| ᠲᠤ᠋ · ᠰᠠᠴᠠᠨᠪᠠᠭᠠᠳᠤᠷ | | | ᠬᠡᠦᠬᠡᠳ ᠪᠠᠭᠠᠴᠣᠳ ᠤᠨ ᠥᠰᠴᠦ ᠪᠥᠢᠵᠢᠬᠤ᠂ ᠬᠦᠮᠦᠵᠢᠯ ᠬᠦᠷᠳᠡᠬᠦ ᠪᠥᠬᠦ ᠶᠠᠪᠣᠴᠠ ᠶᠢ ᠨᠥᠯᠣᠭᠡᠯᠡᠬᠦ | ᠲᠣᠳᠦᠭᠠᠳᠦ ᠰᠢᠯᠳᠠᠭᠠᠨ ᠭᠠᠳᠠᠭᠠᠳᠦ ᠨᠥᠬᠦᠴᠡᠯ ᠲᠣᠩ ᠣᠯᠠᠨ ᠪᠠᠶᠢᠨ᠎ᠠ᠃ ᠲᠡᠳᠡᠭᠡᠷ ᠤᠨ ᠲᠣᠳᠣᠷ᠎ᠠ ᠭᠡᠷ ᠤᠨ | ᠠᠬᠠᠮᠠᠳ᠂ ᠪᠠᠭᠰᠢ᠂ ᠰᠣᠷᠭᠠᠭᠤᠯᠢ᠂ ᠨᠡᠶᠢᠬᠡᠮ ᠭᠡᠭᠦ ᠲᠥᠷᠪᠡᠨ ᠲᠠᠯ᠎ᠠ ᠬᠠᠮᠤᠭ ᠤᠨ ᠭᠤᠣᠯ ᠪᠣᠯᠣᠨ᠎ᠠ᠃ | ᠬᠡᠦᠬᠡᠳ ᠤᠨ ᠰᠣᠷᠭᠠᠨ ᠬᠦᠮᠦᠵᠢᠯ ᠪᠣᠯ ᠭᠡᠷ ᠤᠨ ᠠᠬᠠᠮᠠᠳ᠂ ᠪᠠᠭᠰᠢ᠂ ᠰᠣᠷᠭᠠᠭᠤᠯᠢ᠂ ᠨᠡᠶᠢᠬᠡᠮ᠂ ᠲᠥᠷᠣ | ᠵᠠᠰᠠᠭ ᠠᠴᠠ ᠬᠦᠴᠦ ᠬᠠᠮᠳᠣᠳᠬᠠᠵᠦ ᠪᠡᠶᠡᠯᠡᠭᠦᠯᠬᠦ ᠶᠡᠭᠡ ᠥᠢᠯᠡᠰ᠃ ᠬᠡᠦᠬᠡᠳ ᠤᠨ ᠰᠣᠷᠭᠠᠨ ᠬᠦᠮᠦᠵᠢᠯ ᠪᠤᠯ | ᠰᠤᠷᠭᠠᠨ ᠭᠦᠮᠦᠵᠢᠭᠦᠯᠭᠦ ᠤᠬᠠᠭᠠᠨ ᠤ ᠮᠥᠩᠬᠡ ᠶᠢᠨ ᠰᠤᠳᠤᠯᠭᠠᠨ ᠤ ᠰᠡᠳᠦᠪ᠂ ᠮᠦᠨ ᠴᠦ ᠪᠥᠬᠦ ᠨᠡᠶᠢᠭᠡᠮ ᠤᠨ | ᠠᠩᠬᠠᠷᠣᠯ ᠤᠨ ᠴᠡᠭ ᠪᠤᠯᠵᠤ ᠪᠤᠢ᠃ | ᠨᠢᠭᠡ᠂ ᠭᠡᠷ ᠤᠨ ᠠᠬᠠᠮᠠᠳ | ᠬᠡᠦᠬᠡᠳ ᠤᠨ ᠰᠣᠷᠭᠠᠨ ᠬᠦᠮᠦᠵᠢᠯ ᠤᠨ ᠠᠰᠠᠭᠤᠳᠠᠯ ᠪᠣᠯ ᠭᠡᠷ ᠤᠨ ᠠᠬᠠᠮᠠᠳ ᠤᠨ ᠲᠥᠯᠬᠢᠵᠦ ᠪᠣᠯᠣᠰᠢ | ᠦᠭᠡᠢ ᠲᠠᠷᠬᠠᠨ ᠡᠭᠦᠷᠭᠡ ᠨᠠᠨᠳᠢᠨ ᠬᠠᠷᠢᠭᠤᠴᠠᠯᠭ᠎ᠠ ᠪᠣᠯᠬᠤ ᠶᠣᠮ᠃ ᠰᠣᠷᠭᠠᠨ ᠬᠦᠮᠦᠵᠢᠯ ᠤᠨ ᠡᠭᠦᠷᠭᠡ | ᠬᠠᠷᠢᠭᠤᠴᠠᠯᠭ᠎ᠠ ᠠᠴᠠ ᠠᠪᠴᠦ ᠬᠡᠯᠡᠪᠡᠯ᠂ ᠭᠡᠷ ᠤᠨ ᠠᠬᠠᠮᠠᠳ ᠨᠢ ᠬᠡᠦᠬᠡᠳ ᠤᠨ ᠢᠶᠠᠨ ᠲᠥᠯᠣᠭᠡ ᠣᠶᠣᠨ ᠣᠬᠠᠭᠠᠨ | ᠬᠦᠴᠦ ᠬᠥᠳᠡᠯᠮᠣᠷᠢ ᠪᠠᠨ ᠬᠠᠷᠠᠮ ᠦᠭᠡᠢ ᠶᠡᠭᠦᠯᠡᠬᠦ ᠨᠢ ᠵᠥᠢ᠃ ᠭᠡᠭᠦ ᠳᠤ ᠪᠠᠨ ᠪᠣᠳᠠᠳᠦ ᠠᠮᠢᠳᠣᠷᠠᠯ ᠨᠢ ᠪᠢᠳᠡᠨ ᠤ | ᠪᠣᠳᠣᠭᠰᠠᠨ ᠰᠢᠬ ᠲᠡᠶᠢᠮᠦ ᠠᠮᠠᠷᠬᠠᠨ ᠪᠢᠰᠢ᠃ ᠭᠡᠷ ᠤᠨ ᠠᠬᠠᠮᠠᠳ ᠠᠴᠠ ᠬᠡᠦᠬᠡᠳ ᠲᠤ ᠪᠠᠨ ᠡᠨᠡ ᠨᠢ ᠪᠣᠯᠬᠤ ᠦᠭᠡᠢ᠂ | ᠲᠡᠷᠡ ᠨᠢ ᠪᠣᠯᠬᠤ ᠦᠭᠡᠢ ᠭᠡᠬᠦ ᠵᠡᠷᠭᠡ ᠪᠠᠷ ᠬᠢᠷᠢ ᠬᠡᠮᠵᠢᠶᠡᠨ ᠠᠴᠠ ᠨᠢ ᠭᠡᠳᠤᠷᠡᠭᠰᠡᠨ ᠪᠣᠶᠣ ᠪᠣᠳᠠᠳᠦ ᠪᠠᠶᠢᠳᠠᠯ ᠲᠠᠢ | ᠨᠡᠶᠢᠴᠡᠬᠦ ᠦᠭᠡᠢ ᠱᠠᠭᠠᠷᠳᠠᠯᠭ᠎ᠠ ᠲᠠᠯᠪᠢᠬᠤ ᠡᠰᠡᠬᠦᠯ᠎ᠡ ᠬᠡᠦᠬᠡᠳ ᠨᠢ ᠪᠠᠰᠠ ᠡᠴᠢᠭᠡ ᠡᠬᠡ ᠶᠢ ᠪᠠᠨ ᠡᠨᠡ ᠨᠢ ᠪᠣᠯᠬᠤ | ᠦᠭᠡᠢ᠂ ᠲᠠᠷᠠ ᠨᠢ ᠪᠣᠯᠬᠤ ᠦᠭᠡᠢ ᠭᠡᠳ ᠪᠠᠶᠢᠬᠤ ᠨᠢ ᠵᠦᠡᠭᠳᠡᠭᠡᠨ ᠶᠤᠮ᠃ ᠲᠡᠭᠡᠪᠡᠯ ᠭᠡᠷᠬᠢᠨ ᠭᠡᠤᠭᠡᠳ ᠤᠨ | ᠬᠠᠶᠢᠷ᠎ᠠ ᠶᠢ ᠲᠠᠳᠠᠭᠰᠠᠨ᠂ ᠭᠡᠤᠭᠡᠳ ᠲᠤ ᠲᠤᠯᠠᠭᠠᠨ ᠪᠦᠯᠢᠶᠠᠨ ᠢ ᠤᠯᠭᠤᠬᠤ ᠪᠤᠢ︖ | ᠵᠠᠷᠢᠮ ᠭᠡᠷ ᠤᠨ ᠠᠬᠠᠮᠠᠳ ᠤᠨ ᠬᠡᠯᠡᠬᠦ ᠪᠠᠷ᠂ ᠣᠳᠣ ᠶᠢᠨ ᠬᠡᠦᠬᠡᠳ ᠢ ᠴᠤᠬᠢᠬᠤ ᠪᠠᠶᠢᠳᠤᠭᠠᠢ ᠭᠡᠯᠡᠵᠦ ᠴᠦ | ᠪᠣᠯᠬᠤ ᠦᠭᠡᠢ ᠭᠡᠨ᠎ᠠ᠂ ᠶᠤᠰᠤᠳᠠᠢ ᠶᠠᠭᠠᠬᠢᠬᠤ ᠪᠠᠨ ᠤᠯᠬᠤ ᠪᠤᠯᠤᠭᠰᠠᠨ ᠭᠡᠵᠤ ᠪᠤᠢ᠃ ᠦᠨᠡᠭᠡᠷ ᠬᠡᠦᠬᠡᠳ ᠨᠢ ᠪᠣᠯᠬᠤ | ᠦᠭᠡᠢ ᠪᠠᠶᠢᠨ᠎ᠠ ᠤᠤ ᠡᠰᠠᠭᠦᠯ᠎ᠠ ᠭᠡᠷ ᠤᠨ ᠠᠬᠠᠮᠠᠳ ᠨᠢ ᠪᠤᠯᠬᠤ ᠦᠭᠡᠢ ᠪᠠᠶᠢᠨ᠎ᠠ ᠤᠤ︖ ᠬᠡᠨ ᠨᠢ ᠪᠣᠯᠬᠤ ᠦᠭᠡᠢ | ᠪᠠᠶᠢᠭ᠎ᠠ ᠪᠣᠯ︖ ᠡᠨᠡ ᠠᠰᠠᠭᠤᠳᠠᠯ ᠢ ᠪᠥᠬᠦ ᠲᠠᠯ᠎ᠠ ᠪᠠᠷ ᠰᠡᠳᠬᠢᠵᠦ ᠨᠠᠷᠢᠨ ᠵᠠᠳᠠᠯᠣᠯᠳᠠ ᠬᠢᠬᠦ ᠭᠡᠷᠡᠭᠳᠠᠢ᠃ | ᠣᠳᠣᠬᠠᠨ ᠳᠤ ᠭᠡᠷ ᠤᠨ ᠠᠬᠠᠮᠠᠳ ᠤᠨ ᠬᠦᠮᠦᠵᠢᠯ ᠪᠤᠯᠪᠠᠰᠤᠷᠠᠯ ᠢ ᠰᠠᠶᠢᠳᠤᠷ ᠬᠢᠬᠦ ᠳᠤ ᠪᠠᠰᠠ ᠨᠡᠯᠢᠶᠡᠳ ᠬᠦᠴᠢᠷ | ᠠᠰᠠᠭᠤᠳᠠᠯ ᠤᠷᠤᠰᠢᠵᠤ ᠪᠠᠶᠢᠨ᠎ᠠ᠃ ᠨᠠᠰᠣᠨ ᠳᠤ ᠬᠦᠷᠦᠭᠰᠡᠳ ᠤᠨ ᠬᠦᠮᠦᠵᠢᠯ ᠪᠤᠯᠪᠠᠰᠤᠷᠠᠯ ᠶᠡᠭᠡ ᠪᠠᠷ ᠲᠤᠲᠠᠭᠳᠠᠵᠦ | ᠪᠠᠶᠢᠨ᠎ᠠ ᠭᠡᠵᠦ ᠲᠤᠰᠬᠠᠢ ᠮᠠᠷᠭᠡᠵᠢᠯᠳᠠᠳ ᠦᠵᠠᠵᠤ ᠪᠤᠢ᠃ ᠤᠯᠠᠨ ᠢᠶᠠᠷ ᠢᠶᠠᠨ ᠬᠡᠦᠬᠡᠳ ᠤᠨ ᠰᠣᠷᠭᠠᠨ ᠬᠦᠮᠦᠵᠢᠯ ᠤᠨ | ᠲᠠᠯ᠎ᠠ ᠳᠤ ᠠᠮᠵᠢᠯᠳᠠ ᠣᠯᠬᠤ ᠶᠢ ᠶᠡᠭᠡᠳᠡ ᠭᠦᠰᠠᠵᠤ ᠪᠤᠢ᠃ ᠭᠡᠪᠡᠴᠤ ᠨᠠᠶᠢᠭᠡᠮ ᠳᠡᠭᠡᠷ᠎ᠠ ᠰᠣᠷᠭᠠᠨ ᠬᠦᠮᠦᠵᠢᠯ ᠤᠨ | ᠠᠮᠵᠢᠯᠳᠠ ᠶᠢ ᠨᠡᠶᠢᠳᠡᠮ ᠳᠤ ᠪᠠᠨ ᠶᠡᠭᠡ ᠰᠣᠷᠭᠠᠭᠤᠯᠢ ᠶᠢᠨ ᠣᠶᠣᠳᠠᠨ ᠪᠤᠯᠬᠤ᠂ ᠣᠯᠣᠰ ᠤᠨ ᠠᠯᠪᠠᠳᠠᠨ ᠪᠤᠯᠵᠤ | ︽ᠲᠡᠮᠣᠷ ᠠᠶᠠᠭ᠎ᠠ︾ ᠤᠯᠵᠤ ᠴᠢᠳᠠᠭᠰᠠᠨ ᠢᠶᠠᠷ ᠪᠠᠷᠢᠮᠵᠢᠶ᠎ᠡ ᠪᠣᠯᠭᠠᠬᠤ ᠭᠡᠳ ᠪᠠᠶᠢᠬᠤ ᠶᠤᠮ᠃ ᠭᠡᠭᠦ ᠳᠤ ᠪᠠᠨ ᠰᠣᠷᠭᠠᠨ | ᠬᠦᠮᠦᠵᠢᠯ ᠪᠣᠯ ᠡᠶᠢᠮᠦ ᠥᠬᠦᠮᠡᠯ ᠪᠢᠰᠢ᠂ ᠨᠢᠭᠡ ᠯᠡ ᠵᠥᠭ ᠲᠤ ᠬᠠᠨᠳᠣᠬᠤ ᠪᠢᠰᠢ᠂ ᠬᠠᠷᠢᠨ ᠣᠬᠤᠷᠢᠵᠦ ᠭᠠᠷᠬᠤ | ᠣᠷᠣᠨ ᠵᠠᠢ ᠲᠠᠢ ᠪᠠᠶᠢᠬᠤ ᠬᠡᠷᠡᠭ ᠲᠠᠢ᠃ ᠪᠢᠷ · ᠭᠧᠰ ᠬᠠᠷᠸᠠᠳ᠋ ᠶᠡᠭᠡ ᠰᠤᠷᠭᠠᠭᠤᠯᠢ ᠳᠤ ᠰᠢᠯᠭᠠᠭᠤᠯᠵᠤ ᠣᠷᠣᠭᠰᠠᠨ | ᠪᠣᠯᠪᠠᠴᠦ ᠰᠤᠷᠭᠠᠭᠤᠯᠢ ᠪᠠᠨ ᠲᠡᠭᠦᠰᠦᠭᠰᠡᠨ ᠦᠭᠡᠢ᠂ ᠬᠡᠳᠡᠯ᠎ᠡ ᠲᠡᠭᠦᠨ ᠤ ᠨᠡᠶᠢᠭᠡᠮ ᠳᠤ ᠡᠭᠦᠳᠦᠭᠰᠡᠨ ᠥᠷᠳᠡᠭ ᠢ | ᠬᠡᠮᠵᠢᠶᠡᠯᠡᠬᠦ ᠶᠢᠨ ᠠᠷᠭ᠎ᠠ ᠦᠭᠡᠢ ᠶᠤᠮ᠃ ᠠᠮᠧᠷᠢᠺᠠ ᠶᠢᠨ ᠣᠯᠣᠰ ᠤᠨ ᠠᠯᠪᠠᠳᠠᠨ ᠰᠢᠯᠭᠠᠬᠤ ᠨᠣᠷᠮ᠎ᠠ ᠨᠢ 3% ᠳᠤ | ᠬᠦᠷᠴᠦ ᠪᠠᠶᠢᠬᠤ ᠳᠤ᠂ ᠲᠣᠮᠳᠠᠳᠦ ᠣᠯᠣᠰ ᠤᠨ ᠬᠢ 76% ᠳᠤ ᠬᠦᠷᠳᠡᠭ ᠭᠡᠰᠡᠨ ᠮᠠᠳᠠᠭᠡᠯᠡᠯ ᠪᠤᠢ᠃ | ᠰᠣᠷᠭᠠᠨ ᠬᠦᠮᠦᠵᠢᠯ ᠨᠢ ᠭᠡᠤᠭᠡᠳ ᠲᠤ ᠰᠣᠷᠬᠤ ᠵᠣᠬᠢᠰᠳᠠᠢ ᠮᠡᠳᠡᠯᠭᠡ ᠪᠤᠯᠪᠠᠰᠤᠷᠠᠯ ᠢ ᠡᠵᠡᠮᠰᠢᠭᠦᠯᠵᠦ᠂ ᠪᠡᠶ᠎ᠡ | ᠰᠡᠳᠬᠢᠴᠡ ᠪᠥᠬᠦ ᠲᠠᠯ᠎ᠠ ᠪᠠᠷ ᠬᠦᠮᠦᠵᠢᠭᠰᠡᠨ ᠬᠦᠮᠦᠨ ᠢ ᠬᠦᠮᠦᠵᠢᠭᠦᠯᠬᠦ ᠪᠠᠷ ᠵᠤᠷᠢᠯᠭ᠎ᠠ ᠪᠤᠯᠭᠠᠳᠠᠬ᠃ ᠥᠨᠣᠳᠦᠷ ᠤᠨ | ᠨᠡᠶᠢᠭᠡᠮ ᠠᠬᠤᠢ ᠳᠤ ᠬᠡᠦᠬᠡᠳ ᠤᠨ ᠰᠣᠷᠭᠠᠨ ᠬᠦᠮᠦᠵᠢᠯ ᠤᠨ ᠲᠠᠯ᠎ᠠ ᠪᠠᠷ ᠲᠣᠯᠢ ᠪᠣᠯᠭᠠᠬᠤ ᠲᠤᠷᠰᠢᠯᠭ᠎ᠠ ᠰᠤᠷᠭᠠᠮᠵᠢ | ᠮᠠᠰᠢ ᠣᠯᠠᠨ ᠪᠠᠶᠢᠳᠠᠬ᠃ | ᠭᠡᠷ ᠤᠨ ᠠᠬᠠᠮᠠᠳ ᠪᠣᠯ ᠭᠡᠤᠭᠡᠳ ᠤᠨ ᠤᠤᠭᠠᠨ ᠪᠠᠭᠰᠢ᠂ ᠰᠤᠶᠤᠨ ᠭᠡᠭᠡᠷᠡᠭᠦᠯᠦᠭᠴᠢ ᠥᠯᠢᠭᠡᠷ ᠲᠠᠭᠤᠷᠢᠶᠠᠯ | ᠪᠤᠯᠬᠤ ᠶᠤᠮ᠃ ᠲᠡᠭᠡᠭᠦᠯᠡᠷ ᠭᠡᠷ ᠤᠨ ᠠᠬᠠᠮᠠᠳ ᠤᠨ ᠵᠠᠩ ᠠᠷᠡᠨᠰᠢᠨ᠂ ᠥᠭᠡ ᠶᠠᠷᠢᠶ᠎ᠠ᠂ ᠥᠢᠯᠡ ᠬᠦᠳᠡᠯᠭᠡᠭᠡᠨ ᠵᠢᠴᠢ | ᠶᠣᠰᠣ ᠤᠴᠢᠷ ᠢ ᠤᠯᠠᠮᠵᠢᠯᠠᠵᠦ ᠣᠶᠢᠯᠠᠭᠠᠭᠤᠯᠬᠤ ᠠᠷᠭ᠎ᠠ ᠠᠪᠴᠠᠯ᠂ ᠮᠡᠳᠡᠯᠭᠡ ᠶᠢᠨ ᠥᠷᠭᠡᠴᠢ ᠭᠦᠨᠴᠠ ᠵᠡᠷᠭᠡ ᠠᠯᠢ | ᠪᠥᠬᠦᠨ ᠨᠢ ᠬᠡᠦᠬᠡᠳ ᠢ ᠮᠡᠳᠡᠭᠡ ᠣᠷᠣᠬᠤ ᠠᠴᠠ ᠠᠪᠣᠭᠠᠳ ᠲᠣᠮᠣ ᠬᠦᠮᠦᠨ ᠪᠣᠯᠳᠠᠯ᠎ᠠ ᠰᠠᠯᠣᠯᠳᠠ ᠦᠭᠡᠢ ᠬᠥᠳᠦᠯᠣᠨ | ᠨᠥᠯᠣᠭᠡᠯᠡᠨᠡ᠃ ᠡᠶᠢᠮᠦ ᠪᠣᠯᠬᠤᠷ ᠠᠩᠬᠠᠨ ᠤ ᠪᠠᠭᠰᠢ ᠪᠤᠯᠬᠤ ᠠᠪᠤ ᠡᠵᠢ ᠨᠠᠷ ᠬᠡᠦᠬᠡᠳ ᠢᠶᠠᠨ ᠰᠣᠷᠭᠠᠵᠦ | ᠬᠦᠮᠦᠵᠢᠭᠦᠯᠬᠦ ᠳᠤ ᠶᠡᠭᠤᠨ ᠤ ᠡᠮᠣᠨ᠎ᠡ ᠬᠡᠦᠬᠡᠳ ᠤᠨ ᠣᠷᠮ᠎ᠠ ᠪᠠᠬ᠎ᠠ ᠶᠢ ᠬᠥᠭᠵᠢᠭᠡᠬᠦ ᠬᠡᠷᠡᠭ ᠲᠠᠢ᠃ ᠰᠣᠷᠭᠠᠨ | ᠬᠦᠮᠦᠵᠢᠯ ᠤᠨ ᠤᠷᠠᠯᠢᠭ ᠨᠢ ᠣᠷᠮᠠᠰᠢᠭᠤᠯᠵᠦ ᠬᠥᠭᠵᠢᠭᠡᠬᠦ᠂ ᠰᠡᠩᠭᠡᠷᠡᠭᠦᠯᠵᠦ ᠰᠡᠷᠢᠭᠡᠬᠦ᠂ ᠣᠮᠣᠭᠰᠢᠭᠤᠯᠵᠦ | ᠵᠣᠷᠢᠬᠵᠢᠭᠤᠯᠬᠤ ᠳᠤ ᠪᠠᠶᠢᠭ᠎ᠠ ᠶᠤᠮ᠃ | ᠭᠡᠷ ᠤᠨ ᠠᠬᠠᠮᠠᠳ ᠨᠢ ᠬᠡᠦᠬᠡᠳ ᠢ ᠪᠠᠭ᠎ᠠ ᠪᠠᠶᠢᠬᠤ ᠳᠤ ᠨᠢ ᠡᠪ ᠢᠶᠠᠷ ᠰᠤᠷᠭᠠᠵᠤ ᠪᠣᠯᠣᠨ᠎ᠠ᠂ ᠬᠦᠴᠦ ᠪᠠᠷ | ᠰᠤᠷᠭᠠᠵᠤ ᠪᠣᠯᠣᠨ᠎ᠠ᠃ ᠭᠡᠪᠡᠴᠦ ᠬᠡᠦᠬᠡᠳ ᠲᠣᠮᠣ ᠪᠣᠯᠣᠭᠠᠳ ᠢᠷᠡᠪᠡᠯ ᠭᠡᠷ ᠤᠨ ᠠᠬᠠᠮᠠᠳ ᠠᠴᠠ ᠠᠶᠣᠬᠤ | ᠰᠢᠷᠬᠢᠬᠦ ᠪᠠᠨ ᠪᠤᠯᠢᠵᠤ ᠶᠣᠰᠣ ᠬᠡᠯᠡᠯᠴᠡᠵᠦ ᠮᠡᠳᠬᠡᠯᠳᠤᠨᠡ᠃ ᠬᠡᠦᠬᠡᠳ ᠬᠦᠮᠦᠨ ᠤ ᠵᠡᠷᠭᠡ ᠳᠤ ᠬᠦᠷᠪᠡᠯ ᠭᠡᠷ ᠤᠨ | ᠠᠬᠠᠮᠠᠳ ᠨᠢ ᠬᠡᠦᠬᠡᠳ ᠲᠠᠢ ᠪᠠᠨ ᠵᠥᠪᠬᠡᠨ ᠶᠣᠰᠣ ᠬᠡᠯᠡᠯᠴᠡᠬᠦ ᠠᠴᠠ ᠥᠭᠡᠷ᠎ᠡ ᠰᠠᠶᠢᠨ ᠠᠷᠭ᠎ᠠ ᠵᠠᠮ ᠪᠠᠶᠢᠬᠤ ᠦᠭᠡᠢ | ᠶᠤᠮ᠃ ᠬᠦᠮᠦᠨ ᠲᠡᠭᠷᠢ ᠭᠠᠵᠠᠷ᠂ ᠪᠤᠷᠬᠠᠨ ᠰᠠᠬᠢᠭᠤᠯᠰᠤᠨ ᠳᠤ ᠰᠦᠭᠦᠷᠡᠭᠦ ᠦᠭᠡᠢ ᠪᠠᠶᠢᠵᠦ ᠪᠣᠯᠣᠨ᠎ᠠ᠂ ᠭᠡᠪᠡᠴᠦ | ᠶᠣᠰᠣᠨ ᠳᠤ ᠪᠥᠬᠦ᠋ᠢᠬᠦ ᠬᠡᠷᠡᠭ ᠲᠠᠢ᠃ ᠬᠡᠦᠬᠡᠳ ᠢ ᠪᠠᠭ᠎ᠠ ᠠᠴᠠ ᠨᠢ ᠶᠣᠰᠣ ᠣᠴᠢᠷ ᠢ ᠲᠠᠨᠢᠭᠤᠯᠵᠦ᠂ ᠨᠡᠶᠢᠭᠡᠮ ᠤᠨ | ᠨᠢᠭᠡ ᠬᠡᠰᠢᠭᠦᠨ ᠪᠤᠯᠤᠭᠰᠠᠨ ᠤ ᠬᠤᠪᠢ ᠳᠤ ᠵᠤᠬᠢᠬᠤ ᠡᠮᠬᠢ ᠵᠢᠷᠤᠮ ᠢ ᠵᠢᠷᠤᠮᠯᠠᠬᠤ ᠭᠡᠷᠡᠭᠳᠠᠢ ᠭᠡᠳᠡᠭ ᠢ ᠮᠠᠳᠠᠭᠦᠯᠭᠦ | ᠭᠡᠷᠡᠭᠳᠠᠢ᠃ ᠬᠡᠦᠬᠡᠳ ᠢ ᠬᠦᠮᠦᠵᠢᠭᠦᠯᠬᠦ ᠳᠤ ᠶᠠᠭᠤᠨ ᠤ ᠡᠮᠦᠨ᠎ᠡ ᠬᠦᠮᠦᠨ ᠪᠣᠯᠬᠤ ᠶᠢ ᠬᠦᠮᠦᠵᠢᠭᠦᠯᠣᠨᠡ᠃ ᠬᠡᠦᠭᠡᠳ ᠢ | ᠬᠦᠮᠦᠵᠢᠭᠦᠯᠬᠦ ᠳᠤ ᠥᠬᠦᠮᠡᠯ ᠪᠠᠶᠢᠬᠤ ᠶᠢ ᠴᠡᠭᠡᠷᠯᠡᠭᠦ ᠭᠡᠷᠡᠭᠳᠠᠢ᠃ ᠬᠦᠮᠦᠨ ᠢ ᠬᠦᠮᠦᠵᠢᠭᠦᠯᠬᠦ ᠥᠢᠯᠡᠰ ᠶᠡᠷᠦ ᠨᠢ | ᠲᠣᠭᠳᠠᠭᠰᠠᠨ ᠬᠡᠪ ᠵᠠᠭᠪᠣᠷ᠂ ᠬᠤᠪᠢᠷᠠᠰᠢ ᠦᠭᠡᠢ ᠵᠣᠷ ᠭᠡᠵᠦ ᠪᠠᠶᠢᠬᠤ ᠦᠭᠡᠢ᠃ ᠲᠠᠭᠠᠭᠠᠴᠠ ᠲᠡᠰᠪᠣᠷᠢ᠂ ᠬᠠᠳᠠᠭᠤ | ᠵᠥᠭᠡᠯᠡᠨ᠂ ᠣᠶᠠᠨ ᠬᠠᠳᠠᠨ ᠢᠶᠠᠷ ᠬᠦᠮᠦᠵᠢᠭᠦᠯᠬᠦ ᠵᠠᠷᠴᠢᠮ ᠢ ᠪᠠᠷᠢᠮᠳᠠᠯᠠᠵᠦ ᠬᠡᠦᠬᠡᠳ ᠤᠨ ᠪᠣᠳᠠᠲᠠᠢ ᠪᠠᠶᠢᠳᠠᠯ ᠳᠤ | ᠵᠣᠬᠢᠴᠠᠭᠰᠠᠨ᠂ ᠰᠣᠷᠭᠠᠨ ᠬᠦᠮᠦᠵᠢᠯ ᠤᠨ ᠴᠢᠭᠯᠡᠯᠳᠡ ᠵᠣᠷᠢᠯᠭ᠎ᠠ ᠳᠤ ᠲᠣᠬᠢᠷᠠᠭᠰᠠᠨ ᠠᠷᠭ᠎ᠠ ᠪᠠᠷᠢᠯ ᠢ ᠰᠥᠪᠡᠭᠴᠢᠯᠡᠨ᠎ᠡ᠃ | ᠬᠡᠳᠦ ᠴᠢᠩᠭᠠᠯᠠᠭᠰᠠᠨ ᠬᠥᠪᠴᠢ ᠠᠮᠠᠷᠬᠠᠨ ᠲᠠᠰᠣᠷᠠᠨᠠ᠃ ᠡᠶᠢᠮᠦ ᠠᠴᠠ ᠭᠡᠤᠭᠡᠳ ᠢ ᠭᠦᠮᠦᠵᠢᠭᠦᠯᠭᠦ ᠡᠷᠴᠢᠮ | ᠭᠦᠴᠦ ᠶᠢ ᠲᠤᠬᠢᠳᠠᠢ ᠪᠠᠶᠢᠯᠭᠠᠬᠤ ᠭᠡᠷᠡᠭᠳᠠᠢ᠃ ᠲᠤᠬᠠᠢᠢᠯᠠᠪᠠᠯ᠂ ᠬᠡᠦᠬᠡᠳ ᠲᠤ ᠥᠪᠡᠷ ᠲᠤ ᠪᠠᠨ ᠲᠣᠬᠢᠷᠠᠭᠤᠯᠬᠤ | ᠴᠢᠯᠦᠭᠡᠲᠠᠢ ᠤᠷᠴᠢᠨ ᠲᠤᠭᠤᠷᠢᠨ ᠪᠠ ᠴᠠᠭ ᠮᠥᠴᠡ ᠶᠢ ᠬᠠᠩᠭᠠᠬᠤ ᠴᠢᠬᠤᠯᠠᠲᠠᠢ᠃ ᠬᠡᠦᠬᠡᠳ ᠢ ᠬᠦᠮᠦᠵᠢᠭᠦᠯᠬᠦ ᠳᠤ | ᠠᠷᠭ᠎ᠠ ᠣᠬᠠᠭᠠᠨ ᠣᠷ᠎ᠠ ᠲᠡᠮ ᠶᠡᠭᠡ ᠱᠠᠭᠠᠷᠳᠠᠭᠳᠠᠨ᠎ᠠ᠃ ︽ᠠᠮᠢ ᠮᠢᠩᠭᠠᠨ ᠯᠠᠩ ᠠᠷᠭ᠎ᠠ ᠲᠥᠮᠡᠨ ᠯᠠᠩ︾ ᠭᠡᠭᠦ | ᠬᠠᠭᠤᠴᠢ ᠦᠭᠡ ᠪᠤᠯ ᠮᠠᠨ ᠤ ᠠᠷᠠᠳ ᠲᠦᠮᠡᠨ ᠤ ᠦᠢᠯᠠᠳᠤᠯᠭᠡ ᠶᠢᠨ ᠳ᠋ᠦᠡᠭᠨᠡᠯᠳᠠ ᠪᠤᠯᠬᠤ ᠶᠤᠮ᠂ ᠡᠭᠦᠨ ᠠᠴᠠ | ᠭᠡᠤᠭᠡᠳ ᠢ ᠭᠦᠮᠦᠵᠢᠭᠦᠯᠭᠦ ᠳᠤ ᠠᠷᠭ᠎ᠠ ᠤᠬᠠᠭᠠᠨ ᠭᠡᠷᠡᠭᠳᠠᠢ ᠭᠡᠳᠡᠭ ᠢ ᠮᠠᠳᠠᠵᠤ ᠪᠤᠯᠤᠨ᠎ᠠ᠃ ᠬᠤᠨᠠᠨ ᠤ ᠨᠢᠭᠡ | ᠰᠣᠷᠭᠠᠭᠤᠯᠢ ᠳᠤ × × ᠭᠡᠳᠡᠭ ᠨᠠᠷᠠ ᠲᠠᠢ ᠰᠤᠷᠤᠭᠴᠢ ᠴᠣᠬᠢᠭᠳᠠᠵᠦ ᠦᠬᠦᠭᠰᠡᠨ ᠣᠴᠢᠷ ᠢ ᠮᠠᠳᠡᠭᠡᠯᠡᠵᠦ ᠪᠢᠯᠡ᠃ | ᠬᠡᠨ ᠴᠦ ᠬᠡᠦᠬᠡᠳ ᠢᠶᠠᠨ ᠬᠠᠶᠢᠷᠠᠯᠠᠨ᠎ᠠ᠃ ᠭᠡᠭᠦ ᠳᠤ ᠨᠡᠶᠢᠭᠡᠮ ᠬᠡᠦᠬᠡᠳ ᠢ ᠴᠢᠨᠢ ᠥᠭᠡᠳᠡ ᠨᠢ ᠲᠠᠳᠠᠬᠤ ᠴᠦ ᠮᠠᠭᠠᠳ | ᠦᠭᠡᠢ᠂ ᠤᠷᠣᠭᠤ ᠨᠢ ᠲᠥᠯᠬᠢᠴᠢᠭᠡᠭᠦ ᠴᠦ ᠮᠠᠭᠠᠳ ᠦᠭᠡᠢ᠃ ᠢᠡᠭᠬᠢᠭᠦᠯᠡᠷ ᠬᠠᠰᠢ ᠯᠠ ᠬᠠᠶᠢᠷ᠎ᠠ ᠪᠠᠨ ᠲᠣᠳᠣᠷ᠎ᠠ ᠪᠠᠨ | ᠬᠠᠯᠠ ᠪᠠᠨ ᠭᠠᠳᠠᠨ᠎ᠠ ᠪᠠᠨ ᠪᠠᠶᠢᠯᠭᠠᠵᠦ ᠪᠠᠶᠢᠭᠠᠳ ᠬᠠᠳᠠᠭᠤ ᠪᠠᠷ ᠲᠠᠪᠳᠠᠵᠦ ᠪᠣᠯᠪᠠᠰᠣᠷᠠᠭᠤᠯᠬᠤ ᠨᠢ ᠬᠡᠦᠬᠡᠳ ᠤᠨ | ᠦᠰᠦᠨ ᠪᠤᠶᠢᠵᠢᠯᠳᠠ ᠳᠤ ᠠᠴᠢ ᠲᠣᠰᠠ ᠦᠯᠠᠮᠵᠢ ᠶᠤᠮ᠃ ᠴᠠᠭ ᠤᠨ ᠠᠨᠢᠷ ᠴᠢᠮᠡᠭᠡ ᠶᠢ ᠴᠢᠩᠨᠠᠵᠦ ᠨᠡᠶᠢᠭᠡᠮ ᠤᠨ | ᠬᠥᠭᠵᠢᠯᠳᠡ ᠶᠢ ᠪᠣᠷᠪᠢᠳᠠᠨ ᠲᠠᠭᠠᠨ᠎ᠠ ᠭᠡᠵᠦ ᠠᠮᠠᠷᠬᠠᠨ ᠪᠢᠰᠢ᠃ ᠨᠡᠶᠢᠭᠡᠮ ᠬᠥᠭᠵᠢᠬᠦ ᠲᠣᠳᠣᠮ ᠬᠦᠮᠦᠨ ᠳᠤ ᠲᠠᠯᠪᠢᠬᠤ | ᠱᠠᠭᠠᠷᠳᠠᠯᠭ᠎ᠠ ᠥᠨᠳᠦᠷ ᠪᠤᠯᠵᠦ᠂ ᠥᠷᠢᠰᠦᠯᠳᠦᠭᠡᠨ ᠴᠤ ᠰᠢᠷᠦᠭᠦᠨ ᠪᠣᠯᠣᠨ᠎ᠠ᠃ ᠰᠢᠨ᠎ᠠ ᠴᠠᠭ ᠦᠶ᠎ᠠ ᠶᠢᠨ | ᠪᠠᠶᠢᠳᠠᠯ ᠳᠤ ᠵᠣᠬᠢᠴᠠᠭᠤᠯᠵᠦ ᠬᠡᠦᠬᠡᠳ ᠢ ᠬᠦᠮᠦᠵᠢᠭᠦᠯᠬᠦ ᠪᠣᠯ ᠭᠡᠷ ᠤᠨ ᠠᠬᠠᠮᠠᠳ ᠤᠨ ᠤᠶᠣᠨ ᠢᠶᠠᠨ ᠰᠢᠪᠬᠠᠵᠦ | ᠬᠦᠴᠦ ᠬᠥᠯᠥᠰᠦ ᠪᠠᠨ ᠭᠠᠷᠭᠠᠵᠦ ᠬᠥᠳᠡᠯᠮᠥᠷᠢ ᠪᠠᠨ ᠵᠠᠷᠤᠴᠠᠭᠤᠯᠬᠤ ᠨᠠᠷᠢᠯᠢᠬ ᠠᠵᠢᠯ ᠪᠣᠯᠣᠨ᠎ᠠ᠃ ᠬᠡᠦᠬᠡᠳ ᠤᠨ | ᠲᠠᠪᠤ ᠶᠢ ᠴᠢᠯᠣᠭᠡᠯᠡᠬᠦ ᠶᠢᠨ ᠰᠠᠶᠢᠨ ᠲᠠᠯ᠎ᠠ ᠠᠴᠠ ᠭᠠᠷᠳᠠᠵᠤ ᠪᠤᠳᠠᠳᠠᠢ ᠵᠠᠳᠠᠯᠤᠶ᠎ᠠ᠃ | 1. ᠭᠡᠯᠡ ᠶᠢ ᠨᠢ ᠴᠢᠯᠣᠭᠡᠯᠡᠬᠦ᠄ ᠬᠡᠦᠬᠡᠳ ᠢ ᠴᠢᠯᠦᠭᠡᠳᠠᠢ ᠶᠠᠷᠢᠭᠤᠯᠬᠤ ᠨᠢ ᠢᠯᠡᠳᠬᠡᠭᠦ ᠴᠢᠳᠠᠪᠣᠷᠢ ᠪᠠᠨ | ᠲᠡᠭᠡᠭᠰᠢᠯᠡᠭᠦᠯᠬᠦ᠂ ᠰᠠᠨᠠᠭ᠎ᠠ ᠵᠣᠷᠢᠯᠭ᠎ᠠ ᠪᠠᠨ ᠲᠤᠳᠤ ᠢᠯᠡᠳᠬᠡᠬᠦ᠂ ᠪᠣᠰᠣᠳ ᠲᠠᠢ ᠬᠠᠷᠢᠯᠴᠠᠵᠦ ᠥᠢᠯᠠᠭᠠᠯᠴᠠᠬᠤ ᠵᠡᠷᠭᠡ | ᠲᠠᠯ᠎ᠠ ᠪᠠᠷ ᠰᠠᠶᠢᠨ ᠪᠠᠶᠢᠳᠠᠬ᠃ | 2. ᠴᠢᠬᠢ ᠶᠢ ᠨᠢ ᠴᠢᠯᠤᠭᠡᠯᠡᠬᠦ᠄ ᠮᠡᠳᠡᠯᠭᠡ ᠨᠢ ᠰᠣᠨᠣᠰᠬᠤ ᠪᠠᠷ ᠲᠠᠮᠵᠢᠵᠦ ᠲᠠᠷᠢᠬᠢᠨ ᠳᠤ ᠬᠤᠷᠠᠮᠳᠣᠭᠳᠠᠨᠠ᠃ | ᠬᠡᠳᠦᠢ ᠠᠷᠪᠢᠨ ᠶᠠᠭᠤᠮ᠎ᠠ ᠰᠣᠨᠣᠰᠴᠦ ᠪᠠᠶᠢᠪᠠᠯ ᠬᠦᠮᠦᠨ ᠤ ᠲᠠᠷᠢᠬᠢᠨ ᠳᠤ ᠬᠡᠳᠦᠢ ᠠᠷᠪᠢᠨ ᠶᠠᠭᠤᠮ᠎ᠠ ᠤᠷᠤᠵᠤ | ᠢᠷᠠᠨ᠎ᠠ᠃ ᠣᠯᠠᠨ ᠶᠠᠭᠤᠮ᠎ᠠ ᠰᠣᠨᠣᠰᠬᠤ ᠨᠢ ᠬᠡᠦᠬᠡᠳ ᠤᠨ ᠰᠣᠨᠢᠭᠤᠴᠢ ᠵᠠᠩ ᠠᠷᠠᠨᠰᠢᠨ ᠳᠤ ᠶᠠᠪ ᠴᠠᠪ ᠨᠡᠶᠢᠴᠡᠨ᠎ᠡ᠃ | ᠬᠡᠦᠬᠡᠳ ᠨᠡᠶᠢᠭᠡᠮ ᠪᠠ ᠪᠠᠶᠢᠭᠠᠯᠢ ᠶᠢᠨ ᠲᠡᠷᠡ ᠤᠯᠠᠨ ᠬᠡᠷᠡᠭ ᠤᠴᠢᠷ ᠢ ᠰᠣᠨᠣᠰᠴᠦ ᠪᠠᠶᠢᠮᠠᠨᠵᠢᠨ ᠮᠡᠳᠡᠯᠭᠡ ᠨᠢ ᠪᠠᠭ᠎ᠠ | ᠪᠠᠭ᠎ᠠ ᠪᠠᠷ ᠠᠯᠭᠤᠷ ᠠᠭᠠᠵᠢᠮ ᠢᠶᠠᠷ ᠬᠤᠷᠠᠮᠳᠣᠨ᠂ ᠨᠠᠶᠢᠭᠡᠮ ᠪᠠ ᠪᠠᠶᠢᠭᠠᠯᠢ ᠶᠢᠨ ᠲᠤᠬᠠᠢ ᠰᠠᠷᠠᠯ ᠤᠨ ᠲᠠᠨᠢᠯᠳᠠ ᠨᠢ | ᠪᠦᠷᠢᠯᠳᠤᠨ᠎ᠠ᠃ | 3. ᠨᠢᠳᠦ ᠶᠢ ᠨᠢ ᠴᠢᠯᠣᠭᠡᠯᠡᠬᠦ᠄ ᠰᠤᠨᠤᠰᠬᠤ ᠠᠴᠠ ᠭᠠᠳᠠᠨ᠎ᠠ ᠪᠠᠰᠠ ᠦᠵᠡᠭᠦ ᠭᠡᠷᠡᠭᠳᠠᠢ᠃ ᠦᠵᠠᠭᠦ ᠨᠢ | ᠲᠤᠷᠰᠢᠯᠭ᠎ᠠ ᠬᠤᠷᠠᠮᠳᠤᠭᠤᠯᠤᠨ᠎ᠠ᠃ ︽ᠡᠷᠳᠡ ᠪᠣᠰᠪᠠᠯ ᠨᠢᠭᠡ ᠶᠢ ᠥᠵᠡᠵᠦ ᠣᠷᠣᠢ ᠣᠨᠳᠠᠪᠠᠯ ᠨᠢᠭᠡ ᠶᠢ ᠰᠣᠨᠣᠰᠣᠨ᠎ᠠ︾ | ᠭᠡᠳᠡᠭ ᠪᠢᠰᠢᠤ᠃ | 4. ᠬᠥᠯ ᠢ ᠨᠢ ᠴᠢᠯᠣᠭᠡᠯᠡᠬᠦ᠄ ᠬᠡᠦᠬᠡᠳ ᠪᠡᠶ᠎ᠡ ᠪᠠᠨ ᠲᠠᠭᠠᠭᠠᠵᠦ ᠬᠠᠷᠠᠭᠠᠨ ᠰᠡᠷᠡᠯ᠂ ᠰᠤᠨᠤᠰᠬᠤ ᠰᠠᠷᠠᠯ ᠢᠶᠠᠨ | ᠲᠥᠰᠢᠵᠦ᠂ ᠪᠡᠶ᠎ᠡ ᠪᠠᠷ ᠢᠶᠠᠨ ᠪᠠᠶᠢᠭᠠᠯᠢ ᠪᠠ ᠨᠡᠶᠢᠭᠡᠮ ᠲᠠᠢ ᠥᠢᠷᠠᠳᠴᠤ ᠮᠠᠳᠠᠯᠭᠡ ᠲᠤᠷᠰᠢᠯᠭ᠎ᠠ ᠪᠠᠨ ᠨᠡᠮᠡᠭᠳᠠᠭᠦᠯᠭᠦ | ᠭᠡᠷᠡᠭᠳᠠᠢ᠃ ᠬᠠᠷᠢᠨ ᠲᠠᠳᠠᠨ ᠢ ᠰᠢᠩᠭᠡᠯᠢᠭ ᠲᠤ ᠬᠤᠷᠢᠭᠰᠠᠨ ᠰᠢᠪᠠᠭᠤ ᠰᠢᠬ ᠡᠷᠬᠡ ᠴᠢᠯᠣᠭᠡ ᠶᠢ ᠨᠢ ᠬᠠᠰᠤᠵᠤ ᠪᠣᠯᠬᠤ | ᠦᠭᠡᠢ᠃ ᠨᠡᠩ ᠴᠦ ᠬᠥᠯᠡᠮᠵᠢᠨ ᠳᠤ ᠪᠤᠶᠢᠵᠢᠭᠤᠯᠵᠦ ᠪᠣᠯᠬᠤ ᠦᠭᠡᠢ᠃ | 5. ᠭᠠᠷ ᠢ ᠨᠢ ᠴᠢᠯᠥᠭᠡᠯᠡᠬᠦ᠄ ᠭᠠᠷ ᠬᠥᠳᠡᠯᠬᠦ ᠨᠢ ᠤᠶᠣᠨ ᠤ ᠲᠠᠨᠢᠯᠳᠠ ᠶᠢ ᠪᠠᠳᠣᠳᠬᠠᠨ᠎ᠠ᠃ ᠥᠢᠯᠡᠳᠦᠯᠭᠡ | ᠪᠣᠯ ᠬᠠᠮᠤᠭ ᠤᠨ ᠰᠠᠶᠢᠨ ᠬᠢᠴᠢᠶᠡᠯ᠃ ᠲᠡᠷᠡ ᠨᠢ ᠬᠠᠷᠠᠭᠠᠨ ᠰᠡᠷᠡᠯ᠂ ᠭᠠᠷ ᠤᠨ ᠮᠡᠳᠡᠷᠡᠮᠵᠢ ᠶᠢ ᠭᠦᠭᠵᠢᠭᠦᠯᠭᠦ ᠪᠣᠳᠠᠲᠠᠢ | ᠬᠢᠴᠢᠶᠡᠯ ᠪᠣᠯᠣᠨ᠎ᠠ᠃ | ᠲᠠᠭᠡᠷ᠎ᠠ ᠬᠡᠦᠬᠡᠳ ᠤᠨ ᠲᠠᠪᠤᠨ ᠡᠷᠬᠡᠳᠡᠨ ᠳᠤ ᠪᠦᠷᠢᠨ ᠡᠷᠬᠡ ᠴᠢᠯᠣᠭᠡ ᠣᠯᠭᠤᠬᠤ ᠶᠢᠨ ᠴᠢᠬᠤᠯᠠ ᠴᠢᠨᠠᠷ ᠢ | ᠦᠭᠦᠯᠡᠭᠰᠡᠨ ᠪᠠᠶᠢᠨ᠎ᠠ᠃ ᠬᠡᠦᠬᠡᠳ ᠢ ᠭᠦᠮᠦᠵᠢᠭᠦᠯᠭᠦ ᠳᠤ ᠴᠣᠷ ᠤᠨ ᠭᠠᠭᠴᠠ ᠰᠣᠷᠣᠯᠭ᠎ᠠ ᠪᠠᠷ ᠪᠢᠰᠢ᠂ ᠬᠠᠷᠢᠨ ᠪᠥᠬᠦ | ᠲᠠᠯ᠎ᠠ ᠪᠠᠷ ᠲᠠᠪᠳᠠᠨ ᠪᠤᠯᠪᠠᠰᠤᠷᠠᠭᠤᠯᠬᠤ ᠴᠢᠬᠤᠯᠠ ᠲᠠᠢ᠃ ᠠᠮᠧᠷᠢᠺᠠ ᠳᠤ ᠪᠠᠭ᠎ᠠ ᠰᠣᠷᠭᠠᠭᠤᠯᠢ ᠳᠤ ᠰᠣᠷᠣᠭᠴᠢ | ᠡᠯᠰᠠᠭᠦ ᠳᠤ ᠵᠢᠵᠢᠭ ᠪᠠᠷᠠᠭ᠎ᠠ ᠬᠤᠳᠠᠯᠳᠣᠭᠤᠯᠳᠠᠬ ᠭᠡᠨ᠎ᠠ᠃ ᠭᠡᠤᠭᠡᠳ ᠤᠳ ᠣᠯᠠᠨ ᠬᠦᠮᠦᠨ ᠲᠠᠢ ᠬᠠᠷᠢᠴᠠᠨ᠎ᠠ᠂ | ᠰᠠᠨᠠᠭ᠎ᠠ ᠵᠣᠷᠢᠯᠭ᠎ᠠ ᠪᠠᠨ ᠵᠦᠪ ᠢᠯᠡᠳᠬᠡᠨ᠎ᠡ᠂ ᠪᠠᠷᠠᠭ᠎ᠠ ᠪᠣᠷᠣᠯᠠᠭᠤᠯᠬᠤ ᠶᠠᠪᠣᠴᠠ ᠶᠢ ᠪᠡᠶᠡᠳᠡᠨ ᠥᠩᠭᠡᠷᠡᠭᠦᠯᠦᠨ᠎ᠡ᠃ | ᠡᠨᠡ ᠪᠤᠯ ᠨᠠᠶᠢᠭᠡᠮᠴᠢᠯᠡᠭᠦ ᠶᠢᠨ ᠠᠩᠬᠠᠨ ᠤ ᠠᠯᠬᠤᠮ ᠢ ᠶᠠᠪᠤᠵᠤ ᠪᠠᠶᠢᠭ᠎ᠠ ᠤᠴᠢᠷ ᠲᠠᠢ ᠶᠤᠮ᠃ | ᠭᠡᠷ ᠤᠨ ᠠᠬᠠᠮᠠᠳ ᠤᠨ ᠠᠩᠬᠠᠷᠬᠤ ᠵᠥᠢᠯ ᠲᠤᠩ ᠣᠯᠠᠨ ᠪᠠᠶᠢᠨ᠎ᠠ᠃ ᠠᠮᠢᠳᠣᠷᠠᠯ ᠠᠵᠢᠯ ᠥᠢᠯᠡᠰ ᠲᠤ ᠪᠠᠨ | ᠢᠳᠡᠪᠬᠢᠲᠠᠢ᠂ ᠢᠳᠡᠭᠡᠯ ᠲᠠᠢ ᠪᠠᠶᠢᠬᠤ ᠭᠡᠷ ᠪᠥᠯᠢ ᠶᠢᠨ ᠠᠭᠤᠷ ᠠᠮᠢᠰᠬᠤᠯ ᠨᠢ ᠬᠡᠦᠬᠡᠳ ᠤᠨ ᠪᠡᠶ᠎ᠡ ᠳᠤ ᠪᠠᠨ | ᠢᠳᠡᠬᠡᠯ ᠲᠠᠢ ᠪᠣᠯᠵᠦ ᠬᠦᠮᠦᠵᠢᠬᠦ ᠳᠤ ᠰᠠᠭᠤᠷᠢ ᠪᠣᠯᠣᠨ᠎ᠠ᠃ ᠬᠡᠦᠬᠡᠳ ᠲᠤ ᠤᠶᠣᠨ ᠰᠠᠨᠠᠭᠠᠨ ᠤ ᠰᠢᠮ᠎ᠡ ᠲᠡᠵᠢᠭᠡᠯ | ᠬᠡᠵᠢᠶ᠎ᠡ ᠴᠦ ᠲᠣᠳᠠᠵᠦ ᠪᠣᠯᠬᠤ ᠦᠭᠡᠢ᠃ ᠠᠶᠢᠯ ᠭᠡᠷ ᠲᠤ ᠪᠣᠯᠣᠭᠰᠠᠨ ᠠᠯᠢᠪᠠ ᠪᠠᠶᠠᠷ ᠬᠥᠷ᠂ ᠵᠣᠪᠠᠭᠤᠷᠢ | ᠵᠥᠳᠡᠭᠦᠷᠢ ᠶᠢ ᠬᠡᠦᠬᠡᠳ ᠲᠠᠢ ᠬᠤᠪᠢᠶᠠᠯᠴᠠᠨ᠎ᠠ᠃ ᠡᠨᠡ ᠨᠢ ᠬᠡᠦᠬᠡᠳ ᠤᠨ ᠬᠦᠴᠢᠷ ᠪᠡᠷᠬᠡ᠂ ᠵᠣᠪᠠᠭᠤᠷᠢ | ᠵᠥᠳᠡᠭᠦᠷᠢ ᠶᠢ ᠲᠠᠰᠪᠤᠷᠢᠯᠠᠵᠤ ᠲᠠᠪᠠᠭ᠋ᠤ ᠴᠢᠳᠠᠪᠣᠷᠢ ᠪᠠ ᠤᠶᠣᠨ ᠰᠠᠨᠠᠭᠠᠨ ᠤ ᠲᠠᠭᠠᠭᠠᠴᠠ ᠲᠡᠰᠪᠦᠷᠢ ᠶᠢ ᠬᠦᠮᠦᠵᠢᠭᠦᠯᠬᠦ | ᠶᠤᠮ᠃ ᠮᠥᠨ ᠴᠦ ᠨᠣᠭᠤᠷᠡᠯ ᠪᠦᠳᠦᠷᠢᠯ ᠬᠢᠭᠡᠳ ᠢᠯᠠᠭᠳᠠᠯ ᠤᠨ ᠴᠣᠬᠢᠯᠳᠠ ᠶᠢ ᠲᠠᠭᠠᠭᠠᠵᠦ ᠭᠠᠷᠬᠤ ᠵᠠᠩ | ᠠᠷᠠᠠᠰᠢᠨ ᠤ ᠰᠠᠭᠤᠷᠢ ᠪᠤᠯᠤᠨ᠎ᠠ᠃ ᠰᠢᠳᠠᠷ᠎ᠠ ᠳᠤ ︽ᠪᠤᠳᠠ ᠠᠯᠳᠠᠬᠤ ᠭᠠᠶᠢᠭᠤᠢ ᠪᠣᠳᠤᠯᠭ᠎ᠠ ᠠᠯᠳᠠᠬᠤ ᠬᠡᠴᠡᠭᠦᠦ︾ | ᠭᠡᠳᠡᠭ ᠶᠤᠮ᠃ ᠭᠡᠷ ᠤᠨ ᠠᠬᠠᠮᠠᠳ ᠴᠠᠭ ᠥᠷᠭᠦᠯᠵᠢ ᠥᠪᠡᠷ ᠤᠨ ᠮᠡᠳᠡᠯᠭᠡ ᠪᠣᠯᠪᠠᠰᠣᠷᠡᠯ ᠢᠶᠠᠨ ᠲᠡᠭᠡᠭᠰᠢᠯᠡᠭᠦᠯᠵᠤ᠂ | ᠪᠤᠳᠤᠯᠭ᠎ᠠ ᠠᠯᠳᠠᠵᠤ ᠪᠤᠯᠬᠤ ᠦᠭᠡᠢ᠃ ᠲᠠᠬᠢᠪᠠᠯ ᠬᠡᠦᠬᠡᠳ ᠤᠨ ᠲᠣᠷ᠎ᠠ ᠪᠠᠬ᠎ᠠ ᠶᠢ ᠬᠦᠨᠳᠦᠳᠬᠡᠵᠦ᠂ ᠢᠯᠡᠷᠡᠭᠦᠯᠵᠦ᠂ | ᠨᠤᠳᠠᠯᠠᠵᠦ ᠵᠣᠷᠢᠬᠵᠢᠭᠤᠯᠣᠨ᠎ᠠ᠃ ᠰᠣᠳᠣᠯᠣᠭᠴᠢ ᠠᠴᠠ ᠬᠦᠮᠦᠨ ᠤ ᠲᠣᠷ᠎ᠠ ᠪᠠᠬ᠎ᠠ ᠶᠢ ᠲᠤᠰᠬᠠᠢ ᠮᠡᠷᠭᠡᠵᠢᠯ ᠤᠨ ᠬᠢᠷᠢ | ᠲᠥᠪᠰᠢᠨ ᠠᠴᠠ ᠥᠨᠳᠦᠷ ᠥᠨᠡᠯᠡᠵᠦ ᠪᠠᠶᠢᠨ᠎ᠠ᠃ ᠥᠪᠡᠷ ᠤᠨ ᠲᠣᠷ᠎ᠠ ᠪᠠᠬ᠎ᠠ ᠲᠠᠢ ᠵᠥᠢᠯ ᠳᠤ ᠪᠠᠨ ᠰᠢᠬᠢᠳᠴᠦ | ᠥᠢᠯᠡᠰ ᠪᠥᠳᠦᠭᠡᠵᠦ ᠤᠯᠤᠰ ᠲᠥᠮᠡᠨ ᠤ ᠪᠠᠨ ᠲᠤᠮᠳᠠ ᠨᠡᠷ᠎ᠡ ᠮᠠᠨᠳᠦᠵᠦ᠂ ᠬᠥᠨᠳᠦᠳᠬᠡᠯ ᠪᠠᠭ᠋ᠠᠷᠣᠯ ᠢ ᠤᠯᠤᠭᠰᠠᠨ | ᠬᠦᠮᠦᠨ ᠲᠣᠳᠦᠭᠠᠳᠦ ᠭᠠᠳᠠᠭᠠᠳᠦ ᠳᠤ ᠤᠯᠠᠨ ᠭᠠᠷᠣᠭᠰᠠᠨ ᠢ ᠪᠦᠭᠦᠳᠡᠭᠡᠷ ᠰᠠᠶᠢᠨ ᠮᠠᠳᠠᠨ᠎ᠠ᠃ ᠤᠳᠤ ᠬᠡᠦᠬᠡᠳ ᠲᠤ | ᠤᠯᠠᠨ ᠵᠥᠢᠯ ᠢ ᠰᠣᠷᠭᠠᠨ᠎ᠠ ᠭᠡᠵᠦ ᠵᠣᠪᠠᠭᠠᠵᠦ ᠪᠠᠶᠢᠨ᠎ᠠ᠃ ᠵᠠᠷᠢᠮ ᠲᠣᠰᠬᠠᠢ ᠮᠡᠷᠭᠡᠵᠢᠯ ᠨᠢ ᠲᠣᠷ᠎ᠠ ᠪᠠᠬ᠎ᠠ ᠬᠢᠭᠡᠳ | ᠠᠪᠢᠶᠠᠰ ᠪᠢᠯᠢᠭ ᠢᠶᠠᠷ ᠨᠥᠬᠦᠴᠡᠯ ᠪᠣᠯᠭᠠᠨ᠎ᠠ᠃ ᠭᠡᠤᠭᠡᠳ ᠲᠤ ᠶᠠᠭᠤ ᠰᠣᠷᠭᠠᠨ᠎ᠠ ᠭᠡᠪᠡᠯ ᠲᠠᠳᠠ ᠴᠢᠨᠢ ᠰᠣᠷᠣᠭᠠᠳ | ᠦᠭᠴᠢᠭᠡᠭᠦ ᠪᠢᠰᠢ ᠰᠢᠤ᠃ ᠪᠠᠰᠠ ᠭᠡᠷ ᠤᠨ ᠠᠬᠠᠮᠠᠳᠴᠤᠳ ᠪᠥᠬᠦ ᠤᠴᠢᠷ ᠢ ᠪᠠᠭᠰᠢ ᠪᠠ ᠰᠣᠷᠭᠠᠭᠤᠯᠢ ᠳᠤ ᠨᠠᠶᠢᠳᠠᠵᠦ᠂ | ᠬᠡᠦᠬᠡᠳ ᠤᠨ ᠪᠡᠶ᠎ᠡ ᠰᠡᠳᠬᠢᠴᠡ ᠶᠢᠨ ᠡᠷᠡᠭᠦᠯ ᠴᠢᠬᠢᠷᠠᠭ ᠢ ᠠᠩᠬᠠᠷᠬᠤ ᠦᠭᠡᠢ᠂ ᠬᠠᠯᠠᠮᠵᠢᠯᠠᠬᠤ ᠦᠭᠡᠢ ᠪᠠᠷ | ᠬᠡᠦᠬᠡᠳ ᠤᠨ ᠴᠣᠬᠤᠮ ᠴᠢᠬᠤᠯᠠ ᠲᠠᠢ ᠴᠠᠭ ᠲᠤ ᠨᠢ ᠵᠣᠬᠢᠰᠳᠠᠢ ᠵᠢᠯᠣᠭᠤᠳᠣᠯᠭ᠎ᠠ ᠬᠢᠬᠦ ᠦᠭᠡᠢ᠂ ᠬᠡᠦᠬᠡᠳ ᠤᠨ ᠰᠠᠨᠠᠯ | ᠪᠣᠳᠣᠯ ᠢ ᠥᠢᠯᠠᠭᠠᠬᠤ ᠦᠭᠡᠢ᠂ ᠰᠠᠶᠢᠳᠤᠷ ᠨᠡᠪᠳᠡᠷᠡᠯᠴᠡᠬᠦ ᠦᠭᠡᠢ᠂ ᠬᠡᠦᠬᠡᠳ ᠤᠨ ᠲᠠᠯ᠎ᠠ ᠠᠴᠠ ᠠᠰᠠᠭᠤᠳᠠᠯ ᠢ | ᠪᠣᠳᠣᠯᠬᠢᠯᠠᠬᠤ ᠦᠭᠡᠢ ᠪᠠᠷ ᠰᠢᠢᠳᠪᠦᠷᠢ ᠭᠠᠷᠭᠠᠳᠠᠭ ᠪᠠᠶᠢᠳᠠᠯ ᠪᠠᠶᠢᠩᠭᠤ ᠣᠷᠣᠰᠢᠵᠦ ᠮᠠᠭᠤ ᠥᠷ᠎ᠡ ᠳ᠋ᠦᠩ | ᠠᠪᠴᠢᠷᠠᠬᠤ ᠪᠣᠶᠣ ᠭᠡᠤᠭᠡᠳ ᠲᠤ ᠨᠠᠰᠣᠨ ᠤ ᠬᠠᠷᠠᠮᠰᠠᠯ ᠥᠯᠡᠳᠡᠭᠡᠳᠡᠭ ᠤᠴᠢᠷ ᠣᠯᠠᠨ ᠭᠠᠷᠴᠦ ᠪᠠᠶᠢᠨ᠎ᠠ᠃ | ᠬᠡᠦᠬᠡᠳ ᠤᠨ ᠬᠦᠮᠦᠵᠢᠯ ᠨᠢ ᠬᠦᠮᠦᠨ ᠪᠣᠯᠬᠤ ᠶᠢᠨ ᠤᠭ ᠶᠣᠰᠣ ᠶᠢ ᠡᠵᠡᠮᠰᠢᠭᠦᠯᠬᠦ ᠠᠴᠠ ᠡᠬᠢᠯᠡᠵᠦ ᠨᠡᠶᠢᠭᠡᠮ | ᠲᠡᠭᠡᠷ᠎ᠡ ᠭᠠᠷᠬᠤ᠂ ᠢᠷᠡᠭᠡᠳᠦᠢ ᠳᠤ ᠬᠠᠨᠳᠣᠬᠤ ᠬᠥᠭᠵᠢᠯᠳᠡ ᠳᠤ ᠵᠣᠬᠢᠴᠠᠬᠤ ᠭᠡᠭᠦ ᠮᠠᠳᠤᠴᠢᠯᠠᠨ ᠤᠯᠠᠨ ᠲᠠᠯ᠎ᠠ ᠳᠤ | ᠰᠠᠭᠤᠷᠢ ᠲᠠᠯᠪᠢᠵᠤ ᠪᠠᠶᠢᠭ᠎ᠠ ᠶᠠᠪᠤᠳᠠᠯ ᠮᠦᠨ᠃ ᠬᠡᠦᠬᠡᠳ ᠤᠨ ᠬᠥᠭᠵᠢᠯᠳᠡ ᠶᠢᠨ ᠵᠠᠩᠭᠢᠯᠠᠭ᠎ᠠ ᠨᠢ ᠪᠦᠬᠦ ᠲᠠᠯ᠎ᠠ ᠪᠠᠷ | ᠬᠦᠮᠦᠵᠢᠭᠳᠡᠵᠤ ᠴᠢᠳᠠᠭᠰᠠᠨ ᠡᠰᠡᠬᠦ ᠳᠤ ᠪᠤᠢ᠃ ᠬᠦᠯ ᠠᠯᠳᠠᠭᠰᠠᠨ ᠬᠡᠦᠬᠡᠳ ᠤᠨ ᠣᠯᠠᠩᠬᠢ ᠨᠢ ᠤᠶᠣᠨ ᠰᠠᠨᠠᠭᠠᠨ | ᠲᠡᠭᠡᠷ᠎ᠡ ᠪᠠᠨ ᠰᠢᠷᠬ᠎ᠠ ᠰᠣᠷᠪᠢ ᠲᠠᠢ ᠪᠠᠶᠢᠵᠦ᠂ ᠪᠣᠳᠣᠯ ᠤᠨ ᠭᠦᠨ ᠳᠤ ᠪᠠᠨ ᠮᠠᠨᠠᠨ ᠲᠠᠢ ᠪᠠᠶᠢᠳᠠᠭ᠃ ᠬᠡᠷᠡᠭ | ᠲᠠᠳᠠᠭᠰᠠᠨ ᠬᠡᠦᠬᠡᠳ ᠤᠨ ᠣᠯᠠᠩᠬᠢ ᠨᠢ ︽ᠭᠠᠭᠴᠠ ᠪᠡᠶ᠎ᠡ ᠭᠡᠷ ᠪᠥᠯᠢ︾ ᠳᠤ ᠥᠰᠣᠨ ᠪᠤᠶᠢᠵᠢᠵᠦ ᠬᠠᠶᠢᠷ᠎ᠠ ᠪᠠ | ᠬᠠᠯᠠ ᠬᠤᠶᠠᠷ ᠨᠢ ᠲᠡᠩᠴᠡᠭᠦᠷᠢ ᠪᠠᠨ ᠠᠯᠳᠠᠭᠰᠠᠨ ᠪᠠᠶᠢᠳᠠᠭ᠃ ᠴᠣᠬᠤᠮ ᠶᠣᠰᠣᠨ ᠲᠡᠭᠡᠷ᠎ᠡ ᠪᠠᠨ ᠬᠡᠦᠬᠡᠳ ᠲᠤ | ᠬᠠᠶᠢᠷ᠎ᠠ ᠪᠠ ᠬᠠᠯᠠ ᠬᠤᠶᠠᠷ ᠤᠨ ᠠᠯᠢ ᠨᠢ ᠴᠤ ᠲᠣᠳᠠᠵᠦ ᠪᠣᠯᠬᠤ ᠦᠭᠡᠢ᠃ ᠡᠴᠢᠭᠡ ᠡᠬᠡ ᠬᠤᠶᠠᠷ ᠤᠨ ᠠᠯᠢ ᠨᠢ ᠴᠦ | ᠲᠣᠳᠠᠵᠦ ᠪᠣᠯᠬᠤ ᠦᠭᠡᠢ᠃ ᠪᠦᠷᠢᠨ ᠪᠦᠳᠤᠨ ᠭᠡᠷ ᠪᠦᠯᠢ ᠶᠢᠨ ᠬᠦᠮᠦᠵᠢᠯ ᠬᠦᠷᠳᠡᠬᠦ ᠪᠠ ᠭᠠᠭᠴᠠ ᠪᠡᠶ᠎ᠡ ᠭᠡᠷ | ᠪᠦᠯᠢ ᠶᠢᠨ ᠬᠦᠮᠦᠵᠢᠯ ᠢ ᠬᠦᠷᠳᠡᠬᠦ ᠨᠢ 50% ᠪᠠᠷ ᠵᠥᠷᠢᠨ᠎ᠡ᠃ ᠭᠡᠷ ᠪᠥᠯᠢ ᠶᠢᠨ ᠣᠷᠴᠢᠨ ᠲᠤᠭᠤᠷᠢᠨ᠂ ᠠᠭᠤᠷ | ᠠᠮᠢᠰᠬᠤᠯ ᠵᠡᠷᠭᠡ ᠠᠯᠢ ᠪᠣᠯᠭᠠᠨ ᠨᠢ ᠬᠡᠦᠬᠡᠳ ᠤᠨ ᠪᠣᠳᠣᠯ ᠤᠬᠠᠭᠠᠨ ᠳᠤ ᠪᠠᠶᠢᠩᠭᠤ ᠨᠡᠪᠴᠢᠨ᠎ᠡ᠃ ᠡᠶᠢᠮᠦ | ᠤᠴᠢᠷ ᠠᠴᠠ ᠥᠰᠬᠦ ᠬᠡᠦᠬᠡᠳ ᠤᠨ ᠤᠭᠤᠷᠠᠭ ᠲᠠᠷᠢᠬᠢᠨ ᠳᠤ ᠰᠡᠪ ᠣᠷᠣᠭᠤᠯᠬᠤ ᠶᠢ ᠲᠠᠰᠤ ᠴᠡᠭᠡᠷᠯᠡᠬᠦ ᠬᠡᠷᠡᠭ ᠲᠠᠢ | ᠶᠤᠮ᠃ ᠬᠡᠦᠬᠡᠳ ᠤᠨ ᠰᠡᠳᠬᠢᠯ ᠤᠨ ᠲᠠᠭᠤᠨ ᠢ ᠬᠡᠵᠢᠶ᠎ᠡ ᠥᠷᠭᠦᠯᠵᠢ ᠰᠣᠨᠣᠰᠴᠦ᠂ ᠰᠡᠳᠬᠢᠯ ᠤᠨ ᠬᠦᠳᠡᠯᠭᠡᠭᠡᠨ ᠢ ᠨᠢ | ᠪᠠᠶᠢᠩᠭᠤ ᠣᠶᠢᠯᠠᠭᠠᠵᠦ᠂ ᠬᠡᠦᠬᠡᠳ ᠤᠨ ᠪᠠᠶᠢᠳᠠᠯ ᠳᠤ ᠵᠤᠬᠢᠴᠠᠭᠰᠠᠨ ᠤᠷ᠎ᠠ ᠲᠡᠮ ᠢ ᠰᠡᠳᠦᠵᠦ᠂ ᠰᠣᠷᠭᠠᠨ | ᠭᠦᠮᠦᠵᠢᠭᠦᠯᠬᠦ ᠠᠷᠭ᠎ᠠ ᠪᠠᠷᠢᠯ ᠢ ᠠᠮᠢᠳᠣᠯᠢᠭ ᠪᠠᠶᠢᠯᠭᠠᠬᠤ ᠴᠢᠬᠤᠯᠠ ᠲᠠᠢ᠃ ᠡᠶᠢᠮᠦ ᠠᠴᠠ ᠭᠡᠷ ᠪᠥᠯᠢ ᠶᠢᠨ | ᠪᠥᠳᠦᠴᠡ ᠶᠢ ᠪᠠᠬᠢᠵᠢᠭᠦᠯᠵᠦ ᠭᠡᠷ ᠪᠥᠯᠢ ᠶᠢᠨ ᠬᠠᠷᠢᠴᠠᠭ᠎ᠠ ᠶᠢ ᠰᠠᠶᠢᠵᠢᠷᠠᠭᠤᠯᠵᠦ᠂ ᠭᠡᠷ ᠪᠥᠯᠢ ᠶᠢᠨ ᠲᠤᠳᠦᠭᠠᠳᠦ ᠶᠢᠨ | ᠬᠠᠮᠢᠶᠠᠷᠣᠯᠳᠠ ᠶᠢ ᠴᠢᠩᠭᠠᠳᠬᠠᠬᠤ ᠨᠢ ᠭᠠᠵᠠᠷ ᠲᠡᠭᠡᠷ᠎ᠡ ᠭᠠᠭᠴᠠ ᠬᠤᠶᠠᠷ ᠬᠡᠦᠬᠡᠳ ᠢᠶᠠᠨ ᠬᠦᠮᠦᠨ ᠤ ᠰᠥᠷᠦᠭ ᠲᠤ | ᠬᠦᠮᠦᠨ ᠲᠠᠢ ᠠᠳᠠᠯᠢ ᠶᠠᠪᠣᠭᠤᠯᠬᠤ ᠶᠢᠨ ᠵᠠᠶᠢᠯᠠᠰᠢ ᠦᠭᠡᠢ ᠤᠷᠢᠳᠠᠯ ᠨᠥᠬᠦᠴᠡᠯ᠂ ᠵᠠᠪᠠᠯ ᠭᠦᠢᠴᠡᠳᠭᠡᠭᠦ ᠡᠭᠦᠷᠭᠡ | ᠬᠠᠷᠢᠭᠤᠴᠠᠯᠭ᠎ᠠ ᠪᠣᠯᠣᠨ᠎ᠠ᠃ ᠭᠡᠷ ᠲᠤ ᠪᠠᠨ ᠬᠠᠷᠢᠬᠤ ᠲᠣᠷ᠎ᠠ ᠦᠭᠡᠢ᠂ ᠭᠡᠷ ᠠᠴᠠ ᠪᠠᠨ ᠤᠷᠭᠤᠨ ᠲᠣᠳᠠᠭᠠᠬᠤ᠂ | ᠡᠴᠢᠭᠡ ᠡᠬᠡ ᠳᠤ ᠪᠠᠨ ᠬᠤᠷᠣᠰᠣᠯ ᠡᠪᠦᠷᠯᠡᠬᠦ᠂ ᠣᠨᠴᠠ ᠵᠠᠷᠢᠮ ᠨᠢ ᠡᠴᠢᠭᠡ ᠡᠬᠡ ᠪᠠᠨ ᠠᠯᠠᠵᠦ ᠪᠤᠯᠠᠨ᠎ᠠ ᠭᠡᠬᠦ ᠤᠴᠢᠷ | ᠶᠠᠪᠣᠳᠠᠯ ᠤᠳ ᠮᠠᠨ ᠤ ᠲᠤᠭᠤᠷᠢᠨ ᠳᠤ ᠮᠤᠩ ᠦᠭᠡᠢ ᠭᠠᠷᠴᠤ ᠪᠠᠶᠢᠨ᠎ᠠ᠃ ᠬᠡᠦᠬᠡᠳ ᠪᠣᠯ ᠡᠴᠢᠭᠡ ᠡᠬᠡ ᠳᠤ ᠪᠠᠨ | ᠬᠠᠶᠢᠷᠠᠯᠠᠭᠳᠠᠵᠦ᠂ ᠬᠠᠯᠠᠮᠵᠢᠯᠠᠭᠳᠠᠵᠦ᠂ ᠥᠢᠯᠠᠭᠠᠭᠳᠠᠭᠰᠠᠨ ᠪᠠᠶᠢᠬᠤ ᠬᠡᠷᠡᠭ ᠲᠠᠢ᠃ ᠢᠩᠭᠢᠪᠡᠯ ᠰᠠᠶ᠋ᠢ ᠬᠡᠦᠬᠡᠳ ᠤᠨ | ᠥᠰᠣᠨ ᠪᠤᠶᠢᠵᠢᠬᠤ ᠨᠢ ᠡᠷᠡᠭᠦᠯ ᠰᠠᠷᠠᠭᠤᠯ ᠪᠠᠶᠢᠵᠦ ᠴᠢᠳᠠᠨ᠎ᠠ᠃ ᠬᠠᠶᠢᠷ᠎ᠠ ᠪᠣᠯ ᠬᠠᠮᠤᠭ ᠤᠨ ᠠᠷᠢᠭᠤᠨ ᠲᠠᠷᠬᠠᠨ | ᠬᠦᠮᠦᠵᠢᠯ ᠶᠤᠮ᠃ ᠯᠦ ᠰᠢᠶᠦ᠋ᠨ᠄ ︽ᠪᠠᠭ᠎ᠠ ᠳᠤ ᠨᠢ ᠬᠦᠮᠦᠨ ᠢᠶᠠᠷ ᠥᠵᠡᠬᠦ ᠦᠭᠡᠢ ᠪᠣᠯ ᠲᠣᠮᠤ ᠪᠣᠯᠣᠭᠠᠳ ᠬᠦᠮᠦᠨ | ᠪᠣᠯᠵᠦ ᠴᠢᠳᠠᠬᠤ ᠦᠭᠡᠢ︾ ᠭᠡᠵᠦ ᠬᠡᠯᠡᠵᠦ ᠥᠩᠭᠡᠷᠡᠭᠰᠡᠨ ᠪᠢᠯᠡ᠃ ᠣᠯᠠᠨ ᠭᠡᠷ ᠤᠨ ᠠᠬᠠᠮᠠᠳ ᠬᠡᠦᠬᠡᠳ ᠲᠤ ᠪᠠᠨ | ᠶᠠᠭᠤᠮ᠎ᠠ ᠰᠣᠷᠭᠠᠨ᠎ᠠ ᠭᠡᠵᠦ ᠤᠬᠠᠭᠠᠨ ᠦᠭᠡᠢ ᠶᠠᠭᠠᠷᠠᠨ᠎ᠠ᠃ ᠬᠡᠦᠬᠡᠳ ᠢᠶᠠᠨ ᠪᠣᠰᠣᠳ ᠠᠴᠠ ᠬᠤᠴᠣᠷᠣᠯᠠ ᠭᠡᠵᠦ | ᠰᠠᠨᠳᠤᠷᠴᠤ ᠪᠠᠴᠢᠮᠳᠠᠨ᠎ᠠ᠃ ᠲᠡᠭᠡᠭᠡᠳ ᠬᠡᠦᠬᠡᠳ ᠤᠨ ᠢᠶᠠᠨ ᠠᠶᠠᠨᠳᠠᠭᠠᠨ ᠤ ᠠᠮᠠᠷᠠᠬᠤ᠂ ᠲᠤᠭᠯᠠᠬᠤ ᠴᠠᠭ ᠢ | ᠠᠯᠪᠠᠳᠠᠯᠭ᠎ᠠ ᠶᠢᠨ ᠬᠢᠴᠢᠶᠡᠯ ᠨᠦᠭᠦᠭᠦ ᠳᠡᠭᠡᠷ᠎ᠠ ᠵᠠᠷᠤᠴᠠᠭᠤᠯᠵᠤ᠂ ᠨᠡᠶᠢᠭᠡᠮ ᠢ ᠠᠩᠬᠠᠷᠣᠭᠤᠯᠬᠤ ᠦᠭᠡᠢ᠂ ᠪᠠᠶᠢᠭᠠᠯᠢ ᠶᠢ | ᠰᠣᠨᠢᠷᠬᠠᠭᠤᠯᠬᠤ ᠦᠭᠡᠢ᠂ ᠲᠠᠷᠠ ᠮᠦᠷᠳᠡᠭᠡᠨ ᠰᠣᠷᠬᠤ ᠶᠠᠭᠤᠮ᠎ᠠ ᠨᠢ ᠠᠷᠪᠢᠨ᠂ ᠰᠣᠷᠴᠦ ᠵᠠᠪᠳᠣᠬᠤ ᠦᠭᠡᠢ᠂ | ᠰᠢᠩᠭᠡᠭᠡᠵᠦ ᠲᠡᠶᠢᠯᠬᠦ ᠦᠭᠡᠢ᠂ ᠮᠠᠷᠭᠡᠵᠢᠯ ᠪᠤᠶᠤ ᠮᠡᠷᠭᠡᠰᠢᠯ ᠤᠨ ᠪᠤᠯᠪᠠᠰᠤᠷᠠᠯ ᠢᠶᠠᠷ ᠰᠤᠯᠢᠳᠠᠬ᠃ ᠰᠣᠷᠬᠤ ᠲᠣᠷ᠎ᠠ | ᠦᠭᠡᠢ᠂ ᠰᠣᠷᠬᠤ ᠪᠠᠬ᠎ᠠ ᠦᠭᠡᠢ᠂ ᠠᠪᠢᠶᠠᠰ ᠨᠢ ᠢᠯᠡᠷᠡᠬᠦ ᠦᠭᠡᠢ᠂ ᠵᠣᠷᠢᠭ ᠨᠢ ᠬᠥᠪᠴᠢᠯᠡᠭᠳᠡᠬᠦ ᠦᠭᠡᠢ᠂ ᠤᠷᠮ᠎ᠠ | ᠠᠯᠳᠠᠷᠠᠵᠦ᠂ ᠤᠷᠤᠭᠤ ᠴᠢᠷᠠᠶᠢᠯᠠᠬᠤ᠂ ᠬᠢᠳᠡᠯ ᠠᠯᠳᠠᠵᠦ ᠪᠣᠳᠣᠯ ᠨᠢ ᠲᠥᠭᠡᠷᠢᠭᠦ ᠪᠠᠶᠢᠳᠠᠯ ᠴᠦ ᠵᠦᠡᠭᠳᠡᠭᠡᠨ ᠪᠠᠶᠢᠳᠠᠬ᠃ | ᠡᠨᠡ ᠪᠣᠯ ᠬᠡᠦᠬᠡᠳ ᠤᠨ ᠤᠶᠣᠨ ᠰᠠᠨᠠᠭ᠎ᠠ ᠪᠠ ᠪᠡᠶ᠎ᠡ ᠮᠠᠬᠠᠪᠣᠳ ᠢ ᠵᠡᠷᠭᠡ ᠳᠤ ᠨᠢ ᠲᠠᠮᠣᠯᠠᠵᠦ᠂ ᠰᠣᠷᠬᠤ ᠠᠴᠠ ᠨᠢ | ᠡᠮᠣᠨ᠎ᠡ ᠬᠠᠰᠢᠷᠠᠭᠠ ᠪᠣᠯᠭᠠᠵᠤ ᠪᠠᠶᠢᠭ᠎ᠠ ᠶᠠᠪᠤᠳᠠᠯ ᠪᠤᠯᠤᠨ᠎ᠠ᠃ ᠶᠠᠭᠠᠬᠢᠯ᠎ᠠ ᠭᠡᠳ ᠬᠡᠦᠬᠡᠳ ᠢ ᠲᠥᠮᠡᠨ ᠭᠠᠵᠠᠷ ᠤᠨ | ᠠᠶᠠᠨ ᠤ ᠲᠥᠷᠣᠭᠦᠦ ᠠᠯᠬᠤᠮ ᠲᠡᠭᠡᠷ᠎ᠡ ᠨᠢ ᠢᠯᠠᠭᠳᠠᠭᠤᠯᠵᠦ ᠵᠣᠷᠢᠭ ᠵᠢᠷᠣᠬᠡ ᠶᠢ ᠨᠢ ᠬᠤᠭᠤᠯᠵᠤ ᠪᠣᠯᠬᠤ ᠦᠭᠡᠢ | ᠭᠡᠵᠦ ᠪᠢ ᠦᠵᠡᠨ᠎ᠠ᠃ ᠣᠳᠣ ᠶᠢᠨ ᠬᠡᠦᠬᠡᠳ ᠪᠥᠷ ᠰᠡᠴᠡᠨ ᠰᠡᠷᠭᠦᠯᠡᠩ ᠭᠡᠪᠡᠴᠦ ᠰᠡᠴᠡᠨ ᠰᠡᠷᠭᠦᠯᠡᠩ᠂ ᠬᠡᠦᠬᠡᠳ ᠲᠤ | ᠮᠡᠳᠡᠯᠭᠡ ᠡᠵᠡᠮᠰᠢᠭᠦᠯᠵᠦ ᠴᠢᠳᠠᠪᠣᠷᠢᠳᠡᠨ ᠪᠣᠯᠭᠠᠵᠦ ᠬᠦᠮᠦᠵᠢᠭᠦᠯᠣᠨᠡ ᠭᠡᠳᠡᠭ ᠪᠠᠰᠠ ᠴᠦ ᠦᠯᠡᠮᠵᠢ ᠤᠬᠠᠭᠠᠨ | ᠱᠠᠭᠠᠷᠳᠠᠭᠳᠠᠬᠤ ᠥᠨᠳᠣᠷ ᠱᠠᠭᠠᠷᠳᠠᠯᠭ᠎ᠠ ᠲᠠᠢ ᠨᠠᠷᠢᠯᠢᠬ ᠠᠵᠢᠯ ᠪᠣᠯᠣᠨ᠎ᠠ᠃ ᠰᠡᠴᠡᠨ ᠰᠡᠷᠭᠦᠯᠡᠩ ᠭᠡᠤᠭᠡᠳ ᠭᠡᠳᠡᠭ | ᠪᠣᠯ ᠥᠶ᠎ᠡ ᠬᠤᠷᠠᠭᠴᠤᠤᠯ ᠤᠨ ᠲᠣᠳᠣᠷ᠎ᠠ ᠪᠠᠨ ᠪᠣᠳᠣᠵᠦ ᠰᠡᠳᠬᠢᠬᠦ᠂ ᠥᠢᠯᠠᠭᠠᠵᠦ ᠡᠵᠡᠮᠰᠢᠬᠦ᠂ ᠰᠢᠩᠭᠡᠭᠡᠵᠦ | ᠲᠣᠩᠭᠠᠬᠤ ᠵᠡᠷᠭᠡ ᠣᠯᠠᠨ ᠲᠠᠯ᠎ᠠ ᠪᠠᠷ ᠲᠠᠪᠠᠭᠤᠯᠢᠭ ᠪᠠᠶᠢᠬᠤ ᠶᠢ ᠬᠡᠯᠡᠨ᠎ᠡ᠃ ᠰᠡᠴᠡᠨ ᠰᠡᠷᠭᠦᠯᠡᠩ ᠬᠡᠦᠬᠡᠳ ᠲᠤ | ᠲᠣᠳᠣᠷᠬᠠᠢ ᠵᠠᠭᠠᠭ ᠪᠣᠶᠣ ᠢᠯᠡᠷᠬᠡᠢ ᠨᠣᠳᠠᠯᠠᠯᠳᠠ ᠪᠠᠶᠢᠬᠤ ᠦᠭᠡᠢ᠃ ᠤᠴᠢᠷ ᠨᠢ ᠡᠭᠡᠬᠡ ᠠᠳᠠᠯᠢ ᠲᠥᠷᠣᠯᠬᠢ ᠠᠪᠢᠶᠠᠰ | ᠪᠢᠯᠢᠭ ᠲᠠᠢ ᠬᠡᠦᠬᠡᠳ ᠪᠠᠶᠢᠳᠠᠯ᠎ᠠ ᠬᠤᠵᠢᠮ ᠬᠤᠶᠢᠰᠢᠬᠢ ᠶᠢᠨ ᠬᠦᠭᠵᠢᠯᠳᠡ ᠨᠢ ᠲᠤᠩ ᠶᠡᠭᠡ ᠵᠦᠷᠢᠶ᠎ᠡ ᠲᠠᠢ ᠪᠠᠶᠢᠳᠠᠬ᠃ | ᠬᠡᠦᠬᠡᠳ ᠪᠣᠯ ᠥᠯᠢᠭᠡᠷ ᠲᠡᠦᠬᠡ ᠰᠣᠨᠣᠰᠬᠤ ᠲᠣᠷ᠎ᠠ ᠲᠠᠢ᠃ ᠰᠠᠶᠢᠬᠠᠨ ᠥᠯᠢᠭᠡᠷ ᠢᠶᠠᠨ ᠲᠠᠬᠢᠨ ᠲᠠᠪᠳᠠᠨ ᠰᠣᠨᠣᠰᠬᠤ | ᠳᠤ ᠥᠢᠳᠬᠤ ᠦᠭᠡᠢ᠃ ᠬᠡᠷᠪᠡ ᠴᠢᠮ᠎ᠠ ᠳᠤ ᠶᠠᠷᠢᠭᠠᠳ ᠪᠠᠷᠠᠬᠤ ᠦᠭᠡᠢ ᠥᠯᠢᠭᠡᠷ ᠲᠡᠦᠬᠡ ᠪᠠᠶᠢᠳᠠᠭ ᠪᠤᠯ ᠲᠠᠨ ᠤ | ᠬᠡᠦᠬᠡᠳ ᠤᠨ ᠮᠡᠳᠡᠯᠭᠡ ᠪᠠᠭ᠎ᠠ ᠠᠴᠠ ᠪᠠᠨ ᠥᠷᠭᠡᠨ ᠲᠡᠯᠭᠡᠷ ᠪᠠᠶᠢᠵᠦ᠂ ᠬᠤᠵᠢᠮ ᠤᠨ ᠬᠢᠨᠢ ᠰᠣᠷᠬᠤ᠂ ᠰᠢᠩᠭᠡᠭᠡᠬᠦ | ᠪᠦᠳᠦᠭᠡᠭᠦ ᠳᠤ ᠨᠢ ᠰᠠᠶᠢᠨ ᠰᠠᠭᠤᠷᠢ ᠶᠢ ᠲᠠᠯᠪᠢᠬᠤ ᠪᠣᠯᠣᠨ᠎ᠠ᠃ ᠱᠠᠩᠬᠠᠢ ᠬᠤᠳᠠ ᠶᠢᠨ ᠢᠷᠭᠡᠳ ᠤᠨ ᠨᠣᠮ | ᠤᠩᠰᠢᠬᠰᠠᠨ ᠲᠤᠭ᠎ᠠ ᠨᠢ ᠪᠦᠭᠦ ᠤᠯᠤᠰ ᠲᠤ ᠣᠷᠦ᠋ᠢᠯᠠᠵᠦ ᠲᠤᠮᠳᠠᠴᠢ ᠪᠠᠷ ᠵᠢᠯ ᠪᠦᠷᠢ ᠳᠤ ᠬᠦᠮᠦᠨ ᠪᠦᠭᠦᠨ 8 | ᠲᠡᠪᠳᠡᠷ ᠨᠣᠮ ᠤᠩᠰᠢᠭᠰᠠᠨ ᠪᠠᠶᠢᠬᠤ ᠳᠤ᠂ ᠢᠰᠷᠧᠯ ᠳᠤ ᠢᠪᠷᠡᠶᠢᠴᠤᠳ ᠵᠢᠯ ᠳᠤ ᠭᠦᠮᠦᠨ ᠪᠦᠷᠢ ᠲᠤᠮᠳᠠᠴᠢ ᠪᠠᠷ | 64 ᠲᠡᠪᠲᠡᠷ ᠨᠣᠮ ᠤᠩᠰᠢᠳᠠᠭ ᠭᠡᠨ᠎ᠡ᠃ ᠪᠣᠰᠣᠳ ᠤᠯᠣᠰ ᠥᠨᠳᠦᠰᠦᠳᠡᠨ ᠬᠡᠪᠡᠯᠢ ᠳᠤ ᠬᠢ ᠬᠡᠦᠬᠡᠳ ᠤᠨ ᠰᠣᠷᠭᠠᠨ | ᠬᠦᠮᠦᠵᠢᠯ ᠢ ᠶᠠᠷᠢᠭᠠᠳ ᠰᠣᠳᠦᠯᠣᠭᠠᠳ ᠨᠢᠭᠡ ᠬᠡᠮᠵᠢᠶᠡᠨ ᠳᠤ ᠬᠦᠷᠦᠭᠰᠡᠨ ᠪᠠᠶᠢᠬᠤ ᠳᠤ᠂ ᠮᠠᠨ ᠤ ᠣᠯᠣᠰ ᠡᠨᠡ ᠭᠦ | ᠲᠠᠯ᠎ᠠ ᠪᠠᠷ ᠨᠠᠯᠢᠶᠠᠳ ᠬᠤᠴᠤᠷᠤᠩᠭᠤᠢ ᠪᠠᠶᠢᠨ᠎ᠠ᠃ ᠬᠡᠦᠬᠡᠳ ᠢ ᠬᠥᠯᠡᠮᠵᠢᠨ ᠳᠤ ᠪᠤᠶᠢᠵᠢᠭᠤᠯᠵᠦ ᠪᠣᠯᠬᠤ ᠦᠭᠡᠢ᠂ | ᠨᠡᠩ ᠴᠦ ᠰᠢᠩᠭᠡᠯᠢᠭ ᠲᠤ ᠬᠤᠷᠢᠵᠦ ᠪᠣᠯᠬᠤ ᠦᠭᠡᠢ ᠭᠡᠳᠡᠭ ᠶᠣᠰᠣ ᠶᠢ ᠬᠡᠨ ᠴᠦ ᠪᠥᠷ ᠮᠡᠳᠡᠨ᠎ᠡ᠃ ᠭᠡᠪᠡᠴᠦ ᠪᠣᠳᠠᠲᠠᠢ | ᠰᠣᠷᠭᠠᠨ ᠬᠦᠮᠦᠵᠢᠯ ᠤᠨ ᠶᠠᠪᠣᠴᠠ ᠳᠤ ᠬᠡᠦᠬᠡᠳ ᠢ ᠰᠢᠩᠭᠡᠯᠢᠭ ᠲᠤ ᠬᠤᠷᠢᠭᠠᠳ ᠪᠠᠶᠢᠨ᠎ᠠ᠃ ᠡᠨᠡ ᠭᠦ ᠠᠯᠳᠠᠭ᠎ᠠ ᠶᠢ | ᠭᠡᠷ ᠤᠨ ᠠᠬᠠᠮᠠᠳᠴᠤᠳ ᠭᠠᠷᠭᠠᠵᠦ ᠥᠩᠭᠡᠷᠡᠭᠰᠡᠨ ᠪᠢᠯᠡ᠃ ᠬᠦᠮᠦᠨ ᠪᠣᠯ ᠲᠡᠭᠡᠳᠦ ᠵᠡᠷᠭᠡ ᠶᠢᠨ ᠠᠮᠢᠳᠠᠨ ᠪᠣᠯᠬᠤᠷ | ᠮᠥᠨ ᠲᠡᠭᠡᠳᠦ ᠵᠡᠷᠭᠡ ᠶᠢᠨ ᠠᠮᠢᠳᠠᠨ ᠤ ᠱᠠᠭᠠᠷᠳᠠᠯᠭ᠎ᠠ ᠪᠠᠷ ᠠᠮᠢᠳᠣᠷᠠᠵᠦ ᠣᠷᠣᠰᠢᠨ᠎ᠠ᠃ | ᠨᠢᠭᠡ ᠤᠯᠣᠰ ᠣᠷᠣᠨ ᠳᠤ ᠪᠥᠬᠦ ᠠᠷᠠᠳ ᠢᠷᠭᠡᠳ ᠤᠨ ᠴᠢᠨᠠᠷ ᠴᠢᠨᠰᠠᠭ᠎ᠠ ᠪᠤᠯ ᠶᠠᠭᠤᠨ ᠠᠴᠠ ᠴᠦ ᠴᠢᠬᠤᠯᠠ | ᠶᠤᠮ᠃ ︽ᠶᠠᠭᠤᠮ᠎ᠠ ᠪᠥᠬᠦᠨ ᠳᠤ ᠬᠡᠦᠬᠡᠳ ᠲᠤ ᠨᠠᠶᠢᠷ ᠲᠠᠯᠪᠢᠵᠦ ᠠᠯᠢᠪᠠ ᠪᠠᠨ ᠥᠷᠡᠭᠳᠡᠭᠦᠯᠬᠦ᠂ ᠴᠢᠨᠠᠭᠰᠢᠯᠠᠪᠠᠯ | ᠥᠪᠡᠷ ᠤᠨ ᠵᠤᠯ ᠵᠢᠷᠭᠠᠯ ᠢᠶᠠᠨ ᠦᠷᠡᠭᠳᠡᠭᠦᠯᠬᠦ ᠪᠣᠯ ᠡᠴᠢᠭᠡ ᠡᠬᠡ ᠠᠴᠠ ᠬᠡᠦᠬᠡᠳ ᠲᠤ ᠪᠠᠨ ᠥᠭᠭᠦᠭᠰᠡᠨ ᠬᠠᠮᠤᠭ ᠤᠨ | ᠠᠶᠣᠮᠰᠢᠭ ᠲᠠᠢ ᠪᠡᠯᠡᠭ ᠶᠤᠮ︾ ᠭᠡᠵᠦ ᠣᠷᠣᠰ ᠤᠨ ᠮᠠᠺᠧᠯᠢᠶᠠᠨᠽᠦ᠋ᠨ ᠬᠡᠯᠡᠪᠡ᠃ ᠮᠠᠨ ᠤ ᠠᠷᠠᠳ ᠲᠥᠮᠡᠨ ᠴᠦ | ︽ᠬᠠᠶᠢᠷ᠎ᠠ ᠶᠡᠬᠡᠳᠪᠡᠯ ᠬᠠᠯᠠ ᠪᠣᠯᠣᠨ᠎ᠠ︾ ᠭᠡᠵᠦ ᠶᠠᠷᠢᠭᠠᠳ ᠪᠠᠶᠢᠳᠠᠭ᠃ ︽ᠬᠡᠷᠪᠡ ᠮᠠᠨᠣᠰ ᠲᠤ ᠰᠣᠷᠳᠠᠯ ᠬᠦᠮᠦᠵᠢᠯ | ᠲᠣᠳᠠᠭᠰᠠᠨ ᠪᠠᠶᠢᠪᠠᠯ ᠬᠡᠦᠬᠡᠳ ᠢ ᠬᠦᠮᠦᠵᠢᠭᠦᠯᠬᠦ ᠭᠡᠳᠡᠭ ᠱᠠᠯ ᠲᠡᠮᠡᠢ ᠴᠠᠯᠴᠢᠶ᠎ᠠ ᠪᠣᠯᠣᠨ᠎ᠠ︾ ᠭᠡᠰᠡᠨ ᠭᠤᠷᠺᠢ ᠶᠢᠨ | ᠥᠭᠡ ᠪᠠᠶᠢᠨ ᠲᠠᠬᠢᠨ ᠰᠠᠨᠠᠭᠠᠨ ᠳᠤ ᠣᠷᠣᠵᠦ ᠢᠷᠡᠭᠡᠳ ᠪᠠᠶᠢᠳᠠᠭ᠃ ︽ᠬᠡᠦᠬᠡᠳ ᠤᠨ ᠬᠤᠪᠢ ᠵᠠᠶᠠᠭ᠎ᠠ ᠶᠢ ᠡᠴᠢᠭᠡ | ᠡᠬᠡ ᠨᠢ ᠲᠣᠭᠳᠠᠭᠠᠨ᠎ᠠ︾ ᠴᠤ ᠭᠡᠳᠡᠭ᠃ ᠡᠨᠡ ᠪᠣᠯ ᠡᠴᠢᠭᠡ ᠡᠬᠡ ᠶᠢᠨ ᠡᠭᠦᠷᠭᠡ ᠬᠠᠷᠢᠭᠤᠴᠠᠯᠭ᠎ᠠ ᠲᠦᠢᠯ ᠤᠨ ᠬᠦᠨᠳᠦ | ᠴᠢᠬᠤᠯᠠ ᠭᠡᠰᠡᠨ ᠢ ᠬᠠᠷᠠᠭᠤᠯᠵᠦ ᠪᠠᠶᠢᠨ᠎ᠠ᠃ ᠬᠡᠦᠬᠡᠳ ᠲᠤ ᠡᠬᠡ ᠶᠢᠨ ᠬᠢᠨᠢ ᠬᠠᠶᠢᠷ᠎ᠠ ᠲᠣᠳᠠᠵᠦ ᠪᠣᠯᠬᠤ ᠦᠭᠡᠢ | ᠭᠡᠬᠦ ᠳᠤ ᠡᠴᠢᠭᠡ ᠶᠢᠨ ᠬᠢᠨᠢ ᠬᠠᠯᠠ ᠴᠦ ᠲᠣᠳᠠᠵᠦ ᠪᠣᠯᠬᠤ ᠦᠭᠡᠢ᠃ ᠬᠠᠶᠢᠷ᠎ᠠ ᠨᠢ ᠠᠬᠠᠳᠠᠭᠰᠠᠨ ᠪᠤᠶᠤ ᠬᠠᠯᠠ ᠨᠢ | ᠬᠡᠳᠦᠷᠡᠭᠰᠡᠨ ᠵᠢᠱᠢᠶ᠎ᠡ ᠪᠣᠳᠠᠳᠦ ᠠᠮᠢᠳᠣᠷᠠᠯ ᠳᠤ ᠵᠦᠡᠭᠳᠡᠭᠡᠨ ᠬᠠᠷᠠᠭᠳᠠᠨ᠎ᠠ᠃ ᠭᠡᠪᠡᠴᠦ ᠬᠡᠦᠬᠡᠳ ᠤᠨ ᠪᠡᠶ᠎ᠡ ᠲᠡᠭᠡᠷ᠎ᠡ | ᠲᠠᠯᠪᠢᠬᠤ ᠬᠦᠰᠡᠯ ᠡᠷᠡᠮᠡᠯᠵᠡᠯ ᠳᠤ ᠬᠢᠵᠠᠭᠠᠷ ᠪᠠᠶᠢᠬᠤ ᠦᠭᠡᠢ᠃ ᠭᠡᠳᠡᠯ᠎ᠡ ᠬᠡᠦᠬᠡᠳ ᠪᠤᠯ ᠶᠠᠮᠠᠷ ᠪᠤᠯ ᠶᠠᠮᠠᠷ ᠢᠶᠠᠷ ᠢᠶᠠᠨ | ᠥᠨᠡᠨ ᠪᠣᠳᠠᠳᠠᠢ ᠠᠬᠤᠶᠢᠴᠢ ᠪᠠᠷ ᠥᠰᠴᠦ ᠪᠤᠶᠢᠵᠢᠨ᠎ᠠ᠂ ᠬᠠᠷᠢᠨ ᠴᠢᠨᠣ ᠬᠦᠰᠡᠯᠡᠩ ᠤᠨ ᠶᠢᠷᠳᠢᠨᠴᠦ ᠶᠢᠨ ᠲᠤᠳᠤᠷ᠎ᠠ | ᠬᠦᠮᠦᠵᠢᠵᠦ ᠪᠤᠶᠢᠵᠢᠬᠤ ᠪᠢᠰᠢ ᠶᠤᠮ᠃ | ᠰᠣᠶᠣᠯ ᠰᠣᠷᠬᠤ ᠶᠢ ᠡᠷᠬᠢᠮᠯᠡᠵᠦ᠂ ᠶᠣᠰᠣ ᠰᠣᠷᠳᠠᠬᠤᠨ ᠢ ᠤᠮᠳᠤᠭᠠᠶᠢᠯᠠᠬᠤ ᠥᠵᠡᠭᠳᠡᠯ ᠴᠦ ᠬᠠᠷᠠᠭᠳᠠᠨ᠎ᠠ᠃ | ᠬᠡᠦᠬᠡᠳ ᠢ ᠬᠦᠮᠦᠵᠢᠭᠦᠯᠬᠦ ᠳᠤ ᠪᠡᠶ᠎ᠡ ᠮᠠᠬᠠᠪᠣᠳ᠂ ᠶᠣᠰᠣ ᠰᠤᠷᠳᠠᠬᠤᠨ᠂ ᠤᠶᠤᠨ ᠣᠬᠠᠭᠠᠨ᠂ ᠭᠤᠸ᠎ᠠ ᠰᠠᠶᠢᠬᠠᠨ᠂ | ᠭᠦᠳᠠᠯᠮᠤᠷᠢ ᠡᠨᠡ ᠲᠠᠪᠤ ᠶᠢᠨ ᠠᠯᠢ ᠨᠢᠭᠡ ᠶᠢ ᠨᠢ ᠴᠦ ᠬᠥᠩᠭᠡᠪᠴᠢᠯᠡᠵᠦ ᠪᠣᠯᠬᠤ ᠦᠭᠡᠢ᠂ ᠬᠡᠷᠪᠡ ᠶᠣᠰᠤ | ᠰᠣᠷᠳᠠᠬᠤᠨ ᠢ ᠠᠩᠬᠠᠷᠬᠤ ᠦᠭᠡᠢ ᠪᠤᠯ ᠠᠶᠣᠯ ᠤᠨ ᠥᠨᠳᠦᠰᠦ ᠶᠢ ᠲᠠᠷᠢᠵᠤ ᠪᠠᠶᠢᠨ᠎ᠠ ᠭᠡᠰᠡᠨ ᠦᠭᠡ᠃ ᠵᠠᠯᠠᠭᠤ | ᠪᠠᠭᠠᠴᠣᠳ ᠤᠨ ᠶᠠᠯ᠎ᠠ ᠬᠢᠬᠦ ᠨᠤᠷᠮ᠎ᠠ ᠲᠡᠭᠡᠭᠰᠢᠯᠡᠵᠦ ᠪᠠᠶᠢᠨ᠎ᠠ᠃ ᠭᠡᠤᠭᠡᠳ ᠢ ᠬᠡᠳᠦ ᠬᠢᠵᠠᠭᠠᠷᠯᠠᠬᠤ᠂ ᠭᠡᠳᠤ | ᠲᠣᠷ᠎ᠠ ᠪᠠᠷ ᠨᠢ ᠲᠠᠯᠪᠢᠬᠤ ᠵᠡᠷᠭᠡ ᠪᠤᠯ ᠬᠡᠦᠬᠡᠳ ᠪᠠᠭᠠᠴᠣᠳ ᠤᠨ ᠪᠡᠶ᠎ᠡ ᠰᠡᠳᠬᠢᠴᠡ ᠶᠢᠨ ᠡᠷᠡᠭᠦᠯ ᠰᠠᠷᠠᠭᠤᠯ | ᠪᠤᠶᠢᠵᠢᠬᠤ ᠶᠢ ᠬᠠᠷᠰᠢᠯᠠᠬᠤ ᠬᠤᠣᠷ ᠤᠨ ᠥᠨᠳᠦᠰᠦ ᠪᠤᠯᠤᠨ᠎ᠠ᠃ ᠶᠠᠮᠠᠷᠪᠠ ᠶᠠᠭᠤᠮ᠎ᠠ ᠬᠡᠮᠵᠢᠶ᠎ᠡ ᠬᠢᠵᠠᠭᠠᠷ ᠦᠭᠡᠢ | ᠪᠠᠶᠢᠵᠦ ᠪᠤᠯᠬᠤ ᠦᠭᠡᠢ᠂ ᠲᠠᠯ᠎ᠠ ᠬᠦᠷᠦᠭᠰᠡᠨ ᠴᠦ ᠲᠠᠷᠣᠯᠭ᠎ᠠ ᠲᠠᠢ ᠪᠠᠶᠢᠳᠠᠭ᠃ ᠰᠣᠷᠭᠠᠨ ᠬᠦᠮᠦᠵᠢᠯ ᠪᠣᠯ | ᠲᠦᠢᠯ ᠤᠨ ᠨᠠᠷᠢᠯᠢᠬ ᠪᠥᠭᠡᠳ ᠲᠠᠭᠠᠭᠠᠴᠠ ᠲᠠᠢ ᠪᠠᠶᠢᠬᠤ ᠶᠢ ᠪᠠᠶᠢᠩᠭᠤ ᠱᠠᠭᠠᠷᠳᠠᠳᠠᠭ ᠣᠨᠴᠠᠭᠠᠢ ᠠᠵᠢᠯ ᠲᠥᠷᠣᠯ | ᠮᠦᠨ᠃ ᠪᠣᠳᠣᠯ ᠰᠠᠨᠠᠭ᠎ᠠ ᠪᠤᠯ ᠨᠢᠳᠦᠨ ᠳᠤ ᠥᠵᠡᠭᠳᠡᠵᠦ ᠭᠠᠷ ᠲᠤ ᠪᠠᠷᠢᠭᠳᠠᠬᠤ ᠶᠠᠭᠤᠮ᠎ᠠ ᠪᠢᠰᠢ᠃ ᠬᠦᠮᠦᠨ ᠤ | ᠪᠡᠶ᠎ᠡ ᠰᠡᠳᠬᠢᠴᠡ ᠶᠢ ᠵᠠᠰᠠᠵᠦ ᠵᠠᠯᠠᠨ᠎ᠠ ᠭᠡᠳᠡᠭ ᠪᠤᠯ ᠮᠠᠰᠢ ᠨᠠᠷᠢᠯᠢᠬ ᠬᠥᠳᠡᠯᠮᠣᠷᠢ ᠶᠢ ᠱᠠᠭᠠᠷᠳᠠᠬᠤ ᠶᠤᠮ᠃ | ᠬᠤᠶᠠᠷ᠂ ᠪᠠᠭᠰᠢ | ᠭᠡᠤᠭᠡᠳ ᠢ ᠶᠠᠭᠠᠬᠢᠵᠤ ᠭᠦᠮᠦᠵᠢᠭᠦᠯᠭᠦ ᠪᠤᠢ︖ ᠬᠡᠦᠬᠡᠳ ᠲᠤ ᠶᠠᠭᠠᠬᠢᠵᠦ ᠡᠷᠳᠡᠮ ᠮᠡᠳᠡᠯᠭᠡ ᠡᠵᠡᠮᠰᠢᠭᠦᠯᠬᠦ ᠪᠣᠢ | ᠭᠡᠳᠡᠭ ᠪᠣᠯ ᠪᠠᠭᠰᠢ ᠨᠠᠷ ᠤᠨ ᠪᠠᠶᠢᠩᠭᠤ ᠰᠣᠳᠣᠯᠬᠤ ᠰᠡᠳᠦᠪ ᠪᠠᠶᠢᠭ᠎ᠠ᠃ ᠭᠡᠭᠦ ᠳᠤ ᠪᠠᠨ ᠭᠡᠷ ᠤᠨ ᠠᠬᠠᠮᠠᠳ ᠨᠢ | ᠭᠡᠤᠭᠡᠳ ᠢ ᠰᠤᠷᠭᠠᠨ ᠭᠦᠮᠦᠵᠢᠭᠦᠯᠭᠦ ᠡᠭᠦᠷᠭᠡ ᠶᠢ ᠪᠦᠭᠦᠨ ᠢ ᠪᠠᠭᠰᠢ ᠳᠤ ᠨᠠᠶᠢᠳᠠᠭᠠᠳ ᠪᠣᠯᠬᠤ ᠦᠭᠡᠢ᠃ ᠬᠠᠷᠢᠨ | ᠪᠠᠭᠰᠢ ᠨᠠᠷ ᠲᠠᠢ ᠥᠷᠭᠦᠯᠵᠢ ᠬᠠᠷᠢᠴᠠᠵᠦ᠂ ᠭᠡᠷ ᠪᠥᠯᠢ ᠶᠢᠨ ᠪᠠᠶᠢᠳᠠᠯ᠂ ᠬᠡᠦᠬᠡᠳ ᠤᠨ ᠪᠣᠳᠣᠯ ᠰᠠᠨᠠᠭ᠎ᠠ᠂ ᠥᠢᠯᠡ | ᠠᠵᠢᠯᠯᠠᠭᠠᠨ ᠤ ᠲᠤᠬᠠᠢ ᠶᠠᠷᠢᠯᠴᠠᠨ ᠵᠥᠪᠳᠡᠯᠴᠡᠬᠦ ᠨᠢ ᠮᠠᠰᠢ ᠴᠢᠬᠤᠯᠠ ᠪᠠᠶᠢᠳᠠᠭ᠃ ᠬᠡᠦᠬᠡᠳ ᠲᠤ ᠲᠠᠪᠠᠭᠤᠯᠢᠭ ᠲᠠᠯ᠎ᠠ | ᠠᠷᠪᠢᠨ ᠪᠠᠶᠢᠨ᠎ᠠ ᠭᠡᠬᠦ ᠳᠤ ᠪᠠᠭᠤᠷᠠᠢ ᠲᠠᠯ᠎ᠠ ᠴᠦ ᠴᠦᠭᠡᠨ ᠪᠠᠶᠢᠨ᠎ᠠ᠃ ᠬᠠᠶᠢᠷ᠎ᠠ ᠨᠢ ᠠᠬᠠᠳᠠᠬᠤ᠂ ᠬᠠᠶᠢᠷ᠎ᠠ ᠨᠢ | ᠪᠠᠭᠠᠳᠠᠬᠤ ᠪᠦᠷ ᠲᠠᠭᠠᠷᠠᠬᠤ ᠦᠭᠡᠢ᠃ ᠨᠥᠭᠦᠭᠡ ᠲᠠᠯ᠎ᠠ ᠪᠠᠷ ᠨᠡᠶᠢᠭᠡᠮ ᠤᠨ ᠠᠭᠤᠷ ᠠᠮᠢᠰᠬᠤᠯ᠂ ᠵᠢᠱᠢᠶᠡᠯᠡᠪᠡᠯ᠂ | ᠰᠦᠯᠵᠢᠶᠡᠨ ᠨᠠᠭᠠᠳᠤᠮ᠂ ᠸᠢᠴᠠᠲ ᠲᠤ ᠰᠢᠨᠣᠬᠤ ᠮᠡᠳᠦ ᠶᠢᠨ ᠵᠥᠢᠯ ᠬᠡᠦᠬᠡᠳ ᠤᠨ ᠬᠠᠷᠠᠭᠠᠨ ᠳᠤ ᠦᠷᠳᠡᠵᠦ ᠨᠢᠯᠬ᠎ᠠ | ᠪᠠᠯᠴᠢᠷ ᠪᠡᠶ᠎ᠡ ᠰᠡᠳᠬᠢᠯ ᠢ ᠨᠢ ᠪᠣᠷᠣᠭᠤ ᠲᠠᠶᠢᠰᠢ ᠬᠥᠳᠦᠯᠵᠦ ᠪᠠᠶᠢᠨ᠎ᠠ᠃ ᠡᠳᠡᠭᠡᠷ ᠨᠢ ᠪᠠᠭᠰᠢ ᠨᠠᠷ ᠤᠨ ᠵᠢᠭᠠᠨ | ᠵᠢᠯᠤᠭᠤᠳᠬᠤ ᠳᠤ ᠬᠠᠷᠰᠢ ᠰᠠᠭᠠᠳ ᠤᠴᠠᠷᠠᠭᠤᠯᠵᠦ᠂ ᠪᠠᠭᠰᠢ ᠨᠠᠷ ᠤᠨ ᠡᠭᠦᠷᠭᠡ ᠲᠠᠷᠣᠭᠠᠰᠣ ᠶᠢ ᠬᠥᠨᠳᠦᠷᠡᠭᠦᠯᠵᠦ | ᠪᠠᠶᠢᠨ᠎ᠠ᠃ ᠬᠡᠦᠬᠡᠳ ᠪᠣᠯ ᠶᠠᠮᠠᠷ ᠴᠦ ᠶᠠᠭᠤᠮᠠᠨ ᠳᠤ ᠰᠣᠨᠢᠭᠤᠴᠢ ᠪᠠᠶᠢᠳᠠᠬ᠃ ᠭᠡᠭᠦ ᠳᠤ ᠪᠠᠨ ᠪᠠᠭᠰᠢ ᠶᠢᠨ ᠦᠭᠡ | ᠶᠠᠷᠢᠶ᠎ᠠ᠂ ᠥᠢᠯᠡ ᠠᠵᠢᠯᠯᠠᠭ᠎ᠠ ᠨᠢ ᠰᠣᠷᠣᠭᠴᠢ ᠳᠤ ᠨᠠᠰᠣᠨ ᠲᠣᠷᠰᠢ ᠳᠤ ᠪᠠᠨ ᠮᠠᠷᠳᠠᠭᠳᠠᠰᠢ ᠦᠭᠡᠢ ᠰᠠᠶᠢᠬᠠᠨ | ᠡᠷᠬᠢᠴᠡᠭᠦᠯᠣᠯ ᠪᠣᠶᠣ ᠪᠠᠭ᠋ᠠᠷᠣᠯ ᠲᠣᠷᠠᠰᠣᠮᠵᠢ ᠪᠣᠯᠵᠦ᠂ ᠠᠬᠤᠢ ᠠᠮᠢᠳᠣᠷᠠᠯ ᠳᠤ ᠨᠢ ᠣᠷ᠎ᠠ ᠤᠬᠠᠭᠠᠨ ᠰᠡᠯᠪᠢᠵᠦ᠂ | ᠠᠵᠢᠯ ᠥᠢᠯᠡᠰ ᠲᠤ ᠨᠢ ᠵᠢᠯᠤᠭᠤᠳᠣᠮᠵᠢ ᠪᠣᠯᠳᠠᠭ᠃ ᠰᠣᠷᠣᠭᠴᠢ ᠶᠢᠨ ᠬᠤᠪᠢ ᠳᠤ ᠪᠠᠭᠰᠢ ᠶᠢ ᠪᠢᠰᠢᠷᠡᠬᠦ ᠲᠠᠯ᠎ᠠ | ᠪᠠᠶᠢᠬᠤ ᠮᠦᠷᠳᠡᠭᠡᠨ ᠦᠵᠡᠨ ᠶᠠᠳᠠᠬᠤ ᠵᠦᠢᠯ ᠴᠦ ᠪᠠᠶᠢᠳᠠᠬ᠃ ᠦᠭᠡᠷ᠎ᠠ ᠪᠠᠷ ᠭᠡᠯᠡᠪᠡᠯ᠂ ᠰᠣᠷᠣᠭᠴᠢ ᠳᠤ ᠥᠭᠬᠦ | ᠪᠠᠭᠰᠢ ᠬᠦᠮᠦᠨ ᠤ ᠨᠥᠯᠤᠭᠡ ᠨᠢ ᠮᠠᠰᠢ ᠭᠦᠨ ᠬᠦᠨᠵᠡᠭᠡᠢ ᠪᠠᠶᠢᠳᠠᠭ᠃ ᠪᠠᠭᠰᠢ ᠶᠢᠨ ᠠᠵᠢᠯ ᠥᠢᠯᠡᠰ ᠪᠣᠯ | ᠰᠤᠷᠤᠭᠴᠢ ᠶᠢ ᠢᠷᠡᠭᠡᠳᠦᠢ ᠶᠢᠨ ᠴᠢᠳᠠᠪᠣᠷᠢᠳᠠᠨ ᠪᠤᠯᠬᠤ ᠳᠤ ᠨᠢ ᠪᠠᠳᠦ ᠪᠠᠬᠢ ᠰᠠᠭᠤᠷᠢ ᠶᠢ ᠲᠠᠯᠪᠢᠵᠦ ᠪᠠᠶᠢᠬᠤ ᠠᠵᠢᠯ | ᠪᠤᠯᠤᠨ᠎ᠠ᠃ ᠭᠡᠷ ᠤᠨ ᠠᠬᠠᠮᠠᠳ᠂ ᠬᠡᠨ ᠴᠦ ᠪᠣᠯᠤᠭ ᠪᠠᠭᠰᠢ ᠬᠦᠮᠦᠨ ᠤ ᠠᠵᠢᠯ ᠥᠢᠯᠡᠰ ᠤᠨ ᠬᠦᠨᠳᠦ ᠴᠢᠬᠤᠯᠠ | ᠴᠢᠨᠠᠷ ᠢ ᠥᠢᠯᠠᠭᠠᠬᠤ ᠬᠡᠷᠡᠭᠲᠠᠢ᠃ ᠨᠢᠭᠡᠨ ᠪᠠᠭᠰᠢ ᠶᠢᠨ ᠰᠢᠯᠢᠳᠡᠭ ᠡᠰᠠᠭᠦ ᠶᠢ ᠰᠣᠷᠣᠭᠴᠢᠳ ᠤᠨ ᠥᠨᠡᠯᠡᠯ | ᠬᠦᠨᠳᠦᠳᠬᠡᠯ ᠠᠴᠠ ᠢᠯᠠᠳᠳᠠ ᠥᠵᠡᠨ ᠭᠠᠷᠴᠤ ᠪᠤᠯᠤᠨ᠎ᠠ᠃ ᠰᠣᠷᠭᠠᠨ ᠬᠦᠮᠦᠵᠢᠯ ᠤᠨ ᠰᠢᠳᠢ ᠨᠢ ᠬᠠᠶᠢᠷ᠎ᠠ ᠳᠤ | ᠪᠠᠶᠢᠵᠦ᠂ ᠰᠣᠷᠭᠠᠨ ᠬᠦᠮᠦᠵᠢᠯ ᠤᠨ ᠤᠷᠠᠯᠢᠭ ᠨᠢ ᠵᠦᠪᠭᠡᠨ ᠮᠠᠳᠠᠯᠭᠡ ᠶᠢ ᠤᠯᠠᠮᠵᠢᠯᠠᠬᠤ ᠳᠤ ᠯᠠ ᠪᠠᠶᠢᠬᠤ ᠪᠢᠰᠢ᠂ | ᠬᠠᠷᠢᠨ ᠤᠷᠮᠠᠰᠢᠭᠤᠯᠬᠤ᠂ ᠰᠡᠬᠡᠬᠡᠷᠡᠭᠦᠯᠬᠦ᠂ ᠵᠣᠷᠢᠬᠵᠢᠭᠤᠯᠬᠤ ᠳᠤ ᠪᠠᠶᠢᠨ᠎ᠠ ᠭᠡᠵᠦ ᠵᠠᠷᠢᠮ ᠬᠦᠮᠦᠨ ᠦᠵᠡᠳᠡᠭ᠃ | ᠪᠠᠭᠰᠢ ᠬᠦᠮᠦᠨ ᠰᠣᠷᠣᠭᠴᠢ ᠪᠠᠨ ᠬᠠᠶᠢᠷᠠᠯᠠᠬᠤ ᠶᠢᠨ ᠬᠦᠴᠦᠨ ᠳᠤ ᠰᠣᠷᠭᠠᠨ ᠬᠦᠮᠦᠵᠢᠯ ᠤᠨ ᠰᠢᠳᠢ ᠨᠢ ᠭᠠᠷᠳᠠᠭ᠃ | ᠤᠨᠳᠣᠷᠣᠭᠰᠠᠨ ᠬᠠᠶᠢᠷ᠎ᠠ ᠶᠢᠨ ᠬᠦᠴᠦᠨ ᠳᠤ ᠪᠠᠭᠰᠢ ᠬᠦᠮᠦᠨ ᠠᠯᠢᠪᠠ ᠡᠷᠳᠡᠮ ᠮᠡᠳᠡᠯᠭᠡ ᠪᠠᠨ ᠰᠣᠷᠣᠭᠴᠢ ᠳᠤ ᠪᠠᠨ | ᠬᠠᠷᠠᠮ ᠦᠭᠡᠢ ᠶᠡᠭᠦᠯᠡᠵᠦ᠂ ᠥᠭᠡ ᠲᠠᠭᠤ ᠦᠭᠡᠢ᠂ ᠥᠨᠡᠷᠬᠡᠵᠦ ᠭᠠᠪᠢᠶᠠᠷᠬᠠᠬᠤ ᠦᠭᠡᠢ ᠥᠬᠦᠨ ᠵᠢᠳᠬᠦᠳᠡᠭ᠃ | ᠪᠠᠭᠰᠢ ᠬᠦᠮᠦᠨ ᠤ ᠠᠵᠢᠯ ᠡᠭᠦᠷᠭᠡ ᠬᠦᠨᠳᠦ᠂ ᠬᠠᠷᠢᠭᠤᠴᠠᠯᠭ᠎ᠠ ᠴᠢᠩᠭ᠎ᠠ ᠤᠴᠢᠷ ᠠᠴᠠ ᠠᠷᠠᠳ ᠲᠥᠮᠡᠨ ᠳᠤ ᠪᠠᠨ᠂ | ᠡᠬᠡ ᠣᠷᠣᠨ ᠳᠤ ᠪᠠᠨ ᠣᠰᠣᠯᠳᠣᠬᠤ ᠦᠭᠡᠢ ᠪᠠᠶᠢᠬᠤ ᠶᠢ ᠬᠢᠴᠢᠶᠡᠳᠡᠭ᠃ ᠬᠡᠳᠡᠯ᠎ᠡ ᠪᠠᠭᠰᠢ ᠬᠦᠮᠦᠨ ᠤ ᠪᠠᠭ᠎ᠠ ᠯᠠ | ᠠᠩᠬᠠᠷᠣᠮᠵᠢ ᠦᠭᠡᠢ ᠠᠴᠠ ᠪᠣᠯᠵᠦ ᠶᠠᠷᠢᠭᠰᠠᠨ ᠥᠭᠡ ᠶᠠᠷᠢᠶ᠎ᠠ᠂ ᠥᠢᠯᠡ ᠠᠵᠢᠯᠯᠠᠭ᠎ᠠ ᠨᠢ ᠵᠠᠷᠢᠮ ᠬᠡᠦᠬᠡᠳ ᠤᠨ ᠨᠢᠭᠡ | ᠨᠠᠰᠣ ᠶᠢ ᠦᠭᠡᠶ ᠬᠢᠭᠦ ᠪᠣᠯᠣᠮᠵᠢ ᠶᠡᠭᠡ ᠪᠠᠶᠢᠳᠠᠭ᠃ ᠨᠢᠭᠡ ᠬᠤᠶᠠᠷ ᠤᠴᠢᠷ ᠢᠶᠠᠷ ᠨᠢᠭᠡ ᠬᠡᠦᠬᠡᠳ ᠤᠨ ᠢᠷᠡᠭᠡᠳᠦᠢ ᠶᠢ | ᠲᠣᠭᠳᠠᠭᠠᠬᠤ ᠪᠣᠶᠣ ᠮᠠᠭᠤ ᠮᠠᠭᠤᠬᠠᠢ ᠳ᠋ᠦᠩᠨᠡᠯᠳᠡ ᠭᠠᠷᠭᠠᠵᠦ ᠪᠣᠯᠬᠤ ᠦᠭᠡᠢ᠃ ᠪᠠᠭᠰᠢ ᠶᠢᠨ ᠥᠭᠡ ᠶᠠᠷᠢᠶᠠᠨ ᠤ | ᠰᠣᠷᠣᠭᠴᠢ ᠶᠢ ᠨᠦᠯᠦᠭᠡᠯᠡᠬᠦ ᠢᠳᠡ ᠬᠦᠴᠦ ᠶᠢ ᠪᠢᠳᠡ ᠪᠥᠬᠦᠨ ᠥᠢᠯᠠᠭᠠᠨᠠ᠃ ᠵᠣᠷᠢᠯᠭ᠎ᠠ ᠲᠠᠢ ᠬᠡᠯᠡᠭᠰᠡᠨ | ᠤᠳᠬ᠎ᠠ ᠲᠠᠢ ᠥᠭᠡ ᠨᠢ ᠰᠣᠷᠣᠭᠴᠢ ᠳᠤ ᠲᠦᠢᠯ ᠤᠨ ᠶᠡᠭᠡ ᠵᠤᠷᠢᠬᠵᠢᠭᠤᠯᠤᠯ ᠪᠤᠯᠳᠠᠬ᠃ ᠠᠮᠧᠷᠢᠺᠠ ᠶᠢᠨ ᠨᠢᠭᠡ | ᠪᠠᠭ᠎ᠠ ᠰᠣᠷᠭᠠᠭᠤᠯᠢ ᠶᠢᠨ ᠵᠠᠬᠢᠷᠣᠯ ᠨᠢᠭᠡ ᠠᠯᠢᠶ᠎ᠠ ᠬᠡᠦᠬᠡᠳ ᠲᠤ᠄ ︽ᠪᠢ ᠴᠢᠨᠣ ᠨᠢᠳᠦᠨ ᠠᠴᠠ ᠣᠯᠵᠦ ᠮᠡᠳᠡᠯ᠎ᠡ᠃ | ᠴᠢ ᠪᠣᠯ ᠵᠧᠦ ᠶᠢᠨ ᠲᠠᠷᠤᠭ᠎ᠠ ᠪᠣᠯᠬᠤ ᠬᠦᠮᠦᠨ︾ ᠭᠡᠵᠦ ᠬᠡᠯᠡᠵᠠᠢ᠃ ᠡᠨᠡ ᠰᠣᠷᠣᠭᠴᠢ ᠨᠢ 52 ᠨᠠᠰᠣᠨ ᠲᠡᠭᠡᠷ᠎ᠡ ᠪᠠᠨ | ᠨᠢᠦ᠋ ᠶᠤᠷᠺ ᠵᠧᠦ ᠶᠢᠨ ᠲᠠᠷᠤᠭ᠎ᠠ ᠪᠣᠯᠣᠭᠰᠠᠨ ᠪᠠᠶᠢᠨ᠎ᠠ᠃ ᠰᠣᠷᠪᠣᠯᠵᠢᠯᠠᠭᠴᠢ ᠲᠠᠷᠠᠭᠦ ᠵᠠᠬᠢᠷᠤᠯ ᠠᠴᠠ᠄ ︽ᠲᠠ ᠴᠢᠨᠢ | ᠵᠦᠡᠭᠴᠢ ᠪᠠᠶᠢᠨ᠎ᠠ᠃ ᠶᠠᠭᠠᠬᠢᠵᠤ ᠲᠡᠭᠦᠨ ᠤ ᠨᠢᠦ᠋ ᠶᠤᠷᠺ ᠵᠸᠤ ᠶᠢᠨ ᠲᠠᠷᠤᠭ᠎ᠠ ᠪᠣᠯᠬᠤ ᠶᠢ ᠮᠡᠳᠡᠭᠰᠡᠨ ᠪᠣᠢ︖︾ | ᠭᠡᠭᠦ ᠳᠤ᠄ ︽ᠪᠢ ᠵᠦᠡᠭᠴᠢ ᠪᠢᠰᠢ᠂ ᠬᠡᠦᠬᠡᠳ ᠶᠠᠮᠠᠷ ᠴᠦ ᠪᠣᠯᠤᠭ᠂ ᠪᠢ ᠲᠣᠬᠠᠢ ᠶᠢᠨ ᠵᠢᠯ ᠤᠳ ᠲᠤ ᠲᠡᠳᠡᠭᠡᠷ | ᠬᠡᠦᠬᠡᠳ ᠲᠤ ᠣᠨᠴᠠᠭᠠᠢ ᠬᠠᠶᠢᠷ᠎ᠠ ᠲᠠᠢ ᠪᠠᠶᠢᠭᠰᠠᠨ ᠠᠴᠠ ᠪᠣᠯᠣᠭᠰᠠᠨ ᠶᠤᠮ︾ ᠭᠡᠵᠠᠢ᠃ ᠡᠨᠡ ᠪᠣᠯ ᠢᠪᠢᠯᠦᠭᠰᠡᠨ | ᠬᠠᠶᠢᠷ᠎ᠠ ᠶᠢᠨ ᠬᠦᠴᠦᠨ᠂ ᠮᠥᠨ ᠴᠦ ᠬᠡᠦᠬᠡᠳ ᠢ ᠬᠦᠮᠦᠵᠢᠭᠦᠯᠬᠦ ᠣᠨᠴᠠᠭᠠᠢ ᠣᠷ᠎ᠠ ᠲᠡᠮ ᠪᠣᠯᠬᠤ ᠶᠤᠮ᠃ ︽ᠬᠡᠦᠬᠡᠳ | ᠮᠠᠭᠳᠠᠭᠠᠯ ᠢᠶᠠᠷ ᠬᠦᠮᠦᠵᠢᠭᠳᠡᠨ᠎ᠡ︾ ᠭᠡᠵᠦ ᠮᠠᠨ ᠤ ᠠᠷᠠᠳ ᠲᠥᠮᠡᠨ ᠰᠠᠴᠠᠯᠡᠭᠰᠡᠨ ᠪᠠᠶᠢᠳᠠᠬ᠃ ᠭᠡᠷ ᠤᠨ ᠠᠬᠠᠮᠠᠳ ᠤᠨ | ᠴᠥᠬᠦᠷᠡᠰᠢ ᠦᠭᠡᠢ ᠴᠢᠷᠮᠠᠶᠢᠯᠭ᠎ᠠ ᠶᠢᠨ ᠲᠣᠣᠷ᠎ᠠ ᠬᠡᠦᠬᠡᠳ ᠤᠳ ᠵᠦᠪ ᠭᠦᠮᠦᠨ ᠪᠤᠯᠵᠤ ᠭᠦᠮᠦᠵᠢᠭᠳᠡᠨᠡ᠃ ᠠᠬᠠᠮᠠᠳ | ᠺᠡᠷᠧᠲ᠄ ︽ᠠᠪᠢᠶᠠᠰ ᠪᠢᠯᠢᠭᠳᠡᠨ ᠢ ᠡᠵᠡᠨ ᠲᠡᠭᠷᠢ ᠠᠴᠠ ᠢᠪᠡᠭᠡᠵᠦ ᠬᠠᠶᠢᠷᠠᠯᠠᠭᠰᠠᠨ ᠪᠢᠰᠢ᠂ ᠬᠠᠷᠢᠨ ᠰᠣᠷᠭᠠᠨ | ᠬᠦᠮᠦᠵᠢᠭᠦᠯᠥᠭᠰᠡᠨ ᠤ ᠥᠷ᠎ᠡ ᠳ᠋ᠦᠩ ᠮᠥᠨ︾ ᠭᠡᠵᠦ ᠬᠡᠯᠡᠭᠰᠡᠨ ᠪᠠᠶᠢᠳᠠᠭ᠃ ᠪᠠᠭ᠎ᠠ ᠬᠡᠦᠬᠡᠳ ᠤᠨ ᠠᠩᠬᠠᠷᠣᠯ | ᠲᠥᠪᠯᠡᠷᠡᠬᠦ ᠴᠠᠭ ᠮᠥᠴᠡ ᠲᠦᠢᠯ ᠤᠨ ᠣᠬᠤᠷ ᠪᠠᠶᠢᠳᠠᠭ᠃ ᠢᠯᠠᠩᠭᠤᠶ᠎ᠠ ᠲᠣᠷ᠎ᠠ ᠪᠠᠬ᠎ᠠ ᠦᠭᠡᠢ ᠪᠣᠶᠣ | ᠠᠯᠪᠠᠳᠠᠯᠭ᠎ᠠ ᠶᠢᠨ ᠴᠢᠨᠠᠷ ᠲᠠᠢ ᠥᠢᠯᠡ ᠬᠡᠷᠡᠭ ᠲᠤ ᠲᠣᠮᠣ ᠬᠦᠮᠦᠨ ᠴᠦ ᠠᠷᠭ᠎ᠠ ᠪᠠᠷᠠᠭᠳᠠᠵᠦ ᠠᠭᠠᠰᠢ ᠠᠯᠳᠠᠷᠠᠨ᠎ᠠ᠃ | ᠨᠢᠭᠡ ᠵᠥᠢᠯ ᠤᠨ ᠶᠠᠭᠤᠮ᠎ᠠ ᠪᠠᠷ ᠤᠳᠠᠭᠠᠨ ᠣᠷᠣᠯᠳᠣᠬᠤ ᠨᠢ ᠶᠠᠳᠠᠷᠠᠭ᠎ᠠ ᠲᠠᠢ ᠰᠠᠨᠠᠭᠳᠠᠵᠦ ᠵᠠᠯᠬᠠᠭᠤ ᠬᠦᠷᠭᠡᠳᠡᠭ᠃ | ᠣᠯᠠᠩᠬᠢ ᠪᠠᠶᠢᠳᠠᠯ ᠲᠣᠣᠷ᠎ᠠ ᠠᠩᠬᠠᠷᠴᠦ ᠬᠢᠴᠢᠶᠡᠬᠦ ᠦᠭᠡᠢ ᠠᠴᠠ ᠪᠣᠯᠵᠦ ᠪᠠᠭᠰᠢ ᠪᠠ ᠭᠡᠷ ᠤᠨ ᠠᠬᠠᠮᠠᠳ ᠠᠴᠠ | ᠬᠡᠦᠬᠡᠳ ᠢ ᠱᠠᠭᠠᠷᠳᠠᠬᠤ ᠨᠢ ᠬᠡᠦᠬᠡᠳ ᠤᠨ ᠪᠣᠳᠠᠳᠦ ᠪᠠᠶᠢᠳᠠᠯ ᠠᠴᠠ ᠬᠤᠯᠠ ᠬᠡᠳᠦᠷᠴᠤ᠂ ᠬᠡᠦᠬᠡᠳ ᠤᠨ ᠤᠷᠮ᠎ᠠ | ᠵᠣᠷᠢᠭ ᠢ ᠬᠤᠭᠤᠯᠳᠠᠬ᠃ ᠬᠡᠦᠬᠡᠳ ᠤᠨ ᠲᠠᠭᠠᠭᠠᠴᠠ ᠲᠡᠰᠪᠦᠷᠢ ᠲᠦᠢᠯ ᠤᠨ ᠬᠢᠵᠠᠭᠠᠷ ᠲᠠᠢ ᠪᠠᠶᠢᠳᠠᠭ ᠣᠨᠴᠠᠯᠢᠭ ᠢ | ᠥᠢᠯᠠᠭᠠᠵᠦ ᠠᠩᠬᠠᠷᠬᠤ ᠴᠢᠬᠤᠯᠠ ᠲᠠᠢ ᠶᠤᠮ᠃ ᠬᠡᠦᠬᠡᠳ ᠤᠨ ᠨᠠᠭᠠᠳᠬᠤ᠂ ᠲᠠᠮᠢᠷ ᠤᠨ ᠬᠦᠳᠡᠯᠭᠡᠭᠡᠨ ᠬᠢᠬᠦ᠂ | ᠲᠠᠰᠬᠠᠯ ᠬᠢᠬᠦ᠂ ᠠᠮᠠᠷᠠᠬᠤ ᠴᠠᠭ ᠢ ᠵᠥᠢ ᠵᠣᠬᠢᠰᠳᠠᠢ ᠲᠣᠬᠢᠷᠠᠭᠤᠯᠬᠤ ᠪᠦᠭᠡᠳ ᠵᠦᠢ ᠶᠤᠰᠤ ᠪᠠᠷ ᠭᠡᠷᠡᠭᠵᠢᠭᠦᠯᠪᠡᠯ | ᠲᠠᠭᠠᠷᠠᠨ᠎ᠠ᠃ ᠬᠡᠦᠬᠡᠳ ᠬᠡᠳᠦᠢ ᠪᠠᠭ᠎ᠠ ᠴᠦ ᠨᠢᠭᠤᠷ ᠢᠶᠠᠨ ᠬᠠᠶᠢᠷᠠᠯᠠᠨ᠎ᠠ᠃ ᠨᠢᠭᠤᠷ ᠢᠶᠠᠨ ᠬᠠᠶᠢᠷᠠᠯᠠᠬᠤ ᠨᠢ ᠵᠢᠩᠬᠢᠨᠢ | ᠪᠤᠯᠪᠠᠰᠤᠨ ᠰᠠᠶᠢᠬᠠᠨ ᠵᠠᠩ ᠠᠷᠠᠨᠰᠢᠨ ᠤ ᠰᠢᠨᠵᠢ ᠲᠡᠮᠲᠡᠭ ᠰᠢᠤ ᠳ᠋ᠠ᠃ ᠢᠴᠢᠬᠦ ᠨᠢᠭᠤᠷᠳᠠᠢ ᠰᠠᠶᠢᠬᠠᠨ ᠶᠤᠮ᠃ | ᠡᠷᠳᠡ ᠡᠳᠦᠭᠡ ᠲᠣᠳᠦᠭᠠᠳᠦ ᠭᠠᠳᠠᠭᠠᠳᠦ ᠳᠤ ᠪᠠᠭᠰᠢ ᠬᠦᠮᠦᠨ ᠰᠣᠷᠣᠭᠴᠢ ᠶᠢᠨ ᠨᠢᠭᠤᠷ ᠢ ᠪᠠᠷᠠᠬᠤ ᠪᠣᠶᠣ ᠪᠡᠶ᠎ᠡ ᠶᠢᠨ | ᠬᠦᠨᠳᠦᠳᠬᠡᠯ ᠢ ᠬᠥᠨᠳᠡᠬᠦ ᠠᠴᠠ ᠶᠡᠭᠡ ᠴᠡᠭᠡᠷᠯᠡᠳᠡᠭ᠃ ᠬᠡᠳᠡᠯ᠎ᠡ ᠪᠣᠳᠠᠳᠦ ᠠᠮᠢᠳᠣᠷᠠᠯ ᠳᠤ ᠬᠡᠦᠬᠡᠳ ᠢᠶᠠᠨ ᠪᠣᠶᠣ | ᠰᠣᠷᠣᠭᠴᠢ ᠶᠢᠨ ᠬᠠᠮᠤᠭ ᠤᠨ ᠡᠮᠵᠡᠭ ᠲᠠᠯ᠎ᠠ ᠶᠢ ᠪᠠᠷᠢᠵᠦ ᠣᠯᠠᠨ ᠤ ᠡᠮᠦᠨ᠎ᠡ ᠨᠢᠭᠤᠷ ᠢ ᠨᠢ ᠪᠠᠷᠠᠬᠤ ᠪᠠᠶᠢᠳᠠᠯ ᠬᠠᠶᠠ | ᠭᠠᠷᠳᠠᠭ᠃ ᠪᠡᠶ᠎ᠡ ᠰᠡᠳᠬᠢᠯ ᠤᠨ ᠬᠠᠯᠠ ᠲᠠᠮᠦ ᠶᠢ ᠲᠠᠭᠠᠭᠠᠵᠦ ᠲᠡᠰᠦᠭᠰᠡᠨ ᠦᠭᠡᠢ ᠪᠡᠶ᠎ᠡ ᠪᠠᠨ ᠦᠭᠡᠶ ᠬᠢᠭᠰᠡᠨ | ᠬᠡᠦᠬᠡᠳ ᠡ᠊ᠨᠳᠡ ᠲᠡᠨᠳᠡ ᠦᠭᠡᠢ ᠭᠠᠷᠴᠦ ᠪᠠᠶᠢᠳᠠᠭ᠃ ᠨᠡᠶᠢᠭᠡᠮ ᠤᠨ ᠥᠢᠯᠡᠳᠦᠯᠭᠡ ᠠᠴᠠ ᠦᠵᠡᠪᠡᠯ᠂ ᠪᠠᠭᠰᠢ | ᠬᠦᠮᠦᠨ ᠮᠡᠳᠡᠯᠭᠡ ᠪᠣᠯᠪᠠᠰᠣᠷᠠᠯ ᠤᠨ ᠥᠷᠭᠡᠨ ᠭᠦᠨ᠂ ᠬᠢᠴᠢᠶᠡᠯᠯᠡᠬᠦ ᠣᠷ᠎ᠠ ᠲᠡᠮ᠂ ᠰᠣᠷᠣᠭᠴᠢ ᠶᠢ ᠲᠠᠳᠠᠬᠤ ᠢᠳᠡ | ᠬᠦᠴᠦ᠂ ᠠᠵᠢᠯ ᠤᠨ ᠬᠠᠷᠢᠭᠤᠴᠠᠯᠭ᠎ᠠ ᠵᠡᠷᠭᠡ ᠲᠠᠯ᠎ᠠ ᠪᠠᠷ ᠰᠣᠷᠣᠭᠴᠢ ᠪᠠ ᠨᠡᠶᠢᠭᠡᠮ ᠨᠡᠶᠢᠳᠡ ᠶᠢᠨ ᠬᠦᠨᠳᠦᠳᠬᠡᠯ | ᠪᠢᠰᠢᠷᠡᠯ ᠢ ᠣᠯᠳᠠᠭ᠃ ᠨᠡᠶᠢᠭᠡᠮ ᠤᠨ ᠤᠯᠠᠷᠢᠨ ᠬᠦᠭᠵᠢᠬᠦ ᠶᠢ ᠲᠠᠭᠠᠵᠦ ᠬᠡᠦᠬᠡᠳ ᠪᠠᠭᠠᠴᠣᠳ ᠤᠨ ᠵᠠᠩ ᠴᠢᠨᠠᠷ᠂ | ᠪᠣᠳᠣᠯ ᠰᠡᠳᠬᠢᠴᠡ᠂ ᠲᠣᠷ᠎ᠠ ᠪᠠᠬ᠎ᠠ ᠥᠪᠡᠷ ᠥᠪᠡᠷ ᠤᠨ ᠤᠨᠴᠠᠯᠢᠭ ᠢᠶᠠᠷ ᠨᠠᠩ ᠲᠤᠪᠤᠶᠢᠮ᠎ᠠ ᠪᠤᠯᠵᠤ ᠪᠠᠶᠢᠨ᠎ᠠ᠃ | ᠡᠶᠢᠮᠦ ᠠᠴᠠ ᠪᠠᠭᠰᠢ ᠶᠢᠨ ᠬᠤᠪᠢ ᠳᠤ ᠰᠣᠷᠣᠭᠴᠢ ᠶᠢᠨ ᠥᠵᠡᠯᠳᠡ᠂ ᠲᠠᠨᠢᠯᠳᠠ᠂ ᠵᠣᠭᠰᠣᠯᠳᠠ᠂ ᠰᠠᠨᠠᠭᠠᠰᠢᠷᠠᠯ ᠪᠠ | ᠬᠠᠷᠠᠭᠠᠨ ᠴᠡᠭ ᠠᠴᠠ ᠠᠰᠠᠭᠤᠳᠠᠯ ᠢ ᠪᠣᠳᠣᠯᠬᠢᠯᠠᠵᠦ ᠢᠯᠡᠭᠦᠦ ᠬᠠᠷᠢᠴᠠᠵᠦ ᠬᠠᠶᠢᠷ᠎ᠠ ᠪᠠᠨ ᠬᠦᠷᠳᠡᠭᠡᠬᠦ ᠪᠠᠷ ᠲᠠᠮᠵᠢᠵᠦ᠂ | ᠲᠡᠳᠡᠨ ᠤ ᠰᠡᠳᠬᠢᠯ ᠤᠨ ᠲᠠᠭᠤᠨ ᠢ ᠰᠣᠨᠣᠰᠬᠤ ᠴᠢᠬᠤᠯᠠ ᠲᠠᠢ ᠪᠠᠶᠢᠨ᠎ᠠ᠃ ᠬᠡᠦᠬᠡᠳ ᠪᠠᠭᠠᠴᠣᠳ ᠪᠡᠶ᠎ᠡ ᠳᠤ ᠨᠢ | ᠲᠣᠯᠭᠠᠷᠠᠭᠰᠠᠨ ᠬᠡᠷᠡᠭ ᠤᠴᠢᠷ ᠤᠳ ᠢ ᠲᠤᠮᠦ ᠬᠦᠮᠦᠨ ᠳᠤ ᠲᠡᠷᠡ ᠪᠣᠯᠭᠠᠨ ᠢ ᠲᠣᠭᠠᠴᠢᠵᠦ ᠪᠥᠷᠢᠨ ᠢᠯᠡᠳᠬᠡᠵᠦ | ᠴᠢᠳᠠᠬᠤ ᠦᠭᠡᠢ ᠪᠣᠶᠣ ᠶᠠᠷᠢᠵᠦ ᠲᠤᠭᠠᠴᠢᠬᠤ ᠠᠴᠠ ᠰᠢᠷᠬᠡᠶᠢᠳᠡᠭ ᠴᠦ ᠪᠤᠢ᠃ ᠬᠡᠦᠬᠡᠳ ᠪᠠᠰᠠ ᠠᠬᠤᠢ ᠠᠮᠢᠳᠣᠷᠠᠯ | ᠰᠣᠷᠣᠯᠭ᠎ᠠ ᠶᠢᠨ ᠶᠠᠪᠣᠴᠠ ᠳᠤ ᠤᠴᠠᠷᠠᠭᠰᠠᠨ ᠵᠠᠷᠢᠮ ᠬᠡᠷᠡᠭ ᠢ ᠤᠬᠠᠭᠠᠨ ᠲᠥᠬᠦᠭᠡ ᠶᠢ ᠨᠢ ᠤᠯᠵᠤ ᠶᠠᠳᠠᠬᠤ ᠶᠤᠮ᠃ | ᠭᠡᠷ ᠪᠥᠯᠢ ᠶᠢᠨ ᠠᠵᠦ ᠠᠬᠤᠢ ᠶᠢᠨ ᠨᠦᠭᠦᠴᠡᠯ᠂ ᠡᠪᠡᠳᠴᠢᠨ ᠵᠣᠪᠠᠯᠠᠩ᠂ ᠭᠠᠢ ᠭᠠᠮᠰᠢᠭ᠂ ᠭᠡᠷ ᠵᠠᠭᠤᠷ᠎ᠠ ᠶᠢᠨ | ᠵᠥᠷᠢᠴᠡᠯ ᠮᠥᠷᠬᠦᠯᠳᠦᠭᠡᠨ ᠵᠡᠷᠭᠡ ᠪᠥᠬᠦ ᠤᠴᠢᠷ ᠶᠠᠪᠣᠳᠠᠯ ᠨᠢ ᠬᠡᠦᠬᠡᠳ ᠤᠨ ᠪᠣᠳᠣᠯ ᠰᠠᠨᠠᠭ᠎ᠠ ᠶᠢ ᠲᠠᠯᠳᠠᠭᠤᠷ | ᠲᠠᠷᠴᠢᠯᠭᠠᠨᠠ᠃ ᠣᠳᠣ ᠶᠢᠨ ᠨᠡᠶᠢᠭᠡᠮ ᠳᠤ ᠰᠤᠷᠭᠠᠨ ᠬᠦᠮᠦᠵᠢᠯ ᠤᠨ ᠤᠬᠠᠭᠠᠨ᠂ ᠰᠡᠳᠬᠢᠴᠡ ᠶᠢᠨ ᠵᠥᠢ᠂ | ᠨᠡᠶᠢᠭᠡᠮ ᠤᠨ ᠬᠥᠭᠵᠢᠯᠳᠡ᠂ ᠢᠷᠡᠭᠡᠳᠦᠢ ᠶᠢᠨ ᠬᠠᠨᠳᠣᠰᠢ᠂ ᠪᠣᠯᠪᠠᠰᠣᠨ ᠮᠣᠷᠠᠯ ᠲᠠᠢ ᠨᠡᠶᠢᠴᠡᠬᠦ ᠦᠭᠡᠢ ᠬᠡᠷᠡᠭ ᠤᠴᠢᠷ | ᠪᠠ ᠰᠣᠨᠢᠨ ᠬᠠᠴᠢᠨ ᠦᠵᠡᠭᠳᠡᠯ ᠭᠠᠷᠤᠭᠰᠠᠭᠠᠷ ᠯᠠ ᠪᠠᠶᠢᠨ᠎ᠠ᠃ ᠵᠤᠬᠢᠬᠤ ᠤᠳᠬᠠᠨ ᠠᠴᠠ ᠭᠡᠯᠡᠪᠡᠯ᠂ ᠨᠠᠭᠠᠳᠬᠤ ᠨᠢ | ᠲᠡᠭᠡᠳᠦ ᠲᠡᠭᠷᠢ ᠠᠴᠠ ᠬᠡᠦᠬᠡᠳ ᠲᠤ ᠥᠭᠭᠦᠭᠰᠡᠨ ᠡᠷᠬᠡ ᠴᠢᠯᠣᠭᠡ ᠪᠠᠶᠢᠳᠠᠯ᠎ᠠ ᠨᠠᠭᠠᠳᠬᠤ ᠴᠢᠯᠣᠭᠡ ᠦᠭᠡᠢ᠂ ᠨᠦᠢᠷ ᠨᠢ | ᠪᠠᠰᠠ ᠬᠠᠨᠣᠬᠤ ᠦᠭᠡᠢ ᠪᠠᠶᠢᠨ᠎ᠠ᠃ ᠪᠠᠭᠰᠢ ᠶᠢᠨ ᠬᠤᠪᠢ ᠳᠤ ᠬᠡᠦᠬᠡᠳ ᠤᠨ ᠨᠠᠰᠣ ᠵᠢᠯ᠂ ᠲᠠᠭᠠᠭᠠᠴᠠ ᠲᠡᠰᠪᠣᠷᠢ᠂ | ᠴᠢᠨᠠᠷ ᠤᠨ ᠢᠯᠭᠠᠯ᠂ ᠣᠨᠴᠠᠯᠢᠭ᠂ ᠮᠠᠳᠠᠯᠭᠡ ᠶᠢ ᠰᠢᠩᠭᠡᠭᠡᠬᠦ ᠴᠢᠳᠠᠪᠣᠷᠢ ᠳᠤ ᠲᠣᠬᠢᠷᠠᠬᠤ ᠠᠷᠭ᠎ᠠ ᠲᠡᠮ ᠢ ᠬᠠᠶᠢᠬᠤ | ᠴᠢᠬᠤᠯᠠ ᠲᠠᠢ᠃ | ᠭᠤᠷᠪᠠ᠂ ᠰᠣᠷᠭᠠᠭᠤᠯᠢ | ᠰᠣᠷᠭᠠᠭᠤᠯᠢ ᠪᠣᠯ ᠬᠡᠦᠬᠡᠳ ᠪᠠᠭᠠᠴᠣᠳ ᠤᠨ ᠰᠣᠷᠭᠠᠨ ᠬᠦᠮᠦᠵᠢᠯ ᠭᠦᠷᠳᠡᠬᠦ ᠲᠣᠰᠬᠠᠢ ᠥᠯᠣᠭᠡᠢ᠃ | ᠬᠡᠦᠬᠡᠳ ᠤᠨ ᠥᠰᠬᠦ᠂ ᠪᠤᠶᠢᠵᠢᠬᠤ᠂ ᠭᠦᠮᠦᠵᠢᠬᠦ᠂ ᠪᠣᠯᠪᠠᠰᠣᠷᠠᠬᠤ ᠣᠨᠴᠠᠭᠠᠢ ᠣᠷᠣᠨ ᠵᠠᠢ ᠶᠤᠮ᠃ ᠨᠢᠭᠡ | ᠰᠤᠷᠭᠠᠭᠤᠯᠢ ᠶᠢᠨ ᠰᠣᠷᠤᠯᠴᠠᠬᠤ ᠠᠭᠤᠷ ᠠᠮᠢᠰᠬᠤᠯ᠂ ᠰᠠᠶᠢᠨ ᠰᠠᠶᠢᠬᠠᠨ ᠵᠠᠩ ᠵᠢᠷᠣᠮ ᠵᠢᠴᠢ ᠠᠵᠢᠯᠴᠢ | ᠪᠣᠷᠣᠭᠵᠢᠭᠤᠨ ᠬᠡᠪ ᠰᠣᠷᠳᠠᠯ ᠨᠢ ᠬᠡᠦᠬᠡᠳ ᠪᠠᠭᠠᠴᠣᠳ ᠤᠨ ᠬᠤᠵᠢᠮ ᠤᠨ ᠢᠷᠡᠭᠡᠳᠤᠢ ᠳᠤ ᠭᠦᠨᠵᠡᠭᠡᠢ ᠨᠦᠯᠦᠭᠡ | ᠦᠵᠡᠭᠦᠯᠳᠡᠭ᠃ ᠪᠠᠭᠰᠢ ᠰᠣᠷᠭᠠᠭᠤᠯᠢ ᠬᠤᠶᠠᠷ ᠢᠶᠠᠨ ᠪᠠᠶᠢᠨ ᠲᠠᠬᠢᠨ ᠲᠣᠷᠡᠰᠴᠦ ᠰᠠᠨᠠᠭᠠᠯᠵᠠᠵᠦ ᠶᠠᠪᠣᠳᠠᠭ ᠰᠣᠷᠣᠭᠴᠢ | ᠬᠠᠶᠠ ᠦᠭᠡᠢ ᠲᠠᠭᠠᠷᠠᠳᠠᠭ᠃ ᠡᠬᠡ ᠰᠣᠷᠭᠠᠭᠤᠯᠢ ᠪᠠᠨ ᠭᠡᠵᠦ ᠡᠯᠢᠭᠡ ᠵᠢᠷᠦᠬᠡ ᠨᠢ ᠲᠣᠭᠳᠣᠯᠵᠦ ᠶᠠᠪᠣᠭᠰᠠᠨ ᠵᠢᠱᠢᠶ᠎ᠡ | ᠴᠦ ᠠᠷᠪᠢᠨ ᠪᠠᠶᠢᠳᠠᠭ᠃ ᠰᠤᠷᠭᠠᠭᠤᠯᠢ ᠪᠣᠯ ᠰᠣᠶᠣᠯ ᠤᠨ ᠥᠯᠣᠭᠡᠢ᠂ ᠰᠣᠷᠬᠤ ᠨᠠᠰᠣᠨ ᠤ ᠬᠡᠦᠬᠡᠳ ᠪᠠᠭᠠᠴᠣᠳ ᠤᠨ | ᠠᠯᠣᠰ ᠤᠨ ᠠᠶᠠᠨ ᠤ ᠬᠢᠨᠢ ᠠᠩᠬᠠᠨ ᠤ ᠲᠥᠷᠣᠭᠡ᠂ ᠠᠰᠢᠳᠠ ᠡᠷᠢᠭ᠍ᠳᠡᠬᠦ ᠮᠥᠩᠬᠡ ᠶᠢᠨ ᠵᠣᠯᠠ᠃ ᠬᠡᠦᠬᠡᠳ | ᠪᠠᠭᠠᠴᠣᠳ ᠤᠨ ᠣᠶᠣᠨ ᠤᠬᠠᠭᠠᠨ ᠤᠭᠤᠷᠠᠭ ᠲᠠᠷᠢᠬᠢ ᠶᠢ ᠰᠣᠶᠣᠨ ᠭᠡᠭᠡᠷᠡᠭᠦᠯᠥᠭᠴᠢ ︽ᠰᠣᠷᠭᠠᠭᠤᠯᠢ︾ ᠭᠡᠭᠴᠢ | ᠪᠠᠶᠢᠭᠤᠯᠣᠮᠵᠢ ᠪᠣᠢ ᠪᠣᠯᠣᠭᠠᠳ ᠣᠳᠣ ᠨᠢᠭᠡᠨᠳᠡ ᠬᠡᠳᠦᠨ ᠮᠢᠩᠭᠠᠨ ᠵᠢᠯ ᠤᠨ ᠲᠡᠦᠬᠡᠨ ᠶᠠᠪᠣᠴᠠ ᠶᠢ ᠥᠩᠭᠡᠷᠡᠭᠡᠵᠦ᠂ | ᠰᠣᠷᠭᠠᠭᠤᠯᠢ ᠶᠢᠨ ᠠᠯᠳᠠᠨ ᠪᠣᠱᠤᠭ᠎ᠠ ᠶᠢ ᠲᠠᠮᠵᠢᠨ ᠲᠣᠭᠠᠯᠠᠰᠢ ᠦᠭᠡᠢ ᠣᠯᠠᠨ ᠡᠷᠳᠡᠮᠳᠡᠨ ᠬᠦᠮᠦᠵᠢᠭᠳᠡᠨ ᠭᠠᠷᠴᠦ᠂ | ᠬᠦᠮᠦᠨ ᠲᠥᠷᠣᠯᠬᠢᠳᠡᠨ ᠤ ᠬᠥᠭᠵᠢᠯᠳᠡ ᠪᠠ ᠪᠣᠯᠪᠠᠰᠣᠨ ᠲᠡᠦᠬᠡᠨ ᠳᠤ ᠬᠤᠪᠢ ᠨᠠᠮᠠᠷᠢ ᠦᠵᠡᠭᠦᠯᠦᠭᠰᠡᠭᠡᠷ | ᠥᠨᠣᠳᠦᠷ ᠲᠤ ᠬᠦᠷᠴᠦ ᠢᠷᠡᠯ᠎ᠡ᠃ ᠬᠦᠮᠦᠨ ᠲᠥᠷᠣᠯᠬᠢᠳᠡᠨ ᠤ ᠬᠥᠭᠵᠢᠯᠳᠡ ᠪᠠ ᠪᠣᠯᠪᠠᠰᠣᠨ ᠤ ᠲᠡᠦᠬᠡ ᠪᠣᠯ ᠪᠥᠬᠦ | ᠬᠦᠮᠦᠨ ᠲᠥᠷᠣᠯᠬᠢᠳᠡᠨ ᠤ ᠬᠠᠮᠳᠦ ᠶᠢᠨ ᠥᠪ ᠬᠦᠷᠣᠩᠭᠡ ᠪᠣᠯᠬᠤ ᠶᠤᠮ᠃ ᠲᠣᠮᠳᠠᠳᠦ ᠤᠯᠤᠰ ᠪᠣᠯ ᠡᠷᠳᠡᠨ ᠤ | ᠲᠥᠷᠪᠡᠨ ᠪᠣᠯᠪᠠᠰᠣᠨ ᠣᠯᠣᠰ ᠤᠨ ᠨᠢᠭᠡ ᠪᠠᠶᠢᠵᠦ᠂ ᠲᠠᠪᠣᠨ ᠮᠢᠩᠭᠠᠨ ᠵᠢᠯ ᠤᠨ ᠭᠡᠷᠡᠯ ᠰᠠᠴᠤᠷᠠᠩᠭᠤᠢ ᠪᠣᠯᠪᠠᠰᠣᠨ ᠤ | ᠲᠡᠦᠬᠡ ᠶᠢ ᠡᠭᠦᠳᠴᠦ᠂ ᠬᠦᠮᠦᠨ ᠲᠥᠷᠣᠯᠬᠢᠳᠡᠨ ᠤ ᠲᠡᠦᠬᠡᠨ ᠳᠤ ᠪᠠᠯᠠᠷᠠᠰᠢ ᠦᠭᠡᠢ ᠬᠤᠪᠢ ᠨᠡᠮᠡᠷᠢ ᠦᠵᠡᠭᠦᠯᠥᠭᠰᠡᠨ | ᠪᠢᠯᠡ᠃ | ᠲᠡᠯᠡᠬᠡᠢ ᠲᠡᠭᠡᠷ᠎ᠡ ᠬᠡᠳᠦᠨ ᠵᠠᠭᠤᠨ ᠵᠢᠯ ᠤᠨ ᠲᠡᠦᠬᠡ ᠲᠠᠢ ᠰᠣᠷᠭᠠᠭᠤᠯᠢ ᠨᠤᠭᠤᠳ ᠮᠠᠰᠢ ᠣᠯᠠᠨ ᠪᠠᠶᠢᠵᠦ᠂ | ᠬᠦᠮᠦᠨ ᠲᠥᠷᠣᠯᠬᠢᠳᠡᠨ ᠤ ᠬᠥᠭᠵᠢᠯᠳᠡ ᠳᠤ ᠠᠤᠭ᠎ᠠ ᠶᠡᠭᠡ ᠥᠢᠯᠡᠳᠦᠯ ᠦᠵᠡᠭᠦᠯᠦᠭᠰᠡᠨ ᠨᠢ ᠪᠢᠰᠢᠷᠡᠯᠲᠠᠢ ᠶᠤᠮ᠃ | ᠬᠦᠮᠦᠰ ᠤᠨ ᠰᠡᠳᠬᠢᠯ ᠢ ᠤᠶᠠᠷᠠᠭᠤᠯᠣᠭᠰᠠᠨ ᠨᠢᠭᠡ ᠥᠯᠢᠭᠡᠷ ᠢ ᠲᠣᠷᠠᠳᠪᠠᠯ᠂ 1803 ᠣᠨ ᠳᠤ ᠠᠮᠧᠷᠢᠺᠠ | ᠤᠯᠤᠰ ᠨᠢ ᠠᠷᠠᠢ ᠭᠡᠵᠦ ᠬᠠᠭᠠᠰ ᠺᠣᠯᠣᠨᠢ ᠶᠢᠨ ᠲᠠᠷᠣᠩᠭᠤᠶᠢᠯᠠᠯ ᠠᠴᠠ ᠠᠩᠬᠢᠵᠢᠷᠠᠵᠦ᠂ ᠠᠷᠠᠳ ᠲᠥᠮᠡᠨ ᠤ | ᠠᠮᠢᠳᠣᠷᠠᠯ ᠲᠦᠢᠯ ᠤᠨ ᠬᠦᠴᠢᠷ ᠪᠠᠷᠭᠡᠰᠢᠶᠡᠯ ᠲᠠᠢ ᠪᠠᠶᠢᠭᠰᠠᠨ ᠥᠶ᠎ᠡ ᠳᠤ᠂ ᠨᠢᠭᠡᠨ ᠪᠡᠶ᠎ᠡ ᠪᠠᠭᠤᠷᠠᠢ ᠡᠪᠡᠳᠴᠢᠨ | ᠡᠮᠬᠡᠭ ᠲᠤ ᠳᠠᠷᠤᠭᠳᠠᠭᠰᠠᠨ ᠪᠥᠰᠡᠭᠦᠢ ᠪᠢᠴᠢᠬᠠᠨ ᠥᠬᠢᠨ ᠢᠶᠠᠨ ᠲᠠᠭᠠᠭᠤᠯᠵᠦ ᠭᠤᠶᠢᠷᠠᠨᠴᠢᠯᠠᠨ ᠲᠡᠨᠦᠭᠦᠴᠢᠯᠡᠵᠦ | ᠶᠠᠪᠣᠭᠰᠠᠭᠠᠷ ᠠᠮᠧᠷᠢᠺᠠ ᠶᠢᠨ ᠹᠢᠯᠠᠳᠧᠯᠹᠢᠶ᠎ᠠ ᠬᠤᠳᠠ ᠶᠢᠨ ᠵᠠᠬ᠎ᠠ ᠶᠢᠨ ᠨᠢᠭᠡᠨ ᠰᠣᠷᠭᠠᠭᠤᠯᠢ ᠶᠢᠨ ᠡᠭᠦᠳᠡᠨ ᠳᠤ | ᠨᠠᠷᠠᠨ ᠳᠤ ᠡᠭᠡᠭᠡᠵᠦ ᠰᠠᠭᠤᠵᠦ ᠪᠠᠶᠢᠳᠠᠯ᠎ᠠ᠂ ᠰᠣᠷᠭᠠᠭᠤᠯᠢ ᠶᠢᠨ ᠬᠦᠷᠢᠶᠡᠨ ᠤ ᠬᠡᠦᠬᠡᠳ ᠤᠳ ᠤᠨ ᠪᠢᠴᠢᠭ ᠤᠩᠰᠢᠬᠤ | ᠲᠠᠭᠤ ᠪᠤᠯᠤᠨ ᠲᠡᠭᠦᠯᠳᠡᠷ ᠬᠥᠭᠵᠢᠮ ᠲᠠᠳᠠᠬᠤ ᠲᠠᠭᠤᠨ ᠰᠣᠨᠣᠰᠤᠭᠳᠠᠭᠰᠠᠨ ᠪᠠᠶᠢᠨ᠎ᠠ᠃ ᠡᠨᠡ ᠭᠦ ᠲᠠᠭᠤ ᠨᠢ ᠪᠢᠴᠢᠬᠠᠨ | ᠥᠬᠢᠨ ᠤ ᠰᠡᠳᠬᠢᠯ ᠵᠢᠷᠦᠬᠡ ᠶᠢ ᠥᠪᠡᠷ ᠤᠨ ᠡᠷᠬᠡ ᠦᠭᠡᠢ ᠲᠣᠭᠳᠦᠯᠤᠭᠤᠯᠵᠦ᠂ ᠰᠣᠷᠭᠠᠭᠤᠯᠢ ᠳᠤ ᠰᠠᠭᠤᠬᠤ ᠶᠢ | ᠭᠦᠰᠡᠨ ᠮᠥᠷᠣᠭᠡᠳᠦᠭᠰᠡᠨ ᠰᠡᠳᠬᠢᠯᠭᠡ ᠳᠤ ᠪᠠᠨ ᠬᠥᠳᠦᠯᠥᠭᠳᠡᠭᠰᠡᠨ ᠪᠢᠴᠢᠬᠠᠨ ᠥᠬᠢᠨ ᠡᠭᠦᠨ ᠠᠴᠠ ᠬᠤᠶᠢᠰᠢ | ᠥᠷᠭᠦᠯᠵᠢ ᠰᠣᠷᠭᠠᠭᠤᠯᠢ ᠶᠢᠨ ᠬᠡᠷᠡᠮ ᠤᠨ ᠭᠠᠳᠠᠨ᠎ᠠ ᠰᠠᠭᠤᠵᠦ ᠬᠢᠴᠢᠶᠡᠯ ᠰᠣᠨᠣᠰᠳᠠᠭ ᠪᠣᠯᠵᠠᠢ᠃ ᠬᠠᠷᠠᠮᠰᠠᠯᠳᠠᠢ ᠨᠢ | ᠬᠥᠭᠡᠷᠣᠬᠦᠢ ᠥᠬᠢᠨ ᠤ ᠡᠵᠢ ᠨᠢ ᠨᠢᠭᠡ ᠵᠢᠯ ᠤᠨ ᠲᠠᠷᠠᠭ᠎ᠠ ᠡᠪᠡᠳᠴᠢᠨ ᠢᠶᠠᠷ ᠨᠠᠰᠣ ᠪᠠᠷᠠᠵᠠᠢ᠃ ᠭᠡᠪᠡᠴᠦ ᠥᠨᠣᠴᠢᠨ | ᠭᠠᠭᠴᠠᠭᠠᠷ ᠪᠣᠯᠣᠭᠰᠠᠨ ᠪᠢᠴᠢᠬᠠᠨ ᠥᠬᠢᠨ ᠮᠥᠨ ᠯᠡ ᠰᠤᠷᠭᠠᠭᠤᠯᠢ ᠳᠤ ᠰᠠᠭᠤᠬᠤ ᠲᠣᠷ᠎ᠠ ᠬᠦᠰᠡᠯ ᠠᠴᠠ ᠪᠠᠨ | ᠪᠣᠯᠵᠦ ᠥᠷᠭᠦᠯᠵᠢᠯᠡᠨ ᠰᠣᠷᠭᠠᠭᠤᠯᠢ ᠶᠢᠨ ᠭᠠᠳᠠᠨ᠎ᠠ ᠠᠴᠠ ᠬᠢᠴᠢᠶᠡᠯ ᠰᠣᠨᠣᠰᠳᠠᠭ ᠪᠠᠶᠢᠵᠠᠢ᠃ ᠲᠡᠭᠡᠵᠤ ᠪᠠᠶᠢᠳᠠᠯ᠎ᠠ | ᠨᠢᠭᠡᠨ ᠪᠠᠭᠰᠢ ᠲᠠᠢ ᠤᠴᠠᠷᠠᠵᠦ ᠲᠠᠷᠠ ᠪᠠᠰᠠ ᠡᠨᠡ ᠰᠣᠷᠭᠠᠭᠤᠯᠢ ᠳᠤ ᠪᠢᠴᠢᠭ ᠦᠵᠡᠵᠤ ᠪᠤᠯᠬᠤ ᠡᠰᠡᠭᠦ ᠶᠢ | ᠠᠰᠠᠭᠤᠭᠰᠠᠨ ᠳᠤ ᠡᠨᠡ ᠪᠠᠭᠰᠢ ᠪᠢᠴᠢᠬᠠᠨ ᠥᠬᠢᠨ ᠤ ᠰᠡᠳᠬᠢᠯ ᠢ ᠬᠥᠨᠳᠡᠬᠦ ᠠᠴᠠ ᠪᠣᠯᠭᠤᠮᠵᠢᠯᠠᠨ᠄ ︽ᠲᠣᠰ | ᠰᠣᠷᠭᠠᠭᠤᠯᠢ ᠶᠢᠨ ᠬᠦᠷᠢᠶ᠎ᠡ ᠬᠡᠪᠴᠢᠶ᠎ᠡ ᠲᠦᠢᠯ ᠤᠨ ᠪᠠᠭ᠎ᠠ ᠰᠢᠦ︕ ᠵᠥᠪᠬᠡᠨ ᠪᠠᠶᠠᠴᠤᠳ ᠤᠨ ᠬᠡᠦᠬᠡᠳ ᠢ ᠯᠠ | ᠪᠠᠭᠳᠠᠭᠠᠳᠠᠭ︾ ᠭᠡᠵᠦ ᠬᠡᠯᠡᠭᠰᠡᠨ ᠪᠠᠶᠢᠨ᠎ᠠ᠃ ᠲᠡᠷᠡ ᠴᠠᠭ ᠠᠴᠠ ᠡᠬᠢᠯᠡᠵᠦ ᠪᠢᠴᠢᠬᠠᠨ ᠥᠬᠢᠨ ᠰᠤᠷᠭᠠᠭᠤᠯᠢ ᠶᠢᠨ | ᠭᠠᠳᠠᠨ᠎ᠠ ᠬᠢᠴᠢᠶᠡᠯ ᠰᠣᠨᠣᠰᠬᠤ ᠶᠢᠨ ᠲᠠᠭᠠᠤ ᠭᠤᠶᠢᠷᠠᠨᠴᠢᠯᠠᠵᠦ ᠲᠣᠰ ᠰᠣᠷᠭᠠᠭᠤᠯᠢ ᠶᠢ ᠥᠷᠬᠡᠳᠬᠡᠨ ᠪᠠᠶᠢᠭᠤᠯᠬᠤ ᠳᠤ | ᠮᠥᠩᠭᠦ ᠬᠤᠷᠠᠮᠳᠣᠭᠤᠯᠵᠦ ᠶᠠᠳᠠᠭᠤᠴᠤᠳ ᠤᠨ ᠬᠡᠦᠬᠡᠳ ᠢ ᠪᠥᠷ ᠰᠤᠷᠭᠠᠭᠤᠯᠢ ᠳᠤ ᠰᠠᠭᠤᠯᠭᠠᠬᠤ ᠭᠡᠵᠦ ᠵᠣᠷᠢᠭᠰᠠᠨ | ᠪᠠᠶᠢᠵᠠᠢ᠃ ᠬᠡᠳᠡᠯ᠎ᠡ ᠡᠨᠡ ᠭᠦ ᠬᠥᠭᠡᠷᠣᠬᠦᠢ ᠥᠬᠢᠨ ᠴᠠᠰᠣ ᠰᠢᠭᠤᠷᠠᠭᠠᠨᠳᠤ ᠡᠪᠦᠯ ᠤᠨ ᠨᠢᠭᠡ ᠡᠳᠦᠷ ᠰᠣᠷᠭᠠᠭᠤᠯᠢ ᠶᠢᠨ | ᠬᠡᠷᠡᠮ ᠤᠨ ᠭᠠᠳᠠᠨ᠎ᠠ ᠬᠥᠯᠳᠡᠵᠦ ᠥᠬᠦᠭᠰᠡᠨ ᠢ ᠬᠦᠮᠦᠰ ᠣᠯᠵᠦ ᠮᠡᠳᠡᠭᠰᠡᠨ ᠪᠥᠭᠡᠳ ᠲᠡᠭᠦᠨ ᠤ ᠬᠠᠷᠮᠠᠨ ᠳᠤ 57 | ᠮᠥᠩᠭᠦ ᠪᠠ ᠨᠢᠭᠡ ᠴᠠᠭᠠᠰᠣᠨ ᠲᠡᠭᠡᠷ᠎ᠡ ᠮᠣᠷᠣᠢ ᠬᠠᠵᠠᠭᠠᠢ ᠪᠠᠷ ︽ᠲᠣᠰ ᠰᠣᠷᠭᠠᠭᠤᠯᠢ ᠶᠢ ᠥᠷᠬᠡᠳᠬᠡᠨ | ᠪᠠᠶᠢᠭᠤᠯᠬᠤ ᠳᠤ ᠮᠥᠩᠬᠦ ᠬᠤᠷᠠᠮᠳᠣᠭᠤᠯᠵᠦ ᠪᠣᠢ ᠪᠥᠬᠦᠢ ᠶᠠᠳᠠᠭᠤ ᠠᠶᠢᠯ ᠤᠨ ᠬᠡᠦᠬᠡᠳ ᠢ ᠰᠣᠷᠭᠠᠭᠤᠯᠢ ᠳᠤ | ᠰᠠᠭᠤᠯᠭᠠᠬᠤ ᠶᠢᠨ ᠲᠥᠯᠣᠭᠡ ᠪᠢ ᠪᠥᠳᠦᠨ ᠨᠢᠭᠡ ᠵᠢᠯ ᠭᠤᠶᠣᠵᠦ ᠣᠯᠣᠭᠰᠠᠨ ᠮᠥᠩᠭᠦ ᠶᠤᠮ︾ ᠭᠡᠵᠦ ᠪᠢᠴᠢᠭᠰᠡᠨ | ᠪᠠᠶᠢᠵᠠᠢ᠃ ᠡᠨᠡ ᠭᠦ ᠴᠢᠮᠡᠭᠡ ᠤᠳᠠᠯ ᠦᠭᠡᠢ ᠲᠠᠷᠬᠠᠭᠳᠠᠵᠤ ᠭᠡᠷ ᠪᠠᠶᠢᠰᠢᠩ ᠭᠠᠵᠠᠷ ᠬᠥᠷᠣᠩᠭᠡ ᠶᠢᠨ ᠲᠣᠮᠤ | ᠪᠠᠶᠠᠴᠤᠳ ᠠᠴᠠ ᠪᠢᠴᠢᠬᠠᠨ ᠥᠬᠢᠨ ᠤ 57 ᠮᠥᠩᠭᠦ ᠪᠠᠷ ᠵᠠᠭᠤᠨ ᠮᠦ ᠭᠠᠵᠠᠷ ᠢ ᠰᠣᠷᠭᠠᠭᠤᠯᠢ ᠳᠤ ᠬᠤᠳᠠᠯᠳᠣᠨ | ᠥᠭᠴᠦ᠂ ᠲᠣᠭᠤᠰᠬ᠎ᠠ᠂ ᠴᠢᠯᠠᠭᠤ᠂ ᠮᠣᠳᠣᠨ ᠤ ᠠᠷᠠᠯᠵᠢᠶᠠᠴᠢᠳ ᠪᠠᠷᠢᠯᠭ᠎ᠠ ᠶᠢᠨ ᠮᠠᠲ᠋ᠧᠷᠢᠶᠠᠯ ᠢ ᠥᠨ᠎ᠡ ᠲᠦᠯᠦᠪᠤᠷᠢ | ᠦᠭᠡᠢ ᠬᠠᠨᠳᠢᠪᠯᠠᠵᠦ᠂ ᠲᠣᠩ ᠣᠯᠠᠨ ᠪᠠᠷᠢᠯᠭ᠎ᠠ ᠶᠢᠨ ᠲᠠᠷᠬᠠᠨ ᠬᠦᠴᠦ ᠬᠥᠯᠣᠰᠦ ᠠᠪᠬᠤ ᠦᠭᠡᠢ ᠠᠵᠢᠯᠯᠠᠬᠤ ᠪᠠᠷ | ᠨᠡᠷ᠎ᠡ ᠮᠡᠳᠡᠭᠦᠯᠵᠦ᠂ ᠡᠨᠡ ᠭᠦ ᠲᠦᠢᠯ ᠤᠨ ᠪᠠᠭ᠎ᠠ ᠬᠡᠪᠴᠢᠶ᠎ᠡ ᠲᠠᠢ ᠢᠵᠠᠭᠤᠷᠳᠠᠨ ᠤ ᠰᠣᠷᠭᠠᠭᠤᠯᠢ ᠶᠢ ᠤᠳᠠᠯ ᠦᠭᠡᠢ | ᠵᠠᠭᠤᠨ ᠮᠦ ᠶᠢᠨ ᠲᠠᠯᠠᠪᠠᠢ ᠲᠠᠢ ᠨᠢᠭᠡᠨ ᠶᠡᠭᠡ ᠰᠣᠷᠭᠠᠭᠤᠯᠢ ᠪᠣᠯᠣᠨ ᠪᠠᠶᠢᠭᠤᠯᠤᠭᠰᠠᠨ ᠪᠥᠭᠡᠳ ᠰᠣᠷᠭᠠᠭᠤᠯᠢ ᠶᠢᠨ | ᠨᠡᠷ᠎ᠡ ᠶᠢ ︽ᠹᠢᠯᠠᠳᠧᠯᠹᠢᠶ᠎ᠠ ᠶᠡᠭᠡ ᠰᠣᠷᠭᠠᠭᠤᠯᠢ︾ ᠭᠡᠮᠡᠨ ᠨᠡᠷᠡᠶᠢᠳᠴᠦ᠂ ᠣᠳᠣ ᠪᠣᠯᠬᠤ ᠳᠤ ᠲᠣᠰ ᠰᠣᠷᠭᠠᠭᠤᠯᠢ ᠨᠢ | ᠨᠢᠬᠡᠨᠳᠡ ᠬᠤᠶᠠᠷ ᠵᠠᠭᠤ ᠭᠠᠷᠣᠢ ᠵᠢᠯ ᠤᠨ ᠲᠡᠦᠬᠡ ᠲᠠᠢ ᠪᠤᠯᠵᠠᠢ᠃ ᠰᠤᠷᠭᠠᠭᠤᠯᠢ ᠭᠡᠬᠦ ᠡᠨᠡᠭᠦ ᠠᠷᠢᠭᠤᠨ ᠲᠠᠷᠬᠠᠨ | ᠣᠷᠣᠨ ᠨᠢ ᠬᠡᠦᠬᠡᠳ ᠪᠠᠭᠠᠴᠣᠳ ᠤᠨ ᠬᠦᠰᠡᠯᠡᠩ ᠤᠨ ᠣᠷᠣᠨ ᠪᠣᠯᠵᠦ᠂ ᠲᠡᠳᠡᠨ ᠤ ᠣᠶᠣᠨ ᠰᠦᠨᠡᠰᠦ ᠶᠢ ᠲᠠᠭᠤᠳᠠᠨ | ᠲᠠᠯᠠᠯᠠᠵᠤ ᠪᠠᠶᠢᠳᠠᠭ ᠶᠤᠮ᠃ ᠬᠦᠮᠦᠨ ᠲᠥᠷᠣᠯᠬᠢᠳᠡᠨ ᠤ ᠥᠨᠢ ᠤᠳᠠᠭᠠᠨ ᠤ ᠣᠷᠤᠭ᠎ᠠ ᠪᠣᠰᠬᠠᠭ᠎ᠠ ᠲᠡᠦᠬᠡᠨ | ᠶᠠᠪᠣᠴᠠ ᠳᠤ ᠭᠡᠳᠤᠢ ᠣᠯᠠᠨ ᠬᠡᠦᠬᠡᠳ ᠪᠠᠭᠠᠴᠤᠳ ᠤᠨ ᠰᠣᠷᠭᠠᠭᠤᠯᠢ ᠶᠢᠨ ᠡᠭᠦᠳᠡᠨ ᠪᠣᠱᠤᠭ᠎ᠠ ᠶᠢ ᠠᠯᠬᠤᠬᠤ ᠬᠦᠰᠡᠯ | ᠲᠡᠮᠡᠦᠯᠣᠯ ᠨᠢ ᠬᠥᠭᠡᠰᠦ ᠪᠣᠯᠣᠨ ᠵᠠᠮᠬᠠᠷᠠᠭᠰᠠᠨ ᠢ ᠪᠣᠦ ᠮᠡᠳᠡ᠃ ᠰᠣᠷᠭᠠᠭᠤᠯᠢ ᠨᠢ ᠨᠢᠭᠡ ᠬᠦᠮᠦᠨ ᠤ ᠥᠰᠴᠦ | ᠪᠤᠶᠢᠵᠢᠬᠤ᠂ ᠰᠣᠷᠤᠯᠴᠠᠬᠤ ᠠᠮᠢᠳᠣᠷᠠᠬᠤ᠂ ᠠᠳᠠᠯ ᠥᠢᠯᠡᠰ ᠪᠣᠰᠬᠠᠬᠤ ᠳᠤ ᠨᠢ ᠬᠢᠵᠠᠭᠠᠷ ᠦᠭᠡᠢ ᠶᠡᠭᠡ ᠥᠢᠯᠡᠳᠦᠯ | ᠥᠵᠡᠭᠦᠯᠳᠡᠭ ᠪᠠᠶᠢᠨ᠎ᠠ᠃ ᠠᠷᠪᠠᠨ ᠬᠡᠳᠦᠨ ᠵᠢᠯ ᠤᠨ ᠡᠮᠦᠨ᠎ᠡ ᠪᠣᠭᠤᠳᠦ ᠬᠤᠳᠠ ᠶᠢᠨ ᠬᠥᠩᠭᠡᠨ ᠠᠵᠦ | ᠥᠢᠯᠡᠳᠪᠣᠷᠢ ᠶᠢᠨ ᠲᠣᠮᠳᠠᠳᠦ ᠰᠤᠷᠭᠠᠭᠤᠯᠢ ᠶᠢᠨ ᠨᠢᠭᠡ ᠰᠣᠷᠣᠭᠴᠢ ᠨᠠᠮᠳᠠᠷᠴᠢᠯᠠᠨ ᠪᠢᠴᠢᠭᠰᠡᠨ ᠲᠡᠦᠬᠡᠨ ᠷᠣᠮᠠᠨ ᠢᠶᠠᠨ | ᠪᠡᠭᠡᠵᠢᠩ ᠤᠨ ᠨᠢᠭᠡ ᠬᠡᠪᠯᠡᠯ ᠤᠨ ᠬᠤᠷᠢᠶ᠎ᠠ ᠳᠤ ᠭᠤᠪᠢᠭᠤᠯᠤᠨ ᠢᠯᠡᠭᠡᠭᠰᠡᠨ ᠳᠤ ᠬᠡᠪᠯᠡᠯ ᠤᠨ ᠬᠤᠷᠢᠶ᠎ᠠ ᠨᠢ ᠲᠣᠰ | ᠨᠣᠮ ᠢ ᠬᠡᠪᠯᠡᠬᠦ ᠪᠠᠷ ᠪᠣᠯᠵᠦ ᠪᠠᠰᠠ ᠲᠣᠰ ᠰᠣᠷᠣᠭᠴᠢ ᠶᠢ ᠪᠡᠭᠡᠵᠢᠩ ᠤᠨ ᠲᠠᠪᠣᠨ ᠶᠡᠭᠡ ᠰᠣᠷᠭᠠᠭᠤᠯᠢ ᠳᠤ | ᠲᠠᠨᠢᠯᠴᠠᠭᠤᠯᠤᠬᠰᠡᠨ ᠳᠤ ᠪᠡᠭᠡᠵᠢᠩ ᠶᠡᠭᠡ ᠰᠣᠷᠭᠠᠭᠤᠯᠢ ᠨᠢ ᠵᠣᠷᠰᠢᠯ ᠢ ᠡᠪᠳᠡᠵᠦ ᠡᠯᠰᠡᠵᠦ ᠠᠪᠣᠭᠰᠠᠨ ᠭᠡᠳᠡᠭ᠃ | ᠬᠠᠷᠸᠠᠷᠲ ᠶᠡᠭᠡ ᠰᠣᠷᠭᠠᠭᠤᠯᠢ ᠠᠴᠠ ᠲᠡᠭᠦᠰᠦᠭᠰᠡᠨ ᠰᠣᠷᠣᠭᠴᠢ ᠠᠴᠠ 33 ᠬᠦᠮᠦᠨ ᠨᠤᠪᠧᠯ ᠤᠨ ᠱᠠᠩᠨᠠᠯ ᠲᠣᠰᠴᠦ᠂ | 7 ᠬᠦᠮᠦᠨ ᠨᠢ ᠠᠮᠧᠷᠢᠺᠠ ᠶᠢᠨ ᠶᠡᠷᠣᠩᠬᠡᠶᠢᠯᠡᠭᠴᠢ ᠪᠣᠯᠣᠭᠰᠠᠨ ᠪᠠᠶᠢᠨ᠎ᠠ᠃ ᠴᠢᠳᠠᠪᠣᠷᠢᠳᠠᠨ ᠨᠢ ᠵᠥᠪᠬᠡᠨ ᠶᠡᠭᠡ | ᠰᠣᠷᠭᠠᠭᠤᠯᠢ ᠳᠤ ᠯᠡ ᠬᠦᠮᠦᠵᠢᠭᠳᠡᠬᠦ ᠪᠢᠰᠢ᠂ ᠬᠡᠦᠬᠡᠳ ᠤᠨ ᠴᠡᠴᠡᠷᠯᠢᠭ᠂ ᠪᠠᠭ᠎ᠠ ᠰᠣᠷᠭᠠᠭᠤᠯᠢ᠂ ᠲᠣᠮᠳᠠᠳᠦ | ᠰᠣᠷᠭᠠᠭᠤᠯᠢ ᠶᠢᠨ ᠪᠠᠳᠦ ᠪᠠᠬᠢ ᠰᠠᠭᠤᠷᠢ ᠪᠠᠶᠢᠬᠤ ᠭᠡᠷᠡᠭ ᠲᠠᠢ᠃ ᠡᠶᠢᠮᠦ ᠪᠣᠯᠬᠤᠷ ᠪᠠᠭ᠎ᠠ ᠰᠣᠷᠭᠠᠭᠤᠯᠢ ᠶᠢᠨ ᠱᠠᠳᠦ | ᠪᠤᠯ ᠨᠢᠭᠡ ᠭᠦᠮᠦᠨ ᠤ ᠨᠠᠶᠢᠭᠡᠮ ᠳᠤ ᠪᠠᠨ ᠲᠤᠰᠠᠳᠠᠢ᠂ ᠴᠢᠳᠠᠪᠤᠷᠢᠳᠠᠢ ᠭᠦᠮᠦᠨ ᠪᠤᠯᠵᠤ ᠭᠦᠮᠦᠵᠢᠭᠳᠡᠭᠦ ᠬᠠᠮᠤᠭ ᠤᠨ | ᠦᠨᠳᠤᠰᠤᠨ᠂ ᠬᠠᠮᠤᠭ ᠤᠨ ᠵᠠᠩᠬᠢᠯᠠᠭ᠎ᠠ ᠶᠢᠨ ᠦᠶ᠎ᠠ ᠪᠤᠯᠬᠤ ᠶᠤᠮ᠃ | ᠲᠥᠷᠪᠡ᠂ ᠨᠡᠶᠢᠭᠡᠮ | ᠨᠡᠶᠢᠬᠡᠮ ᠪᠣᠯ ᠲᠤᠮᠤ ᠶᠡᠭᠡ ᠭᠡᠷ ᠪᠥᠯᠢ ᠪᠠᠶᠢᠵᠦ ᠬᠦᠮᠦᠨ ᠤ ᠥᠰᠴᠦ ᠪᠤᠶᠢᠵᠢᠬᠤ᠂ ᠠᠮᠢᠳᠣᠷᠠᠵᠦ ᠣᠷᠣᠰᠢᠬᠤ | ᠥᠷᠭᠡᠨ ᠠᠭᠤᠳᠠᠮ ᠥᠨᠢᠷ ᠪᠠᠶᠠᠯᠢᠭ ᠣᠷᠣᠨ ᠵᠠᠢ ᠪᠣᠯᠣᠨ᠎ᠠ᠃ ᠨᠡᠶᠢᠭᠡᠮ ᠨᠢ ᠰᠠᠶᠢᠨ ᠪᠠ ᠮᠠᠭᠤ᠂ ᠰᠠᠶᠢᠬᠠᠨ ᠪᠠ | ᠮᠠᠭᠤᠬᠠᠢ᠂ ᠪᠤᠯᠬᠢ ᠪᠠ ᠪᠣᠯᠪᠠᠰᠣᠨ᠂ ᠲᠠᠪᠰᠢᠩᠭᠤᠢ ᠪᠠ ᠬᠤᠴᠣᠷᠣᠩᠭᠤᠢ ᠵᠡᠷᠭᠡ ᠠᠯᠢ ᠪᠥᠬᠦᠨ ᠢ ᠪᠥᠷᠢᠯᠳᠦᠭᠦᠯᠦᠭᠰᠡᠨ | ᠲᠥᠪᠡᠭ ᠪᠣᠳᠦᠯᠢᠶᠠᠨᠳᠤ ᠤᠷᠴᠢᠨ ᠠᠬᠤᠢ ᠪᠠᠶᠢᠵᠦ ᠬᠦᠮᠦᠨ ᠢ ᠦᠭᠡᠳᠡᠯᠡᠵᠦ ᠲᠠᠳᠠᠵᠤ ᠲᠠᠪᠰᠢᠭᠤᠯᠬᠤ᠂ | ᠲᠣᠷᠦ᠋ᠢᠳᠠᠭᠤᠯᠬᠤ ᠠᠯᠢ ᠪᠥᠬᠦᠨ ᠢ ᠭᠦᠢᠴᠡᠳᠬᠡᠵᠦ ᠲᠡᠶᠢᠯᠬᠦ ᠣᠷᠣᠨ ᠵᠠᠢ ᠪᠠᠶᠢᠭ᠎ᠠ ᠶᠤᠮ᠃ ᠨᠡᠶᠢᠭᠡᠮ ᠪᠣᠯ ᠮᠥᠨ ᠴᠦ | ᠬᠦᠮᠦᠨ ᠲᠥᠷᠣᠯᠬᠢᠳᠡᠨ ᠢ ᠬᠥᠭᠵᠢᠭᠦᠯᠬᠦ ᠪᠣᠳᠠᠳᠦ ᠰᠠᠭᠤᠷᠢᠨ ᠭᠠᠵᠠᠷ ᠪᠣᠯᠬᠤᠷ ᠬᠦᠮᠦᠨ ᠢ ᠲᠣᠬᠠᠢ ᠶᠢᠨ ᠨᠡᠶᠢᠭᠡᠮ ᠤᠨ | ᠣᠷᠴᠢᠨ ᠠᠬᠤᠢ ᠳᠤ ᠪᠠᠨ ᠵᠣᠬᠢᠴᠠᠬᠤ ᠶᠢ ᠱᠠᠭᠠᠷᠳᠠᠬᠤ ᠶᠤᠮ᠃ ᠨᠡᠶᠢᠭᠡᠮ ᠨᠢ ᠬᠦᠮᠦᠨ ᠢ ᠰᠢᠯᠢᠬᠦ ᠰᠢᠭᠰᠢᠬᠦ ᠪᠥᠬᠦ | ᠶᠠᠪᠣᠴᠠ ᠶᠢ ᠪᠣᠳᠠᠳᠠᠢ ᠠᠮᠢᠳᠣᠷᠠᠯ ᠥᠢᠯᠡᠳᠦᠯᠭᠡ ᠪᠠᠷ ᠲᠠᠮᠵᠢᠭᠤᠯᠵᠦ ᠭᠦᠢᠴᠡᠳᠬᠡᠨ᠎ᠡ᠃ ᠲᠣᠬᠠᠢ ᠶᠢᠨ ᠨᠡᠶᠢᠭᠡᠮ ᠠᠴᠠ | ᠲᠠᠪᠠᠭᠰᠠᠨ ᠪᠣᠶᠣ ᠲᠤᠬᠠᠢ ᠶᠢᠨ ᠠᠬᠤᠢ ᠠᠴᠠ ᠵᠠᠶᠢᠯᠠᠵᠦ ᠴᠢᠳᠠᠬᠤ ᠬᠦᠮᠦᠨ ᠪᠠᠶᠢᠬᠤ ᠦᠭᠡᠢ᠃ ᠬᠦᠮᠦᠨ ᠤ ᠠᠮᠢᠳᠣᠷᠠᠯ | ᠠᠵᠢᠯ ᠥᠢᠯᠡᠰ ᠤᠨ ᠥᠨᠴᠥᠭ ᠪᠣᠯᠣᠩ ᠠᠯᠢ ᠪᠥᠬᠦᠨ ᠳᠤ ᠨᠢ ᠲᠣᠬᠠᠢ ᠶᠢᠨ ᠨᠡᠶᠢᠭᠡᠮ ᠤᠨ ᠠᠭᠤᠷ ᠠᠮᠢᠰᠬᠤᠯ | ᠨᠡᠪᠴᠢᠵᠦ ᠨᠥᠯᠥᠭᠡ ᠲᠣᠰᠬᠠᠯ ᠭᠠᠷᠭᠠᠨ᠎ᠠ᠃ | ᠬᠡᠦᠬᠡᠳ ᠪᠠᠭᠠᠴᠤᠳ ᠤᠨ ᠣᠷᠣᠰᠢᠵᠦ ᠪᠥᠬᠦᠢ ᠲᠣᠬᠠᠢ ᠶᠢᠨ ᠨᠡᠶᠢᠭᠡᠮ ᠨᠢ ᠬᠡᠦᠬᠡᠳ ᠢ ᠤᠯᠠᠨ ᠲᠠᠯ᠎ᠠ ᠪᠠᠷ | ᠬᠢᠵᠠᠭᠠᠷᠯᠠᠬᠤ ᠪᠥᠭᠡᠳ ᠱᠠᠭᠠᠷᠳᠠᠨ᠎ᠠ᠃ ᠶᠢᠷᠳᠢᠨᠴᠦ ᠶᠢᠨ ᠠᠯᠢᠪᠠ ᠬᠡᠷᠡᠭ ᠪᠣᠳᠠᠰ ᠬᠡᠵᠢᠶᠡᠳᠡ ᠤᠯᠠᠷᠢᠵᠦ ᠬᠤᠪᠢᠷᠠᠬᠤ | ᠬᠦᠳᠡᠯᠭᠡᠭᠡᠨ ᠤ ᠲᠤᠮᠳᠠ ᠤᠷᠤᠰᠢᠨ᠎ᠠ᠃ ᠭᠦᠭᠵᠢᠯᠳᠠ ᠨᠢ ᠨᠡᠶᠢᠭᠡᠮ ᠤᠨ ᠵᠠᠶᠢᠯᠠᠰᠢ ᠦᠭᠡᠢ ᠵᠢᠮ᠎ᠠ ᠶᠤᠰᠤ᠃ ᠨᠡᠶᠢᠭᠡᠮ | ᠬᠡᠳᠦᠢ ᠬᠥᠭᠵᠢᠬᠦ ᠲᠣᠳᠣᠮ ᠬᠦᠮᠦᠨ ᠳᠤ ᠲᠠᠯᠪᠢᠬᠤ ᠱᠠᠭᠠᠷᠳᠠᠯᠭ᠎ᠠ ᠨᠢ ᠲᠡᠳᠦᠢ ᠥᠨᠳᠦᠷ ᠪᠣᠯᠣᠨ᠎ᠠ᠃ | ᠲᠡᠶᠢᠮᠦ ᠳᠤ ᠪᠠᠨ ᠨᠡᠶᠢᠭᠡᠮ ᠭᠡᠳᠡᠭ ᠶᠡᠭᠡ ᠭᠡᠷ ᠪᠥᠯᠢ ᠶᠢᠨ ᠠᠭᠤᠷ ᠠᠮᠢᠰᠬᠤᠯ ᠬᠡᠳᠦᠢ ᠰᠠᠶᠢᠨ ᠰᠠᠶᠢᠬᠠᠨ᠂ ᠬᠡᠳᠦᠢ | ᠠᠷᠢᠭᠤᠨ ᠴᠡᠪᠡᠷ ᠪᠤᠯ ᠬᠡᠦᠬᠡᠳ ᠪᠠᠭᠠᠴᠣᠳ ᠤᠨ ᠥᠰᠥᠨ ᠪᠤᠶᠢᠵᠢᠬᠤ᠂ ᠰᠣᠶᠣᠯ ᠬᠦᠮᠦᠵᠢᠯ ᠬᠦᠷᠳᠡᠬᠦ ᠳᠤ ᠲᠡᠳᠦᠢ | ᠠᠴᠢ ᠲᠣᠰᠠ ᠲᠠᠢ ᠪᠠᠶᠢᠳᠠᠬ᠃ ᠲᠥᠷᠥ ᠴᠢᠭᠴᠢ ᠪᠣᠯ ᠲᠥᠮᠡᠨ ᠠᠮᠣᠭᠤᠯᠠᠩ᠂ ᠨᠡᠶᠢᠬᠡᠮ ᠴᠦ ᠲᠠᠶᠢᠪᠤᠭᠤᠨ ᠪᠠᠶᠢᠵᠦ | ᠴᠢᠳᠠᠨ᠎ᠠ᠃ ᠨᠡᠶᠢᠭᠡᠮ ᠲᠠᠶᠢᠪᠤᠭᠤᠨ ᠪᠠᠶᠢᠮᠠᠨᠵᠢᠨ ᠰᠠᠶ᠋ᠢ ᠠᠷᠠᠳ ᠲᠦᠮᠡᠨ ᠳᠤ ᠠᠰᠢᠭ ᠲᠣᠰᠠ ᠲᠠᠢ ᠪᠠᠶᠢᠵᠦ᠂ | ᠰᠣᠷᠭᠠᠨ ᠬᠦᠮᠦᠵᠢᠯ ᠬᠦᠷᠳᠡᠬᠦ ᠪᠣᠰᠣᠳᠴᠢ ᠣᠷᠴᠢᠨ ᠠᠬᠤᠢ ᠨᠥᠬᠦᠴᠡᠯ ᠪᠣᠯᠣᠯᠴᠠᠭ᠎ᠠ ᠶᠢ ᠬᠠᠨᠤᠮᠵᠢᠲᠠᠢ ᠬᠠᠩᠭᠠᠬᠤ | ᠪᠤᠯᠤᠮᠵᠢ ᠲᠠᠢ ᠶᠤᠮ᠃ | ᠭᠡᠷ ᠪᠥᠯᠢ᠂ ᠪᠠᠭᠰᠢ᠂ ᠰᠣᠷᠭᠠᠭᠤᠯᠢ᠂ ᠨᠡᠶᠢᠬᠡᠮ ᠪᠣᠯ ᠥᠰᠬᠦ ᠨᠠᠰᠣᠨ ᠤ ᠬᠡᠦᠬᠡᠳ ᠪᠠᠭᠠᠴᠣᠳ ᠤᠨ | ᠥᠭᠡᠳᠡᠯᠡᠵᠦ ᠬᠥᠭᠵᠢᠬᠦ᠂ ᠡᠰᠠᠭᠦᠯ᠎ᠠ ᠤᠷᠣᠭᠤᠳᠠᠬᠤ ᠲᠤᠷᠦ᠋ᠢᠳᠠᠬᠤ ᠶᠢ ᠲᠣᠭᠳᠠᠭᠠᠬᠤ ᠬᠠᠮᠤᠭ ᠤᠨ ᠵᠠᠩᠬᠢᠯᠠᠭ᠎ᠠ ᠶᠢᠨ | ᠠᠨᠢᠰᠣ ᠶᠤᠮ᠃ ᠨᠡᠶᠢᠭᠡᠮ ᠤᠨ ᠠᠭᠤᠷ ᠠᠮᠢᠰᠬᠤᠯ ᠨᠢ ᠲᠥᠷᠥ ᠤᠯᠤᠰ᠂ ᠠᠷᠠᠳ ᠲᠥᠮᠡᠨ ᠤ ᠤᠯᠠᠮᠵᠢᠯᠠᠯᠳᠦ ᠰᠣᠶᠣᠯ᠂ | ᠠᠵᠦ ᠠᠬᠤᠢ᠂ ᠪᠣᠯᠪᠠᠰᠣᠨ ᠤ ᠬᠢᠷᠢ ᠲᠥᠪᠰᠢᠨ ᠵᠡᠷᠭᠡ ᠪᠠᠷ ᠰᠠᠭᠤᠷᠢᠯᠠᠵᠦ ᠬᠡᠦᠬᠡᠳ ᠤᠨ ᠥᠰᠣᠨ ᠪᠤᠶᠢᠵᠢᠬᠤ᠂ | ᠮᠡᠳᠡᠯᠭᠡ ᠡᠵᠡᠮᠰᠢᠬᠦ᠂ ᠥᠢᠯᠡᠰ ᠪᠥᠳᠦᠭᠡᠬᠦ ᠳᠤ ᠪᠣᠰᠣᠳᠴᠢ ᠨᠥᠭᠦᠴᠡᠯ ᠢ ᠬᠠᠩᠭᠠᠬᠤ ᠶᠤᠮ᠃ ᠵᠠᠰᠠᠭ ᠲᠥᠷᠣ᠂ | ᠠᠷᠠᠳ ᠲᠥᠮᠡᠨ ᠡᠨᠡ ᠭᠦ ᠣᠷᠣᠰᠢᠨ ᠲᠣᠭᠳᠠᠨᠢᠵᠦ ᠪᠠᠶᠢᠬᠤ ᠨᠡᠶᠢᠭᠡᠮ ᠤᠨ ᠠᠭᠤᠷ ᠠᠮᠢᠰᠬᠤᠯ ᠢ ᠰᠠᠶᠢᠳᠤᠷ | ᠠᠷᠢᠭᠤᠳᠬᠠᠨ ᠴᠡᠪᠡᠷᠯᠡᠭᠦ ᠴᠢᠬᠤᠯᠠ ᠲᠠᠢ ᠶᠤᠮ᠃ ᠨᠡᠶᠢᠬᠡᠮ ᠤᠨ ᠬᠡᠰᠢᠬᠦᠨ ᠨᠢᠭᠡ ᠪᠦᠷᠢ ᠠᠷᠭ᠎ᠠ ᠪᠥᠬᠦᠨ ᠢ | ᠰᠥᠪᠡᠭᠴᠢᠯᠡᠵᠦ ᠬᠡᠦᠬᠡᠳ ᠪᠠᠭᠠᠴᠣᠳ ᠤᠨ ᠥᠰᠴᠦ ᠪᠤᠶᠢᠵᠢᠬᠤ ᠬᠥᠷᠥᠰᠦ ᠰᠢᠷᠣᠢ ᠶᠢ ᠠᠷᠢᠭᠤᠨ ᠴᠡᠪᠡᠷ᠂ ᠥᠩ | ᠰᠢᠮᠡᠯᠢᠭ᠂ ᠥᠨᠢᠷ ᠪᠠᠶᠠᠯᠢᠭ᠂ ᠠᠭᠤᠳᠠᠮ ᠰᠠᠷᠠᠭᠤᠯ ᠪᠠᠶᠢᠯᠭᠠᠬᠤ ᠳᠤ ᠬᠦᠴᠦ ᠪᠠᠨ ᠡᠷᠭᠦᠵᠦ ᠲᠣᠰᠠ ᠪᠠᠨ ᠥᠵᠡᠭᠦᠯᠬᠦ | ᠬᠡᠷᠡᠭ ᠲᠠᠢ᠃ ᠥᠨᠥᠳᠦᠷ ᠤᠨ ᠡᠨᠡ ᠭᠦ ᠣᠷᠣᠰᠢᠵᠦ ᠪᠠᠶᠢᠬᠤ ᠨᠡᠶᠢᠭᠡᠮ ᠤᠨ ᠣᠷᠴᠢᠨ ᠠᠬᠤᠢ᠂ ᠠᠭᠤᠷ ᠠᠮᠢᠰᠬᠤᠯ | ᠵᠡᠷᠭᠡ ᠤᠯᠠᠨ ᠲᠠᠯ᠎ᠠ ᠶᠢᠨ ᠰᠢᠯᠳᠠᠭᠠᠨ ᠠᠴᠠ ᠪᠣᠯᠵᠦ᠂ ᠴᠥᠭᠡᠨ ᠪᠣᠰᠣ ᠵᠠᠯᠠᠭᠤ ᠪᠠᠭᠠᠴᠣᠳ ᠵᠦᠢᠯ ᠤᠨ ᠶᠠᠯᠠᠳᠦ | ᠬᠡᠷᠡᠭ ᠬᠢᠵᠦ ᠪᠠᠶᠢᠨ᠎ᠠ᠃ ᠶᠡᠷᠦ ᠨᠢ ᠪᠠᠯᠠᠮᠠᠳ ᠬᠡᠷᠴᠡᠭᠡᠢ ᠰᠥᠷᠭᠡᠤ ᠶᠠᠭᠤᠮ᠎ᠠ ᠨᠢ ᠪᠣᠯᠪᠠᠰᠣᠨ ᠰᠣᠶᠣᠯ ᠢ ᠪᠣᠷᠪᠢᠳᠠᠨ | ᠬᠦᠮᠦᠨ ᠲᠥᠷᠣᠯᠬᠢᠳᠡᠨ ᠤ ᠪᠣᠯᠪᠠᠰᠤᠨ ᠲᠡᠶᠢᠰᠢ ᠬᠥᠭᠵᠢᠬᠦ ᠶᠢ ᠶᠡᠭᠡ ᠬᠠᠷᠰᠢᠯᠠᠵᠦ ᠪᠠᠶᠢᠨ᠎ᠠ᠃ ᠭᠡᠷ ᠤᠨ ᠠᠬᠠᠮᠠᠳ ᠤᠨ | ᠪᠣᠳᠣᠯ ᠪᠣᠯᠣᠨ ᠰᠠᠨᠠᠭᠠᠰᠢᠷᠠᠨ ᠰᠢᠨᠠᠯᠠᠳᠠᠭ ᠨᠢ ᠬᠡᠦᠬᠡᠳ ᠤᠨ ᠡᠷᠡᠭᠦᠯ ᠡᠩᠭᠡ᠂ ᠠᠵᠦ ᠠᠮᠢᠳᠣᠷᠠᠯ᠂ ᠠᠵᠢᠯ ᠥᠢᠯᠡᠰ᠂ | ᠠᠯᠣᠰ ᠢᠷᠡᠭᠡᠳᠦᠢ ᠶᠤᠮ᠃ ᠡᠶ᠎ᠡ ᠨᠠᠶᠢᠷ ᠪᠢᠯᠬᠠᠭᠰᠠᠨ ᠡᠨᠡ ᠭᠦ ᠨᠡᠶᠢᠭᠡᠮ ᠠᠬᠤᠢ ᠳᠤ ᠵᠠᠯᠠᠭᠤ ᠪᠠᠭᠠᠴᠣᠳ ᠥᠪᠡᠷ ᠤᠨ | ᠭᠡᠰᠡᠨ ᠣᠷᠣᠨ ᠵᠠᠢ ᠪᠠᠨ ᠣᠯᠣᠨ᠎ᠠ ᠭᠡᠪᠡᠯ ᠪᠥᠬᠦ ᠲᠠᠯ᠎ᠠ ᠪᠠᠷ ᠬᠦᠮᠦᠵᠢᠭᠳᠡᠵᠤ ᠭᠦᠭᠵᠢᠭᠦ ᠶᠢ ᠱᠠᠭᠠᠷᠳᠠᠨ᠎ᠠ᠃ | ᠲᠠᠪᠤ᠂ ᠰᠡᠳᠬᠢᠴᠡ ᠶᠢᠨ ᠡᠷᠡᠭᠦᠯ ᠮᠡᠨᠳᠦ ᠶᠢᠨ ᠬᠦᠮᠦᠵᠢᠯ | ᠲᠡᠭᠡᠷ᠎ᠠ ᠶᠠᠷᠢᠭᠰᠠᠨ ᠭᠡᠳᠤᠨ ᠲᠠᠯ᠎ᠠ ᠠᠴᠠ ᠭᠠᠳᠠᠨ᠎ᠠ᠂ ᠲᠣᠮᠳᠠᠳᠦ ᠰᠣᠷᠭᠠᠭᠤᠯᠢ ᠪᠠᠭ᠎ᠠ ᠰᠣᠷᠭᠠᠭᠤᠯᠢ ᠶᠢᠨ | ᠰᠤᠷᠤᠭᠴᠢᠳ ᠰᠡᠳᠬᠢᠴᠡ ᠶᠢᠨ ᠡᠷᠡᠭᠦᠯ ᠮᠡᠨᠳᠦ ᠶᠢ ᠴᠢᠬᠤᠯᠠᠴᠢᠯᠠᠨ ᠠᠳᠬᠤᠪᠠᠯ ᠵᠤᠬᠢᠨ᠎ᠠ᠃ ᠡᠨᠡ ᠲᠠᠯ᠎ᠠ ᠪᠠᠷ | ᠨᠡᠶᠢᠭᠡᠮ ᠤᠨ ᠬᠢᠨ ᠭᠦᠢᠴᠡᠳ ᠭᠦᠨᠳᠤᠳᠭᠡᠭᠦ ᠦᠭᠡᠢ ᠪᠠᠶᠢᠨ᠎ᠠ᠃ ᠰᠡᠳᠬᠢᠯ ᠤᠨ ᠭᠦᠮᠦᠵᠢᠯ ᠢ ᠤᠷᠢᠳᠴᠢᠯᠠᠨ | ᠰᠡᠷᠭᠡᠶᠢᠯᠡᠬᠦ ᠡᠭᠦᠳᠡᠨ ᠠᠴᠠ ᠬᠢᠪᠡᠯ ᠠᠴᠢ ᠲᠣᠰᠠ ᠶᠡᠭᠡ ᠭᠠᠷᠣᠨ᠎ᠠ᠃ ᠬᠦᠮᠦᠨ ᠤ ᠪᠣᠬᠢᠨᠢᠳᠣᠯ ᠢ ᠲᠠᠶᠢᠯᠵᠦ | ᠪᠠᠴᠢᠭᠤᠳᠠᠭᠰᠠᠨ ᠰᠡᠳᠬᠢᠯ ᠢ ᠲᠠᠶᠢᠪᠣᠰᠢᠷᠠᠭᠤᠯᠬᠤ ᠵᠣᠭᠤᠭ ᠶᠠᠷᠢᠯᠴᠠᠭ᠎ᠠ ᠨᠢ ᠭᠠᠵᠢ ᠪᠣᠷᠣᠭᠤ ᠬᠡᠷᠡᠭ ᠬᠢᠬᠦ ᠶᠢ | ᠰᠠᠷᠭᠡᠶᠢᠯᠡᠵᠤ ᠲᠠᠶᠢᠯᠳᠡᠭ᠃ ᠨᠠᠰᠣᠨ ᠳᠤ ᠬᠦᠷᠦᠭᠡᠳᠦᠢ ᠬᠡᠦᠬᠡᠳ ᠪᠠᠭᠠᠴᠣᠳ ᠤᠨ ᠶᠠᠯ᠎ᠠ ᠬᠢᠵᠦ ᠪᠠᠶᠢᠭ᠎ᠠ ᠥᠵᠡᠭᠳᠡᠯ | ᠬᠠᠮᠢᠭ᠎ᠠ ᠴᠦ ᠪᠥᠷ ᠣᠷᠣᠰᠢᠵᠦ ᠪᠠᠶᠢᠨ᠎ᠠ᠃ ᠡᠨᠡ ᠣᠯᠠᠨ ᠬᠡᠦᠬᠡᠳ ᠤᠨ ᠲᠣᠳᠣᠷ᠎ᠠ ᠰᠡᠴᠡᠨ ᠰᠡᠷᠭᠦᠯᠡᠩ ᠬᠡᠦᠬᠡᠳ | ᠪᠠᠶᠢᠬᠤ ᠯᠠ ᠶᠤᠮ᠃ ᠰᠡᠴᠡᠨ ᠰᠡᠷᠭᠦᠯᠡᠩ ᠬᠡᠦᠬᠡᠳ ᠢ ᠬᠦᠮᠦᠵᠢᠭᠦᠯᠭᠦ ᠭᠡᠭᠴᠢ ᠬᠢᠯᠪᠠᠷᠬᠠᠨ ᠪᠢᠰᠢ᠃ ᠬᠠᠷᠠᠮᠰᠠᠯᠲᠠᠢ ᠨᠢ | ᠭᠡᠪᠡᠯ᠂ ᠦᠨᠦ ᠶᠢᠨ ᠨᠠᠶᠢᠭᠡᠮ ᠤᠨ ᠨᠦᠭᠦᠴᠡᠯ ᠨᠢ ᠰᠡᠴᠡᠨ ᠰᠡᠷᠭᠦᠯᠡᠩ ᠬᠡᠦᠬᠡᠳ ᠲᠤ ᠲᠣᠬᠢᠷᠠᠭᠰᠠᠨ ᠰᠣᠷᠭᠠᠨ | ᠬᠦᠮᠦᠵᠢᠯ ᠢ ᠰᠢᠰᠲ᠋ᠧᠮ ᠲᠠᠢ ᠪᠥᠷᠢᠨ ᠲᠡᠭᠦᠯᠳᠡᠷ ᠭᠦᠷᠳᠡᠭᠡᠵᠦ ᠴᠢᠳᠠᠬᠤ ᠦᠭᠡᠢ ᠪᠠᠶᠢᠨ᠎ᠠ᠃ ᠮᠠᠯᠵᠢᠬᠤ ᠣᠷᠣᠨ ᠳᠤ | ᠲᠠᠭᠤᠣ ᠤᠷᠠᠯᠢᠭ ᠲᠤ ᠠᠪᠢᠶᠠᠰ ᠪᠢᠯᠢᠭ ᠲᠠᠢ ᠲᠣᠷ᠎ᠠ ᠪᠠᠬ᠎ᠠ ᠲᠠᠢ ᠬᠡᠦᠬᠡᠳ ᠤᠳ ᠪᠠᠶᠢᠬᠤ ᠯᠠ ᠶᠤᠮ᠃ ᠭᠡᠪᠠᠴᠤ | ᠲᠣᠰᠬᠠᠢ ᠮᠡᠷᠭᠡᠵᠢᠯ ᠤᠨ ᠰᠠᠭᠤᠷᠢ ᠮᠡᠳᠡᠯᠭᠡ᠂ ᠥᠨᠳᠦᠰᠦᠨ ᠪᠣᠯᠪᠠᠰᠣᠷᠠᠯ ᠢ ᠰᠢᠰᠲ᠋ᠧᠮ ᠲᠠᠢ ᠭᠦᠢᠴᠡᠳ ᠭᠦᠷᠳᠡᠭᠡᠵᠦ | ᠴᠢᠳᠠᠬᠤ ᠦᠭᠡᠢ ᠪᠣᠯᠬᠤᠷ ᠤᠷᠠᠯᠢᠭ ᠤᠨ ᠥᠢᠯᠡᠰ ᠤᠨ ᠠᠶᠠᠨ ᠤ ᠬᠠᠷᠭᠤᠢ ᠳᠤ ᠨᠢ ᠪᠠᠷᠳᠠᠭ᠎ᠠ ᠲᠦᠭᠦᠷᠠᠩ ᠪᠠᠶᠢᠨ᠎ᠠ᠃ | ︽ᠲᠣᠳᠦᠭᠠᠳᠦ ᠨᠥᠭᠦᠴᠡᠯ ᠨᠢ ᠭᠠᠳᠠᠭᠠᠳᠦ ᠰᠢᠯᠳᠠᠭᠠᠨ ᠢᠶᠠᠷ ᠲᠠᠮᠵᠢᠵᠦ ᠥᠢᠯᠡᠳᠦᠯ ᠭᠠᠷᠣᠨ᠎ᠠ︾ ᠭᠡᠵᠦ ᠭᠦᠨ | ᠤᠬᠠᠭᠠᠨ ᠳᠤ ᠬᠡᠯᠡᠳᠡᠭ᠃ ᠬᠡᠷᠪᠡ ᠥᠨᠳᠡᠭᠡᠨ ᠳᠤ ᠭᠠᠳᠠᠨ᠎ᠠ ᠠᠴᠠ ᠲᠣᠬᠢᠷᠠᠭᠰᠠᠨ ᠬᠠᠯᠠᠭᠤᠨ ᠢ ᠦᠭᠪᠡᠯ ᠥᠨᠳᠡᠭᠡ ᠨᠢ | ᠲᠣᠭᠳᠠᠮᠠᠯ ᠬᠤᠭᠤᠴᠠᠭᠠᠨ ᠳᠤ ᠪᠠᠨ ᠴᠣᠷᠪᠠᠭ᠎ᠠ ᠨᠡᠪᠴᠢᠨ᠎ᠡ᠃ ᠭᠡᠳᠡᠯ᠎ᠠ ᠴᠢᠯᠠᠭᠤᠨ ᠳᠤ ᠲᠣᠭᠳᠠᠮᠠᠯ ᠬᠤᠭᠤᠴᠠᠭ᠎ᠠ ᠲᠠᠢ | ᠲᠣᠬᠢᠷᠠᠭᠰᠠᠨ ᠬᠠᠯᠠᠭᠤᠨ ᠢ ᠥᠭᠭᠦᠭᠰᠡᠨ ᠴᠦ ᠬᠤᠪᠢᠷᠠᠬᠤ ᠦᠭᠡᠢ᠃ ᠮᠥᠨ ᠥᠨᠳᠡᠭᠡᠨ ᠳᠤ ᠭᠠᠳᠠᠨ᠎ᠠ ᠠᠴᠠ ᠬᠠᠯᠠᠭᠤᠨ | ᠥᠭᠬᠦ ᠦᠭᠡᠢ ᠪᠣᠯ ᠥᠨᠳᠡᠭᠡ ᠴᠦ ᠬᠤᠪᠢᠷᠠᠬᠤ ᠦᠭᠡᠢ᠃ ᠡᠨᠡ ᠶᠤᠰᠤ ᠪᠠᠷ ᠬᠡᠦᠬᠡᠳ ᠤᠨ ᠲᠠᠯᠳᠠ ᠬᠦᠴᠦᠨ ᠴᠦ | ᠮᠥᠨ ᠬᠤᠵᠢᠮ ᠤᠨ ᠡᠳᠦᠷ ᠤᠨ ᠬᠦᠮᠦᠵᠢᠭᠦᠯᠭᠦ ᠪᠠᠷ ᠲᠠᠮᠵᠢᠵᠦ ᠨᠡᠭᠡᠭᠡᠭᠳᠡᠨ᠎ᠡ ᠭᠡᠰᠡᠨ ᠢ ᠣᠶᠢᠯᠠᠭᠠᠵᠦ ᠪᠣᠯᠣᠨ᠎ᠠ᠃ | ᠥᠬᠡᠷ ᠲᠤ ᠶᠠᠳᠤᠭ᠎ᠠ ᠲᠡᠯᠡᠳᠬᠦ ᠪᠠ ᠭᠤᠯᠣᠩᠬᠠᠢ ᠬᠤᠨᠢ ᠶᠢ ᠲᠦᠢᠭ᠌ᠯᠠᠬᠤ ᠬᠤᠶᠠᠷ ᠨᠢ ᠡᠷᠡᠰ ᠣᠨᠳᠣᠣ ᠥᠷ᠎ᠡ | ᠳ᠋ᠦᠩ ᠢ ᠠᠪᠴᠢᠷᠠᠨ᠎ᠠ᠃ ᠲᠦᠢᠭ᠌ᠯᠠᠬᠤ ᠨᠢ ᠠᠶ᠎ᠠ ᠲᠠᠭᠤᠣ ᠪᠠᠷ ᠲᠠᠮᠵᠢᠭᠤᠯᠵᠦ ᠬᠤᠷᠠᠭ᠎ᠠ ᠪᠠᠨ ᠭᠤᠯᠣᠭᠰᠠᠨ ᠬᠤᠨᠢ ᠶᠢ | ᠬᠤᠷᠠᠭ᠎ᠠ ᠳᠤ ᠨᠢ ᠠᠮᠠᠷᠠᠭ ᠪᠣᠯᠭᠠᠵᠦ ᠪᠠᠶᠢᠨ᠎ᠠ᠃ ᠡᠨᠡ ᠪᠣᠯ ᠮᠥᠨ ᠭᠠᠳᠠᠭᠠᠳᠦ ᠬᠦᠴᠦᠨ ᠤ ᠥᠢᠯᠡᠳᠦᠯ ᠪᠤᠯᠤᠨ᠎ᠠ᠃ | ᠬᠡᠦᠬᠡᠳ ᠤᠨ ᠲᠠᠯᠳᠠ ᠬᠦᠴᠦᠨ ᠢ ᠨᠡᠭᠡᠭᠡᠨ᠎ᠡ ᠭᠡᠳᠡᠭ ᠬᠢᠯᠪᠠᠷ ᠪᠢᠰᠢ᠃ ᠬᠡᠦᠬᠡᠳ ᠪᠠᠭᠠᠴᠣᠳ ᠤᠨ ᠰᠣᠷᠣᠯᠭ᠎ᠠ ᠶᠢᠨ | ᠲᠠᠷᠣᠭᠠᠰᠤ ᠬᠥᠨᠳᠦ᠂ ᠴᠠᠭ ᠴᠢᠯᠦᠭᠡ ᠪᠠᠴᠢᠮ ᠪᠤᠯᠬᠤᠷ ᠲᠡᠳᠡᠨ ᠤ ᠰᠠᠨᠠᠭ᠎ᠠ ᠪᠣᠳᠣᠯ ᠤᠨ ᠡᠮᠵᠡᠭ ᠠᠷᠬᠠᠭ ᠢ | ᠣᠶᠢᠯᠠᠭᠠᠬᠤ ᠳᠤ ᠭᠦᠴᠢᠷ᠂ ᠵᠠᠰᠠᠵᠦ ᠵᠠᠯᠠᠷᠠᠭᠤᠯᠬᠤ ᠳᠤ ᠴᠤ ᠬᠡᠴᠡᠭᠦᠦ ᠪᠠᠶᠢᠳᠠᠭ᠃ ᠬᠡᠦᠬᠡᠳ ᠪᠠᠭᠠᠴᠣᠳ ᠢ ᠪᠠᠶᠢᠭᠠᠯᠢ | ᠨᠡᠶᠢᠭᠡᠮ ᠬᠤᠶᠠᠷ ᠲᠠᠢ ᠢᠯᠡᠭᠦᠣ ᠤᠢᠢᠷᠠᠳᠤᠭᠤᠯᠵᠤ ᠬᠠᠷᠠᠴᠠ ᠶᠢ ᠨᠢ ᠥᠷᠭᠡᠳᠬᠡᠵᠦ ᠪᠣᠳᠠᠳᠦ ᠠᠮᠢᠳᠣᠷᠠᠯ ᠤᠨ ᠲᠣᠮᠳᠠ | ᠲᠠᠳᠣᠯᠭ᠎ᠠ ᠬᠢᠯᠭᠡᠭᠦ ᠨᠢ ᠶᠡᠭᠡ ᠠᠴᠢ ᠲᠣᠰᠠ ᠲᠠᠢ ᠪᠠᠶᠢᠳᠠᠬ᠃ ᠰᠤᠶᠣᠯ ᠤᠷᠠᠯᠢᠭ ᠤᠨ ᠰᠡᠬᠡᠭᠡᠷᠡᠯ ᠤᠨ | ᠬᠤᠭᠤᠴᠠᠭᠠᠨ ᠳᠤ ᠨᠡᠷ᠎ᠡ ᠭᠠᠷᠣᠭᠰᠠᠨ ᠬᠦᠮᠦᠰ ᠤᠨ ᠤᠯᠠᠩᠬᠢ ᠨᠢ ᠪᠠᠯᠴᠢᠷ ᠨᠠᠰᠣᠨ ᠤ ᠬᠦᠮᠦᠵᠢᠯ ᠢ ᠰᠢᠰᠲ᠋ᠧᠮ ᠲᠠᠢ | ᠬᠦᠷᠳᠡᠭᠰᠡᠨ ᠭᠡᠵᠦ ᠰᠡᠭᠦᠯ ᠤᠨ ᠥᠶ᠎ᠡ ᠶᠢᠨ ᠠᠵᠢᠭᠯᠠᠭᠴᠢ ᠣᠯᠵᠦ ᠮᠡᠳᠡᠭᠰᠡᠨ ᠪᠠᠶᠢᠪᠠ᠃ ᠪᠠᠯᠴᠢᠷ ᠥᠶ᠎ᠡ ᠳᠤ ᠪᠠᠨ | ᠠᠯᠳᠠᠵᠦ ᠣᠷᠬᠢᠭᠰᠠᠨ ᠵᠥᠢᠯ ᠢ ᠪᠠᠭ᠎ᠠ ᠨᠠᠰᠣᠨ ᠳᠤ ᠪᠠᠨ ᠣᠯᠵᠦ ᠴᠢᠳᠠᠬᠤ ᠦᠭᠡᠢ᠂ ᠨᠠᠰᠣᠨ ᠳᠤ ᠬᠦᠷᠪᠡᠯ ᠨᠡᠩ ᠴᠦ | ᠡᠷᠡᠮᠡᠯᠵᠡᠯ ᠦᠭᠡᠢ ᠪᠣᠯᠣᠨ᠎ᠠ᠃ ᠵᠠᠷᠢᠮ ᠬᠡᠦᠬᠡᠳ ᠨᠢ ᠭᠡᠷ ᠲᠤ ᠪᠠᠨ ᠬᠠᠶᠢᠷ᠎ᠠ ᠲᠣᠳᠠᠵᠦ ᠡᠷᠭᠡ ᠴᠢᠯᠥᠭᠡ᠂ ᠣᠷᠣᠨ | ᠪᠠᠶᠢᠷᠢ ᠦᠭᠡᠢ ᠪᠠᠶᠢᠬᠤ᠂ ᠵᠠᠷᠢᠮ ᠰᠤᠷᠤᠭᠴᠢ ᠰᠣᠷᠭᠠᠭᠤᠯᠢ ᠳᠤ ᠪᠠᠨ ᠣᠴᠢᠪᠠᠯ ᠬᠠᠮᠳᠤ ᠰᠤᠷᠤᠯᠭᠠᠳᠠᠨ ᠳᠤ ᠪᠠᠨ | ᠲᠠᠷᠣᠯᠠᠭᠳᠠᠵᠦ᠂ ᠵᠦᠢᠯ ᠤᠨ ᠰᠢᠯᠳᠠᠭᠠᠨ ᠠᠴᠠ ᠤᠯᠠᠨᠳᠠ ᠰᠣᠷᠭᠠᠭᠤᠯᠢ ᠰᠢᠯᠵᠢᠬᠦ᠂ ᠰᠣᠷᠣᠯᠭ᠎ᠠ ᠵᠣᠭᠰᠣᠬᠤ᠂ | ᠭᠡᠷ ᠠᠴᠠ ᠪᠠᠨ ᠤᠷᠭᠤᠬᠤ᠂ ᠣᠨᠴᠠ ᠵᠠᠷᠢᠮ ᠨᠢ ᠪᠡᠶ᠎ᠡ ᠪᠠᠨ ᠬᠤᠣᠷᠯᠠᠬᠤ ᠥᠵᠡᠭᠳᠡᠯ ᠭᠠᠷᠴᠦ ᠪᠠᠶᠢᠨ᠎ᠠ᠃ ᠬᠡᠷᠪᠡ | ᠬᠦᠮᠦᠨ ᠤ ᠤᠶᠣᠨ ᠰᠠᠨᠠᠭ᠎ᠠ ᠬᠠᠷᠰᠢ ᠰᠠᠭᠠᠳ ᠲᠠᠢ ᠪᠣᠯᠪᠠᠯ ᠵᠢᠯᠤᠭᠤᠳᠬᠤ ᠲᠥᠪ ᠨᠢ ᠠᠰᠠᠭᠤᠳᠠᠯ ᠲᠠᠢ ᠪᠣᠯᠬᠤ ᠨᠢ | ᠲᠡᠷᠡ᠃ ᠬᠦᠮᠦᠨ ᠤ ᠵᠢᠯᠤᠭᠤᠳᠬᠤ ᠲᠥᠪ ᠨᠢ ᠬᠡᠪ ᠤᠨ ᠵᠢᠷᠣᠮ ᠢᠶᠠᠨ ᠠᠯᠳᠠᠬᠤ ᠳᠤ ᠬᠦᠷᠪᠡᠯ ᠬᠠᠮᠤᠭ ᠤᠨ | ᠲᠥᠪᠡᠭ ᠲᠠᠢ ᠪᠣᠯᠣᠨ᠎ᠠ᠃ ᠬᠦᠮᠦᠨ ᠤ ᠠᠯᠢᠪᠠ ᠥᠢᠯᠡ ᠠᠵᠢᠯᠯᠠᠭ᠎ᠠ ᠨᠢ ᠬᠠᠮᠤᠭ ᠤᠨ ᠡᠷᠡᠭᠦᠯ ᠰᠠᠷᠠᠭᠤᠯ ᠤᠬᠠᠭᠠᠨ | ᠪᠣᠳᠣᠯ ᠤᠨ ᠰᠠᠭᠤᠷᠢ ᠲᠡᠭᠡᠷ᠎ᠡ ᠶᠠᠪᠣᠭᠳᠠᠪᠠᠯ ᠲᠠᠭᠠᠷᠠᠬᠤ ᠶᠤᠮ᠃ ᠬᠦᠮᠦᠨ ᠳᠤ ᠶᠠᠮᠠᠷ ᠨᠢᠭᠡ ᠠᠷᠬᠠᠭ ᠪᠠᠶᠢᠵᠦ ᠪᠣᠯᠣᠨ᠎ᠠ᠂ | ᠭᠡᠪᠡᠴᠦ ᠲᠥᠪ ᠮᠡᠳᠡᠷᠡᠯ ᠤᠨ ᠠᠰᠠᠭᠤᠳᠠᠯ ᠪᠠᠶᠢᠵᠦ ᠪᠣᠯᠬᠤ ᠦᠭᠡᠢ᠃ ᠰᠤᠳᠤᠯᠭᠠᠳᠠᠳ ᠤᠨ ᠦᠵᠠᠭᠦ ᠪᠠᠷ | ᠣᠳᠣᠬᠠᠨ ᠳᠤ ᠲᠠᠯᠠᠭᠡᠢ ᠶᠢᠨ ᠪᠥᠮᠪᠥᠷᠴᠡᠭ ᠲᠠᠭᠡᠷ᠎ᠡ ᠠᠮᠢᠳᠣᠷᠠᠵᠦ ᠪᠠᠶᠢᠭ᠎ᠠ ᠬᠦᠮᠦᠰ ᠤᠨ 1/10 ᠨᠢ ᠤᠬᠠᠭᠠᠨ | ᠮᠡᠳᠡᠷᠡᠯ ᠤᠨ ᠭᠦᠡᠭᠭᠡᠨ ᠭᠡᠮ ᠠᠷᠬᠠᠬ ᠲᠠᠢ ᠭᠡᠵᠦ ᠪᠠᠶᠢᠨ᠎ᠠ᠃ ᠰᠣᠷᠣᠯᠭ᠎ᠠ ᠠᠮᠢᠳᠣᠷᠠᠯ ᠠᠵᠢᠯ ᠥᠢᠯᠡᠰ ᠤᠨ | ᠶᠠᠪᠣᠴᠠ ᠳᠤ ᠢᠯᠠᠭᠳᠠᠬᠤ ᠨᠢ ᠠᠶᠣᠮᠰᠢᠭ ᠲᠠᠢ ᠪᠢᠰᠢ᠂ ᠬᠠᠷᠢᠨ ᠢᠯᠠᠭᠳᠠᠬᠤ ᠠᠴᠠ ᠰᠥᠷᠳᠡᠭᠰᠡᠨ ᠰᠡᠳᠬᠢᠴᠡ ᠪᠤᠯ | ᠬᠠᠮᠤᠭ ᠤᠨ ᠠᠶᠣᠯ ᠲᠠᠢ ᠶᠤᠮ᠃ ︽ᠮᠡᠳᠡᠷᠡᠯ ᠤᠨ ᠴᠢᠨᠠᠷ ᠲᠠᠢ ᠬᠤᠳᠣᠭᠤᠳᠦᠨ ᠤ ᠠᠷᠬᠠᠭ︾ ᠭᠡᠬᠦ ᠨᠣᠮ ᠳᠤ᠂ ︽ | ᠬᠤᠳᠦᠭᠤᠳᠦᠨ ᠤ ᠰᠢᠷᠬᠠᠯᠠᠭ᠎ᠠ ᠶᠢᠨ ᠡᠭᠦᠰᠦᠯ ᠨᠢ ᠴᠢᠨᠤ ᠶᠠᠭᠤ ᠢᠳᠡᠭᠰᠡᠨ ᠳᠤ ᠪᠠᠶᠢᠬᠤ ᠪᠢᠰᠢ᠂ ᠬᠠᠷᠢᠨ ᠴᠢᠨᠣ | ᠶᠠᠭᠤᠨ ᠳᠤ ᠰᠡᠳᠬᠢᠯ ᠰᠢᠨᠠᠯᠡᠵᠦ ᠪᠠᠶᠢᠬᠤ ᠳᠤ ᠪᠠᠶᠢᠨ᠎ᠠ︾ ᠭᠡᠵᠡᠢ᠃ ᠨᠠᠷᠢᠨ ᠠᠵᠢᠭᠯᠠᠵᠦ ᠰᠢᠨᠵᠢᠯᠡᠬᠦ ᠳᠤ | ᠬᠡᠦᠬᠡᠳ ᠤᠨ ᠰᠡᠳᠬᠢᠴᠠ ᠶᠢᠨ ᠡᠷᠡᠭᠦᠯ ᠮᠡᠨᠳᠦ ᠶᠢᠨ ᠠᠰᠠᠭᠤᠳᠠᠯ ᠪᠣᠯ ᠲᠦᠢᠯ ᠤᠨ ᠨᠠᠷᠢᠯᠢᠬ ᠤᠶᠤᠨ ᠤ ᠬᠥᠳᠡᠯᠮᠥᠷᠢ | ᠱᠠᠭᠠᠷᠳᠠᠭᠳᠠᠳᠠᠬ᠃ ᠶᠠᠮᠠᠷ ᠴᠦ ᠪᠠᠶᠢᠳᠠᠯ ᠤᠨ ᠲᠣᠣᠷ᠎ᠠ ᠬᠡᠦᠬᠡᠳ ᠤᠨ ᠪᠡᠶ᠎ᠡ ᠪᠠᠨ ᠬᠥᠨᠳᠦᠳᠬᠡᠬᠦ ᠰᠡᠳᠬᠢᠯ ᠢ | ᠬᠥᠨᠳᠡᠵᠦ ᠪᠣᠯᠬᠤ ᠦᠭᠡᠢ᠃ | ᠵᠢᠷᠭᠤᠭ᠎ᠠ᠂ ᠬᠡᠦᠬᠡᠳ ᠤᠨ ᠪᠠᠶ᠎ᠠ ᠮᠠᠬᠠᠪᠤᠳ ᠤᠨ ᠡᠷᠡᠭᠦᠯ ᠮᠡᠨᠳᠦ | ᠭᠡᠷ ᠤᠨ ᠠᠬᠠᠮᠠᠳ ᠤᠨ ᠡᠮᠦᠨ᠎ᠡ ᠲᠣᠯᠭᠠᠷᠠᠵᠦ ᠪᠠᠶᠢᠭ᠎ᠠ ᠪᠠᠰᠠ ᠨᠢᠭᠡ ᠴᠢᠬᠤᠯᠠ ᠠᠰᠠᠭᠤᠳᠠᠯ ᠪᠣᠯ ᠬᠡᠦᠬᠡᠳ ᠤᠨ | ᠪᠠᠶ᠎ᠠ ᠮᠠᠬᠠᠪᠤᠳ ᠤᠨ ᠡᠷᠡᠭᠦᠯ ᠮᠡᠨᠳᠦ ᠪᠤᠯᠤᠨ᠎ᠠ᠃ ᠥᠰᠬᠦ ᠨᠠᠰᠣᠨ ᠤ ᠬᠡᠦᠬᠡᠳ ᠤᠨ ᠪᠠᠶ᠎ᠠ ᠮᠠᠬᠠᠪᠤᠳ ᠤᠨ ᠡᠷᠡᠭᠦᠯ | ᠮᠡᠨᠳᠦ ᠪᠤᠯ ᠠᠮᠢᠳᠤᠷᠠᠯ ᠰᠤᠷᠤᠯᠭ᠎ᠠ ᠶᠢᠨ ᠬᠢᠨᠢ ᠤᠷᠢᠳᠠᠯ ᠨᠥᠬᠦᠴᠡᠯ ᠪᠣᠯᠬᠤ ᠶᠤᠮ᠃ ᠣᠳᠣ ᠵᠥᠪᠬᠡᠨ ᠬᠡᠦᠬᠡᠳ ᠤᠨ | ᠬᠠᠷᠠᠭ᠎ᠠ ᠶᠢ ᠬᠠᠮᠠᠭᠠᠯᠠᠬᠤ ᠨᠢᠭᠡ ᠯᠠ ᠠᠰᠠᠭᠤᠳᠠᠯ ᠳᠤ ᠬᠦᠴᠢᠷ ᠲᠥᠪᠡᠭ ᠲᠣᠯᠭᠠᠷᠠᠵᠦ ᠠᠷᠭ᠎ᠠ ᠪᠠᠷᠠᠭᠳᠠᠭᠤᠯᠵᠦ | ᠰᠠᠨᠠᠭ᠎ᠠ ᠠᠯᠳᠠᠭᠤᠯᠵᠦ ᠪᠠᠶᠢᠨ᠎ᠠ᠃ ᠰᠢᠯ ᠵᠡᠭᠦᠬᠦ ᠦᠭᠡᠢ ᠬᠡᠦᠬᠡᠳ ᠤᠨ ᠲᠤᠭ᠎ᠠ ᠡᠳᠦᠷ ᠠᠴᠠ ᠡᠳᠦᠷ ᠴᠥᠭᠡᠷᠡᠵᠦ | ᠪᠠᠶᠢᠨ᠎ᠠ᠃ ᠬᠤᠯᠪᠤᠭᠳᠠᠬᠤ ᠮᠠᠲ᠋ᠧᠷᠢᠶᠠᠯ ᠢ ᠦᠨᠳᠤᠰᠤᠯᠠᠪᠠᠯ᠂ ᠠᠮᠧᠷᠢᠺᠠ ᠶᠢᠨ ᠪᠠᠭ᠎ᠠ ᠰᠣᠷᠭᠠᠭᠤᠯᠢ ᠶᠢᠨ ᠬᠡᠦᠬᠡᠳ ᠤᠨ | ᠰᠣᠷᠣᠯᠭ᠎ᠠ ᠶᠢᠨ ᠲᠠᠷᠣᠭᠠᠰᠣ ᠬᠥᠩᠭᠡᠨ ᠪᠠᠶᠢᠵᠦ ᠨᠢᠳᠦ ᠪᠠᠨ ᠬᠥᠰᠢᠳᠡᠯ᠎ᠡ᠂ ᠭᠠᠷ ᠢᠶᠠᠨ ᠡᠪᠡᠷᠰᠢᠳᠡᠯᠡ᠂ ᠣᠨᠳᠠᠬᠤ ᠴᠠᠭ | ᠦᠭᠡᠢ ᠪᠣᠯᠳᠠᠯ᠎ᠠ ᠲᠠᠰᠬᠠᠯ ᠬᠢᠬᠦ ᠦᠭᠡᠢ᠃ ᠬᠠᠷᠢᠨ ᠭᠡᠷ ᠤᠨ ᠭᠠᠳᠠᠨᠠᠬᠢ ᠬᠦᠳᠡᠯᠭᠡᠭᠡᠨ ᠠᠷᠪᠢᠨ᠃ ᠠᠭᠤᠯᠠ ᠲᠠᠯ᠎ᠠ | ᠣᠰᠣ ᠭᠤᠪᠢ ᠪᠠᠷ ᠬᠡᠬᠡᠷᠡᠯᠡᠵᠦ ᠨᠠᠭᠠᠳᠬᠤ ᠨᠢ ᠠᠷᠪᠢᠨ᠃ ᠨᠡᠶᠢᠳᠡ ᠶᠢᠨ ᠴᠡᠴᠡᠷᠯᠢᠭ ᠲᠤ ᠪᠠᠶ᠎ᠠ ᠶᠢᠨ ᠲᠠᠮᠢᠷ ᠤᠨ | ᠲᠠᠯᠠᠪᠠᠢ᠂ ᠲᠠᠮᠢᠷ ᠤᠨ ᠬᠡᠷᠡᠭᠰᠡᠯ ᠤᠨ ᠵᠦᠢᠯ ᠪᠥᠷᠢᠨ ᠪᠠᠶᠢᠨ᠎ᠠ᠃ ᠲᠡᠳᠡ ᠪᠠᠶ᠎ᠠ ᠶᠢᠨ ᠲᠠᠮᠢᠷ ᠤᠨ ᠬᠦᠳᠡᠯᠭᠡᠭᠡᠨ ᠳᠤ | ᠶᠠᠳᠠᠷᠠᠵᠦ ᠬᠥᠰᠢᠳᠡᠯ᠎ᠡ ᠪᠠᠨ ᠣᠷᠣᠯᠴᠠᠨ᠎ᠠ᠃ ᠮᠠᠨ ᠤ ᠣᠯᠣᠰ ᠤᠨ ᠬᠡᠦᠬᠡᠳ ᠪᠣᠯ ᠣᠶᠣᠨ ᠰᠠᠨᠠᠭ᠎ᠠ ᠪᠠ ᠪᠡᠶ᠎ᠡ | ᠮᠠᠬᠠᠪᠣᠳ ᠬᠤᠶᠠᠷ ᠲᠠᠯ᠎ᠠ ᠶᠢᠨ ᠲᠠᠷᠣᠭᠠᠰᠣ ᠶᠢ ᠬᠥᠯᠢᠶᠡᠵᠦ ᠥᠰᠴᠦ ᠪᠠᠶᠢᠨ᠎ᠠ᠃ ᠢᠳᠡᠭᠡᠨ ᠣᠮᠳᠠᠭᠠᠨ᠂ ᠣᠰᠣ᠂ | ᠠᠭᠠᠷ᠂ ᠤᠷᠴᠢᠨ ᠠᠬᠤᠢ᠂ ᠠᠮᠢᠳᠣᠷᠠᠯ ᠳᠤ ᠱᠠᠭᠠᠷᠳᠠᠭᠳᠠᠬᠤ ᠵᠦᠢᠯ ᠪᠤᠬᠢᠷᠳᠤᠵᠤ ᠪᠠᠶᠢᠨ᠎ᠠ᠃ ᠣᠳᠣ ᠪᠣᠯ | ᠰᠣᠷᠣᠭᠠᠳ ᠪᠠᠷᠠᠬᠤ ᠦᠭᠡᠢ᠂ ᠰᠣᠷᠣᠭᠠᠳ ᠵᠣᠭᠰᠣᠬᠤ ᠦᠭᠡᠢ ᠴᠠᠭ ᠥᠶ᠎ᠡ ᠪᠣᠯᠣᠭᠰᠠᠨ᠃ ᠬᠢᠴᠢᠶᠡᠯ ᠤᠨ ᠲᠥᠷᠣᠯ | ᠣᠯᠠᠨ᠂ ᠠᠭᠤᠯᠭ᠎ᠠ ᠨᠢ ᠭᠦᠨ ᠵᠡᠷᠭᠡ ᠰᠢᠯᠳᠠᠭᠠᠨ ᠠᠴᠠ ᠪᠣᠯᠵᠦ ᠬᠡᠦᠬᠡᠳ ᠰᠣᠷᠬᠤ ᠠᠴᠠ ᠪᠠᠨ ᠡᠮᠦᠨ᠎ᠡ ᠬᠠᠯᠠᠰᠢᠷᠠᠭᠠ | ᠪᠣᠯᠵᠦ ᠪᠡᠶ᠎ᠡ ᠰᠡᠳᠬᠢᠯ ᠲᠡᠭᠡᠷ᠎ᠡ ᠪᠠᠨ ᠲᠠᠷᠣᠭᠠᠰᠣ ᠶᠡᠭᠡ ᠪᠠᠶᠢᠨ᠎ᠠ᠃ | ᠪᠠᠭᠴᠠᠯᠠᠭᠠᠳ ᠭᠡᠯᠡᠪᠡᠯ᠂ ᠰᠤᠷᠤᠭᠴᠢᠳ ᠢ ᠶᠤᠰᠤ ᠮᠤᠷᠠᠯ᠂ ᠤᠶᠤᠨ ᠤᠬᠠᠭᠠᠨ᠂ ᠪᠠᠶ᠎ᠠ ᠮᠠᠬᠠᠪᠤᠳ᠂ ᠭᠤᠸ᠎ᠠ | ᠰᠠᠶᠢᠬᠠᠨ᠂ ᠭᠦᠳᠠᠯᠮᠤᠷᠢ ᠵᠡᠷᠭᠡ ᠪᠦᠭᠦ ᠲᠠᠯ᠎ᠠ ᠪᠠᠷ ᠭᠦᠭᠵᠢᠭᠰᠡᠨ ᠭᠦᠮᠦᠨ ᠪᠤᠯᠭᠠᠨ ᠭᠦᠮᠦᠵᠢᠭᠦᠯᠭᠦ ᠳᠤ ᠭᠡᠷ ᠪᠦᠯᠢ᠂ | ᠰᠤᠷᠭᠠᠭᠤᠯᠢ᠂ ᠨᠠᠶᠢᠭᠡᠮ ᠤᠨ ᠦᠢᠯᠠᠳᠤᠯ ᠴᠢᠳᠠᠮᠵᠢ ᠶᠢ ᠪᠦᠷᠢᠮᠤᠰᠤᠨ ᠪᠠᠳᠠᠷᠠᠭᠤᠯᠬᠤ ᠭᠡᠷᠡᠭᠳᠠᠢ᠃ | | | ᠠᠵᠢᠯᠯᠠᠵᠤ ᠪᠠᠶᠢᠭ᠎ᠠ ᠪᠠᠶᠢᠭᠤᠯᠭ᠎ᠠ᠄ ᠰᠢᠯᠣᠭᠤᠨ ᠬᠥᠪᠡᠭᠡᠳᠦ ᠴᠠᠭᠠᠨ | ᠬᠤᠰᠢᠭᠤᠨ ᠤ ᠨᠠᠮ ᠤᠨ ᠰᠣᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | 2021 ᠣᠨ ᠤ 3 ᠳ᠋ᠤᠭᠠᠷ ᠬᠤᠭᠤᠴᠠᠭ᠎ᠠ | |