ᠪᠤᠷᠵᠢᠭᠢᠨ ᠲᠡᠯᠭᠡᠷᠬᠦᠤ | | | | | | ᠦᠨᠳᠤᠷ ᠰᠦᠷᠯᠢᠭ ᠠᠭᠤᠯᠠ ᠬᠠᠶᠢᠷᠬᠠᠳ ᠠᠯᠳᠠᠨ ᠨᠠᠮᠤᠷ ᠤᠨ ᠠᠯᠠᠭᠠᠨ ᠲᠡᠭᠡᠷ᠎ᠡ ᠰᠢᠵᠢᠷᠳᠤᠨ ᠭᠢᠯᠠᠯᠵᠠᠭᠠᠳ | ᠤᠨᠴᠠ ᠶᠢᠨ ᠲᠠᠭᠠᠳᠠᠶᠢᠬᠠᠨ ᠪᠦᠭᠡᠳ ᠲᠠᠶᠢᠪᠤᠭᠤᠬᠠᠨ᠃ ᠠᠭᠤᠳᠠᠮ ᠰᠠᠷᠠᠭᠤᠯᠬᠠᠨ ᠵᠢᠷᠦᠬᠡ ᠶᠢᠨ ᠲᠠᠯ᠎ᠠ ᠳᠤ ᠡᠪᠡᠰᠤᠨ | ᠲᠤᠯᠤᠭᠠᠢ ᠬᠠᠯᠢᠭᠤᠷᠠᠨ ᠨᠠᠬᠢᠯᠵᠠᠵᠤ ᠤᠶᠠᠩᠭᠠᠳᠤ ᠨᠠᠮᠤᠷ ᠤᠨ ᠬᠤᠩᠭᠤᠷ ᠰᠠᠯᠬᠢᠨ᠎ᠠ ᠠᠶᠠᠷ ᠠᠶᠠᠷᠬᠠᠨ ᠭᠠᠩᠬᠤᠬᠤ ᠨᠢ | ᠤᠷᠮ᠎ᠠ ᠶᠢ ᠰᠡᠷᠭᠦᠭᠡᠮᠡᠷ ᠰᠠᠶᠢᠬᠠᠨ᠃ ᠤᠭᠠᠯᠵᠠᠯᠠᠨ ᠤᠷᠤᠰᠬᠤ ᠬᠠᠬᠢᠷ ᠤᠨ ᠭᠤᠤᠯ ᠲᠦᠯᠭᠡᠨ ᠨᠠᠮᠵᠢᠭᠤᠬᠠᠨ ᠢᠶᠠᠷ | ᠠᠯᠤᠰ ᠢ ᠴᠢᠭᠯᠡᠨ ᠤᠳᠬᠤ ᠨᠢ ᠤᠳᠠᠭᠠᠨ ᠤᠨ ᠤ ᠲᠡᠤᠬᠡ ᠴᠠᠳᠢᠭ ᠢ ᠤᠳᠤᠮᠳᠤ ᠬᠤᠶᠢᠴᠢᠰ ᠲᠤ ᠪᠠᠨ ᠭᠦᠤᠷᠨᠢᠬᠦ | ᠮᠡᠳᠤ᠃ ᠲᠡᠶᠢᠮᠤ ᠡ᠂ ᠠᠭᠤᠯᠠ ᠤᠰᠤᠨ ᠤ ᠲᠤᠮᠤᠭᠳᠤ ᠠᠯᠳᠠᠷ ᠡᠷᠭᠦᠵᠤ ᠤᠯᠠᠨ ᠮᠢᠩᠭᠠᠨ ᠰᠢᠯᠢᠳᠡᠭ ᠦᠷᠡᠰ ᠢᠶᠠᠨ | ᠲᠦᠷᠦᠭᠦᠯᠳᠡᠭ ᠬᠡᠶᠢᠮᠦᠷᠢᠯᠢᠭ ᠨᠤᠳᠤᠭ ᠭᠡᠭᠴᠢ ᠦᠶ᠎ᠡ ᠶᠢᠨ ᠦᠶ᠎ᠡ ᠳᠤ ᠮᠦᠩᠭᠡᠷᠡᠳᠡᠭ ᠤᠴᠢᠷᠳᠠᠢ᠃ | ᠪᠤᠶᠠᠨᠳᠤ ᠰᠠᠶᠢᠬᠠᠨ ᠡᠨᠡ ᠨᠤᠳᠤᠭ ᠠᠴᠠ ᠤᠯᠠᠨ ᠠᠷᠪᠢᠨ ᠡᠷᠳᠡᠮᠳᠡᠨ ᠴᠢᠳᠠᠪᠤᠷᠢᠳᠠᠨ ᠴᠤᠯᠭᠤᠷᠠᠭᠰᠠᠭᠠᠷ | ᠢᠷᠡᠵᠡᠢ᠃ ᠡᠭᠦᠨ ᠤ ᠲᠤᠳᠤᠷᠠᠬᠢ ᠤᠨᠴᠠ ᠶᠢᠨ ᠨᠢᠭᠡᠨ ᠤᠳᠤᠨ — ᠰᠠᠶ᠋ᠢᠬᠠᠨ ᠤᠯᠤᠰ᠂ ᠤᠷᠤᠨ ᠤ ᠱᠠᠩᠨᠠᠯ | ᠬᠦᠭᠢᠬᠦᠯᠦᠯ ᠢᠶᠠᠷ ᠡᠩᠭᠡᠷ ᠢᠶᠠᠨ ᠮᠢᠯᠢᠶᠠᠯᠭᠠᠵᠤ ᠨᠡᠶᠢᠳᠡ ᠤᠯᠠᠨ ᠤ ᠪᠠᠨ ᠮᠠᠭᠳᠠᠭᠠᠯ ᠰᠠᠶᠢᠰᠢᠶᠠᠯ ᠢᠶᠠᠷ ᠭᠠᠯᠭᠢᠭᠤᠯᠵᠤ | ᠶᠠᠪᠤᠭ᠎ᠠ ᠰᠢᠨ᠎ᠡ ᠡᠷᠢᠨ ᠤ ᠰᠤᠳᠤᠨ ᠪᠠᠭᠰᠢ — ᠴᠢᠪᠠᠭ᠎ᠠ ᠮᠤᠩᠭᠤᠯ ᠪᠠᠭ᠎ᠠ ᠰᠤᠷᠭᠠᠭᠤᠯᠢ ᠶᠢᠨ ᠲᠡᠳ᠋ ᠵᠠᠬᠢᠷᠤᠯ ᠯᠢ | ᠬᠠᠢ ᠯᠦᠩ ᠨᠦᠬᠦᠷ ᠪᠤᠯ ᠲᠠᠷᠤᠢ ᠡᠭᠦᠨ ᠤ ᠲᠤᠳᠤᠷᠠᠬᠢ ᠨᠢᠭᠡᠨ ᠰᠢᠯᠢᠳᠡᠭ ᠵᠢᠱᠢᠶ᠎ᠡ ᠪᠠᠶᠢᠭ᠎ᠠ ᠶᠤᠮ᠃ ᠲᠡᠷᠡ ᠪᠤᠯ | ᠤᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠬᠠᠨᠰᠦ᠋ᠮ᠎ᠡ ᠰᠤᠮᠤ ᠶᠢᠨ ᠵᠢᠷᠤᠬᠡ ᠬᠡᠮᠡᠬᠦ ᠠᠭᠤᠯᠠ ᠲᠠᠢ | ᠤᠰᠤ ᠲᠠᠢ ᠦᠯᠢᠭᠡᠷ ᠲᠠᠢ ᠲᠡᠤᠬᠡ ᠲᠠᠢ ᠰᠠᠶᠢᠬᠠᠨ ᠭᠠᠵᠠᠷ ᠲᠠᠯ᠎ᠠ ᠶᠢᠨ ᠮᠠᠯᠴᠢᠨ ᠰᠠᠶᠢᠨᠴᠤᠭᠳᠤ᠂ ᠪᠤᠤ ᠶᠢᠨ | ᠬᠤᠸᠠ ᠶᠢᠨ ᠪᠤᠭᠤᠨᠢ ᠰᠠᠷᠠᠪᠴᠢ ᠲᠠᠢ ᠪᠤᠷᠤ ᠭᠡᠷ ᠲᠤ ᠪᠤᠯᠤᠷ ᠬᠠᠰ ᠰᠢᠬ ᠪᠤᠯᠪᠠᠷᠠᠢ ᠭᠡᠭᠡᠨᠴᠢᠷ ᠴᠢᠷᠠᠢ ᠲᠠᠢ᠂ | ᠪᠤᠳᠤᠭᠤᠨ ᠬᠠᠷ᠎ᠠ ᠰᠢᠬ ᠲᠤᠩᠭᠠᠯᠠᠭ ᠪᠤᠷᠤᠬᠠᠨ ᠨᠢᠳᠤ ᠲᠠᠢ᠂ ᠪᠤᠳᠤᠵᠤ ᠵᠢᠷᠤᠭᠰᠠᠨ ᠰᠢᠬ ᠦᠳᠬᠡᠨ ᠰᠠᠶᠢᠬᠠᠨ | ᠬᠦᠮᠦᠰᠭᠡ ᠲᠠᠢ᠂ ᠪᠤᠷᠭᠢᠯ ᠪᠤᠯᠠᠭ ᠰᠢᠬ ᠪᠢᠯᠢᠭ ᠴᠡᠴᠡᠨ ᠬᠡᠤᠬᠡᠨ ᠨᠢ ᠪᠤᠯᠵᠤ ᠵᠠᠶᠠᠭᠠᠭᠰᠠᠨ ᠪᠠᠶᠢᠨ᠎ᠠ᠃ ᠲᠡᠷᠡ ᠮᠠᠨᠢ | ᠬᠠᠷᠠᠬᠠᠨ ᠪᠠᠭ᠎ᠠ ᠠᠴᠠ ᠪᠠᠨ ᠠᠪᠤᠭᠠᠳ ᠤᠨᠴᠠ ᠶᠢᠨ ᠰᠡᠴᠡᠨ ᠰᠡᠷᠭᠦᠯᠡᠩ᠂ ᠤᠷᠤᠯᠳᠤᠯᠭ᠎ᠠ ᠰᠠᠶᠢᠳᠠᠢ ᠪᠠᠶᠢᠵᠤ | ᠨᠠᠭᠠᠳᠤᠮ ᠲᠤᠭᠯᠠᠭᠠᠮ᠂ ᠭᠡᠷ ᠤᠨ ᠠᠷᠰᠠᠷ ᠠᠵᠢᠯ ᠠᠴᠠ ᠠᠪᠤᠭᠠᠳ ᠬᠡᠬᠡᠷ᠎ᠡ ᠲᠠᠯ᠎ᠠ ᠬᠤᠷᠠᠭ᠎ᠠ ᠲᠤᠭᠤᠯ ᠬᠠᠷᠢᠭᠤᠯᠬᠤ | ᠵᠡᠷᠭᠡ ᠳᠤ ᠪᠦᠷ ᠶᠡᠭᠡ ᠤᠷ᠎ᠠ ᠲᠡᠮ ᠲᠠᠢ ᠪᠠᠶᠢᠵᠤ ᠠᠶᠢᠯ ᠰᠠᠭᠠᠬᠠᠯᠳᠠ ᠶᠢᠨ ᠢᠶᠠᠨ ᠮᠠᠭᠳᠠᠭᠠᠯ ᠰᠠᠶᠢᠰᠢᠶᠠᠯ ᠢ ᠦᠷᠭᠦᠯᠵᠢ | ᠬᠦᠷᠳᠡᠳᠡᠭ᠃ ᠨᠡᠩ ᠢᠯᠠᠩᠭᠤᠶ᠎ᠠ ᠠᠪᠤ ᠡᠵᠢ ᠪᠠᠨ ᠬᠠᠪᠰᠤᠷᠴᠤ ᠠᠵᠢᠯ ᠬᠦᠳᠡᠯᠮᠦᠷᠢ ᠬᠢᠬᠦ ᠵᠡᠷᠭᠡ ᠳᠤ ᠶᠡᠭᠡ | ᠪᠠᠬ᠎ᠠ ᠲᠠᠢ ᠪᠠᠶᠢᠵᠤ ᠢᠰᠢᠭᠡ ᠶᠢᠨ ᠰᠡᠭᠦᠯ ᠰᠢᠭ ᠵᠢᠭᠠᠬᠠᠨ ᠡᠪᠡᠷ ᠭᠡᠵᠢᠭᠡ ᠪᠠᠨ ᠤᠳᠦ᠋ᠢᠯᠭᠠᠭᠠᠳ ᠠᠪᠠᠷ ᠲᠠᠪᠠᠷ | ᠶᠠᠭᠤᠮ᠎ᠠ ᠬᠢᠵᠤ ᠤᠷᠤᠯᠳᠤᠵᠤ ᠯᠡ ᠪᠠᠶᠢᠳᠠᠭ ᠪᠠᠭ᠎ᠠ ᠠᠴᠠ ᠪᠠᠨ ᠠᠵᠢᠬᠴᠢ ᠭᠢᠷᠠᠬᠠᠢ᠂ ᠤᠷᠠᠨ ᠰᠠᠮᠪᠠᠭᠠᠯᠢᠭ ᠬᠡᠤᠬᠡᠳ | ᠪᠢᠯᠡ᠃ ᠤᠨᠠᠭᠠᠨ ᠨᠠᠰᠤ ᠶᠢ ᠤᠷᠮ᠎ᠠ ᠬᠦᠳᠦᠯᠵᠤ᠂ ᠤᠷᠤᠭᠰᠢ ᠵᠠᠮ ᠢ ᠵᠤᠷᠢᠭ ᠬᠦᠳᠦᠯᠬᠦ ᠭᠡᠭᠴᠢ ᠶᠢᠷᠳᠢᠨᠴᠤ ᠶᠢᠨ | ᠵᠢᠮ᠎ᠡ ᠪᠤᠶᠤ᠃ ᠪᠠᠭ᠎ᠠ ᠶᠢᠨ ᠰᠤᠷᠴᠤ ᠡᠵᠡᠮᠰᠢᠬᠦ ᠰᠤᠨᠢᠭᠤᠴᠢ ᠵᠠᠩ ᠲᠠᠢ ᠲᠡᠷᠡ ᠮᠠᠨᠢ ᠢᠩᠬᠢᠵᠤ ᠯᠡ ᠤᠨᠠᠭᠠᠨ ᠪᠠᠭ᠎ᠠ | ᠨᠠᠰᠤᠨ ᠠᠴᠠ ᠪᠠᠨ ᠰᠤᠷᠬᠤ ᠶᠢᠨ ᠰᠠᠶᠢᠬᠠᠨ ᠪᠤᠳᠤᠯ ᠳᠤ ᠬᠦᠳᠦᠯᠦᠭᠳᠡᠵᠤ ᠬᠦᠰᠡᠯ ᠬᠦᠭᠡᠭᠡᠴᠡᠯᠳᠤᠯ ᠤᠨ ᠢᠶᠠᠨ | ᠦᠷ ᠤᠨ ᠭᠡᠭᠡ ᠶᠢ ᠤᠭᠳᠤᠨ ᠠᠪᠤᠭᠰᠠᠨ ᠪᠠᠶᠢᠭ᠎ᠠ ᠶᠤᠮ ᠡ᠃ ᠲᠡᠷᠡ ᠮᠠᠨᠢ ᠠᠷᠠᠳ ᠤᠨ ᠰᠤᠷᠭᠠᠭᠤᠯᠢ ᠶᠢᠨ ᠠᠯᠳᠠᠨ | ᠪᠤᠱᠤᠭ᠎ᠠ ᠶᠢ ᠠᠯᠬᠤᠨ ᠤᠷᠤᠭᠰᠠᠨ ᠠᠩᠬᠠᠨ ᠤ ᠡᠳᠤᠷ ᠠᠴᠠ ᠪᠠᠨ ᠠᠪᠤᠭᠠᠳ ᠬᠢᠴᠢᠶᠡᠯ ᠪᠦᠷᠢ ᠶᠢ ᠬᠢᠴᠢᠶᠡᠩᠭᠦ᠋ᠢᠯᠡᠨ | ᠰᠤᠷᠴᠤ ᠰᠢᠮᠳᠡᠨ ᠴᠢᠷᠮᠠᠶᠢᠵᠤ ᠦᠪᠡᠷ ᠤᠨ ᠢᠶᠠᠨ ᠲᠤᠳᠤᠭᠠᠳᠤ ᠡᠨᠧᠷᠭᠢ ᠪᠤᠯᠭᠠᠵᠤ ᠡᠵᠡᠮᠰᠢᠭᠰᠡᠭᠡᠷ ᠪᠠᠶᠢᠵᠤ | ᠰᠤᠷᠬᠤ ᠶᠢᠨ ᠬᠤᠷᠤᠬᠠᠢ ᠲᠠᠢ ᠪᠤᠯᠵᠤ ᠬᠤᠭᠤᠴᠠᠭ᠎ᠠ ᠪᠤᠯᠭᠠᠨ ᠢ ᠰᠢᠯᠢᠳᠡᠭ ᠪᠦᠳᠦᠮᠵᠢ ᠪᠠᠷ ᠤᠭᠳᠤᠵᠤ ᠦᠳᠡᠭᠰᠡᠭᠡᠷ | ᠪᠠᠶᠢᠵᠤ ᠁ ᠨᠢᠭᠡ ᠯᠡ ᠮᠡᠳᠡᠬᠦ ᠳᠤ ᠡᠪᠡᠷ ᠭᠡᠵᠢᠭᠡ ᠤᠳᠦ᠋ᠢᠯᠭᠠᠭᠰᠠᠨ ᠵᠢᠭᠠᠯ ᠬᠡᠤᠬᠡᠨ ᠬᠠᠢ ᠯᠦᠩ ᠮᠠᠨᠢ ᠶᠡᠭᠡ | ᠰᠤᠷᠭᠠᠭᠤᠯᠢ ᠶᠢᠨ ᠤᠶᠤᠳᠠᠨ ᠪᠤᠯᠴᠢᠬᠠᠵᠤ ᠠᠷᠤ ᠬᠤᠷᠴᠢᠨ ᠤ ᠲᠠᠯ᠎ᠠ ᠨᠤᠳᠤᠭ ᠠᠴᠠ ᠦᠪᠤᠷ ᠮᠤᠩᠭᠤᠯ ᠤᠨ | ᠦᠨᠳᠤᠰᠦᠳᠡᠨ ᠤ ᠶᠡᠭᠡ ᠰᠤᠷᠭᠠᠭᠤᠯᠢ ᠵᠦᠭ ᠨᠢᠰᠦᠨ ᠲᠡᠭᠦᠯᠢᠬᠦ ᠪᠤᠯᠤᠯ᠎ᠠ᠃ ᠡᠶᠢᠨ ᠬᠦ ᠬᠠᠬᠢᠷ ᠤᠨ ᠬᠦᠪᠡᠭᠡᠨ ᠠᠴᠠ | ᠲᠡᠪᠳᠡᠷᠢᠭᠰᠡᠨ ᠬᠠᠷᠴᠠᠭᠠᠢ ᠶᠢᠨ ᠮᠠᠨᠢ ᠦᠳᠤ ᠰᠤᠳᠤ ᠨᠢ ᠪᠦᠷᠢᠳᠴᠤ ᠵᠢᠷᠬᠢᠨ ᠲᠤᠩᠭᠤᠳᠬᠤ ᠡᠭᠡᠰᠢᠭ ᠠᠶᠠᠯᠭᠤ ᠨᠢ | ᠬᠦᠷᠳᠡᠯ᠎ᠡ ᠴᠡᠭᠡᠵᠢ ᠰᠡᠳᠬᠢᠯ ᠢ ᠲᠤᠭᠳᠤᠭᠤᠯᠤᠮᠠ᠂ ᠴᠢᠬᠢᠨ ᠰᠤᠨᠤᠷ ᠢ ᠪᠠᠶᠠᠰᠬᠠᠮ᠎ᠠ ᠢᠷᠠᠭᠤ ᠡᠭᠡᠰᠢᠭᠯᠢᠭ ᠰᠤᠳᠤᠨ | ᠰᠤᠨᠤᠰᠬᠤᠯᠠᠩ ᠪᠠᠶᠢᠵᠤ ᠦᠪᠦᠷ ᠮᠤᠩᠭᠤᠯ ᠤᠨ ᠦᠨᠳᠦᠰᠦᠳᠡᠨ ᠤ ᠶᠡᠭᠡ ᠰᠤᠷᠭᠠᠭᠤᠯᠢ ᠳᠤ ᠤᠯᠠᠨ ᠰᠠᠶᠢᠬᠠᠨ | ᠠᠮᠵᠢᠯᠳᠠ ᠪᠠᠷ ᠤᠶᠤᠨ ᠤᠬᠠᠭᠠᠨ ᠢᠶᠠᠨ ᠰᠢᠮᠡᠵᠢᠭᠦᠯᠦᠨ ᠪᠠᠳᠤᠳᠬᠠᠭᠰᠠᠭᠠᠷ ᠤᠨᠴᠠ ᠶᠢᠨ ᠰᠢᠯᠢᠳᠡᠭ ᠢᠶᠠᠷ ᠦᠪᠤᠷ | ᠮᠤᠩᠭᠤᠯ ᠤᠨ ᠦᠨᠳᠤᠰᠤᠳᠠᠨ ᠤ ᠶᠡᠭᠡ ᠰᠤᠷᠭᠠᠭᠤᠯᠢ ᠶᠢ ᠲᠡᠭᠦᠰᠭᠡᠵᠤ ᠠᠷᠠᠳ ᠤᠨ ᠪᠠᠭᠰᠢ ᠶᠢᠨ ᠡᠩᠨᠡᠭᠡᠨ ᠳᠤ ᠢᠳᠡᠭᠡᠯ | ᠲᠡᠭᠦᠯᠳᠡᠷ ᠨᠡᠷ᠎ᠡ ᠮᠡᠳᠡᠭᠦᠯᠦᠭᠰᠡᠨ ᠪᠠᠶᠢᠨ᠎ᠠ᠃ ᠢᠩᠬᠢᠭᠡᠳ ᠲᠡᠷᠡ ᠮᠠᠨᠢ ᠬᠠᠮᠢᠭ᠎ᠠ ᠬᠤᠪᠢᠶᠠᠭᠳᠠᠬᠤ ᠪᠠᠨ ᠬᠦᠯᠢᠶᠡᠵᠤ | ᠰᠡᠳᠬᠢᠯ ᠲᠤᠭᠳᠤᠯᠤᠨ ᠰᠠᠭᠤᠯ᠎ᠠ᠃ ᠲᠠᠮᠡᠢ ᠤᠳᠠᠭᠰᠠᠨ ᠦᠭᠡᠢ ᠮᠡᠳᠡᠭᠳᠡᠯ ᠨᠢ ᠢᠷᠡᠴᠢᠬᠡᠵᠤ ᠲᠡᠭᠦᠨ ᠢ ᠬᠤᠰᠢᠭᠤᠨ ᠤ | ᠬᠤᠶᠠᠳᠤᠭᠠᠷ ᠪᠠᠭ᠎ᠠ ᠰᠤᠷᠭᠠᠭᠤᠯᠢ ᠳᠤ ᠬᠤᠪᠢᠶᠠᠷᠢᠯᠠᠭᠰᠠᠨ ᠪᠠᠶᠢᠯ᠎ᠠ᠃ ᠴᠤᠯ ᠮᠠᠯᠵᠢᠬᠤ ᠮᠤᠩᠭᠤᠯ ᠨᠤᠳᠤᠭ ᠲᠤ | ᠲᠦᠷᠦᠵᠤ ᠦᠰᠦᠭᠰᠡᠨ ᠲᠡᠭᠦᠨ ᠳᠤ ᠡ᠊ᠨᠡ ᠭᠦ ᠴᠤᠯ ᠬᠢᠳᠡᠳ ᠢᠶᠠᠷ ᠬᠢᠴᠢᠶᠡᠯᠯᠡᠬᠦ ᠰᠤᠷᠭᠠᠭᠤᠯᠢ ᠳᠤ | ᠬᠤᠪᠢᠶᠠᠷᠢᠯᠠᠭᠳᠠᠭᠰᠠᠨ ᠶᠠᠪᠤᠳᠠᠯ ᠨᠢ ᠲᠤᠩ ᠰᠠᠨᠠᠭᠠᠨ ᠳᠤ ᠦᠭᠡᠢ ᠪᠠᠶᠢᠵᠤ ᠬᠠᠢ ᠯᠦᠩ ᠤᠨ ᠮᠠᠨᠢ ᠰᠢᠨ᠎ᠡ ᠠᠵᠢᠯ | ᠠᠯᠪᠠᠨ ᠳᠤ ᠭᠠᠷᠬᠤ ᠭᠡᠵᠤ ᠲᠤᠭᠳᠤᠯᠵᠤ ᠪᠠᠶᠠᠷᠯᠠᠭᠰᠠᠨ ᠬᠦᠭᠰᠡᠯ ᠬᠡᠶᠢᠷᠬᠡᠯ ᠨᠢ ᠭᠱᠠᠨ ᠵᠠᠭᠤᠷ᠎ᠠ ᠮᠦᠰᠤ ᠵᠠᠯᠭᠢᠭᠰᠠᠨ | ᠰᠢᠬ ᠬᠦᠢᠳᠡᠨ ᠤᠷᠭᠢᠵᠤ ᠤᠴᠢᠪᠠ᠃ ᠲᠡᠷᠡ ᠮᠠᠨᠢ ᠲᠤᠯᠤᠭᠠᠢ ᠭᠠᠨᠵᠤᠭᠠᠯᠠᠨ ᠲᠤᠳᠤᠷ᠎ᠠ ᠦᠷᠦᠭᠡᠨ ᠳᠤ ᠪᠠᠨ ᠤᠷᠤᠵᠤ | ᠡᠭᠦᠳᠡ ᠪᠠᠨ ᠲᠦᠭᠵᠢᠭᠡᠳ ᠨᠢᠭᠡ ᠰᠦᠨᠢ ᠪᠤᠳᠤᠯᠭ᠎ᠠ ᠪᠤᠯᠵᠤ ᠰᠠᠭᠤᠪᠠ᠃ ᠮᠤᠩᠭᠤᠯ ᠰᠤᠷᠭᠠᠭᠤᠯᠢ ᠳᠤ | ᠬᠤᠪᠢᠶᠠᠭᠳᠠᠭᠰᠠᠨ ᠪᠤᠯ ᠪᠢ ᠡᠨᠡ ᠦᠶ᠎ᠡ ᠳᠤ ᠬᠦᠯ ᠭᠠᠵᠠᠷ ᠬᠦᠷᠬᠦ ᠦᠭᠡᠢ ᠪᠠᠶᠠᠷᠯᠠᠵᠤ ᠪᠠᠶᠢᠬᠤ ᠦᠭᠡᠢ ᠤᠤ ᠳ᠋ᠠ | ᠭᠡᠵᠤ ᠪᠤᠳᠤᠪᠠᠯ ᠨᠢᠳᠤᠨ ᠨᠢᠯᠪᠤᠰᠤ ᠨᠢ ᠦᠪᠡᠷ ᠤᠨ ᠡᠷᠬᠡ ᠦᠭᠡᠢ ᠪᠦᠮᠪᠦᠷᠢᠨ᠎ᠡ᠃ ᠡᠩ ᠤᠨ ᠦᠶ᠎ᠡ ᠳᠤ ᠬᠡᠳᠤᠨ | ᠬᠢᠳᠠᠳ ᠦᠭᠡ ᠬᠡᠯᠡᠬᠦ ᠳᠤ ᠪᠠᠨ ᠴᠦ ᠬᠦᠴᠢᠷᠳᠡᠳᠡᠭ ᠬᠦᠮᠦᠨ ᠶᠠᠭᠠᠬᠢᠵᠤ ᠬᠢᠴᠢᠶᠡᠯ ᠤᠨ ᠲᠠᠶᠢᠰᠠᠨ ᠳᠤ ᠭᠠᠷᠴᠤ | ᠬᠢᠴᠢᠶᠡᠯ ᠵᠢᠭᠠᠳᠠᠭ ᠪᠢᠯᠡ ᠭᠡᠵᠤ ᠪᠤᠳᠤᠪᠠᠯ ᠲᠤᠯᠤᠭᠠᠢ ᠨᠢ ᠲᠦᠨᠡᠷᠡᠭᠡᠳ ᠶᠠᠪᠤᠴᠢᠬᠠᠨ᠎ᠠ᠃ ᠤᠴᠢᠬᠤ ᠦᠭᠡᠢ ᠭᠡᠭᠦᠯᠡᠷ | ᠡᠴᠢᠨᠡᠭᠡᠨ ᠵᠢᠯ ᠪᠢᠴᠢᠭ ᠰᠤᠶᠤᠯ ᠤᠨ ᠮᠦᠷ ᠭᠦᠭᠡᠭᠡᠵᠤ ᠵᠤᠪᠠᠨ ᠵᠦᠳᠡᠭᠰᠡᠨ ᠨᠢ ᠴᠤᠬᠤᠮ ᠶᠠᠭᠤᠨ ᠤ ᠲᠦᠯᠦᠭᠡ ᠪᠢᠯᠡ | ᠭᠡᠳᠡᠭ ᠪᠤᠳᠤᠯ ᠲᠠᠷᠢᠭᠢᠨ ᠳᠤ ᠨᠢ ᠡᠷᠭᠢᠯᠳᠤᠨ᠎ᠡ᠃ ᠮᠦᠨ ᠴᠦ ᠬᠠᠶᠢᠷᠠᠳᠤ ᠠᠪᠤ ᠡᠵᠢ ᠶᠢᠨ ᠬᠢ ᠨᠢ ᠬᠡᠤᠬᠡᠨ ᠤ ᠪᠠᠨ | ᠠᠮᠵᠢᠯᠳᠠ ᠪᠠᠷ ᠤᠮᠤᠭᠰᠢᠭᠠᠳ ᠪᠠᠶᠠᠰᠤᠭᠠᠳ ᠪᠠᠶᠢᠳᠠᠭ ᠢᠳᠡᠭᠡᠯ ᠨᠠᠶᠢᠳᠠᠭᠰᠠᠨ ᠬᠠᠯᠠᠭᠤᠬᠠᠨ ᠬᠠᠷᠠᠴᠨ ᠨᠢ | ᠬᠠᠷᠠᠭᠳᠠᠬᠤ ᠰᠢᠤᠬᠠᠨ ᠪᠤᠯᠤᠨ᠎ᠠ᠃ ᠢᠩᠭᠢᠬᠡᠳ ᠲᠡᠷᠡ ᠮᠠᠨᠢ ᠪᠤᠳᠤᠯᠭ᠎ᠠ ᠰᠢᠯᠤᠭᠤᠳᠴᠤ ᠵᠠᠪᠠᠯ ᠰᠠᠶᠢᠨ ᠠᠵᠢᠯᠯᠠᠨ᠎ᠠ | ᠭᠡᠵᠤ ᠰᠡᠳᠬᠢᠯ ᠰᠢᠭᠤᠳᠤᠨ ᠵᠤᠷᠢᠭ ᠢᠶᠠᠨ ᠬᠦᠪᠴᠢᠯᠡᠯ᠎ᠡ᠃ ᠡᠶᠢᠨ ᠬᠦ ᠬᠤᠯᠠ ᠶᠢᠨ ᠶᠡᠭᠡ ᠬᠦᠰᠡᠯ ᠲᠦᠷᠦᠭᠡᠯᠡᠭᠰᠡᠨ | ᠬᠦᠳᠡᠭᠡ ᠶᠢᠨ ᠨᠢᠭᠡ ᠬᠡᠤᠬᠡᠨ ᠬᠦᠭᠵᠢᠶᠡᠨᠳᠤ ᠬᠤᠳᠠ ᠳᠤ ᠢᠷᠡᠬᠦᠯᠡᠷ ᠤᠭᠳᠤᠨ ᠠᠪᠤᠭᠰᠠᠨ ᠤᠷᠴᠢᠨ ᠲᠤᠭᠤᠷᠢᠨ ᠨᠢ | ᠤᠴᠢ ᠭᠡᠷᠡᠯ ᠪᠠᠳᠠᠷᠠᠭᠰᠠᠨ ᠤᠨᠳᠤᠤ ᠶᠢᠷᠳᠢᠨᠴᠤ ᠰᠢᠭ ᠰᠠᠨᠠᠭᠳᠠᠵᠤ ᠠᠮᠢᠳᠤᠷᠠᠯ ᠶᠠᠭᠤᠮ᠎ᠠ ᠪᠦᠭᠦᠳᠡ ᠨᠢ ᠰᠢᠨ᠎ᠡ | ᠴᠡᠭ ᠠᠴᠠ ᠡᠬᠢᠯᠡᠬᠦ ᠬᠡᠷᠡᠭᠳᠡᠢ ᠪᠤᠯᠤᠭᠰᠠᠨ ᠪᠠᠶᠢᠯ᠎ᠠ᠃ ︽ᠰᠠᠶᠢᠨ ᠡᠬᠢᠯᠡᠯᠳᠡ ᠪᠤᠯ ᠬᠠᠭᠠᠰ ᠠᠮᠵᠢᠯᠳᠠ | ᠤᠯᠤᠭᠰᠠᠨ ᠲᠠᠢ ᠲᠡᠩᠴᠡᠨ᠎ᠡ︾ ᠭᠡᠳᠡᠭ᠃ ᠬᠠᠢ ᠯᠦᠩ ᠮᠠᠨᠢ ᠠᠵᠢᠯ ᠳᠤ ᠭᠠᠷᠤᠭᠰᠠᠨ ᠴᠠᠭ ᠠᠴᠠ ᠪᠠᠨ ᠠᠪᠤᠭᠠᠳ | ᠦᠪᠡᠷ ᠤᠨ ᠪᠡᠶ᠎ᠡ ᠳᠤ ᠪᠠᠨ ᠴᠢᠩᠭ᠎ᠠ ᠱᠠᠭᠠᠷᠳᠠᠯᠭ᠎ᠠ ᠲᠠᠯᠪᠢᠵᠤ ᠬᠢᠬᠦ ᠶᠢᠨ ᠲᠠᠭᠠᠤ ᠰᠤᠷᠴᠤ ᠰᠤᠷᠬᠤ ᠶᠢᠨ ᠲᠠᠭᠠᠤ | ᠦᠢᠯᠡᠳᠦᠯᠭᠡᠵᠢᠭᠦᠯᠵᠤ ᠤᠷᠭᠤᠬᠤ ᠶᠢᠨ ᠤᠯᠠᠭᠠᠨ ᠨᠠᠷᠠᠨ ᠠᠴᠠ ᠦᠳᠡᠰᠢ ᠶᠢᠨ ᠬᠠᠷᠠᠩᠭᠤᠢ ᠪᠦᠷᠦᠢ ᠪᠤᠯᠳᠠᠯ᠎ᠠ ᠰᠤᠷᠴᠤ | ᠰᠤᠳᠤᠯᠵᠤ ᠬᠢᠵᠤ ᠦᠢᠯᠡᠳᠦᠯᠭᠡᠵᠢᠭᠦᠯᠵᠤ ᠶᠠᠭᠠᠷᠠᠵᠤ ᠮᠤᠩᠭᠠᠨᠢᠵᠤ ᠪᠤᠵᠢᠭᠢᠨᠠᠯᠠ᠃ ᠬᠡᠳᠦ᠋ᠢᠪᠡᠷ ᠬᠡᠯᠡᠭᠰᠡᠨ | ᠶᠠᠷᠢᠭᠰᠠᠨ ᠢ ᠨᠢ ᠰᠤᠷᠤᠭᠴᠢᠳ ᠨᠢ ᠤᠶᠢᠯᠠᠭᠠᠬᠤ ᠪᠠᠷ ᠠᠨᠠᠢ ᠪᠠᠶᠢᠭᠰᠠᠨ ᠴᠦ ᠲᠡᠷᠡ ᠮᠠᠰᠢ ᠵᠤᠷᠢᠭᠳᠠᠢ ᠪᠠᠷ ᠲᠠᠬᠢᠨ | ᠲᠠᠪᠳᠠᠨ ᠶᠠᠷᠢᠵᠤ ᠪᠠᠰᠠ ᠵᠠᠷᠢᠮ ᠦᠶ᠎ᠡ ᠳᠤ ᠪᠢᠴᠢᠵᠤ ᠵᠢᠷᠤᠭᠠᠳ ᠲᠠᠶᠢᠯᠪᠤᠷᠢᠯᠠᠵᠤ ᠵᠢᠭᠠᠳᠠᠭ ᠪᠠᠶᠢᠯ᠎ᠠ᠃ ᠨᠢᠭᠡ | ᠤᠳᠠᠭᠠᠨ ᠤ ᠬᠢᠴᠢᠶᠡᠯ ᠰᠤᠨᠤᠰᠬᠤ ᠬᠠᠮᠳᠤ ᠶᠢᠨ ᠬᠦᠳᠡᠯᠭᠡᠭᠡᠨ ᠳᠤ ᠰᠤᠷᠭᠠᠭᠤᠯᠢ ᠠᠴᠠ ᠨᠢ ᠲᠡᠭᠦᠨ ᠤ ᠬᠢᠴᠢᠶᠡᠯ ᠢ | ᠰᠤᠨᠤᠰᠬᠤ ᠪᠠᠷ ᠲᠤᠬᠢᠷᠠᠭᠤᠯᠪᠠ᠃ ᠰᠦᠨᠢᠵᠢᠨ ᠰᠠᠭᠤᠵᠤ ᠪᠡᠯᠡᠳᠬᠡᠭᠰᠡᠨ ᠲᠡᠭᠦᠨ ᠤ ᠬᠢᠴᠢᠶᠡᠯᠯᠡᠭᠡ ᠬᠡᠳᠦ᠋ᠢᠪᠡᠷ | ᠪᠡᠯᠡᠳᠬᠡᠯ ᠲᠦᠭᠦᠭᠡᠷᠤᠮᠵᠢ ᠭᠦᠢᠴᠡᠳ ᠰᠠᠶᠢᠨ ᠪᠠᠶᠢᠭᠰᠠᠨ ᠴᠦ ᠬᠡᠯᠡᠵᠤ ᠶᠠᠷᠢᠬᠤ ᠬᠦᠰᠢᠭᠦᠨ ᠠᠴᠠ ᠪᠤᠯᠵᠤ ᠰᠠᠶᠢᠨ | ᠦᠨᠡᠯᠡᠯᠳᠡ ᠶᠢ ᠤᠯᠵᠤ ᠲᠡᠶᠢᠯᠦᠭᠰᠡᠨ ᠦᠭᠡᠢ᠃ ᠶᠡᠷᠤ ᠠᠴᠠ ᠢᠯᠠᠭᠳᠠᠵᠤ ᠦᠩᠭᠡᠷᠡᠭᠰᠡᠨ ᠦᠭᠡᠢ ᠲᠡᠭᠦᠨ ᠳᠤ ᠡ᠊ᠨᠡ ᠭᠦ | ᠶᠠᠪᠤᠳᠠᠯ ᠨᠢ ᠲᠤᠩ ᠶᠡᠭᠡ ᠴᠤᠬᠢᠯᠳᠠ ᠪᠤᠯᠵᠤ ᠲᠡᠷᠡ ᠮᠠᠨᠢ ᠨᠡᠩ ᠢᠯᠡᠬᠦᠤ ᠰᠢᠳᠤ ᠵᠠᠭᠤᠵᠤ ᠪᠤᠢ ᠪᠦᠬᠦᠢ ᠴᠠᠭ ᠢᠶᠠᠨ | ᠵᠠᠷᠤᠴᠠᠭᠤᠯᠵᠤ ᠬᠢᠳᠡᠳ ᠦᠭᠡ ᠶᠠᠷᠢᠵᠤ ᠪᠤᠯᠪᠠᠰᠤᠷᠠᠬᠤ ᠲᠡᠭᠡᠷ᠎ᠡ ᠬᠦᠴᠤ ᠲᠠᠯᠪᠢᠵᠠᠢ᠃ ᠲᠡᠷᠡ ᠮᠠᠨᠢ ᠪᠤᠰᠤᠳ ᠲᠠᠢ | ᠢᠳᠡᠪᠬᠢᠳᠡᠢ ᠬᠠᠷᠢᠯᠴᠠᠵᠤ ᠬᠦᠳᠡᠯᠦᠩᠭᠦᠢ ᠪᠠᠷ ᠬᠠᠮᠳᠤ ᠠᠵᠢᠯᠯᠠᠭᠴᠢ ᠪᠠᠨ ᠡᠷᠢᠵᠤ ᠵᠤᠭᠤᠭᠳᠠᠨ ᠬᠢᠳᠡᠳ ᠦᠭᠡ ᠪᠠᠨ | ᠪᠠᠷᠢᠮᠵᠢᠶ᠎ᠠ ᠪᠠᠷ ᠶᠠᠷᠢᠵᠤ ᠰᠤᠷᠬᠤ ᠶᠢᠨ ᠲᠠᠭᠠᠤ ᠡᠭᠦᠷᠭᠡᠯᠡᠭᠰᠡᠨ ᠬᠢᠴᠢᠶᠡᠯ ᠢᠶᠠᠨ ᠰᠠᠶᠢᠨ ᠵᠢᠭᠠᠬᠤ ᠪᠠᠷ ᠲᠤᠩ ᠶᠡᠭᠡ | ᠬᠦᠴᠤ ᠭᠠᠷᠭᠠᠵᠤ ᠨᠦᠬᠦᠴᠡᠯ ᠪᠤᠯᠤᠯᠴᠠᠭ᠎ᠠ ᠪᠦᠬᠦᠨ ᠢ ᠠᠯᠳᠠᠯ ᠦᠭᠡᠢ ᠠᠰᠢᠭᠯᠠᠵᠤ ᠬᠤᠷᠳᠤᠨ ᠮᠤᠷᠢᠨ ᠳᠤ ᠲᠠᠰᠢᠭᠤᠷ | ᠲᠠᠯᠪᠢᠵᠤ ᠵᠢᠷᠦᠬᠡᠨ ᠲᠠᠮᠢᠷ ᠢᠶᠠᠨ ᠰᠢᠪᠬᠠᠵᠤ ᠴᠢᠷᠮᠠᠶᠢᠯ᠎ᠠ ᠁ ᠦᠳᠡᠰᠢ ᠪᠤᠯᠭᠠᠨ ᠰᠦᠨᠢ ᠲᠤᠮᠳᠠ ᠪᠤᠯᠳᠠᠯ᠎ᠠ | ᠰᠤᠷᠤᠯᠴᠠᠨ᠎ᠠ᠂ ᠰᠤᠳᠤᠯᠤᠨ᠎ᠠ᠃ ᠴᠢᠪᠠᠭ᠎ᠠ ᠶᠢᠨ ᠦᠳᠡᠰᠢ ᠲᠤᠭ ᠨᠦᠢᠷ ᠲᠤ ᠪᠠᠨ ᠵᠡᠭᠦᠷᠮᠡᠭᠯᠡᠴᠢᠬᠡᠭᠰᠡᠨ ᠪᠠᠶᠢᠬᠤ ᠳᠤ | ᠭᠠᠭᠴᠠ ᠲᠡᠷᠡ ᠮᠠᠨᠢ ᠠᠯᠪᠠᠨ ᠭᠡᠷ ᠲᠤ ᠪᠠᠨ ᠲᠤᠯᠤᠭᠠᠢ ᠦᠨᠳᠡᠶᠢᠯ ᠦᠭᠡᠢ ᠰᠤᠷᠤᠯᠴᠠᠭᠰᠠᠭᠠᠷ ᠁ ᠲᠡᠭᠦᠨ ᠳᠤ | ᠪᠠᠷ᠎ᠠ ᠪᠤᠯᠳᠠᠭ ᠭᠠᠭᠴᠠ ᠵᠦᠢᠯ ᠭᠡᠪᠡᠯ ᠬᠤᠶᠢᠳᠤ ᠬᠠᠶᠠᠭᠠᠨ ᠲᠡᠭᠡᠷ᠎ᠡ ᠲᠡᠭᠦᠵᠢᠯᠡᠵᠤ ᠪᠠᠶᠢᠭ᠎ᠠ ᠡᠯᠭᠦᠭᠡᠷᠳᠤ ᠴᠠᠭ᠃ | ᠲᠡᠷᠡ ᠮᠠᠨᠢ ᠡᠳᠤᠷ ᠤᠨ ᠲᠦᠯᠦᠪᠯᠡᠭᠡ᠂ ᠮᠠᠷᠭᠠᠰᠢ ᠶᠢᠨ ᠪᠡᠯᠡᠳᠬᠡᠮᠵᠢ ᠪᠠᠨ ᠪᠦᠬᠦᠨ ᠢ ᠲᠢᠭ ᠲᠠᠭ ᠪᠤᠯᠭᠠᠵᠤ | ᠲᠠᠯᠪᠢᠭᠠᠳ ᠬᠦᠰᠢᠵᠤ ᠶᠠᠳᠠᠷᠠᠭᠰᠠᠨ ᠮᠦᠷᠤ ᠲᠠᠯᠤ ᠪᠠᠨ ᠰᠢᠯᠭᠡᠭᠡᠵᠤ ᠰᠠᠨᠳᠠᠯᠢ ᠶᠢᠨ ᠲᠦᠰᠢᠯᠭᠡ ᠪᠠᠨ ᠨᠠᠯᠠᠵᠤ ᠪᠠᠭ᠋ᠠᠨ | ᠠᠮᠤᠰᠭᠢᠬᠤ ᠵᠠᠪᠰᠠᠷ ᠢᠶᠠᠨ ᠡᠷᠬᠡ ᠦᠭᠡᠢ ᠪᠤᠳᠤᠯ ᠤᠨ ᠲᠠᠯᠠᠢ ᠳᠤ ᠱᠤᠩᠪᠠᠵᠤ ᠡᠭᠢᠯᠡᠨ᠎ᠡ ᠁ ᠲᠡᠷᠡ ᠮᠠᠨᠢ | ᠲᠡᠭᠷᠢ ᠳᠤ ᠵᠡᠭᠦᠷᠮᠡᠭᠯᠡᠵᠤ ᠪᠠᠶᠢᠭ᠎ᠠ ᠤᠳᠤᠳ ᠢ ᠬᠠᠷᠠᠵᠤ ᠮᠡᠯᠡᠷᠡᠳᠡᠭ᠂ ᠨᠤᠳᠤᠭ ᠲᠤ ᠪᠠᠨ ᠪᠠᠶᠢᠬᠤ ᠳᠤ ᠬᠡᠭᠡᠷ᠎ᠡ | ᠭᠠᠳᠠᠭ᠎ᠠ ᠤᠳᠤᠳ ᠢ ᠬᠠᠷᠠᠭᠠᠳ ᠬᠡᠪᠳᠡᠵᠤ ᠪᠠᠶᠢᠬᠤ ᠳᠤ ᠤᠶᠤᠨ ᠲᠠᠷᠢᠬᠢᠨ ᠳᠤ ᠨᠢ ᠲᠦᠭᠦᠷᠡᠩ ᠬᠦᠰᠡᠯ ᠮᠦᠷᠦᠭᠡᠳᠤᠯ | ᠬᠠᠯᠭᠢᠨ ᠴᠠᠯᠭᠢᠨ ᠤᠷᠤᠵᠤ ᠢᠷᠡᠳᠡᠭ ᠪᠠᠶᠢᠭᠰᠠᠨ ᠶᠤᠮ᠂ ᠤᠳᠤᠨ ᠠᠴᠠ ᠤᠯᠠᠨ ᠠᠮᠵᠢᠯᠳᠠ ᠪᠦᠳᠦᠭᠡᠯ ᠭᠠᠷᠭᠠᠬᠤ | ᠭᠡᠰᠡᠨ ᠭᠤᠶᠤ ᠰᠠᠶᠢᠬᠠᠨ ᠬᠦᠰᠡᠯ ᠬᠦᠪᠦᠷᠡᠭᠦᠯᠵᠤ ᠁ ᠶᠡᠷᠤ ᠨᠢ ᠲᠡᠭᠡᠭᠡᠳ ᠤᠳᠤᠳ ᠢ ᠬᠠᠷᠠᠵᠤ ᠬᠡᠪᠳᠡᠵᠤ | ᠪᠠᠶᠢᠬᠤ ᠳᠤ ᠯᠡ ᠲᠡᠭᠦᠨ ᠤ ᠮᠠᠨᠢ ᠮᠦᠷᠦᠭᠡᠳᠤᠯ ᠤᠳᠤᠨ ᠳᠤ ᠬᠦᠷᠴᠤ ᠲᠡᠶᠢᠯᠳᠡᠭ ᠶᠤᠮ ᠰᠢᠭ︕ ᠲᠡᠷᠡ ᠮᠠᠨᠢ | ᠬᠦᠭᠡᠷᠦᠬᠦᠢ ᠦᠷᠭᠦᠯᠵᠢ ᠬᠦᠳᠡᠭᠡ ᠭᠡᠷ᠂ ᠬᠡᠤᠬᠡᠳ ᠨᠠᠰᠤ ᠪᠠᠨ ᠰᠠᠨᠠᠵᠤ ᠮᠦᠷᠦᠭᠡᠳᠳᠡᠭ᠃ ᠠᠯᠢ ᠪᠠᠶᠢᠭᠰᠠᠨ ᠢᠶᠠᠨ | ᠤᠷᠬᠢᠭᠠᠳ ᠠᠪᠤ ᠡᠵᠢ ᠳᠤ ᠪᠠᠨ ᠬᠦᠶᠦᠭᠡᠳ ᠤᠴᠢᠮᠠᠷ ᠰᠠᠨᠠᠭᠳᠠᠨ᠎ᠠ᠃ ᠦᠳᠡᠯᠦᠭᠡ ᠪᠤᠯᠤᠭᠰᠠᠨ ᠠᠪᠤ ᠡᠵᠢ ᠨᠢ | ᠬᠠᠶᠢᠷᠠᠳᠤ ᠬᠡᠤᠬᠡᠨ ᠤ ᠪᠠᠨ ᠠᠮᠵᠢᠯᠳᠠ ᠪᠠᠷ ᠪᠠᠭ᠋ᠠᠷᠬᠠᠵᠤ ᠲᠤᠭᠳᠤᠯᠵᠤ ᠨᠤᠳᠤᠭ ᠤᠨ ᠤᠯᠠᠨ ᠳᠤ ᠪᠠᠨ ᠭᠠᠶᠢᠬᠠᠭᠤᠯᠵᠤ | ᠰᠠᠭᠤᠭ᠎ᠠ ᠪᠠᠶᠢᠬᠤ ᠳ᠋ᠠ᠂ ᠪᠢ ᠵᠠᠪᠠᠯ ᠠᠮᠵᠢᠯᠳᠠ ᠭᠠᠷᠭᠠᠬᠤ ᠭᠡᠷᠡᠭᠳᠡᠢ᠂ ᠵᠠᠪᠠᠯ ᠨᠡᠶᠢᠭᠡᠮ ᠨᠡᠶᠢᠳᠡ ᠳᠤ ᠮᠡᠳᠡᠷᠡᠭᠳᠡᠭᠰᠡᠨ | ᠰᠠᠶᠢᠨ ᠪᠠᠭᠰᠢ ᠪᠤᠯᠬᠤ ᠭᠡᠷᠡᠭᠳᠡᠢ ᠭᠡᠵᠤ ᠦᠷᠭᠦᠯᠵᠢ ᠶᠠᠷᠢᠳᠠᠭ ᠵᠢᠷᠦᠬᠡᠨ ᠤ ᠭᠦᠨ ᠳᠠᠬᠢ ᠠᠮᠠᠨ ᠲᠠᠷᠨᠢ ᠪᠠᠨ ᠰᠠᠨᠠᠵᠤ | ᠤᠯᠬᠤ ᠲᠠᠢ ᠵᠡᠷᠭᠡ ᠵᠤᠷᠢᠭ ᠨᠢ ᠬᠦᠪᠴᠢᠯᠡᠭᠳᠡᠭᠡᠳ ᠢᠷᠡᠳᠡᠭ᠃ ︽ᠵᠤᠷᠢᠭ ᠬᠦᠮᠦᠨ ᠢ ᠲᠡᠵᠢᠭᠡᠳᠡᠭ ᠠᠴᠠ ᠪᠢᠰᠢ᠂ | ᠨᠢᠯᠪᠤᠰᠤ ᠬᠦᠮᠦᠨ ᠢ ᠲᠡᠵᠢᠭᠡᠳᠡᠭ ᠦᠭᠡᠢ︾ ︽ᠵᠢᠷᠦᠬᠡᠨ ᠳᠤ ᠪᠠᠨ ᠭᠠᠯ ᠲᠠᠢ ᠪᠠᠶᠢᠭᠰᠠᠨ ᠴᠠᠭ ᠲᠤ ᠵᠢᠳᠬᠦᠯ ᠮᠢᠨᠢ | ᠯᠠᠪᠳᠠᠢ ᠠᠮᠵᠢᠯᠳᠠ ᠤᠯᠤᠨ᠎ᠠ︾ ᠭᠡᠵᠤ ᠲᠡᠷᠡ ᠰᠢᠳᠤ ᠵᠠᠭᠤᠨ᠎ᠠ ᠁ ᠠᠰᠠᠷ ᠤᠨ ᠴᠠᠭᠠᠭᠤᠷ ᠦᠷ ᠮᠠᠩᠬᠠᠶᠢᠵᠤ | ᠡᠬᠢᠯᠡᠯ᠎ᠡ᠂ ᠬᠠᠢ ᠯᠦᠩ ᠮᠠᠨᠢ ᠡ᠊ᠨᠡ ᠭᠦ ᠦᠷ ᠤᠨ ᠭᠡᠭᠡ ᠶᠢ ᠦᠷᠯᠦᠭᠡ ᠪᠤᠯᠭᠠᠨ ᠯᠠᠪ ᠴᠢᠪᠠᠭ᠎ᠠ ᠵᠡᠭᠡᠯᠢ ᠶᠢᠨ ᠪᠦᠬᠦ | ᠬᠦᠮᠦᠨ ᠤ ᠲᠤᠳᠤᠷ᠎ᠠ ᠠᠴᠠ ᠬᠠᠮᠤᠭ ᠤᠨ ᠲᠦᠷᠦᠭᠦᠨ ᠳᠤ ᠤᠯᠵᠤ ᠬᠠᠷᠠᠳᠠᠭ ᠬᠦᠮᠦᠨ ᠪᠠᠶᠢᠵᠤ ᠲᠠᠭᠠᠷᠠᠨ᠎ᠠ᠃ | ᠢᠩᠬᠢᠵᠤ ᠰᠢᠳᠤ ᠵᠠᠭᠤᠵᠤ ᠬᠦᠴᠢᠷ ᠪᠦᠬᠦᠨ ᠢ ᠢᠯᠡᠨ ᠲᠠᠪᠠᠭᠰᠠᠭᠠᠷ ᠨᠢᠭᠡ ᠮᠡᠳᠡᠬᠦ ᠳᠤ ᠯᠡ ᠬᠠᠢ ᠯᠦᠩ ᠮᠠᠨᠢ ᠡᠷᠡᠰ | ᠬᠤᠪᠢᠷᠠᠯᠳᠠ ᠲᠠᠢ ᠪᠤᠯᠴᠢᠬᠠᠵᠤ ᠁ ᠤᠬᠤᠷᠬᠠᠨ ᠬᠡᠳᠤᠬᠡᠨ ᠵᠢᠯ ᠤᠨ ᠬᠤᠭᠤᠴᠠᠭ᠎ᠠ ᠲᠤᠳᠤᠷ᠎ᠠ ᠲᠡᠷᠡ ᠮᠠᠨᠢ | ᠬᠡᠯᠡᠵᠤ ᠶᠠᠷᠢᠬᠤ ᠳᠤ ᠪᠠᠨ ᠪᠤᠯᠪᠠᠰᠤᠷᠠᠩᠭᠤᠢ ᠲᠠᠳᠮᠠᠭᠠᠢ ᠪᠤᠯᠵᠤ ᠤᠯᠠᠨ ᠤ ᠪᠠᠨ ᠲᠤᠮᠳᠠ ᠪᠠᠨ ᠭᠢᠯᠠᠷᠠᠭᠤᠯᠵᠤ | ᠡᠬᠢᠯᠡᠵᠡᠢ᠃ ᠢᠩᠭᠢᠭᠰᠡᠨ ᠢᠶᠠᠷ ᠡᠯ᠎ᠡ ᠵᠦᠢᠯ ᠤᠨ ᠤᠷᠤᠯᠳᠤᠭᠠᠨ ᠮᠦᠷᠦ᠋ᠢᠴᠡᠭᠡᠨ ᠳᠤ ᠲᠡᠷᠡ ᠮᠠᠨᠢ ᠰᠤᠷᠭᠠᠭᠤᠯᠢ | ᠨᠢᠭᠡᠴᠢ ᠪᠠᠨ ᠲᠦᠯᠦᠭᠡᠯᠡᠨ ᠤᠷᠤᠯᠴᠠᠳᠠᠭ ᠪᠤᠯᠤᠯ᠎ᠠ᠃ ᠬᠠᠢ ᠯᠦᠩ ᠮᠠᠨᠢ ᠤᠳᠠᠭ᠎ᠠ ᠤᠳᠠᠭ᠎ᠠ ᠠᠴᠠ ᠪᠠᠨ ᠬᠦᠴᠦᠷᠬᠡᠭ | ᠪᠤᠯᠵᠤ ᠤᠷᠢᠳ ᠬᠤᠵᠢᠳ ︽ᠰᠢᠯᠢᠳᠡᠭ ᠨᠠᠮ ᠤᠨ ᠭᠡᠰᠢᠭᠦᠨ︾ ︽ᠰᠢᠯᠢᠳᠡᠭ ᠠᠩᠭᠢ ᠶᠢᠨ ᠡᠷᠬᠢᠯᠡᠭᠴᠢ︾ ︽ᠰᠢᠯᠢᠳᠡᠭ | ᠵᠢᠭᠠᠨ ᠰᠤᠷᠭᠠᠬᠤ ᠴᠢᠳᠠᠪᠤᠷᠢᠳᠠᠨ︾ ︽ᠦᠨᠳᠤᠰᠦᠳᠡᠨ ᠤ ᠪᠦᠯᠬᠦᠮᠳᠡᠯ ᠲᠠᠪᠰᠢᠯᠳᠠ ᠶᠢᠨ ᠵᠢᠱᠢᠶᠡᠴᠢ ᠲᠡᠷᠢᠭᠦᠨ︾ ᠵᠡᠷᠭᠡ | ᠱᠠᠩᠨᠠᠯ ᠭᠦᠬᠢᠬᠦᠯᠦᠯ ᠢᠶᠠᠷ ᠰᠤᠷᠭᠠᠨ ᠬᠦᠮᠦᠵᠢᠯ ᠤᠨ ᠰᠢᠰᠲ᠋ᠧᠮ ᠢ ᠲᠤᠷᠭᠢᠭᠤᠯᠵᠤ ᠲᠤᠩᠰᠤᠯᠭᠠᠯ᠎ᠠ᠃ ᠮᠦᠨ ᠴᠦ | ᠨᠠᠢᠮᠠᠨ ᠮᠤᠵᠢ ᠤᠷᠤᠨ ᠤ ᠦᠨᠳᠤᠰᠤᠨ ᠴᠢᠳᠠᠪᠤᠷᠢ ᠶᠢᠨ ᠤᠷᠤᠯᠳᠤᠭᠠᠨ ᠤ ᠬᠤᠶᠠᠳᠤᠭᠠᠷ ᠲᠡᠰ᠂ ︽ᠪᠦᠬᠦ ᠬᠤᠳᠠ ᠶᠢᠨ | ᠪᠠᠭ᠎ᠠ ᠰᠤᠷᠭᠠᠭᠤᠯᠢ ᠶᠢᠨ ᠲᠤᠭᠠᠨ ᠤ ᠤᠬᠠᠭᠠᠨ ᠤ ︿ᠭᠤᠷᠪᠠᠨ ᠠᠯᠬᠤᠮᠳᠤ ᠵᠢᠭᠠᠬᠤ ᠠᠷᠭ᠎ᠠ﹀ ᠶᠢᠨ ᠰᠤᠳᠤᠯᠤᠨ | ᠶᠠᠷᠢᠯᠴᠠᠬᠤ ᠬᠤᠷᠠᠯ ᠲᠡᠭᠡᠷᠡᠬᠢ ᠦᠵᠡᠭᠦᠯᠭᠡ ᠶᠢᠨ ᠬᠢᠴᠢᠶᠡᠯᠯᠡᠭᠡ︾ ᠶᠢᠨ ᠬᠤᠶᠠᠳᠤᠭᠠᠷ ᠲᠡᠰ᠂ ᠠᠷᠤ ᠬᠤᠷᠴᠢᠨ | ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠵᠢᠱᠢᠶᠡᠴᠢ ᠪᠠᠭᠰᠢ ᠵᠢᠴᠢ ᠲᠡᠭᠦᠨ ᠤ ᠲᠤᠭᠤᠷᠪᠢᠭᠰᠠᠨ ︽ᠪᠠᠭ᠎ᠠ | ᠰᠤᠷᠭᠠᠭᠤᠯᠢ ᠶᠢᠨ ᠲᠤᠭᠠᠨ ᠤ ᠤᠬᠠᠭᠠᠨ ᠤ ᠬᠢᠴᠢᠶᠡᠯᠯᠡᠭᠡ ᠶᠢᠨ ᠦᠷ᠎ᠡ ᠪᠦᠳᠦᠮᠵᠢ ᠶᠢ ᠬᠡᠷᠬᠢᠨ ᠲᠡᠭᠡᠭᠰᠢᠯᠡᠭᠦᠯᠬᠦ | ᠪᠤᠢ︾ ᠭᠡᠳᠡᠭ ᠰᠡᠳᠤᠪ ᠤᠨ ᠲᠤᠭᠤᠷᠢᠨ ᠳᠤ ᠪᠢᠴᠢᠭᠰᠡᠨ ᠬᠡᠳᠤᠨ ᠦᠭᠦᠯᠡᠯ ᠨᠢ ᠤᠷᠢᠳ ᠬᠤᠵᠢᠳ ᠤᠯᠤᠰ ᠤᠷᠤᠨ ᠤ | ᠰᠢᠯᠭᠠᠷᠠᠭᠤᠯᠤᠯᠳᠠ ᠳᠤ ᠲᠡᠷᠢᠭᠦᠨ ᠲᠡᠳ᠋ ᠲᠤ ᠲᠤᠳᠤᠷᠠᠵᠤ ᠰᠤᠷᠭᠠᠭᠤᠯᠢ ᠨᠢᠭᠡᠴᠢ ᠶᠢᠨ ᠢᠶᠠᠨ ᠨᠡᠷ᠎ᠡ ᠠᠯᠳᠠᠷ ᠢ | ᠲᠠᠭᠤᠷᠢᠰᠤᠭᠤᠯᠵᠤ ᠴᠢᠳᠠᠭᠰᠠᠨ ᠪᠠᠶᠢᠨ᠎ᠠ᠃ ᠦᠭᠡᠳᠡᠷᠬᠡᠭ ᠦᠢᠯᠡ ᠨᠢ ᠤᠷᠮ᠎ᠠ ᠪᠠᠬ᠎ᠠ ᠶᠢ ᠬᠦᠭᠵᠢᠭᠡᠵᠤ ᠢᠳᠡᠭᠡᠯ | ᠵᠤᠷᠢᠭ ᠢ ᠡᠷᠴᠢᠯᠡᠬᠦ ᠴᠡᠨᠡᠭ ᠲᠠᠢ ᠪᠤᠯᠬᠤᠷ ᠲᠡᠷᠡ ᠤᠷᠮᠠᠰ ᠪᠠ ᠲᠤᠭᠳᠤᠯᠤᠯ᠂ ᠤᠬᠠᠭᠠᠷᠠᠯ ᠪᠠ ᠪᠤᠯᠪᠠᠰᠤᠷᠠᠯ ᠤᠨ | ᠲᠤᠮᠳᠠ ᠠᠰᠠᠨ ᠪᠠᠳᠠᠷᠠᠬᠤ ᠶᠢᠨ ᠢᠳᠡ ᠬᠦᠴᠦᠨ ᠢ ᠲᠦᠷᠡᠯᠵᠡᠭᠦᠯᠦᠭᠰᠡᠭᠡᠷ ᠨᠡᠩ ᠪᠦᠷᠢᠨᠰᠢᠭᠰᠡᠨ᠂ ᠨᠡᠩ | ᠲᠤᠷᠰᠢᠯᠭᠠᠵᠢᠭᠰᠠᠨ ᠰᠢᠯᠢᠳᠡᠭ ᠭᠠᠷ ᠪᠤᠯᠵᠤ ᠵᠤᠬᠢᠶᠠᠨ ᠪᠠᠶᠢᠭᠤᠯᠤᠯᠳᠠ ᠠᠴᠠ ᠲᠡᠭᠦᠨ ᠢ ᠬᠤᠰᠢᠭᠤᠨ ᠤ ᠮᠤᠩᠭᠤᠯ | ᠪᠠᠭ᠎ᠠ ᠰᠤᠷᠭᠠᠭᠤᠯᠢ ᠳᠤ ᠠᠮᠤᠷ ᠲᠦᠪᠰᠢᠨ ᠤ ᠡᠷᠬᠢᠯᠡᠭᠴᠢ ᠪᠠᠷ ᠲᠤᠮᠢᠯᠠᠪᠠ᠃ ᠲᠡᠭᠦᠨ ᠤ ᠮᠦᠷᠤᠨ ᠳᠤ | ᠲᠠᠯᠪᠢᠭᠳᠠᠭᠰᠠᠨ ᠡᠭᠦᠷᠭᠡ ᠬᠦᠨᠳᠤ ᠮᠦᠷᠳᠡᠭᠡᠨ ᠬᠡᠴᠡᠭᠦᠤ᠃ ᠨᠢᠭᠡ ᠰᠤᠷᠭᠠᠭᠤᠯᠢ ᠶᠢᠨ ᠪᠦᠬᠦ ᠲᠠᠯ᠎ᠠ ᠶᠢᠨ ᠠᠮᠤᠷ | ᠲᠦᠪᠰᠢᠨ ᠢ ᠡᠰᠡᠨ ᠮᠡᠨᠳᠤ ᠡᠩᠬᠡ ᠰᠠᠶᠢᠬᠠᠨ ᠠᠪᠴᠤ ᠶᠠᠪᠤᠨ᠎ᠠ ᠭᠡᠳᠡᠭ ᠬᠢᠯᠪᠠᠷ ᠪᠤᠰᠤ᠃ ᠲᠡᠭᠡᠷ᠎ᠡ ᠨᠢ ᠲᠡᠷᠡ ᠮᠠᠨᠢ | ᠪᠠᠰᠠ ᠠᠩᠬᠢ ᠶᠢᠨ ᠡᠷᠬᠢᠯᠡᠭᠴᠢ ᠶᠢᠨ ᠠᠵᠢᠯ᠂ ᠬᠢᠴᠢᠶᠡᠯ ᠲᠦᠷᠦᠯ ᠤᠨ ᠠᠵᠢᠯ ᠢ ᠲᠠᠭᠠᠭᠠᠴᠢᠯᠠᠨ ᠡᠭᠦᠷᠭᠡᠯᠡᠵᠤ ᠠᠯᠢ | ᠠᠯᠢᠨ ᠳᠤ ᠨᠢ ᠴᠤ ᠭᠠᠪᠰᠢᠭᠠᠶᠢᠯᠠᠵᠤ ᠬᠤᠰᠢᠭᠤᠷᠠᠵᠤ ᠶᠠᠪᠤᠨ᠎ᠠ᠃ ᠮᠦᠨ ᠴᠦ ᠪᠠᠰᠠ ᠲᠡᠭᠦᠨ ᠤ ᠰᠤᠳᠤᠯᠤᠨ | ᠶᠠᠪᠤᠭᠳᠠᠭᠤᠯᠵᠤ ᠪᠠᠶᠢᠭ᠎ᠠ ︽ᠪᠠᠭ᠎ᠠ ᠰᠤᠷᠭᠠᠭᠤᠯᠢ ᠶᠢᠨ ᠲᠤᠭᠠᠨ ᠤ ᠤᠬᠠᠭᠠᠨ ᠤ ᠭᠤᠷᠪᠠᠨ ᠠᠯᠬᠤᠮᠳᠤ ᠵᠢᠭᠠᠨ | ᠰᠤᠷᠭᠠᠬᠤ ᠰᠤᠳᠤᠯᠭᠠᠨ ᠤ ᠠᠵᠢᠯ︾ ᠢᠶᠠᠨ ᠪᠦᠬᠦ ᠤᠷᠤᠨ ᠲᠠᠶᠠᠭᠠᠷ᠂ ᠲᠡᠷᠡᠴᠢᠯᠡᠨ ᠪᠦᠬᠦ ᠤᠯᠤᠰ ᠲᠠᠶᠠᠭᠠᠷ ᠲᠤ | ᠰᠠᠶᠢᠨ ᠦᠷ᠎ᠡ ᠪᠦᠳᠦᠮᠵᠢ ᠦᠵᠡᠭᠦᠯᠬᠦ ᠭᠡᠵᠤ ᠪᠤᠢ ᠪᠦᠬᠦᠢ ᠬᠦᠴᠤ ᠬᠦᠯᠦᠰᠤ᠂ ᠤᠶᠤᠨ ᠤᠬᠠᠭᠠᠨ ᠢᠶᠠᠨ ᠰᠢᠪᠬᠠᠵᠤ | ᠴᠢᠷᠮᠠᠶᠢᠨ ᠠᠵᠢᠯᠯᠠᠵᠤ ᠶᠠᠪᠤᠨ᠎ᠠ᠃ ᠮᠦᠨ ᠴᠦ ᠡᠭᠦᠨ ᠤ ᠪᠠᠨ ᠲᠤᠭᠤᠷᠢᠨ ᠳᠤ ᠬᠢᠴᠢᠶᠡᠯ ᠲᠠᠶᠢᠯᠤᠮᠵᠢ ᠬᠢᠵᠤ ᠵᠠᠯᠠᠭᠤ | ᠪᠠᠭᠰᠢ ᠨᠠᠷ ᠢ ᠪᠠᠨ ᠲᠠᠶᠢᠴᠢᠯᠠᠨ ᠲᠠᠭᠠᠭᠤᠯᠵᠤ ᠬᠦᠮᠦᠵᠢᠭᠦᠯᠦᠨ ᠪᠤᠯᠪᠠᠰᠤᠷᠠᠭᠤᠯᠵᠤ ᠶᠠᠪᠤᠨ᠎ᠠ᠃ ︽ᠴᠢᠷᠮᠠᠶᠢᠯᠭ᠎ᠠ | ᠬᠦᠮᠦᠨ ᠢ ᠭᠤᠮᠤᠳᠠᠭᠠᠳᠠᠭ ᠦᠭᠡᠢ︾ ᠭᠡᠳᠡᠭ ᠤᠷᠤ ᠲᠠᠢ ᠦᠭᠡ ᠪᠠᠶᠢᠵᠠᠢ᠃ ᠬᠢᠭᠰᠡᠨ ᠠᠵᠢᠯ ᠨᠢ ᠤᠯᠠᠨ ᠳᠤ | ᠮᠡᠳᠡᠷᠡᠭᠳᠡᠭᠡᠳ ᠢᠷᠡᠬᠦ ᠪᠠᠷ ᠨᠡᠶᠢᠭᠡᠮ ᠨᠡᠶᠢᠳᠡ ᠪᠠᠷ ᠢᠶᠠᠨ ᠲᠡᠭᠦᠨ ᠢ ᠪᠢᠰᠢᠷᠡᠨ ᠪᠠᠭ᠋ᠠᠷᠬᠠᠵᠤ ᠲᠡᠷᠡ ᠮᠠᠨᠢ ᠨᠡᠷ᠎ᠡ | ᠨᠢᠳᠡᠷ ᠲᠤ ᠪᠠᠨ ᠲᠡᠩᠴᠡᠭᠰᠡᠨ ᠰᠢᠯᠢᠳᠡᠭ ᠨᠠᠮ ᠤᠨ ᠭᠡᠰᠢᠭᠦᠨ᠂ ᠰᠢᠯᠢᠳᠡᠭ ᠤᠳᠤᠷᠢᠳᠬᠤ ᠺᠠᠳ᠋ᠷ ᠤᠨ ᠬᠢᠷᠢ ᠶᠢ | ᠪᠦᠷᠢᠯᠳᠦᠭᠦᠯᠵᠤ ᠴᠢᠪᠠᠭ᠎ᠠ ᠮᠤᠩᠭᠤᠯ ᠪᠠᠭ᠎ᠠ ᠰᠤᠷᠭᠠᠭᠤᠯᠢ ᠳᠤ ᠲᠡᠳ᠋ ᠵᠠᠬᠢᠷᠤᠯ ᠪᠤᠯᠵᠤ ᠲᠠᠪᠰᠢᠪᠠ᠃ ᠡᠭᠦᠨ ᠳᠤ ᠬᠠᠢ | ᠯᠦᠩ ᠮᠠᠨᠢ ᠡᠳᠡᠭᠡᠷ ᠠᠮᠵᠢᠯᠳᠠ ᠳᠤ ᠪᠠᠨ ᠰᠡᠳᠬᠢᠯ ᠬᠠᠨᠤᠭᠠᠳ ᠯᠡ ᠰᠠᠭᠤᠭᠰᠠᠨ ᠪᠢᠰᠢ᠂ ᠲᠡᠷᠡ ᠮᠠᠨᠢ ᠶᠡᠷᠤ ᠨᠢ ᠶᠠᠮᠠᠷ | ᠶᠡᠭᠡ ᠬᠦᠨᠳᠤ ᠡᠭᠦᠷᠭᠡ ᠶᠢ ᠬᠦᠯᠢᠶᠡᠭᠰᠡᠨ ᠴᠦ ᠡᠨᠡ ᠲᠡᠷᠡ ᠰᠢᠯᠳᠠᠭ ᠵᠢᠭᠠᠵᠤ ᠬᠤᠶᠢᠰᠢ ᠤᠬᠤᠷᠢᠯ ᠦᠭᠡᠢ ᠬᠠᠨᠴᠤᠢ | ᠰᠢᠮᠡᠯᠡᠨ ᠰᠢᠮᠳᠡᠭᠡᠳ ᠤᠷᠤᠳᠠᠭ ᠭᠡᠴᠡᠭᠦᠤ ᠭᠠᠷ ᠶᠤᠮ᠃ ᠲᠦᠷᠦᠭᠦᠭᠡᠨ ᠠᠷᠤ ᠬᠤᠷᠴᠢᠨ ᠳᠤ ᠠᠶᠤᠯᠳᠤ ᠬᠢᠵᠢᠭ | ᠨᠦᠷᠢᠨ ᠢᠷᠡᠬᠦ ᠳᠤ ᠲᠡᠷᠡ ᠮᠠᠨᠢ ᠰᠤᠷᠭᠠᠨ ᠬᠦᠮᠦᠵᠢᠯ ᠤᠨ ᠲᠤᠪᠴᠢᠶᠠᠨ ᠤ ᠪᠠᠴᠢᠮ ᠤᠳᠠᠰᠤ ᠶᠢ ᠲᠤᠰᠤᠮᠠᠭᠴᠠ | ᠰᠦᠨᠢ ᠲᠦᠯᠢ ᠪᠠᠷ ᠦᠪᠡᠷ ᠤᠨ ᠠᠩᠭ᠎ᠠ ᠨᠢᠯᠬ᠎ᠠ ᠪᠠᠨ ᠦᠳᠡᠯᠦᠭᠡ ᠪᠤᠭᠤᠷᠤᠯ ᠳᠤ ᠪᠠᠨ ᠬᠠᠶᠠᠵᠤ ᠦᠭᠭᠦᠭᠡᠳ ᠬᠠᠮᠳᠤ | ᠠᠵᠢᠯᠯᠠᠭᠴᠢ ᠠᠬ᠎ᠠ ᠲᠡᠭᠦᠤ ᠨᠠᠷ ᠢᠶᠠᠨ ᠲᠠᠭᠠᠭᠤᠯᠵᠤ ᠬᠢᠵᠢᠭ ᠤᠨ ᠡᠮᠦᠨ᠎ᠡ ᠹᠷᠤᠨᠲ ᠲᠤ ᠰᠢᠭᠤᠷᠬᠠᠶᠢᠯᠠᠨ ᠪᠠᠶᠢᠯᠳᠤᠵᠤ | ᠢᠯᠠᠯᠳᠠ ᠶᠢᠨ ᠲᠠᠭᠤᠨ ᠬᠠᠩᠭᠢᠨᠠᠬᠤ ᠪᠤᠯᠳᠠᠯ᠎ᠠ ᠭᠠᠪᠰᠢᠭᠠᠶᠢᠯᠠᠨ ᠲᠡᠮᠡᠴᠡᠵᠤ ᠡᠷᠦᠬᠡ ᠲᠠᠷᠠᠭᠠᠯᠠᠨ ᠪᠦᠭᠡᠮ ᠬᠦᠴᠢᠯ ᠤᠨ | ᠪᠠᠶᠢᠴᠠᠭᠠᠯᠳᠠ ᠬᠢᠵᠤ ᠪᠠᠶᠢᠴᠠᠭᠠᠭᠰᠠᠨ ᠦᠯᠢᠭᠡᠷ ᠡᠳ᠋ ᠢ ᠰᠢᠯᠭᠠᠨ ᠪᠠᠶᠢᠴᠠᠭᠠᠬᠤ ᠦᠷᠳᠡᠭᠡ ᠳᠤ ᠬᠦᠷᠭᠡᠬᠦ᠂ ᠲᠤᠭ᠎ᠠ | ᠪᠦᠷᠢᠳᠬᠡᠯ ᠤᠨ ᠠᠵᠢᠯ ᠢ ᠬᠠᠷᠭᠤᠭᠤᠯᠬᠤ ᠵᠡᠷᠭᠡ ᠠᠵᠢᠯ ᠳᠤ ᠡᠳᠤᠷ ᠰᠦᠨᠢ ᠦᠭᠡᠢ ᠰᠢᠷᠭᠠᠭᠤ ᠠᠵᠢᠯᠯᠠᠨ ᠦᠪᠡᠷ ᠤᠨ | ᠡᠷᠦᠬᠡ ᠭᠡᠷ᠂ ᠦᠷ᠎ᠡ ᠬᠡᠤᠬᠡᠳ᠂ ᠠᠷᠤ ᠭᠡᠷ ᠤᠨ ᠠᠳᠠᠯ ᠠᠮᠢᠳᠤᠷᠠᠯᠭ᠎ᠠ ᠪᠠᠨ ᠠᠷᠤ ᠳᠤ ᠪᠠᠨ ᠤᠷᠬᠢᠵᠤ ᠤᠳᠤᠭ᠎ᠠ | ᠦᠭᠡᠢ ᠲᠠᠶᠢᠨ ᠤ ᠡᠮᠦᠨ᠎ᠡ ᠹᠷᠤᠨᠲ ᠲᠤ ᠤᠷᠤᠨ ᠨᠤᠳᠤᠭ ᠤᠨ ᠢᠶᠠᠨ ᠡᠰᠡᠨ ᠮᠡᠨᠳᠤ ᠶᠢᠨ ᠲᠦᠯᠦᠭᠡ᠂ ᠤᠯᠠᠨ | ᠲᠦᠮᠡᠨ ᠤ ᠠᠮᠢ ᠨᠠᠰᠤᠨ ᠤ ᠠᠮᠤᠷ ᠲᠦᠪᠰᠢᠨ ᠤ ᠲᠦᠯᠦᠭᠡ ᠨᠢᠭᠡᠨ ᠦᠵᠦᠭᠦᠷᠳᠤ ᠰᠡᠳᠬᠢᠯ ᠢᠶᠠᠷ ᠤᠯᠠᠨ ᠤᠯᠠᠨ | ᠬᠦᠴᠢᠷ ᠪᠡᠷᠬᠡ ᠶᠢ ᠲᠤᠭᠤᠯᠤᠨ ᠲᠡᠮᠡᠴᠡᠵᠤ ᠴᠢᠷᠮᠠᠶᠢᠨ ᠠᠵᠢᠯᠯᠠᠵᠤ ᠢᠷᠡᠭᠰᠡᠨ ᠨᠢ ᠰᠤᠨᠤᠰᠤᠭᠰᠠᠨ ᠬᠦᠮᠦᠨ ᠪᠦᠬᠦᠨ ᠤ | ᠰᠡᠳᠬᠢᠯ ᠵᠢᠷᠦᠭᠡ ᠶᠢ ᠭᠦᠨ᠎ᠡ ᠲᠤᠭᠳᠤᠭᠤᠯᠤᠭᠰᠠᠨ ᠶᠤᠮ᠃ ᠲᠡᠷᠡ ᠪᠤᠯ ᠦᠨᠡᠭᠡᠷ ᠨᠢᠭᠡ ᠶᠡᠷᠤ ᠪᠤᠰᠤ ᠶᠢᠨ ᠡᠮᠡᠭᠳᠡᠢ | ᠪᠠᠭᠠᠳᠤᠷ ᠪᠤᠯᠬᠤ ᠶᠤᠮ᠃ | ᠨᠠᠷᠠ ᠤᠷᠭᠤᠬᠤ ᠳᠤ ᠨᠠᠪᠴᠢ ᠲᠡᠯᠭᠡᠷᠡᠨ᠎ᠡ᠂ ᠨᠠᠰᠤ ᠲᠦᠯᠵᠢᠬᠦ ᠳᠤ ᠪᠢᠯᠢᠭ ᠡᠰᠠᠨᠢᠨᠡ᠃ ᠤᠳᠤ ᠪᠤᠯᠬᠤ ᠳᠤ | ᠬᠠᠢ ᠯᠦᠩ ᠮᠠᠨᠢ ᠰᠤᠷᠭᠠᠭᠤᠯᠢ ᠶᠢᠨ ᠢᠶᠠᠨ ᠬᠦᠷᠢᠶᠡᠨ᠎ᠡ ᠬᠢᠴᠢᠶᠡᠯᠯᠡᠬᠦ ᠬᠤᠩᠬᠤᠨ ᠲᠠᠭᠤᠨ ᠢ ᠵᠢᠷᠭᠠᠯ ᠴᠠᠯᠭᠢᠳᠠᠯᠠ | ᠭᠢᠰᠭᠢᠯᠡᠨ ᠶᠠᠪᠤᠬᠤ ᠳᠤ ᠰᠡᠳᠬᠢᠯ ᠵᠢᠷᠦᠬᠡᠨ ᠳᠤ ᠨᠢ ᠪᠠᠶᠠᠷ ᠪᠠᠶᠠᠰᠤᠯ ᠬᠠᠯᠭᠢᠯᠠᠨ ᠴᠠᠯᠭᠢᠯᠠᠵᠤ ᠠᠮᠢᠳᠤᠷᠠᠯ ᠨᠢ | ᠰᠤᠯᠤᠩᠭᠠᠨ ᠲᠤᠯᠤᠭᠠᠨ ᠦᠩᠭᠡ ᠪᠠᠷ ᠮᠢᠷᠠᠯᠵᠠᠵᠤ ᠪᠠᠶᠢᠳᠠᠭ᠃ ᠠᠷᠢᠭᠤᠨ ᠬᠦᠳᠡᠯᠮᠦᠷᠢ ᠠᠴᠠ ᠠᠮᠵᠢᠯᠳᠠ ᠶᠢᠨ ᠴᠡᠴᠡᠭ | ᠲᠡᠯᠭᠡᠷᠡᠨ᠎ᠡ᠃ ᠡᠨᠡ ᠪᠤᠯ ᠲᠡᠭᠦᠨ ᠤ ᠬᠦᠴᠦ ᠬᠦᠯᠦᠰᠤ ᠠᠴᠠ ᠲᠡᠯᠭᠡᠷᠡᠭᠰᠡᠨ ᠠᠮᠢᠯᠠᠯ ᠤᠨ ᠪᠡᠯᠭᠡᠳᠤ ᠴᠡᠴᠡᠭ᠂ ᠬᠦᠰᠡᠯ | ᠬᠦᠭᠡᠭᠡᠴᠡᠯᠳᠤᠯ ᠠᠴᠠ ᠰᠤᠶᠤᠭᠠᠯᠠᠭᠰᠠᠨ ᠠᠮᠢᠵᠢᠷᠠᠯ ᠤᠨ ᠦᠨᠳᠤᠰᠤ ᠪᠤᠯᠬᠤ ᠤᠴᠢᠷᠳᠠᠢ᠃ ᠬᠦᠮᠦᠨ ᠭᠡᠳᠡᠭ ᠶᠡᠷᠤ ᠨᠢ | ᠦᠪᠡᠷ ᠤᠨ ᠬᠦᠰᠡᠵᠤ ᠰᠠᠨᠠᠭᠰᠠᠨ ᠢᠶᠠᠨ ᠪᠡᠶᠡᠯᠡᠬᠦᠯᠵᠤ ᠲᠡᠶᠢᠯᠦᠭᠰᠡᠨ ᠦᠶᠡᠰ ᠰᠡᠳᠬᠢᠯ ᠲᠤᠳᠤᠷ᠎ᠠ ᠨᠢ ᠬᠡᠵᠢᠶᠡᠳᠡ | ᠬᠠᠮᠤᠭ ᠤᠨ ᠲᠠᠶᠢᠪᠤᠭᠤᠨ ᠬᠠᠮᠤᠭ ᠤᠨ ᠲᠡᠨᠢᠭᠦᠬᠡᠨ ᠪᠤᠯᠳᠠᠭ᠃ ᠬᠠᠢ ᠯᠦᠩ ᠤᠨ ᠮᠠᠨᠢ ᠦᠭᠡᠳᠡ ᠠᠴᠠ ᠦᠯᠢᠶᠡᠬᠦ | ᠨᠤᠳᠤᠭ ᠤᠨ ᠬᠤᠩᠭᠤᠷ ᠰᠠᠯᠬᠢ ᠨᠢ ᠬᠦᠷᠳᠡᠯ᠎ᠡ ︽ᠪᠤᠯᠵᠤ ᠪᠠᠶᠢᠨ᠎ᠠ᠂ ᠬᠡᠤᠬᠡᠨ ᠮᠢᠨᠢ ᠪᠤᠯᠵᠤ ᠪᠠᠶᠢᠨ᠎ᠠ︾ ᠭᠡᠵᠤ | ᠴᠢᠬᠢᠨ ᠳᠤ ᠨᠢ ᠨᠠᠮᠤᠭᠤᠬᠠᠨ ᠰᠢᠪᠡᠨᠡᠭᠦ ᠰᠢᠭ᠂ ᠲᠤᠷᠭ᠎ᠠ ᠰᠢᠬ ᠨᠡᠮᠡᠭᠦᠬᠡᠨ ᠬᠠᠴᠠᠷ ᠢ ᠨᠢ ᠠᠶᠠᠷᠬᠠᠨ ᠢᠯᠪᠢᠬᠦ ᠰᠢᠭ | ᠲᠠᠭᠠᠳᠠᠶᠢᠬᠠᠨ ᠁ ᠲᠡᠷᠡ ᠮᠠᠨᠢ ᠦᠳᠡᠰᠢ ᠶᠢᠨ ᠰᠡᠯᠡᠭᠦᠤ ᠪᠠᠷ ᠡᠩᠭᠦᠷᠡᠢ ᠦᠷ᠎ᠡ ᠪᠠᠨ ᠬᠦᠳᠦᠯᠦᠭᠡᠳ ᠬᠠᠭᠢᠷ ᠤᠨ | ᠬᠦᠪᠡᠭᠡ ᠲᠠᠭᠠᠵᠤ ᠠᠯᠬᠤᠯᠠᠬᠤ ᠳᠤ ᠤᠷᠴᠢᠯᠠᠩ ᠶᠠᠭᠤᠮ᠎ᠠ ᠪᠦᠬᠦᠨ ᠨᠢ ᠲᠡᠶᠢᠮᠤ ᠯᠡ ᠡᠭᠡᠯᠢᠳᠡᠶᠢᠬᠡᠨ᠂ ᠲᠡᠶᠢᠮᠤ ᠯᠡ | ᠬᠠᠯᠠᠭᠤᠬᠠᠨ ᠰᠠᠨᠠᠭᠳᠠᠬᠤ ᠶᠢ ᠬᠡᠯᠡᠬᠦ ᠶᠠᠭᠤᠨ᠃ ᠲᠡᠭᠡᠬᠦ ᠳᠤ ᠲᠡᠭᠦᠨ ᠤ ᠮᠠᠨᠢ ᠪᠤᠳᠤᠯ ᠰᠡᠳᠬᠢᠯ ᠤᠩᠭᠤᠨ | ᠪᠠᠶᠢᠭᠠᠯᠢ ᠳᠤ ᠪᠠᠨ ᠠᠭᠤᠰᠴᠤ ᠲᠡᠷᠡ ᠮᠠᠨᠢ ᠨᠡᠩ ᠤᠯᠠᠨ ᠤᠯᠠᠨ ᠰᠢᠯᠢᠳᠡᠭ ᠰᠠᠶᠢᠬᠠᠨ ᠠᠮᠵᠢᠯᠳᠠ ᠪᠠᠷ ᠢᠶᠠᠨ ᠤᠰᠤ | ᠨᠤᠳᠤᠭ ᠤᠨ ᠢᠶᠠᠨ ᠠᠯᠳᠠᠷ ᠨᠡᠷ᠎ᠡ ᠶᠢ ᠮᠠᠨᠳᠤᠭᠤᠯᠵᠤ ᠲᠠᠭᠤᠷᠢᠰᠤᠭᠤᠯᠵᠤ ᠶᠠᠪᠤᠨ᠎ᠠ ᠳ᠋ᠠ ᠭᠡᠵᠤ ᠤᠷᠮᠠᠰᠢᠨ | ᠲᠤᠭᠳᠤᠯᠬᠤ ᠳᠤ ᠢᠳᠡᠭᠡᠯ ᠵᠤᠷᠢᠭ ᠨᠢ ᠢᠯᠠᠯᠳᠠ ᠶᠢᠨ ᠲᠦᠷᠦᠭᠡ ᠶᠢ ᠨᠢ ᠮᠢᠯᠢᠶᠠᠨ ᠮᠢᠯᠢᠶᠠᠭᠰᠠᠭᠠᠷ ᠁ ᠲᠡᠭᠡᠬᠦ ᠳᠤ | ᠵᠢᠷᠦᠬᠡ ᠶᠢᠨ ᠠᠭᠤᠳᠠᠮ ᠲᠠᠯ᠎ᠠ ᠨᠡᠩ ᠠᠭᠤᠵᠢᠮ ᠲᠡᠨᠢᠭᠡᠷ ᠪᠤᠯᠵᠤ ᠴᠡᠩᠭᠡᠷᠯᠡᠨ ᠬᠠᠷᠠᠭᠳᠠᠨ᠎ᠠ ᠪᠢᠯᠡ ᠁ | ᠠᠵᠢᠯᠯᠠᠵᠤ ᠪᠠᠶᠢᠭ᠎ᠠ ᠪᠠᠶᠢᠭᠤᠯᠭ᠎ᠠ᠄ ᠠᠷᠤ ᠬᠤᠷᠴᠢᠨ ᠬᠤᠰᠢᠭᠤᠨ ᠤ ᠬᠦᠳᠡᠭᠡ ᠲᠤᠰᠬᠤᠨ ᠢ | ᠬᠦᠭᠵᠢᠭᠦᠯᠦᠨ ᠮᠠᠨᠳᠤᠭᠤᠯᠬᠤ ᠲᠤᠪᠴᠢᠶ᠎ᠠ | ︵ᠠᠯᠳᠠᠰᠦ᠋ᠭᠡ ᠨᠠᠶᠢᠷᠠᠭᠤᠯᠪᠠ︶ | 2023.1 ᠳ᠋ᠦ᠋ᠭᠡᠷ ᠬᠤᠭᠤᠴᠠᠭ᠎ᠠ | | | |