| ᠲᠤᠩᠭᠠᠯᠠᠭ | | | ᠦᠷ᠎ᠡ ᠬᠡᠥᠬᠡᠳ ᠢᠶᠠᠨ ᠭᠦᠮᠦᠵᠢᠭᠦᠯᠬᠦ ᠪᠤᠯ ᠡᠴᠢᠭᠡ ᠡᠭᠡ ᠶᠢᠨ ᠲᠠᠶᠠᠭᠳᠠᠵᠤ ᠪᠤᠯᠤᠰᠢ ᠦᠭᠡᠢ ᠡᠭᠦᠷᠭᠡ | ᠬᠠᠷᠢᠭᠤᠴᠠᠯᠭ᠎ᠠ ᠪᠤᠯᠬᠤ ᠶᠤᠮ᠃ ᠭᠡᠳᠦ᠋ᠢᠪᠡᠷ ᠰᠤᠷᠭᠠᠨ ᠭᠦᠮᠦᠵᠢᠯ ᠤᠨ ᠶᠠᠪᠤᠴᠠ ᠳᠤ ᠰᠤᠷᠭᠠᠭᠤᠯᠢ᠂ ᠨᠠᠶᠢᠭᠡᠮ᠂ ᠭᠡᠷ | ᠪᠦᠯᠢ ᠴᠦᠮ ᠵᠤᠭᠢᠬᠤ ᠭᠡᠮᠵᠢᠶᠡᠨ ᠤ ᠬᠠᠷᠢᠭᠤᠴᠠᠯᠭ᠎ᠠ ᠶᠢ ᠡᠭᠦᠷᠭᠡᠯᠡᠵᠤ ᠪᠠᠶᠢᠭ᠎ᠠ ᠪᠤᠯᠪᠠᠴᠤ ᠭᠡᠷ ᠤᠨ ᠭᠦᠮᠦᠵᠢᠯ ᠨᠢ | ᠰᠤᠷᠭᠠᠭᠤᠯᠢ ᠶᠢᠨ ᠭᠦᠮᠦᠵᠢᠯ ᠪᠠ ᠨᠠᠶᠢᠭᠡᠮ ᠤᠨ ᠭᠦᠮᠦᠵᠢᠯ ᠢ ᠤᠷᠤᠯᠠᠵᠤ ᠪᠤᠯᠤᠰᠢ ᠦᠭᠡᠢ ᠪᠠᠶᠢᠷᠢ ᠰᠠᠭᠤᠷᠢ ᠪᠠ | ᠤᠶᠢᠯᠡᠳᠤᠯ ᠲᠠᠢ ᠪᠠᠶᠢᠳᠠᠭ᠃ ᠠᠪᠤ ᠡᠵᠢ ᠪᠤᠯ ᠭᠡᠤᠭᠡᠳ ᠤᠨ ᠠᠩᠬᠠᠨ ᠤ ᠪᠠᠭᠰᠢ᠂ ᠮᠦᠨ ᠴᠤ ᠨᠠᠰᠤᠨ ᠲᠤᠷᠰᠢ ᠶᠢᠨ | ᠪᠠᠭᠰᠢ ᠪᠤᠯᠬᠤ ᠶᠤᠮ᠃ ᠭᠡᠷ ᠤᠨ ᠭᠦᠮᠦᠵᠢᠯ ᠤᠨ ᠰᠠᠶᠢᠨ ᠮᠠᠭᠤ ᠨᠢ ᠭᠡᠤᠭᠡᠳ ᠤᠨ ᠨᠢᠭᠡ ᠨᠠᠰᠤ ᠶᠢ ᠰᠢᠭᠤᠳ | ᠨᠦᠯᠦᠭᠡᠯᠡᠳᠡᠭ᠂ ᠴᠢᠨᠠᠭᠰᠢᠯᠠᠪᠠᠯ ᠤᠯᠤᠰ ᠦᠨᠳᠤᠰᠤᠳᠠᠨ ᠤ ᠢᠷᠡᠭᠡᠳᠤᠢ ᠶᠢᠨ ᠭᠦᠭᠵᠢᠯ ᠪᠠ ᠭᠦᠴᠦᠷᠭᠡᠭᠵᠢᠯ ᠲᠠᠢ | ᠬᠤᠯᠪᠤᠭᠳᠠᠵᠤ ᠪᠠᠶᠢᠳᠠᠬ᠃ | ᠰᠢᠨ᠎ᠡ ᠲᠡᠦᠭᠡᠨ ᠡᠷᠢᠨ ᠳᠤ ᠭᠡᠷ ᠤᠨ ᠭᠦᠮᠦᠵᠢᠯ ᠨᠢ ᠦᠩᠭᠡᠷᠡᠭᠰᠡᠨ ᠤ ᠠᠯᠢ ᠴᠤ ᠴᠠᠭ ᠦᠶ᠎ᠡ ᠠᠴᠠ ᠢᠯᠡᠭᠦᠤ | ᠬᠠᠳᠠᠭᠤ ᠰᠢᠯᠭᠠᠯᠳᠠ ᠳᠤ ᠲᠤᠯᠭᠠᠷᠠᠵᠤ ᠪᠠᠶᠢᠨ᠎ᠠ᠃ ᠲᠤᠬᠠᠢᠢᠯᠠᠪᠠᠯ᠂ ᠵᠠᠷᠢᠮ ᠭᠡᠷ ᠤᠨ ᠠᠬᠠᠮᠠᠳ ᠲᠡᠩᠳᠡᠭᠦᠤ | ᠡᠷᠲᠡᠨ ᠠᠴᠠ ᠭᠡᠤᠭᠡᠳ ᠲᠤ ᠪᠠᠨ ᠬᠤᠵᠢᠮ ᠤᠨ ᠵᠠᠮ ᠢ ᠨᠢ ᠲᠦᠯᠦᠪᠯᠡᠵᠤ ᠦᠭᠭᠦᠭᠡᠳ᠂ ᠨᠦᠭᠦᠴᠡᠯ ᠰᠠᠶᠢᠨᠳᠠᠢ | ᠴᠡᠴᠡᠷᠯᠢᠭ ᠲᠤ ᠭᠦᠷᠭᠡᠭᠦ᠂ ᠭᠤᠥᠯᠳᠠᠯᠭ᠎ᠠ ᠲᠠᠢ ᠳᠤᠮᠳᠠᠳᠤ ᠪᠠᠭ᠎ᠠ ᠰᠤᠷᠭᠠᠭᠤᠯᠢ᠂ ᠲᠡᠭᠦᠨᠴᠢᠯᠡᠨ ᠭᠠᠳᠠᠭᠠᠳᠤ ᠳᠤ | ᠰᠤᠷᠤᠯᠴᠠᠭᠤᠯᠬᠤ ᠵᠢᠴᠢ ᠡᠨᠡ ᠲᠤᠷ᠎ᠠ ᠰᠤᠨᠢᠷᠬᠠᠯ ᠤᠨ ᠠᠩᠭᠢ ᠳᠤ ᠨᠡᠷ᠎ᠡ ᠮᠡᠳᠡᠭᠦᠯᠳᠠᠯᠠ᠂ ᠲᠡᠷᠡ ᠲᠡᠭᠡᠭᠰᠢᠯᠡᠭᠦᠯᠬᠦ | ᠠᠩᠭᠢ ᠳᠤ ᠭᠦᠷᠭᠡᠭᠡᠳ ᠮᠤᠩᠭᠢᠨᠠᠨ᠎ᠠ᠃ ᠲᠠᠭᠡᠪᠡᠯ ᠡᠶᠢᠮᠦᠷᠭᠦᠦ ᠪᠠᠶᠢᠳᠠᠯ ᠴᠤᠬᠤᠮ ᠵᠤᠬᠢᠰᠳᠠᠢ ᠤᠤ︖ ᠦᠭᠡᠢ ᠤᠤ︖ | ᠲᠤᠤᠷ᠎ᠠ ᠡᠭᠦᠨ ᠳᠤ ᠬᠠᠨᠳᠤᠭᠤᠯᠤᠨ ᠭᠡᠤᠭᠡᠳ ᠢᠶᠠᠨ ᠦᠪᠡᠷ ᠤᠨ ᠭᠢᠨᠢ ᠠᠶ᠎ᠠ ᠪᠠᠷ ᠦᠰᠭᠡᠭᠦ ᠶᠢ ᠰᠠᠨᠠᠭᠠᠴᠢᠯᠠᠭᠰᠠᠨ | ᠴᠤᠯᠭᠤᠶᠢᠬᠠᠨ ᠦᠵᠡᠯᠳᠠ ᠪᠠᠨ ᠶᠠᠷᠢᠶ᠎ᠠ ᠭᠡᠰᠡᠨ ᠶᠤᠮ᠃ | ᠨᠢᠭᠡ᠂ ᠠᠪᠤ ᠡᠵᠢ ᠪᠤᠯᠤᠭᠰᠠᠳ ᠡᠷᠭᠡᠪᠰᠢ ᠭᠡᠪ ᠶᠠᠷᠤᠮᠳᠡᠭ ᠰᠡᠳᠬᠢᠯ ᠲᠠᠢ ᠪᠠᠶᠢᠬᠤ ᠭᠡᠷᠡᠭᠲᠡᠢ᠃ | ᠲᠡᠩᠳᠡᠭᠦᠤ ᠡᠷᠲᠡᠨ ᠠᠴᠠ ᠠᠮᠢᠳᠤᠷᠠᠯ ᠤᠨ ᠲᠠᠷᠤᠭᠠᠰᠤ ᠶᠢ ᠭᠡᠤᠭᠡᠳ ᠤᠨ ᠪᠡᠶ᠎ᠠ ᠰᠡᠳᠭᠢᠯ ᠳᠤ ᠲᠤᠬᠤᠵᠤ | ᠪᠤᠯᠬᠤ ᠦᠭᠡᠢ᠃ ᠪᠠᠭ᠎ᠠ ᠶᠢᠨ ᠦᠶ᠎ᠡ ᠳᠤ ᠭᠦᠮᠦᠨ ᠪᠦᠭᠦᠨ ᠰᠠᠶᠢᠨ ᠰᠠᠶᠢᠬᠠᠨ ᠭᠦᠰᠡᠯ ᠮᠦᠷᠦᠭᠡᠳᠤᠯ ᠲᠠᠢ ᠪᠠᠶᠢᠳᠠᠭ᠃ | ᠵᠦᠪᠭᠡᠨ ᠲᠡᠷᠡ ᠯᠡ ᠭᠦᠰᠡᠯ ᠵᠡᠭᠦᠳᠦᠨ ᠲᠤᠳᠤᠷ᠎ᠠ ᠠᠴᠠ ᠡᠯ᠎ᠡ ᠵᠦᠢᠯ ᠤᠨ ᠶᠠᠭᠤᠮ᠎ᠠ ᠶᠢ ᠰᠡᠳᠭᠢᠨ ᠪᠦᠲᠦᠭᠡᠵᠤ | ᠴᠢᠳᠠᠨ᠎ᠠ᠃ ︽ᠠᠮᠵᠢᠯᠲᠠ ᠤᠯᠬᠤ ᠶᠢᠨ ᠤᠭᠢ ᠬᠠᠷᠠᠯᠲᠠ ᠪᠤᠯ ᠬᠠᠮᠤᠭ ᠤᠨ ᠦᠨ᠎ᠡ ᠴᠠᠨ᠎ᠠ ᠲᠠᠢ ᠨᠢᠭᠡ ᠨᠢ ᠪᠢᠰᠢ᠂ | ᠬᠠᠷᠢᠨ ᠬᠠᠮᠤᠭ ᠤᠨ ᠠᠮᠠᠷᠬᠠᠨ ᠪᠡᠶᠡᠯᠡᠭᠳᠡᠭᠦ ᠨᠢᠭᠡ ᠨᠢ ᠪᠠᠶᠢᠬᠤ ᠶᠤᠰᠤᠲᠡᠢ︾᠃ ᠭᠡᠷ ᠤᠨ ᠠᠬᠠᠮᠠᠳ ᠤᠨ | ᠬᠠᠷᠢᠭᠤᠴᠠᠯᠭ᠎ᠠ ᠪᠤᠯ ᠭᠡᠤᠭᠡᠳ ᠢᠶᠠᠨ ᠬᠠᠷᠠᠬᠠᠨ ᠪᠠᠭ᠎ᠠ ᠠᠴᠠ ᠨᠢ ᠢᠯᠡᠭᠦᠭᠡᠨ ᠵᠢᠯᠤᠭᠤᠳᠴᠤ᠂ ᠲᠡᠮᠵᠢᠵᠤ᠂ | ᠵᠤᠷᠢᠬᠵᠢᠭᠤᠯᠵᠤ ᠪᠠᠶᠢᠪᠠᠯ ᠪᠤᠯᠴᠢᠬᠠᠨ᠎ᠠ᠂ ᠬᠠᠷᠢᠨ ᠲᠤᠭ᠎ᠠ ᠲᠤᠮᠰᠢ ᠦᠭᠡᠢ ᠡᠭᠦᠷᠭᠡ ᠳᠠᠷᠤᠭᠠᠰᠤ ᠪᠠᠷ ᠭᠡᠤᠭᠡᠳ ᠢ | ᠰᠢᠬᠠᠮᠳᠠᠭᠤᠯᠵᠤ ᠪᠤᠯᠬᠤ ᠦᠭᠡᠢ᠃ | ᠰᠤᠨᠢᠷᠬᠠᠯᠲᠠᠢ ᠨᠢ ᠤᠶᠢᠷ᠎ᠠ ᠶᠢᠨ ᠵᠢᠯ ᠵᠠᠷᠢᠮ ᠵᠠᠯᠠᠭᠤ ᠭᠡᠷ ᠤᠨ ᠠᠬᠠᠮᠠᠳ᠂ ᠬᠤᠰᠢᠭᠤ ᠪᠠᠯᠭᠠᠰᠤᠨ ᠤ ᠰᠤᠷᠭᠠᠨ | ᠭᠦᠮᠦᠵᠢᠯ ᠢ ᠲᠤᠭᠤᠬᠤ ᠦᠭᠡᠢ᠂ ᠭᠡᠤᠭᠡᠳ ᠨᠢ ᠴᠡᠴᠡᠷᠯᠢᠭ ᠲᠤ ᠤᠷᠤᠬᠤ ᠦᠶᠡᠰ ᠠᠴᠠ ᠪᠠᠨ ᠡᠭᠢᠯᠡᠨ | ᠠᠵᠢᠯ ᠠᠴᠠ ᠪᠠᠨ ᠠᠮᠠᠷᠠᠭᠰᠠᠨ ᠠᠪᠤ ᠡᠵᠢ ᠶᠢ ᠪᠠᠨ ᠬᠤᠲᠠ ᠳᠤ ᠨᠡᠭᠦᠯᠭᠡᠵᠤ ᠠᠪᠴᠢᠷᠠᠭᠠᠳ ᠭᠡᠤᠭᠡᠳ ᠢᠶᠠᠨ | ᠬᠠᠷᠠᠭᠤᠯᠵᠤ ᠪᠢᠴᠢᠭ ᠦᠵᠠᠭᠦᠯᠵᠤ ᠪᠠᠶᠢᠨ᠎ᠠ᠃ ᠡᠨᠡ ᠨᠢ ᠤᠶᠢᠷ᠎ᠠ ᠶᠢᠨ ᠵᠢᠯ ᠳᠤ ᠭᠦᠮᠦᠰ ᠤᠨ ᠠᠩᠬᠠᠷᠤᠯ ᠢ ᠲᠠᠲᠠᠭᠠᠳ | ᠪᠠᠶᠢᠭ᠎ᠠ ︽ᠭᠡᠷ ᠤᠨ ᠮᠤᠬᠤᠷ ᠰᠠᠭᠢᠭᠰᠠᠨ ᠭᠡᠤᠭᠡᠳ︾ ᠲᠠᠢ ᠶᠠᠮᠠᠷ ᠢᠯᠭᠠᠭ᠎ᠠ ᠲᠠᠢ ᠪᠠᠶᠢᠨ᠎ᠠ ᠪᠤᠢ︖ ︽ᠭᠡᠷ ᠤᠨ ᠮᠤᠬᠤᠷ | ᠰᠠᠭᠢᠭᠰᠠᠨ ᠭᠡᠤᠭᠡᠳ︾ ᠪᠤᠯ ᠠᠪᠤ ᠡᠵᠢ ᠨᠢ ᠬᠤᠲᠠ ᠳᠤ ᠤᠷᠤᠵᠤ ᠭᠦᠯᠦᠰᠦᠨ ᠠᠵᠢᠯ ᠭᠢᠵᠤ᠂ ᠭᠡᠥᠭᠡᠳ ᠨᠢ | ᠭᠦᠲᠡᠭᠡ ᠳᠤ ᠦᠯᠡᠲᠡᠨᠠ᠃ ᠡᠲᠡ ᠨᠠᠷ ᠪᠤᠯ ᠬᠠᠷᠢᠨ ᠠᠪᠤ ᠡᠵᠢ ᠨᠢ ᠭᠡᠷ ᠲᠤ ᠪᠠᠨ ᠦᠯᠡᠲᠡᠭᠡᠳ᠂ ᠭᠡᠥᠭᠡᠳ ᠨᠢ | ᠬᠤᠲᠠ ᠳᠤ ᠤᠷᠤᠵᠤ ᠪᠢᠴᠢᠭ ᠦᠵᠡᠨ᠎ᠡ᠃ ᠦᠨᠡᠨ ᠳᠤ ᠪᠠᠨ ᠮᠦᠨ ᠴᠢᠨᠠᠷ ᠲᠡᠭᠡᠷ᠎ᠡ ᠪᠠᠨ ᠠᠲᠠᠯᠢᠬᠠᠨ ᠪᠢᠰᠢᠤ ᠤᠤ︖ | ᠢᠩᠭᠢᠵᠤ ᠭᠢᠭᠦ ᠨᠢ ᠨᠢᠭᠡ ᠲᠠᠯ᠎ᠠ ᠪᠠᠷ ᠭᠡᠥᠭᠡᠳ ᠠᠪᠤ ᠡᠵᠢ ᠲᠠᠢ ᠪᠠᠨ ᠬᠠᠶᠢᠷ᠎ᠠ ᠰᠡᠳᠭᠢᠯᠭᠡ ᠶᠢᠨ ᠰᠤᠯᠢᠯᠴᠠᠭ᠎ᠠ | ᠲᠤᠳᠠᠮᠠᠬ ᠪᠤᠯᠤᠨ᠎ᠠ᠂ ᠨᠦᠭᠦᠭᠡ ᠲᠠᠯ᠎ᠠ ᠪᠠᠷ ᠨᠠᠰᠤᠲᠠᠶᠢᠴᠦᠳ ᠭᠡᠳᠦ᠋ᠢᠪᠠᠷ ᠠᠮᠢᠲᠤᠷᠠᠯ ᠲᠡᠭᠡᠷ᠎ᠡ ᠨᠢ ᠭᠡᠥᠭᠡᠳ ᠢ | ᠬᠠᠷᠠᠭᠠᠯᠵᠠᠵᠤ ᠳᠡᠶᠢᠯᠭᠦ ᠪᠤᠯᠪᠠᠴᠤ ᠰᠤᠷᠭᠠᠨ ᠭᠦᠮᠦᠵᠢᠯ ᠤᠨ ᠲᠠᠯ᠎ᠠ ᠪᠠᠷ ᠢᠯᠭᠠᠭ᠎ᠠ ᠲᠠᠢ ᠪᠠᠶᠢᠵᠤ᠂ ᠭᠡᠥᠭᠡᠳ ᠲᠠᠢ ᠪᠠᠨ | ᠭᠦᠢᠴᠡᠳ ᠭᠡᠮᠵᠢᠶᠡᠨ ᠤ ᠰᠡᠳᠭᠢᠯ ᠤᠨ ᠰᠤᠯᠢᠯᠴᠠᠭ᠎ᠠ ᠬᠢᠭᠦ ᠲᠡᠶᠢᠯᠭᠦ ᠦᠭᠡᠢ ᠶᠤᠮ᠃ | ᠬᠤᠶᠠᠷ᠂ ᠠᠪᠤ ᠡᠵᠢ ᠪᠤᠯᠤᠭᠰᠠᠳ ᠪᠦᠭᠦᠨ ᠢ ᠤᠷᠤᠯᠡᠨ ᠭᠢᠵᠤ ᠪᠤᠯᠬᠤ ᠦᠭᠡᠢ᠃ | ᠭᠡᠥᠭᠡᠳ ᠦᠰᠴᠤ ᠭᠦᠮᠦᠵᠢᠭᠦ ᠳᠤ ᠦᠨᠲᠦᠰᠦᠨ ᠳᠤ ᠪᠠᠨ ᠲᠡᠭᠦᠨ ᠤ ᠦᠪᠡᠷ ᠤᠨ ᠭᠢᠨᠢ ᠤᠴᠢᠷ ᠵᠦᠢ᠂ | ᠠᠶᠠᠨᠳᠠᠭᠠᠨ ᠤ ᠶᠠᠪᠤᠴᠠ ᠪᠠᠶᠢᠳᠠᠬ᠃ ᠭᠡᠦᠭᠡᠳ ᠦᠪᠡᠷ ᠢᠶᠠᠨ ᠤᠶᠢᠯᠡᠲᠦᠯᠭᠡ ᠶᠢᠨ ᠲᠤᠮᠲᠠ ᠦᠰᠦᠨ ᠪᠦᠢᠵᠢᠵᠤ᠂ | ᠠᠮᠵᠢᠯᠲᠠ ᠢᠯᠠᠭᠲᠠᠯ ᠤᠨ ᠲᠤᠮᠳᠠ ᠲᠤᠷᠰᠢᠯᠭ᠎ᠠ ᠰᠤᠷᠭᠠᠮᠵᠢ ᠬᠤᠷᠠᠮᠲᠤᠭᠤᠯᠬᠤ ᠨᠢ ᠴᠢᠬᠤᠯᠠ᠃ ︽ᠪᠦᠲᠦᠷᠢᠭᠦ ᠦᠭᠡᠢ | ᠪᠤᠯ ᠤᠬᠠᠭᠠᠷᠠᠬᠤ ᠦᠭᠡᠢ︾᠂ ᠪᠢᠲᠠ ᠭᠡᠤᠭᠡᠳ ᠢ ᠨᠢᠭᠡ ᠨᠠᠰᠤ ᠪᠠᠷ ᠢᠶᠠᠨ ᠪᠦᠳᠦᠷᠢᠭᠦ ᠶᠢ ᠭᠦᠰᠡᠭᠦ ᠦᠭᠡᠢ᠂ ᠭᠡᠪᠡᠴᠤ | ᠲᠠᠳᠠᠨ ᠢ ᠡᠭᠡᠲᠡᠷᠡᠭᠡᠨ ᠪᠤᠳᠤᠯᠢᠶᠠᠨᠲᠠᠢ ᠠᠮᠢᠳᠤᠷᠠᠯ ᠢ ᠠᠷᠭᠠᠴᠠᠭᠠᠬᠤ ᠴᠢᠳᠠᠪᠤᠷᠢ ᠲᠠᠢ ᠪᠤᠯᠬᠤ ᠶᠢ ᠭᠦᠰᠡᠨ᠎ᠡ᠃ ᠲᠡᠭᠡᠷᠡᠭᠢ | ᠵᠢᠱᠢᠶ᠎ᠡ ᠮᠡᠲᠤ ᠪᠠᠷ ᠪᠤᠯ ᠭᠡᠥᠭᠡᠳ ᠶᠠᠭᠠᠭᠢᠵᠤ ᠦᠰᠴᠦ ᠭᠦᠮᠦᠵᠢᠵᠤ ᠴᠢᠲᠠᠬᠤ ᠪᠤᠢ︖ ᠦᠨᠦ ᠶᠢᠨ ᠭᠡᠴᠢᠨᠡᠭᠡᠨ | ᠭᠡᠥᠭᠡᠳ ᠡᠶᠢᠮᠤ ᠶᠠᠩᠵᠤ ᠪᠠᠷ ᠭᠡᠷ ᠤᠨ ᠠᠬᠠᠮᠠᠳ ᠤᠨ ᠭᠡᠳᠤ ᠡᠷᠳᠠ ᠠᠴᠠ ᠲᠦᠰᠦᠪᠯᠡᠵᠦ ᠦᠭᠭᠦᠭᠰᠡᠨ ᠵᠠᠮ ᠢᠶᠠᠷ | ᠭᠦᠨᠳᠤ ᠳᠠᠷᠤᠭᠠᠰᠤ ᠲᠠᠢ ᠭᠡᠯᠳᠤᠷᠢᠵᠤ ᠪᠠᠶᠢᠬᠤ ᠶᠢ ᠪᠤᠤ ᠮᠠᠳᠠ᠃ | ᠡᠶᠢᠮᠤ ᠠᠴᠠ ᠪᠢᠳᠠ ᠭᠡᠥᠭᠡᠳ ᠲᠤ ᠪᠠᠨ ᠬᠠᠷᠠᠬᠠᠨ ᠪᠠᠭ᠎ᠠ ᠠᠴᠠ ᠨᠢ ︽ᠬᠦᠮᠦᠨ ᠢ ᠲᠦᠰᠢᠭᠦ ᠪᠤᠯ ᠲᠦᠷ | ᠵᠠᠭᠤᠷ᠎ᠠ ᠶᠢᠨ᠂ ᠦᠪᠡᠷ ᠢ ᠪᠠᠨ ᠲᠦᠰᠢᠭᠦ ᠪᠤᠯ ᠦᠨᠢ ᠡᠭᠦᠷᠢᠳᠡ ᠶᠢᠨ︾ ᠭᠡᠳᠡᠭ ᠶᠤᠰᠤ ᠶᠢ ᠮᠡᠳᠡᠭᠦᠯᠪᠡᠯ ᠲᠠᠭᠠᠷᠠᠨ᠎ᠠ᠃ | ᠭᠡᠥᠭᠡᠳ ᠤᠨ ᠦᠪᠡᠷ ᠤᠨ ᠭᠢᠨᠢ ᠤᠴᠢᠷ ᠲᠤ ᠭᠡᠷ ᠤᠨ ᠠᠬᠠᠮᠠᠳ ᠭᠠᠷ ᠲᠦᠷᠭᠦ ᠦᠭᠡᠢ ᠪᠤᠯ ᠰᠠᠶᠢᠨ᠃ ᠵᠢᠱᠢᠶᠡᠯᠡᠪᠠᠯ᠄ | ᠪᠠᠭ᠎ᠠ ᠠᠴᠠ ᠨᠢ ᠨᠢᠭᠤᠷ ᠭᠠᠷ ᠤᠭᠢᠶᠠᠬᠤ᠂ ᠬᠤᠪᠴᠠᠰᠤ ᠬᠤᠨᠠᠷ ᠡᠮᠦᠰᠭᠦ ᠲᠡᠭᠦᠨᠴᠢᠯᠡᠨ ᠲᠠᠰᠬᠠᠯ ᠲᠠᠭᠠᠭᠠᠯᠭᠠᠪᠤᠷᠢ ᠪᠠᠨ | ᠪᠡᠶᠡᠯᠡᠭᠦᠯᠭᠦ ᠳᠤ ᠨᠢ ᠭᠡᠵᠢᠶᠡᠳᠡ ᠬᠠᠵᠠᠭᠤ ᠳᠤ ᠨᠢ ᠰᠠᠭᠤᠵᠤ ᠰᠠᠭᠢᠵᠤ ᠪᠤᠯᠬᠤ ᠦᠭᠡᠢ᠃ ᠵᠠᠷᠢᠮ ᠭᠡᠥᠭᠡᠳ | ᠬᠠᠵᠠᠭᠤ ᠳᠤ ᠨᠢ ᠭᠦᠮᠦᠨ ᠰᠠᠭᠢᠬᠤ ᠦᠭᠡᠢ ᠪᠤᠯ ᠲᠠᠰᠬᠠᠯ ᠭᠢᠳᠡᠭ ᠦᠭᠡᠢ᠃ ᠡᠨᠡ ᠨᠢ ᠭᠡᠷ ᠤᠨ ᠠᠬᠠᠮᠠᠳ ᠤᠨ ᠠᠷᠭ᠎ᠠ | ᠪᠠᠷᠢᠯ ᠲᠠᠭᠠᠷᠠᠬᠤ ᠦᠭᠡᠢ ᠮᠠᠭᠤ ᠵᠠᠩᠰᠢᠯ ᠲᠠᠢ ᠪᠤᠯᠭᠠᠭᠰᠠᠨ ᠢ ᠬᠠᠷᠠᠭᠤᠯᠵᠤ ᠪᠠᠶᠢᠭ᠎ᠠ᠃ | ᠦᠨᠡᠨ ᠳᠤ ᠪᠠᠨ ᠭᠡᠥᠭᠡᠳ ᠤᠨ ᠲᠠᠯᠳᠠ ᠴᠢᠲᠠᠪᠤᠷᠢ ᠪᠤᠯ ᠭᠦᠮᠦᠨ ᠢ ᠰᠤᠴᠢᠭᠠᠮ᠎ᠠ ᠪᠠᠶᠢᠳᠠᠭ᠃ ᠠᠪᠤ ᠡᠵᠢ | ᠪᠤᠯᠤᠭᠰᠠᠳ ᠭᠠᠷ ᠲᠠᠯᠪᠢᠨ ᠭᠡᠥᠭᠡᠳ ᠢᠶᠠᠷ ᠭᠢᠯᠭᠡᠳᠡᠭ ᠯᠡ ᠶᠤᠮ ᠪᠤᠯ ᠭᠡᠤᠭᠡᠳ ᠶᠠᠭᠤ ᠶᠢ ᠴᠤ ᠭᠢᠵᠤ ᠴᠢᠳᠠᠨ᠎ᠠ᠃ | ᠡᠳᠦᠷ ᠲᠤ ᠪᠠᠨ ᠡᠨᠡ ᠲᠡᠷᠡ ᠶᠢ ᠵᠠᠭᠢᠭᠰᠠᠭᠠᠷ ᠪᠠᠶᠢᠭᠠᠳ ᠭᠡᠥᠭᠡᠳ ᠪᠦᠷ ᠪᠡᠶ᠎ᠡ ᠪᠠᠨ ᠳᠠᠭᠠᠭᠠᠬᠤ ᠴᠢᠳᠠᠪᠤᠷᠢ ᠦᠭᠡᠢ | ᠪᠤᠯᠵᠤ᠂ ᠦᠪᠡᠷ ᠤᠨ ᠪᠡᠶ᠎ᠡ ᠳᠤ ᠪᠠᠨ ᠢᠲᠡᠭᠡᠯ ᠦᠭᠡᠢ ᠮᠦᠷᠲᠡᠭᠡᠨ ᠤᠯᠠᠮ ᠠᠯᠠᠩ ᠰᠠᠯᠠᠩ ᠪᠤᠯᠴᠢᠬᠠᠨ᠎ᠠ᠃ ᠶᠠᠭᠤ | ᠪᠦᠭᠦᠨ ᠢ ᠤᠷᠤᠯᠠᠵᠤ ᠭᠢᠭᠰᠡᠭᠡᠷ ᠪᠠᠶᠢᠭᠠᠳ ᠡᠴᠤᠰ ᠲᠤ ᠪᠠᠨ ︽ᠪᠢᠴᠢᠬᠠᠨ ᠬᠠᠭᠠᠨ︾ ᠭᠦᠮᠦᠵᠢᠭᠦᠯᠵᠤ᠂ ᠦᠪᠡᠷ ᠢᠶᠠᠨ | ᠲᠡᠳᠡᠨ ᠤ ︽ᠪᠤᠭᠤᠯ︾ ᠪᠤᠯᠴᠢᠬᠠᠨ᠎ᠠ᠃ ᠢᠩᠭᠢᠵᠤ ᠦᠰᠦᠭᠰᠡᠨ ᠭᠡᠥᠭᠡᠳ ᠬᠤᠪᠢᠨᠴᠢᠷ᠂ ᠵᠠᠯᠬᠠᠭᠤ ᠮᠦᠷᠲᠡᠭᠡᠨ | ᠶᠡᠭᠡᠷᠭᠡᠭ ᠵᠠᠩ ᠲᠠᠢ᠂ ᠭᠦᠷᠲᠡᠭᠦ ᠡᠳ᠋ᠯᠡᠭᠦ᠂ ᠵᠢᠷᠭᠠᠬᠤ ᠶᠢ ᠯᠡ ᠪᠤᠳᠤᠨ᠎ᠠ᠃ ᠭᠡᠳᠤᠢ ᠲᠤᠮᠤ ᠭᠦᠮᠦᠨ ᠪᠤᠯᠤᠯ᠎ᠠ ᠭᠡᠰᠡᠨ | ᠴᠤ ᠠᠪᠤ ᠡᠵᠢ ᠶᠢᠨ ᠢᠶᠠᠨ ᠵᠤᠪᠠᠯ ᠵᠦᠳᠡᠷᠡᠯ ᠢ ᠮᠡᠳᠡᠭᠦ ᠦᠭᠡᠢ᠂ ᠡᠴᠦᠰ ᠲᠤ ᠪᠠᠨ ᠰᠡᠳᠭᠢᠯ ᠰᠢᠮᠰᠢᠷᠡᠭᠦ ᠨᠢ ᠬᠠᠰᠢ ᠯᠠ | ᠠᠪᠦ ᠡᠵᠢ ᠨᠢ ᠪᠤᠯᠤᠨ᠎ᠠ᠃ ᠡᠶᠢᠮᠤ ᠠᠴᠠ ᠬᠠᠷᠠᠬᠠᠨ ᠪᠠᠭ᠎ᠠ ᠠᠴᠠ ᠨᠢ ᠭᠡᠥᠭᠡᠳ ᠤᠨ ᠬᠠᠷᠢᠭᠤᠴᠠᠯᠭᠠᠲᠤ ᠰᠡᠳᠭᠢᠯ | ᠲᠡᠰᠪᠤᠷᠢ ᠬᠠᠲᠠᠭᠤᠵᠢᠯᠲᠠᠢ ᠵᠠᠩ ᠴᠢᠨᠠᠷ ᠢ ᠭᠦᠮᠦᠵᠢᠭᠦᠯᠭᠦ ᠭᠡᠷᠡᠭᠲᠡᠢ᠃ | ᠭᠤᠷᠪᠠ᠂ ᠠᠪᠤ ᠡᠵᠢ ᠪᠤᠯᠤᠭᠰᠠᠳ ᠭᠡᠥᠭᠡᠳ ᠢᠶᠠᠨ ᠭᠦᠨᠳᠦᠳᠭᠡᠵᠤ ᠢᠲᠡᠭᠡᠭᠦ ᠭᠡᠷᠡᠭᠲᠡᠢ᠃ | ᠤᠳᠤᠬᠠᠨ ᠳᠤ᠂ ᠭᠡᠴᠢᠨᠡᠨ ᠭᠡᠤᠭᠡᠳ ᠲᠤᠮᠤᠴᠤᠥᠯ ᠤᠨ ᠤᠶᠢᠯᠠᠭᠠᠬᠤ ᠶᠢ ᠭᠦᠰᠡᠵᠤ᠂ ᠰᠡᠳᠭᠢᠯ ᠤᠶᠢᠳᠬᠠᠷᠯᠠᠨ | ᠵᠤᠪᠠᠵᠤ᠂ ᠭᠡᠴᠢᠨᠡᠨ ᠭᠡᠤᠭᠡᠳ ᠭᠤᠤᠯᠳᠠᠯᠭᠠᠳᠤ ᠰᠤᠷᠭᠠᠭᠤᠯᠢ ᠳᠤ ᠤᠷᠤᠵᠤ ᠴᠢᠳᠠᠬᠤ ᠦᠭᠡᠢ ᠪᠡᠶ᠎ᠡ ᠪᠠᠨ ᠬᠤᠤᠷᠯᠠᠵᠤ | ᠪᠠᠶᠢᠬᠤ᠂ ᠭᠡᠴᠢᠨᠡᠨ ᠭᠡᠥᠭᠡᠳ ᠠᠪᠤ ᠡᠵᠢ ᠶᠢᠨ ᠢᠶᠠᠨ ᠰᠢᠬᠠᠮᠳᠠᠭᠤᠯᠤᠯ ᠲᠤᠥᠷ᠎ᠠ ᠭᠡᠷ ᠠᠴᠠ ᠪᠠᠨ ᠭᠠᠷᠴᠤ ᠶᠠᠪᠤᠵᠤ | ᠪᠠᠶᠢᠬᠤ ᠪᠠ ᠴᠠᠭᠠᠰᠢᠯᠠᠨ ᠠᠪᠤ ᠡᠵᠢ ᠪᠠᠨ ᠬᠤᠤᠷᠯᠠᠵᠤ ᠪᠠᠶᠢᠬᠤ ᠴᠤ ᠪᠠᠶᠢᠨ᠎ᠠ᠃ ᠪᠠᠰᠠ ᠭᠡᠴᠢᠨᠠᠨ ᠠᠪᠤ ᠡᠵᠢ | ᠭᠡᠤᠭᠡᠳ ᠢᠶᠠᠨ ᠢᠲᠡᠭᠡᠭᠦ ᠦᠭᠡᠢ ᠬᠤᠯᠠᠭᠠᠢ ᠪᠠᠷ ᠭᠠᠷ ᠤᠲᠠᠰᠤ ᠶᠢ ᠨᠢ ᠤᠷᠪᠠᠭᠤᠯᠬᠤ᠂ ᠡᠳᠦᠷ ᠤᠨ ᠲᠡᠮᠲᠡᠭᠯᠡᠯ ᠢ ᠨᠢ | ᠦᠵᠡᠭᠦ᠂ ᠲᠡᠭᠦᠨᠴᠢᠯᠡᠨ ︽ᠬᠤᠪᠢᠨ ᠤ ᠴᠠᠭᠲᠠᠭ᠎ᠠ︾ ᠪᠠᠷ ᠲᠠᠩᠨᠠᠭᠤᠯᠬᠤ ᠵᠡᠷᠭᠡ ᠠᠷᠭ᠎ᠠ ᠪᠠᠷ ᠭᠡᠥᠭᠡᠳ ᠤᠨ ᠢᠶᠠᠨ | ᠠᠮᠢᠳᠤᠷᠠᠯ ᠳᠤ ᠭᠠᠷ ᠲᠦᠷᠤᠵᠤ ᠪᠠᠶᠢᠨ᠎ᠠ᠃ | ᠭᠡᠥᠭᠡᠳ ᠪᠤᠯ ᠪᠠᠶ᠎ᠠ ᠪᠠᠨ ᠲᠠᠭᠠᠭᠠᠭᠰᠠᠨ ᠭᠦᠮᠦᠨ ᠭᠡᠳᠡᠭ ᠢ ᠮᠡᠳᠡᠷᠡᠵᠤ᠂ ᠲᠤᠮᠤᠴᠤᠤᠯ ᠲᠠᠢ ᠠᠲᠠᠯᠢ ᠨᠠᠶᠢᠭᠡᠮ᠂ | ᠭᠡᠷ ᠪᠦᠯᠢ ᠳᠤ ᠵᠤᠭᠢᠬᠤ ᠭᠡᠮᠵᠢᠶᠡᠨ ᠤ ᠡᠷᠭᠡ ᠮᠡᠳᠡᠯ ᠲᠠᠢ ᠪᠠᠶᠢᠬᠤ ᠶᠤᠰᠤᠲᠡᠢ᠃ ᠠᠪᠤ ᠡᠵᠢ ᠪᠤᠯᠤᠭᠰᠠᠳ ᠨᠢᠭᠡ | ᠲᠠᠯ᠎ᠠ ᠪᠠᠷ ᠭᠡᠤᠭᠡᠳ ᠤᠨ ᠢᠶᠠᠨ ᠲᠤᠷ᠎ᠠ ᠰᠤᠨᠢᠷᠬᠠᠯ ᠢ ᠭᠦᠨᠳᠦᠳᠭᠡᠵᠤ᠂ ᠦᠢᠯᠡ ᠭᠦᠳᠡᠯᠦᠯ ᠢ ᠨᠢ ᠳᠡᠩᠳᠡᠭᠦᠤ | ᠭᠢᠵᠠᠭᠠᠷᠯᠠᠬᠤ ᠦᠭᠡᠢ ᠪᠠᠶᠢᠵᠤ᠂ ᠳᠡᠳᠡᠨ ᠳᠤ ᠴᠢᠯᠦᠭᠡᠲᠡᠢ ᠭᠦᠳᠡᠯᠭᠦ ᠤᠷᠤᠨ ᠵᠠᠢ ᠦᠯᠡᠳᠡᠭᠡᠨ ᠦᠭᠴᠦ᠂ ᠤᠴᠢᠷ | ᠶᠠᠪᠤᠳᠠᠯ ᠢ ᠦᠪᠡᠰᠤᠪᠠᠨ ᠰᠶᠢᠳᠪᠤᠷᠢᠯᠡᠭᠦ ᠵᠠᠪᠰᠢᠶᠡᠨ ᠤᠯᠭᠤᠵᠤ᠂ ᠤᠴᠢᠷ ᠵᠠᠢ ᠦᠭᠡᠢ ᠵᠢᠮᠡᠯᠡᠭᠦ ᠶᠢ ᠴᠡᠭᠡᠷᠯᠡᠵᠤ᠂ | ᠢᠯᠡᠭᠦᠭᠡᠨ ᠢᠳᠡᠪᠭᠢᠲᠡᠢ ᠲᠠᠯ᠎ᠠ ᠠᠴᠠ ᠨᠢ ᠰᠡᠩᠭᠡᠷᠡᠭᠦᠯᠤᠨ ᠭᠦᠲᠦᠯᠤᠨᠡ᠃ ᠨᠦᠭᠦᠭᠡ ᠲᠠᠯ᠎ᠠ ᠪᠠᠷ ᠭᠡᠦᠭᠡᠳ ᠢᠶᠠᠨ | ᠢᠲᠡᠭᠡᠭᠦ ᠶᠤᠰᠤᠲᠡᠢ᠃ ᠨᠢᠭᠡ ᠭᠦᠮᠦᠨ ᠢ ᠢᠲᠡᠭᠡᠭᠦ ᠨᠢ ᠲᠡᠭᠦᠨ ᠳᠤ ᠨᠢᠭᠡ ᠵᠦᠢᠯ ᠤᠨ ᠭᠢᠵᠠᠭᠠᠷᠯᠠᠰᠢ ᠦᠭᠡᠢ ᠭᠦᠴᠦᠨ | ᠪᠤᠯᠵᠤ᠂ ᠤᠨᠴᠠᠭᠠᠢ ᠶᠡᠭᠡ ᠢᠲᠡᠭᠡᠯ ᠵᠤᠷᠢᠭ ᠪᠠ ᠬᠠᠷᠢᠭᠤᠴᠠᠯᠭ᠎ᠠ ᠶᠢ ᠪᠤᠢ ᠪᠤᠯᠭᠠᠨ᠂ ᠳᠠᠯᠳᠠ ᠭᠦᠴᠦᠨ ᠢ ᠨᠢ | ᠭᠦᠭᠵᠢᠭᠡᠨ᠂ ᠵᠦᠢᠯ ᠪᠦᠷᠢ ᠶᠢᠨ ᠭᠦᠴᠢᠷ ᠢ ᠢᠯᠡᠨ ᠲᠠᠪᠠᠵᠤ᠂ ᠠᠮᠵᠢᠯᠲᠠ ᠤᠯᠬᠤ ᠤᠷᠭᠢᠯ ᠳᠤ ᠭᠦᠷᠭᠡᠵᠤ ᠪᠤᠯᠤᠨ᠎ᠠ᠃ | ᠠᠪᠤ ᠡᠵᠢ ᠪᠤᠯᠤᠭᠰᠠᠳ ᠦᠷᠭᠦᠯᠵᠢ ᠭᠡᠤᠭᠡᠳ ᠢᠶᠠᠨ᠄ ︽ᠴᠢ ᠯᠠᠪᠲᠠᠢ ᠴᠢᠳᠠᠨ᠎ᠠ᠂ ᠪᠢᠲᠠ ᠴᠢᠮ᠎ᠠ ᠶᠢ ᠢᠲᠡᠭᠡᠵᠤ | ᠪᠠᠶᠢᠨ᠎ᠠ︾ ᠭᠡᠵᠤ ᠵᠤᠷᠢᠬᠵᠢᠭᠤᠯᠵᠤ ᠪᠠᠶᠢᠭᠠᠷᠠᠢ᠃ | ᠳᠦᠷᠪᠡ᠂ ᠠᠪᠤ ᠡᠵᠢ ᠪᠤᠯᠤᠭᠰᠠᠳ ᠪᠡᠶ᠎ᠡ ᠪᠠᠷ ᠢᠶᠠᠨ ᠲᠠᠭᠤᠷᠢᠶᠠᠯ ᠪᠤᠯᠬᠤ ᠭᠡᠷᠡᠭᠲᠡᠢ᠃ ᠨᠢᠭᠡ ᠭᠢᠷᠢ | ᠲᠡᠩᠴᠡᠭᠰᠡᠨ ᠭᠡᠷ ᠤᠨ ᠠᠬᠠᠮᠠᠳ ᠤᠨ ᠪᠠᠷᠢᠮᠵᠢᠶ᠎ᠠ ᠪᠤᠯ ᠲᠡᠭᠦᠨ ᠤ ᠪᠠᠶᠢᠷᠢ ᠰᠠᠭᠤᠷᠢ᠂ ᠰᠤᠷᠤᠯᠭ᠎ᠠ ᠶᠢᠨ ᠨᠠᠮᠳᠠᠷ᠂ | ᠭᠡᠷ ᠤᠨ ᠠᠮᠢᠳᠤᠷᠠᠯ ᠤᠨ ᠪᠠᠶᠠᠨ ᠴᠢᠨᠡᠭᠡᠯᠢᠭ ᠲᠤ ᠪᠠᠶᠢᠬᠤ ᠪᠢᠰᠢ᠂ ᠬᠠᠷᠢᠨ ᠭᠡᠤᠭᠡᠳ ᠤᠨ ᠰᠡᠳᠭᠢᠯ ᠳᠠᠬᠢ ᠪᠠᠶᠢᠷᠢ | ᠰᠠᠭᠤᠷᠢ ᠪᠠᠷ ᠪᠠᠷᠢᠮᠵᠢᠶ᠎ᠠ ᠪᠤᠯᠭᠠᠳᠠᠬ᠃ ︽ᠪᠡᠶ᠎ᠡ ᠶᠢᠨ ᠲᠠᠭᠤᠷᠢᠶᠠᠯ ᠠᠮᠠᠨ ᠤ ᠰᠤᠷᠭᠠᠯ ᠠᠴᠠ ᠲᠡᠭᠡᠷ᠎ᠡ︾ ᠭᠡᠳᠡᠭ ᠪᠢᠰᠢ | ᠤᠤ︖ ᠠᠪᠤ ᠡᠵᠢ ᠶᠢᠨ ᠠᠮᠢᠲᠤᠷᠠᠯ ᠤᠨ ᠭᠡᠯᠪᠠᠷᠢ ᠮᠠᠶ᠋ᠢᠭ᠂ ᠲᠤᠷ᠎ᠠ ᠰᠤᠨᠢᠷᠬᠠᠯ᠂ ᠶᠤᠰᠤ ᠰᠤᠷᠲᠠᠬᠤᠨ᠂ ᠭᠡᠪ ᠵᠠᠩᠰᠢᠯ᠂ | ᠦᠭᠡ ᠶᠠᠷᠢᠶ᠎ᠡ᠂ ᠦᠢᠯᠡ ᠭᠦᠳᠡᠯᠦᠯ᠂ ᠨᠠᠶᠢᠭᠡᠮ ᠤᠨ ᠬᠠᠷᠢᠯᠴᠠᠭ᠎ᠠ ᠨᠢ ᠴᠦᠮ ᠭᠡᠤᠭᠡᠳ ᠢ ᠦᠯᠦ ᠮᠡᠳᠡᠭᠳᠡᠮ᠎ᠠ ᠪᠠᠷ | ᠨᠦᠯᠦᠭᠡᠯᠡᠭᠦ ᠶᠤᠮ᠃ ᠡᠳᠤᠷ ᠲᠤᠲᠤᠮ ᠤᠨ ᠠᠮᠢᠳᠤᠷᠠᠯ ᠲᠤᠮᠳᠠ ᠭᠡᠷ ᠤᠨ ᠠᠬᠠᠮᠠᠳ ᠬᠠᠮᠤᠭ ᠤᠨ ᠨᠠᠭᠠᠳᠤ | ᠵᠠᠬ᠎ᠠ ᠳᠤ ᠪᠠᠨ ᠬᠤᠭ ᠨᠤᠪᠰᠢ ᠶᠢ ᠲᠤᠷ᠎ᠠ ᠪᠠᠷ ᠬᠠᠶᠠᠬᠤ ᠦᠭᠡᠢ᠂ ᠪᠤᠵᠠᠷ ᠦᠭᠡ ᠶᠠᠷᠢᠬᠤ ᠦᠭᠡᠢ ᠵᠡᠷᠭᠡ ᠵᠠᠩᠰᠢᠯ ᠲᠠᠢ | ᠪᠤᠯ ᠡᠳᠡᠭᠡᠷ ᠨᠢ ᠰᠠᠨᠠᠮᠰᠠᠷ ᠦᠭᠡᠢ ᠪᠠᠷ ᠭᠡᠤᠭᠡᠳ ᠤᠨ ᠡᠯ᠎ᠡ ᠵᠦᠢᠯ ᠤᠨ ᠰᠠᠶᠢᠨ ᠰᠠᠶᠢᠬᠠᠨ ᠵᠠᠩ ᠲᠠᠳᠬᠠᠯ ᠢ | ᠭᠦᠮᠦᠵᠢᠭᠦᠯᠵᠤ ᠴᠢᠲᠠᠨ᠎ᠠ᠃ | ᠡᠭᠦᠨ ᠠᠴᠠ ᠭᠠᠳᠠᠨ᠎ᠠ ᠭᠡᠤᠭᠡᠳ ᠲᠤ ᠪᠠᠶᠠᠷ ᠭᠦᠷ ᠲᠠᠢ᠂ ᠨᠠᠮ ᠰᠡᠯᠡᠭᠦᠤ ᠠᠮᠢᠲᠤᠷᠠᠵᠤ ᠰᠤᠷᠤᠯᠴᠠᠬᠤ ᠤᠷᠴᠢᠨ | ᠲᠤᠭᠤᠷᠢᠨ ᠢ ᠪᠤᠢ ᠪᠤᠯᠭᠠᠵᠤ ᠦᠭᠭᠦ ᠭᠡᠷᠡᠭᠲᠡᠢ᠃ ᠡᠶᠢᠮᠦᠷᠭᠦᠤ ᠤᠷᠴᠢᠨ ᠲᠤᠭᠤᠷᠢᠨ ᠳᠤ ᠦᠰᠴᠦ ᠪᠤᠶᠢᠵᠢᠭᠰᠠᠨ | ᠭᠡᠤᠭᠡᠳ ᠡᠷᠡᠭᠦᠯ ᠡᠩᠭᠡ ᠰᠡᠳᠭᠢᠯᠭᠡ᠂ ᠴᠤᠪᠤᠭᠤ ᠲᠡᠭᠵᠢᠨ ᠵᠠᠩ ᠠᠭᠠᠯᠢ ᠲᠠᠢ ᠪᠤᠯᠵᠤ ᠴᠢᠳᠠᠨ᠎ᠠ᠃ ᠡᠶᠢᠮᠤ ᠭᠡᠤᠭᠡᠳ | ᠬᠠᠮᠢᠭ᠎ᠠ ᠶᠠᠪᠤᠭᠰᠠᠨ ᠴᠤ ᠭᠦᠮᠦᠰ ᠤᠨ ᠭᠦᠷᠢᠶᠡᠯᠡᠯ ᠢ ᠤᠯᠵᠤ᠂ ᠶᠡᠮᠠᠷ ᠭᠦᠴᠢᠷ ᠪᠡᠷᠭᠡᠰᠢᠶᠡᠯ ᠳᠤ ᠤᠴᠠᠷᠠᠭᠰᠠᠨ ᠴᠤ | ᠠᠮᠢᠳᠤᠷᠠᠯ ᠳᠤ ᠪᠠᠨ ᠢᠲᠡᠭᠡᠯ ᠵᠤᠷᠢᠭ ᠲᠠᠢ ᠪᠠᠶᠢᠵᠤ ᠴᠢᠲᠠᠨ᠎ᠠ᠃ | ᠠᠪᠤ ᠡᠵᠢ ᠪᠤᠯᠤᠭᠰᠠᠳ ᠦᠪᠡᠷ ᠤᠨ ᠭᠡᠤᠭᠡᠳ ᠤᠨ ᠢᠶᠠᠨ ᠰᠠᠶᠢᠨ ᠰᠠᠶᠢᠬᠠᠨ ᠢᠷᠡᠭᠡᠳᠦᠢ ᠶᠢᠨ ᠲᠦᠯᠦᠭᠡ᠂ | ᠭᠡᠷ ᠤᠨ ᠭᠦᠮᠦᠵᠢᠯ ᠤᠨ ᠲᠤᠬᠠᠢ ᠲᠠᠢ ᠮᠡᠳᠡᠯᠭᠡ ᠶᠢ ᠢᠯᠡᠭᠦᠭᠡᠨ ᠰᠤᠷᠤᠯᠴᠠᠵᠤ ᠪᠠᠶᠢᠭᠠᠷᠠᠢ᠃ | | ᠠᠵᠢᠯᠯᠠᠵᠤ ᠪᠠᠶᠢᠭ᠎ᠠ ᠪᠠᠶᠢᠭᠤᠯᠭ᠎ᠠ᠄ ᠰᠦᠪᠸᠢ ᠰᠢᠶᠡᠨ ᠤ ᠮᠤᠩᠭᠤᠯ ᠰᠤᠷᠭᠠᠭᠤᠯᠢ | ︵ᠮᠦᠡᠭᠭᠦᠨᠴᠢᠮᠡᠭ ᠨᠠᠶᠢᠷᠠᠭᠤᠯᠪᠠ︶ | 2021 ᠣᠨ ᠤ 3 ᠳ᠋ᠤᠭᠠᠷ ᠬᠤᠭᠤᠴᠠᠭ᠎ᠠ | | | |