ᠲᠤᠤ ᠼᠢ ᠲᠤ ᠽᠢ ︵ᠱᠠᠭᠠᠵᠠᠩ ᠲᠠᠤᠯᠠᠢ︶ | | | ᠨᠢᠭᠡ | ᠮᠢᠨᠦ ᠬᠠᠮᠤᠭ ᠠᠩᠬᠠᠨ ᠤ ︽ᠲᠤᠰᠢᠶᠠᠯ︾ ᠪᠤᠯ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠤ ᠦᠶ᠎ᠠ ᠳᠤ | ᠠᠩᠬᠢ ᠶᠢᠨ ᠡᠷᠬᠢᠯᠡᠭᠴᠢ ᠪᠠᠭᠰᠢ ᠨᠠᠮ᠎ᠠ ᠶᠢ ᠠᠩᠭ᠍ᠯᠢ ᠭᠡᠯᠡᠨ ᠤ ᠬᠢᠴᠢᠶᠡᠯ ᠤᠨ ᠲᠦᠯᠦᠭᠡᠯᠡᠭᠴᠢ ᠪᠠᠷ ᠲᠤᠮᠢᠯᠠᠭᠰᠠᠨ | ᠶᠠᠪᠤᠳᠠᠯ ᠪᠤᠯᠤᠨ᠎ᠠ᠃ ᠲᠠᠷᠠ ᠦᠶ᠎ᠠ ᠳᠤ ᠠᠩᠭ᠍ᠯᠢ ᠭᠡᠯᠡ ᠤᠳᠤ ᠶᠢᠨ ᠠᠳᠠᠯᠢ ᠴᠢᠬᠤᠯᠠ ᠪᠠᠶᠢᠷᠢᠨ ᠳᠤ ᠪᠠᠶᠢᠭᠰᠠᠨ | ᠦᠭᠡᠢ ᠪᠤᠯᠬᠤᠷ ᠠᠩᠬᠢ ᠶᠢᠨ ᠡᠷᠬᠢᠯᠡᠭᠴᠢ ᠪᠠᠭᠰᠢ ᠰᠠᠨᠠᠭᠠᠨ ᠲᠠᠪᠠ ᠪᠠᠷ ᠢᠶᠠᠨ ᠨᠠᠮ᠎ᠠ ᠶᠢ ᠲᠤᠮᠢᠯᠠᠭᠰᠠᠨ ᠲᠠᠳᠤᠢ | ᠶᠤᠮ᠃ ᠠᠩᠬᠢ ᠶᠢᠨ ᠪᠠᠭᠰᠢ ᠬᠤᠷᠤᠭᠤ ᠪᠠᠷ ᠢᠶᠠᠨ ᠮᠢᠨᠦ ᠰᠢᠷᠡᠭᠡ ᠶᠢ ᠲᠤᠭᠰᠢᠵᠤ ᠡᠭᠦᠳᠠᠨ ᠳᠤ ᠵᠤᠭᠰᠤᠵᠤ ᠪᠠᠶᠢᠭᠰᠠᠨ | ᠠᠩᠭ᠍ᠯᠢ ᠭᠡᠯᠡᠨ ᠤ ᠪᠠᠭᠰᠢ ᠳᠤ᠄ ︽ᠬᠤᠶᠢᠰᠢᠳᠠ ᠡᠨᠡ ᠰᠤᠷᠤᠭᠴᠢ ᠲᠠᠷᠤᠢ ᠴᠢᠨᠦ ᠠᠩᠭ᠍ᠯᠢ ᠭᠡᠯᠡᠨ ᠤ ᠬᠢᠴᠢᠶᠡᠯ ᠤᠨ | ᠲᠦᠯᠦᠭᠡᠯᠡᠭᠴᠢ ᠪᠤᠯᠤᠨ᠎ᠠ᠂ ᠲᠠᠰᠬᠠᠯ ᠬᠤᠷᠢᠶᠠᠬᠤ᠂ ᠲᠠᠰᠬᠠᠯ ᠬᠤᠪᠢᠶᠠᠬᠤ ᠵᠡᠷᠭᠡ ᠠᠵᠢᠯ ᠳᠤ ᠲᠡᠭᠦᠨ ᠢ ᠡᠷᠢᠪᠡᠯ | ᠪᠤᠯᠴᠢᠬᠠᠨ᠎ᠠ︾ ᠭᠡᠪᠡ᠃ | ᠲᠡᠭᠷᠢ ᠠᠴᠠ ᠪᠠᠭᠤᠭᠰᠠᠨ ︽ᠢᠷᠠᠭᠤ ᠠᠯᠳᠠᠷ︾ ᠤᠨ ᠡᠮᠦᠨ᠎ᠠ ᠪᠢ ᠶᠠᠭᠠᠬᠢᠬᠤ ᠶᠠᠭᠠᠬᠢᠬᠤ ᠪᠠᠨ ᠤᠯᠵᠤ | ᠶᠠᠳᠠᠪᠠ᠃ ᠦᠨᠠᠨ ᠳᠤ ᠪᠠᠨ ᠠᠩᠬᠢ ᠶᠢᠨ ᠪᠠᠭᠰᠢ ᠨᠠᠮ᠎ᠠ ᠶᠢ ᠰᠤᠩᠭᠤᠭᠰᠨᠨ ᠨᠢ ᠨᠠᠮ᠎ᠠ ᠶᠢ ᠢᠳᠡᠭᠡᠵᠦ ᠪᠠᠶᠢᠭ᠎ᠠ ᠳᠤ | ᠪᠠᠶᠢᠭ᠎ᠠ ᠪᠢᠰᠢ ᠬᠠᠷᠢᠨ ᠪᠢ ᠬᠠᠮᠤᠭ ᠤᠨ ᠡᠮᠦᠨ᠎ᠠ ᠮᠦᠷ ᠲᠤ ᠰᠠᠭᠤᠵᠤ ᠪᠠᠶᠢᠭᠰᠠᠨ ᠪᠠ ᠠᠩᠬᠢ ᠶᠢᠨ ᠪᠠᠭᠰᠢ ᠮᠢᠨᠦ | ᠰᠢᠷᠡᠭᠡᠨ ᠤ ᠬᠠᠵᠠᠭᠤ ᠳᠤ ᠵᠤᠭᠰᠤᠵᠤ ᠪᠠᠶᠢᠭᠰᠠᠨ ᠲᠠᠢ ᠬᠤᠯᠪᠤᠭᠳᠠᠨ᠎ᠠ᠃ | ᠮᠢᠨᠦ ᠠᠩᠭ᠍ᠯᠢ ᠭᠡᠯᠡᠨ ᠤ ᠪᠠᠭᠰᠢ ᠪᠤᠯ ᠰᠠᠶ᠋ᠢᠬᠠᠨ ᠶᠡᠭᠡ ᠰᠤᠷᠭᠠᠭᠤᠯᠢ ᠲᠡᠭᠦᠰᠴᠤ ᠢᠷᠡᠭᠰᠡᠨ ᠭᠡᠤᠭᠡᠨ ᠪᠤᠯᠬᠤᠷ | ᠪᠠᠷᠬᠢᠷᠠᠯᠳᠤᠨ ᠦᠢᠮᠠᠭᠦᠯᠵᠦ ᠪᠠᠶᠢᠭ᠎ᠠ ᠪᠠᠭ᠎ᠠ ᠰᠤᠷᠭᠠᠭᠤᠯᠢ ᠶᠢᠨ ᠭᠡᠤᠭᠡᠳ ᠢ ᠬᠠᠮᠢᠶᠠᠷᠤᠨ ᠵᠠᠬᠢᠷᠴᠤ ᠲᠠᠶᠢᠯᠭᠦ ᠦᠭᠡᠢ | ᠪᠠᠶᠢᠪᠠ᠃ ᠬᠠᠶᠠ ᠨᠢᠭᠡ ᠲᠦᠢᠳᠭᠡᠷ ᠰᠤᠷᠤᠭᠴᠢ ᠶᠢᠨ ᠨᠠᠷᠠ ᠶᠢ ᠲᠤᠷᠠᠳᠤᠨ ᠰᠢᠭᠦᠮᠵᠢᠯᠡᠭᠦ ᠳᠤ ᠪᠠᠨ ᠴᠦ ᠴᠢᠷᠠᠢ | ᠨᠢᠭᠤᠷ ᠨᠢ ᠤᠯᠠᠶᠢᠵᠤ᠂ ᠠᠰᠠᠭᠤᠭᠰᠠᠨ ᠠᠰᠠᠭᠤᠯᠳᠠ ᠶᠢ ᠨᠢ ᠬᠠᠷᠢᠭᠤᠯᠬᠤ ᠭᠦᠮᠦᠨ ᠦᠭᠡᠢ ᠦᠶ᠎ᠠ ᠳᠤ ᠮᠦᠨ ᠴᠦ | ᠠᠷᠭ᠎ᠠ ᠠᠭᠠᠰᠢ ᠨᠢ ᠪᠠᠷᠠᠭᠳᠠᠨ ᠴᠢᠷᠠᠢ ᠨᠢ ᠤᠯᠠᠶᠢᠳᠠᠬ᠃ | ᠲᠠᠷᠠ ᠪᠠᠰᠠ ᠨᠠᠭᠡᠭᠡᠯᠳᠠ ᠶᠢᠨ ᠬᠢᠴᠢᠶᠠᠯ ᠤᠷᠤᠬᠤ ᠠᠴᠠ ᠪᠠᠨ ᠡᠮᠦᠨ᠎ᠠ ᠭᠡᠨ ᠢᠶᠠᠷ ᠶᠠᠮᠠᠷ ᠠᠰᠠᠭᠤᠯᠳᠠ ᠶᠢ | ᠬᠠᠷᠢᠭᠤᠯᠤᠭᠤᠯᠬᠤ ᠪᠠᠨ ᠤᠷᠢᠳ ᠢᠶᠠᠷ ᠲᠤᠭᠳᠠᠭᠠᠬᠤ ᠮᠠᠳᠤ ᠭᠡᠪᠰᠢᠭᠰᠡᠨ ᠠᠷᠭ᠎ᠠ ᠶᠢ ᠭᠡᠷᠡᠭᠯᠡᠭᠦ ᠪᠠᠨ ᠭᠦᠷᠳᠠᠯ᠎ᠠ | ᠮᠠᠳᠡᠳᠡᠭ ᠦᠭᠡᠢ ᠶᠤᠮ᠃ ᠰᠤᠷᠭᠠᠭᠤᠯᠢ ᠶᠢᠨ ᠤᠳᠤᠷᠢᠳᠤᠯᠭ᠎ᠠ ᠨᠠᠭᠡᠭᠡᠯᠳᠠ ᠶᠢᠨ ᠬᠢᠴᠢᠶᠡᠯ ᠰᠤᠨᠤᠰᠬᠤ ᠨᠢᠭᠡ | ᠤᠳᠠᠭᠠᠨ ᠤ ᠬᠢᠴᠢᠶᠡᠯ ᠲᠡᠭᠡᠷ᠎ᠠ ᠲᠠᠷᠠ ᠰᠤᠷᠤᠭᠴᠢ ᠪᠠᠷ ᠢᠶᠠᠨ ᠬᠢᠴᠢᠶᠡᠯ ᠤᠨ ᠨᠢᠭᠡ ᠪᠠᠳᠠᠭ ᠢ ᠤᠡᠭᠰᠢᠭᠤᠯᠬᠤ ᠪᠠᠷ | ᠲᠦᠯᠦᠪᠯᠠᠵᠠᠢ᠃ ᠬᠢᠴᠢᠶᠡᠯ ᠨᠢ ᠭᠦᠨᠳᠤ ᠪᠢᠰᠢ ᠮᠦᠷᠳᠡᠭᠡᠨ ᠭᠤᠷᠪᠠ ᠲᠦᠷᠪᠡ ᠤᠳᠠᠭ᠎ᠠ ᠠᠰᠠᠭᠤᠭᠰᠠᠨ ᠴᠦ ᠨᠢᠭᠡ ᠴᠦ | ᠰᠤᠷᠤᠭᠴᠢ ᠭᠠᠷ ᠡᠷᠭᠦᠵᠤ ᠤᠡᠭᠰᠢᠭ᠌ᠰᠠᠨ ᠦᠭᠡᠢ᠃ | ᠪᠢ ᠡᠮᠦᠨ᠎ᠠ ᠮᠦᠷ ᠲᠤ ᠰᠠᠭᠤᠵᠤ ᠪᠠᠶᠢᠭᠰᠠᠨ ᠪᠤᠯᠬᠤᠷ ᠲᠡᠭᠦᠨ ᠤ ᠴᠢᠷᠠᠢ ᠨᠢ ᠤᠯᠠᠮ ᠠᠴᠠ ᠤᠯᠠᠮ ᠤᠯᠠᠶᠢᠵᠤ | ᠠᠩᠬᠢ ᠶᠢᠨ ᠲᠤᠳᠤᠷᠠᠬᠢ ᠬᠢᠷᠢ ᠪᠦᠳᠤᠮᠵᠢ ᠪᠠᠷ ᠰᠠᠶᠢᠨ ᠭᠡᠳᠤᠨ ᠰᠤᠷᠤᠭᠴᠢ ᠠᠴᠠ ᠲᠤᠰᠠᠯᠠᠮᠵᠢ ᠭᠤᠶᠤᠵᠤ ᠪᠠᠶᠢᠭ᠎ᠠ | ᠬᠠᠷᠠᠴᠠ ᠶᠢ ᠨᠢ ᠲᠤᠪ ᠲᠤᠳᠤᠷᠬᠠᠢ ᠤᠯᠵᠤ ᠦᠵᠠᠯ᠎ᠠ᠃ ᠭᠡᠳᠡᠯ᠎ᠠ ᠲᠡᠭᠦᠨ ᠤ ᠰᠡᠳᠬᠢᠯᠭᠡ ᠶᠢ ᠤᠢᠢᠯᠠᠭᠠᠵᠤ ᠭᠠᠷ | ᠡᠷᠭᠦᠭᠰᠡᠨ ᠰᠤᠷᠤᠭᠴᠢ ᠨᠢᠭᠡ ᠴᠦ ᠭᠠᠷᠤᠭᠰᠠᠨ ᠦᠭᠡᠢ᠃ | ᠪᠠᠭ᠎ᠠ ᠨᠠᠰᠤᠨ ᠤ ᠪᠠᠭᠠᠳᠤᠷ ᠵᠤᠷᠢᠬ ᠬᠢᠭᠡᠳ ᠲᠡᠭᠷᠢ ᠠᠴᠠ ᠪᠠᠭᠤᠭᠰᠠᠨ ᠬᠢᠴᠢᠶᠡᠯ ᠤᠨ ᠲᠦᠯᠦᠭᠡᠯᠡᠭᠴᠢ ᠶᠢᠨ | ᠢᠷᠠᠭᠤ ᠠᠯᠳᠠᠷ ᠤᠨ ᠰᠢᠬᠠᠯᠳᠠ ᠲᠤᠤᠷ᠎ᠠ ᠪᠢ ᠦᠪᠠᠷ ᠤᠨ ︽ᠠᠨᠠᠢ︾ ᠰᠤᠷᠤᠭᠴᠢ ᠶᠢᠨ ᠪᠠᠶᠢᠷᠢ ᠭᠠᠷᠤᠯ ᠢᠶᠠᠨ ᠦᠯᠦ | ᠬᠠᠶᠢᠬᠤᠷᠤᠨ ᠭᠠᠷ ᠢᠶᠠᠨ ᠡᠷᠭᠦᠪᠠ᠃ ᠠᠩᠭ᠍ᠯᠢ ᠭᠡᠯᠡᠨ ᠤ ᠪᠠᠭᠰᠢ ᠮᠠᠨᠢ ᠭᠦᠨᠳᠤ ᠲᠠᠷᠤᠭᠠᠰᠤ ᠠᠴᠠ ᠪᠠᠨ ᠮᠤᠯᠳᠤᠷᠠᠭᠰᠠᠨ | ᠰᠢᠬ ᠨᠠᠳᠠ ᠵᠦᠭ ᠢᠨᠢᠶᠡᠭᠰᠡᠨ ᠪᠤᠯᠪᠠᠴᠤ ᠭᠠᠭᠴᠠᠬᠠᠨ ᠮᠢᠨᠦ᠋ᠲ ᠪᠤᠯᠤᠯ ᠦᠭᠡᠢ ᠲᠠᠷᠠ ᠭᠦ ᠢᠨᠢᠶᠡᠮᠰᠦᠭ ᠴᠢᠷᠠᠢ ᠨᠢ | ᠤᠬᠢᠯᠠᠮᠠᠷ ᠪᠤᠯᠵᠤ ᠬᠤᠪᠢᠷᠠᠯ᠎ᠠ᠃ | ᠪᠢ ᠦᠪᠠᠷ ᠢᠶᠠᠨ ᠬᠢᠷᠢ ᠵᠡᠷᠭᠡ ᠮᠠᠭᠤᠬᠠᠢ ᠤᠡᠭᠰᠢᠭ᠌ᠰᠠᠨ ᠬᠡᠳᠡᠭ ᠢᠶᠠᠨ ᠮᠠᠳᠠᠭᠦ ᠦᠭᠡᠢ ᠪᠤᠯᠪᠠᠴᠤ ᠠᠩᠬᠢ ᠶᠢᠨ | ᠨᠦᠭᠦᠳ ᠤᠨ ᠭᠦᠷᠴᠢᠬᠢᠨᠠᠳᠠᠯᠠ ᠢᠨᠢᠶᠡᠭᠦ ᠳᠠᠭᠤᠨ ᠢ ᠬᠠᠷᠢᠨ ᠤᠯᠵᠤ ᠰᠤᠨᠤᠰᠤᠯ᠎ᠠ᠃ ᠠᠩᠭ᠍ᠯᠢ ᠭᠡᠯᠡᠨ ᠤ ᠪᠠᠭᠰᠢ ᠮᠠᠨᠢ | ᠭᠦᠵᠦᠭᠦᠨ ᠳᠤ ᠪᠠᠨ ᠲᠤᠯᠳᠠᠯ᠎ᠠ ᠤᠯᠠᠶᠢᠵᠠᠢ᠃ ᠲᠡᠭᠦᠨ ᠤ ᠲᠤᠷ᠎ᠠ ᠦᠭᠡᠶᠢᠴᠡᠭᠰᠡᠨ ᠬᠠᠷᠠᠴᠠ ᠨᠢ ᠮᠢᠨᠦ | ᠠᠵᠢᠯᠯᠠᠭ᠎ᠠ ᠠᠴᠠ ᠪᠤᠯᠵᠤ ᠲᠠᠭᠦᠨ ᠤ ᠭᠠᠴᠢᠭᠳᠠᠯ ᠢ ᠤᠯᠠᠮ ᠭᠦᠨᠳᠤᠷᠡᠭᠦᠯᠦᠭᠰᠡᠨ ᠰᠢᠭ ᠪᠠᠶᠢᠯ᠎ᠠ᠃ ᠲᠠᠪᠳᠠᠯᠭ᠎ᠠ ᠶᠢᠨ | ᠬᠢᠴᠢᠶᠡᠯ ᠲᠡᠭᠡᠷ᠎ᠠ ᠠᠩᠬᠢ ᠶᠢᠨ ᠡᠷᠬᠢᠯᠡᠭᠴᠢ ᠪᠠᠭᠰᠢ ᠨᠠᠮ᠎ᠠ ᠶᠢ ᠡᠷᠢᠵᠤ ᠢᠷᠡᠭᠡᠳ᠄ ︽ᠴᠢᠨᠦ ᠤᠡᠭᠰᠢᠵᠤ ᠪᠠᠶᠢᠬᠤ ᠠᠴᠠ | ᠦᠵᠠᠭᠦ ᠳᠤ ᠶᠠᠭᠠᠬᠢᠵᠤ ᠠᠩᠭ᠍ᠯᠢ ᠭᠡᠯᠡᠨ ᠤ ᠬᠢᠴᠢᠶᠡᠯ ᠤᠨ ᠲᠦᠯᠦᠭᠡᠯᠡᠭᠴᠢ ᠪᠤᠯᠬᠤ ᠪᠤᠢ᠂ ᠤᠡᠭᠰᠢᠵᠤ ᠴᠢᠳᠠᠬᠤ ᠦᠭᠡᠢ | ᠪᠠᠶᠢᠭᠠᠳ ᠶᠠᠭᠤᠨ ᠳᠤ ᠭᠠᠷ ᠡᠷᠭᠦᠭᠦ ᠪᠤᠢ︖︾ ᠭᠡᠵᠤ ᠵᠢᠮᠡᠯᠡᠨ ᠬᠡᠯᠡᠪᠡ᠃ | ᠪᠢ ᠠᠩᠬᠢ ᠶᠢᠨ ᠢᠶᠠᠨ ᠨᠢᠭᠤᠷ ᠢ ᠪᠠᠷᠠᠴᠢᠬᠠᠭᠰᠠᠨ ᠭᠡᠵᠢ ᠤᠤ︖ ᠪᠦᠷ ᠮᠢᠨᠦ ᠪᠤᠷᠤᠭᠤ ᠭᠡᠵᠦ ᠪᠤᠳᠤᠭᠠᠳ ᠵᠠᠮ | ᠲᠤᠷᠰᠢ ᠤᠬᠢᠯᠠᠭᠰᠠᠭᠠᠷ ᠬᠠᠷᠢᠪᠠ᠃ ᠠᠪᠤ ᠡᠵᠢ ᠮᠢᠨᠢ ᠮᠢᠨᠦ ᠬᠢᠯᠢᠰᠳᠡᠭᠰᠡᠨ ᠰᠢᠯᠳᠠᠭᠠᠨ ᠢ ᠠᠰᠠᠭᠤᠭᠠᠳ ᠤᠴᠢᠷ | ᠰᠢᠯᠳᠠᠭᠠᠨ ᠢ ᠨᠢ ᠮᠠᠳᠡᠭᠰᠡᠨ ᠬᠤᠶᠢᠨ᠎ᠠ᠄ ︽ᠲᠠᠷᠠᠭ᠎ᠠ ᠤᠳᠠᠭ᠎ᠠ ᠰᠠᠶᠢᠨ ᠪᠠᠯᠠᠳᠭᠡᠪᠡᠯ ᠪᠤᠯᠴᠢᠬᠠᠨ᠎ᠠ ᠰᠢᠳᠠ︕︾ ᠭᠡᠵᠦ | ᠬᠡᠯᠡᠪᠡ᠃ ᠲᠠᠳᠠᠨᠤᠰ ᠪᠦᠷ ᠨᠠᠮ᠎ᠠ ᠶᠢ ᠪᠠᠯᠠᠳᠭᠡᠯ ᠦᠭᠡᠢ ᠪᠠᠷ ᠭᠠᠷ ᠡᠷᠭᠦᠯᠠ ᠭᠡᠵᠦ ᠪᠤᠳᠤᠭᠰᠠᠨ ᠪᠤᠯᠤᠯᠳᠠᠢ ᠭᠡᠨ ᠴᠦ | ᠭᠡᠳ ᠮᠢᠨᠦ ᠵᠤᠷᠢᠭ ᠰᠦᠰᠦ ᠭᠢᠭᠡᠳ ᠬᠠᠷᠢᠭᠤᠴᠠᠯᠭᠠᠳᠤ ᠰᠡᠳᠬᠢᠯᠭᠡ ᠶᠢ ᠮᠠᠭᠳᠠᠭᠰᠠᠨ ᠦᠭᠡᠢ ᠬᠠᠷᠢᠨ ︽ᠰᠠᠶᠢᠨ | ᠪᠠᠯᠠᠳᠭᠡᠭᠦ ᠭᠡᠷᠡᠭᠳᠠᠢ︾ ᠭᠡᠳᠡᠭ ᠶᠠᠪᠤᠳᠠᠯ ᠢ ᠮᠠᠰᠢ ᠴᠢᠬᠤᠯᠠᠴᠢᠯᠠᠨ ᠶᠠᠷᠢᠵᠤ ᠪᠠᠶᠢᠯ᠎ᠠ᠃ | ᠬᠤᠶᠠᠷ | ᠸᠢᠴᠠᠲ ᠲᠡᠭᠡᠷ᠎ᠠ ᠴᠢᠤ ᠴᠧᠨ ᠤ ᠪᠢᠴᠢᠭᠰᠡᠨ᠄ ︽ᠮᠠᠨ ᠤ ᠰᠤᠷᠭᠠᠨ ᠭᠦᠮᠦᠵᠢᠯ ᠡᠶᠢᠮᠦ ᠪᠠᠶᠢᠵᠤ ᠪᠤᠯᠬᠤ | ᠦᠭᠡᠢ᠃ ᠮᠠᠨ ᠤ ᠠᠮᠢᠳᠤᠷᠠᠯ ᠲᠤᠮᠳᠠ ︿ᠢᠴᠢᠩᠭᠦᠷᠡᠭᠦ ᠰᠡᠳᠬᠢᠯᠭᠡ﹀ ᠪᠤᠯ ᠲᠦᠢᠯ ᠤᠨ ᠭᠦᠨᠳᠤᠴᠠ ᠲᠠᠢ ᠦᠭᠡ | ᠶᠤᠮ︾ ᠭᠡᠰᠡᠨ ᠦᠵᠠᠯᠳᠠ ᠶᠢ ᠮᠠᠰᠢ ᠵᠦᠪᠰᠢᠶᠠᠷᠠᠵᠤ ᠪᠠᠶᠢᠨ᠎ᠠ᠃ ᠲᠦᠷᠦᠭᠰᠡᠨ ᠮᠠᠭᠤᠬᠠᠢ ᠪᠤᠯ ᠵᠠᠪᠠᠯ ᠭᠦᠮᠦᠨ ᠤ | ᠠᠷᠤ ᠳᠤ ᠲᠠᠯᠳᠠᠯᠠᠬᠤ ᠴᠢᠬᠤᠯᠠ ᠲᠠᠢ ᠭᠡᠵᠦ ᠤᠤ᠂ ᠲᠠᠭᠤᠤ ᠪᠦᠵᠢᠭ ᠲᠤ ᠪᠠᠨ ᠠᠨᠠᠢ ᠪᠤᠯ ᠵᠠᠪᠠᠯ ᠭᠦᠮᠦᠨ ᠤ ᠠᠷᠤ ᠳᠤ | ᠵᠤᠭᠰᠤᠬᠤ ᠭᠡᠷᠡᠭᠳᠠᠢ ᠭᠡᠵᠢ ᠤᠤ︖ ᠭᠦᠮᠦᠨ ᠤ ᠵᠠᠬ᠎ᠠ ᠳᠤ ᠶᠠᠮᠠᠷ ᠨᠢᠭᠡᠨ ᠲᠠᠯ᠎ᠠ ᠪᠠᠷ ᠭᠦᠷᠤᠯᠴᠠᠭᠦ ᠦᠭᠡᠢ ᠪᠤᠯ ᠵᠠᠪᠠᠯ | ᠪᠤᠰᠤᠳ ᠲᠤ ᠰᠢᠭᠦᠮᠵᠢᠯᠡᠭᠳᠡᠭᠦ ᠶᠤᠰᠤᠳᠠᠢ ᠪᠢᠰᠢ ᠪᠢᠵᠠ᠃ ᠡᠩ ᠤᠨ ᠨᠢᠭᠡ ᠭᠦᠮᠦᠨ ᠭᠦᠷᠳᠠᠯ᠎ᠠ ᠬᠢᠴᠢᠶᠡᠮᠡᠳᠡᠭᠡᠢ | ᠰᠠᠷᠠᠮᠵᠢ ᠲᠠᠢ ᠪᠠᠶᠢᠬᠤ ᠭᠡᠷᠡᠭᠳᠠᠢ᠃ ᠦᠪᠠᠷ ᠤᠨ ᠸᠢᠴᠠᠲ᠂ ᠨᠠᠶᠢᠵᠢ ᠶᠢᠨ ᠲᠤᠭᠤᠷᠢᠭ ᠲᠤ ᠦᠪᠠᠷ ᠤᠨ ᠵᠢᠷᠤᠭ | ᠰᠠᠭᠦᠳᠡᠷ ᠢᠶᠠᠨ ᠨᠠᠶᠢᠳᠠᠯᠠᠭᠦ ᠳᠤ ᠴᠦ ︽ᠠᠢ᠂ ᠴᠢ ᠶᠠᠮᠠᠷ ᠮᠠᠭᠤᠬᠠᠢ ᠲᠦᠷᠦᠭᠰᠡᠨ ᠪᠤᠢ︾ ᠭᠡᠭᠦ ᠰᠢᠭᠦᠮᠵᠢᠯᠡᠯ ᠠᠴᠠ | ᠵᠠᠶᠢᠯᠠᠵᠤ ᠴᠢᠳᠠᠬᠤ ᠦᠭᠡᠢ ᠪᠠᠶᠢᠳᠠᠬ᠃ | ᠪᠢ ᠨᠢᠭᠡ ᠵᠤᠬᠢᠶᠠᠨ ᠪᠢᠴᠢᠭᠦ ᠠᠪᠢᠶᠠᠰ ᠲᠠᠢ ᠪᠢᠴᠢᠬᠠᠨ ᠨᠠᠶᠢᠵᠠ ᠲᠠᠢ ᠲᠠᠨᠢᠯᠴᠠᠭᠰᠠᠨ ᠪᠢᠯᠡ᠃ ᠲᠠᠷᠠ | ᠲᠦᠡᠭᠭᠡᠵᠦ ᠨᠢᠭᠡ ᠵᠤᠬᠢᠶᠠᠯ ᠨᠠᠶᠢᠳᠠᠯᠠᠭᠦᠯᠭᠦ ᠳᠤ ᠲᠤᠤᠷ᠎ᠠ ᠪᠠᠨ ᠵᠠᠷᠢᠮ ᠭᠦᠮᠦᠨ᠄ ︽ᠶᠠᠭᠤ ᠪᠢᠴᠢᠴᠢᠭᠡᠭᠰᠡᠨ ᠪᠤᠢ᠂ | ᠡᠶᠢᠮᠦ ᠵᠤᠬᠢᠶᠠᠯ ᠨᠠᠶᠢᠳᠠᠯᠠᠭᠦᠯᠭᠦ ᠳᠤ ᠪᠠᠨ ᠢᠴᠢᠭᠰᠡᠨ ᠦᠭᠡᠢ ᠤᠤ︖︾ ᠭᠡᠰᠡᠨ ᠦᠭᠡ ᠦᠯᠠᠳᠡᠭᠡᠵᠡᠢ᠃ ᠲᠠᠷᠠ | ᠭᠡᠤᠭᠡᠳ ᠢᠴᠢᠵᠤ ᠰᠠᠨᠳᠤᠷᠤᠨ ᠲᠠᠩᠰᠠᠯᠠᠭᠰᠠᠨ ᠳ᠋ᠤᠭᠠᠷ ᠢᠶᠠᠨ ᠲᠤᠤᠷ᠎ᠠ ᠪᠠᠨ ᠦᠭᠡᠶᠢᠰᠭᠡᠭᠡᠳ ᠨᠠᠳᠠᠳᠤ᠄ ︽ᠪᠢ ᠴᠦ | ᠦᠪᠠᠷ ᠢᠶᠠᠨ ᠪᠠᠯᠠᠳᠭᠡᠯ ᠦᠭᠡᠢ ᠭᠡᠵᠦ ᠪᠤᠳᠤᠵᠤ ᠪᠠᠶᠢᠨ᠎ᠠ᠃ ᠪᠢ ᠤᠷᠢᠳ ᠢᠶᠠᠷ ᠰᠠᠶᠢᠨ ᠪᠤᠯᠪᠠᠰᠤᠷᠠᠭᠰᠠᠨ ᠤ | ᠬᠤᠶᠢᠨ᠎ᠠ ᠲᠡᠬᠢᠵᠤ ᠮᠠᠳᠠᠶ᠎ᠠ︾ ᠭᠡᠵᠦ ᠭᠡᠯᠡᠪᠠ᠃ | ᠦᠨᠠᠨ ᠳᠤ ᠪᠠᠨ ᠪᠢ ᠲᠡᠭᠦᠨ ᠳᠤ ᠲᠠᠶᠢᠳᠬᠤᠷᠠᠭᠤᠯᠬᠤ ᠭᠡᠳᠤᠨ ᠦᠭᠡ ᠭᠡᠯᠡᠶᠠ ᠭᠡᠵᠦ ᠪᠤᠳᠤᠵᠤ ᠪᠠᠶᠢᠭᠰᠠᠨ | ᠪᠤᠯᠪᠠᠴᠤ ᠶᠠᠭᠤ ᠭᠡᠯᠡᠭᠦ ᠪᠠᠨ ᠤᠯᠤᠭᠰᠠᠨ ᠦᠭᠡᠢ᠃ ᠦᠵᠠᠳᠠᠯᠠ ᠲᠠᠷᠠ ᠭᠡᠤᠭᠡᠳ ᠭᠡᠵᠢᠶᠠᠳᠠ ︽ᠪᠡᠯᠡᠳᠭᠡᠯ | ᠬᠢᠭᠦ︾ ᠱᠠᠳᠤᠨ ᠳᠤ ᠪᠠᠨ ᠪᠠᠶᠢᠭ᠎ᠠ ᠪᠤᠯᠬᠤᠷ ᠠᠯᠬᠤᠮ ᠪᠦᠷᠢ ᠳᠤ ᠭᠦᠴᠢᠷᠳᠠᠭᠦ ᠮᠦᠷᠳᠡᠭᠡᠨ ᠶᠠᠮᠠᠷ ᠴᠦ ᠬᠠᠪᠰᠤᠷᠤᠮᠵᠢ | ᠤᠯᠵᠤ ᠰᠤᠨᠤᠰᠬᠤ ᠦᠭᠡᠢ ᠲᠤᠯᠠ ᠲᠠᠪᠰᠢᠯᠳᠠ ᠨᠢ ᠤᠳᠠᠭᠠᠰᠢᠷᠠᠭᠰᠠᠭᠠᠷ ᠡᠴᠤᠰ ᠲᠤ ᠪᠠᠨ ᠨᠢᠭᠡᠮᠤᠰᠤᠨ ᠪᠢᠴᠢᠭᠦ ᠪᠠᠨ | ᠪᠠᠶᠢᠴᠢᠬᠠᠪᠠ᠃ | ᠭᠤᠷᠪᠠ | ᠮᠢᠨᠦ ᠪᠠᠰᠠ ᠨᠢᠭᠡ ᠨᠠᠶᠢᠵᠠ ᠠᠷᠪᠠᠨ ᠭᠦᠮᠦᠨ ᠠᠴᠠ ᠢᠯᠠᠭᠦᠦ ᠴᠤᠭᠯᠠᠭ᠎ᠠ ᠪᠤᠯᠤᠭᠰᠠᠭᠠᠷ ᠢᠴᠢᠵᠤ | ᠰᠠᠨᠳᠤᠷᠳᠠᠬ᠃ ᠨᠢᠭᠡ ᠤᠳᠠᠭ᠎ᠠ ᠨᠠᠯᠢᠶᠠᠳ ᠤᠯᠠᠨ ᠭᠦᠮᠦᠨ ᠴᠤᠭᠯᠠᠭᠰᠠᠨ ᠳᠤ ᠰᠦᠨᠢᠵᠢᠨ ᠭᠡᠷᠡᠮ ᠤᠨ ᠮᠤᠬᠤᠷ ᠲᠤ | ᠰᠢᠷᠭᠤᠭᠠᠳ ᠲᠤᠯᠤᠭᠠᠢ ᠪᠠᠨ ᠴᠦ ᠡᠷᠭᠦᠭᠰᠡᠨ ᠦᠭᠡᠢ᠃ ᠬᠠᠷᠢᠬᠤ ᠵᠠᠮ ᠳᠤ ᠪᠠᠨ ᠪᠢ ᠲᠡᠭᠦᠨ ᠠᠴᠠ᠄ ︽ᠰᠠᠶ᠋ᠢᠬᠠᠨ ᠴᠢ | ᠶᠠᠭᠠᠬᠢᠭᠠᠳ ᠨᠢᠭᠡ ᠴᠦ ᠦᠭᠡ ᠲᠤᠤᠭᠠᠷᠬᠤ ᠦᠭᠡᠢ ᠪᠤᠢ︖︾ ᠭᠡᠵᠦ ᠠᠰᠠᠭᠤᠭᠰᠠᠨ ᠳᠤ ᠲᠠᠷᠠ᠄ ︽ᠭᠦᠮᠦᠨ | ᠲᠡᠩᠳᠡᠭᠦᠦ ᠤᠯᠠᠨ᠂ ᠪᠤᠷᠤᠭᠤ ᠵᠦᠷᠢᠭᠦᠦ ᠭᠡᠯᠡᠴᠢᠭᠡᠪᠡᠯ ᠭᠦᠮᠦᠨ ᠤ ᠡᠯᠡᠭ ᠪᠤᠯᠴᠢᠬᠠᠨ᠎ᠠ ᠰᠢᠤ︕︾ ᠭᠡᠪᠡ᠃ | ︽ᠭᠡᠨ ᠴᠢᠮ᠎ᠠ ᠶᠢ ᠡᠯᠡᠭᠯᠡᠭᠦ ᠪᠤᠢ︖︾ ᠭᠡᠰᠡᠨ ᠦᠭᠡ ᠶᠢ ᠭᠡᠯᠡᠶᠠ ᠭᠡᠵᠦ ᠪᠤᠳᠤᠭᠰᠠᠨ ᠪᠤᠯᠪᠠᠴᠤ ᠭᠡᠯᠡᠵᠦ | ᠴᠢᠳᠠᠭᠰᠠᠨ ᠦᠭᠡᠢ᠃ ᠤᠴᠢᠷ ᠨᠢ ᠲᠡᠭᠦᠨ ᠢ ᠡᠯᠡᠭᠯᠡᠵᠦ ᠪᠠᠶᠢᠭ᠎ᠠ ᠭᠦᠮᠦᠨ ᠦᠭᠡᠷ᠎ᠠ ᠭᠦᠮᠦᠨ ᠪᠢᠰᠢ ᠦᠪᠠᠷ ᠤᠨ | ᠪᠠᠶ᠎ᠠ ᠨᠢ ᠪᠤᠯᠤᠨ᠎ᠠ ᠭᠡᠳᠡᠭ ᠢ ᠪᠢᠳᠠ ᠪᠦᠷ ᠮᠠᠳᠠᠵᠤ ᠪᠤᠯᠤᠨ᠎ᠠ᠃ | ᠲᠦᠷᠪᠡ | ᠡ᠊ᠨᠡ ᠭᠦ ᠰᠢᠯᠳᠠᠭᠠᠨ ᠠᠴᠠ ᠪᠤᠯᠵᠤ ᠪᠢ ᠳᠡᠳᠡᠭᠡᠷ ᠪᠤᠰᠤᠳ ᠢ ᠲᠠᠪᠠᠭ᠋ᠤ ᠪᠠᠷ ᠴᠢᠷᠮᠠᠶᠢᠳᠠᠬ ᠭᠦᠮᠦᠨ ᠢ | ᠤᠨᠴᠠᠭᠠᠢ ᠪᠠᠭ᠋ᠠᠷᠬᠠᠳᠠᠬ᠃ ᠲᠠᠶᠢᠮᠦ ᠭᠦᠮᠦᠨ ᠪᠤᠯ ᠶᠠᠬ ᠪᠢᠳᠠᠨ ᠤ ᠡᠰᠠᠷᠭᠦ ᠲᠠᠯ᠎ᠠ ᠰᠢᠬ ᠪᠠᠶᠢᠳᠠᠬ᠃ ᠲᠠᠶᠢᠮᠦ ᠭᠦᠮᠦᠨ | ᠭᠡᠵᠢᠶᠠᠳᠠ ᠤᠷᠴᠢᠨ ᠲᠤᠭᠤᠷᠢᠨ ᠳᠤ ᠪᠠᠷᠢᠭᠳᠠᠳᠠᠬ ᠦᠭᠡᠢ᠂ ᠭᠡᠵᠢᠶᠠᠳᠠ ᠦᠪᠠᠷ ᠢ ᠪᠠᠨ ᠮᠠᠭᠤ ᠭᠡᠵᠦ ᠪᠤᠳᠤᠳᠠᠬ | ᠦᠭᠡᠢ᠂ ᠭᠡᠵᠢᠶᠠᠳᠠ ᠦᠪᠠᠷ ᠢ ᠪᠠᠨ ᠨᠠᠩ ᠰᠠᠶᠢᠨ ᠪᠤᠯᠤᠨ᠎ᠠ ᠭᠡᠳᠡᠭ ᠢ ᠢᠳᠡᠭᠡᠵᠦ ᠶᠠᠬ ᠯᠡ ᠨᠢᠭᠡ ᠵᠦᠢᠯ ᠤᠨ | ᠲᠦᠷᠤᠯᠬᠢ ᠶᠢᠨ ᠠᠪᠢᠶᠠᠰ ᠲᠠᠢ ᠰᠢᠬ ᠪᠤᠳᠤᠳᠠᠬ᠃ | ᠶᠠᠬ ᠡᠶᠢᠮᠦ ᠠᠴᠠ ᠮᠢᠨᠦ ᠲᠠᠨᠢᠳᠠᠬ ᠲᠠᠷᠠ ᠨᠠᠶᠢᠵᠠ ᠳᠤ ᠶᠠᠷᠦ ᠠᠴᠠ ᠪᠠᠨ ᠲᠠᠶᠢᠮᠦ ᠨᠠᠷᠢᠨ ᠪᠤᠳᠤᠯᠢᠶᠠᠨ ᠲᠠᠢ | ᠲᠤᠳᠤᠭᠠᠳᠤ ᠰᠡᠳᠬᠢᠯᠭᠡ ᠶᠢᠨ ᠲᠤᠭᠳᠠᠯᠴᠠᠭ᠎ᠠ ᠭᠡᠵᠦ ᠪᠠᠶᠢᠳᠠᠬ ᠦᠭᠡᠢ ᠪᠢᠯᠠ᠃ ᠲᠡᠭᠦᠨ ᠤ ᠠᠭᠤᠷᠯᠠᠵᠦ | ᠢᠨᠢᠶᠠᠭᠦ ᠳᠤ ᠨᠢ ᠪᠦᠷ ᠵᠤᠷᠢᠭᠤᠳᠠ ᠪᠢᠰᠢ ᠠᠶᠠᠨᠳᠠᠭᠠᠨ ᠤ ᠡᠨᠧᠷᠬᠢ ᠢᠯᠠᠷᠠᠵᠤ ᠪᠠᠶᠢᠳᠠᠬ ᠪᠤᠯᠬᠤᠷ ᠲᠡᠭᠦᠨ ᠳᠤ ᠲᠤᠷ᠎ᠠ | ᠦᠭᠡᠢ ᠭᠦᠮᠦᠨ ᠴᠦ ᠭᠡᠳ ᠲᠡᠭᠦᠨ ᠤ ᠪᠠᠶ᠎ᠠ ᠳᠡᠭᠡᠷᠡᠬᠢ ᠲᠠᠶᠢᠪᠤᠭᠤ ᠲᠡᠭᠵᠢᠨ ᠰᠡᠳᠬᠢᠯᠭᠡ ᠶᠢ ᠦᠭᠡᠶᠢᠰᠭᠡᠵᠦ ᠴᠢᠳᠠᠬᠤ | ᠦᠭᠡᠢ ᠪᠠᠶᠢᠳᠠᠬ᠃ ᠲᠠᠷᠠ᠄ ︽ᠲᠠᠯᠠᠭᠡᠢ ᠶᠢᠨ ᠰᠠᠭᠰᠤᠨ ᠪᠦᠮᠪᠦᠭᠡ ᠶᠢᠨ ᠬᠤᠯᠪᠤᠭᠠᠨ ᠤ ᠲᠠᠯᠠᠭᠡᠢ ᠶᠢᠨ ᠬᠤᠨᠳᠠᠭᠠᠳᠤ | ᠡᠷᠡᠭᠳᠠᠢ ᠶᠢᠨ ᠤᠷᠤᠯᠳᠤᠭᠠᠨ︾ ᠭᠡᠳᠡᠭ ᠢ ︽ᠡᠮᠡᠭᠳᠠᠢ ᠶᠢᠨ ᠤᠷᠤᠯᠳᠤᠭᠠᠨ︾ ᠭᠡᠵᠦ ᠭᠡᠯᠡᠴᠢᠭᠡᠭᠡᠳ ᠦᠴᠦᠭᠡᠨ ᠴᠦ | ᠢᠴᠢᠭᠦ ᠦᠭᠡᠢ ᠪᠠᠶᠢᠪᠠ᠃ ᠭᠡᠳᠡᠯ᠎ᠠ ᠦᠭᠡᠷ᠎ᠠ ᠭᠦᠮᠦᠨ ᠬᠠᠵᠠᠭᠤ ᠠᠴᠠ ᠨᠢ᠄ ︽ᠪᠤᠷᠬᠠᠨ᠂ ᠪᠢ ᠪᠠᠶᠢᠭᠰᠠᠨ ᠪᠤᠯ | ᠤᠷᠤᠬᠤ ᠭᠠᠵᠠᠷ ᠢᠶᠠᠨ ᠤᠯᠬᠤ ᠦᠭᠡᠢ ᠰᠠᠨᠳᠤᠷᠤᠨ᠎ᠠ︾ ᠭᠡᠵᠦ ᠭᠡᠯᠡᠵᠤ ᠪᠠᠶᠢᠪᠠ᠃ | ᠦᠨᠠᠨ ᠳᠤ ᠪᠠᠨ ᠵᠤᠬᠢᠶᠠᠯᠴᠢ ᠲᠤᠮᠰ·ᠬᠠᠷᠳᠢ ︽ᠳ᠋ᠧᠪᠠᠢ ᠶᠢᠨ ᠲᠠᠶᠢᠽ︾ ᠭᠡᠳᠡᠭ ᠨᠤᠮ ᠳᠤ ᠪᠠᠨ ᠪᠢᠳᠠᠨ | ᠳᠤ᠄ ︽ᠭᠡᠷᠪᠠ ᠲᠠᠷᠠ ᠡᠳᠤᠷ ᠰᠦᠨᠢ ᠦᠭᠡᠢ ᠦᠪᠠᠷ ᠢ ᠪᠠᠨ ᠦᠷᠦ ᠡᠪᠡᠳᠴᠦ ᠭᠦᠭᠡᠷᠤᠭᠦ᠋ᠢᠯᠡᠭᠡᠳ ᠪᠠᠶᠢᠪᠠᠯ ᠪᠤᠰᠤᠳ | ᠭᠦᠮᠦᠨ ᠲᠡᠭᠦᠨ ᠢ ᠵᠦᠪᠭᠡᠨ ︿ᠱᠤᠷᠤᠨ ᠳᠤ ᠪᠠᠨ﹀ ᠭᠡᠵᠦ ᠯᠡ ᠭᠡᠯᠡᠭᠦ ᠪᠤᠯᠤᠨ᠎ᠠ᠂ ᠭᠡᠷᠪᠠ ᠲᠠᠷᠠ ᠪᠠᠶᠠᠷ ᠪᠠᠶᠠᠰᠬᠤᠯᠠᠩ ᠢ | ᠭᠦᠭᠡᠭᠡᠴᠡᠯᠳᠤᠵᠤ ᠪᠤᠬᠢᠨᠢᠳᠤᠯ ᠪᠠᠴᠢᠮᠳᠠᠯ ᠢ ᠦᠯᠳᠠᠭᠦ ᠳᠤ ᠭᠦᠷᠪᠡᠯ ᠪᠤᠰᠤᠳ ᠭᠦᠮᠦᠨ ᠲᠡᠭᠦᠨ ᠢ ︿ᠭᠦᠶ᠋ᠢ᠂ ᠲᠠᠷᠠ | ᠴᠢᠨᠢ ᠦᠨᠠᠭᠡᠷ ᠲᠠᠰᠪᠤᠷᠢ ᠲᠠᠪᠵᠢᠶᠡᠷᠢ ᠲᠠᠢ ᠪᠠᠶᠢᠨ᠎ᠠ﹀ ᠭᠡᠵᠦ ᠭᠡᠯᠡᠭᠦ ᠪᠤᠯᠤᠨ᠎ᠠ︾ ᠭᠡᠰᠡᠨ ᠬᠠᠷᠢᠭᠤᠯᠳᠠ ᠦᠭᠭᠦᠭᠰᠡᠨ | ᠪᠠᠶᠢᠳᠠᠬ᠃ | ᠡᠷᠬᠢᠨ ᠲᠤᠭᠤᠷᠢᠨ ᠤ ᠭᠦᠮᠦᠰ ᠴᠢᠨᠢ ᠴᠢᠮ᠎ᠠ ᠳᠤ ᠶᠠᠮᠠᠷ ᠮᠠᠶ᠋ᠢᠬ ᠢᠶᠠᠷ ᠬᠠᠨᠳᠤᠬᠤ ᠭᠡᠳᠡᠭ ᠢ ᠰᠢᠢᠳᠪᠤᠷᠢᠯᠡᠭᠦ | ᠭᠦᠮᠦᠨ ᠪᠤᠯ ᠴᠢ ᠦᠪᠠᠷ ᠢᠶᠠᠨ ᠶᠤᠮ᠃ ᠰᠢᠭᠦᠮᠵᠢᠯᠡᠭᠳᠡᠪᠡᠯ ᠵᠠᠶᠢᠯᠠᠬᠤ ᠳᠤ ᠭᠦᠷᠪᠡᠯ ᠭᠦᠮᠦᠰ ᠴᠢᠮ᠎ᠠ ᠶᠢ | ᠱᠤᠷᠤᠨ ᠳᠤ ᠪᠠᠨ ᠭᠡᠵᠦ ᠭᠡᠯᠡᠨ᠎ᠠ᠃ ᠰᠠᠨᠳᠤᠷᠤᠭᠠᠳ ᠨᠢᠴᠤᠭᠠᠪᠠᠯ ᠠᠪᠤᠨ ᠲᠤᠤᠷ᠎ᠠ ᠪᠠᠨ ᠭᠡᠷᠡᠯᠳᠤᠮᠠᠷ | ᠦᠵᠡᠭᠳᠡᠨ᠎ᠠ᠃ ᠡᠶᠢᠮᠦ ᠠᠴᠠ ᠴᠢ ᠡᠷᠭᠡᠪᠰᠢ ᠯᠠᠪᠳᠠᠭᠤᠨ ᠲᠠᠪᠴᠢᠶᠡᠷᠢ ᠲᠠᠢ ᠪᠠᠷ ᠭᠦᠮᠦᠰ ᠤᠨ ᠡᠮᠦᠨ᠎ᠠ ᠢᠯᠠᠷᠠᠵᠤ | ᠲᠠᠭᠤᠯᠠᠬᠤ ᠴᠠᠭ ᠲᠤ ᠪᠠᠨ ᠲᠠᠭᠤᠯᠠᠵᠤ᠂ ᠵᠤᠭᠤᠭᠳᠠᠬᠤ ᠴᠠᠭ ᠲᠤ ᠪᠠᠨ ᠵᠤᠭᠤᠭᠳᠠᠪᠠᠯ ᠪᠤᠯᠴᠢᠬᠠᠨ᠎ᠠ᠃ | ᠭᠠᠭᠴᠠ ᠭᠦ ᠦᠪᠠᠷ ᠤᠨ ᠢᠴᠢᠩᠭᠦᠷᠢ ᠪᠠᠨ ᠦᠪᠠᠷ ᠢᠶᠠᠨ ᠮᠠᠷᠳᠠᠵᠤ ᠴᠢᠳᠠᠪᠠᠯ ᠪᠤᠰᠤᠳ ᠭᠦᠮᠦᠨ ᠰᠠᠶ᠋ᠢ | ᠴᠢᠮ᠎ᠠ ᠶᠢ ᠲᠠᠭᠠᠭᠠᠳ ᠮᠠᠷᠳᠠᠴᠢᠬᠠᠨ᠎ᠠ᠃ ᠡᠨᠡ ᠲᠠᠯᠠᠭᠡᠢ ᠵᠦᠪᠭᠡᠨ ᠶᠠᠭᠤ ᠪᠦᠭᠦᠨ ᠳᠤ ᠪᠠᠨ ᠰᠠᠶᠢᠨ ᠪᠠᠶᠢᠳᠠᠬ | ᠭᠦᠮᠦᠨ ᠤ ᠬᠢ ᠪᠢᠰᠢ ᠶᠤᠮ᠃ ᠲᠡᠭᠡᠭᠦ ᠪᠠᠷ ᠢᠶᠠᠨ ᠢᠴᠢᠩᠭᠦᠷᠡᠭᠦ ᠰᠡᠳᠬᠢᠯᠭᠡ ᠪᠠᠷ ᠦᠪᠠᠷ ᠤᠨ ᠪᠤᠶᠢᠵᠢᠯᠳᠠ ᠪᠠᠨ | ᠦᠭᠡᠶᠢᠰᠭᠡᠵᠦ ᠪᠤᠯᠬᠤ ᠦᠭᠡᠢ᠃ | ︵︽ᠪᠠᠭᠰᠢ ᠶᠢᠨ ᠬᠤᠷᠸ᠎ᠠ︾ ᠰᠠᠳᠭᠦᠯ ᠤᠨ 2019 ᠤᠨ ᠤ 12 ᠳ᠋ᠤᠭᠠᠷ | ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠤᠨ ᠨᠠᠶᠢᠷᠠᠭᠤᠯᠪᠠ︶ | |