠨ᠄ ᠯᠢᠶᠤᠤᠨᠢᠩ ᠤᠨ ᠦᠨᠳᠤᠰᠤᠳᠠᠨ ᠤ ᠭᠡᠪᠯᠡᠯ ᠤᠨ ᠬᠤᠷᠢᠶ᠎ᠠ᠂ 2004᠄ 228     [10][13]1982 ᠤᠨ ᠳᠤ ᠪᠤᠯᠤᠭᠰᠠᠨ ᠮᠤᠩᠭᠤᠯ ᠥᠨᠳᠥᠰᠥᠳᠡᠨ ᠤ ᠭᠥᠨ ᠤᠬᠠᠭᠠᠨ ᠤ ᠲᠡᠤᠬᠡ ᠰᠤᠳᠤᠯᠬᠤ ᠨᠡᠶᠢᠭᠡᠮᠯᠢᠭ ᠪᠠᠶᠢᠭᠤᠯᠤᠭᠳᠠᠬᠤ ᠬᠤᠷᠠᠯ ᠳᠡᠭᠡᠷ᠎ᠡ ᠳᠤᠮᠳᠠᠳᠦ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ ᠭᠥᠨ ᠤᠬᠠᠭᠠᠨ ᠤ ᠰᠠᠯᠪᠤᠷᠢ ᠶᠢᠨ ᠫᠷᠤᠹᠧᠰᠰᠤᠷ᠂ ᠳᠤᠮᠳᠠᠳᠦ ᠤᠯᠤᠰ ᠤᠨ ᠭᠥᠨ ᠤᠬᠠᠭᠠᠨ ᠤ ᠲᠡᠤᠬᠡ ᠶᠢᠨ ᠨᠡᠶᠢᠭᠡᠮᠯᠢᠭ ᠤᠨ ᠳᠡᠳ᠋ ᠳᠠᠷᠤᠭ᠎ᠠ ᠱᠢ ᠵᠢᠶᠦ᠋ᠨ ᠤ ᠬᠢᠭᠰᠡᠨ ᠡᠷᠳᠡᠮ ᠰᠢᠨᠵᠢᠯᠡᠭᠡᠨ ᠤ ᠢᠯᠡᠳᠭᠡᠯ ᠠᠴᠠ     [11]ᠳᠤᠮᠳᠠᠳᠦ ᠤᠯᠤᠰ ᠤᠨ ᠪᠠᠶᠢᠭᠠᠯᠢ ᠶᠢᠨ ᠰᠢᠨᠵᠢᠯᠡᠬᠦ ᠤᠬᠠᠭᠠᠨ ᠤ ᠲᠡᠤᠬᠡ ᠰᠤᠳᠤᠯᠬᠤ ᠭᠠᠵᠠᠷ᠂ ᠳᠤᠮᠳᠠᠳᠦ ᠤᠯᠤᠰ ᠤᠨ ᠡᠷᠳᠡᠨ ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠠᠮᠵᠢᠯᠳᠠ· ᠳᠤᠮᠳᠠᠳᠦ ᠤᠯᠤᠰ ᠤᠨ ᠵᠠᠯᠠᠭᠤᠴᠤᠳ ᠰᠡᠳᠭᠦᠯ ᠤᠨ ᠬᠤᠷᠢᠶ᠎ᠠ᠂ 1984᠄ 670     [12][14][15]ᠶᠤᠸᠠᠨ ᠤᠯᠤᠰ ᠤᠨ ᠠᠰᠲᠷᠤᠨᠤᠮᠢ ᠶᠢᠨ ᠲᠡᠥᠬᠡ ᠶᠢᠨ ᠨᠠᠪᠳᠠᠷᠠᠭ[M]· ᠴᠠᠭᠴᠢ ᠦᠭᠡᠯᠡᠳ᠂ ᠨᠢᠮ᠎ᠠ᠂ ᠤᠯᠠᠭᠠᠨᠬᠠᠳᠠ᠄ ᠥᠪᠥᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠂ 1993᠄ 52᠂ 58᠂ 152     [16]ᠮᠤᠩᠭᠤᠯᠴᠤᠳ ᠤᠨ ᠰᠢᠨᠵᠢᠯᠡᠬᠦ ᠤᠬᠠᠭᠠᠨ ᠲᠧᠭᠨᠢᠭ ᠤᠨ ᠲᠡᠤᠬᠡ᠂ ᠥᠪᠥᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2008         ᠠᠵᠢᠯᠯᠠᠵᠤ ᠪᠠᠶᠢᠭ᠎ᠠ ᠪᠠᠶᠢᠭᠤᠯᠭ᠎ᠠ᠄ ᠠᠪᠠᠭ᠎ᠠ ᠬᠤᠰᠢᠭᠤᠨ ᠤ ᠮᠣᠩᠭᠤᠯ ᠳᠤᠮᠳᠠᠳᠤ ᠰᠤᠷᠭᠠᠭᠤᠯᠢ                                            ︵ᠠᠯᠲᠠᠨᠰᠦ᠋ᠬᠡ ᠨᠠᠶᠢᠷᠠᠭᠤᠯᠪᠠ︶                                            2021ᠣᠨ ᠤ 2 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号