ᠴᠤᠷᠵᠢ | | | | | | 2022 ᠤᠨ ᠤ ᠨᠠᠮᠤᠷ ᠠᠴᠠ ᠪᠢ ᠲᠠᠬᠢᠭᠠᠳ ᠠᠩᠬ᠎ᠠ ᠨᠢᠭᠡᠳᠤᠭᠡᠷ ᠤᠨ ᠳᠤ ᠬᠢᠴᠢᠶᠡᠯ ᠵᠢᠭᠠᠵᠠᠢ᠃ ᠨᠡᠩ | ᠪᠤᠳᠠᠳᠠᠢ ᠰᠢᠬ ᠭᠡᠯᠡᠪᠡᠯ ᠠᠩᠬ᠎ᠠ ᠨᠢᠭᠡᠳᠤᠭᠡᠷ ᠤᠨ ᠤ ᠨᠢᠭᠡᠳᠤᠭᠡᠷ ᠠᠩᠬᠢ ᠶᠢᠨ ᠲᠤᠭᠠᠨ ᠤ ᠤᠬᠠᠭᠠᠨ ᠢ ᠨᠢ ᠵᠢᠭᠠᠭᠰᠠᠨ | ᠶᠤᠮ᠃ ᠠᠩᠬ᠎ᠠ ᠲᠤᠮᠳᠠᠳᠤ ᠳᠤ ᠨᠠᠶᠢᠳᠠᠮ ᠬᠢᠴᠢᠶᠡᠯ ᠵᠢᠭᠠᠵᠤ ᠪᠠᠶᠢᠭᠰᠠᠨ ᠪᠤᠯ ᠠᠷᠠᠢ ︽ᠲᠠᠬᠢᠭᠠᠳ︾ ᠭᠡᠵᠦ ᠭᠡᠯᠡᠭᠦ | ᠦᠭᠡᠢ ᠳᠤ ᠪᠤᠯᠴᠢᠬᠠᠨ᠎ᠠ᠃ ᠠᠩᠬ᠎ᠠ ᠲᠤᠮᠳᠠᠳᠤ ᠳᠤ ︽ᠪᠠᠶᠠᠷᠳᠠᠢ︾ ᠭᠡᠳ ᠨᠢᠭᠡᠨᠳᠠ 22 ᠵᠢᠯ ᠦᠡᠭᠭᠡᠷᠡᠴᠢᠭᠡᠭᠰᠡᠨ ᠶᠤᠮ | ᠴᠢᠨᠢ ︽ᠲᠠᠬᠢᠭᠠᠳ︾ ᠭᠡᠰᠡᠨ ᠦᠭᠡ ᠶᠢ ᠭᠡᠷᠡᠭᠯᠡᠭᠦ ᠨᠢ ᠬᠠᠮᠤᠭ ᠤᠨ ᠲᠤᠬᠢᠷᠠᠮᠵᠢᠳᠠᠢ᠃ ᠲᠡᠭᠦᠨ ᠠᠴᠠ ᠦᠭᠡᠷ᠎ᠠ ᠬᠠᠪᠤᠳᠠᠢ | ᠦᠭᠡ ᠦᠭᠡᠢ ᠶᠤᠮ ᠰᠢᠬ ᠨᠠᠳᠠ ᠳᠤ ᠰᠠᠨᠠᠭᠳᠠᠯ᠎ᠠ᠃ 22 ᠵᠢᠯ ᠤᠨ ᠲᠠᠷᠳᠡᠭᠡ ︽ᠠᠪᠤ ᠪᠠᠭᠰᠢ︾ ᠪᠤᠯᠴᠢᠬᠠᠵᠠᠢ᠃ 22 | ᠵᠢᠯ ᠤᠨ ᠡᠮᠦᠨ᠎ᠠ ᠨᠢᠷᠤᠭᠤ ᠲᠤᠯᠭᠠᠭᠤᠷᠢ ᠪᠤᠯᠵᠤ ᠬᠢᠯᠠᠷᠠᠭᠤᠯᠤᠨ ᠠᠵᠢᠯᠯᠠᠵᠤ ᠪᠠᠶᠢᠭᠰᠠᠨ ᠪᠤᠯ᠂ ᠤᠳᠤ ᠬᠠᠷᠢᠨ ᠲᠠᠮᠢᠷ | ᠲᠠᠷ ᠪᠠᠷᠠᠭᠳᠠᠵᠤ ᠨᠦᠭᠦᠭᠡᠰᠤ ᠪᠤᠶᠤ ᠤᠷᠤᠨᠴᠠᠬ ᠲᠠᠳᠤᠢ ᠯᠡ ᠪᠤᠯᠴᠢᠬᠠᠯ᠎ᠠ᠃ ᠠᠷᠠᠢ ᠰᠤᠷᠭᠠᠭᠤᠯᠢ ᠳᠤ ᠪᠠᠨ ᠲᠡᠭᠡᠭᠡᠷ᠎ᠠ | ᠲᠠᠷᠤᠭᠠᠰᠤ ᠪᠤᠯᠵᠤ ᠦᠭᠡᠢ᠂ ᠦᠴᠦᠭᠡᠨ ᠴᠤ ᠭᠡᠰᠡᠨ ᠲᠤᠰᠠ ᠲᠠᠮᠵᠢᠯᠭᠡ ᠪᠤᠯᠵᠤ ᠪᠠᠶᠢᠭ᠎ᠠ ᠪᠠᠨ ᠪᠤᠳᠤᠪᠠᠯ ᠵᠢᠭᠠᠬᠠᠨ | ᠴᠤ ᠭᠡᠰᠡᠨ ᠪᠠᠶᠠᠰᠴᠤ ᠠᠪᠬᠤ ᠶᠤᠮ᠃ | ᠠᠩᠬ᠎ᠠ ᠨᠢᠭᠡ ᠶᠢᠨ ᠲᠤᠭᠠᠨ ᠤ ᠤᠬᠠᠭᠠᠨ ᠤ ᠠᠭᠤᠯᠭ᠎ᠠ ᠬᠠᠷᠢᠴᠠᠩᠭᠤᠢ ᠪᠠᠷ ᠠᠮᠠᠷ᠂ ᠵᠢᠭᠠᠬᠤ ᠭᠡᠮᠵᠢᠶ᠎ᠠ ᠨᠢ ᠴᠤ | ᠪᠠᠭ᠎ᠠ ᠤᠴᠢᠷ ᠠᠴᠠ ᠰᠤᠷᠤᠭᠴᠢᠳ ᠪᠠᠷᠤᠭ ᠪᠦᠭᠦᠨ ᠢᠶᠠᠷ ᠢᠶᠠᠨ ᠵᠢᠭᠠᠬᠤ ᠵᠦᠢᠯᠠᠰ ᠢ ᠬᠢᠴᠢᠶᠡᠯ ᠤᠨ ᠴᠠᠭ ᠲᠡᠭᠡᠷ᠎ᠠ | ᠤᠢᠢᠯᠠᠭᠠᠵᠤ ᠡᠵᠡᠮᠰᠢᠭᠡᠳ ᠲᠠᠶᠢᠯᠴᠢᠭᠡᠨᠠ᠃ ᠭᠡᠳᠡᠯ᠎ᠠ ᠲᠠᠰᠬᠠᠯ ᠲᠠᠭᠠᠭᠠᠯᠭᠠᠪᠤᠷᠢ ᠳᠤ ᠨᠢ ᠬᠠᠷᠢᠨ ᠮᠠᠰᠢ ᠤᠯᠠᠨ | ᠠᠰᠠᠭᠤᠳᠠᠯ ᠤᠷᠤᠰᠢᠵᠤ ᠪᠠᠶᠢᠳᠠᠬ᠃ ᠲᠦᠷᠢᠮᠵᠢᠭᠦᠨ ᠰᠠᠶᠢᠨ ᠪᠠᠶᠠᠯᠡᠭᠦᠯᠳᠡᠭ ᠰᠤᠷᠤᠬᠴᠢ ᠪᠠᠶᠢᠬᠤ ᠳᠤ᠂ ᠬᠠᠰᠢ ᠶᠠᠰᠢ᠂ | ᠡᠰᠠᠨ ᠪᠤᠰᠤᠨ᠂ ᠡᠷᠤᠢ ᠬᠤᠷᠤᠢ ᠦᠭᠡᠢ ᠬᠢᠳᠡᠭ ᠰᠤᠷᠤᠭᠴᠢ ᠪᠠᠶᠢᠳᠠᠬ ᠯᠡ ᠮᠦᠷᠳᠡᠭᠡᠨ ᠲᠠᠰᠤᠷᠠᠳᠠᠬ | ᠦᠭᠡᠢ᠃ ᠴᠢᠨᠠᠭᠰᠢᠯᠠᠨ ᠠᠯᠪᠠ ᠬᠠᠰᠢᠳᠠᠬ ᠰᠤᠷᠤᠭᠴᠢ ᠴᠤ ᠪᠤᠢ᠃ ᠲᠠᠳᠠᠨ ᠤ ᠰᠤᠯᠠ ᠪᠤᠯᠪᠠᠰᠤᠷᠠᠯ ᠳᠡᠭᠡᠷ᠎ᠠ ᠭᠦᠨᠳᠤ | ᠨᠤᠴᠢᠳᠠᠢ ᠠᠰᠠᠭᠤᠳᠠᠯ ᠤᠷᠤᠰᠢᠵᠤ ᠪᠠᠶᠢᠳᠠᠬ ᠴᠤ ᠦᠪᠠᠷ ᠢᠶᠠᠨ ᠮᠠᠳᠠᠷᠠᠵᠤ ᠲᠠᠶᠢᠯᠳᠡᠭ ᠦᠭᠡᠢ᠂ ᠴᠢᠨᠠᠭᠰᠢᠯᠠᠨ ᠵᠠᠷᠢᠮ | ᠰᠤᠷᠤᠭᠴᠢ ᠦᠪᠠᠷ ᠤᠨ ᠤᠬᠠᠮᠰᠠᠷ ᠠᠴᠠ ᠪᠠᠨ ᠰᠤᠯᠠ ᠰᠠᠳᠤᠪ ᠬᠢᠭᠦ ᠦᠭᠡᠢ ᠲᠤᠷ᠎ᠠ ᠪᠠᠷ ᠢᠶᠠᠨ ᠲᠤᠩᠬᠤᠯᠵᠠᠵᠤ ᠯᠠ | ᠪᠠᠶᠢᠳᠠᠬ᠃ ᠪᠡᠶ᠎ᠠ ᠶᠢᠨ ᠲᠠᠮᠢᠷ ᠤᠨ ᠭᠦᠳᠠᠯᠤᠯ ᠪᠠᠷᠢᠯ ᠢ ᠪᠠᠭᠰᠢ ᠶᠢᠨ ᠵᠢᠭᠠᠬᠤ ᠳᠤ ᠲᠦᠰᠢᠭᠯᠡᠭᠡᠳ ᠴᠢᠳᠠᠴᠢᠬᠠᠬᠤ ᠪᠢᠰᠢ᠂ | ᠬᠠᠷᠢᠨ ᠵᠠᠪᠠᠯ ᠦᠪᠠᠰᠤᠪᠠᠨ ᠪᠤᠯᠪᠠᠰᠤᠷᠠᠵᠤ ᠪᠠᠶᠢᠮᠠᠨᠵᠢᠨ ᠰᠠᠶ᠋ᠢ ᠲᠡᠭᠦᠨ ᠳᠤ ᠲᠠᠳᠮᠠᠭᠠᠢ ᠪᠤᠯᠳᠠᠬ᠂ ᠡ᠊ᠨᠡ ᠪᠤᠯ | ᠮᠠᠷᠭᠡᠰᠢᠵᠤ ᠴᠠᠭᠠᠷᠠᠬᠤ ᠴᠤᠷᠢ ᠶᠢᠨ ᠭᠠᠭᠴᠠ ᠠᠷᠭ᠎ᠠ ᠵᠠᠮ ᠮᠦᠨ᠃ ᠡᠭᠦᠨ ᠲᠠᠢ ᠠᠳᠠᠯᠢ ᠪᠠᠷ ᠲᠤᠭᠠᠨ ᠤ ᠤᠬᠠᠭᠠᠨ ᠤ | ᠰᠤᠷᠤᠭᠰᠠᠨ ᠮᠠᠳᠠᠯᠭᠡ ᠶᠢ ᠴᠤ ᠵᠠᠪᠠᠯ ᠰᠠᠳᠤᠪ ᠢᠶᠠᠷ ᠪᠤᠯᠪᠠᠰᠤᠷᠠᠵᠤ ᠪᠠᠳᠤᠳᠬᠠᠬᠤ ᠴᠢᠬᠤᠯᠠᠲᠠᠢ | ᠪᠠᠶᠢᠳᠠᠬ᠃ ᠲᠠᠰᠬᠠᠯ ᠢᠶᠠᠨ ᠭᠦᠷᠳᠠᠯ᠎ᠠ ᠬᠠᠰᠢ ᠶᠠᠰᠢ ᠬᠢᠭᠡᠳ ᠪᠠᠶᠢᠪᠠᠯ ᠲᠤᠭᠠᠨ ᠤ ᠤᠬᠠᠭᠠᠨ ᠢ ᠰᠠᠶᠢᠨ ᠰᠤᠷᠴᠤ | ᠲᠠᠶᠢᠯᠭᠦ ᠭᠡᠵᠦ ᠤᠤ᠂ ᠲᠤᠭᠠᠨ ᠤ ᠤᠬᠠᠭᠠᠨ ᠤ ᠭᠡᠪ ᠪᠤᠯᠪᠠᠰᠤᠷᠠᠯ ᠨᠢ ᠵᠤᠬᠢᠬᠤ ᠦᠨᠳᠤᠷᠴᠠ ᠳᠤ ᠭᠦᠷᠴᠤ ᠲᠡᠶᠢᠯᠭᠦ | ᠭᠡᠵᠦ ᠤᠤ︖ ᠲᠠᠰᠬᠠᠯ ᠤᠨ ᠰᠠᠳᠤᠪ ᠢ ᠬᠢᠵᠤ ᠴᠢᠳᠠᠬᠤ ᠪᠠ ᠶᠠᠪᠤᠴᠠ ᠶᠢ ᠨᠢ ᠲᠦᠷᠢᠮᠵᠢᠭᠦᠨ ᠪᠢᠴᠢᠵᠤ ᠴᠢᠳᠠᠬᠤ ᠪᠤᠯ | ᠠᠰᠳᠠᠭᠠᠨ ᠪᠠᠶᠢᠳᠠᠬ᠃ ᠤᠯᠤᠭᠰᠠᠨ ᠦᠷ᠎ᠠ ᠳ᠋ᠦᠩ ᠨᠢ ᠵᠦᠪ ᠪᠤᠯᠪᠠᠴᠤ ᠪᠤᠳᠤᠬᠤ ᠶᠠᠪᠤᠴᠠ ᠦᠭᠡᠢ ᠪᠤᠶᠤ ᠲᠤᠳᠠᠭᠤ | ᠲᠤᠷᠭᠤᠨ ᠪᠠᠶᠢᠪᠠᠯ ᠲᠠᠰᠬᠠᠯ ᠢ ᠵᠦᠪ ᠤᠨᠤᠪᠴᠢᠳᠠᠢ ᠬᠢᠭᠰᠡᠨ ᠳᠤ ᠲᠤᠭᠠᠴᠠᠭᠳᠠᠬᠤ ᠦᠭᠡᠢ ᠶᠤᠮ᠃ | ᠲᠠᠭᠡᠳᠤ ᠲᠤᠮᠳᠠᠳᠤ ᠳᠤ ᠬᠢᠴᠢᠶᠡᠯ ᠵᠢᠭᠠᠵᠤ ᠪᠠᠶᠢᠬᠤ ᠳᠤ ᠪᠠᠨ ᠰᠤᠷᠤᠭᠴᠢ ᠶᠢᠨ ᠲᠤᠭᠠᠨ ᠤ ᠤᠬᠠᠭᠠᠨ ᠤ ᠬᠢᠷᠢ | ᠲᠦᠪᠰᠢᠨ ᠲᠤᠤᠷ᠎ᠠ᠂ ᠲᠠᠰᠬᠠᠯ ᠢᠶᠠᠨ ᠬᠢᠵᠤ ᠴᠢᠳᠠᠬᠤ ᠦᠭᠡᠢ ᠪᠤᠶᠤ ᠡᠷᠤᠢ ᠬᠤᠷᠤᠢ ᠦᠭᠡᠢ ᠭᠡᠳᠡᠭ ᠤᠨ ᠤᠴᠢᠷ | ᠰᠢᠯᠳᠠᠭᠠᠨ ᠬᠠᠷᠢᠭᠤᠴᠠᠯᠭ᠎ᠠ ᠶᠢ ᠠᠩᠬ᠎ᠠ ᠲᠤᠮᠳᠠᠳᠤ ᠶᠢᠨ ᠪᠠᠭᠰᠢ ᠳᠤ ᠲᠦᠯᠬᠢᠵᠤ ᠪᠠᠶᠢᠭᠰᠠᠨ ᠪᠤᠯ᠂ ᠤᠳᠤ ᠭᠡᠨ ᠳᠤ | ᠲᠦᠯᠬᠢᠭᠦ ᠪᠤᠢ︖ ᠪᠠᠭ᠎ᠠ ᠰᠤᠷᠭᠠᠭᠤᠯᠢ ᠶᠢᠨ ᠪᠠᠭᠰᠢ ᠳᠤ ᠲᠦᠯᠬᠢᠪᠠᠯ ᠨᠢᠭᠤᠷ ᠤᠯᠠᠶᠢᠬᠤ ᠦᠭᠡᠢ ᠭᠡᠵᠦ | ᠤᠤ᠃ ᠵᠢᠭᠠᠵᠤ ᠪᠦᠭᠦᠢ ᠠᠩᠬᠢ ᠶᠢᠨ ᠢᠶᠠᠨ ᠲᠤᠭᠠᠨ ᠤ ᠤᠬᠠᠭᠠᠨ ᠤ ᠵᠢᠭᠠᠨ ᠰᠤᠷᠭᠠᠯᠳᠠ ᠶᠢᠨ ᠶᠠᠰᠤ ᠴᠢᠨᠠᠷ ᠢ | ᠰᠠᠶᠢᠵᠢᠷᠠᠭᠤᠯᠬᠤ ᠡᠭᠦᠷᠭᠡ ᠬᠠᠷᠢᠭᠤᠴᠠᠯᠭ᠎ᠠ ᠮᠢᠨᠦᠬᠢ ᠪᠤᠯᠵᠤ᠂ ᠨᠦᠰᠠᠷ ᠭᠦᠨᠳᠤ ᠡᠭᠦᠷᠭᠡ ᠲᠠᠷᠤᠭᠠᠰᠤ ᠲᠠᠯᠤ | ᠮᠦᠷᠦ ᠶᠢ ᠭᠦᠴᠦᠳᠠᠢ ᠳᠠᠷᠤᠵᠠᠢ᠂ ᠨᠤᠭᠤᠷᠠᠵᠤ ᠦᠢᠴᠢᠨᠠ ᠤᠤ᠂ ᠲᠤᠯᠵᠤ ᠵᠤᠭᠰᠤᠨ᠎ᠠ ᠤᠤ᠂ ᠮᠢᠨᠦ ᠵᠤᠷᠢᠬ | ᠰᠢᠨᠳᠠᠰᠤ ᠯᠡ ᠮᠠᠳᠡᠭᠰᠡᠨ ᠭᠡᠷᠡᠭ ᠡ︕ ᠲᠠᠭᠠᠭᠠᠵᠤ ᠲᠠᠶᠢᠯᠭᠦ ᠴᠤ ᠶᠠᠭᠠᠮᠠᠢ᠂ ᠨᠠᠳᠠ ᠳᠤ ᠪᠠᠰᠠ ᠯᠡ ᠰᠢᠨ᠎ᠠ | ᠡᠬᠢᠯᠠᠯᠳᠠ᠂ ᠰᠢᠨ᠎ᠠ ᠡᠷᠢᠯᠬᠢᠯᠠᠯ ᠪᠤᠯᠤᠭᠰᠠᠨ ᠪᠠᠶᠢᠬᠤ ᠦᠭᠡᠢ ᠤᠤ ᠳ᠋ᠠ︕ | ᠲᠠᠰᠬᠠᠯ ᠤᠨ ᠠᠰᠠᠭᠤᠳᠠᠯ ᠢ ᠬᠢᠴᠢᠶᠡᠯ ᠲᠡᠭᠡᠷ᠎ᠠ ᠰᠢᠢᠳᠪᠤᠷᠢᠯᠡᠵᠤ ᠪᠤᠯᠳᠠᠬ ᠴᠤ ᠦᠷ᠎ᠠ ᠠᠰᠢᠬ ᠨᠢ ᠲᠠᠶᠢᠮᠦ | ᠰᠠᠶᠢᠨ ᠪᠢᠰᠢ ᠶᠤᠮ᠃ ᠲᠠᠰᠬᠠᠯ ᠲᠠᠭᠠᠭᠠᠯᠭᠠᠪᠤᠷᠢ ᠪᠠᠨ ᠰᠠᠶᠢᠳᠤᠷ ᠪᠠᠶᠠᠯᠠᠭᠦᠯᠳᠡᠭ ᠰᠤᠷᠤᠭᠴᠢ ᠳᠤ ᠲᠠᠰᠬᠠᠯ ᠤᠨ | ᠠᠰᠠᠭᠤᠳᠠᠯ ᠢ ᠨᠢ ᠰᠢᠢᠳᠪᠤᠷᠢᠯᠡᠭᠦ ᠴᠢᠬᠤᠯᠠ ᠦᠭᠡᠢ᠂ ᠬᠢᠭᠰᠡᠨ ᠲᠠᠰᠬᠠᠯ ᠳᠤ ᠨᠢ ᠦᠨᠠᠨ ᠭᠦ ᠠᠰᠠᠭᠤᠳᠠᠯ ᠤᠷᠤᠰᠢᠵᠤ | ᠪᠠᠶᠢᠭᠰᠠᠨ ᠴᠤ ᠪᠠᠭᠰᠢ ᠶᠢᠨ ᠬᠢᠨᠠᠵᠤ ᠵᠠᠰᠠᠭᠰᠠᠨ ᠢᠶᠠᠷ ᠦᠪᠠᠷᠰᠡᠳ ᠢᠶᠠᠨ ᠵᠠᠯᠠᠷᠠᠭᠤᠯᠴᠢᠬᠠᠭᠠᠳ ᠲᠠᠬᠢᠭᠠᠳ | ᠲᠦᠷᠢᠮᠵᠢᠭᠦᠨ ᠰᠠᠶᠢᠬᠠᠨ ᠬᠢᠴᠢᠭᠡᠨᠠ᠃ ᠬᠠᠰᠢ ᠶᠠᠰᠢ ᠬᠢᠭᠰᠡᠳ ᠲᠤ ᠭᠡᠴᠢᠨᠠᠭᠡᠨ ᠲᠦᠷᠢᠮᠵᠢᠭᠦᠨ ᠰᠠᠶᠢᠨ ᠬᠢᠵᠤ | ᠦᠭᠭᠦᠭᠰᠡᠨ ᠤ ᠲᠠᠷᠠᠭ᠎ᠠ ᠬᠠᠭᠤᠯᠤᠭᠤᠯᠵᠤ ᠪᠢᠴᠢᠭᠦᠯᠦᠭᠰᠡᠨ ᠴᠤ ᠲᠠᠷᠠᠭᠠᠴᠢ ᠶᠢᠨ ᠲᠠᠰᠬᠠᠯ ᠲᠡᠭᠡᠷ᠎ᠠ ᠪᠠᠨ ᠮᠦᠨ ᠡᠭᠡᠭᠡ | ᠠᠳᠠᠯᠢ ᠠᠯᠳᠠᠭ᠎ᠠ ᠶᠢ ᠲᠠᠪᠳᠠᠨ ᠭᠠᠷᠭᠠᠳᠠᠬ᠃ ᠤᠨᠴᠠᠭᠠᠢᠢᠯᠠᠨ ᠶᠠᠪᠤᠴᠠ ᠪᠢᠴᠢᠭᠦ ᠦᠭᠡᠢ᠂ ᠵᠦᠪᠭᠡᠨ ᠦᠷ᠎ᠠ ᠳ᠋ᠦᠩ ᠢ ᠨᠢ | ᠪᠢᠴᠢᠳᠡᠭ ᠪᠤᠶᠤ ᠶᠠᠪᠤᠴᠠ ᠶᠢ ᠲᠤᠳᠠᠭᠤ ᠲᠤᠷᠭᠤᠨ ᠪᠢᠴᠢᠳᠡᠭ ᠠᠰᠠᠭᠤᠳᠠᠯ ᠢᠶᠠᠨ ᠦᠪᠠᠰᠤᠪᠠᠨ ᠮᠠᠳᠠᠷᠠᠵᠤ ᠲᠠᠶᠢᠯᠳᠡᠭ | ᠦᠭᠡᠢ᠂ ᠭᠡᠳᠡᠷᠭᠦ ᠪᠠᠨ ᠬᠠᠷᠢᠨ ︽ᠵᠦᠪ ᠬᠢᠯ᠎ᠠ︾ ᠭᠡᠵᠦ ᠦᠵᠠᠳᠡᠭ ᠶᠤᠮ᠃ ᠢᠡᠭᠬᠢᠭᠦ ᠪᠠᠷ ᠢᠶᠠᠨ ᠲᠠᠳᠠ ᠬᠢᠴᠢᠶᠡᠯ | ᠲᠡᠭᠡᠷ᠎ᠠ ᠲᠠᠰᠬᠠᠯ ᠤᠨ ᠠᠰᠠᠭᠤᠳᠠᠯ ᠢ ᠨᠢ ᠰᠢᠢᠳᠪᠤᠷᠢᠯᠠᠵᠤ ᠦᠭᠭᠦ ᠳᠤ ᠰᠤᠨᠤᠰᠬᠤ ᠭᠡᠵᠦ ᠤᠤ᠂ ᠦᠪᠠᠷ ᠤᠨ | ᠤᠬᠠᠮᠰᠠᠷ ᠠᠴᠠ ᠪᠠᠨ ᠲᠦᠷᠢᠮᠵᠢᠭᠦᠨ ᠰᠢᠯᠢᠳᠡᠭ ᠲᠠᠰᠬᠠᠯ ᠢ ᠯᠠᠪᠯᠠᠬᠤ ᠭᠡᠵᠦ ᠤᠤ᠂ ᠯᠠᠪᠯᠠᠭᠰᠠᠨ ᠴᠤ ᠵᠦᠷᠢᠶ᠎ᠠ ᠪᠠᠨ | ᠤᠯᠵᠤ ᠲᠠᠶᠢᠯᠭᠦ ᠭᠡᠵᠦ ᠤᠤ᠂ ᠴᠢᠨᠠᠭᠰᠢᠯᠠᠨ ᠦᠪᠠᠷ ᠤᠨ ᠬᠢᠭᠰᠡᠨ ᠢᠶᠠᠨ ᠰᠢᠯᠢᠳᠡᠭ ᠲᠠᠰᠬᠠᠯ ᠲᠠᠢ ᠡᠭᠡᠭᠡ ᠠᠳᠠᠯᠢ ᠭᠡᠵᠦ | ᠦᠵᠠᠳᠡᠭ ᠰᠤᠷᠤᠭᠴᠢ ᠴᠤ ᠪᠤᠢ᠃ ᠡᠨᠡ ᠨᠢ ᠵᠦᠪᠭᠡᠨ ᠲᠠᠳᠠᠨ ᠤ ᠲᠤᠭᠠᠨ ᠤ ᠤᠬᠠᠭᠠᠨ ᠤ ᠬᠢᠷᠢ ᠲᠦᠪᠰᠢᠨ ᠲᠤᠤᠷ᠎ᠠ | ᠪᠠᠶᠢᠭ᠎ᠠ ᠲᠠᠳᠤᠢ ᠳᠤ ᠯᠠ ᠪᠠᠶᠢᠭ᠎ᠠ ᠪᠢᠰᠢ᠂ ᠮᠦᠨ ᠴᠤ ᠲᠤᠭᠠᠨ ᠤ ᠤᠬᠠᠭᠠᠨ ᠤ ᠮᠠᠳᠠᠷᠠᠮᠵᠢ ᠠᠨᠠᠢ ᠪᠠᠶᠢᠭ᠎ᠠ ᠶᠢᠨ | ᠢᠯᠠᠷᠠᠯ ᠮᠦᠨ᠃ ᠲᠤᠭᠠᠨ ᠤ ᠤᠬᠠᠭᠠᠨ ᠤ ᠮᠠᠳᠠᠷᠠᠮᠵᠢ ᠲᠠᠢ ᠪᠤᠯᠭᠠᠬᠤ ᠨᠢ ᠲᠤᠭᠠᠨ ᠤ ᠤᠬᠠᠭᠠᠨ ᠤ ᠬᠢᠷᠢ | ᠲᠦᠪᠰᠢᠨ ᠢ ᠦᠨᠳᠤᠷᠵᠢᠭᠦᠯᠭᠦ ᠠᠴᠠ ᠭᠦᠴᠢᠷ ᠪᠠᠶᠢᠳᠠᠬ᠃ | ᠲᠠᠰᠬᠠᠯ ᠤᠨ ᠠᠰᠠᠭᠤᠳᠠᠯ ᠢ ᠭᠤᠤᠯᠳᠠᠭᠤ ᠰᠤᠯᠠ ᠰᠠᠯᠠᠭᠦᠦ ᠴᠠᠭ ᠢᠶᠠᠷ ᠰᠢᠢᠳᠪᠤᠷᠢᠯᠡᠨ᠎ᠠ᠃ ᠡᠳᠤᠷ ᠡᠳᠤᠷ | ᠰᠢᠢᠳᠪᠤᠷᠢᠯᠠᠨ᠎ᠠ᠃ ᠲᠠᠰᠬᠠᠯ ᠢᠶᠠᠨ ᠲᠦᠷᠢᠮᠵᠢᠭᠦᠨ ᠬᠢᠵᠤ ᠲᠠᠶᠢᠯᠭᠦ ᠲᠠᠳᠬᠠᠯ ᠲᠠᠢ ᠪᠤᠯᠳᠠᠯ᠎ᠠ ᠰᠢᠢᠳᠪᠤᠷᠢᠯᠡᠨ᠎ᠠ᠃ ᠵᠠᠷᠢᠮ | ᠰᠤᠷᠤᠴᠢ ᠶᠢᠨ ᠲᠠᠰᠬᠠᠯ ᠳᠤ ᠤᠷᠤᠰᠢᠵᠤ ᠪᠠᠶᠢᠭ᠎ᠠ ᠠᠰᠠᠭᠤᠳᠠᠯ ᠢ ᠨᠢᠭᠡ ᠬᠤᠶᠠᠷ ᠤᠳᠠᠭ᠎ᠠ ᠵᠢᠭᠠᠨ ᠵᠢᠯᠤᠭᠤᠳᠪᠠᠯ | ᠪᠤᠯᠴᠢᠬᠠᠬᠤ ᠳᠤ᠂ ᠵᠠᠷᠢᠮ ᠳᠤ ᠨᠢ ᠮᠤᠨᠳᠠᠬ ᠴᠠᠭ ᠵᠠᠷᠤᠴᠠᠭᠤᠯᠳᠠᠬ᠃ ᠨᠢᠭᠡ ᠭᠠᠷᠠᠭ᠂ ᠨᠢᠭᠡ ᠰᠠᠷ᠎ᠠ᠂ ᠨᠢᠭᠡ | ᠰᠤᠷᠤᠯᠭ᠎ᠠ ᠶᠢᠨ ᠬᠤᠭᠤᠴᠠᠭ᠎ᠠ᠂ ᠨᠢᠭᠡ ᠵᠢᠯ ᠭᠡᠷᠡᠭᠰᠡᠵᠦ ᠮᠠᠳᠠᠨ᠎ᠠ᠃ ᠴᠢᠨᠠᠭᠰᠢᠯᠠᠨ ᠠᠩᠬ᠎ᠠ ᠲᠤᠮᠳᠠᠳᠤ ᠪᠠᠨ ᠲᠡᠭᠦᠰᠭᠦ | ᠪᠤᠯᠳᠠᠯ᠎ᠠ ᠲᠡᠭᠦᠨ ᠲᠠᠢ ᠨᠤᠤᠷᠠᠯᠳᠤᠵᠤ ᠮᠠᠳᠠᠨ᠎ᠠ᠃ ᠲᠠᠰᠬᠠᠯ ᠢᠶᠠᠨ ᠬᠢᠵᠤ ᠴᠢᠳᠠᠬᠤ ᠦᠭᠡᠢ ᠪᠤᠶᠤ ᠡᠰᠠᠨ ᠪᠤᠰᠤᠨ | ᠭᠢᠳᠡᠭ ᠰᠤᠷᠤᠭᠴᠢ ᠳᠤ ᠰᠢᠯᠢᠳᠡᠭ ᠲᠦᠷᠢᠮᠵᠢᠭᠦᠨ ᠲᠠᠰᠬᠠᠯ ᠢ ᠦᠵᠠᠭᠦᠯᠵᠤ ᠤᠢᠢᠯᠠᠭᠠᠭᠰᠠᠨ ᠤ ᠲᠠᠷᠠᠭ᠎ᠠ ᠲᠠᠬᠢᠵᠤ | ᠬᠢᠯᠭᠡᠨ᠎ᠠ᠃ ᠦᠵᠡᠭᠡᠳ ᠤᠢᠢᠯᠠᠭᠠᠬᠤ ᠦᠭᠡᠢ ᠪᠤᠶᠤ ᠲᠠᠬᠢᠵᠤ ᠬᠢᠭᠰᠡᠨ ᠴᠤ ᠮᠦᠨ ᠲᠦᠷᠢᠮᠵᠢᠭᠦᠨ ᠬᠢᠵᠤ ᠴᠢᠳᠠᠬᠤ | ᠦᠭᠡᠢ ᠪᠠᠶᠢᠪᠠᠯ ᠪᠠᠭᠰᠢ ᠭᠡᠯᠡᠵᠦ ᠰᠤᠷᠤᠭᠴᠢ ᠪᠠᠷ ᠭᠦᠢᠴᠡᠳᠭᠡᠯᠭᠡᠭᠦ ᠮᠠᠶ᠋ᠢᠬ ᠢᠶᠠᠷ ᠵᠢᠭᠠᠵᠤ ᠵᠢᠯᠤᠭᠤᠳᠬᠤ ᠶᠢᠨ | ᠵᠠᠷᠭᠡᠳᠠ ᠶᠤᠰᠤ ᠤᠴᠢᠷ ᠢ ᠨᠢ ᠪᠠᠶᠢᠨ ᠲᠠᠬᠢᠨ ᠲᠠᠶᠢᠯᠪᠤᠷᠢᠯᠠᠵᠤ ᠲᠤᠳᠤᠳᠬᠠᠨ᠎ᠠ᠃ ᠢᠡᠭᠬᠢᠪᠠᠯ ᠲᠠᠳᠠᠨ ᠢ ᠰᠠᠳᠤᠪ ᠬᠢᠭᠦ | ᠠᠷᠭ᠎ᠠ ᠲᠠᠮ ᠲᠠᠢ ᠪᠤᠯᠭᠠᠵᠤ ᠮᠠᠳᠠᠨ᠎ᠠ᠃ ᠲᠤᠭᠠᠨ ᠤ ᠤᠬᠠᠭᠠᠨ ᠤ ᠮᠠᠳᠠᠷᠠᠮᠵᠢ ᠲᠠᠢ ᠪᠤᠯᠭᠠᠵᠤ ᠮᠠᠳᠠᠨ᠎ᠠ᠃ ᠶᠠᠷᠢᠶᠠᠨ | ᠦᠭᠡᠢ ᠰᠤᠷᠤᠭᠰᠠᠨ ᠠᠭᠤᠯᠭ᠎ᠠ ᠳᠤ ᠪᠠᠨ ᠪᠠᠯᠠᠷᠬᠠᠢ ᠪᠠᠶᠢᠪᠠᠯ ᠲᠠᠭᠦᠨ ᠢ ᠨᠢ ᠴᠤ ᠨᠦᠭᠦᠵᠤ ᠦᠭᠭᠦ ᠭᠡᠷᠡᠭᠳᠠᠢ | ᠳ᠋ᠠ᠃ ᠰᠤᠷᠬᠤ ᠲᠠᠳᠬᠠᠯ ᠪᠦᠷᠢᠯᠳᠤᠭᠡᠳᠤᠢ ᠪᠤᠶᠤ ᠰᠤᠷᠬᠤ ᠤᠪᠤᠷ ᠲᠤᠳᠤ ᠪᠤᠰᠤ ᠰᠤᠷᠤᠭᠴᠢ ᠳᠤ ᠠᠪᠴᠤ ᠭᠡᠯᠡᠪᠡᠯ | ᠨᠢᠭᠡ ᠭᠡᠳᠤ ᠤᠳᠠᠭ᠎ᠠ ᠶᠢᠨ ᠵᠢᠭᠠᠨ ᠵᠢᠯᠤᠭᠤᠳᠤᠯᠭ᠎ᠠ ᠳᠤ ᠲᠠᠰᠬᠠᠯ ᠢᠶᠠᠨ ᠲᠠᠬᠢᠭᠠᠳ ᠲᠦᠷᠢᠮᠵᠢᠭᠦᠨ ᠰᠠᠶᠢᠬᠠᠨ ᠬᠢᠭᠡᠳ | ᠲᠠᠶᠢᠯᠴᠢᠭᠡᠭᠦ ᠴᠤ ᠪᠢᠰᠢ᠃ ᠡᠳᠤᠷ ᠪᠤᠯᠭᠠᠨ ᠴᠦᠭᠡᠨ ᠪᠤᠰᠤ ᠰᠤᠷᠤᠭᠴᠢ ᠶᠢ ᠲᠤᠰᠠᠭᠠᠷ ᠨᠢ ᠵᠢᠭᠠᠨ ᠵᠢᠯᠤᠭᠤᠳᠬᠤ | ᠭᠡᠭᠴᠢ ᠭᠡᠯᠡᠭᠦ ᠳᠤ ᠠᠮᠠᠷ ᠪᠤᠯᠪᠠᠴᠤ ᠬᠢᠭᠦ ᠳᠤ ᠬᠠᠷᠢᠨ ᠮᠠᠰᠢ ᠭᠦᠴᠢᠷ ᠪᠠᠶᠢᠳᠠᠬ᠃ ᠦᠭᠡᠷ᠎ᠠ ᠶᠢ ᠭᠡᠯᠡᠭᠦ ᠦᠭᠡᠢ ᠡᠳᠤᠷ | ᠪᠦᠷᠢ ᠵᠢᠭᠠᠨ ᠵᠢᠯᠤᠭᠤᠳᠬᠤ ᠴᠠᠭ ᠤᠯᠬᠤ ᠨᠢ ᠴᠤ ᠲᠠᠶᠢᠮᠦ ᠬᠢᠯᠪᠠᠷᠬᠠᠨ ᠶᠠᠪᠤᠳᠠᠯ ᠪᠢᠰᠢ ᠳ᠋ᠠ᠃ ᠡᠶᠢᠮᠦ ᠲᠠᠶᠢᠮᠦ | ᠰᠢᠯᠳᠠᠭᠠᠨ ᠠᠴᠠ ᠪᠤᠯᠵᠤ ᠪᠠᠭᠰᠢ ᠰᠤᠯᠠᠷᠠᠬᠤ ᠳᠤ ᠭᠦᠷᠪᠡᠯ ᠤᠷᠤᠰᠬᠠᠭᠰᠠᠨ ᠭᠦᠴᠦ ᠭᠦᠯᠦᠰᠤ ᠴᠤ ᠲᠠᠯᠠᠭᠠᠷ | ᠬᠤᠭᠤᠰᠤᠨ ᠪᠤᠯᠵᠤ ᠮᠠᠳᠠᠨ᠎ᠠ᠃ ᠮᠠᠨ ᠤ ᠵᠠᠷᠢᠮ ᠵᠠᠯᠠᠭᠤ ᠢᠳᠠᠷ ᠪᠠᠭᠰᠢ ᠵᠦᠪᠭᠡᠨ ᠰᠤᠷᠤᠭᠴᠢ ᠶᠢᠨ ᠢᠶᠠᠨ | ᠲᠠᠰᠬᠠᠯ ᠤᠨ ᠠᠰᠠᠭᠤᠳᠠᠯ ᠢ ᠨᠢ ᠪᠢᠰᠢ᠂ ᠬᠢᠴᠢᠶᠡᠯ ᠲᠡᠭᠡᠷ᠎ᠠ ᠤᠢᠢᠯᠠᠭᠠᠵᠤ ᠡᠵᠡᠮᠰᠢᠭᠰᠡᠨ ᠦᠭᠡᠢ ᠶᠢ ᠨᠢ ᠴᠤ ᠰᠤᠯᠠ | ᠰᠠᠯᠠᠭᠦᠦ ᠴᠠᠭ ᠢᠶᠠᠷ ᠢᠶᠠᠨ ᠵᠢᠭᠠᠨ ᠵᠢᠯᠤᠭᠤᠳᠴᠤ ᠰᠤᠷᠬᠤ ᠤᠷᠮ᠎ᠠ ᠶᠢ ᠨᠢ ᠭᠦᠭᠵᠢᠭᠡᠵᠦ ᠰᠤᠷᠤᠯᠭ᠎ᠠ ᠶᠢᠨ ᠬᠢᠷᠢ | ᠭᠡᠮᠵᠢᠶ᠎ᠠ ᠶᠢ ᠨᠢ ᠲᠡᠭᠡᠭᠰᠢᠯᠡᠭᠦᠯᠦᠭᠰᠡᠨ ᠢᠶᠠᠷ ᠪᠠᠷᠠᠬᠤ ᠦᠭᠡᠢ ᠰᠤᠷᠤᠭᠴᠢ ᠶᠢ ᠰᠤᠷᠭᠠᠵᠤ ᠭᠦᠮᠦᠵᠢᠭᠦᠯᠭᠦ ᠦᠪᠠᠷᠮᠢᠴᠠ | ᠠᠷᠭ᠎ᠠ ᠲᠤᠷᠰᠢᠯᠭ᠎ᠠ ᠶᠢ ᠬᠤᠷᠠᠮᠳᠤᠭᠤᠯᠤᠭᠰᠠᠨ ᠶᠤᠮ᠃ ᠰᠦᠰᠦ ᠵᠤᠷᠢᠬ ᠨᠢ ᠪᠢᠰᠢᠷᠠᠭᠦᠰᠢᠳᠠᠢ᠂ ᠵᠢᠳᠭᠦᠯ | ᠴᠢᠷᠮᠠᠶᠢᠯᠭ᠎ᠠ ᠨᠢ ᠰᠤᠷᠤᠯᠴᠠᠭᠤᠰᠢᠳᠠᠢ᠂ ᠦᠢᠯᠠᠰ ᠪᠦᠳᠦᠭᠡᠯ ᠨᠢ ᠭᠦᠨᠳᠤᠳᠭᠡᠭᠦᠰᠢᠳᠠᠢ᠂ ᠠᠷᠭ᠎ᠠ ᠲᠤᠷᠰᠢᠯᠭ᠎ᠠ ᠨᠢ | ᠲᠦᠭᠡᠮᠡᠯᠵᠢᠯᠠᠭᠦᠰᠢᠳᠠᠢ᠃ | ᠡᠶᠢᠮᠦ ᠲᠠᠶᠢᠮᠦ ᠰᠢᠯᠳᠠᠭᠠᠨ ᠠᠴᠠ ᠪᠤᠯᠵᠤ ᠠᠩᠬ᠎ᠠ ᠲᠤᠮᠳᠠᠳᠤ ᠳᠤ ᠰᠤᠷᠤᠯᠭ᠎ᠠ ᠪᠠᠨ ᠤᠷᠬᠢᠭᠰᠠᠨ ᠲᠠᠭᠡᠳᠤ | ᠲᠤᠮᠳᠠᠳᠤ ᠶᠢᠨ ᠵᠠᠷᠢᠮ ᠰᠤᠷᠤᠭᠴᠢ ︽ᠰᠤᠷᠤᠶ᠎ᠠ︾ ᠭᠡᠰᠡᠨ ᠪᠤᠳᠤᠯ ᠤᠷᠤᠭᠠᠳ ᠴᠢᠷᠮᠠᠶᠢᠨ ᠰᠤᠷᠤᠯᠴᠠᠵᠤ ᠡᠬᠢᠯᠠᠳᠡᠭ ᠴᠤ | ᠲᠠᠭᠡᠭᠰᠢᠯᠠᠯᠳᠠ ᠨᠢ ᠮᠠᠰᠢ ᠠᠯᠭᠤᠷ ᠤᠳᠠᠭᠠᠨ ᠪᠠᠶᠢᠳᠠᠬ᠂ ᠴᠢᠨᠠᠭᠰᠢᠯᠠᠨ ᠰᠤᠷᠴᠤ ᠲᠠᠶᠢᠯᠭᠦ ᠦᠭᠡᠢ | ᠪᠤᠯᠴᠢᠬᠠᠵᠠᠢ᠃ ᠲᠡᠭᠡᠳᠤ ᠲᠤᠮᠳᠠᠳᠤ ᠶᠢᠨ ᠰᠤᠷᠤᠭᠴᠢ ᠲᠠᠢ ᠬᠠᠷᠢᠴᠠᠭᠤᠯᠪᠠᠯ ᠠᠩᠬ᠎ᠠ ᠨᠢᠭᠡ ᠶᠢᠨ ᠰᠤᠷᠤᠭᠴᠢ ᠰᠤᠷᠴᠤ | ᠲᠠᠶᠢᠯᠭᠦ ᠦᠭᠡᠢ ᠪᠢᠰᠢ᠂ ᠬᠠᠷᠢᠨ ᠰᠤᠷᠬᠤ ᠦᠭᠡᠢ ᠪᠤᠶᠤ ᠰᠤᠷᠬᠤ ᠪᠠᠨ ᠮᠠᠳᠠᠭᠦ ᠦᠭᠡᠢ ᠪᠠᠶᠢᠳᠠᠬ᠃ ᠨᠢᠵᠡᠭᠡᠳ | ᠲᠤᠭᠠᠨ ᠤ ᠰᠤᠷᠤᠭᠴᠢ ᠶᠠᠭᠠᠬᠢᠵᠤ ᠰᠤᠷᠤᠨ᠎ᠠ᠂ ᠭᠡᠷᠬᠢᠨ ᠴᠢᠷᠮᠠᠶᠢᠨ᠎ᠠ ᠭᠡᠳᠡᠭ ᠢ ᠰᠠᠨᠠᠭᠠᠨ ᠳᠤ ᠪᠠᠨ ᠠᠪᠬᠤ ᠦᠭᠡᠢ | ᠪᠠᠶᠢᠳᠠᠬ᠃ ᠢᠡᠭᠭᠢᠭᠦ ᠪᠠᠷ ᠢᠶᠠᠨ ᠠᠩᠬ᠎ᠠ ᠨᠢᠭᠡ ᠶᠢᠨ ᠰᠤᠷᠤᠭᠴᠢ ᠳᠤ ᠵᠢᠭᠠᠬᠤ ᠭᠡᠭᠴᠢ ᠵᠦᠪᠭᠡᠨ ᠠᠭᠤᠯᠭ᠎ᠠ ᠵᠢᠭᠠᠬᠤ | ᠲᠠᠳᠤᠢ ᠯᠡ ᠪᠢᠰᠢ᠂ ᠨᠠᠩ ᠴᠢᠬᠤᠯᠠ ᠨᠢ ᠰᠤᠷᠬᠤ ᠦᠭᠡᠢ ᠶᠢ ᠰᠤᠷᠬᠤ ᠪᠤᠯᠭᠠᠬᠤ᠂ ᠰᠤᠷᠬᠤ ᠪᠠᠨ ᠮᠠᠳᠠᠭᠦ ᠪᠤᠯᠭᠠᠨ | ᠭᠦᠮᠦᠵᠢᠭᠦᠯᠭᠦ ᠳᠤ ᠪᠠᠶᠢᠭ᠎ᠠ ᠶᠤᠮ᠃ ᠬᠢᠴᠢᠶᠡᠯ ᠲᠡᠭᠡᠷᠡᠬᠢ ᠢᠯᠠᠷᠠᠯ ᠲᠤᠪᠤᠶᠢᠮ᠎ᠠ ᠪᠢᠰᠢ ᠪᠤᠯᠪᠠᠴᠤ ᠲᠠᠰᠬᠠᠯ | ᠲᠠᠭᠠᠭᠠᠯᠭᠠᠪᠤᠷᠢ ᠪᠠᠨ ᠨᠠᠷᠢᠨ ᠬᠢᠨᠠᠮᠠᠭᠠᠢ ᠪᠠᠶᠠᠯᠠᠭᠦᠯᠳᠡᠭ᠃ ᠲᠠᠰᠬᠠᠯ ᠤᠨ ᠠᠯᠳᠠᠭ᠎ᠠ ᠪᠤᠷᠤᠭᠤ ᠪᠠᠨ ᠴᠠᠭ ᠲᠤᠬᠠᠢ ᠳᠤ ᠨᠢ | ᠵᠠᠯᠠᠷᠠᠭᠤᠯᠵᠤ ᠵᠠᠰᠠᠳᠠᠬ᠂ ᠰᠢᠯᠢᠳᠡᠭ ᠲᠠᠰᠬᠠᠯ ᠢ ᠯᠠᠪᠯᠠᠵᠤ ᠵᠦᠷᠢᠶ᠎ᠠ ᠪᠠᠨ ᠤᠯᠵᠤ ᠲᠠᠶᠢᠯᠳᠡᠭ ᠰᠤᠷᠤᠭᠴᠢ ᠪᠤᠯ | ᠰᠤᠷᠬᠤ ᠪᠠᠨ ᠮᠠᠳᠡᠭᠰᠡᠨ ᠰᠤᠷᠤᠭᠴᠢ ᠶᠤᠮ᠃ ᠲᠠᠰᠬᠠᠯ ᠲᠠᠭᠠᠭᠠᠯᠭᠠᠪᠤᠷᠢ ᠪᠠᠨ ᠲᠠᠩᠳᠠ ᠵᠦᠪ ᠲᠦᠷᠢᠮᠵᠢᠭᠦᠨ | ᠪᠠᠶᠠᠯᠠᠭᠦᠯᠳᠡᠭ ᠮᠦᠷᠳᠡᠭᠡᠨ ᠰᠦᠪᠡᠭᠴᠢᠯᠠᠵᠤ ᠰᠢᠨᠵᠢᠯᠠᠳᠡᠭ ᠰᠤᠷᠤᠭᠴᠢ ᠪᠤᠯ ᠰᠢᠯᠢᠳᠡᠭ ᠰᠠᠶᠢᠨ ᠰᠤᠷᠬᠤ ᠲᠠᠳᠬᠠᠯ ᠢ | ᠦᠨᠳᠤᠰᠤᠨ ᠳᠤ ᠪᠠᠨ ᠪᠦᠷᠢᠯᠳᠤᠭᠦᠯᠦᠭᠰᠡᠨ ᠰᠤᠷᠤᠭᠴᠢ ᠮᠦᠨ᠃ ᠰᠢᠯᠢᠳᠡᠭ ᠰᠠᠶᠢᠨ ᠰᠤᠷᠬᠤ ᠲᠠᠳᠬᠠᠯ ᠢ | ᠪᠦᠷᠢᠯᠳᠤᠭᠦᠯᠦᠭᠰᠡᠨ ᠰᠤᠷᠤᠭᠴᠢ ᠶᠢ ᠪᠠᠶ᠎ᠠ ᠪᠠᠨ ᠲᠠᠭᠠᠭᠠᠵᠤ ᠦᠪᠠᠰᠤᠪᠠᠨ ᠰᠤᠷᠬᠤ ᠪᠠᠷ ᠨᠢ ᠭᠤᠤᠯᠯᠠᠪᠠᠯ | ᠵᠤᠬᠢᠨ᠎ᠠ᠃ ᠪᠠᠭᠰᠢ ᠵᠦᠪᠭᠡᠨ ᠰᠠᠨᠠᠭᠤᠯᠭ᠎ᠠ ᠵᠢᠯᠤᠭᠤᠳᠤᠯᠭ᠎ᠠ ᠦᠭᠭᠦ ᠪᠤᠶᠤ ᠮᠠᠳᠠᠭ ᠰᠡᠵᠢᠭ ᠢ ᠨᠢ ᠠᠯᠳᠠᠷᠠᠭᠠᠭᠠᠳ | ᠦᠭᠪᠡᠯ ᠪᠤᠯᠴᠢᠬᠠᠨ᠎ᠠ᠃ ᠰᠤᠷᠤᠭᠴᠢᠳ ᠰᠤᠷᠬᠤ ᠪᠠᠨ ᠮᠠᠳᠡᠭᠡᠳ ᠰᠢᠯᠢᠳᠡᠭ ᠰᠠᠶᠢᠨ ᠰᠤᠷᠬᠤ ᠲᠠᠳᠬᠠᠯ ᠲᠠᠢ | ᠪᠤᠯᠴᠢᠬᠠᠪᠠᠯ ᠵᠢᠭᠠᠨ ᠰᠤᠷᠭᠠᠯᠳᠠ ᠠᠶᠠᠨᠳᠠᠭᠠᠨ ᠰᠢᠯᠤᠭᠤᠨ ᠪᠤᠯᠴᠢᠬᠠᠬᠤ ᠦᠭᠡᠢ ᠭᠡᠵᠦ ᠤᠤ᠂ ᠲᠠᠰᠬᠠᠯ ᠤᠨ ᠠᠰᠠᠭᠤᠳᠠᠯ | ᠴᠤ ᠲᠠᠭᠠᠯᠳᠤᠨ ᠰᠢᠢᠳᠪᠤᠷᠢᠯᠡᠭᠳᠡᠴᠢᠭᠡᠭᠦ ᠦᠭᠡᠢ ᠭᠡᠵᠦ ᠤᠤ᠃ | 2022 ᠤᠨ ᠤ ᠨᠠᠮᠤᠷ ᠠᠴᠠ ᠵᠢᠭᠠᠭᠰᠠᠨ ᠠᠩᠬ᠎ᠠ ᠨᠢᠭᠡ ᠶᠢᠨ ᠰᠤᠷᠤᠭᠴᠢ ᠪᠠᠨ ᠡᠷᠳᠠ ᠰᠢᠭ ᠰᠤᠷᠬᠤ | ᠵᠠᠮ ᠳᠤ ᠨᠢ ᠤᠷᠤᠭᠤᠯᠵᠤ ᠰᠢᠯᠢᠳᠡᠭ ᠰᠠᠶᠢᠨ ᠰᠤᠷᠬᠤ ᠲᠠᠳᠬᠠᠯ ᠲᠠᠢ ᠪᠤᠯᠭᠠᠨ ᠭᠦᠮᠦᠵᠢᠭᠦᠯᠭᠦ ᠶᠢᠨ ᠲᠦᠯᠦᠭᠡ | ᠰᠤᠷᠭᠠᠭᠤᠯᠢ ᠡᠬᠢᠯᠡᠭᠰᠡᠨ ᠠᠩᠬᠠᠨ ᠤ ᠬᠢᠴᠢᠶᠡᠯ ᠲᠠᠭᠡᠷ᠎ᠠ ᠤᠷᠮᠠᠰᠢᠭᠤᠯᠵᠤ ᠵᠤᠷᠢᠬᠵᠢᠭᠤᠯᠬᠤ ᠪᠠᠷ ᠭᠤᠤᠯᠯᠠᠭᠰᠠᠨ | ᠲᠠᠶᠢᠴᠢᠯᠠᠯᠳᠠ ᠶᠢᠨ ᠬᠢᠴᠢᠶᠡᠯ ᠤᠷᠤᠭᠰᠠᠨ ᠶᠤᠮ᠃ ᠰᠤᠷᠤᠭᠴᠢ ᠶᠢ ᠲᠤᠭᠠᠨ ᠤ ᠤᠬᠠᠭᠠᠨ ᠳᠤ ᠤᠷᠮ᠎ᠠ ᠪᠠᠬ᠎ᠠ ᠲᠠᠢ | ᠪᠤᠯᠭᠠᠬᠤ ᠶᠢᠨ ᠲᠦᠯᠦᠭᠡ 0.9 ᠪᠠ 1 ᠶᠢᠨ ᠶᠡᠭᠡ ᠪᠠᠭ᠎ᠠ ᠶᠢ ᠠᠳᠠᠯᠢᠳᠬᠠᠬᠤ ᠵᠢᠱᠢᠶ᠎ᠠ ᠲᠠᠳᠠᠵᠠᠢ᠃ ᠭᠡᠨ ᠨᠢ | ᠪᠤᠯᠪᠠᠴᠤ 1 ᠨᠢ ᠶᠡᠭᠡ ᠭᠡᠵᠦ ᠬᠠᠷᠢᠭᠤᠯᠳᠠᠬ᠂ ᠭᠡᠪᠡᠴᠤ ᠭᠡᠳᠤᠢ ᠶᠡᠭᠡ ᠶᠢ ᠨᠢ ᠭᠡᠯᠵᠦ ᠲᠠᠶᠢᠯᠭᠦ ᠦᠭᠡᠢ ᠳᠤ ᠪᠠᠨ | ᠭᠡᠴᠡᠭᠦᠦ ᠪᠡᠭᠳᠡᠷᠡᠵᠤ ᠪᠠᠷᠭᠡᠳᠠᠵᠠᠢ᠃ ᠭᠤᠷᠪᠠᠨ ᠤ ᠨᠢᠭᠡ = 0.3 , ᠭᠤᠷᠪᠠᠨ ᠤ ᠨᠢᠭᠡ × 3 = 0.3 × 3 , | 1=0.9 ᠪᠠᠷ 1 ᠪᠠ 0.9 ᠶᠢᠨ ᠬᠠᠷᠢᠯᠴᠠᠨ ᠲᠡᠩᠴᠡᠭᠦ ᠶᠢ ᠲᠤᠳᠤᠷᠬᠠᠢᠢᠯᠠᠵᠤ ᠦᠭᠭᠦᠭᠰᠡᠨ ᠳᠤ ᠰᠤᠷᠤᠭᠴᠢᠳ | ᠮᠠᠰᠢᠳᠠ ᠭᠠᠶᠢᠬᠠᠰᠬᠢᠵᠤ ᠪᠠᠷᠢᠨ ᠲᠤᠭᠠᠨ ᠤ ᠤᠬᠠᠭᠠᠨ ᠳᠤ ᠲᠤᠷ᠎ᠠ ᠰᠤᠨᠢᠷᠬᠠᠯ ᠲᠠᠢ ᠪᠤᠯᠤᠭᠰᠠᠨ ᠰᠢᠬ | ᠪᠠᠶᠢᠪᠠ᠃ ᠡ᠊ᠨᠡ ᠨᠢ ᠮᠦᠨ ᠴᠤ ᠬᠤᠶᠢᠰᠢᠳᠠ ᠲᠡᠭᠰᠢᠳᠭᠡᠯ ᠢᠶᠠᠷ 1=0.9 ᠶᠢ ᠲᠤᠳᠤᠷᠬᠠᠢᠢᠯᠠᠬᠤ᠂ ᠲᠡᠭᠰᠢᠳᠭᠡᠯ ᠢᠶᠠᠷ | ᠬᠢᠵᠠᠭᠠᠷᠭᠦᠢ ᠦᠶᠡᠯᠡᠭᠦ ᠠᠷᠪᠠᠳᠤ ᠶᠢᠨ ᠪᠤᠳᠠᠷᠬᠠᠢ ᠶᠢ ᠪᠤᠳᠠᠷᠬᠠᠢ ᠪᠤᠯᠭᠠᠨ ᠬᠤᠪᠢᠷᠠᠭᠠᠬᠤ ᠶᠢ ᠵᠢᠭᠠᠬᠤ ᠳᠤ | ᠲᠠᠪᠢᠰᠭᠡᠷᠯᠡᠭᠰᠡᠨ ᠵᠢᠱᠢᠶ᠎ᠠ ᠪᠠᠶᠢᠭ᠎ᠠ ᠶᠤᠮ᠃ ᠲᠤᠭᠠᠨ ᠤ ᠤᠬᠠᠭᠠᠨ ᠤ ᠦᠢᠯᠠᠳᠤᠯ ᠭᠡᠷᠡᠭᠴᠡᠭᠡ ᠶᠢ ᠤᠯᠠᠮ ᠨᠢᠭᠡ | ᠠᠯᠬᠤᠮ ᠦᠨᠠᠮᠰᠢᠭᠦᠯᠭᠦ ᠶᠢᠨ ᠲᠦᠯᠦᠭᠡ ᠲᠠᠳᠠᠨ ᠤ ᠡᠴᠢᠭᠡ ᠡᠭᠡ ᠪᠤᠶᠤ ᠡᠪᠦᠭᠡ ᠡᠮᠡᠭᠡ ᠨᠠᠷ ᠤᠨ ᠬᠢ ᠨᠢ ᠨᠠᠰᠤ ᠵᠢᠯ ᠢ | ᠲᠠᠭᠠᠪᠤᠷᠢᠯᠠᠬᠤ ᠲᠤᠭᠯᠠᠭᠠᠮ ᠭᠠᠷᠭᠠᠭᠰᠠᠨ ᠪᠢᠯᠡ᠃ ᠠᠩᠬᠠᠨ ᠤ ᠬᠢᠴᠢᠶᠡᠯ ᠲᠡᠭᠡᠷ᠎ᠠ ᠤᠷᠮ᠎ᠠ ᠲᠠᠢ ᠪᠠᠶᠢᠭᠰᠠᠨ ᠵᠠᠷᠢᠮ | ᠰᠤᠷᠤᠭᠴᠢ ᠲᠠᠷᠠᠭᠠᠴᠢ ᠶᠢᠨ ᠬᠢᠴᠢᠶᠡᠯ ᠠᠴᠠ ᠨᠢ ᠦᠨᠠᠨ ᠲᠦᠷᠢ ᠪᠠᠨ ᠢᠯᠠᠷᠠᠭᠦᠯᠵᠠᠢ᠃ ᠡᠨᠡ ᠨᠢ ᠲᠠᠳᠠᠨ ᠤ ᠬᠢᠭᠰᠡᠨ | ᠲᠠᠰᠬᠠᠯ ᠲᠡᠭᠡᠷ᠎ᠠ ᠢᠯᠡ ᠲᠤᠳᠤ ᠬᠠᠷᠠᠭᠳᠠᠨ᠎ᠠ᠃ ᠡᠨᠡ ᠪᠤᠯ ᠰᠤᠷᠬᠤ ᠪᠠᠨ ᠮᠠᠳᠡᠭᠡᠳᠤᠢ ᠶᠢᠨ ᠢᠯᠠᠷᠠᠯ᠂ ᠰᠤᠷᠬᠤ | ᠲᠠᠳᠬᠠᠯ ᠪᠦᠷᠢᠯᠳᠤᠭᠡᠳᠤᠢ ᠶᠢᠨ ᠦᠵᠡᠭᠳᠡᠯ ᠮᠦᠨ᠃ ᠮᠦᠨ ᠴᠤ ᠠᠩᠬ᠎ᠠ ᠨᠢᠭᠡ ᠶᠢᠨ ᠰᠤᠷᠤᠭᠴᠢ ᠶᠢᠨ ᠤᠨᠴᠠᠯᠢᠬ | ᠪᠠᠶᠢᠭ᠎ᠠ ᠳ᠋ᠠ᠃ ᠶᠠᠭᠤ ᠶᠢ ᠴᠤ ᠬᠠᠮᠢᠶᠠᠷᠬᠤ ᠦᠭᠡᠢ ᠵᠢᠭᠠᠳᠠᠬ ᠢᠶᠠᠨ ᠵᠢᠭᠠᠭᠠᠳ ᠶᠠᠪᠤᠪᠠᠯ ᠲᠦᠳᠠᠯ ᠦᠭᠡᠢ ᠰᠤᠷᠴᠤ | ᠲᠠᠶᠢᠯᠭᠦ ᠪᠠᠨ ᠪᠤᠯᠢᠭᠰᠠᠨ ᠰᠤᠷᠤᠭᠴᠢ ᠤᠯᠠᠰᠢᠷᠠᠬᠤ ᠯᠡ ᠭᠡᠵᠦ ᠮᠠᠳᠠ︕ ᠲᠠᠳᠠᠨ ᠢ ᠰᠤᠷᠬᠤ ᠪᠠᠨ ᠮᠠᠳᠠᠭᠦ ᠪᠤᠯᠭᠠᠬᠤ᠂ | ᠰᠠᠳᠤᠪ ᠢ ᠲᠦᠷᠢᠮᠵᠢᠭᠦᠨ ᠪᠤᠳᠤᠬᠤ ᠲᠠᠳᠬᠠᠯ ᠲᠠᠢ ᠪᠤᠯᠭᠠᠬᠤ ᠶᠢᠨ ᠲᠦᠯᠦᠭᠡ ᠰᠤᠯᠠ ᠰᠡᠯᠡᠭᠦᠦ ᠴᠠᠭ ᠤᠯᠳᠠᠳᠠᠭ ᠲᠤ | ᠭᠦᠷᠪᠡᠯ ᠨᠢᠭᠡᠳ ᠨᠢᠭᠡ ᠪᠠᠷ ᠰᠢᠢᠳᠪᠤᠷᠢᠯᠡᠵᠦ ᠡᠬᠢᠯᠠᠪᠠ᠃ ᠡᠷᠬᠢᠯᠳᠠ ᠭᠠᠷᠴᠤ ᠪᠠᠶᠢᠭ᠎ᠠ ᠰᠤᠷᠤᠭᠴᠢ ᠪᠠᠶᠢᠪᠠᠴᠤ ᠶᠠᠬ | ᠬᠤᠪᠢᠷᠠᠯᠳᠠ ᠭᠠᠷᠬᠤ ᠦᠭᠡᠢ ᠰᠤᠷᠤᠭᠴᠢ ᠪᠠᠰᠠ ᠨᠠᠯᠢᠶᠠᠳ ᠭᠡᠳᠤ ᠪᠠᠶᠢᠵᠤ᠂ ᠠᠷᠭ᠎ᠠ ᠠᠭᠠᠰᠢ ᠶᠢ ᠭᠡᠴᠡᠭᠦᠦ | ᠪᠠᠷᠠᠭᠳᠠᠭᠤᠯᠬᠤ ᠶᠢ ᠭᠡᠯᠡᠭᠦ ᠤᠤ᠂ ᠭᠦᠴᠦ ᠲᠠᠮᠢᠷ ᠢ ᠴᠤ ᠮᠤᠬᠤᠭᠠᠨ ᠲᠠᠷᠳᠠᠭᠠᠵᠤ ᠪᠠᠶᠢᠯ᠎ᠠ᠃ ᠰᠢᠳᠤ ᠪᠠᠨ ᠵᠠᠭᠤᠵᠤ | ᠲᠠᠰᠪᠤᠷᠢᠯᠡᠭᠦ ᠠᠴᠠ ᠦᠭᠡᠷ᠎ᠠ ᠠᠷᠭ᠎ᠠ ᠵᠠᠮ ᠶᠠᠬ ᠤᠯᠳᠠᠬᠤ ᠪᠠᠨ ᠪᠤᠯᠢᠵᠠᠢ᠃ ᠲᠠᠰᠪᠤᠷᠢᠯᠡᠭᠡᠳ ᠲᠠᠶᠢᠯᠪᠠᠯ ᠢᠯᠠᠯᠳᠠ ᠶᠢᠨ | ᠦᠷ ᠤᠨ ᠲᠤᠶᠠᠭ᠎ᠠ ᠪᠠᠨ ᠤᠭᠳᠤᠨ᠎ᠠ᠂ ᠲᠠᠰᠪᠤᠷᠢᠯᠠᠵᠤ ᠲᠠᠶᠢᠯᠭᠦ ᠪᠠᠨ ᠪᠤᠯᠢᠪᠠᠯ ᠢᠯᠠᠭᠳᠠᠯ ᠤᠨ ᠭᠦᠨ ᠬᠤᠨᠭ᠍ᠬᠤᠯ ᠳᠤ | ᠤᠨᠠᠨ᠎ᠠ᠃ ᠲᠠᠶᠢᠮᠦ ᠦᠭᠡᠢ ᠤᠤ᠃ | ᠭᠠᠢ ᠭᠠᠵᠠᠷ ᠲᠤᠤᠷ᠎ᠠ ᠠᠴᠠ ᠭᠡᠳᠡᠭᠴᠢᠯᠠᠨ ᠰᠤᠷᠭᠠᠭᠤᠯᠢ ᠡᠬᠢᠯᠠᠭᠡᠳ ᠠᠷᠠᠢ ᠰᠠᠷ᠎ᠠ ᠪᠤᠯᠤᠭᠠᠳᠤᠢ ᠪᠠᠷ ᠰᠢᠨ᠎ᠠ | ᠲᠢᠳᠢᠮᠯᠢᠭ ᠠᠭᠤᠰᠬᠢᠨ ᠤ ᠦᠷᠪᠢᠰᠤᠯ ᠤᠨ ᠲᠤᠪᠳᠤᠯᠤᠯᠳᠠ ᠳᠤ ᠭᠦᠨᠳᠤ ᠨᠤᠴᠢᠳᠠᠢ ᠲᠠᠭᠠᠷᠢᠭᠳᠠᠯᠠ᠃ ᠠᠷᠪᠠᠨ | ᠰᠠᠷ᠎ᠠ ᠶᠢᠨ ᠨᠢᠭᠡᠨ ᠤ ᠠᠮᠠᠷᠠᠯᠳᠠ ᠶᠢᠨ ᠲᠠᠷᠠᠭ᠎ᠠ ᠰᠤᠷᠭᠠᠭᠤᠯᠢ ᠡᠬᠢᠯᠠᠵᠤ ᠲᠡᠶᠢᠯᠦᠭᠰᠡᠨ ᠦᠭᠡᠢ᠂ ᠰᠦᠯᠵᠢᠶᠠᠨ ᠳᠡᠭᠡᠷ᠎ᠠ | ᠬᠢᠴᠢᠶᠡᠯᠯᠡᠭᠦ ᠪᠠᠷ ᠪᠤᠯᠪᠠ᠃ 2019 ᠤᠨ ᠤ ᠵᠢᠯ ᠤᠨ ᠡᠴᠤᠰ ᠪᠤᠶᠤ 2020 ᠤᠨ ᠤ ᠵᠢᠯ ᠤᠨ ᠡᠬᠢ ᠠᠴᠠ | ᠨᠠᠭᠠᠰᠢ ᠬᠢᠵᠢᠭ ᠲᠠᠬᠤᠯ ᠤᠨ ᠰᠦᠷᠳᠠᠭᠦᠯᠤᠯ ᠳᠤ ᠪᠠᠶᠢᠨ ᠲᠠᠬᠢᠨ ᠤᠴᠠᠷᠠᠬᠤ ᠠᠴᠠ ᠪᠤᠯᠵᠤ ᠰᠦᠯᠵᠢᠶᠠᠨ ᠲᠡᠭᠡᠷ᠎ᠠ | ᠬᠢᠴᠢᠶᠡᠯᠯᠡᠭᠦ ᠴᠤ ᠤᠯᠠᠰᠢᠷᠠᠭᠰᠠᠨ ᠶᠤᠮ᠃ ᠢᠡᠭᠬᠢᠭᠦ ᠪᠠᠷ ᠢᠶᠠᠨ ᠰᠦᠯᠵᠢᠶᠠᠨ ᠬᠢᠴᠢᠶᠡᠯ ᠭᠡᠵᠦ ᠭᠡᠯᠡᠭᠰᠡᠭᠡᠷ ᠮᠠᠳᠠᠭᠦ | ᠦᠭᠡᠢ ᠭᠦᠮᠦᠨ ᠪᠠᠷᠤᠭ ᠪᠠᠶᠢᠬᠤ ᠦᠭᠡᠢ ᠪᠠᠶᠢᠬ᠎ᠠ︕ ᠰᠦᠯᠵᠢᠶᠠᠨ ᠬᠢᠴᠢᠶᠡᠯ ᠢ ᠤᠷᠤᠵᠤ ᠴᠢᠳᠠᠬᠤ ᠦᠭᠡᠢ ᠪᠠᠭᠰᠢ | ᠴᠤ ᠦᠭᠡᠢ ᠪᠤᠯᠴᠢᠬᠠᠵᠠᠢ᠃ ᠵᠦᠪᠭᠡᠨ ᠰᠦᠯᠵᠢᠶ᠎ᠠ ᠶᠢ ᠬᠢᠷᠢ ᠵᠡᠷᠭᠡ ᠭᠡᠷᠡᠭᠯᠡᠵᠦ ᠴᠢᠳᠠᠬᠤ᠂ ᠭᠡᠷᠡᠭᠯᠡᠵᠦ ᠪᠦᠭᠦᠢ | ᠲᠦᠭᠦᠭᠡᠷᠤᠮᠵᠢ ᠨᠢ ᠬᠢᠷᠢ ᠵᠡᠷᠭᠡ ᠤᠳᠤᠬᠢᠴᠢᠯᠠᠭᠰᠠᠨ ᠢᠶᠠᠷ ᠵᠦᠷᠢᠶ᠎ᠠ ᠲᠠᠢ ᠮᠦᠷᠳᠡᠭᠡᠨ ᠵᠦᠷᠢᠶ᠎ᠠ ᠨᠢ ᠴᠤ ᠮᠤᠨᠳᠠᠬ ᠶᠡᠭᠡ | ᠪᠠᠶᠢᠳᠠᠬ᠃ ᠵᠠᠷᠢᠮ ᠨᠢ ᠬᠤᠭᠤᠷᠤᠨᠳᠤ ᠪᠠᠨ ᠲᠡᠭᠷᠢ ᠭᠠᠵᠠᠷ ᠤᠨ ᠵᠦᠷᠢᠶ᠎ᠠ ᠲᠠᠢ ᠭᠡᠵᠦ ᠭᠡᠯᠡᠭᠦ ᠳᠤ ᠠᠬᠠᠳᠠᠬᠤ ᠤᠴᠢᠷ | ᠤᠭᠳᠤ ᠦᠭᠡᠢ ᠶᠤᠮ᠃ ᠨᠡᠩ ᠰᠤᠷᠤᠭᠴᠢ ᠶᠢᠨ ᠵᠦᠷᠢᠶ᠎ᠠ ᠶᠢ ᠶᠠᠭᠤᠨ ᠭᠡᠯᠡᠭᠦ ᠠᠵᠢ᠃ ᠴᠢᠨᠠᠷ ᠰᠠᠶᠢᠳᠠᠢ ᠺᠤᠮᠫᠢᠦ᠋ᠲ᠋ᠧᠷ | ᠪᠤᠶᠤ ipad ᠢ ᠪᠠᠶᠢᠴᠢᠬ᠎ᠠ᠂ ᠭᠡᠤᠭᠡᠳ ᠲᠤ ᠪᠠᠨ ᠵᠦᠭᠡᠷ ᠰᠢᠭ ᠭᠠᠷ ᠤᠳᠠᠰᠤ ᠪᠠᠯᠠᠳᠭᠡᠵᠦ ᠦᠭᠭᠦ ᠳᠤ ᠭᠦᠴᠢᠷᠳᠠᠭᠦ | ᠭᠡᠷ ᠤᠨ ᠠᠬᠠᠮᠠᠳ ᠪᠤᠢ᠃ ᠬᠢᠵᠢᠭ ᠤᠨ ᠬᠤᠭᠤᠴᠠᠭᠠᠨ ᠳᠤ ᠠᠮᠢ ᠭᠤᠤᠯ ᠳᠤ ᠪᠠᠨ ᠵᠦᠪ ᠦᠭᠡᠢ ᠪᠤᠯᠵᠤ | ᠭᠠᠴᠢᠭᠳᠠᠵᠤ ᠵᠤᠪᠠᠭᠰᠠᠨ ᠭᠡᠷ ᠪᠦᠯᠢ ᠴᠤ ᠴᠦᠭᠡᠨ ᠪᠤᠰᠤ ᠪᠠᠶᠢᠭᠰᠠᠨ ᠳ᠋ᠠ︕ ᠡᠶᠢᠮᠦ ᠭᠡᠷ ᠪᠦᠯᠢ ᠶᠢᠨ ᠭᠡᠤᠭᠡᠳ | ᠶᠠᠮᠠᠷ ᠰᠡᠳᠬᠢᠯ ᠢᠶᠠᠷ ᠰᠦᠯᠵᠢᠶᠠᠨ ᠬᠢᠴᠢᠶᠡᠯ ᠤᠷᠤᠬᠤ ᠪᠤᠢ᠂ ᠬᠢᠵᠢᠭ ᠲᠠᠬᠤᠯ ᠢ ᠰᠠᠷᠭᠡᠶᠢᠯᠡᠭᠦ ᠦᠭᠡᠢ ᠪᠠᠰᠠ ᠪᠠᠶᠢᠵᠤ | ᠪᠤᠯᠤᠨ᠎ᠠ ᠤᠤ ᠳ᠋ᠠ︕ ᠰᠦᠯᠵᠢᠶᠠᠨ ᠬᠢᠴᠢᠶᠡᠯ ᠢ ᠪᠠᠰᠠ ᠴᠠᠬᠢᠮ ᠬᠢᠴᠢᠶᠡᠯ᠂ ᠨᠧᠲ ᠬᠢᠴᠢᠶᠡᠯ ᠪᠤᠶᠤ ᠤᠳᠠᠰᠤᠨ | ᠬᠢᠴᠢᠶᠡᠯ ᠭᠡᠭᠦ ᠮᠠᠳᠤ ᠪᠠᠷ ᠭᠡᠯᠡᠳᠡᠭ᠃ ᠨᠠᠰᠤ ᠠᠬᠢᠭᠰᠠᠨ ᠪᠠᠭᠰᠢ ᠰᠦᠯᠵᠢᠶ᠎ᠠ ᠪᠠᠷ ᠬᠢᠴᠢᠶᠡᠯᠯᠡᠭᠦ ᠭᠡᠳ ᠦᠢᠯᠠ ᠪᠠᠨ | ᠦᠵᠠᠵᠤ ᠪᠠᠶᠢᠭᠰᠠᠨ ᠤ ᠨᠢᠭᠡ ᠨᠢ ᠪᠢ ᠮᠦᠨ᠃ | ᠰᠤᠷᠤᠭᠴᠢ ᠶᠢᠨ ᠰᠠᠭᠤᠷᠢ ᠶᠢ ᠰᠠᠶᠢᠳᠤᠷ ᠲᠠᠯᠪᠢᠵᠤ ᠰᠤᠷᠬᠤ ᠵᠠᠮ ᠳᠤ ᠨᠢ ᠡᠷᠳᠠ ᠤᠷᠤᠭᠤᠯᠤᠶ᠎ᠠ᠃ | ᠤᠬᠠᠮᠰᠠᠷ ᠠᠴᠠ ᠪᠠᠨ ᠰᠤᠷᠬᠤ ᠪᠤᠯᠭᠠᠵᠤ ᠰᠠᠳᠤᠪ ᠢ ᠲᠦᠷᠢᠮᠵᠢᠭᠦᠨ ᠬᠠᠷᠢᠭᠤᠯᠵᠤ ᠴᠢᠳᠠᠬᠤ ᠪᠤᠯᠪᠠᠰᠤᠷᠠᠯ ᠲᠠᠢ | ᠪᠤᠯᠭᠠᠶ᠎ᠠ᠃ ᠰᠢᠯᠭᠠᠯᠳᠠ ᠳᠤ ᠴᠢᠳᠠᠬᠤ ᠦᠭᠡᠢ ᠰᠠᠳᠤᠪ ᠲᠤᠬᠢᠶᠠᠯᠳᠤᠭᠰᠠᠨ ᠴᠤ ᠤᠯᠪᠠᠰᠤ ᠵᠤᠬᠢᠬᠤ ᠬᠤᠪᠢ ᠪᠠᠨ | ᠤᠯᠵᠤ ᠴᠢᠳᠠᠬᠤ ᠴᠢᠳᠠᠪᠤᠷᠢ ᠲᠠᠢ ᠪᠤᠯᠭᠠᠶ᠎ᠠ ᠭᠡᠰᠡᠨ ︽ᠠᠤᠭ᠎ᠠ︾ ᠭᠦᠰᠠᠯ ᠵᠠᠮᠬᠠᠷᠠᠬᠤ ᠰᠢᠬ | ᠰᠠᠨᠠᠭᠳᠠᠯ᠎ᠠ᠃ ᠰᠠᠨᠠᠭᠠᠰᠢᠷᠠᠬᠤ ᠦᠭᠡᠢ ᠪᠠᠶᠢᠵᠤ ᠪᠤᠯᠤᠨ᠎ᠠ ᠤᠤ ᠳ᠋ᠠ︕ ᠵᠠᠷᠢᠮ ᠰᠤᠷᠤᠭᠴᠢ ᠶᠢ ᠨᠢ ᠲᠠᠨᠢᠵᠤ ᠴᠤ | ᠠᠮᠵᠢᠭᠠᠳᠤᠢ᠂ ᠲᠠᠰᠬᠠᠯ ᠤᠨ ᠠᠰᠠᠭᠤᠳᠠᠯ ᠢ ᠨᠢ ᠨᠢᠭᠤᠷᠳᠠᠨ ᠰᠠᠭᠤᠭᠠᠳ ᠰᠢᠢᠳᠪᠤᠷᠢᠯᠠᠵᠤ ᠦᠭᠭᠦ ᠪᠤᠯᠤᠮᠵᠢ ᠦᠭᠡᠢ | ᠪᠤᠯᠵᠠᠢ᠂ ᠨᠠᠩ ᠰᠦᠯᠵᠢᠶᠠᠨ ᠬᠢᠴᠢᠶᠡᠯ ᠤᠨ ᠦᠷ᠎ᠠ ᠠᠰᠢᠬ ᠠᠩᠬᠢ ᠶᠢᠨ ᠭᠡᠷ ᠲᠤ ᠬᠢᠴᠢᠶᠡᠯᠯᠡᠭᠦ ᠶᠢ ᠭᠦᠷᠭᠦ ᠤᠤ | ᠳ᠋ᠠ︕ ᠲᠡᠭᠡᠳᠤ ᠲᠤᠮᠳᠠᠳᠤ ᠶᠢᠨ ᠰᠤᠷᠤᠭᠴᠢᠳ ᠪᠠᠶ᠎ᠠ ᠪᠠᠨ ᠪᠠᠷᠢᠬᠤ ᠲᠠᠯ᠎ᠠ ᠪᠠᠷ ᠠᠩᠬ᠎ᠠ ᠨᠢᠭᠡ ᠶᠢᠨ | ᠰᠤᠷᠤᠭᠴᠢᠳ ᠠᠴᠠ ᠬᠤᠯᠠ ᠲᠠᠪᠠᠭ᠋ᠤ ᠲᠤᠯᠠ ᠲᠠᠳᠠᠨ ᠳᠤ ᠰᠦᠯᠵᠢᠶᠠᠨ ᠬᠢᠴᠢᠶᠡᠯ ᠤᠷᠤᠵᠤ ᠪᠠᠶᠢᠭ᠎ᠠ ᠦᠶᠠᠰ ᠡᠨᠡ | ᠮᠠᠳᠤ ᠰᠠᠨᠠᠭ᠎ᠠ ᠪᠤᠯᠵᠤ ᠪᠠᠶᠢᠭᠰᠠᠨ ᠦᠭᠡᠢ ᠶᠤᠮ᠃ ᠦᠨᠡᠭᠡᠷ ᠰᠠᠨᠠᠭᠠᠰᠢᠷᠠᠭᠰᠠᠨ ᠠᠴᠠ ᠭᠠᠷᠤᠭᠰᠠᠨ | ᠦᠭᠡᠢ᠃ ᠲᠠᠰᠬᠠᠯ ᠢᠶᠠᠨ ᠡᠷᠤᠢ ᠬᠤᠷᠤᠢ ᠦᠭᠡᠢ᠂ ᠬᠠᠰᠢ ᠶᠠᠰᠢ ᠬᠢᠳᠡᠭ ᠰᠤᠷᠤᠭᠴᠢ ᠤᠯᠠᠰᠢᠷᠠᠵᠠᠢ᠃ ᠲᠠᠰᠬᠠᠯ ᠢ ᠨᠢ | ᠪᠤᠴᠠᠭᠠᠵᠤ ᠲᠠᠬᠢᠵᠤ ᠬᠢᠯᠭᠡᠭᠦ ᠳᠤ ᠮᠦᠨ ᠯᠡ ᠡᠰᠠᠨ ᠪᠤᠰᠤᠨ ᠬᠢᠭᠦ ᠪᠤᠶᠤ ᠬᠢᠭᠦ ᠪᠠᠨ ᠪᠤᠯᠢᠳᠠᠬ᠃ ᠰᠢᠯᠢᠳᠡᠭ ᠲᠠᠰᠬᠠᠯ ᠢ | ᠶᠠᠪᠤᠭᠤᠯᠵᠤ ᠦᠭᠭᠦ ᠳᠤ ᠯᠠᠪᠯᠠᠬᠤ ᠪᠠᠶᠢᠳᠤᠭᠠᠢ ᠦᠵᠠᠭᠦ ᠴᠤ ᠦᠭᠡᠢ ᠶᠢ ᠶᠠᠭᠠᠬᠢᠨ᠎ᠠ︖ ᠲᠠᠪᠳᠠᠯᠭ᠎ᠠ ᠪᠤᠶᠤ ᠰᠤᠯᠠ | ᠰᠠᠯᠠᠭᠦᠦ ᠴᠠᠭ ᠲᠤ ᠨᠢ ᠲᠠᠰᠬᠠᠯ ᠤᠨ ᠤᠷᠤᠰᠢᠵᠤ ᠪᠠᠶᠢᠭ᠎ᠠ ᠠᠰᠠᠭᠤᠳᠠᠯ ᠢ ᠨᠢ ᠰᠢᠢᠳᠪᠤᠷᠢᠯᠠᠵᠤ ᠦᠭᠭᠦ ᠪᠠᠷ ᠬᠤᠯᠪᠤᠭ᠎ᠠ | ᠠᠪᠬᠤ ᠳᠤ ᠤᠳᠠᠰᠤ ᠶᠢ ᠲᠤᠰᠳᠠᠬ ᠦᠭᠡᠢ᠃ ᠨᠢᠭᠡ ᠬᠤᠶᠠᠷ ᠤᠳᠠᠭ᠎ᠠ ᠲᠤᠰᠬᠤ ᠦᠭᠡᠢ ᠪᠤᠯ ᠯᠠᠪ ᠤᠴᠢᠷ | ᠰᠢᠯᠳᠠᠭᠠᠨ ᠪᠤᠢ᠃ ᠭᠡᠳᠡᠯ᠎ᠠ ᠬᠤᠯᠪᠤᠭ᠎ᠠ ᠠᠪᠬᠤ ᠳᠤ ᠲᠠᠩᠳᠠ ᠬᠠᠷᠢᠴᠠᠬᠤ ᠦᠭᠡᠢ ᠪᠤᠯ ᠲᠠᠰᠬᠠᠯ ᠵᠠᠰᠠᠬᠤ ᠠᠴᠠ | ᠵᠠᠶᠢᠯᠠᠰᠬᠢᠵᠤ ᠪᠠᠶᠢᠭ᠎ᠠ ᠪᠤᠶᠤ ᠲᠠᠰᠬᠠᠯ ᠬᠢᠭᠦ ᠲᠤᠷ᠎ᠠ ᠦᠭᠡᠢ ᠠᠴᠠ ᠪᠤᠯᠤᠭᠰᠠᠨ ᠨᠢ ᠭᠠᠷᠴᠠᠭ᠎ᠠ ᠦᠭᠡᠢ᠂ ᠴᠢᠨᠠᠭᠰᠢᠯᠠᠨ | ᠬᠢᠴᠢᠶᠡᠯ ᠢ ᠴᠤ ᠬᠠᠰᠢ ᠶᠠᠰᠢ ᠰᠤᠨᠤᠰᠬᠤ ᠪᠤᠶᠤ ᠶᠠᠬ ᠰᠤᠨᠤᠰᠴᠤ ᠦᠭᠡᠢ ᠪᠠᠶᠢᠵᠤ ᠮᠠᠳᠠᠨ᠎ᠠ᠃ ᠦᠨᠡᠭᠡᠷ ᠡᠶᠢᠮᠦ | ᠰᠤᠷᠤᠭᠴᠢ ᠪᠠᠶᠢᠪᠠᠯ ᠰᠦᠯᠵᠢᠶᠠᠨ ᠬᠢᠴᠢᠶᠡᠯ ᠤᠨ ᠵᠢᠭᠠᠨ ᠰᠤᠷᠭᠠᠯᠳᠠ ᠶᠢᠨ ᠦᠷ᠎ᠠ ᠠᠰᠢᠬ ᠶᠠᠮᠠᠷ ᠭᠡᠭᠴᠢ ᠶᠢ | ᠲᠤᠳᠤᠷᠬᠠᠢᠢᠯᠠᠬᠤ ᠦᠭᠡᠢ ᠳᠤ ᠠᠶᠠᠨᠳᠠᠭᠠᠨ ᠭᠠᠳᠠᠷᠯᠠᠴᠢᠬᠠᠨᠠ᠃ ᠰᠦᠯᠵᠢᠶᠠᠨ ᠬᠢᠴᠢᠶᠡᠯ ᠤᠨ ᠵᠢᠭᠠᠨ ᠰᠤᠷᠭᠠᠯᠳᠠ ᠶᠢᠨ | ᠲᠤᠬᠠᠢ ᠪᠤᠳᠤᠯᠬᠢᠯᠠᠯ ᠡᠷᠢᠯᠬᠢᠯᠠᠯ ᠬᠢᠭᠦ ᠦᠭᠡᠢ ᠪᠤᠯᠬᠤ ᠦᠭᠡᠢ ᠶᠤᠮ ᠪᠠᠶᠢᠨ᠎ᠠ᠃ | ᠠᠩᠬᠢ ᠶᠢᠨ ᠡᠷᠬᠢᠯᠡᠭᠴᠢ ᠪᠠᠭᠰᠢ ᠪᠠᠷ ᠨᠢ ᠭᠡᠷ ᠤᠨ ᠠᠬᠠᠮᠠᠳ ᠲᠤ ᠨᠢ ᠤᠳᠠᠰᠤᠨ ᠨᠤᠮᠧᠷ ᠢᠶᠠᠨ ᠦᠭᠴᠦ᠂ | ᠬᠠᠪᠰᠤᠷᠤᠯᠭ᠎ᠠ ᠲᠠᠮᠵᠢᠯᠭᠡ ᠤᠯᠬᠤ ᠶᠢ ᠭᠦᠰᠠᠵᠤ ᠨᠠᠶᠢᠳᠠᠯ᠎ᠠ᠃ ᠵᠠᠷᠢᠮ ᠭᠡᠷ ᠤᠨ ᠠᠬᠠᠮᠠᠳ ᠮᠠᠰᠢ | ᠢᠳᠡᠪᠬᠢᠳᠠᠢ᠃ ᠪᠠᠷᠢᠨ ᠨᠠᠳᠠ ᠲᠠᠢ ᠬᠤᠯᠪᠤᠭ᠎ᠠ ᠠᠪᠴᠤ ᠭᠡᠤᠭᠡᠳ ᠤᠨ ᠢᠶᠠᠨ ᠰᠦᠯᠵᠢᠶᠠᠨ ᠬᠢᠴᠢᠶᠡᠯ ᠤᠷᠤᠵᠤ | ᠪᠠᠶᠢᠭ᠎ᠠ ᠬᠤᠭᠤᠴᠠᠭᠠᠨ ᠳᠠᠬᠢ ᠢᠯᠠᠷᠠᠯ ᠪᠠᠶᠢᠳᠠᠯ ᠤᠨ ᠲᠠᠯ᠎ᠠ ᠪᠠᠷ ᠰᠤᠯᠢᠯᠴᠠᠯ᠎ᠠ᠃ ᠪᠤᠳᠠᠳᠠᠢ ᠠᠪᠬᠤ ᠠᠷᠭ᠎ᠠ ᠪᠠᠷᠢᠯ ᠤᠨ | ᠲᠠᠯ᠎ᠠ ᠪᠠᠷ ᠴᠤ ᠭᠡᠯᠡᠯᠴᠡᠨ ᠲᠤᠭᠳᠠᠯ᠎ᠠ᠃ ᠭᠡᠷ ᠤᠨ ᠠᠬᠠᠮᠠᠳ ᠨᠢ ᠢᠳᠡᠪᠬᠢᠳᠠᠢ ᠪᠠᠶᠢᠳᠠᠬ ᠯᠡ ᠶᠤᠮ ᠪᠤᠯ ᠭᠡᠤᠭᠡᠳ ᠨᠢ | ᠠᠷᠠᠢ ᠬᠢᠴᠢᠶᠡᠯ ᠬᠠᠶᠠᠭᠳᠠᠬᠤ ᠦᠭᠡᠢ ᠶᠤᠮ᠃ ᠰᠦᠯᠵᠢᠶᠠᠨ ᠬᠢᠴᠢᠶᠡᠯ ᠤᠨ ᠠᠬᠢᠴᠠ ᠮᠠᠰᠢ ᠠᠯᠭᠤᠷ ᠤᠳᠠᠭᠠᠨ ᠪᠠᠶᠢᠵᠤ | ᠦᠨᠳᠤᠰᠤᠨ ᠵᠦᠢᠯ ᠢ ᠤᠢᠢᠯᠠᠭᠠᠭᠤᠯᠵᠤ᠂ ᠡᠵᠡᠮᠰᠢᠭᠦᠯᠭᠦ ᠲᠠᠭᠡᠷ᠎ᠠ ᠭᠤᠤᠯ ᠭᠦᠴᠦ ᠪᠠᠨ ᠲᠠᠯᠪᠢᠵᠠᠢ᠃ ᠦᠷᠭᠡᠳᠭᠡᠵᠦ | ᠭᠦᠨᠵᠡᠭᠡᠶᠢᠷᠡᠭᠦᠯᠭᠦ ᠴᠢᠬᠤᠯᠠᠲᠠᠢ ᠪᠤᠶᠤ ᠭᠦᠴᠢᠷ ᠰᠢᠭ ᠵᠦᠢᠯᠠᠰ ᠢ ᠨᠢ ᠰᠤᠷᠭᠠᠭᠤᠯᠢ ᠳᠤ ᠪᠠᠨ ᠬᠢᠴᠢᠶᠡᠯᠯᠡᠭᠰᠡᠨ ᠤ | ᠲᠠᠷᠠᠭ᠎ᠠ ᠨᠦᠭᠦᠪᠤᠷᠢᠯᠡᠭᠦ ᠪᠤᠶᠤ ᠰᠢᠢᠳᠪᠤᠷᠢᠯᠡᠭᠦ ᠪᠠᠷ ᠪᠤᠯᠪᠠ᠃ ᠢᠡᠭᠬᠢᠵᠤ ᠰᠢᠢᠳᠪᠤᠷᠢᠯᠡᠭᠦ ᠨᠢ ᠰᠦᠯᠵᠢᠶᠠᠨ | ᠬᠢᠴᠢᠶᠡᠯ ᠤᠨ ᠴᠢᠨᠠᠷ ᠴᠢᠨᠰᠠᠭ᠎ᠠ ᠶᠢ ᠪᠠᠳᠤᠯᠠᠬᠤ ᠪᠠᠷ ᠪᠠᠷᠠᠬᠤ ᠦᠭᠡᠢ ᠬᠤᠶᠢᠰᠢᠢᠳᠠ ᠶᠢᠨ ᠰᠤᠷᠤᠯᠴᠠᠯᠭ᠎ᠠ ᠳᠤ ᠨᠢ | ᠦᠴᠦᠭᠡᠨ ᠲᠠᠳᠤᠢ ᠨᠦᠯᠦᠭᠡ ᠪᠤᠯᠬᠤ ᠦᠭᠡᠢ ᠶᠤᠮ᠃ ᠮᠢᠨᠦ ᠡᠨᠠ ᠦᠵᠠᠯᠳᠠ ᠶᠢ ᠵᠦᠪᠰᠢᠶᠠᠷᠠᠨ ᠨᠤᠳᠠᠯᠠᠵᠤ ᠪᠠᠶᠢᠭ᠎ᠠ | ᠭᠡᠷ ᠤᠨ ᠠᠬᠠᠮᠠᠳ ᠪᠤᠶᠤ ᠦᠢᠯᠠᠰ ᠨᠢᠭᠡᠳᠠᠳ ᠤᠯᠠᠨ ᠪᠤᠢ᠃ | ᠵᠠᠷᠢᠮ ᠭᠡᠷ ᠤᠨ ᠠᠬᠠᠮᠠᠳ ᠦᠨᠠᠭᠡᠷ ᠡᠭ᠍ᠳᠡᠭᠦᠦ ᠲᠠᠢ᠃ ︽ᠭᠡᠤᠭᠡᠳ ᠴᠢᠨᠢ ᠲᠠᠰᠬᠠᠯ ᠲᠠᠭᠠᠭᠠᠯᠭᠠᠪᠤᠷᠢ ᠪᠠᠨ | ᠪᠠᠶᠠᠯᠠᠭᠦᠯᠵᠤ ᠦᠭᠡᠢ ᠪᠤᠶᠤ ᠬᠠᠰᠢ ᠶᠠᠰᠢ ᠬᠢᠵᠤ ᠪᠠᠶᠢᠨ᠎ᠠ︾ ᠭᠡᠵᠦ ᠲᠤᠰᠬᠠᠬᠤ ᠳᠤ ︽ᠪᠢ ᠭᠡᠤᠭᠡᠳ ᠲᠤ ᠪᠠᠨ | ᠵᠢᠭᠠᠵᠤ ᠦᠭᠴᠦ ᠴᠢᠳᠠᠬᠤ ᠦᠭᠡᠢ ᠰᠢᠤ︾ ᠭᠡᠭᠦ ᠮᠠᠳᠤ ᠪᠠᠷ ᠡᠯᠳᠡᠪ ᠵᠦᠢᠯ ᠤᠨ ᠰᠢᠯᠳᠠᠬ ᠭᠡᠯᠠᠳᠡᠭ᠃ ᠬᠤᠯᠪᠤᠭ᠎ᠠ | ᠲᠠᠭᠡᠷ᠎ᠠ ᠰᠠᠴᠤᠭᠳᠠᠵᠤ ᠪᠠᠶᠢᠭᠰᠠᠨ ᠰᠢᠬ ︽ᠪᠠᠭᠰᠢ ᠵᠢᠭᠠᠬᠤ ᠦᠭᠡᠢ᠂ ᠭᠡᠷ ᠤᠨ ᠠᠬᠠᠮᠠᠳ ᠵᠢᠭᠠᠨ᠎ᠠ ᠤᠤ︖ ᠲᠠᠶᠢᠮᠦ | ᠪᠤᠯ ᠭᠡᠤᠭᠡᠳ ᠢᠶᠠᠨ ᠰᠤᠷᠭᠠᠭᠤᠯᠢ ᠳᠤ ᠦᠭᠭᠦᠭᠡᠳ ᠶᠠᠭᠠᠬᠢᠬᠤ ᠶᠤᠮ ᠪᠤᠢ︖︾ ᠭᠡᠵᠦ ᠠᠷᠠᠢ ᠦᠭᠡᠳᠠ ᠠᠴᠠ | ᠭᠡᠯᠡᠭᠰᠡᠨ ᠦᠭᠡᠢ᠃ ᠡᠭᠦᠨ ᠠᠴᠠ ᠦᠵᠡᠪᠡᠯ ᠮᠠᠨ ᠤ ᠭᠡᠷ ᠤᠨ ᠠᠬᠠᠮᠠᠳ ᠪᠤᠯᠪᠠᠰᠤᠷᠠᠯ ᠲᠠᠢ ᠪᠠᠶᠢᠨ᠎ᠠ ᠰᠢᠤ᠃ ᠵᠠᠷᠢᠮ | ᠭᠡᠷ ᠤᠨ ᠠᠬᠠᠮᠠᠳ ᠪᠠᠶᠢᠳᠠᠯ᠂ ᠨᠦᠭᠦᠴᠡᠯ ᠪᠤᠶᠤ ᠭᠦᠴᠢᠷᠳᠠᠯ ᠢ ᠤᠢᠢᠯᠠᠭᠠᠨ᠎ᠠ᠃ ᠭᠡᠳᠡᠯ᠎ᠠ ᠡᠨᠡ ᠲᠠᠷᠠ | ᠰᠢᠯᠳᠠᠭᠠᠨ ᠠᠴᠠ ᠪᠤᠯᠵᠤ ᠭᠡᠤᠭᠡᠳ ᠤᠨ ᠢᠶᠠᠨ ᠪᠠᠶ᠎ᠠ ᠰᠡᠳᠬᠢᠴᠠ ᠭᠦᠮᠦᠵᠢᠯ ᠰᠤᠷᠤᠯᠭ᠎ᠠ ᠶᠢ ᠨᠢ ᠬᠠᠮᠢᠶᠠᠷᠬᠤ ᠦᠭᠡᠢ | ᠪᠠᠶᠢᠵᠤ ᠪᠤᠯᠤᠨ᠎ᠠ ᠤᠤ᠂ ᠰᠤᠷᠭᠠᠭᠤᠯᠢ ᠳᠤ ᠪᠠᠨ ᠬᠢᠴᠢᠶᠡᠯᠯᠡᠵᠦ ᠪᠠᠶᠢᠭᠰᠠᠨ ᠪᠤᠯ ᠶᠠᠭᠠᠬᠢᠬᠤ ᠪᠤᠢ︖ ᠭᠡᠷ ᠤᠨ | ᠠᠬᠠᠮᠠᠳ ᠲᠤ ᠨᠢ ᠲᠦᠰᠢᠭᠯᠡᠭᠦ ᠦᠭᠡᠢ ᠪᠠᠷ ᠭᠦᠮᠦᠵᠢᠭᠦᠯᠵᠤ ᠰᠤᠷᠭᠠᠵᠤ ᠪᠤᠯᠤᠨ᠎ᠠ᠂ ᠲᠠᠶᠢᠮᠦ ᠮᠦᠷᠳᠡᠭᠡᠨ | ᠤᠯᠠᠩᠬᠢ ᠶᠢ ᠨᠢ ᠭᠦᠮᠦᠵᠢᠭᠦᠯᠵᠤ ᠰᠤᠷᠭᠠᠵᠤ ᠲᠠᠶᠢᠯᠳᠡᠭ᠃ ᠦᠪᠠᠷ ᠦᠪᠠᠷᠰᠠᠳ ᠤᠨ ᠭᠡᠷ ᠲᠤ ᠪᠠᠨ ᠰᠠᠭᠤᠵᠤ | ᠰᠦᠯᠵᠢᠶᠠᠨ ᠬᠢᠴᠢᠶᠡᠯ ᠤᠷᠤᠵᠤ ᠪᠠᠶᠢᠭ᠎ᠠ ᠤᠴᠢᠷ ᠠᠴᠠ ᠭᠡᠷ ᠤᠨ ᠠᠬᠠᠮᠠᠳ ᠲᠤ ᠨᠢ ᠲᠦᠰᠢᠭᠯᠡᠭᠦ ᠦᠭᠡᠢ ᠪᠤᠯ | ᠰᠤᠷᠭᠠᠵᠤ ᠭᠦᠮᠦᠵᠢᠭᠦᠯᠵᠤ ᠲᠠᠶᠢᠯᠭᠦ ᠦᠭᠡᠢ ᠠᠷᠭ᠎ᠠ ᠪᠠᠷᠠᠭᠳᠠᠬᠤ ᠳᠤ ᠪᠠᠨ ᠰᠠᠶ᠋ᠢ ᠲᠠᠳᠠᠨ ᠲᠠᠢ ᠬᠤᠯᠪᠤᠭ᠎ᠠ ᠠᠪᠴᠤ | ᠪᠠᠶᠢᠨ᠎ᠠ᠃ ᠭᠡᠤᠭᠡᠳ ᠢ ᠨᠢ ᠪᠤᠰᠤᠳ ᠤᠨ ᠭᠡᠤᠭᠡᠳ ᠠᠴᠠ ᠪᠢᠳᠠᠭᠡᠢ ᠯᠠ ᠬᠤᠴᠤᠷᠭᠠᠴᠢᠬᠠᠶᠠ ᠭᠡᠭᠦ ᠳᠤ ᠪᠠᠨ | ᠬᠤᠯᠪᠤᠭ᠎ᠠ ᠠᠪᠴᠤ ᠪᠠᠶᠢᠭ᠎ᠠ ᠳ᠋ᠠ︕ ᠤᠢᠢᠯᠠᠭᠠᠭᠠᠷᠠᠢ᠂ ᠭᠡᠷ ᠤᠨ ᠠᠬᠠᠮᠠᠳ ᠮᠢᠨᠢ︕ ᠡᠶᠢᠮᠦ ᠲᠠᠶᠢᠮᠦ | ᠰᠢᠯᠳᠠᠭᠠᠨ ᠠᠴᠠ ᠪᠤᠯᠵᠤ ᠰᠤᠷᠤᠭᠴᠢᠳ ᠨᠢᠭᠡ ᠬᠤᠶᠠᠷ ᠬᠢᠴᠢᠶᠡᠯ ᠤᠨ ᠴᠠᠭ ᠤᠨ ᠠᠭᠤᠯᠭ᠎ᠠ ᠶᠢ ᠤᠢᠢᠯᠠᠭᠠᠬᠤ ᠦᠭᠡᠢ | ᠪᠤᠶᠤ ᠲᠠᠰᠬᠠᠯ ᠢ ᠬᠢᠭᠦ ᠦᠭᠡᠢ ᠪᠠᠶᠢᠵᠤ ᠪᠤᠯᠤᠨ᠎ᠠ᠃ ᠭᠡᠳᠠᠯ᠎ᠠ ᠲᠠᠩᠳᠠ ᠤᠢᠢᠯᠠᠭᠠᠬᠤ ᠦᠭᠡᠢ ᠪᠤᠶᠤ ᠲᠡᠩᠳᠠ ᠲᠠᠰᠬᠠᠯ | ᠬᠢᠭᠦ ᠦᠭᠡᠢ ᠪᠠᠶᠢᠪᠠᠯ ᠬᠤᠶᠢᠰᠢᠳᠠ ᠶᠢ ᠪᠠᠶᠢᠳᠤᠭᠠᠢ᠂ ᠬᠢᠵᠢᠭ ᠤᠨ ᠬᠤᠭᠤᠴᠠᠭᠠᠨ ᠳᠤ ᠴᠤ ᠡᠩᠨᠡᠭᠡ ᠠᠴᠠ ᠪᠠᠨ | ᠬᠠᠶᠠᠭᠳᠠᠬᠤ ᠪᠤᠯᠤᠨ᠎ᠠ᠃ ᠬᠤᠵᠢᠮ ᠤᠨ ᠠᠯᠢ ᠨᠢᠭᠡ ᠡᠳᠤᠷ ᠤᠬᠠᠭᠠᠷᠠᠭᠠᠳ ᠰᠤᠷᠬᠤ ᠪᠠᠷ ᠭᠦᠴᠦᠯᠡᠭᠰᠡᠨ ᠴᠤ ᠦᠷ᠎ᠠ | ᠠᠰᠢᠬ ᠲᠠᠶᠢᠮᠦ ᠴᠤ ᠦᠨᠳᠤᠷ ᠪᠢᠰᠢ ᠨᠢ ᠮᠠᠳᠠᠭᠡᠵᠢ ᠶᠢᠨ ᠭᠡᠷᠡᠭ ᠪᠢᠯᠡ᠃ | ᠵᠠᠷᠢᠮ ᠭᠡᠷ ᠤᠨ ᠠᠬᠠᠮᠠᠳ ᠠᠮᠢᠳᠤᠷᠠᠯ ᠤᠨ ᠲᠦᠪᠰᠢᠨ ᠢᠶᠠᠨ ᠲᠡᠭᠡᠭᠰᠢᠯᠠᠭᠦᠯᠭᠦ ᠶᠢᠨ ᠲᠦᠯᠦᠭᠡ ᠬᠤᠳᠠ | ᠤᠷᠤᠵᠤ ᠭᠦᠯᠦᠰᠤᠨ ᠠᠵᠢᠯ ᠬᠢᠵᠤ ᠤᠷᠤᠯᠭ᠎ᠠ ᠪᠠᠨ ᠨᠡᠮᠡᠭᠳᠠᠭᠦᠯᠵᠤ ᠪᠠᠶᠢᠨ᠎ᠠ᠃ ᠵᠠᠷᠢᠮ ᠨᠢ ᠪᠠᠰᠠ ᠡᠨᠠ ᠲᠠᠷᠠ ᠠᠵᠤ | ᠦᠢᠯᠠᠰ ᠡᠷᠬᠢᠯᠡᠵᠦ ᠡᠵᠡᠩᠨᠠᠵᠤ ᠪᠠᠶᠢᠨ᠎ᠠ᠃ ᠢᠡᠭᠬᠢᠭᠦ ᠪᠠᠷ ᠢᠶᠠᠨ ᠲᠠᠳᠠ ᠭᠡᠤᠭᠡᠳ ᠤᠨ ᠢᠶᠠᠨ ᠰᠤᠷᠤᠯᠭ᠎ᠠ ᠡᠨᠠ ᠲᠠᠷᠠ ᠶᠢ | ᠬᠠᠪᠰᠤᠷᠴᠤ ᠵᠢᠯᠤᠭᠤᠳᠬᠤ ᠪᠠᠶᠢᠳᠤᠭᠠᠢ᠂ ᠭᠡᠯᠡᠵᠦ ᠲᠤᠳᠤᠮᠳᠠᠬᠤ ᠴᠠᠭ ᠤᠯᠳᠠᠬᠤ ᠦᠭᠡᠢ ᠶᠠᠭᠠᠷᠠᠵᠤ ᠯᠡ | ᠪᠠᠶᠢᠳᠠᠬ᠃ ᠵᠠᠷᠢᠮ ᠨᠢ ᠭᠡᠳᠦ᠋ᠢᠪᠠᠷ ᠰᠤᠯᠠ ᠰᠠᠯᠠᠭᠦᠤ ᠪᠠᠶᠢᠳᠠᠬ ᠴᠤ ᠭᠡᠤᠭᠡᠳ ᠤᠨ ᠢᠶᠠᠨ ᠬᠢᠴᠢᠶᠡᠯ ᠰᠤᠷᠤᠯᠭ᠎ᠠ ᠶᠢ ᠨᠢ | ᠵᠢᠭᠠᠨ ᠵᠢᠯᠤᠭᠤᠳᠴᠤ ᠲᠠᠶᠢᠯᠭᠦ ᠦᠭᠡᠢ ᠶᠤᠮ᠃ ᠦᠨᠠᠨ ᠢ ᠭᠡᠯᠡᠭᠦ ᠳᠤ ᠪᠢ ᠭᠡᠷ ᠤᠨ ᠠᠬᠠᠮᠠᠳ ᠢᠶᠠᠷ ᠭᠡᠤᠭᠡᠳ ᠢ ᠨᠢ | ᠵᠢᠭᠠᠨ ᠰᠤᠷᠭᠠᠯᠭᠠᠬᠤ ᠪᠤᠶᠤ ᠲᠠᠰᠬᠠᠯ ᠲᠠᠭᠠᠭᠠᠯᠭᠠᠪᠤᠷᠢ ᠶᠢ ᠨᠢ ᠵᠠᠰᠠᠵᠤ ᠬᠢᠨᠠᠭᠤᠯᠬᠤ ᠭᠡᠰᠡᠨ ᠪᠢᠰᠢ᠃ ᠭᠡᠷ ᠤᠨ | ᠠᠬᠠᠮᠠᠳ ᠭᠡᠤᠭᠡᠳ ᠢᠶᠠᠨ ᠬᠠᠶᠠ ᠭᠡᠯᠡᠵᠦ ᠲᠤᠳᠤᠮᠳᠠᠬᠤ ᠪᠤᠶᠤ ᠬᠢᠴᠢᠶᠠᠯ ᠰᠤᠷᠤᠯᠭ᠎ᠠ ᠲᠠᠰᠬᠠᠯ | ᠲᠠᠭᠠᠭᠠᠯᠭᠠᠪᠤᠷᠢ ᠳᠤ ᠨᠢ ᠬᠢᠨᠠᠯᠳᠠ ᠬᠢᠭᠡᠳ ᠦᠭᠪᠡᠯ ᠪᠤᠯᠴᠢᠬᠠᠨ᠎ᠠ᠃ ᠭᠡᠤᠭᠡᠳ ᠨᠢ ᠬᠢᠴᠢᠶᠡᠯ ᠢᠶᠠᠨ ᠨᠠᠷᠢᠨ ᠬᠢᠨᠠᠮᠠᠭᠠᠢ | ᠰᠤᠨᠤᠰᠬᠤ ᠦᠭᠡᠢ᠂ ᠲᠠᠰᠬᠠᠯ ᠢᠶᠠᠨ ᠬᠢᠭᠦ ᠦᠭᠡᠢ᠂ ᠪᠤᠷᠤᠭᠤᠳᠠᠭᠰᠠᠨ ᠴᠤ ᠵᠠᠰᠠᠬᠤ ᠦᠭᠡᠢ ᠪᠤᠶᠤ ᠡᠷᠤᠢ ᠬᠤᠷᠤᠢ ᠦᠭᠡᠢ | ᠬᠢᠭᠦ᠂ ᠪᠠᠭᠰᠢ ᠲᠦᠷᠢᠮᠵᠢᠭᠦᠨ ᠰᠢᠯᠢᠳᠡᠭ ᠲᠠᠰᠬᠠᠯ ᠢ ᠶᠠᠪᠤᠭᠤᠯᠵᠤ ᠦᠭᠭᠦ ᠳᠤ ᠦᠵᠠᠵᠤ ᠯᠠᠪᠯᠠᠬᠤ ᠦᠭᠡᠢ ᠪᠠᠶᠢᠪᠠᠯ | ᠨᠠᠳᠠ ᠲᠠᠢ ᠬᠤᠯᠪᠤᠭ᠎ᠠ ᠠᠪᠬᠤ ᠳᠤ ᠪᠠᠨ ᠲᠠᠭᠠᠷᠠᠨ᠎ᠠ᠃ ᠬᠢᠵᠢᠭ ᠤᠨ ᠬᠤᠭᠤᠴᠠᠭᠠᠨ ᠳᠤ ᠡᠳᠤᠷ ᠲᠤᠵᠢ | ᠭᠡᠤᠭᠡᠳ ᠲᠠᠢ ᠪᠠᠨ ᠬᠠᠮᠳᠤ ᠪᠠᠶᠢᠭ᠎ᠠ ᠶᠤᠮ ᠴᠢᠨᠢ ᠭᠡᠤᠭᠡᠳ ᠢᠶᠠᠨ ᠭᠡᠯᠡᠵᠦ ᠲᠤᠳᠤᠮᠳᠠᠬᠤ ᠪᠤᠶᠤ ᠬᠢᠴᠢᠶᠡᠯ | ᠰᠤᠷᠤᠯᠭ᠎ᠠ ᠳᠤ ᠨᠢ ᠬᠢᠨᠠᠯᠳᠠ ᠲᠠᠯᠪᠢᠬᠤ ᠲᠠᠶᠢᠮᠦ ᠴᠤ ᠭᠦᠴᠢᠷ ᠶᠠᠪᠤᠳᠠᠯ ᠪᠢᠰᠢ ᠪᠠᠶᠢᠭ᠎ᠠ᠃ ᠭᠡᠷ ᠤᠨ ᠠᠬᠠᠮᠠᠳ ᠤᠨ | ᠮᠦᠡᠭᠭᠦ ᠵᠤᠭᠤᠰ ᠡᠯᠪᠡᠭ ᠲᠠᠯᠪᠡᠭ ᠤᠯᠵᠤ ᠠᠮᠢᠳᠤᠷᠠᠯ ᠤᠨ ᠲᠦᠪᠰᠢᠨ ᠢᠶᠠᠨ ᠲᠡᠭᠡᠭᠰᠢᠯᠠᠭᠦᠯᠭᠦ ᠪᠠᠷ ᠵᠢᠳᠭᠦᠵᠤ ᠪᠠᠶᠢᠭ᠎ᠠ | ᠪᠤᠷᠤᠭᠤ ᠪᠢᠰᠢ᠃ ᠭᠡᠳᠡᠯ᠎ᠠ ᠦᠷ᠎ᠠ ᠭᠡᠤᠭᠡᠳ ᠨᠢ ᠰᠤᠷᠬᠤ ᠦᠭᠡᠢ᠂ ᠠᠯᠵᠠᠭᠤ ᠵᠠᠯᠬᠠᠭᠤ᠂ ᠶᠤᠰᠤ ᠨᠤᠮ ᠦᠭᠡᠢ | ᠪᠤᠯᠴᠢᠬᠠᠪᠠᠯ ᠠᠪᠳᠠᠷ᠎ᠠ ᠲᠦᠭᠦᠷᠠᠩ ᠠᠯᠳᠠ ᠮᠦᠡᠭᠭᠦ ᠲᠠᠢ ᠪᠤᠯᠴᠢᠬᠠᠭᠰᠠᠨ ᠴᠤ ᠤᠳᠬ᠎ᠠ ᠠᠭᠤᠯᠭ᠎ᠠ ᠪᠠᠨ ᠠᠯᠳᠠᠵᠤ | ᠮᠠᠳᠠᠨ᠎ᠠ᠃ ᠵᠠᠷᠢᠮ ᠭᠡᠷ ᠤᠨ ᠠᠬᠠᠮᠠᠳ ᠨᠡᠩ ᠡᠭ᠍ᠳᠡᠭᠦᠦ ᠲᠠᠢ᠃ ᠨᠠᠳᠠ ᠲᠠᠢ ᠬᠤᠯᠪᠤᠭ᠎ᠠ ᠠᠪᠬᠤ ᠪᠠᠶᠢᠳᠤᠭᠠᠢ᠂ | ᠤᠳᠠᠰᠤᠳᠠᠭᠠᠳ ︽ᠰᠠᠶᠢᠨ ᠤᠤ︾ ᠭᠡᠵᠦ ᠮᠠᠨᠳᠤᠴᠢᠯᠠᠭᠦ ᠳᠤ ᠦᠭᠡᠳᠠ ᠠᠴᠠ ᠬᠠᠷᠢᠨ ︽ᠭᠡᠨ ᠪᠤᠢ︖︾ ᠭᠡᠵᠦ ᠭᠡᠳᠡᠷᠭᠦ | ᠠᠰᠠᠭᠤᠳᠠᠬ᠃ ᠨᠢᠭᠡ ᠬᠤᠶᠠᠷ ᠤᠳᠠᠭ᠎ᠠ ᠳᠤ ᠪᠤᠯ ᠶᠠᠭᠠᠬᠢᠬᠤ ᠳ᠋ᠠ᠂ ᠤᠢᠢᠯᠠᠭᠠᠵᠤ ᠪᠤᠯᠤᠨ᠎ᠠ᠃ ᠭᠡᠳᠡᠯ᠎ᠠ ᠲᠦᠷᠪᠡ ᠲᠠᠪᠤ | ᠤᠳᠠᠭ᠎ᠠ ᠪᠤᠯᠴᠢᠬᠠᠭᠰᠠᠨ ᠪᠠᠶᠢᠳᠠᠯ᠎ᠠ ᠮᠦᠨ ᠯᠠ ︽ᠭᠡᠨ ᠪᠤᠢ︖︾ ᠭᠡᠵᠦ ᠠᠰᠠᠭᠤᠳᠠᠬ᠃ ᠡᠶᠢᠮᠦ ᠭᠡᠷ ᠤᠨ | ᠠᠬᠠᠮᠠᠳ ᠲᠠᠢ ᠬᠤᠯᠪᠤᠭ᠎ᠠ ᠠᠪᠬᠤ ᠴᠢᠬᠤᠯᠠ ᠪᠠᠶᠢᠨ᠎ᠠ ᠤᠤ︖ ᠬᠤᠯᠪᠤᠭ᠎ᠠ ᠠᠪᠤᠭᠠᠳ ᠦᠢᠯᠠᠳᠤᠯ ᠭᠠᠷᠬᠤ ᠭᠡᠵᠦ | ᠤᠤ︖ ᠭᠡᠤᠭᠡᠳ ᠤᠨ ᠬᠢ ᠨᠢ ᠲᠦᠯᠦᠭᠡ ᠠᠷᠭ᠎ᠠ ᠪᠤᠰᠤ ᠲᠡᠭᠦᠨ ᠲᠠᠢ ᠬᠤᠯᠪᠤᠭ᠎ᠠ ᠠᠪᠴᠤ ᠪᠠᠶᠢᠨ᠎ᠠ᠂ ᠲᠤᠰᠠ ᠭᠠᠷᠬᠤ | ᠪᠤᠯᠤᠭᠠᠰᠠᠢ ᠭᠡᠵᠦ ᠲᠠᠭᠠᠳᠬᠠᠶ᠎ᠠ ᠳ᠋ᠠ︕ | ᠶᠠᠮᠠᠷᠪᠠ ᠶᠠᠭᠤᠮᠠᠨ ᠳᠤ ᠰᠠᠶᠢᠨ ᠮᠠᠭᠤ ᠬᠤᠶᠠᠷ ᠲᠠᠯ᠎ᠠ ᠲᠠᠢ ᠪᠠᠶᠢᠳᠠᠬ᠃ ᠰᠦᠯᠵᠢᠶᠠᠨ ᠬᠢᠴᠢᠶᠡᠯ ᠴᠤ | ᠠᠳᠠᠯᠢᠬᠠᠨ᠃ ᠰᠦᠯᠵᠢᠶᠠᠨ ᠬᠢᠴᠢᠶᠡᠯ ᠤᠷᠤᠭᠰᠠᠨ ᠠᠴᠠ ᠬᠤᠶᠢᠰᠢ ᠵᠠᠷᠢᠮ ᠭᠡᠤᠭᠡᠳ ᠲᠤ ᠶᠠᠬ ᠨᠢᠭᠡ ᠨᠢᠭᠡ ᠪᠠᠷ ᠨᠢ | ᠵᠢᠭᠠᠬᠤ ᠰᠢᠬ ᠪᠤᠯᠵᠠᠢ᠃ ᠵᠠᠪ ᠴᠢᠯᠦᠭᠡ ᠲᠠᠢ ᠯᠠ ᠪᠤᠯ ᠮᠠᠳᠠᠭᠦ ᠦᠭᠡᠢ ᠴᠢᠳᠠᠬᠤ ᠦᠭᠡᠢ᠂ ᠮᠠᠳᠠᠬ ᠰᠡᠵᠢᠭ ᠲᠠᠢ ᠪᠠᠨ | ᠠᠰᠠᠭᠤᠵᠤ ᠪᠠᠶᠢᠳᠠᠬ᠃ ᠲᠠᠰᠬᠠᠯ ᠢᠶᠠᠨ ᠪᠠᠷᠢᠨ ᠵᠠᠯᠠᠷᠠᠭᠤᠯᠴᠢᠬᠠᠭᠠᠳ ᠬᠢᠨᠠᠭᠤᠯᠵᠤ ᠪᠠᠶᠢᠳᠠᠬ᠃ ᠦᠪᠠᠷ ᠤᠨ | ᠤᠬᠠᠮᠰᠠᠷ ᠠᠴᠠ ᠪᠠᠨ ᠰᠤᠯᠠ ᠰᠠᠳᠤᠪ ᠬᠢᠴᠢᠭᠡᠭᠡᠳ ᠦᠵᠠᠭᠦᠯᠵᠤ ᠪᠠᠶᠢᠳᠠᠬ᠃ ᠴᠢᠨᠠᠭᠰᠢᠯᠠᠨ ᠵᠢᠭᠠᠭ᠎ᠠ ᠦᠭᠡᠢ | ᠠᠭᠤᠯᠭ᠎ᠠ᠂ ᠭᠦᠨᠵᠡᠭᠡᠶᠢᠷᠡᠭᠦᠯᠵᠤ ᠦᠷᠭᠡᠳᠭᠡᠭᠦ ᠵᠦᠢᠯᠠᠰ᠂ ᠰᠦᠪᠡᠭᠴᠢᠯᠠᠵᠤ ᠬᠠᠶᠢᠬᠤ ᠰᠠᠳᠤᠪ ᠢ ᠭᠦᠷᠳᠠᠯ᠎ᠠ ᠦᠪᠠᠷ ᠢᠶᠠᠨ | ᠤᠷᠤᠯᠳᠤᠭᠠᠳ ᠵᠢᠭᠠᠯᠭᠠᠵᠤ ᠪᠠᠶᠢᠳᠠᠬ᠃ ᠡᠶᠢᠮᠦ ᠰᠤᠷᠤᠭᠴᠢᠳ ᠬᠢᠴᠢᠶᠡᠯ ᠲᠡᠭᠡᠷ᠎ᠠ ᠬᠢᠨᠠᠮᠠᠭᠠᠢ ᠰᠤᠨᠤᠰᠴᠤ ᠵᠢᠭᠠᠨ | ᠰᠤᠷᠭᠠᠯᠳᠠ ᠳᠤ ᠢᠳᠡᠪᠬᠢᠳᠠᠢ ᠤᠷᠤᠯᠴᠠᠳᠠᠬ᠃ ᠪᠠᠭᠰᠢ ᠶᠢᠨ ᠪᠢᠴᠢ᠂ ᠬᠢ ᠭᠡᠰᠡᠨ ᠵᠦᠢᠯᠠᠰ ᠢ ᠪᠠᠷᠢᠨ | ᠪᠠᠶᠠᠯᠠᠭᠦᠯᠴᠢᠭᠡᠭᠡᠳ ᠰᠠᠭᠦᠳᠠᠷᠯᠠᠵᠤ ᠢᠯᠠᠭᠡᠳᠡᠭ᠃ ᠡᠨᠡ ᠨᠢ ᠪᠤᠰᠤᠳ ᠰᠤᠷᠤᠭᠴᠢ ᠶᠢᠨ ᠯᠠᠪᠯᠠᠬᠤ ᠳᠤ ᠠᠰᠢᠭᠦᠢ ᠰᠠᠶᠢᠨ | ᠮᠠᠲ᠋ᠧᠷᠢᠶᠠᠯ ᠪᠤᠯᠳᠠᠬ ᠪᠢᠯᠠ᠃ ᠡᠳᠠᠨ ᠤ ᠲᠤᠳᠤᠷ᠎ᠠ ᠰᠤᠷᠭᠠᠭᠤᠯᠢ ᠳᠤ ᠬᠢᠴᠢᠶᠡᠯᠯᠡᠵᠤ ᠪᠠᠶᠢᠭ᠎ᠠ ᠦᠶᠠᠰ ᠭᠦᠮᠦᠨ ᠢ ᠨᠢ | ᠲᠠᠨᠢᠵᠤ ᠨᠠᠷᠠ ᠶᠢ ᠨᠢ ᠬᠠᠷᠭᠤᠭᠤᠯᠵᠤ ᠲᠠᠶᠢᠯᠤᠭᠡᠳᠤᠢ ᠰᠤᠷᠤᠭᠴᠢ ᠪᠠᠶᠢᠬᠤ ᠮᠦᠷᠳᠡᠭᠡᠨ ᠨᠢᠵᠡᠭᠡᠳ ᠪᠤᠢ᠃ | ᠰᠦᠯᠵᠢᠶᠠᠨ ᠬᠢᠴᠢᠶᠡᠯ ᠢ ᠰᠠᠶ᠋ᠢ ᠤᠷᠤᠵᠤ ᠪᠠᠶᠢᠭ᠎ᠠ ᠦᠶᠠᠰ ᠳ᠋ᠢᠩ ᠳ᠋ᠢᠩ ᠬᠢᠴᠢᠶᠡᠯᠯᠡᠭᠦ ᠲᠠᠪᠴᠠᠩ ᠲᠠᠭᠡᠷ᠎ᠠ | ᠵᠢᠭᠠᠨ ᠰᠤᠷᠭᠠᠵᠤ ᠪᠠᠶᠢᠭᠰᠠᠨ ᠶᠤᠮ᠃ ᠪᠠᠭᠰᠢ ᠪᠠᠷ ᠰᠤᠷᠤᠭᠴᠢ ᠶᠢᠨ ᠲᠦᠷᠢ ᠭᠦᠳᠠᠯᠤᠯ ᠢ ᠬᠠᠷᠠᠬᠤ ᠪᠠᠶᠢᠳᠤᠭᠠᠢ | ᠭᠡᠯᠡᠵᠦ ᠶᠠᠷᠢᠬᠤ ᠶᠢ ᠨᠢ ᠭᠦᠷᠳᠠᠯ᠎ᠠ ᠰᠤᠨᠤᠰᠴᠤ ᠲᠠᠶᠢᠯᠳᠡᠭ ᠦᠭᠡᠢ ᠶᠤᠮ᠃ ᠰᠤᠷᠤᠭᠴᠢ ᠲᠠᠢ ᠬᠠᠷᠢᠯᠴᠠᠬᠤ ᠳᠤ | ᠤᠳᠠᠰᠤᠳᠠᠵᠤ᠂ ᠤᠳᠠᠰᠤ ᠵᠠᠯᠭᠠᠭᠰᠠᠨ ᠤ ᠲᠠᠷᠠᠭ᠎ᠠ ᠰᠠᠶ᠋ᠢ ᠲᠡᠭᠦᠨ ᠲᠠᠢ ᠭᠡᠯᠡᠯᠴᠠᠵᠤ ᠪᠤᠯᠳᠠᠬ᠃ ᠡᠨᠡ ᠨᠢ ᠴᠠᠭ ᠲᠤ | ᠮᠠᠰᠢ ᠬᠠᠯᠠ ᠲᠠᠢ ᠶᠢ ᠭᠡᠯᠡᠭᠦ ᠤᠤ᠂ ᠵᠢᠭᠠᠨ ᠰᠤᠷᠭᠠᠯᠳᠠ ᠶᠢᠨ ᠠᠪᠴᠠᠯᠳᠤᠯ ᠢ ᠴᠤ ᠭᠡᠴᠡᠭᠦᠦ ᠨᠦᠯᠦᠭᠡᠯᠠᠳᠡᠭ᠃ ᠵᠠᠷᠢᠮ | ᠰᠤᠷᠤᠭᠴᠢ ᠳᠤ ᠤᠳᠠᠰᠤᠳᠠᠵᠤ ᠬᠤᠯᠪᠤᠭ᠎ᠠ ᠠᠪᠬᠤ ᠦᠭᠡᠢ ᠪᠤᠯᠬᠤ ᠦᠭᠡᠢ ᠪᠠᠶᠢᠳᠠᠬ᠃ ᠤᠯᠠᠩᠬᠢ ᠰᠤᠷᠤᠭᠴᠢ ᠮᠠᠳᠠᠵᠤ | ᠤᠢᠢᠯᠠᠭᠠᠭᠰᠠᠨ ᠵᠦᠢᠯ ᠪᠤᠶᠤ ᠬᠢᠭᠰᠡᠨ ᠰᠠᠳᠤᠪ ᠢᠶᠠᠨ ᠰᠠᠭᠦᠳᠡᠷᠯᠡᠭᠦ ᠪᠤᠶᠤ ᠪᠢᠴᠢᠭᠡᠳ ᠬᠤᠯᠪᠤᠭ᠎ᠠ ᠳᠤ ᠶᠠᠪᠤᠭᠤᠯᠵᠤ | ᠪᠠᠶᠢᠬᠤ ᠳᠤ᠂ ᠲᠠᠳᠠ ᠬᠠᠷᠢᠨ ᠶᠠᠮᠠᠷ ᠴᠤ ᠲᠤᠰᠬᠠᠯ ᠭᠡᠵᠦ ᠪᠠᠶᠢᠳᠠᠬ ᠦᠭᠡᠢ᠃ ᠡᠨᠡ ᠶᠠᠭᠤ ᠶᠢ ᠬᠠᠷᠠᠭᠤᠯᠵᠤ ᠪᠠᠶᠢᠭ᠎ᠠ | ᠪᠤᠢ︖ ᠵᠠᠷᠢᠮ ᠭᠡᠤᠭᠡᠳ ᠠᠷᠭ᠎ᠠ ᠪᠠᠷᠠᠭᠳᠠᠬᠤ ᠳᠤ ᠪᠠᠨ ︽ᠪᠠᠭᠰᠢ ᠡ︕ ᠲᠤᠭᠠᠨ ᠤ ᠤᠬᠠᠭᠠᠨ ᠤ ᠬᠢᠴᠢᠶᠡᠯ ᠢ ᠪᠠᠰᠠ | ᠲᠧᠩ ᠰᠢᠶᠦ᠋ᠨ ᠬᠢᠴᠢᠶᠡᠯᠯᠡᠭᠦ ᠲᠠᠪᠴᠠᠩ ᠲᠠᠭᠡᠷ᠎ᠠ ᠤᠷᠤᠶ᠎ᠠ᠃ ᠵᠠᠷᠢᠮ ᠬᠢᠴᠢᠶᠡᠯ ᠲᠦᠷᠤᠯ ᠤᠨ ᠪᠠᠭᠰᠢ ᠲᠡᠭᠦᠨ ᠲᠠᠭᠡᠷ᠎ᠠ | ᠬᠢᠴᠢᠶᠡᠯᠯᠡᠭᠰᠡᠨ ᠠᠴᠠ ᠦᠷ᠎ᠠ ᠠᠰᠢᠬ ᠨᠢ ᠢᠯᠠᠳᠳᠠ ᠰᠠᠶᠢᠨ ᠪᠤᠯᠤᠭᠰᠠᠨ ᠰᠢᠤ︕ ᠠᠩᠬᠢ ᠶᠢᠨ ᠭᠡᠷ ᠲᠤ | ᠬᠢᠴᠢᠶᠡᠯᠯᠠᠵᠤ ᠪᠠᠶᠢᠭ᠎ᠠ ᠲᠠᠢ ᠨᠠᠯᠢᠶᠠᠳ ᠲᠦᠰᠤᠷᠭᠡᠤ ᠰᠢᠤ︾ ᠭᠡᠵᠦ ᠰᠠᠨᠠᠭᠤᠯᠪᠠ᠃ ᠲᠧᠩ ᠰᠢᠶᠦ᠋ᠨ ᠬᠢᠴᠢᠶᠡᠯᠯᠡᠭᠦ | ᠲᠠᠪᠴᠠᠩ ᠤᠨ ᠲᠦᠭᠦᠭᠡᠷᠤᠮᠵᠢ ᠴᠢᠳᠠᠮᠵᠢ ᠳᠤ ᠲᠤᠳᠤᠷᠬᠠᠢ ᠰᠢᠬ ᠪᠤᠯᠳᠠᠯ᠎ᠠ ᠪᠠᠷᠭᠡᠳᠡᠵᠦ ᠭᠦᠴᠢᠷᠳᠡᠭᠰᠡᠨ ᠪᠤᠯᠪᠠᠴᠤ | ᠪᠤᠯᠪᠠᠰᠤᠷᠠᠩᠭᠤᠢ ᠰᠢᠬ ᠪᠤᠯᠤᠭᠰᠠᠨ ᠤ ᠲᠠᠷᠠᠭ᠎ᠠ ᠬᠠᠷᠢᠨ ᠵᠢᠭᠠᠨ ᠰᠤᠷᠭᠠᠯᠳᠠ ᠶᠢᠨ ᠴᠢᠨᠠᠷ ᠴᠢᠨᠰᠠᠭ᠎ᠠ ᠢᠯᠠᠳᠳᠠ | ᠰᠠᠶᠢᠵᠢᠷᠠᠭᠰᠠᠨ ᠪᠠᠶᠢᠨ᠎ᠠ᠃ ᠬᠢᠴᠢᠶᠡᠯᠯᠡᠵᠤ ᠪᠠᠶᠢᠭ᠎ᠠ ᠶᠠᠪᠤᠴᠠ ᠳᠤ ᠰᠤᠷᠤᠭᠴᠢᠳ ᠲᠠᠢ ᠰᠢᠭᠤᠳ ᠬᠠᠷᠢᠴᠠᠵᠤ | ᠪᠤᠯᠤᠨ᠎ᠠ᠃ ᠲᠠᠳᠠᠨ ᠤ ᠮᠠᠳᠠᠬ ᠰᠡᠵᠢᠭ ᠢ ᠪᠠᠷᠢᠨ ᠰᠢᠢᠳᠪᠤᠷᠢᠯᠠᠵᠤ ᠲᠠᠶᠢᠯᠭᠦ ᠪᠤᠯᠵᠠᠢ᠃ ᠨᠡᠩ ᠰᠤᠷᠤᠭᠴᠢᠳ | ᠦᠪᠠᠷ ᠢᠶᠠᠨ ᠰᠠᠳᠤᠪ ᠬᠢᠵᠤ ᠪᠠᠶᠢᠬᠤ ᠪᠤᠶᠤ ᠤᠷᠤᠯᠳᠤᠵᠤ ᠰᠦᠪᠡᠭᠴᠢᠯᠠᠵᠤ ᠪᠠᠶᠢᠭ᠎ᠠ ᠦᠶᠠᠰ᠂ ᠲᠠᠳᠠᠨ ᠤ ᠭᠢᠷᠢ | ᠵᠡᠷᠭᠡ ᠬᠢᠵᠤ ᠤᠷᠤᠯᠳᠤᠵᠤ ᠪᠠᠶᠢᠭ᠎ᠠ ᠶᠢ ᠪᠠᠶᠢᠴᠠᠭᠠᠨ ᠦᠵᠠᠵᠤ ᠵᠢᠭᠠᠨ ᠵᠢᠯᠤᠭᠤᠳᠴᠤ ᠲᠠᠶᠢᠯᠭᠦ ᠪᠤᠯᠵᠠᠢ᠃ ᠡᠨᠡ ᠨᠢ | ᠰᠤᠷᠤᠭᠴᠢ ᠶᠢᠨ ᠬᠢᠴᠢᠶᠡᠯ ᠢᠶᠠᠨ ᠬᠠᠰᠢ ᠶᠠᠰᠢ ᠰᠤᠨᠤᠰᠬᠤ ᠪᠤᠶᠤ ᠰᠤᠨᠤᠰᠬᠤ ᠦᠭᠡᠢ ᠶᠢ ᠵᠤᠬᠢᠬᠤ ᠭᠡᠮᠵᠢᠶ᠎ᠠ ᠪᠠᠷ | ᠬᠤᠷᠢᠭᠯᠠᠵᠤ ᠲᠠᠶᠢᠯᠦᠭᠰᠡᠨ ᠪᠠᠶᠢᠨ᠎ᠠ᠃ | ᠬᠢᠵᠢᠭ ᠲᠠᠬᠤᠯ ᠤᠨ ᠰᠠᠷᠭᠡᠶᠢᠯᠠᠯᠳᠠ ᠶᠢᠨ ᠬᠤᠭᠤᠴᠠᠭᠠᠨ ᠳᠤ ᠭᠡᠷ ᠤᠨ ᠠᠬᠠᠮᠠᠳ ᠨᠢ ᠴᠤ ᠡᠳᠤᠷ ᠲᠤᠵᠢ | ᠭᠡᠤᠭᠡᠳ ᠲᠠᠢ ᠪᠠᠨ ᠬᠠᠮᠳᠤ ᠪᠠᠶᠢᠳᠠᠬ ᠪᠤᠯᠬᠤᠷ ᠭᠡᠤᠭᠡᠳ ᠤᠨ ᠢᠶᠠᠨ ᠬᠢᠷᠢ ᠵᠡᠷᠭᠡ ᠰᠤᠷᠤᠯᠴᠠᠵᠤ ᠪᠠᠶᠢᠭ᠎ᠠ ᠶᠢ | ᠠᠩᠬᠠᠷᠬᠤ ᠪᠤᠶᠤ ᠤᠢᠢᠯᠠᠭᠠᠬᠤ ᠨᠦᠭᠦᠴᠡᠯ ᠪᠤᠯᠤᠮᠵᠢ ᠲᠠᠢ ᠶᠤᠮ᠃ ᠵᠠᠷᠢᠮ ᠨᠢ ᠴᠢᠯᠦᠭᠡ ᠵᠠᠪ ᠲᠠᠢ ᠯᠠ ᠶᠤᠮ ᠪᠤᠯ | ᠭᠡᠤᠭᠡᠳ ᠲᠠᠢ ᠪᠠᠨ ᠬᠠᠮᠳᠤ ᠬᠢᠴᠢᠶᠡᠯ ᠰᠤᠨᠤᠰᠳᠠᠬ᠂ ᠭᠡᠤᠭᠡᠳ ᠤᠨ ᠪᠠᠶᠢᠳᠠᠯ ᠢ ᠴᠠᠭ ᠲᠤᠬᠠᠢ ᠳᠤ ᠨᠢ ᠤᠢᠢᠯᠠᠭᠠᠵᠤ | ᠮᠠᠳᠡᠭᠡᠳ ᠵᠢᠭᠠᠵᠤ ᠵᠢᠯᠤᠭᠤᠳᠳᠠᠬ᠃ ᠲᠠᠰᠬᠠᠯ ᠲᠠᠭᠠᠭᠠᠯᠭᠠᠪᠤᠷᠢ ᠶᠢ ᠨᠢ ᠬᠢᠨᠠᠵᠤ ᠵᠠᠰᠠᠳᠠᠬ᠃ ᠬᠠᠶᠠ ᠪᠠᠰᠠ ᠪᠠᠭᠰᠢ ᠲᠠᠢ | ᠬᠤᠯᠪᠤᠭ᠎ᠠ ᠠᠪᠴᠤ ᠭᠡᠤᠭᠡᠳ ᠤᠨ ᠢᠶᠠᠨ ᠲᠤᠬᠠᠢ ᠪᠤᠶᠤ ᠵᠢᠭᠠᠨ ᠰᠤᠷᠭᠠᠯᠳᠠ ᠶᠢᠨ ᠲᠤᠬᠠᠢ ᠰᠤᠯᠢᠯᠴᠠᠳᠠᠬ᠃ ᠭᠡᠷ ᠤᠨ | ᠠᠬᠠᠮᠠᠳ ᠤᠨ ᠬᠠᠪᠰᠤᠷᠤᠯᠭ᠎ᠠ ᠲᠠᠮᠵᠢᠯᠭᠡ᠂ ᠭᠦᠮᠦᠵᠢᠯ ᠰᠤᠷᠭᠠᠯ᠂ ᠬᠠᠶᠢᠷ᠎ᠠ ᠬᠠᠯᠠᠮᠵᠢ ᠳᠤ ᠭᠡᠤᠭᠡᠳ ᠤᠨ ᠬᠢ ᠨᠢ | ᠰᠤᠷᠤᠯᠴᠠᠬᠤ ᠬᠠᠷᠠᠯᠳᠠ ᠲᠤᠳᠤ᠂ ᠰᠤᠷᠤᠯᠴᠠᠬᠤ ᠤᠪᠤᠷ ᠲᠦᠪ ᠪᠤᠯᠬᠤ ᠦᠭᠡᠢ ᠭᠡᠰᠡᠨ ᠤᠴᠢᠷ ᠪᠠᠶᠢᠨ᠎ᠠ ᠤᠤ᠂ | ᠬᠢᠴᠢᠶᠡᠯ ᠰᠤᠷᠤᠯᠭ᠎ᠠ ᠳᠤ ᠪᠠᠨ ᠴᠢᠷᠮᠠᠶᠢᠬᠤ ᠦᠭᠡᠢ ᠭᠡᠰᠡᠨ ᠤᠴᠢᠷ ᠪᠠᠶᠢᠨ᠎ᠠ ᠤᠤ᠂ ᠬᠢᠷᠢ ᠲᠦᠪᠰᠢᠨ ᠨᠢ ᠲᠡᠭᠡᠭᠰᠢᠯᠠᠭᠦ | ᠦᠭᠡᠢ ᠭᠡᠰᠡᠨ ᠤᠴᠢᠷ ᠪᠠᠶᠢᠨ᠎ᠠ ᠤᠤ᠂ ᠭᠡᠪ ᠪᠤᠯᠪᠠᠰᠤᠷᠠᠯ ᠨᠢ ᠦᠨᠳᠤᠷᠵᠢᠭᠦ ᠦᠭᠡᠢ ᠭᠡᠰᠡᠨ ᠤᠴᠢᠷ ᠪᠠᠶᠢᠨ᠎ᠠ ᠤᠤ᠂ | ᠰᠢᠯᠢᠳᠡᠭ ᠰᠠᠶᠢᠨ ᠰᠤᠷᠤᠯᠴᠠᠬᠤ ᠲᠠᠳᠬᠠᠯ ᠢ ᠪᠦᠷᠢᠯᠳᠤᠭᠦᠯᠭᠦ ᠦᠭᠡᠢ ᠭᠡᠰᠡᠨ ᠤᠴᠢᠷ ᠪᠠᠶᠢᠨ᠎ᠠ ᠤᠤ᠃ | ᠬᠢᠵᠢᠭ ᠲᠠᠬᠤᠯ ᠭᠡᠴᠡᠭᠦᠦ ᠰᠦᠷᠡᠭᠡᠢ ᠪᠤᠯᠪᠠᠴᠤ ᠲᠦᠷ ᠵᠠᠭᠤᠷ᠎ᠠ ᠶᠢᠨ ᠬᠢ᠂ ᠲᠦᠳᠠᠯ ᠦᠭᠡᠢ ᠠᠷᠢᠯᠵᠤ | ᠵᠠᠮᠬᠠᠷᠠᠬᠤ ᠪᠠᠶᠢᠯᠭᠦᠢ᠃ ᠴᠢᠷᠮᠠᠶᠢᠯᠭ᠎ᠠ ᠲᠠᠪᠰᠢᠯᠳᠠ ᠬᠠᠷᠢᠨ ᠦᠨᠢ ᠮᠦᠡᠭᠭᠡ ᠶᠢᠨ ᠬᠢ᠂ ᠬᠢᠵᠢᠭ ᠤᠨ | ᠰᠦᠷᠳᠠᠭᠦᠯᠦᠯ ᠳᠤ ᠵᠤᠭᠰᠤᠩᠭᠤᠢᠢᠷᠠᠵᠤ ᠪᠤᠯᠤᠨ᠎ᠠ ᠤᠤ᠂ ᠨᠡᠩ ᠤᠬᠤᠷᠢᠵᠤ ᠪᠤᠯᠤᠨ᠎ᠠ ᠤᠤ ᠳ᠋ᠠ︕ | ᠠᠵᠢᠯᠯᠠᠵᠤ ᠪᠠᠶᠢᠭ᠎ᠠ ᠪᠠᠶᠢᠭᠤᠯᠭ᠎ᠠ᠄ ᠭᠦᠭᠡᠬᠤᠳᠠ ᠶᠢᠨ ᠮᠤᠩᠭᠤᠯ ᠦᠨᠳᠤᠰᠤᠳᠠᠨ ᠤ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | 2023.2 ᠳ᠋ᠤᠭᠠᠷ ᠬᠤᠭᠤᠴᠠᠭ᠎ᠠ | |