ᠰᠤᠶᠤᠯᠳᠠᠯᠠᠢ | | | | | ᠠᠴᠢ ᠶᠢ ᠬᠠᠷᠢᠭᠤᠯᠠᠵᠤ ᠡᠯᠪᠡᠷᠢᠯ ᠢ ᠬᠦᠢᠴᠡᠳᠬᠡᠬᠦ ᠪᠣᠯ ᠬᠦᠮᠦᠨ ᠪᠦᠬᠦᠨ ᠳᠤ ᠪᠠᠶᠢᠪᠠᠰᠤ ᠵᠤᠬᠢᠬᠤ | ᠬᠠᠮᠤᠭ ᠤᠨ ᠦᠨᠳᠦᠰᠦᠨ ᠶᠤᠰᠤ ᠰᠤᠷᠳᠠᠬᠤᠨ ᠤ ᠪᠠᠷᠢᠮᠵᠢᠶ᠎ᠡ ᠪᠤᠯᠬᠤ ᠮᠦᠷᠳᠡᠬᠡᠨ ᠬᠦᠮᠦᠨ ᠪᠤᠯᠬᠤ ᠶᠢᠨ ᠬᠠᠮᠤᠭ ᠤᠨ | ᠨᠠᠭᠠᠳᠤ ᠵᠠᠬ᠎ᠠ ᠶᠢᠨ ᠦᠨᠳᠦᠰᠦᠨ ᠬᠡᠪ ᠪᠤᠯᠪᠠᠰᠤᠷᠠᠯ ᠮᠥᠨ᠃ ᠲᠠᠪᠤᠨ ᠮᠢᠩᠭᠠᠨ ᠵᠢᠯ ᠤᠨ ᠪᠤᠯᠪᠠᠰᠤᠨ ᠲᠡᠦᠬᠡ ᠲᠠᠢ | ᠳᠤᠮᠳᠠᠳᠤ ᠶᠢᠨ ᠦᠨᠳᠦᠰᠦᠳᠡᠨ ᠳᠤ ᠡᠷᠳᠡᠨ ᠠᠴᠠ ᠠᠪᠤᠭᠠᠳ ᠬᠦᠮᠦᠨ ᠤ ᠠᠴᠢ ᠶᠢ ᠬᠦᠷᠳᠡᠪᠡᠯ ᠵᠠᠪᠠᠯ ᠲᠤᠰᠠ ᠪᠠᠷ | ᠬᠠᠷᠢᠭᠤᠯᠠᠬᠤ ᠪᠤᠳᠠᠳᠤ ᠦᠯᠢᠬᠡᠷ ᠪᠤᠷᠬᠠᠨ ᠰᠡᠴᠡᠯᠡᠯ ᠮᠤᠩ ᠦᠬᠡᠢ ᠪᠢᠯᠡ᠃ | ︽ᠤᠤᠭᠤᠭᠰᠠᠨ ᠤᠰᠤ ᠷᠠᠰᠢᠶᠠᠨ᠂ ᠤᠨᠠᠭᠰᠠᠨ ᠰᠢᠷᠤᠢ ᠠᠯᠳᠠ︾᠂ ︽ᠬᠦᠮᠦᠨ ᠬᠦᠮᠦᠨ ᠤ ᠬᠦᠴᠦᠨ ᠳᠤ᠂ | ᠵᠢᠭᠠᠰᠤ ᠤᠰᠤᠨ ᠤ ᠬᠦᠴᠦᠨ ᠳᠤ︾᠂ ︽ᠤᠰᠤ ᠶᠢ ᠨᠢ ᠤᠤᠭᠤᠪᠠᠯ ᠡᠬᠢ ᠶᠢ ᠨᠢ ᠪᠤᠳᠤ︾ ᠬᠡᠮᠡᠨ ᠮᠠᠨ ᠤ ᠲᠡᠬᠡᠳᠦᠰ᠂ | ᠦᠷ᠎ᠡ ᠬᠤᠶᠢᠴᠢ ᠳᠤ ᠪᠠᠨ ︽ᠠᠴᠢ ᠬᠡᠳᠡᠭ ᠢᠪᠡᠬᠡᠯ ᠳᠤ ᠲᠤᠰᠠ ᠬᠠᠷᠠᠮᠨᠠᠵᠤ ᠪᠠᠴᠢᠭᠤᠷᠠᠭᠠ ᠦᠬᠡᠢ︾ ᠭᠡᠵᠦ ᠤᠶᠠᠨ | ᠴᠢᠨᠠᠷ ᠤᠨ ᠰᠡᠴᠡᠨ ᠰᠤᠷᠭᠠᠯ ᠢᠶᠠᠨ ᠲᠤᠩᠬᠠᠭᠯᠠᠭᠰᠠᠭᠠᠷ ᠬᠦᠮᠦᠨ ᠮᠦᠰᠤ ᠶᠢᠨ ᠬᠠᠳᠠᠨ ᠴᠡᠬᠡᠯ ᠢᠶᠠᠨ ᠵᠤᠵᠠᠭᠠᠷᠠᠭᠤᠯᠵᠤ᠂ | ᠬᠦᠯᠦᠭ ᠰᠦᠯᠳᠠ ᠶᠢᠨ ᠰᠤᠳᠤᠨ ᠪᠢᠯᠢᠭ ᠢᠶᠠᠨ ᠰᠦᠢᠵᠤ ᠶᠠᠪᠤᠨ᠎ᠠ᠃ | ᠬᠦᠮᠦᠨ ᠤ ᠤᠷᠤᠩᠨᠠᠯ ᠳᠤ ᠡᠴᠢᠬᠡ ᠲᠡᠭᠷᠢ᠂ ᠡᠬᠡ ᠲᠡᠯᠡᠬᠡᠢ ᠶᠢᠨ ᠰᠢᠷᠬᠡᠭ ᠡᠪᠡᠰᠤ᠂ ᠮᠦᠬᠦᠯᠢᠭ ᠰᠢᠷᠤᠢ | ᠬᠦᠷᠳᠡᠯ᠎ᠠ ᠬᠠᠶᠢᠷ᠎ᠠ ᠶᠢᠨ ᠲᠤᠯᠤᠭ ᠢᠮᠠᠭᠠᠷᠢ ᠪᠤᠯᠳᠠᠭ ᠪᠠᠶᠢᠬᠤ ᠳᠤ᠂ ᠲᠡᠬᠡᠬᠡᠵᠤ ᠲᠦᠷᠦᠬᠦᠯᠦᠭᠰᠡᠨ ᠲᠡᠭᠷᠢ ᠡᠵᠢ᠂ | ᠲᠡᠳᠬᠦᠵᠤ ᠦᠰᠬᠡᠭᠰᠡᠨ ᠲᠦᠰᠢ ᠠᠪᠤ ᠶᠢ ᠦᠬᠦᠯᠡᠬᠦ ᠨᠡᠩ ᠶᠠᠭᠤᠨ ᠪᠢᠯᠡ︕ ᠦᠨᠡᠬᠡᠷ ᠴᠦ ᠲᠡᠶᠢᠮᠦ᠃ ᠡᠴᠢᠬᠡ ᠬᠦᠤ | ᠡᠬᠡ ᠦᠷ᠎ᠡ ᠶᠢᠨ ᠰᠢᠳᠦᠯᠴᠡᠯ ᠬᠡᠵᠤ ᠶᠤᠰᠤᠳᠠᠢ ︽ᠡᠩᠬᠡᠷ ᠭᠠᠵᠠᠷ ᠤᠨ ᠨᠤᠭᠤᠭ᠎ᠠ︾ ᠬᠡᠮᠡᠷ ᠤᠶᠠᠩᠭ᠎ᠠ | ᠲᠠᠢ᠃ ᠲᠡᠬᠡᠬᠦ ᠪᠠᠷ ᠢᠶᠠᠨ ᠦᠷ᠎ᠡ ᠬᠡᠦᠬᠡᠳ ᠲᠤ ᠪᠠᠨ ᠡᠴᠢᠬᠡ ᠡᠬᠡ ᠨᠢ ᠬᠠᠶᠢᠷ᠎ᠠ ᠶᠢᠨ ᠲᠦᠰᠢᠭ ᠪᠠᠶᠢᠵᠤ ︽ᠠᠪᠤ ᠶᠢᠨ | ᠪᠤᠢ ᠳᠤ ᠬᠦᠮᠦᠨ ᠲᠠᠨᠢ᠂ ᠠᠭᠳᠠ ᠶᠢᠨ ᠪᠤᠢ ᠳᠤ ᠭᠠᠵᠠᠷ ᠲᠠᠨᠢ︾ ᠬᠡᠰᠡᠨ ᠰᠤᠷᠭᠠᠯ ᠭᠠᠷᠴᠤ᠂ ᠡᠴᠢᠬᠡ ᠡᠬᠡ ᠳᠤ ᠪᠠᠨ | ᠦᠷ᠎ᠡ ᠬᠡᠦᠬᠡᠳ ᠨᠢ ᠭᠤᠯᠤᠮᠳᠠ ᠶᠢᠨ ᠬᠢᠨ ᠴᠤᠭ ᠪᠠᠶᠢᠳᠠᠭ ᠢᠶᠠᠷ ︽ᠦᠳᠡᠯᠡᠬᠦ ᠶᠢᠨ ᠦᠵᠦᠬᠦᠷ ᠦᠷ᠎ᠡ ᠲᠠᠢ | ᠰᠠᠶᠢᠬᠠᠨ︾ ᠬᠡᠰᠡᠨ ᠬᠦᠮᠦᠨ ᠤ ᠶᠤᠰᠤᠨ ᠤ ᠵᠦᠢ ᠲᠠᠢ ᠪᠢᠯᠡ᠃ | ᠬᠡᠪᠡᠴᠤ ᠨᠡᠶᠢᠬᠡᠮ ᠴᠠᠭ ᠡᠷᠢᠨ ᠤ ᠬᠦᠭᠵᠢᠯᠳᠠ ᠬᠤᠪᠢᠰᠦᠯᠳᠠ ᠶᠢ ᠲᠠᠭᠠᠵᠤ ᠬᠦᠮᠦᠰ ᠤᠨ ᠦᠵᠡᠯᠳᠡ ᠲᠠᠨᠢᠯᠳᠠ | ᠦᠬᠡᠷᠡᠴᠢᠯᠡᠭᠳᠡᠨ ᠬᠤᠪᠢᠷᠠᠬᠤ ᠪᠠᠷ ︽ᠲᠠᠵᠢᠬᠡᠭᠰᠡᠨ ᠪᠢᠷᠠᠭᠤ ᠲᠡᠷᠬᠡ ᠡᠪᠳᠡᠬᠦ︾ ᠵᠦᠴᠦᠬᠡ ᠤᠯᠠᠰᠢᠷᠠᠵᠤ ︽ᠰᠠᠶᠢᠨ | ᠦᠷ᠎ᠡ ᠳᠤ ᠪᠤᠤ ᠨᠦᠬᠡᠬᠡ᠂ ᠮᠠᠭᠤ ᠦᠷ᠎ᠡ ᠳᠤ ᠪᠤᠤ ᠵᠦᠬᠡᠬᠡ︾ ᠬᠡᠬᠦ ᠰᠤᠷᠭᠠᠯ ᠢ ᠤᠯᠠᠨ ᠤᠯᠠᠨ ᠡᠴᠢᠬᠡ ᠡᠬᠡ ᠠᠬᠢᠨ | ᠲᠠᠬᠢᠨ ᠡᠷᠬᠢᠴᠡᠬᠦᠯᠦᠨ ᠲᠤᠩᠭᠠᠬᠤ ᠦᠬᠡᠢ ᠪᠤᠯᠬᠤ ᠦᠬᠡᠢ ᠪᠤᠯᠵᠠᠢ᠃ | ᠠᠢ︕ ᠬᠦᠬᠡᠷᠦᠬᠦᠢ᠃ ᠡᠴᠢᠬᠡ ᠦᠷ᠎ᠡ ᠶᠢᠨ ᠬᠡᠯᠬᠢᠶ᠎ᠡ ᠬᠡᠭᠴᠢ ᠡᠯᠢᠬᠡ ᠵᠢᠷᠦᠬᠡ ᠦᠬᠡᠷ᠎ᠡ ᠤᠤ︖ ᠶᠠᠷᠤ ᠨᠢ | ︽ᠡᠬᠡ ᠶᠢᠨ ᠰᠠᠨᠠᠭ᠎ᠠ ᠦᠷ᠎ᠡ ᠳᠤ︾ ᠪᠠᠶᠢᠬᠤ ᠳᠤ ᠶᠠᠭᠠᠬᠢᠬᠤ ᠳᠤ ᠪᠠᠨ ᠤᠳᠤᠬᠠᠨ ︽ᠦᠷ᠎ᠡ ᠶᠢᠨ ᠰᠠᠨᠠᠭ᠎ᠠ ᠠᠭᠤᠯᠠᠨ | ᠳᠤ︾ ᠲᠡᠷᠪᠡᠬᠦ ᠪᠤᠯᠤᠭᠰᠠᠨ ᠬᠡᠮ᠃ ︽ᠠᠯᠠᠪᠠᠯ ᠠᠬᠠᠳᠠᠨ᠎ᠠ᠂ ᠠᠯᠠᠭᠠᠳᠠᠪᠠᠯ ᠪᠠᠭᠠᠳᠠᠨ᠎ᠠ︾ ᠴᠤᠬᠤᠮ ᠶᠠᠭᠠᠬᠢᠳᠠᠭ ᠴᠦ ᠪᠢᠯᠡ | ᠬᠡᠦᠬᠡᠳ ᠢ᠃ ︽ᠬᠠᠮᠠᠷ ᠢᠶᠠᠨ ᠨᠢᠰᠤ ᠲᠠᠢ ᠬᠡᠳ ᠬᠠᠮᠢᠭ᠎ᠠ ᠬᠠᠶᠠᠬᠤ ᠪᠤᠢ︾ ᠭᠡᠳᠡᠭ ᠢᠶᠠᠷ ᠴᠤᠬᠤᠮ ᠬᠡᠷᠬᠢᠬᠦ ᠪᠢᠯᠡ | ᠡᠴᠢᠬᠡ ᠡᠬᠡ ᠪᠠᠨ᠃ | ᠬᠠᠶᠢᠷ᠎ᠠ ᠶᠢᠨ ᠪᠤᠷᠬᠠᠨ ᠡᠴᠢᠬᠡ ᠡᠬᠡ ᠳᠤ ᠪᠠᠨ ᠡᠯᠪᠡᠷᠢᠵᠤ ᠶᠠᠪᠤᠭᠠᠷᠠᠢ︕ | ᠬᠠᠶᠢᠷ᠎ᠠ ᠶᠢ ᠨᠢ ᠲᠠᠷᠬᠠᠯᠠᠵᠤ᠂ ᠬᠠᠶᠢᠷ᠎ᠠ ᠶᠢ ᠨᠢ ᠢᠨᠢᠶᠡᠯᠬᠡᠵᠤ ᠬᠠᠶᠢᠷᠠᠯᠠᠵᠤ ᠶᠠᠪᠤᠭᠠᠷᠠᠢ︕ | ᠡ᠊ᠨᠳᠠ ︽ᠬᠦᠤ ᠳᠤ ᠪᠠᠨ ᠢᠯᠡᠬᠡᠭᠰᠡᠨ ᠵᠠᠬᠢᠳᠠᠯ︾ ᠬᠡᠳᠡᠭ ᠵᠤᠬᠢᠶᠠᠯ ᠢ ᠤᠩᠰᠢᠬᠴᠢ ᠲᠠ ᠨᠠᠷ ᠲᠤ ᠪᠠᠨ | ᠲᠤᠯᠢᠯᠠᠭᠤᠯᠬᠤ ᠶᠢᠨ ᠬᠠᠮᠳᠤ ᠡᠯᠪᠡᠷᠢᠯ ᠢ ᠲᠡᠬᠡᠳᠦᠯᠡᠵᠤ ᠶᠠᠪᠤᠬᠤ ᠳᠤ ᠴᠢᠨᠢ ᠴᠠᠷᠢᠠᠭᠤᠨ ᠢᠳᠡᠬᠡᠯ ᠲᠠᠢ ᠴᠠᠳᠬᠤᠯᠠᠩ | ᠬᠦᠰᠡᠯ ᠬᠠᠶᠢᠷᠠᠯᠠᠶ᠎ᠠ᠃ | ᠬᠦᠤ ᠳᠤ ᠪᠠᠨ ᠢᠯᠡᠬᠡᠭᠰᠡᠨ ᠵᠠᠬᠢᠳᠠᠯ | ᠬᠠᠶᠢᠷᠠᠳᠤ ᠬᠦᠤ ᠮᠢᠨᠢ᠄ | ᠴᠢ ᠬᠡᠳᠦ᠋ᠢᠪᠡᠷ ᠪᠢᠳᠠ ᠬᠤᠶᠠᠷ ᠤᠨ ᠰᠡᠳᠬᠢᠯ ᠢ ᠬᠦᠷᠦᠬᠡᠭᠰᠡᠨ ᠪᠤᠯᠪᠠᠴᠤ ᠶᠠᠰᠤ ᠮᠢᠬᠠᠨ ᠤ ᠲᠠᠰᠤᠷᠬᠠᠢ ᠶᠤᠮ | ᠴᠢᠨᠢ ᠴᠢᠮ᠎ᠠ ᠳᠤ ᠶᠠᠭᠤ ᠬᠡᠯᠡᠯᠳᠡᠢ ᠪᠢᠯᠡ᠃ ᠠᠩᠬ᠎ᠠ ᠴᠢ ᠡᠬᠦᠷ ᠢᠶᠠᠨ ᠤᠷᠬᠢᠨ ᠨᠢᠰᠬᠦ ᠲᠡᠭᠳᠡᠬᠡᠬᠡᠢ ᠰᠢᠭ ᠠᠷᠤ | ᠬᠡᠷ ᠠᠴᠠ ᠪᠠᠨ ᠠᠶᠠᠷᠯᠠᠨ ᠠᠶᠢᠮᠠᠭ ᠤᠨ ᠲᠦᠪ ᠲᠠᠬᠢ ᠲᠤᠮᠳᠠᠳᠤ ᠰᠤᠷᠭᠠᠭᠤᠯᠢ ᠳᠤ ᠤᠴᠢᠵᠤ ᠰᠤᠷᠤᠯᠴᠠᠬᠤ ᠪᠠᠷ | ᠲᠤᠬᠢᠷᠠᠭᠰᠠᠨ ᠳᠤ ᠠᠪᠤ ᠡᠵᠢ ᠴᠢᠨᠢ ᠪᠢᠳᠡ ᠬᠤᠶᠠᠷ ᠦᠨᠡᠨ ᠰᠡᠳᠬᠢᠯ ᠠᠴᠠ ᠪᠠᠨ ᠪᠠᠶᠠᠷᠯᠠᠨ ᠬᠦᠭᠰᠡᠵᠤ | ᠪᠢᠯᠡ᠃ ᠴᠢᠮ᠎ᠠ ᠶᠢ ᠰᠤᠷᠭᠠᠭᠤᠯᠢ ᠳᠤ ᠴᠢᠨᠢ ᠬᠦᠷᠬᠡᠵᠤ ᠦᠭᠬᠦᠬᠡᠳ ᠠᠩᠬᠢ ᠶᠢᠨ ᠡᠷᠬᠢᠯᠡᠭᠴᠢ ᠳᠤ ᠴᠢᠨᠢ᠄ ︽ᠮᠢᠨᠤ ᠬᠦᠤ | ᠪᠠᠭ᠎ᠠ ᠪᠠᠶᠢᠭᠰᠠᠭᠠᠷ︾ ᠬᠡᠵᠤ ᠬᠡᠳᠦᠨᠳᠡ ᠲᠠᠪᠳᠠᠬᠤ ᠳᠤ ︽ᠡᠴᠢᠬᠡ ᠬᠦᠮᠦᠨ ᠤ ᠰᠡᠳᠬᠢᠯ ᠬᠡᠵᠤ ᠳ᠋ᠠ︾ ᠬᠡᠭᠰᠡᠬᠡᠷ ᠪᠠᠭᠰᠢ | ᠴᠢᠨᠢ ᠨᠠᠮ᠎ᠠ ᠶᠢ ᠲᠤᠭᠤᠬᠢᠯᠠᠬᠤ ᠲᠠᠢ᠂ ᠲᠠᠶᠢᠳᠬᠤᠷᠠᠭᠤᠯᠬᠤ ᠲᠠᠢ ᠬᠡᠯᠡᠵᠤ ᠪᠠᠶᠢᠭᠰᠠᠨ ᠪᠢᠰᠢ ᠤᠤ︖ ᠪᠤᠴᠠᠬᠤ | ᠦᠶ᠎ᠡ ᠳᠤ ᠴᠢᠨᠤ ᠨᠢᠳᠤᠨ ᠳᠤ ᠨᠢᠯᠪᠤᠰᠤ ᠪᠦᠷᠬᠦᠬᠦᠯᠡᠷ ᠨᠠᠳᠠ ᠳᠤ ᠪᠤᠯᠳᠠᠭ ᠰᠠᠨ ᠪᠣᠯ ᠴᠢᠮ᠎ᠠ ᠶᠢ ᠪᠤᠴᠠᠭᠠᠭᠠᠳ | ᠠᠪᠠᠴᠢᠴᠢᠬᠠᠮᠠᠷ ᠰᠠᠨᠠᠭᠳᠠᠭᠰᠠᠨ᠃ ᠬᠡᠳᠡᠯ᠎ᠠ ᠲᠠᠷᠠᠭ᠎ᠠ ᠬᠠᠪᠤᠷ ᠨᠢ ᠲᠠᠯᠢᠮ ᠲᠠᠭᠠᠷᠠᠭᠤᠯᠵᠤ ᠴᠢᠮ᠎ᠠ ᠶᠢ ᠦᠵᠡᠬᠦ ᠪᠠᠷ | ᠤᠴᠢᠬᠤ ᠳᠤ ᠴᠢ ︽ᠰᠠᠶᠢᠨ ᠤᠤ︖ ᠮᠡᠨᠳᠤ ᠤᠤ︖︾ ᠴᠤ ᠦᠬᠡᠢ ᠬᠠᠯᠵᠠ ᠤᠴᠠᠷᠠᠵᠤ ᠠᠪᠳᠠᠭ ᠢᠶᠠᠨ ᠠᠪᠤᠮᠠᠭᠴᠠ | ᠬᠢᠴᠢᠶᠡᠯ ᠶᠠᠭᠠᠷᠠᠤ ᠶᠢᠨ ᠰᠢᠯᠳᠠᠭ ᠢᠶᠠᠷ ᠴᠤᠭ ᠨᠢᠬᠡ ᠤᠳᠠᠭ᠎ᠠ ᠬᠤᠭᠤᠯᠠ ᠴᠦ ᠢᠳᠡᠭᠰᠡᠨ ᠦᠬᠡᠢ ᠪᠠᠷ ᠨᠠᠮ᠎ᠠ ᠶᠢ | ᠰᠤᠷᠭᠠᠭᠤᠯᠢ ᠶᠢᠨ ᠡᠬᠦᠳᠡᠨ ᠠᠴᠠ ᠪᠠᠨ ᠪᠤᠴᠠᠭᠠᠯ᠎ᠠ᠃ ᠶᠠᠭᠠᠬᠢᠶ᠎ᠠ ᠬᠡᠬᠦ ᠪᠢᠯᠡ︕ ᠠᠪᠤ ᠡᠵᠢ ᠴᠢᠨᠢ ᠮᠠᠯᠴᠢᠨ ᠬᠦᠮᠦᠨ᠂ | ᠴᠢᠨᠤ ᠬᠢᠷᠢ ᠮᠡᠳᠡᠯᠬᠡ ᠦᠬᠡᠢ᠃ ᠬᠡᠪᠡᠴᠤ ᠪᠢᠳᠡ ᠰᠤᠷᠬᠤ ᠲᠤᠷ᠎ᠠ ᠦᠬᠡᠢ ᠳᠤ ᠪᠠᠨ ᠡᠶᠢᠮᠦ ᠪᠤᠯᠤᠭᠰᠠᠨ ᠪᠢᠰᠢ ᠰᠢᠤ᠂ | ᠬᠠᠷᠢᠨ ᠴᠦᠪ ᠤᠨ ᠴᠠᠭ ᠲᠤᠬᠢᠶᠠᠯᠳᠤᠵᠤ ᠪᠡᠶ᠎ᠡ ᠶᠢᠨ ᠭᠠᠷᠤᠯ᠂ ᠤᠯᠤᠰ ᠲᠦᠷᠦ ᠶᠢᠨ ᠢᠯᠡᠷᠡᠯ ᠬᠡᠬᠦᠴᠢᠯᠡᠨ ᠡᠳᠡᠬᠡᠳ | ᠨᠦᠬᠦᠴᠡᠯ ᠳᠤ ᠬᠠᠷᠰᠢᠯᠠᠭᠳᠠᠭᠰᠠᠨ ᠢ ᠴᠢ ᠶᠠᠭᠤᠨ ᠮᠡᠳᠡᠬᠦ ᠪᠤᠢ︖ ᠮᠠᠨ ᠤ ᠬᠢᠨ ᠬᠡᠵᠤ ᠮᠠᠯ ᠢᠶᠠᠨ ᠲᠦᠰᠢᠵᠤ᠂ | ᠨᠠᠷᠠ ᠪᠠᠨ ᠬᠠᠷᠠᠵᠤ ᠠᠮᠢᠳᠤᠷᠠᠳᠠᠭ ᠤᠯᠤᠰ᠂ ᠢᠯᠡᠬᠦᠴᠢᠯᠡᠵᠤ ᠬᠤᠷᠢᠶᠠᠭᠰᠠᠨ ᠬᠦᠷᠦᠩᠬᠡ ᠵᠤᠵᠠᠭᠠᠨ ᠦᠬᠡᠢ ᠪᠤᠯᠪᠠᠴᠤ | ᠠᠮᠢᠳᠦᠷᠠᠯ ᠳᠤ ᠪᠠᠨ ᠬᠦᠷᠴᠢᠬᠡᠬᠦ ᠪᠠᠷ ᠬᠤᠭᠰᠢᠯ ᠲᠠᠢ ᠠᠶᠢᠯ ᠶᠤᠮ᠃ ᠨᠢᠬᠡ ᠡᠳᠦᠷ ᠴᠢᠨᠤ ᠢᠯᠡᠬᠡᠭᠰᠡᠨ ᠵᠠᠬᠢᠳᠠᠯ ᠢ | ᠰᠠᠨᠠᠮᠰᠠᠷ ᠦᠬᠡᠢ ᠭᠠᠷᠳᠠᠬᠤ ᠭᠱᠠᠨ ᠳᠤ ᠪᠢᠳᠡ ᠬᠤᠶᠠᠷ ᠰᠤᠷᠭᠠᠭᠤᠯᠢ ᠲᠠᠪᠰᠢᠭ᠍ᠰᠡᠨ ᠠᠴᠠ ᠴᠢᠨᠢ ᠦᠬᠡᠷ᠎ᠡ ᠦᠬᠡᠢ | ᠪᠠᠶᠠᠷᠯᠠᠪᠠ᠃ ᠬᠡᠳᠡᠯ᠎ᠠ ᠴᠢ ᠵᠠᠬᠢᠳᠠᠯ ᠳᠤ ᠪᠠᠨ ︽ᠨᠡᠶᠢᠬᠡᠮ ᠬᠦᠭᠵᠢᠵᠤ ᠪᠠᠶᠢᠨ᠎ᠠ᠂ ᠮᠠᠨ ᠤ ᠬᠢᠨ ᠬᠤᠴᠤᠷᠴᠤ | ᠪᠠᠶᠢᠨ᠎ᠠ︾ ᠬᠡᠬᠦᠴᠢᠯᠡᠨ ᠰᠡᠴᠡᠷᠬᠡᠭᠰᠡᠨ ᠦᠬᠡ ᠪᠠᠨ ᠲᠤᠪᠴᠢᠬᠠᠨ ᠪᠢᠴᠢᠬᠡᠳ ᠬᠡᠷ ᠲᠤ ᠤᠳᠠᠰᠤ ᠤᠷᠤᠭᠤᠯᠬᠤ ᠶᠢ | ᠬᠡᠴᠡᠬᠦᠦ ᠱᠠᠭᠠᠷᠳᠠᠵᠤ ᠪᠢᠯᠡ᠃ ᠪᠢᠳᠡ ᠬᠤᠶᠠᠷ ᠵᠤᠵᠠᠭᠠᠨ ᠢᠶᠠᠨ ᠨᠢᠮᠬᠡᠯᠡᠵᠤ ᠪᠠᠶᠢᠭᠠᠳ ᠴᠢᠨᠤ ᠰᠠᠨᠠᠭ᠎ᠠ ᠶᠢ | ᠬᠦᠢᠴᠡᠳᠬᠡᠭᠰᠡᠨ᠃ ᠡᠬᠦᠨ ᠠᠴᠠ ᠬᠤᠶᠢᠰᠢ ᠴᠢᠨᠤ ᠤᠳᠠᠰᠤ ᠶᠢ ᠲᠤᠰᠬᠤ ᠪᠤᠯᠭᠠᠨ ᠪᠠᠶᠠᠷᠯᠠᠳᠠᠭ ᠪᠤᠯᠪᠠᠴᠤ | ᠰᠡᠬᠦᠯ ᠳᠤ ᠪᠠᠨ ᠪᠦᠷ ᠰᠢᠷᠬᠢᠳᠡᠭ ᠪᠤᠯᠤᠯ᠎ᠠ᠃ ᠵᠤᠭᠤᠰᠤᠨ ᠤ ᠵᠠᠬᠢᠶᠠᠯᠯᠠᠭ᠎ᠠ ᠦᠬᠡᠢ ᠪᠣᠯ ᠬᠡᠷ ᠴᠢᠨᠢ ᠴᠢᠮ᠎ᠠ ᠳᠤ ᠬᠡᠷᠡᠭ | ᠦᠬᠡᠢ ᠪᠤᠯᠤᠭᠰᠠᠨ ᠮᠡᠳᠤ ᠰᠠᠨᠠᠭᠳᠠᠨ᠎ᠠ᠃ ᠤᠳᠠᠰᠤ ᠪᠠᠷ ᠴᠦ ᠪᠤᠯᠤᠭ ᠴᠢᠮ᠎ᠠ ᠲᠠᠢ ᠢᠯᠡᠬᠦᠦ ᠬᠡᠳᠦᠨ ᠦᠬᠡ | ᠰᠤᠯᠢᠯᠴᠠᠪᠠᠯ ᠪᠢᠳᠠᠨ ᠤ ᠰᠡᠳᠬᠢᠯ ᠲᠡᠨᠢᠢᠴᠢᠬᠡᠨᠡ ᠬᠡᠵᠤ ᠰᠠᠨᠠᠳᠠᠭ᠃ ᠰᠤᠷᠤᠯᠭ᠎ᠠ ᠡᠨᠡ ᠲᠡᠷᠡ ᠬᠡᠵᠤ ᠡᠬᠢᠯᠡᠭᠰᠡᠬᠡᠷ ᠴᠢ | ᠲᠤᠤᠷᠠᠬᠠᠨ ᠢᠶᠠᠨ ᠪᠢᠳᠡᠨ ᠤ ᠠᠮᠠ ᠶᠢ ᠬᠠᠭᠠᠴᠢᠬᠠᠨᠠ᠃ ᠠᠷᠭ᠎ᠠ ᠦᠬᠡᠢ ᠪᠢᠳᠡ ᠰᠤᠶᠤᠯ ᠦᠬᠡᠢ᠃ ᠶᠠᠭᠤ | ᠬᠡᠨ᠎ᠡ᠄ ︽ᠦᠢ ᠲᠦᠮᠡᠨ ᠴᠡᠷᠢᠭ ᠮᠤᠷᠢ ᠭᠠᠭᠴᠠ ᠶᠠᠪᠠᠭᠠᠨ ᠬᠦᠬᠦᠷᠬᠡ ᠪᠠᠷ ᠦᠩᠬᠡᠷᠡᠬᠦ ᠴᠠᠭ ᠪᠤᠴᠠᠯᠳᠠ ᠦᠬᠡᠢ | ᠪᠤᠯᠤᠭᠰᠠᠨ᠂ ᠬᠡᠪ ᠴᠢᠨᠠᠷ ᠢᠶᠠᠨ ᠲᠡᠬᠡᠭᠰᠢᠯᠡᠬᠦᠯᠵᠤ᠂ ᠬᠤᠵᠢᠮ ᠦᠪᠡᠷ ᠤᠨ ᠦᠷᠳᠡᠭ ᠢᠶᠠᠨ ᠨᠡᠶᠢᠬᠡᠮ ᠳᠤ ᠬᠡᠷᠡᠴᠢᠯᠡᠬᠦᠯᠬᠦ | ᠶᠤᠮ︾ ᠬᠡᠨ᠎ᠡ᠃ ᠰᠢᠨ᠎ᠡ ᠮᠡᠷᠬᠡᠵᠢᠯ ᠤᠨ ᠲᠤᠰᠬᠠᠢ ᠪᠤᠯᠪᠠᠰᠤᠷᠠᠯ ᠤᠨ ᠠᠩᠬᠢ ᠳᠤ ᠤᠷᠤᠨ᠎ᠠ ᠬᠡᠳ ᠭᠠᠭᠴᠠ ᠯᠠ | ᠵᠤᠭᠤᠰ ᠲᠤᠳᠠᠵᠤ ᠪᠠᠶᠢᠭ᠎ᠠ ᠬᠡᠵᠤ ᠱᠠᠯᠠᠬᠤ ᠳᠤ ᠬᠤᠭᠤᠯᠠᠢ ᠵᠠᠩᠬᠢᠷᠠᠵᠤ ᠪᠢᠯᠡ᠃ ᠰᠡᠬᠦᠯᠡᠷ ᠴᠢᠨᠤ ᠵᠠᠷᠤᠳᠠᠯ | ᠲᠠᠬᠢᠨ ᠢᠶᠠᠷ ᠶᠡᠬᠡᠰᠦᠬᠡᠳ ᠪᠠᠶᠢᠬᠤ ᠳᠤ ︽ᠶᠠᠭᠤ ᠴᠦ ᠪᠤᠯᠪᠠ︾ ᠬᠡᠵᠤ ᠡᠷᠡᠬᠡᠯᠵᠡᠯ ᠲᠦᠷᠦᠳᠡᠭ ᠪᠤᠯᠪᠠᠴᠤ ᠬᠦᠤ ᠪᠠᠨ | ᠬᠢᠯᠢᠰᠳᠡᠬᠦᠯᠬᠦ ᠨᠢ ᠬᠡᠵᠤ ᠪᠡᠶ᠎ᠡ ᠪᠠᠨ ᠪᠤᠷᠤᠭᠤᠳᠬᠠᠵᠤ ᠪᠤᠳᠤᠯ ᠢᠶᠠᠨ ᠬᠤᠷᠢᠶᠠᠳᠠᠭ ᠪᠤᠯᠤᠭᠰᠠᠨ᠃ ᠬᠡᠵᠢᠶ᠎ᠡ | ᠬᠤᠶᠢᠨ᠎ᠠ ᠨᠢ ᠠᠩᠬᠢ ᠶᠢᠨ ᠡᠷᠬᠢᠯᠡᠭᠴᠢ ᠶᠢᠨ ᠴᠢᠨᠢ ᠤᠳᠠᠰᠤ ᠠᠴᠠ ᠴᠢᠨᠤ ᠪᠠᠶᠢᠳᠠᠯ ᠢ ᠤᠶᠢᠯᠠᠭᠠᠯ᠎ᠠ᠃ ᠬᠦᠤ ᠮᠢᠨᠢ᠂ | ᠠᠮᠠᠨ ᠤ ᠰᠦ ᠴᠢᠨᠢ ᠠᠷᠢᠯᠤᠭᠠᠳᠤᠢ᠂ ᠠᠯᠠᠭ ᠵᠤᠩᠭᠠᠭ ᠴᠢᠨᠢ ᠬᠠᠳᠠᠭᠠᠳᠤᠢ ᠪᠠᠷ ᠶᠠᠭᠤᠨ ᠤ ᠬᠢᠨ ᠬᠤᠩᠭᠤᠷ ᠨᠠᠶᠢᠵᠠ | ᠪᠤᠯᠵᠤᠵᠤ᠂ ᠬᠤᠭᠤᠯᠠᠨ ᠬᠡᠷ᠂ ᠬᠤᠷᠰᠢᠶ᠎ᠠ ᠲᠡᠯᠬᠡᠬᠦᠷ᠂ ᠬᠤᠷᠢᠭᠠᠳᠤ ᠲᠤᠭᠯᠠᠭᠠᠮ ᠢᠶᠠᠷ ᠡᠷᠬᠢᠯᠳᠦᠬᠦᠯᠬᠦ ᠨᠢ | ᠭᠠᠷᠴᠢᠬᠠᠪᠠ︖ ᠪᠤᠯᠪᠠᠰᠤᠷᠠᠯ ᠬᠡᠳᠡᠯ᠎ᠠ ᠮᠡᠷᠬᠡᠵᠢᠯ ᠤᠨ ᠠᠩᠬᠢ ᠶᠢᠨ ᠴᠢᠨᠢ ︽ᠰᠦᠢᠳᠬᠡᠯ︾ ᠨᠢ ᠡᠨᠡ ᠬᠡᠵᠢ ᠤᠤ︖ | ᠡᠳᠡᠬᠡᠷ ᠵᠤᠭᠤᠰ ᠢ ᠠᠪᠤ ᠡᠵᠢ ᠴᠢᠨᠢ ᠪᠢᠳᠡ ᠬᠤᠶᠠᠷ᠂ ᠰᠦ ᠲᠠᠢ ᠴᠠᠢ ᠪᠠᠨ ᠬᠠᠷ᠎ᠠ ᠪᠠᠷ ᠤᠤᠭᠤᠵᠤ᠂ ᠠᠶᠠᠭ᠎ᠠ ᠲᠠᠢ | ᠬᠤᠭᠤᠯᠠ ᠪᠠᠨ ᠰᠢᠩᠬᠡᠨ ᠢᠶᠠᠷ ᠢᠳᠡᠵᠤ᠂ ᠲᠡᠯᠡᠢ ᠪᠠᠨ ᠴᠢᠩᠭᠠᠯᠠᠨ ᠠᠷᠪᠢᠯᠠᠵᠤ ᠪᠠᠶᠢᠭᠠᠳ ᠤᠯᠵᠤ ᠶᠠᠪᠤᠭᠤᠯᠤᠭᠰᠠᠨ | ᠰᠢᠤ︕ ᠨᠡᠩ ᠴᠦ ᠬᠠᠷᠠᠮᠰᠠᠯᠳᠠᠢ ᠨᠢ ᠡᠨᠡ ᠦᠶ᠎ᠡ ᠪᠠᠷ ᠡᠵᠢ ᠴᠢᠨᠢ ᠡᠯᠢᠬᠡᠨ ᠲᠠᠭᠰᠢᠭᠤᠷ ᠲᠤ ᠨᠡᠷᠪᠡᠭᠳᠡᠵᠤ ᠬᠤᠶᠠᠷ | ᠰᠠᠷ᠎ᠠ ᠰᠢᠬᠠᠮ ᠡᠮᠨᠡᠯᠬᠡ ᠳᠤ ᠬᠡᠪᠳᠡᠬᠦ ᠳᠤ ᠬᠦᠯ ᠮᠠᠭᠤᠳᠠᠢ ᠪᠢ ᠭᠠᠭᠴᠠᠭᠠᠷ ᠠᠯᠢ ᠠᠯᠢᠨ ᠳᠤ ᠪᠠᠨ ᠴᠦ ᠵᠠᠪᠳᠤᠯ | ᠦᠬᠡᠢ ᠪᠤᠯᠵᠤ ᠠᠷᠭ᠎ᠠ ᠪᠤᠰᠤ ᠬᠦᠴᠦᠨ ᠤ ᠬᠦᠮᠦᠨ ᠵᠠᠷᠤᠭᠰᠠᠨ᠃ ᠲᠠᠬᠦᠨ ᠤ ᠬᠦᠯᠦᠰᠤ ᠮᠦᠩᠬᠦ ᠶᠢ ᠤᠳᠤ ᠪᠤᠯᠳᠠᠯ᠎ᠠ | ᠦᠭᠴᠤ ᠪᠠᠷᠠᠭᠠᠳᠤᠢ᠂ ᠡᠳᠦᠷ ᠤᠨ ᠮᠠᠷᠭᠠᠰᠢ ᠨᠡᠬᠡᠯ ᠳᠤ ᠪᠤᠷᠪᠢᠳᠠᠭᠤᠯᠵᠤ ᠪᠠᠶᠢᠨ᠎ᠠ᠃ ᠡᠳᠡᠬᠡᠷ ᠢ ᠴᠢ ᠬᠡᠷᠬᠢᠨ ᠮᠡᠳᠡᠬᠦ | ᠪᠢᠯᠡ︖ ᠠᠢ ᠳ᠋ᠠ᠂ ᠬᠦᠬᠡᠷᠦᠬᠦᠢ ᠮᠢᠨᠢ︕ ︽ᠨᠤᠮ ᠢ ᠨᠢ ᠰᠤᠷᠬᠤ ᠦᠬᠡᠢ ᠴᠦ ᠨᠤᠮᠤᠬᠠᠨ ᠢ ᠨᠢ ᠰᠤᠷ︾ ᠬᠡᠵᠤ | ᠪᠠᠶᠢᠳᠠᠭ ᠰᠢᠤ᠂ ᠴᠢ ᠬᠡᠷᠪᠡ ᠬᠦᠮᠦᠨ ᠤ ᠬᠡᠦᠬᠡᠳ ᠤᠨ ᠵᠡᠷᠬᠡ ᠦᠩᠬᠡ ᠲᠠᠢ᠂ ᠦᠬᠡᠳᠡ ᠲᠠᠢ ᠶᠠᠪᠤᠬᠤ ᠳᠤ ᠬᠦᠷᠪᠡᠯ | ᠡᠷᠡᠦ ᠪᠠᠷ ᠢᠶᠠᠨ ᠮᠦᠯᠬᠦᠭᠰᠡᠨ ᠴᠦ ᠠᠪᠤ ᠡᠵᠢ ᠴᠢᠨᠢ ᠭᠤᠮᠤᠳᠠᠯ ᠦᠬᠡᠢ ᠶᠤᠮ ᠰᠢᠤ︕ | ᠤᠬᠠᠭᠠᠨ ᠤᠷᠤᠬᠤ ᠶᠢ ᠴᠢᠨᠢ ᠬᠦᠰᠡᠶ᠎ᠡ︕ | ᠠᠪᠤ ᠠᠴᠠ ᠴᠢᠨᠢ | × × ᠤᠨ ᠤ × × ᠰᠠᠷ᠎ᠠ ᠶᠢᠨ × × ᠡᠳᠦᠷ | ᠵᠤᠬᠢᠶᠠᠯ ᠢ ᠤᠩᠰᠢᠭᠠᠳ ᠪᠠᠷᠠᠮᠠᠭᠴᠠ ᠵᠤᠩᠬᠢ ᠤᠯᠠᠨ ᠡᠴᠢᠬᠡ ᠡᠬᠡ ᠳᠤ ᠶᠠᠭᠤ ᠨᠢᠬᠡ ᠶᠢ ᠪᠤᠳᠤᠭᠤᠯᠬᠤ | ᠬᠡᠬᠦ ᠳᠤ ᠵᠢᠭᠠᠯ ᠤᠯᠠᠨ ᠦᠷ᠎ᠡ ᠬᠡᠦᠬᠡᠳ ᠨᠢ ᠴᠦ ᠶᠠᠮᠠᠷ ᠨᠢᠬᠡ ᠶᠢ ᠰᠡᠳᠬᠢᠬᠦ ᠨᠢ ᠰᠤᠨᠢᠨ ᠲᠠᠢ ᠳ᠋ᠠ᠃ | ᠡᠨᠡᠷᠢᠯ ᠶᠡᠬᠡᠳᠡᠢ ᠡᠴᠢᠬᠡ ᠡᠬᠡ ᠡ︕ ᠡᠶ᠎ᠡ ᠵᠤᠬᠢᠴᠠᠯᠳᠤ ᠡᠨᠡ ᠨᠡᠶᠢᠬᠡᠮ ᠡ︕ ᠡᠩᠬᠦᠷᠡᠢ ᠬᠡᠦᠬᠡᠳ ᠲᠤ ᠪᠠᠨ | ᠡᠯᠪᠡᠷᠢᠯ ᠤᠨ ᠬᠦᠮᠦᠵᠢᠯ ᠢ ᠶᠡᠬᠡᠬᠡᠨ ᠬᠢᠶ᠎ᠡ︕ ᠡᠨᠡᠷᠢᠯ ᠢ ᠨᠢ ᠬᠦᠷᠳᠡᠭᠰᠡᠨ ᠰᠤᠷᠤᠭᠴᠢ ᠨᠦᠬᠦᠳ ᠡ᠂ ᠡᠯᠪᠡᠷᠢᠯ | ᠬᠦᠢᠴᠡᠳᠬᠡᠬᠦ ᠶᠢ ᠪᠤᠤ ᠯᠠ ᠮᠠᠷᠳᠠᠶ᠎ᠠ︕ | ᠠᠵᠢᠯᠯᠠᠵᠤ ᠪᠠᠶᠢᠭ᠎ᠠ ᠪᠠᠶᠢᠭᠤᠯᠭ᠎ᠠ᠄ ᠪᠠᠭᠠᠷᠢᠨ ᠪᠠᠷᠠᠭᠤᠨ ᠬᠤᠰᠢᠭᠤᠨ ᠤ | ᠮᠤᠩᠭᠤᠯ ᠦᠨᠳᠦᠰᠦᠳᠡᠨ ᠤ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | 2023.1 ᠳ᠋ᠦ᠋ᠭᠡᠷ ᠬᠤᠭᠤᠴᠠᠭ᠎ᠠ | | | |