ᠪᠠ᠊ · ᠣᠳᠽᠡᠷ | | | | | ᠬᠤᠴᠤᠷᠤᠩᠭᠤᠢ ᠰᠤᠷᠤᠭᠴᠢ ᠶᠢ ᠬᠤᠪᠢᠷᠠᠭᠤᠯᠤᠨ ᠳᠡᠭᠡᠭᠰᠢᠯᠡᠭᠦᠯᠬᠦ ᠪᠣᠯ ᠠᠩᠭᠢ ᠶᠢᠨ ᠡᠷᠬᠢᠯᠡᠭᠴᠢ ᠶᠢᠨ | ᠠᠵᠢᠯ ᠤᠨ ᠭᠤᠣᠯᠳᠠᠯᠭ᠎ᠠ ᠶᠢᠨ ᠨᠢᠭᠡ ᠪᠣᠯᠬᠤ ᠮᠦᠷᠳᠡᠭᠡᠨ ᠰᠤᠷᠭᠠᠨ ᠬᠦᠮᠦᠵᠢᠭᠦᠯᠬᠦ ᠬᠠᠷᠠᠯᠲᠠ ᠪᠠᠨ ᠪᠡᠶᠡᠯᠡᠭᠦᠯᠬᠦ ᠶᠢᠨ | ᠴᠢᠬᠤᠯᠠ ᠵᠠᠩᠭᠢᠯᠠᠭ᠎ᠠ ᠮᠦᠨ᠃ ᠬᠤᠴᠤᠷᠤᠩᠭᠤᠢ ᠰᠤᠷᠤᠭᠴᠢ ᠶᠢ ᠬᠤᠪᠢᠷᠠᠭᠤᠯᠤᠨ ᠳᠡᠭᠡᠭᠰᠢᠯᠡᠭᠦᠯᠬᠦ ᠳᠤ ᠪᠠᠭᠰᠢ ᠶᠢᠨ | ᠬᠠᠶᠢᠷ᠎ᠠ ᠬᠠᠯᠠᠮᠵᠢ᠂ ᠤᠷ᠎ᠠ ᠤᠬᠠᠭᠠᠨ᠂ ᠮᠡᠳᠡᠯᠭᠡ ᠴᠢᠳᠠᠪᠤᠷᠢ ᠴᠢᠬᠤᠯᠠ ᠱᠠᠭᠠᠷᠳᠠᠭᠳᠠᠨ᠎ᠠ᠃ ᠰᠤᠷᠭᠠᠨ | ᠬᠦᠮᠦᠵᠢᠭᠦᠯᠦᠭᠴᠢ ︵ᠬᠡᠦᠬᠡᠳ ᠢ ᠰᠤᠷᠭᠠᠨ ᠬᠦᠮᠦᠵᠢᠭᠦᠯᠬᠦ ᠪᠣᠯ ᠬᠠᠮᠤᠭ ᠤᠨ ᠦᠨᠳᠦᠷ ᠤᠷᠠᠯᠢᠭ ᠮᠦᠨ︶ ᠭᠡᠵᠦ | ᠦᠵᠡᠵᠦ ᠪᠠᠶᠢᠭ᠎ᠠ ᠨᠢ ᠴᠤ ᠡᠭᠦᠨ ᠢ ᠭᠡᠷᠡᠴᠢᠯᠡᠵᠦ ᠪᠣᠢ᠃ | ᠠᠯᠢ ᠴᠤ ᠠᠩᠭᠢ ᠨᠢᠭᠡᠴᠢ ᠳᠤ ᠰᠤᠷᠤᠯᠭ᠎ᠠ ᠪᠤᠶᠤ ᠶᠣᠰᠤ ᠮᠤᠷᠠᠯ ᠤᠨ ᠲᠠᠯ᠎ᠠ ᠪᠠᠷ ᠬᠤᠴᠤᠷᠤᠩᠭᠤᠢ ᠰᠤᠷᠤᠭᠴᠢ | ᠵᠦᠩᠳᠡᠭᠡᠨ ᠪᠠᠶᠢᠭᠠᠳ ᠯᠠ ᠪᠠᠶᠢᠳᠠᠭ ᠶᠤᠮ᠃ ᠬᠡᠳᠦ᠋ᠢᠪᠡᠷ ᠲᠣᠭᠠᠨ ᠤ ᠲᠠᠯ᠎ᠠ ᠪᠠᠷ ᠴᠦᠬᠡᠨ ᠪᠣᠯᠪᠠᠴᠤ ᠠᠩᠭᠢ | ᠨᠢᠭᠡᠴᠢ ᠶᠢᠨ ᠰᠠᠬᠢᠯᠭ᠎ᠠ ᠪᠠᠲᠦ᠂ ᠶᠣᠰᠤ ᠮᠤᠷᠠᠯ᠂ ᠰᠤᠷᠤᠯᠴᠠᠬᠤ ᠰᠤᠷᠲᠠᠯ ᠢ ᠨᠦᠯᠦᠭᠡᠯᠡᠵᠦ᠂ ᠪᠠᠭᠰᠢ ᠨᠠᠷ ᠤᠨ ᠠᠷᠭ᠎ᠠ | ᠠᠭᠠᠰᠢ ᠶᠢ ᠪᠠᠷᠠᠭᠳᠠᠭᠤᠯᠵᠤ ᠪᠠᠶᠢᠳᠠᠭ᠃ ᠡᠶᠢᠮᠦ ᠠᠴᠠ ᠬᠤᠴᠤᠷᠤᠩᠭᠤᠢ ᠰᠤᠷᠤᠭᠴᠢ ᠶᠢ ᠳᠠᠷᠤᠢ ᠲᠦᠷᠭᠡᠨ | ᠰᠠᠶᠢᠵᠢᠷᠠᠭᠤᠯᠬᠤ ᠦᠭᠡᠢ ᠪᠣᠯ ᠨᠢᠭᠡ ᠠᠩᠭᠢ ᠨᠢᠭᠡᠴᠢ ᠶᠢᠨ ᠬᠡᠪ ᠴᠢᠨᠠᠷ ᠢ ᠳᠡᠭᠡᠭᠰᠢᠯᠡᠭᠦᠯᠬᠦ ᠳᠤ ᠮᠠᠭᠤ ᠨᠦᠯᠦᠭᠡ | ᠳᠤᠰᠬᠠᠯ ᠦᠵᠡᠭᠦᠯᠵᠦ ᠮᠡᠳᠡᠨ᠎ᠡ᠃ ᠲᠡᠶᠢᠮᠦ ᠶᠢᠨ ᠲᠤᠯᠠ ᠠᠩᠭᠢ ᠶᠢᠨ ᠡᠷᠬᠢᠯᠡᠭᠴᠢ ᠡᠷᠬᠡᠪᠰᠢ ᠬᠤᠴᠤᠷᠤᠩᠭᠤᠢ | ᠰᠤᠷᠤᠭᠴᠢ ᠶᠢᠨ ᠦᠵᠡᠯ ᠰᠠᠨᠠᠭᠠᠨ ᠤ ᠬᠦᠮᠦᠵᠢᠯ ᠢ ᠰᠠᠶᠢᠲᠤᠷ ᠬᠢᠵᠦ᠂ ᠲᠠᠳᠠ ᠨᠠᠷ ᠤᠨ ᠰᠠᠬᠢᠯᠭ᠎ᠠ ᠪᠠᠲᠦ᠂ | ᠰᠤᠷᠤᠯᠭ᠎ᠠ ᠶᠢᠨ ᠲᠠᠯ᠎ᠠ ᠪᠠᠷ ᠨᠢ ᠴᠢᠩᠭ᠎ᠠ ᠠᠳᠬᠤᠵᠤ᠂ ᠰᠤᠷᠤᠯᠭ᠎ᠠ ᠳᠤ ᠪᠠᠨ ᠴᠢᠷᠮᠠᠶᠢᠯᠲᠠ ᠲᠠᠢ ᠪᠣᠯᠭᠠᠨ | ᠬᠦᠮᠦᠵᠢᠭᠦᠯᠬᠦ ᠪᠣᠯ ᠲᠦᠢᠯ ᠤᠨ ᠴᠢᠬᠤᠯᠠ ᠶᠤᠮ᠃ ᠮᠦᠨ ᠬᠦ ᠠᠩᠭᠢ ᠶᠢᠨ ᠠᠵᠢᠯ ᠤᠨ ᠠᠮᠵᠢᠯᠲᠠ ᠣᠯᠬᠤ ᠳᠤ ᠮᠠᠰᠢ | ᠴᠢᠬᠤᠯᠠ ᠠᠨᠢᠰᠤ ᠪᠣᠯᠳᠠᠭ᠃ ᠡ᠊ᠨᠳᠠ ᠪᠢ ᠤᠳᠠᠭᠠᠨ ᠵᠢᠯ ᠠᠩᠭᠢ ᠡᠷᠬᠢᠯᠡᠵᠦ ᠬᠤᠴᠤᠷᠤᠩᠭᠤᠢ ᠰᠤᠷᠤᠭᠴᠢ ᠶᠢ | ᠬᠦᠮᠦᠵᠢᠭᠦᠯᠦᠨ ᠰᠠᠬᠢᠯᠭ᠎ᠠ ᠪᠠᠲᠦ᠂ ᠰᠤᠷᠤᠯᠭ᠎ᠠ ᠶᠢᠨ ᠲᠠᠯ᠎ᠠ ᠪᠠᠷ ᠳᠡᠭᠡᠭᠰᠢᠯᠡᠭᠦᠯᠦᠨ ᠬᠤᠪᠢᠷᠠᠭᠤᠯᠤᠭᠰᠠᠨ ᠲᠣᠷᠰᠢᠯᠭ᠎ᠠ | ᠰᠤᠷᠭᠠᠮᠵᠢ ᠪᠠᠨ ᠦᠨᠳᠦᠰᠦᠯᠡᠵᠦ ᠥᠪᠡᠷ ᠤᠨ ᠦᠵᠡᠯᠲᠡ ᠪᠠᠨ ᠳᠦᠭᠦᠮ ᠦᠭᠦᠯᠡᠶ᠎ᠡ᠃ | ᠰᠤᠷᠭᠠᠨ ᠬᠦᠮᠦᠵᠢᠯ ᠤᠨ ᠵᠢᠳᠭᠦᠯᠲᠡᠨ ᠰᠦᠬᠤᠮᠯᠢᠨᠧᠰᠺᠢ᠄ ︽ᠪᠠᠭᠰᠢ ᠨᠠᠷ ᠲᠤ ᠦᠭᠭᠦᠭᠰᠡᠨ | ᠰᠠᠨᠠᠭᠤᠯᠭ᠎ᠠ︾ ᠳᠤ ᠪᠠᠨ᠄ ︽ᠲᠠ ᠨᠠᠷ ᠪᠣᠯ ᠵᠦᠪᠬᠡᠨ ᠬᠢᠴᠢᠶᠡᠯ ᠵᠢᠭᠠᠭᠴᠢ ᠪᠢᠰᠢ᠂ ᠬᠠᠷᠢᠨ ᠬᠦᠮᠦᠨ | ᠬᠦᠮᠦᠵᠢᠭᠦᠯᠦᠭᠴᠢ᠂ ᠠᠮᠢᠳᠤᠷᠠᠯ ᠤᠨ ᠵᠢᠯᠤᠭᠤᠳᠤᠭᠴᠢ᠂ ᠮᠤᠷᠠᠯ ᠤᠨ ᠰᠤᠷᠭᠠᠭᠴᠢ ᠮᠦᠨ︾ ᠭᠡᠵᠦ ᠦᠭᠦᠯᠡᠭᠰᠡᠨ | ᠪᠢᠯᠡ᠃ ᠨᠢᠭᠡ ᠰᠤᠷᠤᠭᠴᠢ ᠶᠢᠨ ᠥᠭᠡᠳᠡᠯᠡᠵᠦ ᠳᠠᠪᠰᠢᠬᠤ᠂ ᠤᠷᠤᠭᠤᠲᠠᠨ ᠳᠣᠷᠦ᠋ᠢᠳᠠᠬᠤ ᠳᠤ ᠪᠠᠭᠰᠢ ᠶᠢᠨ ᠬᠦᠮᠦᠵᠢᠯ | ᠵᠠᠶᠢᠯᠠᠭᠤᠯᠵᠤ ᠪᠣᠯᠤᠰᠢ ᠦᠭᠡᠢ ᠬᠤᠯᠪᠤᠭᠳᠠᠬᠤ ᠶᠤᠮ᠃ ︽ᠠᠩᠭᠢ ᠶᠢᠨ ᠡᠷᠬᠢᠯᠡᠭᠴᠢ ᠰᠤᠷᠭᠠᠭᠤᠯᠢ ᠶᠢᠨ ᠮᠤᠷᠠᠯ ᠤᠨ | ᠠᠵᠢᠯ ᠤᠨ ᠭᠤᠣᠯᠯᠠᠭᠴᠢ ᠬᠦᠴᠦᠨ᠂ ᠠᠩᠭᠢ ᠶᠢᠨ ᠠᠵᠢᠯ ᠤᠨ ᠤᠳᠤᠷᠢᠳᠤᠭᠴᠢ᠂ ᠵᠣᠬᠢᠶᠠᠨ ᠪᠠᠶᠢᠭᠤᠯᠤᠭᠴᠢ ᠪᠦᠭᠡᠳ | ᠰᠤᠷᠤᠭᠴᠢ ᠶᠢᠨ ᠡᠷᠡᠭᠦᠯ ᠴᠢᠬᠢᠷᠠᠭ ᠢᠶᠠᠷ ᠦᠰᠦᠨ ᠪᠤᠶᠢᠵᠢᠬᠤ ᠶᠢᠨ ᠳᠠᠭᠠᠭᠤᠯᠤᠭᠴᠢ ᠮᠦᠨ︾ ᠭᠡᠳᠡᠭ ᠢᠶᠠᠷ | ᠠᠩᠭᠢ ᠶᠢᠨ ᠡᠷᠬᠢᠯᠡᠭᠴᠢ ᠵᠠᠪᠠᠯ ︽ᠪᠦᠬᠦ ᠰᠤᠷᠤᠭᠴᠢ ᠳᠤ ᠬᠠᠨᠳᠤᠨ ᠪᠦᠬᠦ ᠲᠠᠯ᠎ᠠ ᠪᠠᠷ ᠬᠦᠮᠦᠵᠢᠭᠦᠯᠬᠦ︾ ᠶᠢ | ᠪᠡᠶᠡᠯᠡᠭᠦᠯᠬᠦ ᠬᠡᠷᠡᠭᠲᠡᠢ᠃ | ᠬᠤᠴᠤᠷᠤᠩᠭᠤᠢ ᠰᠤᠷᠤᠭᠴᠢ ᠶᠢ ᠬᠤᠪᠢᠷᠠᠭᠤᠯᠤᠨ ᠳᠡᠭᠡᠭᠰᠢᠯᠡᠭᠦᠯᠬᠦ ᠳᠤ ︽ᠬᠤᠴᠤᠷᠤᠭᠰᠠᠨ ᠰᠢᠯᠲᠠᠭᠠᠨ︾ ᠢ | ᠰᠣᠳᠤᠯᠵᠤ ᠰᠢᠨᠵᠢᠯᠡᠨ ᠵᠦᠪ ᠣᠨᠣᠰᠢᠯᠠᠬᠤ ᠬᠡᠷᠡᠭᠲᠡᠢ᠃ ᠬᠤᠴᠤᠷᠤᠩᠭᠤᠢ ᠰᠤᠷᠤᠭᠴᠢ ᠳᠤ ᠯᠠᠪᠲᠠᠢ ︽ᠬᠤᠴᠤᠷᠤᠭᠰᠠᠨ | ᠰᠢᠯᠲᠠᠭᠠᠨ︾ ᠪᠠᠶᠢᠳᠠᠭ᠃ ᠡᠶᠢᠮᠦ ᠠᠴᠠ ᠠᠩᠭᠢ ᠶᠢᠨ ᠡᠷᠬᠢᠯᠡᠭᠴᠢ ᠵᠠᠪᠠᠯ ᠲᠡᠷᠡ ᠬᠦ ︽ᠬᠤᠴᠤᠷᠤᠭᠰᠠᠨ ᠰᠢᠯᠲᠠᠭᠠᠨ︾ ᠢ | ᠡᠷᠢᠵᠦ ᠰᠦᠪᠡᠭᠴᠢᠯᠡᠨ ︽ᠡᠪᠡᠳᠴᠢᠨ ᠳᠤ ᠨᠢ ᠲᠣᠬᠢᠷᠠᠭᠤᠯᠤᠨ ᠡᠮ ᠬᠡᠷᠡᠭᠯᠡᠬᠦ︾ ᠶᠢ ᠣᠨᠴᠠ ᠠᠩᠬᠠᠷᠬᠤ | ᠬᠡᠷᠡᠭᠲᠡᠢ᠃ ᠢᠩᠭᠢᠪᠡᠯ ᠰᠠᠶ᠋ᠢ ᠬᠤᠴᠤᠷᠤᠩᠭᠤᠢ ᠰᠤᠷᠤᠭᠴᠢ ᠶᠢ ᠬᠤᠪᠢᠷᠠᠭᠤᠯᠤᠨ ᠳᠠᠪᠰᠢᠭᠤᠯᠵᠤ | ᠴᠢᠳᠠᠨ᠎ᠠ᠃ ᠰᠤᠷᠤᠭᠴᠢ ᠶᠢᠨ ︽ᠬᠤᠴᠤᠷᠤᠭᠰᠠᠨ ᠰᠢᠯᠲᠠᠭᠠᠨ︾ ᠨᠢ ᠣᠯᠠᠨ ᠵᠦᠢᠯ ᠤᠨ ᠪᠠᠶᠢᠳᠠᠭ᠃ ᠡ᠊ᠨᠳᠠ ᠨᠡᠶᠢᠲᠡᠯᠢᠭ | ᠣᠷᠤᠰᠢᠵᠤ ᠪᠦᠬᠦᠢ ᠰᠢᠯᠲᠠᠭᠠᠨ ᠠᠴᠠ ᠬᠡᠲᠦ ᠶᠢ ᠵᠠᠳᠠᠯᠤᠶ᠎ᠠ᠃ | 1. ᠰᠤᠷᠤᠭᠴᠢ ᠶᠢᠨ ᠬᠤᠪᠢ ᠪᠡᠶ᠎ᠡ ᠶᠢᠨ ᠬᠦᠭᠵᠢᠯᠲᠡ ᠶᠢᠨ ᠰᠢᠯᠲᠠᠭᠠᠨ — ᠳᠠᠷᠤᠢ ᠵᠠᠷᠢᠮ ᠬᠡᠦᠬᠡᠳ ᠤᠨ | ᠰᠡᠳᠭᠢᠭᠦᠢ ᠲᠦᠷᠦᠯᠬᠢ ᠪᠢᠳᠠᠭᠤᠯᠢᠭ ᠤᠳᠠᠭᠠᠯᠢᠭ ᠪᠠᠶᠢᠳᠠᠭ᠃ ᠡᠨᠡ ᠨᠢ ᠤᠳᠤᠮᠯᠠᠯ ᠤᠨ ᠰᠢᠯᠲᠠᠭᠠᠨ ᠪᠣᠶᠤ ᠡᠰᠡᠭᠦᠯ᠎ᠡ | ᠡᠴᠢᠭᠡ ᠡᠬᠡ ᠨᠢ ᠬᠡᠦᠬᠡᠳ ᠤᠨ ᠰᠡᠳᠭᠢᠬᠦᠢ ᠶᠢ ᠨᠡᠭᠡᠭᠡᠭᠳᠡᠭᠦᠯᠬᠦ ᠶᠢ ᠬᠦᠨᠳᠦᠳᠭᠡᠭᠰᠡᠨ ᠦᠭᠡᠢ ᠠᠴᠠ ᠪᠣᠯᠤᠭᠰᠠᠨ | ᠪᠠᠶᠢᠳᠠᠭ᠃ ᠬᠡᠦᠬᠡᠳ ᠤᠨ ᠰᠡᠳᠭᠢᠬᠦᠢ ᠬᠦᠭᠵᠢᠯᠲᠡ ᠦᠭᠡᠢ ᠠᠴᠠ ᠪᠣᠯᠵᠤ ᠬᠤᠴᠣᠷᠳᠠᠭ᠃ ᠪᠣᠲᠠᠲᠠᠢ ᠪᠠᠷ ᠬᠡᠯᠡᠪᠡᠯ | ᠬᠡᠦᠬᠡᠳ ᠤᠨ ᠡᠴᠢᠭᠡ ᠡᠬᠡ ᠨᠢ ᠬᠡᠦᠬᠡᠳ ᠢ ᠲᠦᠷᠦᠭᠰᠡᠨ ᠠᠴᠠ ᠨᠢ ᠡᠬᠢᠯᠡᠭᠡᠳ ᠦᠭᠡ ᠶᠠᠷᠢᠬᠤ᠂ ᠳᠠᠭᠤᠤ ᠬᠦᠭᠵᠢᠮ | ᠰᠣᠨᠤᠰᠬᠠᠬᠤ᠂ ᠶᠠᠭᠤᠮ᠎ᠠ ᠠᠵᠢᠭᠯᠠᠭᠤᠯᠬᠤ ᠵᠡᠷᠭᠡ ᠠᠵᠢᠯᠯᠠᠭ᠎ᠠ ᠪᠣᠶᠤ ᠨᠠᠭᠠᠳᠤᠮ ᠲᠣᠭᠯᠠᠭᠠᠮ ᠳᠤ ᠣᠷᠤᠯᠴᠠᠭᠤᠯᠤᠨ | ᠤᠶᠤᠨ ᠰᠡᠳᠭᠢᠬᠦᠢ ᠶᠢ ᠨᠢ ᠬᠦᠭᠵᠢᠭᠦᠯᠬᠦ ᠠᠵᠢᠯᠯᠠᠭ᠎ᠠ ᠶᠢ ᠤᠮᠳᠤᠭᠠᠶᠢᠯᠠᠭᠰᠠᠨ ᠠᠴᠠ ᠪᠣᠯᠤᠭᠰᠠᠨ ᠪᠠᠶᠢᠳᠠᠭ᠃ ᠨᠡᠩ | ᠴᠤ ᠵᠠᠷᠢᠮ ᠭᠡᠷ ᠤᠨ ᠠᠬᠠᠮᠠᠳ ᠬᠡᠦᠬᠡᠳ ᠢᠶᠠᠨ ᠰᠤᠷᠭᠠᠭᠤᠯᠢ ᠳᠤ ᠰᠠᠭᠤᠯᠭᠠᠪᠠᠯ ᠠᠯᠢᠪᠠ ᠪᠦᠬᠦᠨ ᠢ ᠪᠠᠭᠰᠢ ᠠᠴᠠ | ᠰᠤᠷᠴᠤ ᠠᠯᠢᠪᠠ ᠰᠤᠷᠭᠠᠬᠤ ᠠᠵᠢᠯ ᠢ ᠪᠠᠭᠰᠢ ᠳᠤ ᠨᠠᠶᠢᠲᠠᠵᠤ᠂ ᠭᠡᠷ ᠪᠦᠯᠢ ᠳᠤ ᠪᠠᠨ ᠬᠡᠦᠬᠡᠳ ᠤᠨ ᠤᠶᠤᠨ ᠢ | ᠨᠡᠭᠡᠭᠡᠭᠳᠡᠭᠦᠯᠬᠦ ᠶᠠᠮᠠᠷ ᠴᠤ ᠠᠵᠢᠯᠯᠠᠭ᠎ᠠ ᠬᠢᠬᠦ ᠦᠭᠡᠢ ᠪᠠᠶᠢᠳᠠᠭ᠃ ᠡᠭᠦᠨ ᠠᠴᠠ ᠪᠣᠯᠵᠤ ᠬᠡᠦᠬᠡᠳ ᠨᠢ ᠪᠣᠰᠤᠳ | ᠰᠤᠷᠤᠭᠴᠢᠳ ᠠᠴᠠ ᠬᠤᠴᠤᠷᠴᠤ᠂ ᠰᠤᠷᠤᠯᠴᠠᠬᠤ ᠤᠷᠮ᠎ᠠ ᠵᠣᠷᠢᠭ ᠨᠢ ᠪᠠᠭᠤᠷᠠᠵᠤ ︽ᠬᠤᠴᠤᠷᠤᠩᠭᠤᠢ︾ ᠶᠢᠨ | ᠲᠣᠭᠠᠨ ᠳᠤ ᠣᠷᠣᠳᠠᠭ᠃ | 2. ᠨᠡᠶᠢᠭᠡᠮ ᠤᠨ ᠣᠷᠴᠢᠨ ᠲᠣᠭᠤᠷᠢᠨ ᠪᠠ ᠭᠡᠷ ᠪᠦᠯᠢ ᠶᠢᠨ ᠰᠢᠯᠲᠠᠭᠠᠨ — ᠨᠡᠶᠢᠭᠡᠮ ᠤᠨ ᠠᠮᠢᠳᠤᠷᠠᠯ ᠤᠨ | ᠣᠷᠴᠢᠨ ᠲᠣᠭᠤᠷᠢᠨ ᠨᠢ ᠰᠤᠷᠤᠭᠴᠢᠳ ᠤᠨ ᠰᠡᠳᠭᠢᠴᠡ ᠶᠢᠨ ᠬᠦᠭᠵᠢᠯᠲᠡ ᠳᠤ ᠰᠢᠢᠳᠪᠦᠷᠢᠯᠡᠬᠦ ᠦᠢᠯᠡᠳᠦᠯ | ᠦᠵᠡᠭᠦᠯᠳᠡᠭ᠃ ᠭᠡᠲᠡᠯ᠎ᠡ ᠵᠠᠷᠢᠮ ᠬᠡᠦᠬᠡᠳ ᠤᠨ ᠦᠰᠴᠦ ᠲᠦᠷᠦᠭᠰᠡᠨ ᠣᠷᠴᠢᠨ ᠲᠣᠭᠤᠷᠢᠨ᠂ ᠭᠡᠷ ᠪᠦᠯᠢ ᠤᠨ | ᠬᠦᠮᠦᠵᠢᠯ ᠨᠢ ᠬᠡᠦᠬᠡᠳ ᠤᠨ ᠰᠡᠳᠭᠢᠬᠦᠢ ᠶᠢᠨ ᠬᠦᠭᠵᠢᠯᠲᠡ ᠳᠤ ᠨᠠᠵᠠᠭᠠᠢ ᠦᠢᠯᠡᠳᠦᠯ ᠦᠵᠡᠭᠦᠯᠵᠦ | ᠪᠠᠶᠢᠳᠠᠭ᠃ ᠵᠠᠷᠢᠮ ᠭᠡᠷ ᠤᠨ ᠠᠬᠠᠮᠠᠳ ᠰᠣᠶᠣᠯ ᠰᠤᠷᠤᠯᠴᠠᠯᠭ᠎ᠠ ᠶᠢ ᠬᠦᠨᠳᠦᠳᠭᠡᠬᠦ ᠦᠭᠡᠢ᠂ ᠮᠤᠷᠠᠯ ᠰᠠᠬᠢᠯᠭ᠎ᠠ ᠶᠢ | ᠠᠩᠬᠠᠷᠬᠤ ᠦᠭᠡᠢ᠂ ᠬᠡᠦᠬᠡᠳ ᠤᠨ ᠡᠷᠡᠭᠦᠯ ᠰᠠᠷᠠᠭᠤᠯ ᠢᠶᠠᠷ ᠦᠰᠦᠨ ᠪᠤᠶᠢᠵᠢᠬᠤ ᠶᠢ ᠬᠦᠨᠳᠦᠳᠭᠡᠬᠦ ᠦᠭᠡᠢ ᠠᠴᠠ | ᠪᠣᠯᠵᠤ ᠬᠡᠦᠬᠡᠳ ᠢ ᠬᠤᠴᠤᠷᠤᠩᠭᠤᠢ ᠪᠣᠯᠭᠠᠳᠠᠭ᠃ ᠪᠣᠲᠠᠳᠠᠢ ᠪᠠᠷ ᠲᠤᠷᠠᠳᠪᠠᠯ ᠵᠠᠷᠢᠮ ᠭᠡᠷ ᠤᠨ ᠠᠬᠠᠮᠠᠳ | ᠬᠡᠦᠬᠡᠳ ᠤᠨ ᠭᠡᠳᠡᠰᠦ ᠶᠢ ᠨᠢ ᠦᠯᠦᠰᠭᠡᠬᠦ ᠦᠭᠡᠢ᠂ ᠬᠦᠢᠲᠡᠨ ᠳᠤ ᠳᠠᠭᠠᠷᠠᠭᠤᠯᠵᠤ ᠪᠡᠭᠡᠷᠡᠭᠦᠯᠬᠦ ᠦᠭᠡᠢ ᠶᠢ ᠯᠡ | ᠴᠢᠬᠤᠯᠠᠴᠢᠯᠠᠵᠤ᠂ ᠲᠡᠳᠡᠨ ᠤ ᠡᠷᠡᠭᠦᠯ ᠰᠠᠷᠠᠭᠤᠯ ᠢᠶᠠᠷ ᠦᠰᠦᠨ ᠪᠤᠶᠢᠵᠢᠬᠤ ᠳᠤ ᠴᠣᠬᠤᠮ ᠶᠠᠮᠠᠷ ᠶᠠᠮᠠᠷ ᠰᠢᠮ᠎ᠡ | ᠲᠡᠵᠢᠭᠡᠯ᠂ ᠬᠦᠨᠡᠰᠦ ᠳᠤᠲᠠᠭᠳᠠᠵᠤ ᠪᠠᠶᠢᠳᠠᠭ ᠢ ᠬᠡᠵᠢᠶᠡᠳᠡ ᠰᠠᠨᠠᠭᠠᠨ ᠳᠤ ᠪᠠᠨ ᠠᠪᠳᠠᠭ ᠦᠭᠡᠢ᠃ ᠹᠠᠯᠲ᠋ᠣ᠋᠄ ︽ᠶᠠᠮᠠᠷ | ᠮᠠᠭᠤ ᠬᠦᠮᠦᠨ ᠭᠡᠳ ᠮᠠᠭᠤ ᠬᠦᠮᠦᠨ ᠪᠣᠯᠬᠤ ᠳᠣᠲᠤᠷ᠎ᠠ ᠠᠴᠠ ᠪᠠᠨ ᠳᠤᠷᠠᠲᠠᠢ ᠪᠢᠰᠢ ᠶᠤᠮ᠂ ᠮᠠᠭᠤ ᠬᠦᠮᠦᠨ | ᠪᠣᠯᠳᠠᠭ ᠤᠨ ᠣᠯᠠᠩᠬᠢ ᠨᠢ ᠴᠦᠮ ᠠᠪᠤ ᠡᠵᠢ ᠶᠢᠨ ᠬᠢ ᠨᠢ ᠰᠠᠶᠢᠬᠠᠨ ᠰᠤᠷᠭᠠᠨ ᠬᠦᠮᠦᠵᠢᠭᠦᠯᠦᠭᠰᠡᠨ ᠦᠭᠡᠢ ᠶᠢᠨ | ᠮᠠᠭᠤ ᠠᠴᠠ ᠪᠣᠯᠵᠠᠢ︾ ᠭᠡᠵᠦ ᠦᠭᠦᠯᠡᠭᠰᠡᠨ ᠨᠢ ᠦᠨᠡᠬᠡᠷ ᠬᠤᠷᠴᠠ ᠣᠨᠤᠪᠴᠢᠲᠠᠢ ᠪᠠᠷ ᠨᠤᠲᠠᠯᠠᠵᠤ ᠲᠣᠳᠤᠷᠬᠠᠶᠢᠯᠠᠵᠤ | ᠦᠭᠭᠦᠭᠰᠡᠨ ᠶᠤᠮ᠃ | 3. ᠰᠤᠷᠭᠠᠭᠤᠯᠢ ᠶᠢᠨ ᠰᠤᠷᠭᠠᠨ ᠬᠦᠮᠦᠵᠢᠯ ᠪᠠ ᠪᠠᠭᠰᠢ ᠶᠢᠨ ᠬᠦᠮᠦᠵᠢᠯ ᠤᠨ ᠰᠢᠯᠲᠠᠭᠠᠨ — | ᠴᠧᠷᠨᠢᠰᠸᠧᠰᠺᠢ᠄ ︽ᠪᠠᠭᠰᠢ ᠬᠦᠮᠦᠨ ᠰᠤᠷᠤᠭᠴᠢ ᠪᠠᠨ ᠶᠠᠮᠠᠷ ᠮᠠᠶ᠋ᠢᠭ ᠤᠨ ᠬᠦᠮᠦᠨ ᠪᠣᠯᠭᠠᠶ᠎ᠠ ᠭᠡᠪᠡᠯ ᠵᠠᠪᠠᠯ | ᠥᠪᠡᠰᠤᠪᠠᠨ ᠳᠠᠷᠤᠢ ᠲᠡᠶᠢᠮᠦ ᠮᠠᠶ᠋ᠢᠭ ᠤᠨ ᠬᠦᠮᠦᠨ ᠪᠠᠶᠢᠬᠤ ᠬᠡᠷᠡᠭᠲᠡᠢ︾ ᠭᠡᠵᠦ ᠵᠢᠭᠠᠭᠰᠠᠨ ᠪᠠᠶᠢᠳᠠᠭ᠃ ᠳᠡᠯᠡᠬᠡᠢ | ᠳᠡᠭᠡᠷ᠎ᠡ ᠲᠦᠷᠦᠮᠡᠭᠴᠡ ᠪᠠᠨ ᠮᠠᠭᠤ ᠬᠡᠦᠬᠡᠳ ᠭᠡᠵᠦ ᠪᠠᠶᠢᠳᠠᠭ ᠦᠭᠡᠢ ᠶᠤᠮ᠃ ᠬᠠᠷᠢᠨ ᠬᠡᠦᠬᠡᠳ ᠢ ᠵᠣᠬᠢᠰ ᠦᠭᠡᠢ | ᠬᠦᠮᠦᠵᠢᠭᠦᠯᠦᠭᠰᠡᠨ ᠠᠴᠠ ᠪᠣᠯᠵᠤ ᠮᠠᠭᠤ ᠬᠡᠦᠬᠡᠳ ᠪᠣᠢ ᠪᠣᠯᠳᠠᠭ᠃ ᠰᠤᠷᠭᠠᠭᠤᠯᠢ ᠳᠤ ᠣᠷᠤᠭᠰᠠᠨ ᠬᠡᠦᠬᠡᠳ ᠲᠤ | ᠠᠪᠴᠤ ᠬᠡᠯᠡᠪᠡᠯ ᠰᠤᠷᠭᠠᠭᠤᠯᠢ ᠶᠢᠨ ᠰᠤᠷᠭᠠᠨ ᠬᠦᠮᠦᠵᠢᠯ ᠪᠠ ᠪᠠᠭᠰᠢ ᠶᠢᠨ ᠬᠦᠮᠦᠵᠢᠯ ᠨᠢ ᠰᠤᠷᠤᠭᠴᠢ ᠶᠢᠨ | ᠬᠦᠮᠦᠵᠢᠯ ᠳᠤ ᠶᠡᠭᠡᠭᠡᠨ ᠨᠦᠯᠦᠭᠡ ᠪᠣᠯᠳᠠᠭ᠃ ᠵᠠᠷᠢᠮ ᠰᠤᠷᠭᠠᠭᠤᠯᠢ ᠪᠠ ᠪᠠᠭᠰᠢ ᠶᠢᠨ ᠬᠦᠮᠦᠵᠢᠯ ᠤᠨ ᠵᠣᠬᠢᠰ | ᠦᠭᠡᠢ ᠠᠴᠠ ᠪᠣᠯᠵᠤ᠂ ᠬᠤᠴᠤᠷᠤᠩᠭᠤᠢ ᠰᠤᠷᠤᠭᠴᠢ ᠶᠢ ᠪᠣᠢ ᠪᠣᠯᠭᠠᠳᠠᠭ᠃ ᠡᠭᠦᠨ ᠳᠤ ᠪᠠᠭᠰᠢ ᠶᠢᠨ ᠵᠢᠭᠠᠬᠤ ᠤᠷᠮ᠎ᠠ | ᠮᠡᠷᠭᠡᠵᠢᠯ ᠪᠠ ᠰᠤᠷᠭᠠᠨ ᠬᠦᠮᠦᠵᠢᠭᠦᠯᠬᠦ ᠠᠷᠭ᠎ᠠ ᠠᠪᠴᠠᠯ ᠤᠨ ᠵᠣᠬᠢᠰ ᠦᠭᠡᠢ ᠠᠴᠠ ᠡᠭᠦᠰᠦᠭᠰᠡᠨ ᠬᠤᠴᠤᠷᠤᠩᠭᠤᠢ | ᠪᠣᠯᠤᠭᠰᠠᠨ ᠰᠢᠯᠲᠠᠭᠠᠨ ᠨᠡᠶᠢᠲᠡᠮ ᠣᠷᠤᠰᠢᠵᠤ ᠪᠣᠢ᠃ ᠪᠣᠲᠠᠳᠠᠢ ᠪᠠᠷ ᠳᠤᠷᠠᠳᠪᠠᠯ ᠵᠠᠷᠢᠮ ᠪᠠᠭᠰᠢ ᠶᠢᠨ ᠵᠢᠭᠠᠬᠤ ᠤᠷ᠎ᠠ | ᠮᠡᠷᠭᠡᠵᠢᠯ ᠦᠬᠦᠮᠡᠯ ᠬᠤᠴᠤᠷᠤᠩᠭᠤᠢ ᠪᠠᠶᠢᠵᠤ ᠵᠦᠪᠬᠡᠨ ᠵᠢᠭᠠᠬᠤ ᠶᠢ ᠮᠡᠳᠡᠬᠦ ᠠᠴᠠ ᠪᠢᠰᠢ ᠰᠤᠷᠭᠠᠬᠤ ᠶᠢ | ᠤᠮᠳᠤᠭᠠᠶᠢᠯᠠᠳᠠᠭ᠂ ᠰᠤᠷᠤᠭᠴᠢ ᠶᠢ ᠵᠢᠮᠡᠯᠡᠨ ᠰᠢᠢᠳᠭᠡᠵᠥ ᠪᠦᠳᠦᠭᠦᠯᠢᠭ ᠢᠶᠠᠷ ᠵᠠᠩᠨᠠᠬᠤ ᠶᠢ ᠮᠡᠳᠡᠬᠦ ᠠᠴᠠ ᠪᠢᠰᠢ | ᠡᠶᠡᠯᠳᠡᠭ ᠰᠠᠶᠢᠬᠠᠨ ᠲᠡᠰᠪᠦᠷᠢ ᠬᠦᠯᠢᠴᠡᠩᠭᠦᠢ ᠰᠤᠷᠭᠠᠨ ᠬᠦᠮᠦᠵᠢᠭᠦᠯᠬᠦ ᠶᠢ ᠮᠡᠳᠡᠬᠦ ᠦᠭᠡᠢ ᠪᠠᠶᠢᠳᠠᠭ᠃ ᠣᠳᠣ ᠶᠢᠨ | ᠰᠢᠨ᠎ᠡ ᠬᠢᠴᠢᠶᠡᠯᠯᠡᠭᠡ ᠶᠢᠨ ᠦᠭᠡᠷᠡᠴᠢᠯᠡᠯᠲᠡ ᠳᠤ ᠪᠠᠭᠰᠢ ᠰᠤᠷᠤᠭᠴᠢ ᠶᠢᠨ ᠬᠠᠷᠢᠴᠠᠭ᠎ᠠ ᠡᠷᠬᠡ ᠲᠡᠭᠰᠢ ᠪᠠᠶᠢᠬᠤ ᠶᠢ | ᠣᠨᠴᠠ ᠴᠢᠬᠤᠯᠠᠴᠢᠯᠠᠭᠰᠠᠨ ᠪᠠᠶᠢᠳᠠᠭ᠃ ︽ᠰᠤᠷᠤᠭᠴᠢ ᠪᠣᠯ ᠪᠡᠶ᠎ᠡ ᠪᠠᠨ ᠳᠠᠭᠠᠭᠠᠭᠰᠠᠨ ᠬᠦᠮᠦᠨ᠂ ᠬᠦᠭᠵᠢᠯᠲᠡ ᠶᠢᠨ | ᠱᠠᠲᠤᠨ ᠳᠤ ᠪᠠᠨ ᠪᠠᠶᠢᠭ᠎ᠠ ᠬᠦᠮᠦᠨ︾ ᠭᠡᠵᠦ ᠳᠤᠷᠠᠳᠴᠤ᠂ ᠰᠤᠷᠤᠭᠴᠢ ᠶᠢᠨ ᠨᠡᠷ᠎ᠡ ᠬᠦᠨᠳᠦ ᠶᠢ ᠬᠤᠬᠢᠷᠠᠭᠤᠯᠬᠤ᠂ | ᠪᠡᠶ᠎ᠡ ᠪᠠᠨ ᠬᠦᠨᠳᠦᠳᠭᠡᠬᠦ ᠰᠡᠳᠭᠢᠯᠭᠡ ᠶᠢ ᠬᠦᠨᠳᠡᠬᠦ ᠵᠡᠷᠭᠡ ᠵᠦᠢ ᠵᠣᠬᠢᠰ ᠦᠭᠡᠢ ᠠᠵᠢᠯᠯᠠᠭ᠎ᠠ ᠶᠢ ᠴᠢᠩᠭ᠎ᠠ ᠴᠡᠭᠡᠷᠯᠡᠵᠦ | ᠪᠣᠢ᠃ ᠠᠩᠭᠢ ᠶᠢᠨ ᠪᠠᠭᠰᠢ ᠨᠢ ᠬᠢᠴᠢᠶᠡᠯ ᠵᠢᠭᠠᠬᠤ ᠠᠴᠠ ᠭᠠᠳᠠᠨ᠎ᠠ ᠰᠤᠷᠤᠭᠴᠢ ᠶᠢᠨ ᠰᠤᠷᠤᠯᠭ᠎ᠠ᠂ ᠮᠤᠷᠠᠯ᠂ ᠪᠡᠶ᠎ᠡ | ᠮᠠᠬᠠᠪᠤᠳ ᠢ ᠪᠦᠬᠦ ᠲᠠᠯ᠎ᠠ ᠪᠠᠷ ᠬᠠᠷᠠᠭᠠᠯᠵᠠᠵᠤ ᠪᠠᠶᠢᠭ᠎ᠠ ᠲᠤᠯᠠ ᠡᠨᠡ ᠲᠠᠯ᠎ᠠ ᠪᠠᠷ ᠨᠡᠩ ᠢᠯᠡᠭᠦᠦ ᠠᠩᠬᠠᠷᠬᠤ ᠬᠡᠷᠡᠭᠲᠡᠢ᠃ | 4. ᠰᠤᠷᠤᠭᠴᠢᠳ ᠤᠨ ᠰᠡᠳᠭᠢᠯ ᠤᠨ ᠳᠠᠷᠤᠭᠠᠰᠤ ᠶᠢᠨ ᠰᠢᠯᠲᠠᠭᠠᠨ — ᠵᠠᠷᠢᠮ ᠬᠡᠦᠬᠡᠳ ᠤᠨ ᠭᠡᠷ ᠤᠨ | ᠠᠮᠢᠳᠤᠷᠠᠯ ᠬᠦᠴᠢᠷ ᠲᠠᠢ ᠪᠣᠶᠤ ᠭᠡᠷ ᠪᠦᠯᠢ ᠶᠢᠨ ᠵᠦᠷᠢᠴᠡᠯ᠂ ᠡᠰᠡᠭᠦᠯ᠎ᠡ ᠥᠨᠦᠴᠢᠨ ᠦᠷᠦᠭᠡᠰᠦᠨ ᠵᠡᠷᠭᠡ | ᠰᠢᠯᠲᠠᠭᠠᠨ ᠠᠴᠠ ᠪᠣᠯᠵᠤ ᠰᠡᠳᠭᠢᠯ ᠰᠠᠨᠠᠭᠠᠨ ᠳᠤ ᠨᠢ ᠶᠡᠬᠡᠬᠡᠨ ᠳᠠᠷᠤᠭᠠᠰᠤ ᠲᠠᠢ ᠪᠠᠶᠢᠵᠤ ᠰᠤᠷᠤᠯᠭ᠎ᠠ ᠮᠤᠷᠠᠯ ᠤᠨ | ᠲᠠᠯ᠎ᠠ ᠪᠠᠷ ᠬᠤᠴᠤᠷᠳᠠᠭ᠃ ᠬᠡᠦᠬᠡᠳ ᠪᠣᠯ ᠦᠨᠡᠨ ᠳᠤ ᠪᠠᠨ ︽ᠬᠡᠷᠡᠭᠯᠡᠭᠡ ᠦᠭᠡᠢ ᠴᠠᠭᠠᠰᠤ ᠭᠭᠢᠷᠲᠦᠭᠡ ᠦᠭᠡᠢ | ᠴᠠᠰᠤ︾ ᠮᠡᠲᠦ ᠭᠡᠨᠡᠨ ᠴᠠᠶᠢᠯᠭᠠᠨ ᠪᠠᠶᠢᠳᠠᠭ ᠶᠤᠮ᠃ ᠭᠡᠲᠡᠯ᠎ᠡ ᠭᠡᠷ ᠪᠦᠯᠢ ᠪᠣᠶᠤ ᠨᠡᠶᠢᠭᠡᠮ ᠤᠨ ᠰᠢᠯᠲᠠᠭᠠᠨ ᠠᠴᠠ ᠪᠣᠯᠵᠤ | ᠬᠡᠦᠬᠡᠳ ᠤᠨ ᠰᠡᠳᠭᠢᠯ ᠳᠤ ᠰᠡᠪ ᠰᠠᠭᠤᠯᠭᠠᠵᠤ᠂ ᠵᠢᠭᠠᠬᠠᠨ ᠬᠡᠦᠬᠡᠳ ᠴᠤ ᠲᠣᠮᠣ ᠳᠠᠷᠤᠭᠠᠰᠤ ᠲᠠᠢ | ᠪᠣᠯᠳᠠᠭ᠃ ᠰᠡᠳᠭᠢᠯ ᠤᠨ ᠳᠠᠷᠤᠭᠠᠰᠤ ᠲᠠᠢ ᠬᠡᠦᠬᠡᠳ ᠨᠢ ᠵᠣᠷᠢᠯᠭ᠎ᠠ ᠲᠠᠢ ᠪᠠᠷ ᠰᠡᠳᠭᠢᠯ ᠤᠨ ᠳᠠᠷᠤᠭᠠᠰᠤ ᠪᠠᠨ | ᠲᠠᠶᠠᠭᠳᠠᠵᠤ ᠳᠡᠶᠢᠯᠬᠦ ᠦᠭᠡᠢ ᠲᠤᠯᠠ ᠬᠢᠴᠢᠶᠡᠯ ᠳᠡᠭᠡᠷ᠎ᠡ ᠰᠡᠳᠭᠢᠯ ᠢᠶᠠᠨ ᠲᠦᠪᠯᠡᠷᠡᠭᠦᠯᠵᠦ ᠳᠡᠶᠢᠯᠬᠦ ᠦᠭᠡᠢ᠂ | ᠰᠡᠳᠭᠢᠴᠡ ᠳᠤ ᠨᠢ ᠪᠡᠶ᠎ᠡ ᠪᠠᠨ ᠭᠤᠯᠤᠬᠤ᠂ ᠵᠦᠷᠢᠭᠦᠳᠯᠡᠬᠦ᠂ ᠭᠤᠨᠢᠵᠤ ᠭᠤᠲᠤᠷᠠᠬᠤ ᠮᠡᠲᠦ ᠶᠢᠨ ᠪᠠᠶᠢᠳᠠᠯ ᠭᠠᠷᠴᠤ | ᠮᠤᠷᠠᠯ ᠰᠠᠬᠢᠯᠭ᠎ᠠ᠂ ᠬᠢᠴᠢᠶᠡᠯ ᠰᠤᠷᠤᠯᠭ᠎ᠠ ᠳᠤ ᠪᠠᠨ ᠳᠠᠪᠰᠢᠯᠲᠠ ᠦᠭᠡᠢ ᠪᠣᠯᠳᠠᠭ᠃ | ᠳᠡᠭᠡᠷ᠎ᠡ ᠦᠭᠦᠯᠡᠭᠰᠡᠨ ᠵᠦᠢᠯ ᠪᠣᠯ ᠰᠤᠷᠤᠭᠴᠢ ᠶᠢᠨ ᠬᠤᠴᠤᠷᠤᠩᠭᠤᠢ ᠪᠣᠯᠤᠭᠰᠠᠨ ᠰᠢᠯᠲᠠᠭᠠᠨ ᠤ ᠨᠢᠭᠡ ᠬᠡᠰᠡᠭ | ᠪᠣᠯᠬᠤ ᠶᠤᠮ᠃ ᠡᠭᠦᠨ ᠠᠴᠠ ᠭᠠᠳᠠᠨ᠎ᠠ ᠰᠤᠷᠤᠭᠴᠢ ᠶᠢᠨ ᠬᠤᠴᠤᠷᠤᠩᠭᠤᠢ ᠪᠣᠯᠤᠭᠰᠠᠨ ᠰᠢᠯᠲᠠᠭᠠᠨ ᠴᠤ ᠣᠯᠠᠨ | ᠣᠯᠠᠨ ᠢᠯᠡᠷᠡᠵᠦ ᠪᠣᠢ᠃ ᠵᠢᠱᠢᠶᠡᠯᠡᠪᠡᠯ᠂ ᠨᠠᠭᠠᠳᠤᠮ ᠳᠤ ᠰᠢᠨᠤᠬᠤ᠂ ᠨᠦᠬᠦᠳ ᠵᠠᠭᠤᠷ᠎ᠠ ᠪᠠᠨ ᠪᠦᠯᠬᠦᠮᠳᠡᠯ ᠦᠭᠡᠢ | ᠪᠣᠯᠬᠤ᠂ ᠡᠪᠡᠳᠴᠢᠨ ᠠᠷᠬᠠᠭ ᠭᠡᠮ᠂ ᠬᠢᠴᠢᠶᠡᠯ ᠤᠨ ᠰᠠᠭᠠᠲᠤᠯ᠂ ᠪᠡᠶ᠎ᠡ ᠰᠡᠳᠭᠢᠴᠡ ᠶᠢᠨ ᠬᠤᠪᠢᠷᠠᠯᠲᠠ ᠁ | ᠵᠡᠷᠭᠡ ᠨᠢ ᠴᠦᠮ ᠨᠦᠯᠦᠭᠡ ᠪᠣᠯᠳᠠᠭ᠃ ᠪᠠᠭᠰᠢ ᠪᠣᠯᠤᠭᠰᠠᠳ ᠰᠤᠷᠤᠭᠴᠢᠳ ᠤᠨ ︽ᠬᠤᠴᠤᠷᠤᠩᠭᠤᠢ ᠪᠣᠯᠤᠭᠰᠠᠨ | ᠰᠢᠯᠲᠠᠭᠠᠨ︾ ᠢ ᠡᠷᠢᠵᠤ ᠭᠠᠷᠭᠠᠭᠰᠠᠨ ᠤ ᠳᠠᠷᠠᠭ᠎ᠠ ᠳᠠᠷᠦ᠋ᠢᠬᠠᠨ ᠠᠷᠭ᠎ᠠ ᠰᠦᠪᠡᠭᠴᠢᠯᠡᠵᠦ ᠬᠤᠪᠢᠷᠠᠭᠤᠯᠤᠨ | ᠳᠡᠭᠡᠭᠰᠢᠯᠡᠭᠦᠯᠬᠦ ᠬᠡᠷᠡᠭᠲᠡᠢ᠃ ᠳᠡᠭᠡᠷᠡᠬᠢ ᠬᠡᠲᠦᠨ ᠲᠠᠯ᠎ᠠ ᠶᠢᠨ ᠪᠠᠶᠢᠳᠠᠯ ᠳᠤ ᠴᠢᠭᠯᠡᠭᠦᠯᠦᠨ ᠳᠣᠣᠷᠠᠬᠢ ᠮᠡᠲᠦ ᠶᠢᠨ ᠠᠷᠭ᠎ᠠ | ᠬᠡᠮᠵᠢᠶ᠎ᠡ ᠶᠢ ᠬᠡᠷᠡᠭᠯᠡᠵᠦ ᠪᠣᠯᠤᠨ᠎ᠠ᠃ | 1. ᠬᠤᠴᠤᠷᠤᠩᠭᠤᠢ ᠰᠤᠷᠤᠭᠴᠢ ᠳᠤ ᠬᠠᠶᠢᠷ᠎ᠠ ᠬᠠᠯᠠᠮᠵᠢ ᠬᠦᠷᠭᠡᠬᠦ — ᠰᠤᠷᠭᠠᠨ ᠬᠦᠮᠦᠵᠢᠯ ᠤᠨ | ᠵᠢᠳᠭᠦᠯᠲᠡᠨ ᠰᠦᠬᠤᠮᠯᠢᠰᠺᠢ᠄ ︽ᠰᠤᠷᠭᠠᠨ ᠬᠦᠮᠦᠵᠢᠭᠦᠯᠬᠦ ᠠᠷᠭ᠎ᠠ ᠮᠡᠷᠭᠡᠵᠢᠯ ᠤᠨ ᠪᠦᠬᠦᠶ ᠯᠡ ᠨᠢᠭᠤᠴᠠ ᠨᠢ ᠳᠠᠷᠤᠢ | ᠰᠤᠷᠤᠭᠴᠢᠳ ᠢ ᠬᠡᠷᠬᠢᠨ ᠬᠠᠶᠢᠷᠠᠯᠠᠬᠤ ᠳᠤ ᠣᠷᠤᠰᠢᠨ᠎ᠠ︾ ᠭᠡᠰᠡᠨ ᠪᠢᠯᠡ᠃ ᠰᠤᠷᠤᠭᠴᠢ ᠪᠦᠬᠦᠨ ᠪᠠᠭᠰᠢ ᠶᠢᠨ | ᠬᠠᠶᠢᠷ᠎ᠠ ᠶᠢ ᠬᠦᠷᠲᠡᠬᠦ ᠶᠢ ᠬᠦᠰᠡᠵᠦ ᠪᠠᠶᠢᠳᠠᠭ᠃ ᠬᠤᠴᠤᠷᠤᠩᠭᠤᠢ ᠰᠤᠷᠤᠭᠴᠢᠳ ᠲᠤ ᠪᠠᠭᠰᠢ ᠶᠢᠨ ᠬᠠᠶᠢᠷ᠎ᠠ ᠮᠠᠰᠢ | ᠴᠢᠬᠤᠯᠠ ᠱᠠᠭᠠᠷᠳᠠᠭᠳᠠᠨ᠎ᠠ᠃ ᠪᠠᠭᠰᠢ ᠶᠢᠨ ᠬᠠᠶᠢᠷ᠎ᠠ ᠠᠯᠠᠭ ᠪᠠᠶᠢᠵᠤ ᠪᠣᠯᠬᠤ ᠦᠭᠡᠢ᠂ ᠰᠤᠷᠤᠭᠴᠢ ᠪᠦᠬᠦᠨ ᠳᠤ ᠠᠳᠠᠯᠢ | ᠲᠡᠭᠰᠢ ᠪᠠᠷ ᠬᠠᠨᠳᠤᠬᠤ ᠬᠡᠷᠡᠭᠲᠡᠢ᠃ ᠬᠤᠴᠤᠷᠤᠩᠭᠤᠢ ᠰᠤᠷᠤᠭᠴᠢ ᠨᠢ ᠰᠤᠷᠤᠯᠭ᠎ᠠ ᠳᠤ ᠪᠠᠨ ᠬᠦᠴᠢᠷᠳᠡᠵᠦ᠂ ᠮᠤᠷᠠᠯ | ᠰᠠᠬᠢᠯᠭ᠎ᠠ ᠶᠢ ᠡᠪᠳᠡᠳᠡᠭ ᠲᠤᠯᠠ ᠪᠠᠭᠰᠢ ᠶᠢᠨ ᠠᠭᠤᠷ ᠤᠴᠠᠭᠠᠷ ᠢ ᠬᠦᠷᠭᠡᠬᠦ ᠨᠢ ᠵᠠᠶᠢᠯᠠᠰᠢ ᠦᠭᠡᠢ ᠶᠤᠮ᠃ ᠡᠨᠡ | ᠪᠠᠶᠢᠳᠠᠯ ᠳᠤ ᠪᠠᠭᠰᠢ ᠡᠷᠬᠡᠪᠰᠢ ᠬᠦᠯᠢᠴᠡᠩᠭᠦᠢ ᠬᠠᠨᠳᠤᠵᠤ ᠲᠡᠰᠪᠦᠷᠢᠲᠡᠢ ᠤᠳᠠᠭᠠᠨ ᠳᠠᠭᠠᠭᠠᠮᠠᠭᠠᠢ ᠪᠠᠷ ᠰᠤᠷᠭᠠᠨ | ᠬᠦᠮᠦᠵᠢᠭᠦᠯᠬᠦ ᠬᠡᠷᠡᠭᠲᠡᠢ᠃ ᠠᠩᠭᠢ ᠶᠢᠨ ᠡᠷᠬᠢᠯᠡᠭᠴᠢ ᠪᠠᠭᠰᠢ ᠠᠴᠠ ᠬᠤᠴᠤᠷᠤᠩᠭᠤᠢ ᠰᠤᠷᠤᠭᠴᠢ ᠲᠠᠢ ᠢᠯᠡᠭᠦᠬᠡᠨ | ᠤᠶᠢᠷᠠᠳᠴᠤ ᠲᠡᠳᠡᠨ ᠤ ᠰᠤᠷᠤᠯᠭ᠎ᠠ ᠶᠢ ᠬᠠᠯᠠᠮᠵᠢᠯᠠᠵᠤ᠂ ᠲᠡᠳᠡᠨ ᠤ ᠠᠮᠢᠳᠤᠷᠠᠯ ᠢ ᠬᠠᠷᠠᠭᠠᠯᠵᠠᠨ | ︽ᠬᠠᠶᠢᠷ᠎ᠠ︾ ᠬᠦᠷᠲᠡᠭᠡᠬᠦ ᠬᠡᠷᠡᠭᠲᠡᠢ᠃ ᠡᠶᠢᠮᠦᠷᠬᠦᠤ ᠰᠤᠷᠤᠭᠴᠢᠳ ᠲᠠᠢ ᠢᠯᠡᠭᠦᠬᠡᠨ ᠰᠡᠳᠭᠢᠯ ᠤᠨ ᠦᠭᠡ ᠪᠠᠨ | ᠶᠠᠷᠢᠯᠴᠠᠵᠤ ᠤᠷᠮᠠᠰᠢᠭᠤᠯᠤᠨ ᠵᠣᠷᠢᠬᠵᠢᠭᠤᠯᠵᠤ᠂ ᠠᠭᠤᠴᠢᠯᠠᠨ ᠡᠨᠡᠷᠢᠬᠦ ᠰᠡᠳᠭᠢᠯ ᠲᠠᠢ ᠪᠠᠶᠢᠪᠠᠯ ᠵᠣᠬᠢᠨ᠎ᠠ᠃ ᠴᠧᠨ ᠳ᠋ᠥ᠋ | ᠫᠢᠩ᠄ ︽ᠬᠦᠮᠦᠨ ᠤ ᠬᠦᠭᠵᠢᠯᠲᠡ ᠪᠣᠯ ᠣᠯᠠᠨ ᠶᠠᠩᠵᠤ ᠶᠢᠨ ᠪᠠᠶᠢᠳᠠᠭ᠂ ᠪᠣᠢ ᠪᠦᠬᠦᠢ ᠬᠦᠮᠦᠨ ᠴᠦᠮ ᠵᠢᠭᠳᠡ | ᠬᠦᠭᠵᠢᠵᠦ ᠴᠢᠳᠠᠬᠤ ᠦᠭᠡᠢ᠂ ᠪᠢᠳᠡᠨ ᠳᠤ ᠰᠤᠷᠤᠭᠴᠢᠳ ᠤᠨ ᠥᠪᠡᠷᠮᠢᠴᠡ ᠴᠢᠨᠠᠷ ᠢᠶᠠᠨ ᠨᠡᠩ ᠰᠠᠶᠢᠨ ᠪᠠᠳᠠᠷᠠᠭᠤᠯᠵᠤ | ᠴᠢᠳᠠᠭᠰᠠᠨ ᠦᠨᠡᠯᠡᠯᠲᠡ ᠶᠢᠨ ᠰᠢᠰᠲ᠋ᠧᠮ ᠪᠠᠶᠢᠪᠠᠯ ᠵᠣᠬᠢᠨ᠎ᠠ︾ ᠭᠡᠵᠦ ᠦᠭᠦᠯᠡᠭᠰᠡᠨ ᠪᠠᠶᠢᠳᠠᠭ᠃ ᠵᠠᠷᠢᠮ | ᠰᠤᠷᠤᠭᠴᠢ ᠶᠢᠨ ᠰᠤᠷᠤᠯᠭ᠎ᠠ ᠠᠨᠠᠢ ᠴᠤ ᠪᠠᠶ᠎ᠠ ᠶᠢᠨ ᠲᠠᠮᠢᠷ ᠲᠤ ᠪᠠᠨ ᠰᠠᠶᠢᠨ ᠪᠣᠶᠤ ᠠᠵᠢᠯ ᠬᠦᠳᠡᠯᠮᠦᠷᠢ ᠳᠤ ᠰᠠᠶᠢᠨ | ᠪᠠᠶᠢᠳᠠᠭ᠃ ᠡᠰᠡᠭᠦᠯ᠎ᠡ ᠳᠠᠭᠤᠤ ᠳᠠᠭᠤᠯᠠᠬᠤ᠂ ᠪᠦᠵᠢᠭ ᠪᠦᠵᠢᠭᠯᠡᠬᠦ᠂ ᠵᠢᠷᠤᠭ ᠵᠢᠷᠤᠬᠤ᠂ ᠵᠣᠬᠢᠶᠠᠯ ᠪᠢᠴᠢᠬᠦ ᠁ ᠵᠡᠷᠭᠡ | ᠲᠠᠯ᠎ᠠ ᠪᠠᠷ ᠠᠪᠢᠶᠠᠰ ᠲᠠᠢ ᠪᠠᠶᠢᠳᠠᠭ᠃ ᠬᠤᠴᠤᠷᠤᠩᠭᠤᠢ ᠰᠤᠷᠤᠭᠴᠢ ᠶᠢᠨ ︽ᠭᠢᠯᠠᠰ ᠴᠡᠭ︾ ᠢ ᠦᠵᠡᠵᠦ ᠬᠠᠷᠠᠭᠠᠳ | ᠮᠠᠭᠲᠠᠨ ᠦᠨᠡᠯᠡᠬᠦ ᠨᠢ ᠮᠠᠰᠢ ᠰᠠᠶᠢᠨ ᠦᠢᠯᠡᠳᠦᠯ ᠢ ᠦᠵᠡᠭᠦᠯᠳᠡᠭ᠃ ᠲᠡᠳᠡᠨ ᠤ ᠣᠨᠴᠠ ᠠᠪᠢᠶᠠᠰ ᠴᠢᠳᠠᠪᠤᠷᠢ | ᠥᠪᠡᠷᠮᠢᠴᠡ ᠴᠢᠳᠠᠪᠤᠷᠢ ᠶᠢ ᠨᠢ ᠦᠨᠡᠯᠡᠨ ᠰᠠᠶᠢᠰᠢᠶᠠᠵᠤ ᠵᠣᠷᠢᠬᠵᠢᠭᠤᠯᠤᠨ ᠤᠷᠮᠠᠰᠢᠭᠤᠯᠪᠠᠯ ᠮᠠᠰᠢ ᠰᠠᠶᠢᠨ ᠦᠷ᠎ᠡ | ᠳ᠋ᠦᠩ ᠢ ᠣᠯᠵᠤ ᠴᠢᠳᠠᠨ᠎ᠠ᠃ | 2. ᠭᠡᠷ ᠤᠨ ᠠᠬᠠᠮᠠᠳ ᠲᠠᠢ ᠦᠷᠬᠦᠯᠵᠢ ᠬᠠᠷᠢᠯᠴᠠᠨ ᠨᠢᠭᠲᠠ ᠬᠠᠮᠵᠢᠯᠴᠠᠬᠤ ᠨᠢ ᠬᠤᠴᠤᠷᠤᠩᠭᠤᠢ | ᠰᠤᠷᠤᠭᠴᠢ ᠶᠢ ᠬᠤᠪᠢᠷᠠᠭᠤᠯᠤᠨ ᠰᠠᠶᠢᠵᠢᠷᠠᠭᠤᠯᠬᠤ ᠳᠤ ᠮᠠᠰᠢ ᠴᠢᠬᠤᠯᠠ ᠦᠢᠯᠡᠳᠦᠯ ᠲᠠᠢ ᠪᠠᠶᠢᠳᠠᠭ᠃ ᠭᠡᠷ ᠤᠨ | ᠠᠬᠠᠮᠠᠳ ᠪᠣᠯ ᠬᠡᠦᠬᠡᠳ ᠤᠨ ᠬᠠᠮᠤᠭ ᠤᠨ ᠠᠩᠬᠠᠨ ᠤ ᠪᠠᠭᠰᠢ ᠨᠢ ᠪᠣᠯᠬᠤ ᠶᠤᠮ᠃ ᠶᠠᠮᠠᠷ ᠶᠠᠩᠵᠤ ᠶᠢᠨ ᠭᠡᠷ ᠤᠨ | ᠠᠬᠠᠮᠠᠳ ᠪᠠᠶᠢᠪᠠᠯ ᠲᠡᠶᠢᠮᠦᠷᠬᠦᠤ ᠶᠠᠩᠵᠤ ᠶᠢᠨ ᠬᠡᠦᠬᠡᠳ ᠴᠤ ᠪᠠᠶᠢᠳᠠᠭ ᠨᠢ ᠡᠭᠦᠨ ᠢ ᠬᠠᠷᠠᠭᠤᠯᠵᠤ ᠪᠣᠢ᠃ ︽ᠶᠠᠮᠠᠷᠪᠠ | ᠬᠦᠮᠦᠨ ᠴᠦᠮ ᠡᠬᠡ ᠠᠴᠠ ᠲᠦᠷᠦᠵᠦ ᠡᠬᠡ ᠶᠢᠨ ᠠᠰᠠᠷᠠᠯ ᠳᠣᠣᠷ᠎ᠠ ᠦᠰᠦᠨ ᠪᠤᠶᠢᠵᠢᠵᠤ ᠪᠠᠶᠢᠳᠠᠭ ᠲᠤᠯᠠ ᠬᠦᠮᠦᠨ | ᠲᠦᠷᠦᠯᠬᠢᠲᠡᠨ ᠤ ᠬᠤᠪᠢ ᠵᠠᠶᠠᠭ᠎ᠠ ᠪᠣᠯ ᠡᠬᠡ ᠬᠦᠮᠦᠨ ᠤ ᠭᠠᠷ ᠲᠤ ᠡᠵᠡᠮᠰᠢᠭᠳᠡᠵᠦ ᠪᠠᠶᠢᠭ᠎ᠠ ᠶᠤᠮ᠃ ᠡᠶᠢᠮᠦ ᠠᠴᠠ | ᠰᠤᠷᠭᠠᠨ ᠬᠦᠮᠦᠵᠢᠯ ᠪᠣᠯ ᠴᠣᠬᠤᠮ ᠳᠤ ᠪᠠᠨ ᠡᠬᠡ ᠶᠢ ᠦᠭᠡᠷᠡᠴᠢᠯᠡᠬᠦ ᠠᠴᠠ ᠡᠬᠢᠯᠡᠬᠦ ᠬᠡᠷᠡᠭᠲᠡᠢ︾ ᠭᠡᠳᠡᠭ ᠨᠢ ᠡᠭᠦᠨ ᠢ | ᠬᠠᠷᠠᠭᠤᠯᠵᠤ ᠪᠣᠢ᠃ ᠡᠶᠢᠮᠦ ᠠᠴᠠ ᠠᠩᠭᠢ ᠶᠢᠨ ᠪᠠᠭᠰᠢ ᠭᠡᠷ ᠤᠨ ᠠᠬᠠᠮᠠᠳ ᠲᠠᠢ ᠦᠷᠬᠦᠯᠵᠢ ᠬᠠᠷᠢᠯᠴᠠᠨ ᠭᠡᠷ ᠤᠨ | ᠬᠦᠮᠦᠵᠢᠯ ᠤᠨ ᠲᠣᠬᠠᠢ ᠰᠣᠳᠣᠯᠣᠨ ᠶᠠᠷᠢᠯᠴᠠᠵᠤ ᠵᠦᠪ ᠣᠨᠣᠪᠴᠢᠲᠠᠢ ᠬᠦᠮᠦᠵᠢᠯ ᠬᠢᠬᠦ ᠶᠢ ᠡᠷᠬᠡᠪᠰᠢ ᠬᠦᠨᠳᠦᠳᠭᠡᠬᠦ | ᠬᠡᠷᠡᠭᠲᠡᠢ᠃ ᠭᠡᠷ ᠤᠨ ᠠᠬᠠᠮᠠᠳ ᠤᠨ ᠰᠤᠷᠭᠠᠯ ᠪᠠ ᠪᠠᠭᠰᠢ ᠶᠢᠨ ᠰᠤᠷᠭᠠᠯ ᠡᠷᠬᠡᠪᠰᠢ ᠨᠢᠭᠡᠲᠦᠯ ᠲᠠᠢ ᠪᠠᠶᠢᠬᠤ | ᠬᠡᠷᠡᠭᠲᠡᠢ᠃ ᠣᠳᠣᠬᠠᠨ ᠳᠤ ︽ᠭᠡᠷ ᠤᠨ ᠠᠬᠠᠮᠠᠳ ᠤᠨ ᠰᠤᠷᠭᠠᠭᠤᠯᠢ︾ ᠶᠢ ᠪᠠᠶᠢᠭᠤᠯᠵᠤ᠂ ᠭᠡᠷ ᠤᠨ ᠠᠬᠠᠮᠠᠳ ᠢ | ᠰᠤᠷᠭᠠᠨ ᠬᠦᠮᠦᠵᠢᠯ ᠤᠨ ᠬᠦᠷᠢᠶᠡᠨ ᠳᠤ ᠲᠠᠲᠠᠨ ᠣᠷᠤᠭᠤᠯᠬᠤ ᠠᠰᠠᠭᠤᠳᠠᠯ ᠢ ᠳᠠᠷᠦ᠋ᠢᠬᠠᠨ ᠪᠡᠶᠡᠯᠡᠭᠦᠯᠪᠡᠯ | ᠵᠣᠬᠢᠨ᠎ᠠ᠃ ᠡᠨᠡ ᠲᠠᠯ᠎ᠠ ᠪᠠᠷ ᠠᠩᠭᠢ ᠶᠢᠨ ᠡᠷᠬᠢᠯᠡᠭᠴᠢ ᠨᠠᠷ ᠢᠯᠡᠭᠦᠬᠡᠨ ᠪᠣᠳᠤᠯᠬᠢᠯᠠᠵᠤ᠂ ᠢᠯᠡᠭᠦᠬᠡᠨ ᠬᠢᠪᠡᠯ | ᠵᠣᠬᠢᠨ᠎ᠠ᠃ | 3. ᠠᠩᠭᠢ ᠶᠢᠨ ᠡᠷᠬᠢᠯᠡᠭᠴᠢ ᠪᠠᠭᠰᠢ ᠡᠷᠬᠡᠪᠰᠢ ᠬᠢᠴᠢᠶᠡᠯᠯᠡᠭᠴᠢ ᠪᠠᠭᠰᠢ ᠲᠠᠢ ᠨᠢᠭᠲᠠ ᠬᠠᠮᠵᠢᠯᠴᠠᠵᠤ | ᠬᠤᠴᠤᠷᠤᠩᠭᠤᠢ ᠰᠤᠷᠤᠭᠴᠢ ᠶᠢ ᠬᠠᠮᠲᠦ ᠪᠠᠷ ᠬᠤᠪᠢᠷᠠᠭᠤᠯᠤᠨ ᠰᠠᠶᠢᠵᠢᠷᠠᠭᠤᠯᠬᠤ ᠬᠡᠷᠡᠭᠲᠡᠢ᠃ ᠠᠩᠭᠢ ᠶᠢᠨ | ᠡᠷᠬᠢᠯᠡᠭᠴᠢ ᠬᠦᠳᠡᠯᠦᠩᠭᠦᠢ ᠪᠠᠷ ᠬᠢᠴᠢᠶᠡᠯᠯᠡᠭᠴᠢ ᠪᠠᠭᠰᠢ ᠲᠠᠢ ᠤᠶᠢᠷᠠᠲᠤᠨ᠂ ᠲᠡᠳᠡᠨ ᠤ ᠬᠢᠴᠢᠶᠡᠯ ᠤᠨ ᠴᠠᠭ ᠲᠤ | ᠣᠯᠵᠤ ᠮᠡᠳᠡᠭᠰᠡᠨ ᠰᠤᠷᠤᠭᠴᠢ ᠶᠢᠨ ᠲᠣᠬᠠᠢ ᠰᠤᠷᠠᠭ ᠵᠠᠩᠭᠢ ᠶᠢ ᠰᠣᠳᠤᠯᠵᠤ᠂ ᠶᠠᠷᠢᠯᠴᠠᠨ ᠦᠨᠡᠯᠡᠯᠲᠡ ᠬᠢᠪᠡᠯ | ᠵᠣᠬᠢᠨ᠎ᠠ᠃ ᠮᠦᠨ ᠰᠤᠷᠤᠭᠴᠢ ᠶᠢ ᠰᠣᠳᠤᠯᠵᠤ᠂ ᠰᠤᠷᠤᠭᠴᠢ ᠶᠢᠨ ᠣᠨᠴᠠᠯᠢᠭ ᠲᠤ ᠲᠣᠬᠢᠷᠠᠭᠰᠠᠨ ᠰᠤᠷᠭᠠᠨ | ᠬᠦᠮᠦᠵᠢᠭᠦᠯᠬᠦ ᠠᠷᠭ᠎ᠠ ᠠᠪᠴᠠᠯ ᠢ ᠬᠠᠮᠲᠦ ᠪᠠᠷ ᠵᠦᠪᠯᠡᠬᠦ ᠬᠡᠷᠡᠭᠲᠡᠢ᠃ ᠬᠠᠷᠢᠨ ᠨᠢᠭᠡ ᠪᠠᠭᠰᠢ ᠨᠢ ᠨᠢᠭᠡ ᠶᠠᠩᠵᠤ ᠪᠠᠷ | ᠬᠡᠯᠡᠵᠦ᠂ ᠬᠠᠷᠢᠯᠴᠠᠨ ᠵᠦᠷᠢᠴᠡᠯᠳᠦᠪᠡᠯ ᠰᠤᠷᠤᠭᠴᠢ ᠶᠢᠨ ᠬᠦᠮᠦᠵᠢᠯ ᠳᠤ ᠮᠠᠭᠤ ᠨᠦᠯᠦᠭᠡ ᠣᠯᠭᠤᠨ᠎ᠠ᠃ ᠢᠤᠢ ᠽᠢ | ︽ᠭᠠᠭᠴᠠ ᠬᠦ ᠰᠤᠷᠤᠯᠴᠠᠬᠤ ᠳᠤ ᠥᠯᠦ ᠴᠦᠭᠦᠷᠡᠬᠦ ᠪᠠᠭᠰᠢ ᠪᠠᠶᠢᠪᠠᠰᠤ ᠰᠠᠶ᠋ᠢ ᠰᠤᠷᠤᠯᠴᠠᠬᠤ ᠳᠤ ᠥᠯᠦ ᠴᠦᠭᠦᠷᠡᠬᠦ | ᠰᠤᠷᠤᠭᠴᠢ ᠶᠢ ᠬᠦᠮᠦᠵᠢᠭᠦᠯᠵᠦ ᠴᠢᠳᠠᠨ᠎ᠠ︾ ᠭᠡᠵᠦ ᠵᠢᠭᠠᠭᠰᠠᠨ ᠪᠠᠶᠢᠨ᠎ᠠ᠃ ᠪᠠᠭᠰᠢ ᠨᠠᠷ ᠡᠷᠬᠡᠪᠰᠢ ᠰᠤᠷᠤᠭᠴᠢ | ᠪᠦᠬᠦᠨ ᠤ ᠰᠤᠷᠤᠯᠴᠠᠬᠤ ᠦᠯᠢᠭᠡᠷ ᠳᠠᠭᠤᠷᠢᠶᠠᠯ ᠪᠣᠯᠬᠤ ᠬᠡᠷᠡᠭᠲᠡᠢ᠃ | 4. ᠬᠤᠴᠤᠷᠤᠩᠭᠤᠢ ᠰᠤᠷᠤᠭᠴᠢ ᠶᠢ ᠨᠡᠶᠢᠲᠡ ᠪᠠᠷ ᠬᠦᠮᠦᠵᠢᠭᠦᠯᠬᠦ ᠶᠢ ᠠᠩᠬᠠᠷᠬᠤ — ᠰᠠᠶᠢᠨ ᠰᠠᠶᠢᠬᠠᠨ | ᠣᠷᠴᠢᠨ ᠲᠣᠭᠤᠷᠢᠨ ᠨᠢ ᠰᠤᠷᠤᠭᠴᠢ ᠶᠢᠨ ᠰᠡᠳᠭᠢᠬᠦᠢ ᠶᠢᠨ ᠬᠦᠭᠵᠢᠯᠲᠡ ᠳᠤ ᠮᠠᠰᠢ ᠴᠢᠬᠤᠯᠠ ᠦᠢᠯᠡᠳᠦᠯ | ᠦᠵᠡᠭᠦᠯᠳᠡᠭ᠃ ᠡᠶᠢᠮᠦ ᠠᠴᠠ ᠬᠠᠮᠲᠦ ᠨᠡᠶᠢᠲᠡ ᠶᠢᠨ ᠳᠣᠲᠤᠷᠠᠬᠢ ᠢᠳᠡᠪᠬᠢ ᠬᠦᠴᠦᠨ ᠵᠦᠢᠯ ᠢ ᠬᠦᠮᠦᠵᠢᠭᠦᠯᠵᠦ᠂ | ᠬᠤᠴᠤᠷᠤᠩᠭᠤᠢ ᠰᠤᠷᠤᠭᠴᠢ ᠶᠢᠨ ᠲᠠᠭᠠᠨ ᠰᠤᠷᠤᠯᠴᠠᠬᠤ ᠦᠯᠢᠭᠡᠷ ᠵᠢᠱᠢᠶ᠎ᠡ ᠪᠣᠯᠭᠠᠵᠤ᠂ ᠢᠳᠡᠪᠬᠢᠲᠡᠨ ᠰᠤᠷᠤᠭᠴᠢ ᠪᠠᠷ | ᠬᠠᠪᠰᠤᠷᠤᠭᠤᠯᠤᠨ ᠬᠠᠮᠲᠦ ᠨᠡᠶᠢᠲᠡ ᠶᠢᠨ ᠬᠠᠶᠢᠷ᠎ᠠ ᠬᠠᠯᠠᠮᠵᠢᠯᠠᠯ᠂ ᠨᠦᠬᠦᠷᠯᠡᠯ ᠪᠦᠯᠬᠦᠮᠳᠡᠯ ᠤᠨ ᠬᠠᠯᠠᠮᠵᠢ ᠶᠢ | ᠬᠦᠷᠲᠡᠭᠡᠪᠡᠯ ᠵᠣᠬᠢᠨ᠎ᠠ᠃ ᠮᠦᠨ ᠬᠦ ᠬᠤᠴᠤᠷᠤᠩᠭᠤᠢ ᠰᠤᠷᠤᠭᠴᠢ ᠳᠤ ᠵᠠᠰᠠᠷᠠᠨ ᠰᠠᠶᠢᠵᠢᠷᠠᠬᠤ ᠳᠣᠬᠢᠶᠠᠯ ᠢ ᠣᠯᠭᠤᠬᠤ | ᠬᠡᠷᠡᠭᠲᠡᠢ᠃ | 5. ᠬᠤᠴᠤᠷᠤᠩᠭᠤᠢ ᠰᠤᠷᠤᠭᠴᠢ ᠶᠢᠨ ᠪᠡᠶ᠎ᠡ ᠪᠠᠨ ᠳᠠᠭᠠᠭᠠᠬᠤ ᠤᠬᠠᠮᠰᠠᠷᠲᠤ ᠴᠢᠨᠠᠷ ᠢ ᠴᠢᠩᠭᠠᠳᠬᠠᠬᠤ | ᠠᠵᠢᠯ ᠢ ᠬᠦᠯᠢᠴᠡᠩᠭᠦᠢ ᠨᠢᠮᠪᠠᠢ ᠬᠢᠵᠦ᠂ ᠡᠳᠦᠷ ᠲᠣᠳᠤᠮ ᠤᠨ ᠪᠠᠭ᠎ᠠ ᠠᠵᠢᠯ ᠠᠴᠠ ᠭᠠᠷᠳᠠᠨ ᠲᠡᠳᠡᠨ ᠢ ᠢᠳᠡᠭ | ᠢᠳᠡᠭ ᠢᠶᠠᠷ ᠪᠡᠶ᠎ᠡ ᠪᠠᠨ ᠳᠠᠭᠠᠭᠠᠵᠤ ᠠᠰᠠᠭᠤᠳᠠᠯ ᠢ ᠥᠪᠡᠷ ᠢᠶᠠᠨ ᠰᠢᠢᠳᠪᠦᠷᠢᠯᠡᠬᠦ ᠪᠣᠯᠭᠠᠵᠤ᠂ ᠲᠡᠳᠡᠨ ᠤ ᠳᠠᠪᠰᠢᠯᠲᠠ | ᠬᠦᠭᠵᠢᠯᠲᠡ ᠶᠢ ᠦᠨᠳᠦᠰᠦᠯᠡᠨ ᠱᠠᠭᠠᠷᠳᠠᠯᠭ᠎ᠠ ᠪᠠᠨ ᠠᠯᠬᠤᠮ ᠠᠯᠬᠤᠮ ᠢᠶᠠᠷ ᠴᠢᠩᠭᠠᠳᠬᠠᠵᠤ᠂ ᠴᠢᠷᠮᠠᠶᠢᠯᠲᠠ ᠳᠤ ᠨᠢ | ᠬᠠᠯᠠᠭᠤᠨ ᠬᠦᠢᠲᠡᠨ ᠲᠠᠢ ᠪᠣᠯᠬᠤ ᠶᠢ ᠬᠢᠴᠢᠶᠡᠨ ᠰᠡᠷᠡᠮᠵᠢᠯᠡᠬᠦ ᠬᠡᠷᠡᠭᠲᠡᠢ᠃ ᠮᠦᠨ ᠵᠦᠪ ᠪᠣᠷᠤᠭᠤ ᠶᠢ ᠢᠯᠭᠠᠨ | ᠲᠠᠨᠢᠬᠤ ᠬᠦᠮᠦᠵᠢᠯ ᠢ ᠴᠢᠩᠭᠠᠳᠬᠠᠨ᠎ᠠ᠃ ᠳᠤᠮᠳᠠᠲᠤ ᠪᠠᠭ᠎ᠠ ᠰᠤᠷᠭᠠᠭᠤᠯᠢ ᠶᠢᠨ ᠰᠤᠷᠤᠭᠴᠢᠳ ᠵᠦᠪ ᠪᠣᠷᠤᠭᠤ ᠶᠢ | ᠢᠯᠭᠠᠨ ᠲᠠᠨᠢᠬᠤ ᠲᠠᠯ᠎ᠠ ᠪᠠᠷ ᠪᠠᠷᠤᠭᠲᠠᠢ ᠲᠤᠯᠠ ᠨᠡᠶᠢᠭᠡᠮ ᠳᠡᠭᠡᠷᠡᠬᠢ ᠵᠦᠢ ᠪᠣᠰᠤ ᠦᠵᠡᠭᠳᠡᠯ ᠪᠠ ᠠᠵᠢᠯᠯᠠᠭ᠎ᠠ ᠳᠤ | ᠬᠢᠯᠪᠠᠷᠬᠠᠨ ᠨᠦᠯᠦᠭᠡᠯᠡᠭᠳᠡᠨ ᠮᠠᠭᠤ ᠵᠦᠭ ᠲᠤ ᠬᠦᠭᠵᠢᠬᠦ ᠠᠴᠠ ᠰᠡᠷᠭᠡᠶᠢᠯᠡᠬᠦ ᠬᠡᠷᠡᠭᠲᠡᠢ᠃ ᠨᠡᠩ ᠴᠤ ᠬᠤᠴᠤᠷᠤᠩᠭᠤᠢ | ᠰᠤᠷᠤᠭᠴᠢᠳ ᠨᠢ ᠡᠨᠡ ᠲᠠᠯ᠎ᠠ ᠪᠠᠷ ᠬᠦᠯᠢᠶᠡᠨ ᠠᠪᠬᠤ ᠴᠢᠳᠠᠪᠤᠷᠢ ᠨᠢ ᠬᠤᠷᠴᠠ ᠰᠡᠷᠬᠡᠭ ᠪᠠᠶᠢᠵᠤ᠂ ᠮᠠᠭᠤ ᠶᠢ ᠮᠡᠳᠡᠵᠦ | ᠬᠢᠬᠦ ᠶᠢ ᠰᠠᠶᠢᠨ ᠢ ᠰᠡᠲᠦᠵᠦ ᠬᠢᠬᠦ ᠠᠴᠠ ᠬᠤᠯᠠ ᠰᠤᠷᠭᠤᠭ ᠪᠠᠶᠢᠳᠠᠭ᠃ ᠡᠶᠢᠮᠦ ᠠᠴᠠ ᠠᠩᠭᠢ ᠶᠢᠨ ᠡᠷᠬᠢᠯᠡᠭᠴᠢ | ᠪᠠᠭᠰᠢ ᠪᠣᠯᠤᠭᠰᠠᠳ ᠭᠡᠷ ᠤᠨ ᠠᠬᠠᠮᠠᠳ ᠲᠠᠢ ᠨᠢᠭᠲᠠ ᠬᠠᠮᠵᠢᠯᠴᠠᠨ ᠣᠷᠤᠰᠢᠵᠤ ᠪᠠᠶᠢᠭ᠎ᠠ ᠠᠰᠠᠭᠤᠳᠠᠯ ᠢ ᠦᠨᠡᠨ | ᠮᠦᠨ ᠢᠶᠠᠷ ᠨᠢ ᠳᠤᠰᠬᠠᠵᠤ᠂ ᠪᠠᠭᠰᠢ ᠪᠠ ᠭᠡᠷ ᠤᠨ ᠠᠬᠠᠮᠠᠳ ᠠᠴᠠ ᠬᠡᠦᠬᠡᠳ ᠢ ᠵᠦᠪ ᠲᠠᠯ᠎ᠠ ᠠᠴᠠ ᠨᠢ ᠬᠦᠯᠢᠴᠡᠩᠭᠦᠢ | ᠨᠢᠮᠪᠠᠢ ᠪᠠᠷ ᠰᠤᠷᠭᠠᠨ ᠬᠦᠮᠦᠵᠢᠭᠦᠯᠬᠦ ᠠᠷᠭ᠎ᠠ ᠲᠣᠷᠰᠢᠯᠭ᠎ᠠ ᠶᠢ ᠬᠡᠷᠡᠭᠵᠢᠭᠦᠯᠦᠨ᠂ ᠨᠡᠶᠢᠭᠡᠮ ᠤᠨ ᠡᠷᠡᠭᠦᠯ ᠪᠣᠰᠤ ᠦᠵᠡᠯ | ᠰᠠᠨᠠᠭᠠᠨ ᠤ ᠨᠦᠯᠦᠭᠡᠯᠡᠯ ᠳᠤ ᠬᠠᠮᠤᠷᠤᠭᠳᠠᠬᠤ ᠠᠴᠠ ᠰᠡᠷᠭᠡᠶᠢᠯᠡᠬᠦ ᠬᠡᠷᠡᠭᠲᠡᠢ᠃ | ᠬᠤᠷᠢᠶᠠᠩᠭᠤᠶᠢᠯᠠᠪᠠᠯ᠂ ᠬᠤᠴᠤᠷᠤᠩᠭᠤᠢ ᠰᠤᠷᠤᠭᠴᠢ ᠶᠢ ᠬᠤᠪᠢᠷᠠᠭᠤᠯᠤᠨ ᠳᠡᠭᠡᠭᠰᠢᠯᠡᠭᠦᠯᠬᠦ ᠪᠣᠯ ᠠᠩᠭᠢ ᠶᠢᠨ | ᠡᠷᠬᠢᠯᠡᠭᠴᠢ ᠪᠠᠭᠰᠢ ᠶᠢᠨ ᠵᠠᠶᠢᠯᠠᠭᠤᠯᠵᠤ ᠪᠣᠯᠤᠰᠢ ᠦᠭᠡᠢ ᠴᠢᠬᠤᠯᠠ ᠬᠠᠷᠢᠭᠤᠴᠠᠯᠭ᠎ᠠ ᠮᠦᠨ᠃ ᠠᠩᠭᠢ ᠶᠢᠨ ᠠᠵᠢᠯ ᠤᠨ | ᠠᠮᠵᠢᠯᠲᠠ ᠣᠯᠬᠤ ᠶᠢᠨ ᠵᠠᠩᠭᠢᠯᠠᠭ᠎ᠠ ᠶᠢᠨ ᠠᠰᠠᠭᠤᠳᠠᠯ ᠪᠣᠯᠬᠤ ᠶᠤᠮ᠃ ᠠᠩᠭᠢ ᠶᠢᠨ ᠡᠷᠬᠢᠯᠡᠭᠴᠢ ᠡᠷᠬᠡᠪᠰᠢ | ᠬᠤᠴᠤᠷᠤᠩᠭᠤᠢ ᠰᠤᠷᠤᠭᠴᠢ ᠶᠢ ᠰᠣᠳᠤᠯᠤᠨ ᠰᠢᠨᠵᠢᠯᠡᠬᠦ ᠶᠢᠨ ᠳᠠᠭᠠᠤ ᠪᠣᠳᠠᠲᠤ ᠪᠠᠶᠢᠳᠠᠯ ᠢ ᠨᠢ ᠦᠨᠳᠦᠰᠦᠯᠡᠨ | ᠰᠤᠷᠭᠠᠨ ᠬᠦᠮᠦᠵᠢᠭᠦᠯᠬᠦ ᠠᠷᠭ᠎ᠠ ᠠᠪᠴᠠᠯ ᠢᠶᠠᠨ ᠲᠣᠭᠳᠠᠭᠠᠬᠤ ᠬᠡᠷᠡᠭᠲᠡᠢ᠃ ︽ᠠᠯᠢᠪᠠ ᠪᠦᠬᠦᠨ ᠰᠤᠷᠤᠭᠴᠢ ᠶᠢᠨ | ᠲᠦᠯᠦᠭᠡ᠂ ᠠᠯᠢᠪᠠ ᠰᠤᠷᠤᠭᠴᠢ ᠶᠢᠨ ᠲᠦᠯᠦᠭᠡ᠂ ᠰᠤᠷᠤᠭᠴᠢ ᠶᠢᠨ ᠠᠯᠢᠪᠠ ᠪᠦᠬᠦᠨ ᠤ ᠲᠦᠯᠦᠭᠡ︾ ᠵᠢᠳᠭᠦᠬᠦ ᠨᠢ | ᠪᠠᠭᠰᠢ ᠪᠣᠯᠤᠭᠰᠠᠳ ᠤᠨ ᠳᠠᠷᠬᠠᠨ ᠡᠭᠦᠷᠭᠡ ᠬᠠᠷᠢᠭᠤᠴᠠᠯᠭ᠎ᠠ ᠪᠣᠯᠬᠤ ᠶᠤᠮ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠲᠦᠩᠯᠢᠶᠣᠣ ᠬᠤᠲᠠ ᠶᠢᠨ ᠾᠧᠩ ᠬᠦᠢ ᠬᠤᠸᠠ | ᠴᠧᠩ ᠣᠷᠤᠨ ᠰᠠᠭᠤᠴᠠ ᠶᠢᠨ ᠬᠤᠷᠢᠶ᠎ᠠ | ︵ᠠᠯᠳᠠᠨᠰᠦ᠋ᠭᠡ ᠨᠠᠶᠢᠷᠠᠭᠤᠯᠪᠠ︶ | 2023.1 ᠳ᠋ᠦ᠋ᠭᠡᠷ ᠬᠤᠭᠤᠴᠠᠭ᠎ᠠ | | | |