ᠽᠦᠢ ᠬᠤᠢ ᠶᠢᠩ | | | ᠪᠢ ᠶᠠᠭᠤᠨ ᠳᠤ ᠶᠠᠫᠤᠨ ᠤ ᠰᠤᠷᠭᠠᠭᠤᠯᠢ ᠶᠢᠨ ᠬᠤᠭᠤᠯᠠ ᠶᠢ ᠤᠢᠢᠯᠠᠭᠠᠬᠤ ᠪᠠᠷ ᠤᠴᠢᠭᠰᠠᠨ ᠪᠤᠢ ᠭᠡᠪᠡᠯ | ᠡᠭᠦᠨ ᠤ ᠡᠭᠦᠰᠤᠯ ᠨᠢ ᠴᠸᠡᠭᠳᠦ᠋ ᠶᠢᠨ ᠲᠤᠯᠤᠳᠤᠭᠠᠷ ᠲᠤᠮᠳᠠᠳᠤ ᠰᠤᠷᠭᠠᠭᠤᠯᠢ ᠶᠢᠨ ᠤᠴᠢᠷ ᠠᠴᠠ ᠪᠤᠯᠤᠭᠰᠠᠨ | ᠶᠤᠮ᠃ ᠲᠤᠬᠠᠢ ᠶᠢᠨ ᠦᠶ᠎ᠠ ᠳᠤ ᠭᠡᠷ ᠤᠨ ᠠᠬᠠᠮᠠᠳ ᠬᠢᠭᠡᠳ ᠰᠦᠯᠵᠢᠶᠠᠨ ᠤ ᠭᠦᠮᠦᠰ ᠤᠨ ᠠᠭᠤᠷ ᠤᠴᠠᠭᠠᠷ | ᠨᠢᠭᠡᠨᠳᠠ ᠲᠦᠢᠯ ᠳᠤ ᠪᠠᠨ ᠲᠤᠯᠵᠤ ᠰᠤᠷᠭᠠᠭᠤᠯᠢ ᠶᠢ ᠬᠠᠷᠢᠶᠠᠵᠤ᠂ ᠬᠤᠭᠤᠯᠠ ᠬᠠᠨᠭ᠍ᠭᠠᠬᠤ ᠺᠤᠮᠫᠠᠨᠢ ᠶᠢ ᠬᠠᠷᠢᠶᠠᠵᠤ᠂ | ᠰᠤᠷᠭᠠᠨ ᠭᠦᠮᠦᠵᠢᠯ ᠤᠨ ᠲᠤᠪᠴᠢᠶ᠎ᠠ ᠶᠢ ᠬᠠᠷᠢᠶᠠᠵᠤ᠂ ᠠᠰᠠᠭᠤᠳᠠᠯ ᠢ ᠪᠤᠰᠤᠳᠴᠢ ᠪᠠᠷ ᠤᠶᠤᠨᠴᠢ ᠪᠠᠷ ᠶᠠᠷᠢᠯᠴᠠᠬᠤ | ᠶᠠᠪᠤᠳᠠᠯ ᠶᠠᠮᠠᠷ ᠴᠦ ᠦᠨᠳᠤᠰᠤ ᠰᠠᠭᠤᠷᠢ ᠦᠭᠡᠢ ᠪᠤᠯᠵᠠᠢ᠃ | ᠰᠠᠭᠦᠯᠠᠷ ᠨᠢ ᠪᠢ ᠸᠢᠴᠠᠲ ᠲᠡᠭᠡᠷ᠎ᠠ ᠨᠢᠭᠡ ᠵᠤᠬᠢᠶᠠᠯ ᠨᠠᠶᠢᠳᠠᠯᠠᠵᠤ ᠰᠤᠷᠭᠠᠭᠤᠯᠢ ᠶᠢᠨ ᠬᠤᠭᠤᠯᠠ ᠭᠠᠪᠠ | ᠵᠡᠭᠦᠭᠡᠳ ᠰᠢᠷᠡᠭᠡᠨ ᠳᠡᠭᠡᠷ᠎ᠠ ᠪᠦᠵᠢᠭᠯᠡᠵᠦ ᠪᠠᠶᠢᠨ᠎ᠠ ᠭᠡᠵᠦ ᠭᠡᠯᠡᠵᠡᠢ᠃ ᠲᠤᠬᠠᠢ ᠶᠢᠨ ᠦᠶ᠎ᠠ ᠳᠤ ᠵᠠᠷᠢᠮ ᠸᠢᠴᠠᠲ ᠶᠢᠨ | ᠨᠠᠶᠢᠵᠠ᠄ ︽ᠶᠠᠭᠤᠨ ᠳᠤ ᠪᠠᠨ ᠵᠤᠪᠠᠴᠢᠬᠠᠭᠰᠠᠨ ᠶᠤᠮ ᠪᠤᠢ᠂ ᠶᠠᠫᠤᠨ ᠳᠤ ᠠᠮᠵᠢᠯᠳᠠ ᠤᠯᠤᠭᠰᠠᠨ ᠪᠠᠯᠠᠨ ᠵᠢᠱᠢᠶ᠎ᠠ | ᠪᠠᠶᠢᠨ᠎ᠠ ᠰᠢᠤ︾ ᠭᠡᠵᠦ ᠭᠡᠯᠡᠵᠦ ᠪᠠᠶᠢᠯ᠎ᠠ᠃ ᠡᠨᠡ ᠨᠢ ᠮᠢᠨᠦ ᠶᠠᠫᠤᠨ ᠤ ᠰᠤᠷᠭᠠᠭᠤᠯᠢ ᠶᠢᠨ ᠬᠤᠭᠤᠯᠠᠨ ᠳᠠᠬᠢ | ᠰᠤᠨᠢᠷᠬᠠᠯ ᠢ ᠶᠠᠭᠡᠳᠠ ᠲᠠᠳᠠᠪᠠ᠃ ᠲᠤᠬᠠᠢ ᠶᠢᠨ ᠦᠶ᠎ᠠ ᠳᠤ ᠶᠠᠬ ᠰᠠᠶᠢᠬᠠᠨ ᠢᠳᠡᠭᠡᠨ ᠤᠮᠳᠠᠭᠠᠨ ᠤ ᠰᠤᠷᠭᠠᠨ | ᠭᠦᠮᠦᠵᠢᠯ ᠤᠨ ᠪᠠᠶᠢᠭᠤᠯᠤᠮᠵᠢ ᠶᠠᠫᠤᠨ ᠳᠤ ᠤᠴᠢᠵᠤ ᠰᠤᠷᠭᠠᠭᠤᠯᠢ ᠶᠢᠨ ᠬᠤᠭᠤᠯᠠ ᠶᠢ ᠪᠠᠶᠢᠴᠠᠭᠠᠬᠤ ᠪᠦᠯᠭᠦᠮ ᠢ | ᠵᠤᠬᠢᠶᠠᠨ ᠪᠠᠶᠢᠭᠤᠯᠵᠤ ᠪᠠᠶᠢᠭᠰᠠᠨ ᠪᠤᠯᠬᠤᠷ ᠪᠢ ᠲᠡᠭᠦᠨ ᠳᠤ ᠤᠷᠤᠯᠴᠠᠭᠰᠠᠨ ᠶᠤᠮ᠃ | ᠨᠢᠭᠡ᠂ ᠲᠤᠮᠳᠠᠳᠤ ᠤᠯᠤᠰ ᠲᠤ ᠭᠡᠷᠪᠡ ᠢᠡᠭᠬᠢᠵᠤ ᠬᠢᠭᠦ ᠳᠤ ᠭᠦᠷᠪᠡᠯ ᠢᠳᠡᠭᠡᠨ ᠬᠠᠨᠭ᠍ᠭᠠᠬᠤ ᠺᠤᠮᠫᠠᠨᠢ ᠤᠯᠠᠨ | ᠤᠳᠠᠭ᠎ᠠ ᠰᠢᠳᠭᠡᠭᠳᠡᠨᠠ | ᠮᠢᠨᠦ ᠶᠠᠫᠤᠨ ᠳᠠᠬᠢ ᠠᠩᠬᠠᠨ ᠤ ᠦᠷᠳᠡᠭᠡ ᠪᠤᠯ ᠹᠦᠺᠦᠶ᠋ᠢ ᠳᠠᠬᠢ ᠢᠳᠡᠭᠡᠨ ᠨᠠᠶᠢᠷᠠᠭᠤᠯᠬᠤ ᠲᠦᠪ | ᠪᠤᠯᠤᠨ᠎ᠠ᠃ ᠡᠨᠡ ᠲᠦᠪ 1977 ᠤᠨ ᠳᠤ ᠪᠠᠶᠢᠭᠤᠯᠤᠭᠳᠠᠵᠠᠢ᠃ ᠲᠡᠭᠡᠷ᠎ᠠ ᠤᠳᠠᠭᠠᠨ ᠤ ᠦᠭᠡᠷᠡᠴᠢᠯᠠᠯᠳᠠ ᠨᠢ | ᠨᠢᠭᠡᠨᠳᠠ 30 ᠵᠢᠯ ᠤᠨ ᠡᠮᠦᠨᠡᠬᠢ ᠶᠠᠪᠤᠳᠠᠯ ᠪᠤᠯᠵᠠᠢ᠃ ᠢᠳᠡᠭᠡᠨ ᠨᠠᠶᠢᠷᠠᠭᠤᠯᠬᠤ ᠲᠦᠪ ᠨᠢ ᠲᠤᠮᠤ ᠪᠢᠰᠢ ᠪᠠᠶᠢᠵᠤ | ᠵᠦᠪᠭᠡᠨ ᠠᠷᠪᠠᠭ᠋ᠠᠨ ︽ᠢᠳᠡᠭᠡᠨ ᠲᠤᠬᠢᠷᠠᠭᠤᠯᠬᠤ ᠠᠵᠢᠯᠳᠠᠨ︾ ᠨᠢᠭᠡ ᠰᠢᠮ᠎ᠠ ᠲᠠᠵᠢᠭᠡᠯ ᠲᠤᠬᠢᠷᠠᠭᠤᠯᠤᠭᠴᠢ᠂ ᠨᠢᠭᠡ | ᠰᠢᠮ᠎ᠠ ᠲᠡᠵᠢᠭᠡᠯ ᠲᠤᠬᠢᠷᠠᠭᠤᠯᠤᠭᠴᠢ ᠶᠢᠨ ᠬᠠᠪᠰᠤᠷᠤᠭᠴᠢ᠂ ᠬᠤᠶᠠᠷ ᠬᠤᠭᠤᠯᠠ ᠭᠦᠷᠭᠡᠭᠴᠢ ᠪᠠ ᠨᠢᠭᠡ ᠵᠠᠬᠢᠷᠤᠯ ᠲᠠᠢ | ᠪᠠᠶᠢᠪᠠ᠃ ᠲᠠᠳᠠ 4 ᠪᠠᠭ᠎ᠠ ᠰᠤᠷᠭᠠᠭᠤᠯᠢ᠂ 2 ᠲᠤᠮᠳᠠᠳᠤ ᠰᠤᠷᠭᠠᠭᠤᠯᠢ ᠶᠢᠨ 844 ᠭᠦᠮᠦᠨ ᠤ ᠦᠳᠠ ᠶᠢᠨ | ᠬᠤᠭᠤᠯᠠ ᠶᠢ ᠬᠠᠷᠢᠭᠤᠴᠠᠳᠠᠬ ᠪᠠᠶᠢᠨ᠎ᠠ᠃ | ᠪᠢᠳᠠᠨ ᠢ ᠲᠠᠭᠠᠭᠤᠯᠤᠨ ᠢᠳᠡᠭᠡᠨ ᠨᠠᠶᠢᠷᠠᠭᠤᠯᠬᠤ ᠪᠠᠯᠠᠳᠭᠡᠯ ᠲᠦᠭᠦᠭᠡᠷᠤᠮᠵᠢ ᠶᠢ ᠦᠵᠡᠭᠦᠯᠭᠦ ᠦᠶ᠎ᠠ ᠳᠤ | ᠵᠠᠬᠢᠷᠤᠯ ᠦᠨᠠᠨᠴᠢ ᠪᠠᠷ ᠪᠢᠳᠠᠨ ᠳᠤ ᠮᠠᠨ ᠤ ᠲᠤᠭᠤᠭᠠᠨ ᠭᠡᠷ ᠢ 1969 ᠤᠨ ᠳᠤ ᠪᠠᠶᠢᠭᠤᠯᠤᠭᠰᠠᠨ | ᠶᠤᠮ᠃ 1990 ᠤᠨ ᠳᠤ ᠵᠠᠰᠠᠯᠳᠠ ᠬᠢᠭᠰᠡᠨ ᠪᠤᠯᠪᠠᠴᠤ ᠤᠳᠤᠬᠠᠨ ᠤ ᠪᠠᠷᠢᠮᠵᠢᠶ᠎ᠠ ᠳᠤ ᠲᠤᠬᠢᠷᠠᠬᠤ ᠦᠭᠡᠢ | ᠪᠤᠯᠵᠠᠢ᠃ ᠭᠡᠪᠡᠴᠤ ᠵᠠᠰᠠᠭ ᠤᠨ ᠭᠠᠵᠠᠷ ᠠᠴᠠ ᠪᠤᠳᠠᠳᠤ ᠪᠠᠶᠢᠳᠠᠯ ᠢ ᠦᠨᠳᠤᠰᠤᠯᠠᠨ ᠮᠠᠨ ᠤ ᠬᠤᠭᠤᠯᠠ ᠨᠠᠶᠢᠷᠠᠭᠤᠯᠬᠤ | ᠲᠦᠪ ᠢ ᠲᠦᠰᠢᠭᠯᠡᠵᠦ ᠰᠤᠷᠭᠠᠭᠤᠯᠢ ᠶᠢᠨ ᠬᠤᠭᠤᠯᠠ ᠶᠢ ᠬᠠᠨᠭ᠍ᠭᠠᠬᠤ ᠪᠤᠯᠬᠤᠷ ᠤᠨᠴᠠᠭᠠᠢ ᠴᠢᠩᠭ᠎ᠠ ᠪᠠᠷ ᠱᠠᠭᠠᠷᠳᠠᠵᠤ | ᠦᠭᠡᠢ ᠭᠡᠪᠡ᠃ | ᠬᠠᠮᠳᠤ ᠶᠠᠪᠤᠭ᠎ᠠ ᠮᠠᠨ ᠤ ᠤᠯᠤᠰ ᠤᠨ ᠰᠤᠷᠭᠠᠭᠤᠯᠢ ᠶᠢᠨ ᠢᠳᠡᠭᠡᠨ ᠢ ᠨᠠᠶᠢᠷᠠᠭᠤᠯᠤᠨ ᠲᠤᠬᠢᠷᠠᠭᠤᠯᠬᠤ | ᠺᠤᠮᠫᠠᠨᠢ ᠶᠢᠨ ᠵᠠᠬᠢᠷᠤᠯ ᠨᠠᠳᠠᠳᠤ᠄ ︽ᠡᠨᠡ ᠢᠳᠡᠭᠡᠨ ᠬᠢᠭᠦ ᠲᠠᠰᠤᠬ ᠲᠤ ᠠᠰᠠᠭᠤᠳᠠᠯ ᠤᠯᠠᠨ ᠤᠷᠤᠰᠢᠵᠤ ᠪᠠᠶᠢᠭ᠎ᠠ | ᠪᠤᠯᠬᠤᠷ ᠭᠡᠷᠪᠠ ᠲᠤᠮᠳᠠᠳᠤ ᠤᠯᠤᠰ ᠲᠤ ᠶᠤᠮ ᠪᠤᠯ ᠤᠯᠠᠨ ᠤᠳᠠᠭ᠎ᠠ ᠰᠢᠳᠭᠡᠭᠳᠡᠭᠦ ᠨᠢ ᠵᠠᠶᠢᠯᠠᠰᠢ | ᠦᠭᠡᠢ᠃ ᠵᠢᠱᠢᠶᠡᠯᠡᠪᠡᠯ᠂ ᠭᠡᠷ ᠤᠨ ᠠᠳᠠᠷ ᠨᠢ ᠲᠡᠩᠳᠡᠭᠦᠦ ᠦᠨᠳᠤᠷ ᠪᠤᠯᠬᠤᠷ ᠠᠭᠠᠷ ᠤᠨ ᠴᠠᠪᠠᠷᠴᠠ ᠪᠠ ᠬᠤᠮᠬᠢ | ᠪᠤᠳᠠᠰ ᠤᠨ ᠲᠡᠭᠳᠡᠯᠳᠠ ᠶᠢ ᠬᠢᠵᠠᠭᠠᠷᠯᠠᠬᠤ ᠳᠤ ᠮᠠᠭᠤ᠃ ᠲᠦᠷᠪᠡᠨ ᠲᠠᠯ᠎ᠠ ᠳᠤ ᠨᠢ ᠴᠤᠩᠬᠤ ᠲᠠᠢ ᠪᠠᠶᠢᠭ᠎ᠠ ᠨᠢ | ᠬᠤᠷᠤᠬᠠᠢ ᠰᠢᠪᠠᠵᠢ ᠪᠠ ᠲᠤᠭᠤᠰᠤ ᠰᠢᠷᠤᠢ ᠪᠠᠺᠲ᠋ᠧᠷᠢ ᠶᠢᠨ ᠤᠷᠤᠵᠤ ᠢᠷᠡᠭᠦ ᠶᠢ ᠰᠠᠷᠭᠡᠶᠢᠯᠡᠭᠦ ᠳᠤ ᠮᠠᠭᠤ᠃ ᠠᠳᠠᠯᠢ | ᠪᠤᠰᠤ ᠢᠳᠡᠭᠡᠨ ᠬᠢᠭᠦ ᠲᠠᠰᠤᠯᠭ᠎ᠠ ᠨᠢ ᠹᠢᠽᠢᠺ ᠤᠨ ᠬᠠᠯᠬᠠᠪᠴᠢ ᠦᠭᠡᠢ ᠪᠠᠶᠢᠵᠤ ᠵᠦᠪᠭᠡᠨ ᠭᠠᠵᠠᠷ ᠳᠡᠭᠡᠷ᠎ᠠ ᠵᠢᠷᠤᠭᠠᠰᠤ | ᠵᠢᠷᠤᠨ ᠰᠠᠯᠭᠠᠵᠤ ᠪᠠᠶᠢᠭ᠎ᠠ ᠵᠡᠷᠭᠡ ᠠᠰᠠᠭᠤᠳᠠᠯ ᠪᠠᠶᠢᠨ᠎ᠠ︾ ᠭᠡᠵᠦ ᠭᠡᠯᠡᠪᠡ᠃ | ᠡᠭᠦᠨ ᠠᠴᠠ ᠭᠠᠳᠠᠨ᠎ᠠ ᠬᠤᠭᠤᠯᠠ ᠶᠢ ᠬᠢᠭᠰᠡᠨ ᠤ ᠲᠠᠷᠠᠭ᠎ᠠ ᠬᠤᠪᠢᠶᠠᠨ ᠰᠠᠪᠠᠯᠠᠵᠤ ᠪᠢᠳᠡᠭᠦᠮᠵᠢᠯᠡᠭᠦ ᠪᠠ | ᠬᠠᠯᠠᠭᠤᠨ ᠪᠠᠶᠢᠯᠭᠠᠬᠤ ᠱᠠᠭᠠᠷᠳᠠᠯᠭ᠎ᠠ ᠦᠭᠡᠢ ᠪᠠᠶᠢᠨ᠎ᠠ᠃ ᠨᠤᠭᠤᠭ᠎ᠠ ᠬᠢᠭᠡᠳ ᠪᠤᠳᠠᠭ᠎ᠠ ᠶᠢ ᠪᠦᠷ ᠭᠡᠳᠤᠨ ᠲᠤᠮᠤ | ᠰᠠᠭᠤᠯᠭᠠᠨ ᠳᠤ ᠬᠢᠵᠤ ᠵᠢᠵᠢᠭ ᠪᠠᠷᠠᠭᠠᠨ ᠤ ᠲᠡᠷᠭᠡ ᠪᠠᠷ ᠬᠤᠭᠤᠯᠠᠨ ᠭᠡᠷ ᠲᠤ ᠭᠦᠷᠭᠡᠵᠦ ᠲᠤᠬᠠᠢ ᠶᠢᠨ ᠭᠠᠵᠠᠷ ᠲᠤ ᠨᠢ | ᠬᠤᠪᠢᠶᠠᠵᠤ ᠦᠭᠳᠡᠭ᠃ ᠭᠡᠤᠭᠡᠳ ᠤᠨ ᠠᠶᠠᠭ᠎ᠠ ᠰᠠᠪᠬ᠎ᠠ ᠶᠢ ᠴᠦ ᠤᠬᠢᠶᠠᠵᠤ ᠴᠡᠪᠡᠷᠯᠡᠭᠰᠡᠨ ᠤ ᠲᠠᠷᠠᠭ᠎ᠠ ᠲᠠᠬᠢᠨ | ᠭᠡᠷᠡᠭᠯᠡᠳᠡᠭ ᠪᠠᠶᠢᠨ᠎ᠠ᠃ ᠲᠤᠮᠳᠠᠳᠤ ᠤᠯᠤᠰ ᠲᠤ ᠪᠤᠯ ᠪᠤᠢ ᠪᠦᠭᠦᠢ ᠬᠤᠭᠤᠯᠠᠨ ᠤ ᠭᠡᠷᠡᠭᠰᠡᠯ ᠢ ᠤᠬᠢᠶᠠᠨ ᠴᠡᠪᠡᠷᠯᠡᠵᠦ | ᠠᠷᠢᠭᠤᠳᠬᠠᠭᠰᠠᠨ ᠤ ᠲᠠᠷᠠᠭ᠎ᠠ ᠠᠰ ᠲᠤ ᠨᠢ ᠪᠢᠳᠠᠭᠦᠮᠵᠢᠯᠡᠨ ᠲᠠᠯᠪᠢᠳᠠᠬ᠃ | ᠡᠶᠢᠮᠦ ᠠᠴᠠ ᠰᠤᠷᠤᠭᠴᠢ ᠶᠢᠨ ᠬᠤᠭᠤᠯᠠᠨ ᠤ ᠠᠮᠤᠷ ᠲᠦᠪᠰᠢᠨ ᠤ ᠲᠠᠯ᠎ᠠ ᠪᠠᠷ ᠶᠠᠫᠤᠨ ᠤ ᠲᠤᠭᠳᠠᠭᠠᠨ | ᠭᠡᠷᠡᠭᠵᠢᠭᠦᠯᠵᠦ ᠪᠠᠶᠢᠭ᠎ᠠ ᠪᠠᠷᠢᠮᠵᠢᠶ᠎ᠠ ᠨᠢ ᠲᠤᠮᠳᠠᠳᠤ ᠤᠯᠤᠰ ᠠᠴᠠ ᠬᠤᠯᠠ ᠲᠤᠤᠷ᠎ᠠ ᠪᠠᠶᠢᠨ᠎ᠠ᠃ ᠲᠠᠳᠠ ᠪᠠᠰᠠ | ᠢᠳᠡᠭᠡᠨ ᠤ ᠴᠠᠪᠠᠷᠯᠡᠭᠦ᠂ ᠬᠢᠭᠦ᠂ ᠭᠦᠷᠭᠡᠭᠦ ᠪᠠᠷᠢᠮᠵᠢᠶ᠎ᠠ ᠶᠢ ᠲᠤᠭᠳᠠᠭᠠᠭᠰᠠᠨ ᠪᠤᠯᠪᠠᠴᠤ ᠡᠳᠡᠭᠡᠷ ᠠᠮᠤᠷ ᠲᠦᠪᠰᠢᠨ ᠤ | ᠲᠦᠷᠢᠮᠵᠢᠯ ᠨᠢ ᠬᠠᠮᠤᠭ ᠤᠨ ᠲᠤᠤᠷ᠎ᠠ ᠲᠠᠰ ᠤᠨ ᠠᠮᠤᠷ ᠲᠦᠪᠰᠢᠨ ᠤ ᠪᠠᠷᠢᠮᠵᠢᠶᠠᠨ ᠤ ᠱᠠᠭᠠᠷᠳᠠᠯᠭ᠎ᠠ ᠪᠤᠯᠬᠤ ᠠᠴᠠ | ᠪᠢᠰᠢ ᠶᠠᠮᠠᠷ ᠴᠦ ᠠᠰᠠᠭᠤᠳᠠᠯ ᠦᠭᠡᠢ ᠲᠦᠷᠢᠮᠵᠢᠯ ᠢ ᠲᠤᠭᠳᠠᠭᠠᠵᠤ ᠡᠨᠡ ᠭᠦ ᠲᠦᠷᠢᠮᠵᠢᠯ ᠢᠶᠠᠷ ᠠᠶᠤᠯ ᠦᠭᠡᠢ | ᠪᠠᠶᠢᠬᠤ ᠶᠢ ᠪᠠᠶᠠᠯᠠᠭᠦᠯᠭᠦ ᠭᠡᠰᠡᠨ ᠪᠢᠰᠢ ᠶᠤᠮ᠃ | ᠶᠠᠫᠤᠨ ᠳᠤ ᠪᠢ ᠲᠠᠷᠠ ᠵᠠᠬᠢᠷᠤᠯ ᠠᠴᠠ ᠵᠢᠯ ᠪᠦᠷᠢ ᠬᠤᠭᠤᠯᠠ ᠨᠤᠭᠤᠭᠠᠨ ᠠᠴᠠ ᠭᠡᠳᠤᠢ ᠤᠳᠠᠭ᠎ᠠ ᠭᠡᠵᠢᠭᠡ | ᠦᠰᠦ᠂ ᠬᠤᠷᠤᠬᠠᠢ ᠰᠢᠪᠡᠵᠢ ᠮᠠᠳᠤ ᠶᠢᠨ ᠶᠠᠭᠤᠮ᠎ᠠ ᠶᠢ ᠢᠯᠠᠷᠠᠭᠦᠯᠦᠭᠰᠡᠨ ᠪᠤᠢ ᠭᠡᠭᠦ ᠳᠤ ᠲᠠᠷᠠ ᠲᠠᠪᠤ ᠵᠢᠷᠭᠤᠭ᠎ᠠ | ᠤᠳᠠᠭ᠎ᠠ ᠭᠡᠵᠦ ᠬᠠᠷᠢᠭᠤᠯᠪᠠ᠃ ᠮᠠᠨ ᠤ ᠤᠯᠤᠰ ᠤᠨ ᠢᠳᠡᠭᠡᠨ ᠨᠠᠶᠢᠷᠠᠭᠤᠯᠤᠨ ᠲᠤᠬᠢᠷᠠᠭᠤᠯᠬᠤ ᠺᠤᠮᠫᠠᠨᠢ ᠶᠢᠨ ᠵᠠᠬᠢᠷᠤᠯ | ᠢᠨᠢᠶᠡᠭᠰᠡᠭᠡᠷ᠄ ︽800 ᠭᠠᠷᠤᠢ ᠰᠤᠷᠤᠭᠴᠢ ᠳᠤ ᠬᠤᠭᠤᠯᠠ ᠭᠦᠷᠭᠡᠭᠦ ᠳᠤ ᠪᠠᠨ ᠵᠢᠯ ᠳᠤ 6 ᠤᠳᠠᠭ᠎ᠠ ᠡ᠊ᠨᠳᠡᠭᠳᠡᠯ | ᠭᠠᠷᠭᠠᠬᠤ ᠳᠤ ᠭᠦᠷᠪᠡᠯ ᠪᠢᠳᠠ 1 ᠲᠦᠮᠠᠨ ᠭᠦᠮᠦᠨ ᠳᠤ ᠬᠤᠭᠤᠯᠠ ᠭᠦᠷᠭᠡᠭᠦ ᠳᠤ 100 ᠤᠳᠠᠭ᠎ᠠ ᠡ᠊ᠨᠳᠡᠭᠳᠡᠯ | ᠭᠠᠷᠬᠤ ᠪᠤᠯᠤᠨ᠎ᠠ᠃ ᠭᠡᠷᠪᠡ ᠪᠢ 100 ᠤᠳᠠᠭ᠎ᠠ ᠡ᠊ᠨᠳᠡᠭᠳᠡᠯ ᠭᠠᠷᠭᠠᠪᠠᠯ ᠭᠡᠷ ᠤᠨ ᠠᠬᠠᠮᠠᠳ ᠨᠠᠮ᠎ᠠ ᠶᠢ ᠴᠤᠬᠢᠭᠠᠳ | ᠠᠯᠠᠴᠢᠬᠠᠬᠤ ᠦᠭᠡᠢ ᠤᠤ︖︾ ᠭᠡᠪᠡ᠃ | ᠢᠳᠡᠭᠡᠨ ᠤᠮᠳᠠᠭᠠᠨ ᠰᠤᠳᠤᠯᠤᠭᠴᠢ ᠶᠢᠨ ᠬᠤᠪᠢ ᠠᠴᠠ ᠦᠵᠠᠪᠠᠯ ᠭᠡᠳᠤᠢ ᠶᠡᠭᠡ ᠦᠷᠡᠭᠳᠡᠯ ᠭᠠᠷᠭᠠᠭᠰᠠᠨ ᠴᠦ | ᠠᠮᠤᠷ ᠲᠦᠪᠰᠢᠨ ᠢ ᠪᠦᠷᠢᠮᠤᠰᠤᠨ ᠪᠠᠳᠤᠯᠠᠬᠤ ᠳᠤ ᠭᠦᠴᠢᠷ ᠮᠦᠷᠳᠡᠭᠡᠨ ᠠᠮᠤᠷ ᠲᠦᠪᠰᠢᠨ ᠤ ᠪᠠᠷᠢᠮᠵᠢᠶ᠎ᠠ ᠦᠨᠳᠤᠷ | ᠪᠤᠯᠬᠤ ᠲᠤᠳᠤᠮ ᠭᠠᠷᠭᠠᠬᠤ ᠦᠷᠡᠭᠳᠡᠯ ᠨᠢ ᠴᠦ ᠲᠠᠳᠤᠢ ᠶᠡᠭᠡ ᠪᠠᠶᠢᠳᠠᠬ᠃ ᠵᠢᠱᠢᠶᠡᠯᠡᠪᠡᠯ᠂ ᠶᠠᠫᠤᠨ ᠤ ᠰᠤᠷᠭᠠᠭᠤᠯᠢ ᠶᠢᠨ | ᠬᠤᠭᠤᠯᠠᠨ ᠤ ᠲᠤᠳᠤᠷᠠᠬᠢ ᠤᠯᠠᠩᠬᠢ ᠨᠤᠭᠤᠭ᠎ᠠ ᠨᠢ ᠬᠠᠯᠠᠭᠤᠨ ᠪᠠᠶᠢᠬᠤ ᠶᠢ ᠱᠠᠭᠠᠷᠳᠠᠳᠠᠬ ᠦᠭᠡᠢ᠃ ᠭᠡᠳᠡᠯ᠎ᠠ | ᠲᠤᠮᠳᠠᠳᠤ ᠤᠯᠤᠰ ᠤᠨ ᠰᠤᠷᠭᠠᠭᠤᠯᠢ ᠶᠢᠨ ᠬᠤᠭᠤᠯᠠ ᠶᠢ ᠨᠢ ᠲᠤᠭᠳᠠᠭᠰᠠᠨ ᠴᠠᠭ ᠲᠤ ᠭᠦᠷᠭᠡᠭᠦ ᠮᠦᠷᠳᠡᠭᠡᠨ | 60℃ ᠤᠨ ᠬᠠᠯᠠᠭᠤᠨ ᠪᠠᠶᠢᠬᠤ ᠶᠢ ᠪᠠᠳᠤᠯᠠᠬᠤ ᠭᠡᠷᠡᠭᠳᠠᠢ ᠪᠠᠶᠢᠳᠠᠬ᠃ ᠡᠨᠡ ᠭᠷᠠᠳᠦ᠋ᠰ ᠨᠢ ᠪᠠᠺᠲ᠋ᠧᠷᠢ ᠶᠢᠨ | ᠪᠤᠶᠢᠵᠢᠬᠤ ᠶᠢ ᠰᠠᠷᠭᠡᠶᠢᠯᠡᠭᠦ ᠬᠠᠯᠠᠭᠤᠨ ᠪᠤᠯᠬᠤ ᠮᠦᠷᠳᠡᠭᠡᠨ ᠲᠤᠭᠳᠠᠭᠰᠠᠨ ᠴᠠᠭ ᠲᠤ ᠭᠦᠷᠭᠡᠳᠡᠭ ᠪᠤᠯᠬᠤᠷ ᠲᠠᠪᠬᠤᠷ | ᠪᠠᠳᠤᠯᠠᠭ᠎ᠠ ᠲᠠᠢ ᠪᠠᠶᠢᠳᠠᠬ᠃ ᠭᠡᠪᠡᠴᠤ ᠦᠷᠳᠡᠭ ᠤᠨ ᠬᠤᠪᠢ ᠳᠤ ᠲᠡᠭᠡᠭᠡᠪᠤᠷᠢ ᠶᠢᠨ ᠦᠪᠠᠷ ᠤᠨ ᠦᠷᠳᠡᠭ ᠨᠡᠮᠡᠭᠳᠠᠵᠤ᠂ | ᠨᠤᠭᠤᠭᠠᠨ ᠦᠡᠭᠭᠡᠳᠤ ᠨᠤᠭᠤᠭᠠᠨ ᠤ ᠦᠡᠭᠭᠡ ᠨᠢ ᠬᠤᠪᠢᠷᠠᠵᠤ ᠢᠳᠠᠭᠦ ᠳᠤ ᠴᠤ ᠠᠮᠳᠠ ᠦᠭᠡᠢ ᠪᠤᠯᠳᠠᠬ᠃ | ᠲᠤᠮᠳᠠᠳᠤ ᠤᠯᠤᠰ ᠲᠤ ᠢᠳᠡᠭᠡᠨ ᠤ ᠠᠮᠤᠷ ᠲᠦᠪᠰᠢᠨ ᠤ ᠠᠰᠠᠭᠤᠳᠠᠯ ᠳᠡᠭᠡᠷ᠎ᠠ ᠪᠦᠭᠦ ᠨᠠᠶᠢᠭᠡᠮ ᠢᠯᠠᠩᠭᠤᠶ᠎ᠠ | ᠭᠡᠷ ᠤᠨ ᠠᠬᠠᠮᠠᠳ ᠲᠤ ᠶᠡᠭᠡ ᠭᠡᠮᠵᠢᠶᠡᠨ ᠤ ᠪᠤᠷᠤᠭᠤ ᠲᠠᠨᠢᠯᠳᠠ ᠤᠷᠤᠰᠢᠵᠤ ᠪᠠᠶᠢᠨ᠎ᠠ᠃ ᠵᠢᠱᠢᠶᠡᠯᠡᠪᠡᠯ᠂ ᠵᠠᠷᠢᠮ | ᠭᠡᠷ ᠤᠨ ᠠᠬᠠᠮᠠᠳ ᠠᠮᠳᠠ ᠶᠢᠨ ᠤᠬᠢ ᠬᠢᠭᠦ ᠶᠢ ᠡᠰᠠᠷᠭᠦᠴᠠᠵᠤ ᠪᠠᠶᠢᠳᠠᠬ᠃ ᠲᠠᠳᠠᠨ ᠤ ᠦᠵᠠᠭᠦ ᠪᠠᠷ ᠢᠳᠡᠭᠡᠨ ᠳᠤ | ᠨᠠᠮᠠᠯᠳᠠ ᠵᠦᠢᠯ ᠬᠢᠭᠦ ᠦᠭᠡᠢ ᠪᠤᠯ ᠰᠠᠶᠢᠨ ᠭᠡᠵᠦ ᠪᠤᠳᠤᠳᠠᠬ᠃ ᠰᠤᠷᠭᠠᠭᠤᠯᠢ ᠠᠴᠠ ᠭᠡᠤᠭᠡᠳ ᠲᠤ ᠭᠦᠯᠳᠡᠭᠡᠭᠰᠡᠨ | ᠬᠠᠪᠢᠷᠭ᠎ᠠ ᠵᠡᠷᠭᠡ ᠭᠦᠯᠳᠡᠭᠡᠭᠰᠡᠨ ᠢᠳᠡᠭᠡᠨ ᠢᠳᠠᠭᠦᠯᠭᠦ ᠶᠢ ᠡᠰᠠᠷᠭᠦᠴᠠᠵᠤ ᠪᠠᠶᠢᠳᠠᠬ᠃ ᠭᠡᠷ ᠤᠨ ᠠᠬᠠᠮᠠᠳ ᠤᠨ ᠶᠠᠮᠠᠷ | ᠴᠦ ᠠᠶᠤᠯ ᠦᠭᠡᠢ ᠪᠠᠶᠢᠬᠤ ᠶᠢ ᠱᠠᠭᠠᠷᠳᠠᠬᠤ ᠮᠦᠷᠳᠡᠭᠡᠨ ᠪᠠᠰᠠ ᠢᠳᠡᠭᠡᠨ ᠤ ᠮᠠᠲ᠋ᠧᠷᠢᠶᠠᠯ ᠤᠨ ᠰᠢᠨ᠎ᠠ ᠰᠤᠷᠭᠤᠭ ᠪᠠ | ᠰᠢᠮ᠎ᠠ ᠲᠡᠵᠢᠭᠡᠯ ᠲᠠᠢ ᠪᠠᠶᠢᠬᠤ ᠶᠢ ᠱᠠᠭᠠᠷᠳᠠᠬᠤ ᠶᠢᠨ ᠬᠤᠭᠤᠷᠤᠨᠳᠤ ᠲᠤᠩ ᠶᠡᠭᠡ ᠵᠦᠷᠢᠴᠡᠯ ᠤᠷᠤᠰᠢᠵᠤ ᠪᠠᠶᠢᠨ᠎ᠠ᠃ | ᠬᠤᠶᠠᠷ᠂ ᠭᠡᠳᠤᠢ ᠦᠭᠪᠡᠯ ᠲᠠᠳᠤᠢ ᠢᠳᠠᠵᠤ ᠬᠤᠰᠤᠮ ᠢ ᠨᠢ ᠭᠦᠷᠳᠠᠯ᠎ᠠ ᠪᠦᠷᠢᠯᠭᠡᠭᠦ ᠦᠭᠡᠢ ᠪᠠᠶᠢᠳᠠᠬ | 15% ᠶᠢᠨ ᠲᠤᠳᠤᠷᠭᠠᠨ ᠪᠤᠳᠠᠭ᠎ᠠ ᠶᠢᠨ ᠳᠡᠭᠡᠷ᠎ᠡ ᠶᠠᠫᠤᠨ ᠮᠠᠶ᠋ᠢᠬ ᠤᠨ ᠳ᠋ᠧᠫᠦ᠋ ᠬᠠᠭᠤᠷᠤᠭᠰᠠᠨ ᠴᠠᠭᠠᠨ | ᠨᠤᠭᠤᠭ᠎ᠠ᠂ ᠵᠢᠵᠢᠭ ᠵᠢᠭᠠᠰᠤᠨ ᠬᠠᠳᠠᠭᠠᠮᠠᠯ᠂ ᠰᠦ ᠨᠡᠮᠡᠭᠰᠡᠨ ᠬᠤᠭᠤᠯᠠ ᠪᠤᠯ ᠶᠠᠫᠤᠨ ᠤ ᠲᠠᠪᠤ ᠵᠢᠷᠭᠤᠳᠤᠭᠠᠷ ᠤᠨ ᠤ | ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠦᠳᠠ ᠶᠢᠨ ᠬᠤᠭᠤᠯᠠ ᠪᠤᠯᠤᠨ᠎ᠠ᠃ ᠬᠤᠭᠤᠯᠠ ᠲᠤᠬᠢᠷᠠᠭᠤᠯᠬᠤ | ᠲᠦᠪ ᠤᠨ ᠲᠠᠨᠢᠯᠴᠠᠭᠤᠯᠬᠤ ᠪᠠᠷ ᠡᠨᠡ ᠪᠤᠯ ᠵᠠᠰᠠᠭ ᠤᠨ ᠭᠠᠵᠠᠷ ᠤᠨ ᠨᠢᠭᠡᠳᠤᠯᠳᠠᠢ ᠲᠤᠭᠳᠠᠭᠠᠯ ᠢ ᠵᠢᠷᠤᠮᠯᠡᠨ | ᠢᠯᠴᠢ ᠶᠢᠨ ᠭᠡᠮᠵᠢᠶ᠎ᠠ ᠪᠠ ᠭᠤᠤᠯ ᠪᠤᠯᠬᠤ ᠰᠢᠮ᠎ᠠ ᠲᠡᠵᠢᠭᠡᠯ ᠤᠨ ᠪᠦᠷᠢᠯᠳᠤᠭᠦᠨ ᠢ ᠦᠨᠳᠤᠰᠤᠯᠠᠨ ᠲᠤᠬᠢᠷᠠᠭᠤᠯᠤᠭᠰᠠᠨ | ᠶᠤᠮ ᠭᠡᠵᠦ ᠪᠠᠶᠢᠪᠠ᠃ | ᠪᠢ ᠡᠳᠡᠭᠡᠷ ᠵᠢᠷᠤᠭ ᠢ ᠸᠢᠴᠠᠲ ᠳᠡᠭᠡᠷ ᠲᠠᠯᠪᠢᠭᠰᠠᠨ ᠳᠤ ᠰᠦᠯᠵᠢᠶᠡᠨ ᠤ ᠨᠠᠶᠢᠵᠠᠰ ᠤᠨ ︽ᠬᠤᠱᠤᠩᠨᠠᠯ︾ ᠢ | ᠲᠡᠭᠳᠡᠭᠡᠪᠡ᠃ ᠲᠠᠳᠠᠨᠤᠰ᠄ ︽ᠦᠵᠡᠭᠦ ᠰᠠᠷᠠᠯ ᠠᠴᠠ ᠠᠪᠴᠤ ᠭᠡᠯᠡᠪᠡᠯ ᠭᠡᠷᠪᠡ ᠤᠯᠤᠰ ᠤᠨ ᠲᠤᠳᠤᠭᠠᠳᠤ ᠳᠤ ᠡᠶᠢᠮᠦ | ᠬᠤᠭᠤᠯᠠ ᠶᠢ ᠲᠤᠬᠢᠷᠠᠭᠤᠯᠪᠠᠯ ᠯᠠᠪᠳᠠᠢ ᠭᠡᠷ ᠤᠨ ᠠᠬᠠᠮᠠᠳ ᠤᠨ ᠰᠢᠭᠦᠮᠵᠢᠯᠡᠯ ᠢ ᠭᠦᠷᠳᠠᠭᠦ ᠯᠡ ᠪᠤᠯᠤᠨ᠎ᠠ︾ ᠭᠡᠵᠦ | ᠭᠡᠯᠡᠵᠤ ᠪᠠᠶᠢᠪᠠ᠃ ᠵᠠᠷᠢᠮ ᠰᠦᠯᠵᠢᠶᠡᠨ ᠤ ᠨᠠᠶᠢᠵᠠ ᠪᠠᠰᠠ ᠮᠢᠬ᠎ᠠ ᠨᠤᠭᠤᠭ᠎ᠠ ᠨᠢ ᠪᠠᠭ᠎ᠠ ᠪᠤᠯᠬᠤᠷ ᠦᠵᠠᠭᠦ ᠳᠤ | ᠮᠠᠭᠤᠬᠠᠢ ᠮᠦᠷᠳᠡᠭᠡᠨ ᠠᠮᠳᠠ ᠦᠭᠡᠢ ᠭᠡᠵᠦ ᠪᠠᠶᠢᠪᠠ᠃ ᠡᠳᠡᠭᠡᠷ ᠨᠤᠭᠤᠭ᠎ᠠ ᠪᠤᠳᠠᠭ᠎ᠠ ᠦᠨᠡᠭᠡᠷ ᠠᠮᠳᠠ ᠪᠠᠷ ᠠᠨᠠᠢ | ᠪᠤᠯᠪᠠᠴᠤ ᠠᠷᠠᠢ ᠮᠠᠭᠤᠬᠠᠢ ᠪᠢᠰᠢ ᠶᠤᠮ᠃ ᠪᠢᠳᠠ ᠡᠨᠡ ᠭᠦ ᠬᠤᠭᠤᠯᠠ ᠶᠢ ᠢᠳᠡᠭᠰᠡᠨ ᠤ ᠲᠠᠷᠠᠭ᠎ᠠ ᠪᠦᠭᠦᠢ ᠯᠡ | ᠦᠳᠠ ᠶᠢᠨ ᠬᠤᠶᠢᠰᠢ ᠦᠯᠦᠰᠦᠭᠰᠡᠨ ᠦᠭᠡᠢ᠃ | ᠡᠭᠦᠨ ᠠᠴᠠ ᠡᠮᠦᠨ᠎ᠠ ᠪᠢ ᠱᠧᠨᠵᠧᠨ ᠤ ᠨᠢᠭᠡ ᠬᠤᠭᠤᠯᠠ ᠭᠦᠷᠭᠡᠭᠦ ᠺᠤᠮᠫᠠᠨᠢ ᠶᠢᠨ ᠬᠠᠨᠭ᠍ᠭᠠᠭᠰᠠᠨ | ᠰᠤᠷᠭᠠᠭᠤᠯᠢ ᠶᠢᠨ ᠦᠳᠠ ᠶᠢᠨ ᠬᠤᠭᠤᠯᠠᠨ ᠳᠤ ᠮᠢᠬ᠎ᠠ᠂ ᠦᠨᠳᠡᠭᠡ᠂ ᠨᠤᠭᠤᠭ᠎ᠠ᠂ ᠪᠤᠳᠠᠭ᠎ᠠ ᠪᠦᠷ ᠡᠯᠪᠡᠭ | ᠪᠠᠶᠢᠪᠠ᠃ ᠡᠶᠢᠮᠦ ᠬᠤᠭᠤᠯᠠ ᠶᠢ ᠪᠢ ᠴᠦ ᠢᠳᠠᠵᠤ ᠪᠠᠷᠠᠬᠤ ᠦᠭᠡᠢ ᠶᠤᠮ ᠴᠢᠨᠢ ᠭᠡᠤᠭᠡᠳ ᠭᠡᠷᠬᠢᠨ ᠢᠳᠠᠵᠤ ᠪᠠᠷᠠᠬᠤ | ᠪᠤᠢ︖ ᠡᠶᠢᠮᠦ ᠬᠤᠭᠤᠯᠠ ᠵᠦᠪᠭᠡᠨ ᠬᠤᠶᠠᠷ ᠵᠦᠢᠯ ᠤᠨ ᠦᠷ᠎ᠠ ᠳ᠋ᠦᠩ ᠳᠤ ᠭᠦᠷᠤᠨ᠎ᠠ᠄ ᠨᠢᠭᠡ ᠨᠢ ᠭᠡᠤᠭᠡᠳ | ᠢᠳᠡᠭᠡᠳ ᠪᠠᠷᠠᠴᠢᠬᠠᠪᠠᠯ ᠢᠯᠴᠢ ᠶᠢᠨ ᠭᠡᠮᠵᠢᠶ᠎ᠠ ᠨᠢ ᠪᠠᠷᠢᠮᠵᠢᠶ᠎ᠠ ᠠᠴᠠ ᠬᠤᠯᠠ ᠲᠠᠪᠠᠵᠤ᠂ ᠪᠢᠴᠢᠬᠠᠨ ᠮᠠᠷᠢᠶᠠᠴᠤᠳ ᠪᠤᠢ | ᠪᠤᠯᠤᠨ᠎ᠠ᠃ ᠨᠦᠭᠦᠭᠡ ᠨᠢ ᠭᠡᠤᠭᠡᠳ ᠲᠤᠷᠠᠳᠠᠢ ᠪᠠᠨ ᠢᠳᠠᠵᠤ ᠦᠯᠠᠳᠡᠭᠰᠡᠨ ᠢ ᠨᠢ ᠬᠠᠶᠠᠬᠤ ᠪᠤᠯᠬᠤᠷ ᠰᠢᠮ᠎ᠠ | ᠲᠡᠵᠢᠭᠡᠯ ᠤᠨ ᠲᠤᠬᠢᠷᠠᠭᠤᠯᠤᠯᠳᠠ ᠨᠢ ᠶᠠᠮᠠᠷ ᠴᠦ ᠤᠳᠬ᠎ᠠ ᠠᠭᠤᠯᠭ᠎ᠠ ᠦᠭᠡᠢ ᠪᠤᠯᠴᠢᠬᠠᠨ᠎ᠠ᠃ | ᠭᠡᠪᠡᠴᠤ ᠲᠤᠮᠳᠠᠳᠤ ᠤᠯᠤᠰ ᠤᠨ ᠭᠡᠷ ᠤᠨ ᠠᠬᠠᠮᠠᠳ ᠡᠯᠪᠡᠭ ᠲᠡᠯᠪᠡᠭ ᠭᠤᠶᠤ ᠬᠤᠭᠤᠯᠠᠨ ᠳᠤ ᠲᠤᠷᠠᠳᠠᠢ | ᠪᠠᠶᠢᠳᠠᠬ᠃ ᠮᠢᠨᠦ ᠸᠢᠴᠠᠲ ᠲᠡᠭᠡᠷ᠎ᠡ ᠨᠠᠶᠢᠳᠡᠯᠡᠭᠰᠡᠨ ᠶᠠᠫᠤᠨ ᠤ ᠭᠡᠤᠭᠡᠳ ᠤᠨ ᠴᠡᠴᠡᠷᠯᠢᠭ ᠤᠨ ᠪᠠᠭ᠎ᠠ ᠭᠡᠮᠵᠢᠶᠡᠨ ᠤ | ᠪᠤᠳᠠᠭ᠎ᠠ ᠲᠠᠢ ᠱᠦᠯᠦ ᠪᠠ ᠵᠢᠮᠢᠰ ᠢᠶᠠᠷ ᠭᠤᠤᠯᠯᠠᠭᠰᠠᠨ ᠭᠡᠤᠭᠡᠳ ᠤᠨ ᠬᠤᠭᠤᠯᠠᠨ ᠤ ᠵᠢᠷᠤᠭ ᠢ ᠦᠵᠡᠭᠡᠳ ᠨᠢᠭᠡ | ᠰᠦᠯᠵᠢᠶᠠᠨ ᠤ ᠨᠠᠶᠢᠵᠠ ᠨᠠᠳᠠ ᠳᠤ᠄ ︽ᠭᠡᠨ ᠭᠡᠷᠪᠡ ᠮᠢᠨᠦ ᠭᠡᠤᠭᠡᠳ ᠲᠤ ᠡᠶᠢᠮᠦ ᠬᠤᠭᠤᠯᠠ ᠢᠳᠡᠭᠦᠯᠪᠡᠯ ᠪᠢ | ᠲᠤᠤᠷ᠎ᠠ ᠪᠠᠨ ᠰᠤᠷᠭᠠᠭᠤᠯᠢ ᠰᠢᠯᠵᠢᠭᠦᠯᠦᠨ᠎ᠠ︾ ᠭᠡᠵᠦ ᠭᠡᠯᠡᠵᠦ ᠪᠠᠶᠢᠯ᠎ᠠ᠃ | ᠡᠶᠢᠮᠦ ᠪᠠᠶᠢᠳᠠᠯ ᠳᠤ ᠪᠢ ᠲᠠᠷᠠ ᠵᠠᠬᠢᠷᠤᠯ ᠠᠴᠠ ᠡᠶᠢᠮᠦ ᠪᠤᠳᠠᠭ᠎ᠠ ᠬᠤᠭᠤᠯᠠᠨ ᠳᠤ ᠭᠡᠷ ᠤᠨ ᠠᠬᠠᠮᠠᠳ | ᠰᠠᠨᠠᠯ ᠲᠠᠢ ᠪᠠᠶᠢᠳᠠᠬ ᠤᠤ ᠭᠡᠰᠡᠨ ᠳᠤ ᠵᠠᠬᠢᠷᠤᠯ ᠨᠠᠳᠠ ᠳᠤ᠄ ᠪᠤᠳᠠᠭ᠎ᠠ ᠬᠤᠭᠤᠯᠠᠨ ᠤ ᠭᠡᠮᠵᠢᠶ᠎ᠠ ᠶᠢ ᠵᠠᠰᠠᠭ ᠤᠨ | ᠭᠠᠵᠠᠷ ᠤᠨ ᠲᠤᠭᠳᠠᠭᠠᠭᠰᠠᠨ ᠰᠢᠮ᠎ᠠ ᠲᠡᠵᠢᠭᠡᠯ ᠤᠨ ᠵᠢᠭᠠᠯᠳᠠ ᠶᠢ ᠦᠨᠳᠤᠰᠤᠯᠠᠨ ᠰᠢᠮ᠎ᠠ ᠲᠡᠵᠢᠭᠡᠯ | ᠲᠤᠬᠢᠷᠠᠭᠤᠯᠤᠭᠴᠢ ᠠᠴᠠ ᠢᠯᠴᠢ ᠶᠢᠨ ᠭᠡᠮᠵᠢᠶ᠎ᠠ᠂ ᠤᠭᠤᠷᠠᠬ᠂ ᠦᠭᠡᠭᠦ᠂ ᠨᠠᠭᠦᠷᠠᠰᠤ ᠤᠰᠤᠨ ᠤ ᠨᠢᠭᠡᠳᠪᠤᠷᠢ᠂ | ᠪᠢᠴᠢᠯ ᠡᠯᠧᠮᠧᠨ᠋ᠲ ᠢ ᠪᠤᠳᠤᠯᠬᠢᠯᠠᠨ ᠲᠦᠰᠦᠪᠯᠡᠭᠰᠡᠨ ᠪᠤᠯᠬᠤᠷ ᠭᠡᠷ ᠤᠨ ᠠᠬᠠᠮᠠᠳ ᠤᠢᠢᠯᠠᠭᠠᠬᠤ ᠮᠦᠷᠳᠡᠭᠡᠨ ᠭᠦᠯᠢᠶᠡᠨ | ᠠᠪᠳᠠᠬ ᠭᠡᠵᠦ ᠭᠡᠯᠡᠪᠡ᠃ | ᠵᠠᠬᠢᠷᠤᠯ ᠢ ᠪᠠᠭᠳᠠᠭᠠᠭᠰᠠᠨ ᠪᠦᠭᠦ ᠰᠤᠷᠭᠠᠭᠤᠯᠢ ᠶᠢᠨ ᠪᠠᠭᠰᠢ ᠬᠢᠭᠡᠳ ᠡᠯ᠎ᠠ ᠤᠨ ᠤ ᠭᠡᠤᠭᠡᠳ ᠪᠦᠷ ᠡᠶᠢᠮᠦ | ᠬᠤᠭᠤᠯᠠ ᠶᠢ ᠢᠳᠠᠵᠤ ᠪᠠᠶᠢᠨ᠎ᠠ᠃ ᠭᠡᠪᠡᠴᠤ ᠠᠳᠠᠯᠢ ᠪᠤᠰᠤ ᠤᠨ ᠤ ᠬᠤᠭᠤᠯᠠᠨ ᠤ ᠭᠡᠮᠵᠢᠶ᠎ᠠ ᠨᠢ ᠵᠤᠬᠢᠬᠤ | ᠵᠦᠷᠢᠶ᠎ᠠ ᠲᠠᠢ ᠪᠠᠶᠢᠵᠤ ᠲᠤᠤᠷ᠎ᠠ ᠤᠨ ᠤ ᠭᠡᠤᠭᠡᠳ ᠤᠨ ᠬᠤᠭᠤᠯᠠᠨ ᠤ ᠭᠡᠮᠵᠢᠶ᠎ᠠ ᠨᠢ ᠪᠠᠭ᠎ᠠ ᠪᠠᠶᠢᠨ᠎ᠠ᠃ ᠭᠡᠪᠡᠴᠤ | ᠪᠦᠭᠦᠨ ᠢ ᠦᠯᠡᠳᠡᠭᠡᠯ ᠦᠭᠡᠢ ᠢᠳᠠᠵᠤ ᠲᠠᠭᠤᠰᠬᠠᠳᠠᠬ ᠪᠠᠶᠢᠨ᠎ᠠ᠃ | ᠬᠤᠭᠤᠯᠠᠨ ᠭᠡᠷ ᠤᠨ ᠰᠢᠷᠡᠭᠡᠨ ᠳᠡᠭᠡᠷ᠎ᠠ ᠨᠢ ᠪᠦᠷ ᠨᠠᠷᠠ ᠶᠢᠨ ᠫᠠᠶᠢᠰᠠ ᠲᠠᠢ ᠪᠤᠯᠬᠤᠷ ᠭᠡᠤᠭᠡᠳ ᠤᠳ | ᠦᠪᠠᠷ ᠤᠨ ᠨᠠᠷᠠ ᠪᠠᠷ ᠤᠷᠤ ᠪᠠᠨ ᠤᠯᠵᠤ ᠰᠠᠭᠤᠨ᠎ᠠ᠃ ᠨᠠᠷᠠ ᠶᠢᠨ ᠲᠤᠤᠷ᠎ᠠ ᠨᠢ ᠪᠠᠰᠠ ᠲᠠᠮᠳᠡᠭ ᠲᠠᠢ᠃ ᠭᠡᠷᠪᠠ | ᠤᠯᠠᠭᠠᠨ ᠴᠡᠭ ᠪᠠᠶᠢᠪᠠᠯ ᠬᠤᠭᠤᠯᠠᠨ ᠤ ᠭᠡᠮᠵᠢᠶ᠎ᠠ ᠨᠢ ᠪᠠᠭ᠎ᠠ ᠭᠡᠳᠡᠭ ᠢ ᠢᠯᠠᠳᠭᠡᠨᠠ᠂ ᠲᠡᠭᠡᠪᠡᠯ ᠵᠢᠵᠢᠭᠦᠷ ᠰᠤᠷᠤᠭᠴᠢ | ᠲᠡᠭᠦᠨ ᠳᠤ ᠪᠠᠭ᠎ᠠ ᠰᠢᠬ ᠬᠤᠭᠤᠯᠠ ᠦᠭᠭᠦᠨ᠎ᠠ᠃ ᠭᠡᠷᠪᠠ ᠨᠤᠭᠤᠭᠠᠨ ᠴᠡᠭ ᠪᠠᠶᠢᠪᠠᠯ ᠬᠤᠭᠤᠯᠠᠨ ᠤ ᠭᠡᠮᠵᠢᠶ᠎ᠠ ᠨᠢ | ᠶᠡᠭᠡ ᠭᠡᠳᠡᠭ ᠢ ᠢᠯᠠᠳᠭᠡᠭᠦ ᠲᠤᠯᠠ ᠵᠢᠵᠢᠭᠦᠷ ᠰᠤᠷᠤᠭᠴᠢ ᠢᠯᠠᠭᠦᠦ ᠰᠢᠭ ᠬᠤᠭᠤᠯᠠ ᠦᠭᠭᠦᠨ᠎ᠡ᠃ ᠭᠡᠷᠪᠡ | ᠢᠳᠡᠭᠡᠨ ᠳᠤ ᠬᠠᠷᠰᠢᠳᠠᠬ ᠪᠤᠯ ᠠᠰ ᠲᠤ ᠨᠢ ᠬᠤᠭᠤᠯᠠ ᠪᠠᠯᠠᠳᠭᠡᠨ ᠦᠭᠭᠦᠨ᠎ᠠ᠃ | ᠶᠠᠫᠤᠨ ᠤ ᠭᠡᠤᠭᠡᠳ ᠬᠠᠷᠠᠬᠠᠨ ᠪᠠᠭ᠎ᠠ ᠠᠴᠠ ᠪᠠᠨ ᠰᠤᠷᠭᠠᠨ ᠭᠦᠮᠦᠵᠢᠯ ᠭᠦᠷᠳᠡᠭᠰᠡᠨ ᠪᠤᠯᠬᠤᠷ ᠭᠡᠳᠤᠢ ᠢᠳᠡᠳᠡᠭ | ᠪᠤᠯ ᠲᠠᠳᠤᠢ ᠪᠠᠨ ᠯᠠ ᠠᠪᠳᠠᠬ᠃ ᠠᠪᠤᠭᠰᠠᠨ ᠢᠳᠡᠭᠡᠨ ᠢᠶᠠᠨ ᠢᠳᠠᠵᠤ ᠪᠠᠷᠠᠬᠤ ᠦᠭᠡᠢ ᠶᠠᠪᠤᠳᠠᠯ ᠪᠤᠯ ᠲᠤᠩ ᠨᠢᠭᠤᠷ | ᠪᠠᠷᠠᠭᠰᠠᠨ ᠤᠴᠢᠷ ᠪᠤᠯᠬᠤᠷ ᠬᠤᠭᠤᠯᠠ ᠢᠳᠠᠭᠦ ᠠᠴᠠ ᠡᠮᠦᠨ᠎ᠠ ᠠᠩᠬᠢ ᠶᠢᠨ ᠪᠠᠭᠰᠢ ᠨᠢ ᠭᠡᠤᠭᠡᠳ ᠤᠨ | ᠱᠠᠭᠠᠷᠳᠠᠯᠭ᠎ᠠ ᠶᠢ ᠦᠨᠳᠤᠰᠤᠯᠠᠨ ᠵᠤᠬᠢᠬᠤ ᠲᠤᠬᠢᠷᠠᠭᠤᠯᠤᠯᠳᠠ ᠬᠢᠳᠡᠭ᠃ ᠵᠢᠱᠢᠶᠡᠯᠡᠪᠡᠯ᠂ ᠢᠳᠠᠵᠤ ᠪᠠᠷᠠᠬᠤ ᠦᠭᠡᠢ | ᠭᠡᠤᠭᠡᠳ ᠤᠨ ᠬᠤᠭᠤᠯᠠ ᠶᠢ ᠨᠢ ᠢᠳᠠᠵᠤ ᠭᠦᠷᠭᠦ ᠦᠭᠡᠢ ᠭᠡᠤᠭᠡᠳ ᠲᠤ ᠬᠤᠪᠢᠶᠠᠵᠤ ᠦᠭᠭᠦ ᠵᠡᠷᠭᠡ ᠪᠤᠯᠤᠨ᠎ᠠ᠃ | ᠬᠤᠭᠤᠯᠠ ᠲᠤᠬᠢᠷᠠᠭᠤᠯᠬᠤ ᠺᠤᠮᠫᠠᠨᠢ ᠶᠢᠨ ᠰᠤᠷᠭᠠᠭᠤᠯᠢ ᠳᠤ ᠭᠦᠷᠭᠡᠭᠦ ᠬᠤᠭᠤᠯᠠ ᠨᠢ ᠴᠤ ᠲᠤᠰ ᠡᠳᠦᠷ ᠤᠨ | ᠰᠤᠷᠭᠠᠭᠤᠯᠢ ᠳᠤ ᠢᠷᠡᠭᠰᠡᠨ ᠭᠡᠤᠭᠡᠳ ᠤᠨ ᠲᠤᠭ᠎ᠠ ᠪᠠᠷ ᠪᠠᠯᠠᠳᠭᠡᠳᠡᠭ ᠪᠤᠯᠬᠤᠷ ᠪᠤᠢ ᠪᠦᠭᠦᠢ ᠢᠳᠡᠭᠡᠨ ᠢ ᠬᠤᠪᠢᠶᠠᠵᠤ | ᠪᠠᠷᠠᠳᠠᠬ ᠪᠦᠭᠡᠳ ᠲᠤᠭᠤᠭᠠᠨ ᠢᠷᠤᠭᠠᠷ ᠲᠠᠬᠢ ᠬᠤᠰᠤᠮ ᠢ ᠨᠢ ᠭᠦᠷᠳᠠᠯ᠎ᠠ ᠪᠦᠷᠢᠯᠭᠡᠳᠡᠭ ᠦᠭᠡᠢ ᠪᠠᠶᠢᠨ᠎ᠠ᠃ ᠬᠠᠮᠳᠤ | ᠶᠠᠪᠤᠭᠰᠠᠨ ᠲᠤᠮᠳᠠᠳᠤ ᠶᠢᠨ ᠰᠤᠷᠭᠠᠭᠤᠯᠢ ᠶᠢᠨ ᠬᠤᠭᠤᠯᠠ ᠲᠤᠬᠢᠷᠠᠭᠤᠯᠬᠤ ᠺᠤᠮᠫᠠᠨᠢ ᠶᠢᠨ ᠵᠠᠬᠢᠷᠤᠯ ᠬᠤᠰᠤᠮ ᠲᠠᠢ | ᠪᠤᠳᠠᠭ᠎ᠠ ᠶᠢ ᠦᠵᠡᠭᠡᠳ᠄ ︽ᠭᠡᠷᠪᠡ ᠲᠤᠮᠳᠠᠳᠤ ᠤᠯᠤᠰ ᠲᠤ ᠢᠢᠮᠦ ᠬᠤᠭᠤᠯᠠ ᠶᠢ ᠰᠤᠷᠤᠭᠴᠢ ᠳᠤ ᠭᠦᠷᠭᠡᠭᠦ ᠳᠤ | ᠭᠦᠷᠪᠡᠯ ᠪᠢᠳᠠ ᠪᠠᠰᠠ ᠯᠠ ᠰᠢᠳᠭᠡᠭᠳᠡᠭᠦ ᠳᠤ ᠭᠦᠷᠤᠨ᠎ᠠ︾ ᠭᠡᠵᠦ ᠪᠠᠶᠢᠯ᠎ᠠ᠃ | ᠭᠤᠷᠪᠠ᠂ ᠲᠤᠮᠳᠠᠳᠤ ᠤᠯᠤᠰ ᠤᠨ ᠢᠳᠡᠭᠡᠨ ᠤᠮᠳᠠᠭᠠᠨ ᠤ ᠰᠤᠷᠭᠠᠨ ᠭᠦᠮᠦᠵᠢᠯ ᠢ ᠬᠢᠭᠦ ᠳᠤ ᠭᠡᠳᠤᠨ | ᠦᠶ᠎ᠠ ᠶᠢᠨ ᠭᠦᠮᠦᠨ ᠤᠷᠤᠯᠴᠠᠨ᠎ᠠ | ᠢᠳᠡᠭᠡᠨ ᠤ ᠲᠤᠰ ᠪᠠᠶ᠎ᠠ ᠠᠴᠠ ᠨᠢ ᠠᠪᠴᠤ ᠭᠡᠯᠡᠪᠡᠯ ᠶᠠᠫᠤᠨ ᠤ ᠰᠤᠷᠭᠠᠭᠤᠯᠢ ᠶᠢᠨ ᠬᠤᠭᠤᠯᠠ ᠤᠮᠳᠠᠭᠠᠨ ᠢ | ᠮᠠᠭᠳᠠᠮᠠᠷ ᠶᠠᠭᠤᠮ᠎ᠠ ᠪᠠᠶᠢᠬᠤ ᠦᠭᠡᠢ᠃ ᠭᠡᠪᠡᠴᠤ ᠲᠠᠳᠠᠨ ᠤ ᠢᠳᠡᠭᠡᠨ ᠤᠮᠳᠠᠭᠠᠨ ᠢ ᠭᠦᠨᠳᠤᠳᠭᠡᠭᠦ᠂ ᠭᠦᠳᠠᠯᠮᠤᠷᠢ ᠳᠤ | ᠤᠷᠤᠯᠴᠠᠬᠤ ᠵᠢᠴᠢ ᠰᠠᠶᠢᠨ ᠰᠠᠶᠢᠬᠠᠨ ᠢᠳᠡᠵᠤ ᠤᠤᠭᠤᠬᠤ ᠵᠠᠩ ᠲᠠᠳᠬᠠᠯ ᠢ ᠨᠢ ᠪᠢᠳᠠ ᠰᠤᠷᠤᠯᠴᠠᠬᠤ ᠶᠤᠰᠤᠳᠠᠢ᠃ | ᠶᠠᠫᠤᠨ ᠤ ᠢᠳᠡᠭᠡᠨ ᠤᠮᠳᠠᠭᠠᠨ ᠤ ᠰᠤᠷᠭᠠᠨ ᠭᠦᠮᠦᠵᠢᠯ 2005 ᠤᠨ ᠠᠴᠠ ᠡᠬᠢᠯᠡᠵᠡᠢ᠃ ᠤᠯᠤᠰ ᠠᠴᠠ | ᠭᠡᠤᠭᠡᠳ ᠲᠤ ᠢᠳᠠᠭᠡᠨ ᠤᠮᠳᠠᠭᠠᠨ ᠤ ᠰᠤᠷᠭᠠᠨ ᠭᠦᠮᠦᠵᠢᠯ ᠤᠨ ᠬᠠᠤᠯᠢ ᠲᠤᠭᠳᠠᠭᠠᠵᠤ ᠭᠡᠤᠭᠡᠳ ᠲᠤ ᠢᠳᠡᠭᠡᠨ | ᠤᠮᠳᠠᠭᠠᠨ ᠢ ᠤᠢᠢᠯᠠᠭᠠᠬᠤ᠂ ᠢᠳᠡᠭᠡᠨ ᠤᠮᠳᠠᠭᠠᠨ ᠢ ᠬᠠᠶᠢᠷᠠᠯᠠᠬᠤ᠂ ᠪᠦᠷᠢᠯᠭᠡᠨ ᠰᠦᠢᠳᠭᠡᠭᠦ ᠶᠢ ᠡᠰᠠᠷᠭᠦᠴᠡᠭᠦ ᠵᠢᠴᠢ | ᠭᠦᠳᠠᠯᠮᠤᠷᠢ ᠳᠤ ᠤᠷᠤᠯᠴᠠᠬᠤ᠂ ᠢᠳᠡᠭᠡᠨ ᠤᠮᠳᠠᠭᠠᠨ ᠢ ᠬᠢᠵᠤ ᠦᠢᠯᠠᠳᠭᠦ ᠪᠠ ᠢᠳᠡᠭᠡᠨ ᠤᠮᠳᠠᠭᠠᠨ ᠳᠤ ᠲᠠᠯᠠᠷᠬᠠᠬᠤ | ᠭᠦᠮᠦᠵᠢᠯ ᠢ ᠤᠯᠭᠤᠳᠠᠬ᠃ ᠡᠳᠤᠷ ᠪᠦᠷᠢ ᠬᠤᠭᠤᠯᠠᠯᠠᠬᠤ ᠠᠴᠠ ᠡᠮᠦᠨ᠎ᠠ ᠲᠡᠭᠡᠳᠤ ᠠᠩᠬᠢ ᠶᠢᠨ ᠨᠢᠭᠡ ᠰᠤᠷᠤᠭᠴᠢ | ᠤᠴᠢᠵᠤ ᠦᠨᠦᠳᠤᠷ ᠤᠨ ᠬᠤᠭᠤᠯᠠ ᠶᠢ ᠲᠠᠨᠢᠯᠴᠠᠭᠤᠯᠵᠤ᠂ ᠢᠳᠡᠭᠡᠨ ᠤᠮᠳᠠᠭᠠᠨ ᠳᠤ ᠲᠠᠯᠠᠷᠬᠠᠭᠰᠠᠨ ᠤ ᠬᠤᠶᠢᠨ᠎ᠠ | ᠰᠠᠶ᠋ᠢ ᠡᠬᠢᠯᠡᠵᠦ ᠬᠤᠭᠤᠯᠠᠯᠠᠳᠠᠬ᠃ | 340 ᠰᠤᠷᠤᠭᠴᠢ ᠲᠠᠢ ᠰᠤᠷᠭᠠᠭᠤᠯᠢ ᠶᠢᠨ ᠬᠤᠭᠤᠯᠠᠨ ᠭᠡᠷ ᠲᠤ ᠨᠢᠭᠡᠨ ᠠᠨᠢᠶ᠎ᠠ ᠰᠤᠷᠤᠭᠴᠢᠳ ᠢ | ᠬᠠᠷᠢᠭᠤᠴᠠᠨ ᠵᠢᠯᠤᠭᠤᠳᠳᠠᠬ᠃ ᠬᠤᠭᠤᠯᠠ ᠭᠦᠷᠭᠡᠭᠦ ᠺᠤᠮᠫᠠᠨᠢ ᠢᠳᠡᠭᠡᠨ ᠢ ᠬᠤᠭᠤᠯᠠᠨ ᠲᠠᠩᠬᠢᠮ ᠳᠤ ᠭᠦᠷᠭᠡᠭᠦ ᠶᠢ | ᠬᠠᠷᠢᠭᠤᠴᠠᠵᠤ᠂ ᠵᠢᠵᠢᠭᠦᠷ ᠰᠤᠷᠤᠭᠴᠢ ᠰᠢᠷᠡᠭᠡ ᠵᠦᠯᠭᠦᠭᠦ᠂ ᠠᠶᠠᠭ᠎ᠠ ᠫᠢᠯᠠ ᠲᠠᠯᠪᠢᠬᠤ ᠶᠢ | ᠬᠠᠷᠢᠭᠤᠴᠠᠨ᠎ᠠ᠃ ᠬᠤᠭᠤᠯᠠᠯᠠᠬᠤ ᠠᠴᠠ ᠡᠮᠦᠨ᠎ᠡ ᠵᠢᠵᠢᠭᠦᠷ ᠰᠤᠷᠤᠭᠴᠢ ᠠᠵᠢᠯ ᠤᠨ ᠬᠤᠪᠴᠠᠰᠤ ᠪᠠᠨ ᠡᠮᠦᠰᠴᠤ ᠪᠤᠳᠠᠭ᠎ᠠ | ᠨᠤᠭᠤᠭ᠎ᠠ ᠬᠤᠪᠢᠶᠠᠬᠤ ᠠᠵᠢᠯ ᠢ ᠬᠠᠷᠢᠭᠤᠴᠠᠨ᠎ᠠ᠃ ᠢᠳᠡᠵᠤ ᠪᠠᠷᠠᠭᠰᠠᠨ ᠤ ᠳᠠᠷᠠᠭ᠎ᠠ ᠪᠠᠰᠠ ᠰᠢᠷᠡᠭᠡ ᠰᠠᠨᠳᠠᠯᠢ᠂ | ᠱᠠᠯᠠ ᠶᠢ ᠴᠠᠪᠠᠷᠯᠡᠨ ᠤᠬᠢᠶᠠᠵᠤ᠂ ᠰᠠᠨᠳᠠᠯᠢ ᠶᠢ ᠵᠡᠷᠭᠡᠯᠡᠨ ᠲᠠᠯᠪᠢᠨ᠎ᠠ᠃ ᠭᠡᠤᠭᠡᠳ ᠤᠳ ᠱᠠᠯᠠᠨ ᠳᠡᠭᠡᠷ᠎ᠠ ᠰᠦᠭᠦᠳᠤᠨ | ᠰᠠᠭᠤᠵᠤ ᠭᠠᠵᠠᠷ ᠢᠶᠠᠨ ᠬᠢᠯᠠᠯᠵᠠᠳᠠᠯ᠎ᠠ ᠵᠦᠯᠭᠦᠨᠠ᠃ ᠪᠤᠢ ᠪᠦᠭᠦᠢ ᠠᠵᠢᠯ ᠢ ᠭᠡᠤᠭᠡᠳ ᠤᠳ ᠪᠦᠷ ᠦᠪᠠᠷᠳᠡᠭᠡᠨ | ᠪᠠᠶᠠᠯᠠᠭᠦᠯᠦᠨ᠎ᠠ᠃ ᠲᠠᠳᠠᠨ ᠤ ᠦᠵᠠᠭᠦ ᠪᠠᠷ ᠭᠦᠳᠠᠯᠮᠤᠷᠢ ᠳᠤ ᠤᠷᠤᠯᠴᠠᠬᠤ ᠪᠤᠯ ᠢᠳᠡᠭᠡᠨ ᠤᠮᠳᠠᠭᠠᠨ ᠤ ᠰᠤᠷᠭᠠᠨ | ᠭᠦᠮᠦᠵᠢᠯ ᠤᠨ ᠲᠦᠢᠯ ᠤᠨ ᠴᠢᠬᠤᠯᠠ ᠨᠢᠭᠡᠨ ᠭᠡᠰᠡᠭ ᠪᠤᠯᠤᠨ᠎ᠠ ᠭᠡᠵᠤ ᠪᠤᠢ᠃ | ᠡᠭᠦᠨ ᠠᠴᠠ ᠭᠠᠳᠠᠨ᠎ᠠ ᠲᠠᠳᠠ ᠢᠳᠡᠭᠡᠨ ᠤᠮᠳᠠᠭᠠᠨ ᠤ ᠵᠠᠩ ᠲᠠᠳᠬᠠᠯ ᠢ ᠭᠦᠮᠦᠵᠢᠭᠦᠯᠭᠦ ᠶᠢ ᠲᠤᠩ | ᠭᠦᠨᠳᠤᠳᠭᠡᠨ ᠦᠵᠠᠳᠡᠭ᠃ ᠬᠤᠭᠤᠯᠠᠨ ᠠᠴᠠ ᠡᠮᠦᠨ᠎ᠠ ᠭᠡᠤᠭᠡᠳ ᠤᠳ ᠵᠠᠪᠠᠯ ᠭᠠᠷ ᠢᠶᠠᠨ | ᠤᠬᠢᠶᠠᠨ᠎ᠠ᠃ ᠰᠤᠷᠭᠠᠭᠤᠯᠢ ᠳᠤ ᠭᠡᠤᠭᠡᠳ ᠨᠢᠭᠡᠪᠦᠷᠢ ᠰᠢᠳᠤ ᠤᠬᠢᠶᠠᠬᠤ ᠭᠡᠷᠡᠭᠰᠡᠯ ᠲᠠᠢ ᠪᠠᠶᠢᠳᠠᠬ ᠪᠤᠯᠬᠤᠷ | ᠬᠤᠭᠤᠯᠠᠨ ᠤ ᠲᠠᠷᠠᠭ᠎ᠠ ᠰᠢᠳᠤ ᠪᠠᠨ ᠤᠬᠢᠶᠠᠨ᠎ᠠ᠃ ᠡᠶᠢᠮᠦᠷᠭᠦᠦ ᠶᠠᠪᠤᠴᠠ ᠶᠢ ᠲᠠᠳᠠ ᠤᠨᠴᠠᠭᠠᠢ ᠴᠢᠬᠤᠯᠠᠴᠢᠯᠠᠳᠠᠬ | ᠪᠠᠶᠢᠨ᠎ᠠ᠃ | ᠲᠠᠷᠠ ᠡᠳᠤᠷ ᠪᠢᠳᠠ ᠭᠡᠳᠤᠭᠦᠯᠡ ᠰᠦ ᠪᠠᠨ ᠤᠤᠭᠤᠵᠤ ᠪᠠᠷᠠᠭᠠᠳ ᠬᠠᠶᠢᠷᠴᠠᠬ ᠢ ᠨᠢ ᠰᠢᠷᠡᠭᠡᠨ ᠳᠡᠭᠡᠷ᠎ᠠ | ᠲᠠᠯᠪᠢᠭᠰᠠᠨ ᠳᠤ ᠨᠢᠭᠡ ᠶᠠᠫᠤᠨ ᠭᠡᠤᠭᠡᠳ ᠭᠦᠷᠴᠤ ᠢᠷᠡᠭᠡᠳ ᠡᠨᠡ ᠬᠠᠶᠢᠷᠴᠠᠬ ᠢ ᠨᠤᠭᠤᠯᠵᠤ ᠲᠠᠯᠪᠢᠭᠠᠷᠠᠢ ᠢᠡᠭᠬᠢᠪᠡᠯ | ᠬᠤᠭ ᠤᠨ ᠰᠠᠪᠠᠨ ᠳᠤ ᠬᠠᠶᠠᠬᠤ ᠳᠤ ᠵᠠᠢ ᠡᠵᠡᠯᠡᠭᠦ ᠦᠭᠡᠢ ᠭᠡᠵᠦ ᠭᠡᠯᠡᠪᠡ᠃ ᠭᠡᠤᠭᠡᠳ ᠢᠶᠠᠷ ᠭᠡᠯᠡᠭᠦᠯᠦᠭᠰᠡᠨ ᠳᠤ ᠪᠠᠨ | ᠪᠢᠳᠠ ᠲᠤᠩ ᠢᠴᠢᠩᠭᠦᠷᠡᠪᠡ᠃ | ᠡᠨᠡ ᠤᠳᠠᠭᠠᠨ ᠤ ᠪᠠᠶᠢᠴᠠᠭᠠᠯᠳᠠ ᠪᠠᠷ ᠲᠠᠮᠵᠢᠭᠠᠳ ᠤᠯᠤᠰ ᠤᠨ ᠲᠤᠳᠤᠭᠠᠳᠤ ᠳᠤ ᠤᠳᠤᠬᠠᠨ ᠳᠤ ᠪᠠᠨ | ᠪᠢᠳᠠᠨ ᠤ ᠠᠩᠬᠠᠷᠤᠯ ᠮᠦᠨ ᠯᠡ ᠰᠤᠷᠭᠠᠭᠤᠯᠢ ᠶᠢᠨ ᠬᠤᠭᠤᠯᠠᠨ ᠤ ᠲᠤᠰ ᠪᠠᠶ᠎ᠠ ᠳᠤ ᠨᠢ ᠲᠦᠪᠯᠠᠷᠠᠵᠤ ᠪᠠᠶᠢᠨ᠎ᠠ | ᠭᠡᠳᠡᠭ ᠢ ᠮᠠᠳᠠᠪᠠ᠃ ᠠᠮᠤᠷ ᠲᠦᠪᠰᠢᠨ ᠬᠢᠭᠡᠳ ᠰᠢᠮ᠎ᠠ ᠲᠠᠵᠢᠭᠡᠯ ᠭᠡᠰᠡᠨ ᠴᠢᠬᠤᠯᠠ ᠬᠤᠶᠠᠷ ᠠᠰᠠᠭᠤᠯᠳᠠ ᠶᠢᠨ ᠠᠮᠤᠷ | ᠲᠦᠪᠰᠢᠨ ᠢ ᠨᠢ ᠶᠡᠭᠡ ᠠᠩᠬᠠᠷᠤᠭᠠᠳ ᠰᠢᠮ᠎ᠠ ᠲᠠᠵᠢᠭᠡᠯ ᠢ ᠨᠢ ᠠᠩᠬᠠᠷᠬᠤ ᠪᠠᠷ ᠭᠦᠷᠤᠯᠴᠠᠭᠦ ᠦᠭᠡᠢ | ᠪᠠᠶᠢᠨ᠎ᠠ᠃ ᠦᠨᠠᠨ ᠳᠤ ᠪᠠᠨ ᠰᠢᠮ᠎ᠠ ᠲᠡᠵᠢᠭᠡᠯ ᠤᠨ ᠠᠰᠠᠭᠤᠳᠠᠯ ᠨᠢ ᠠᠮᠤᠷ ᠲᠦᠪᠰᠢᠨ ᠤ ᠠᠰᠠᠭᠤᠳᠠᠯ ᠠᠴᠠ ᠨᠠᠩ | ᠴᠢᠬᠤᠯᠠ ᠶᠤᠮ᠃ | ᠤᠳᠤ ᠪᠢᠳᠠ ᠰᠤᠷᠭᠠᠭᠤᠯᠢ ᠶᠢᠨ ᠬᠤᠭᠤᠯᠠᠨ ᠳᠤ ᠠᠰᠠᠭᠤᠳᠠᠯ ᠭᠠᠷᠤᠯ᠎ᠠ ᠭᠡᠳᠡᠭ ᠢ ᠵᠦᠪᠭᠡᠨ ᠨᠢᠭᠡ ᠵᠢᠯ ᠤᠨ | ᠲᠤᠳᠤᠷ᠎ᠠ ᠭᠡᠴᠢᠨᠡᠭᠡᠨ ᠰᠠᠭᠤᠷᠢ ᠰᠤᠷᠭᠠᠭᠤᠯᠢ ᠳᠤ ᠭᠡᠴᠢᠨᠡᠨ ᠭᠡᠤᠭᠡᠳ ᠪᠠᠭᠠᠰᠤ ᠠᠯᠳᠠᠭᠰᠠᠨ᠂ ᠢᠳᠡᠭᠡᠨ ᠳᠤ | ᠬᠤᠤᠷᠳᠠᠭᠳᠠᠭᠰᠠᠨ ᠭᠡᠭᠦ ᠮᠠᠳᠤ ᠵᠦᠢᠯ ᠢ ᠭᠡᠯᠡᠳᠡᠭ ᠠᠴᠠ ᠪᠢᠰᠢ ᠰᠢᠮ᠎ᠠ ᠲᠠᠵᠢᠭᠡᠯ ᠤᠨ ᠲᠠᠯ᠎ᠠ ᠪᠠᠷ ᠬᠢ᠂ ᠵᠢᠱᠢᠶᠡᠯᠡᠪᠡᠯ᠂ | 20% ᠶᠢᠨ ᠭᠡᠤᠭᠡᠳ ᠤᠨ ᠮᠠᠷᠢᠶᠠᠯᠠᠵᠤ ᠪᠠᠶᠢᠬᠤ᠂ ᠡᠯ᠎ᠠ ᠵᠦᠢᠯ ᠤᠨ ᠰᠤᠯᠢᠯᠴᠠᠭᠠᠨ ᠤ ᠶᠡᠷᠦᠩᠭᠡᠶᠢᠯᠡᠭᠰᠡᠨ ᠢᠯᠠᠷᠠᠯ᠂ | ᠪᠠᠶ᠎ᠠ ᠶᠢᠨ ᠲᠤᠷᠦ᠋ᠢᠳᠠᠯ ᠠᠴᠠ ᠡᠪᠡᠳᠴᠢᠨ ᠡᠭᠦᠰᠭᠦ ᠵᠡᠷᠭᠡ ᠠᠰᠠᠭᠤᠳᠠᠯ ᠪᠤᠯ ᠬᠠᠷᠢᠨ ᠭᠡᠤᠭᠡᠳ ᠤᠨ ᠨᠢᠭᠡ ᠨᠠᠰᠤ ᠶᠢ | ᠨᠦᠯᠦᠭᠡᠯᠡᠭᠦ ᠵᠦᠢᠯ ᠭᠡᠳᠡᠭ ᠢ ᠤᠮᠳᠤᠭᠠᠢᠢᠯᠠᠭᠰᠠᠨ ᠪᠠᠶᠢᠨ᠎ᠠ᠃ | ᠲᠤᠮᠳᠠᠳᠤ ᠤᠯᠤᠰ ᠤᠨ ᠰᠤᠷᠭᠠᠭᠤᠯᠢ ᠶᠢᠨ ᠬᠤᠭᠤᠯᠠᠨ ᠳᠤ ᠲᠤᠯᠭᠠᠷᠠᠵᠤ ᠪᠠᠶᠢᠭ᠎ᠠ ᠠᠰᠠᠭᠤᠳᠠᠯ | ᠦᠨᠠᠨ ᠳᠤ ᠪᠠᠨ ᠲᠤᠩ ᠤᠯᠠᠨ ᠪᠠᠶᠢᠬᠤ ᠮᠦᠷᠳᠡᠭᠡᠨ ᠪᠢᠳᠠ ᠮᠠᠰᠢ ᠤᠯᠠᠨ ᠲᠦᠷᠢᠮ ᠭᠤᠷᠢᠮ ᠢ ᠲᠤᠭᠳᠠᠭᠠᠵᠤ᠂ ᠮᠠᠰᠢ | ᠤᠯᠠᠨ ᠡᠷᠳᠠᠮᠳᠠᠨ ᠮᠠᠷᠭᠡᠵᠢᠯᠳᠠᠨ ᠢᠶᠠᠷ ᠲᠠᠶᠢᠯᠪᠤᠷᠢ ᠬᠢᠯᠭᠡᠵᠦ ᠭᠡᠤᠭᠡᠳ ᠢ ᠭᠦᠮᠦᠵᠢᠭᠦᠯᠪᠡᠯ ᠰᠢᠢᠳᠪᠤᠷᠢᠯᠡᠴᠢᠭᠡᠭᠦ | ᠠᠰᠠᠭᠤᠳᠠᠯ ᠪᠢᠰᠢ ᠶᠤᠮ᠃ ᠪᠢ ᠭᠡᠳᠤᠨ ᠤᠳᠠᠭᠠᠨ ᠤ ᠬᠤᠷᠠᠯ ᠳᠤ ᠤᠷᠤᠯᠴᠠᠬᠤ ᠳᠤ ᠤᠯᠠᠨ ᠢᠶᠠᠷ ᠢᠶᠠᠨ ᠢᠳᠡᠭᠡᠨ | ᠤᠮᠳᠠᠭᠠᠨ ᠤ ᠰᠤᠷᠭᠠᠨ ᠭᠦᠮᠦᠵᠢᠯ᠂ ᠰᠤᠷᠭᠠᠭᠤᠯᠢ ᠶᠢᠨ ᠬᠤᠭᠤᠯᠠ ᠶᠢ ᠶᠠᠷᠢᠬᠤ ᠦᠶ᠎ᠠ ᠳᠤ ᠪᠦᠷ ︽ᠵᠢᠵᠢᠭ ᠭᠠᠷ ᠢᠶᠠᠷ | ᠲᠤᠮᠤ ᠭᠠᠷ ᠢ ᠭᠦᠳᠤᠯᠭᠦ︾ ᠭᠡᠳᠡᠭ ᠠᠰᠠᠭᠤᠳᠠᠯ ᠢ ᠶᠠᠷᠢᠵᠤ᠂ ᠭᠡᠤᠭᠡᠳ ᠢ ᠭᠦᠮᠦᠵᠢᠭᠦᠯᠭᠦ ᠪᠠᠷ ᠲᠠᠮᠵᠢᠨ ᠭᠡᠷ ᠤᠨ | ᠠᠬᠠᠮᠠᠳ ᠢ ᠨᠦᠯᠦᠭᠡᠯᠡᠭᠦ ᠶᠢ ᠭᠦᠰᠠᠮᠵᠢᠯᠠᠵᠤ ᠪᠠᠶᠢᠨ᠎ᠠ᠃ ᠮᠢᠨᠦ ᠪᠤᠳᠤᠬᠤ ᠪᠠᠷ ᠡᠨᠡ ᠭᠤᠷᠢᠳᠠᠯᠭ᠎ᠠ ᠪᠠᠶᠠᠯᠡᠭᠳᠡᠭᠦ ᠳᠤ | ᠭᠦᠴᠢᠷ ᠶᠤᠮ᠃ | ᠲᠤᠮᠳᠠᠳᠤ ᠤᠯᠤᠰ ᠤᠨ ᠰᠤᠷᠭᠠᠭᠤᠯᠢ ᠶᠢᠨ ᠬᠤᠭᠤᠯᠠ ᠬᠢᠭᠡᠳ ᠢᠳᠠᠭᠡᠨ ᠤ ᠭᠦᠮᠦᠵᠢᠯ ᠶᠠᠭᠤ ᠪᠤᠢ︖ ᠭᠡᠷᠪᠡ | ᠶᠠᠫᠤᠨ ᠤ ᠢᠳᠡᠭᠡᠨ ᠤ ᠭᠦᠮᠦᠵᠢᠯ ᠢ ᠴᠠᠭᠠᠨ ᠴᠠᠭᠠᠰᠤᠨ ᠳᠡᠭᠡᠷ᠎ᠠ ᠵᠢᠷᠤᠵᠤ ᠪᠠᠶᠢᠨ᠎ᠠ ᠭᠡᠵᠦ ᠭᠡᠯᠡᠭᠦ ᠳᠤ ᠭᠦᠷᠪᠡᠯ ᠪᠢᠳᠠ | ᠪᠤᠯ ᠭᠡᠷ ᠤᠨ ᠠᠬᠠᠮᠠᠳ ᠤᠨ ᠪᠤᠷᠤᠭᠤ ᠪᠠᠷ ᠪᠤᠳᠠᠷᠠᠳᠠᠯ᠎ᠠ ᠵᠢᠷᠤᠭᠰᠠᠨ ᠵᠢᠷᠤᠭ ᠢ ᠪᠠᠯᠠᠯᠵᠤ ᠬᠠᠶᠠᠭᠠᠳ ᠲᠠᠬᠢᠨ | ᠵᠦᠪ ᠢᠶᠠᠷ ᠵᠢᠷᠤᠬᠤ ᠶᠠᠪᠤᠳᠠᠯ ᠪᠤᠯᠤᠨ᠎ᠠ᠃ ᠲᠠᠷᠠ ᠮᠦᠷᠳᠡᠭᠡᠨ ᠭᠡᠤᠭᠡᠳ ᠭᠡᠷ ᠲᠤ ᠪᠠᠨ ᠬᠠᠷᠢᠭᠰᠠᠨ ᠤ ᠲᠠᠷᠠᠭ᠎ᠠ | ᠭᠡᠷ ᠤᠨ ᠠᠬᠠᠮᠠᠳ ᠨᠢ ᠪᠠᠰᠠ ᠪᠤᠷᠤᠭᠤ ᠪᠠᠷ ᠵᠢᠷᠤᠬᠤ ᠶᠠᠪᠤᠳᠠᠯ ᠭᠠᠷᠴᠤ ᠮᠠᠳᠠᠭᠦ ᠶᠤᠮ᠃ | ᠡᠶᠢᠮᠦ ᠠᠴᠠ ᠪᠢᠳᠠ ᠢᠳᠡᠭᠡᠨ ᠤ ᠵᠦᠪ ᠭᠦᠮᠦᠵᠢᠯ ᠢᠶᠠᠷ ᠭᠡᠷ ᠤᠨ ᠠᠬᠠᠮᠠᠳ ᠤᠨ ᠪᠤᠷᠤᠭᠤ ᠲᠠᠨᠢᠯᠳᠠ ᠲᠠᠢ | ᠲᠠᠮᠠᠴᠠᠵᠤ ᠭᠡᠤᠭᠡᠳ ᠢᠶᠠᠨ ᠲᠠᠳᠠᠨ ᠠᠪᠴᠢᠷᠠᠬᠤ ᠭᠡᠷᠡᠭᠳᠠᠢ᠃ ᠡᠨᠡ ᠡᠭᠦᠷᠭᠡ ᠪᠤᠯ ᠭᠦᠨᠳᠤ ᠮᠦᠷᠳᠡᠭᠡᠨ ᠴᠠᠭ | ᠤᠷᠤᠨ᠎ᠠ᠃ ᠮᠢᠨᠦ ᠪᠤᠳᠤᠬᠤ ᠪᠠᠷ ᠲᠤᠮᠳᠠᠳᠤ ᠤᠯᠤᠰ ᠤᠨ ᠢᠳᠡᠭᠡᠨ ᠤ ᠭᠦᠮᠦᠵᠢᠯ ᠨᠢ ᠭᠡᠳᠤᠭᠡᠨ ᠵᠢᠯ ᠤᠨ ᠲᠤᠳᠤᠷ᠎ᠠ | ᠢᠯᠠᠷᠭᠡᠢ ᠠᠮᠵᠢᠯᠳᠠ ᠤᠯᠬᠤ ᠪᠤᠯᠤᠯᠴᠠᠭ᠎ᠠ ᠦᠭᠡᠢ᠂ ᠬᠠᠷᠢᠨ ᠨᠢᠭᠡ ᠬᠤᠶᠠᠷ ᠦᠶ᠎ᠠ ᠶᠢᠨ ᠭᠦᠮᠦᠰ ᠤᠨ ᠴᠦᠭᠦᠷᠠᠯ | ᠦᠭᠡᠢ ᠴᠢᠷᠮᠠᠶᠢᠯᠭ᠎ᠠ ᠪᠠᠷ ᠰᠠᠶ᠋ᠢ ᠢᠯᠠᠷᠭᠡᠢ ᠬᠤᠪᠢᠷᠠᠯᠳᠠ ᠶᠢ ᠭᠠᠷᠭᠠᠵᠤ ᠴᠢᠳᠠᠨ᠎ᠠ᠃ | ︵︽ᠪᠠᠭᠰᠢ ᠶᠢᠨ ᠬᠤᠷᠸ᠎ᠠ︾ ᠰᠠᠳᠭᠦᠯ ᠤᠨ 2019 ᠤᠨ ᠤ 12 ᠳ᠋ᠤᠭᠠᠷ | ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠤᠨ ᠨᠠᠶᠢᠷᠠᠭᠤᠯᠪᠠ︶ | |