ᠴᠠᠩ ᠮᠢᠩ | | | | | | ᠮᠠᠨ ᠤ ᠠᠷᠠᠳ ᠤᠨ ᠶᠠᠷᠢᠶᠠᠨ ᠳᠤ ︽ᠬᠦᠮᠦᠨ ᠪᠣᠯᠬᠤ ᠪᠠᠭ᠎ᠠ ᠠᠴᠠ ᠪᠠᠨ᠂ ᠬᠦᠯᠦᠭ ᠪᠣᠯᠬᠤ ᠣᠨᠠᠭᠠᠨ ᠠᠴᠠ | ᠪᠠᠨ︾ ᠬᠡᠵᠣ ᠬᠡᠣᠬᠡᠳ ᠢ ᠪᠠᠭ᠎ᠠ ᠨᠠᠰᠣᠨ ᠠᠴᠠ ᠨᠢ ᠡᠬᠢᠯᠡᠵᠣ ᠬᠦᠮᠦᠨ ᠪᠣᠯᠬᠤ ᠵᠦᠪ ᠵᠠᠮ ᠦᠬᠡᠳᠡ ᠣᠳᠣᠷᠢᠳᠣᠨ | ᠬᠦᠮᠦᠵᠢᠬᠦᠯᠬᠦ ᠲᠤᠬᠠᠢ ᠰᠡᠴᠡᠯᠡᠭᠰᠡᠨ ᠪᠠᠶᠢᠳᠠᠭ᠂ ᠣᠳᠣᠬᠠᠨ ᠳᠤ ᠬᠡᠷ ᠪᠦᠯᠢ ᠶᠢᠨ ᠰᠣᠷᠭᠠᠨ ᠬᠦᠮᠦᠵᠢᠯ ᠪᠣᠯᠣᠨ | ᠰᠣᠷᠭᠠᠭᠤᠯᠢ ᠶᠢᠨ ᠰᠣᠷᠭᠠᠨ ᠬᠦᠮᠦᠵᠢᠯ ᠴᠦ ᠬᠡᠦᠬᠡᠳ ᠤᠨ ᠬᠦᠮᠦᠨ ᠪᠤᠯᠬᠤ ᠬᠦᠮᠦᠵᠢᠯ ᠬᠢᠬᠦ ᠶᠢ ᠴᠢᠬᠤᠯᠠᠴᠢᠯᠠᠵᠤ᠂ | ᠵᠢᠭᠠᠨ ᠰᠤᠷᠭᠠᠯᠲᠠ ᠶᠢᠨ ᠢᠶᠠᠨ ᠭᠤᠣᠯ ᠬᠠᠷᠠᠯᠳᠠ ᠪᠤᠯᠭᠠᠭᠰᠠᠨ ᠪᠠᠶᠢᠨ᠎ᠠ᠃ ᠬᠦᠮᠦᠨ ᠪᠣᠯᠬᠤ ᠶᠢᠨ ᠬᠦᠮᠦᠵᠢᠯ ᠬᠢᠬᠦ ᠳᠤ | ︽ᠬᠦᠰᠡᠯᠡᠩ︾ ᠤᠨ ᠬᠦᠮᠦᠵᠢᠯ ᠬᠢᠬᠦ ᠨᠢ ᠴᠢᠬᠤᠯᠠ ᠭᠡᠵᠦ ᠤᠶᠢᠯᠠᠭᠠᠵᠤ ᠪᠤᠢ᠃ ᠰᠤᠷᠭᠠᠭᠤᠯᠢ᠂ ᠭᠡᠷ ᠪᠦᠯᠢ᠂ ᠨᠡᠶᠢᠭᠡᠮ | ᠭᠤᠷᠪᠠ ᠤᠶᠠᠯᠳᠤᠭᠰᠠᠨ ᠰᠤᠷᠭᠠᠨ ᠬᠦᠮᠦᠵᠢᠯ ᠳᠤ ᠬᠦᠮᠦᠨ ᠪᠤᠯᠬᠤ ᠬᠦᠮᠦᠵᠢᠯ ᠰᠠᠭᠤᠷᠢᠯᠠᠭᠴᠢ ᠦᠢᠯᠡᠳᠦᠯ | ᠦᠵᠡᠭᠦᠯᠳᠡᠭ ᠪᠤᠯ ︽ᠬᠦᠰᠡᠯᠡᠩ︾ ᠤᠨ ᠬᠦᠮᠦᠵᠢᠯ ᠬᠢᠬᠦ ᠨᠢ ᠭᠤᠤᠯ ᠴᠢᠮᠦᠭᠡ ᠪᠤᠯᠬᠤ ᠶᠤᠰᠤᠲᠠᠢ᠃ ᠡᠭᠦᠨ ᠳᠤ | ᠬᠦᠮᠦᠵᠢᠬᠦᠯᠦᠭᠴᠢ ᠲᠠᠯ᠎ᠠ ᠶᠢᠨ ᠣᠳᠣᠷᠢᠳᠣᠨ ᠵᠢᠯᠣᠭᠤᠳᠬᠤ ᠦᠢᠯᠡᠳᠦᠯ ᠪᠠ ᠬᠦᠮᠦᠵᠢᠭᠳᠡᠭᠴᠢ ᠭᠤᠣᠯ ᠴᠣᠭᠴᠠ ᠶᠢᠨ | ᠬᠦᠳᠡᠯᠦᠩᠬᠦᠢ ᠣᠷᠣᠯᠴᠠᠭ᠎ᠠ ᠴᠦᠮ ᠱᠠᠭᠠᠷᠳᠠᠭᠳᠠᠳᠠᠭ᠃ | ᠨᠢᠬᠡ᠂ ᠬᠦᠰᠡᠯᠡᠩ ᠤᠨ ᠬᠦᠮᠦᠵᠢᠯ ᠤᠨ ᠲᠤᠬᠠᠢ ᠣᠶᠢᠯᠠᠭᠠᠯᠳᠠ ᠲᠠᠢ ᠪᠤᠯᠭᠠᠬᠤ | 1. ᠬᠦᠰᠡᠯᠡᠩ ᠬᠡᠵᠣ ᠬᠡᠣᠬᠡᠳ ᠤᠨ ᠠᠳᠠᠯᠢ ᠪᠣᠰᠣ ᠨᠠᠰᠣᠨ ᠤ ᠱᠠᠭᠠᠷᠳᠠᠯᠭ᠎ᠠ ᠬᠡᠷᠡᠭᠴᠡᠭᠡ᠂ ᠲᠣᠷ᠎ᠠ ᠪᠠᠬ᠎ᠠ᠂ | ᠬᠦᠰᠡᠯ ᠵᠣᠷᠢᠯᠳᠡ ᠠᠴᠠ ᠡᠭᠦᠰᠴᠦ ᠤᠨ ᠵᠢᠯ ᠤᠨ ᠤᠷᠴᠢᠯᠲᠠ ᠶᠢ ᠲᠠᠮᠵᠢᠨ ᠬᠦᠪᠦᠷᠡᠨ ᠪᠤᠶᠢᠵᠢᠳᠠᠭ᠃ ᠡᠨᠡ ᠨᠢ | ᠲᠡᠳᠡᠨ ᠤ ᠲᠠᠨᠢᠨ ᠮᠡᠳᠡᠷᠡᠬᠦᠢ ᠶᠢᠨ ᠴᠢᠳᠠᠪᠣᠷᠢ ᠶᠢᠨ ᠬᠦᠭᠵᠢᠯᠳᠡ᠂ ᠨᠠᠶᠢᠬᠡᠮ ᠪᠠᠶᠢᠭᠠᠯᠢ ᠶᠢᠨ ᠣᠶᠢᠯᠠᠭᠠᠯᠳᠠ ᠶᠢ ᠲᠠᠮᠵᠢᠨ | ᠬᠤᠪᠢᠷᠠᠯᠳᠠ ᠬᠦᠭᠵᠢᠯᠳᠡ ᠶᠢᠨ ᠲᠣᠮᠳᠠ ᠪᠦᠷᠢᠯᠳᠦᠯ ᠢᠶᠠᠨ ᠣᠯᠳᠠᠭ᠃ ᠠᠳᠠᠯᠢ ᠪᠣᠰᠣ ᠨᠠᠰᠣᠨ ᠤ ᠬᠡᠦᠬᠡᠳ ᠤᠨ | ᠬᠦᠰᠡᠯ ᠱᠠᠭᠠᠷᠳᠠᠯᠭ᠎ᠠ ᠶᠢ ᠲᠡᠷᠡ ᠴᠠᠭ ᠦᠶ᠎ᠡ ᠶᠢᠨ ᠬᠦᠰᠡᠯᠡᠩ ᠬᠡᠵᠣ ᠣᠶᠢᠯᠠᠭᠠᠬᠤ ᠶᠣᠰᠣᠳᠠᠢ᠃ ᠦᠯᠦᠬᠡᠢ ᠲᠠᠢ | ᠨᠢᠯᠬ᠎ᠠ ᠬᠡᠦᠬᠡᠳ᠂ ᠤᠬᠢᠯᠠᠬᠤ ᠪᠠᠷ ᠳᠠᠮᠵᠢᠨ ᠦᠪᠡᠷ ᠤᠨ ᠦᠯᠦᠰᠦᠭᠰᠡᠨ᠂ ᠠᠶᠤᠭᠰᠠᠨ᠂ ᠳᠠᠭᠠᠷᠠᠭᠰᠠᠨ᠂ ᠬᠠᠯᠠᠭᠤᠴᠠᠭᠰᠠᠨ | ᠪᠤᠶᠤ ᠪᠡᠶ᠎ᠡ ᠮᠠᠬᠠᠪᠤᠳ ᠤᠨ ᠲᠠᠪᠠ ᠦᠭᠡᠢ ᠰᠡᠷᠡᠭᠳᠡᠯ ᠢᠶᠠᠨ ᠢᠯᠡᠳᠭᠡᠳᠡᠭ᠂ ᠪᠠᠯᠴᠢᠷ ᠨᠠᠰᠤᠨ ᠤ ᠬᠡᠦᠬᠡᠳ ᠭᠤᠶᠤ | ᠲᠤᠭᠯᠠᠭᠠᠮ ᠲᠠᠢ ᠪᠤᠯᠬᠤ᠂ ᠬᠦᠰᠡᠭᠰᠡᠨ ᠭᠠᠵᠠᠷ ᠲᠤ ᠪᠠᠨ ᠤᠴᠢᠬᠤ᠂ ᠠᠮᠲᠠᠳᠤ ᠢᠳᠡᠭᠡᠨ ᠢᠳᠡᠬᠦ ᠮᠡᠲᠦ ᠶᠢᠨ ᠬᠦᠰᠡᠯ | ᠱᠠᠭᠠᠷᠳᠠᠯᠭ᠎ᠠ ᠪᠠᠨ ᠲᠤᠮᠤᠴᠤᠤᠯ ᠳᠤ ᠪᠠᠨ ᠢᠯᠡᠳᠭᠡᠳᠡᠭ ᠵᠡᠷᠭᠡ ᠨᠢ ᠪᠦᠷ ᠲᠤᠬᠠᠢ ᠶᠢᠨ ᠴᠠᠭ ᠤᠨ ᠲᠡᠳᠡᠨ ᠤ | ︽ᠬᠦᠰᠡᠯᠡᠩ︾ ᠪᠤᠯᠬᠤ ᠶᠤᠮ᠃ ᠬᠠᠷᠢᠴᠠᠩᠭᠤᠢ ᠪᠠᠷ ᠬᠡᠯᠡᠪᠡᠯ ᠪᠠᠭ᠎ᠠ ᠬᠡᠦᠬᠡᠳ ᠤᠨ ︽ᠬᠦᠰᠡᠯᠡᠩ︾ ᠨᠢ ᠪᠡᠶᠡᠯᠡᠭᠳᠡᠬᠦ ᠳᠤ | ᠬᠢᠯᠪᠠᠷ᠂ ᠤᠶᠢᠷ᠎ᠠ ᠬᠤᠭᠤᠴᠠᠭᠠᠨ ᠤ ᠪᠠᠶᠢᠵᠤ᠂ ᠳᠦᠭᠦᠮ ᠪᠤᠳᠠᠲᠠᠢ ᠪᠠᠶᠢᠳᠠᠭ᠃ | 2. ᠬᠡᠣᠬᠡᠳ ᠤᠨ ᠬᠦᠰᠡᠯᠡᠩ ᠤᠨ ᠪᠦᠷᠢᠯᠳᠦᠯ ᠢ ᠠᠬᠢᠭᠤᠯᠬᠤ ᠳᠤ ᠡᠷᠬᠡᠪᠰᠢ ᠬᠡᠣᠬᠡᠳ ᠲᠠᠢ ᠪᠠᠨ ᠢᠯᠡᠬᠦᠴᠡ | ᠶᠠᠷᠢᠯᠴᠠᠵᠣ ᠨᠡᠪᠳᠡᠷᠡᠯᠴᠡᠨ᠂ ᠠᠵᠢᠭᠯᠠᠵᠣ ᠣᠶᠢᠯᠠᠭᠠᠨ ᠲᠡᠬᠦᠨ ᠤ ᠲᠣᠷ᠎ᠠ ᠪᠠᠬ᠎ᠠ᠂ ᠠᠪᠢᠶᠠᠰ ᠪᠢᠯᠢᠭ ᠤᠨ | ᠬᠦᠭᠵᠢᠯᠳᠡ ᠪᠠᠷ ᠦᠨᠳᠦᠰᠣᠯᠡᠯ ᠪᠣᠯᠭᠠᠵᠣ ᠢᠷᠡᠬᠡᠳᠦᠢ ᠶᠢᠨ ᠬᠦᠭᠵᠢᠯᠳᠡ ᠶᠢᠨ ᠬᠠᠷᠠᠭᠠᠰᠣ ᠠᠴᠠ ᠬᠦᠰᠡᠯᠡᠩ ᠤᠨ | ᠬᠦᠮᠦᠵᠢᠯ ᠢ ᠰᠢᠮᠡᠳᠬᠡᠬᠦ ᠬᠡᠷᠡᠭᠳᠠᠢ᠃ ᠭᠡᠷ ᠪᠦᠯᠢ ᠪᠠ ᠨᠠᠶᠢᠭᠡᠮ ᠤᠨ ᠲᠠᠯ᠎ᠠ ᠠᠴᠠ ᠬᠡᠦᠬᠡᠳ ᠤᠨ ᠵᠤᠬᠢᠴᠠᠬᠤ ᠴᠢᠳᠠᠪᠤᠷᠢ᠂ | ᠬᠠᠷᠢᠯᠴᠠᠬᠤ ᠴᠢᠳᠠᠪᠤᠷᠢ ᠳᠤ ᠴᠢᠭᠯᠡᠭᠰᠡᠨ ᠪᠤᠯᠪᠠᠰᠤᠷᠠᠯ ᠳᠠᠰᠬᠠᠯ ᠢ ᠬᠢᠵᠦ ᠪᠠᠶᠢᠬᠤ ᠬᠡᠷᠡᠭᠲᠡᠢ ᠮᠦᠷᠲᠡᠭᠡᠨ᠂ | ᠰᠤᠷᠭᠠᠭᠤᠯᠢ ᠶᠢᠨ ᠵᠢᠭᠠᠨ ᠰᠤᠷᠭᠠᠯᠲᠠ ᠳᠤᠮᠳᠠ ᠪᠠᠭᠰᠢ ᠠᠴᠠ ᠬᠠᠨᠳᠤᠯᠭᠠᠳᠤ ᠴᠢᠨᠠᠷᠲᠠᠢ ᠬᠦᠰᠡᠯ ᠮᠦᠷᠦᠭᠡᠳᠦᠯ ᠤᠨ | ᠬᠦᠮᠦᠵᠢᠯ ᠬᠢᠵᠦ᠂ ᠲᠡᠳᠡᠨ ᠤ ᠵᠦᠪ ᠰᠠᠶᠢᠬᠠᠨ ᠦᠵᠡᠯ ᠪᠤᠳᠤᠯ ᠢ ᠪᠤᠢ ᠪᠤᠯᠭᠠᠬᠤ ᠳᠤ ᠲᠤᠰᠠᠯᠠᠬᠤ ᠬᠡᠷᠡᠭᠲᠡᠢ᠃ | 3. ᠬᠡᠣᠬᠡᠳ ᠤᠨ ᠲᠠᠨᠢᠵᠣ ᠣᠶᠢᠯᠠᠭᠠᠬᠤ ᠰᠡᠳᠬᠢᠬᠦᠢ ᠶᠢᠨ ᠦᠷᠬᠡᠳᠬᠡᠯ ᠢ ᠠᠬᠢᠭᠤᠯᠬᠤ ᠵᠣᠷᠢᠯᠳᠠ ᠠᠴᠠ | ᠨᠠᠶᠢᠬᠡᠮ ᠲᠣᠭᠤᠷᠢᠭ ᠤᠨ ᠬᠦᠳᠡᠯᠭᠡᠭᠡᠨ ᠳᠤ ᠣᠷᠣᠯᠴᠠᠬᠤ᠂ ᠰᠢᠯᠢᠳᠡᠭ ᠨᠣᠮ ᠰᠣᠨᠢᠨ᠂ ᠺᠢᠨᠣ᠋ ᠵᠦᠴᠦᠬᠡ ᠰᠣᠨᠢᠷᠬᠠᠬᠤ᠂ | ᠰᠣᠨᠢᠨ ᠮᠡᠳᠡᠭᠡ ᠰᠣᠨᠣᠰᠬᠤ᠂ ᠦᠢᠯᠡᠳᠦᠯᠭᠡ ᠶᠢᠨ ᠬᠦᠳᠡᠯᠭᠡᠭᠡᠨ ᠳᠤ ᠣᠷᠣᠯᠴᠠᠬᠤ ᠪᠠᠷ ᠲᠠᠮᠵᠢᠨ ᠬᠡᠣᠬᠡᠳ ᠤᠨ | ᠦᠪᠡᠷ ᠤᠨ ᠬᠡᠬᠦ ᠰᠣᠨᠢᠭᠤᠴᠢ ᠬᠦᠰᠡᠯ ᠢ ᠨᠢ ᠰᠡᠳᠦᠵᠣ ᠬᠦᠪᠣᠷᠡᠬᠦᠯᠬᠦ ᠴᠢᠬᠤᠯᠠᠳᠠᠢ᠃ | 4. ᠬᠡᠷ ᠤᠨ ᠠᠬᠠᠮᠠᠳ᠂ ᠪᠠᠭᠰᠢ ᠶᠢᠨ ᠰᠣᠯᠢᠯᠴᠠᠭ᠎ᠠ ᠨᠡᠪᠳᠡᠷᠡᠯᠴᠡᠯ ᠢ ᠠᠩᠬᠠᠷᠴᠣ ᠬᠡᠣᠬᠡᠳ ᠤᠨ ᠬᠡᠷ ᠪᠦᠯᠢ᠂ | ᠰᠣᠷᠭᠠᠭᠤᠯᠢ ᠳᠠᠬᠢ ᠢᠯᠡᠷᠡᠯ ᠤᠨ ᠪᠦᠬᠦ ᠬᠠᠷᠠᠴᠠ ᠠᠴᠠ ᠣᠴᠢᠵᠣ ᠬᠦᠰᠡᠯ ᠬᠦᠰᠡᠯᠡᠩ ᠤᠨ ᠬᠦᠪᠦᠷᠡᠯ ᠤᠨ ᠬᠦᠮᠦᠵᠢᠯ ᠢ | ᠬᠠᠮᠳᠣ ᠪᠠᠷ ᠬᠢᠵᠦ ᠵᠣᠷᠢᠬᠵᠢᠭᠤᠯᠣᠨ ᠬᠦᠮᠦᠵᠢᠬᠦᠯᠦᠨ᠎ᠡ᠃ ᠡᠶ᠎ᠡ ᠵᠤᠬᠢᠴᠠᠩᠭᠤᠢ᠂ ᠬᠠᠶᠢᠷ᠎ᠠ ᠪᠢᠯᠬᠠᠭᠰᠠᠨ ᠭᠡᠷ | ᠪᠦᠯᠢ ᠶᠢᠨ ᠤᠷᠴᠢᠨ᠂ ᠦᠭᠡᠳᠡᠷᠬᠡᠭ ᠡᠨᠧᠷᠭᠢ ᠲᠠᠢ ᠨᠡᠶᠢᠭᠡᠮ ᠤᠨ ᠤᠷᠴᠢᠨ᠂ ᠵᠦᠪ ᠰᠠᠶᠢᠬᠠᠨ ᠬᠦᠮᠦᠵᠢᠯ | ᠳᠠᠳᠬᠠᠯ ᠲᠠᠢ ᠰᠤᠷᠭᠠᠭᠤᠯᠢ ᠶᠢᠨ ᠤᠷᠴᠢᠨ ᠳᠤ ᠰᠠᠶ᠋ᠢ ᠬᠡᠦᠬᠡᠳ ᠪᠠᠭᠠᠴᠤᠳ ᠰᠢᠨ᠎ᠡ ᠰᠤᠶᠤᠭᠠᠯᠠᠭᠠ ᠨᠢᠯᠬ᠎ᠠ ᠮᠤᠳᠤ | ᠰᠢᠬ ᠲᠠᠯ᠎ᠠ ᠲᠠᠯ᠎ᠠ ᠶᠢᠨ ᠰᠢᠮ᠎ᠡ ᠲᠡᠵᠢᠭᠡᠯ ᠢ ᠬᠦᠷᠲᠡᠨ ᠪᠡᠶ᠎ᠡ ᠰᠡᠳᠬᠢᠴᠡ ᠡᠷᠡᠭᠦᠯ ᠦᠰᠦᠨ ᠪᠤᠶᠢᠵᠢᠵᠤ᠂ ᠵᠦᠪ | ᠲᠤᠳᠤᠷᠬᠠᠢ ᠠᠮᠢᠳᠤᠷᠠᠯ ᠢᠷᠡᠭᠡᠳᠦᠢ ᠶᠢᠨ ᠬᠠᠷᠠᠯᠲᠠ ᠬᠦᠰᠡᠯᠡᠩ ᠢ ᠪᠤᠢ ᠪᠤᠯᠭᠠᠵᠤ ᠴᠢᠳᠠᠳᠠᠭ᠃ | 5. ᠬᠡᠣᠬᠡᠳ ᠤᠨ ᠬᠦᠰᠡᠯᠡᠩ ᠤᠨ ᠬᠦᠪᠦᠷᠡᠨ ᠪᠤᠶᠢᠵᠢᠬᠤ ᠳᠤ ᠲᠡᠪᠴᠢᠶᠡᠷᠢ ᠲᠠᠭᠠᠭᠠᠮᠠᠭᠠᠢ ᠪᠠᠶᠢᠵᠣ᠂ | ᠬᠡᠣᠬᠡᠳ ᠤᠨ ᠦᠰᠦᠨ ᠪᠤᠶᠢᠵᠢᠯᠳᠡ ᠲᠠᠨᠢᠨ ᠮᠡᠳᠡᠷᠡᠬᠦᠢ ᠶᠢᠨ ᠴᠢᠳᠠᠪᠣᠷᠢ ᠶᠢᠨ ᠪᠦᠷᠢᠯᠳᠣᠯ ᠤᠨ ᠴᠠᠭ ᠢ ᠠᠩᠬᠠᠷᠴᠣ | ᠦᠪᠡᠷ ᠤᠨ ᠬᠡᠬᠦ ᠬᠦᠰᠡᠯ ᠳᠤ ᠨᠢ ᠲᠦᠰᠢᠭᠯᠡᠬᠦ ᠠᠴᠠ ᠪᠢᠰᠢ᠂ ᠲᠣᠮᠣ ᠬᠦᠮᠦᠨ ᠤ ᠣᠪᠣᠷ ᠪᠣᠳᠣᠯ᠂ ᠵᠤᠭᠰᠤᠴᠠ ᠠᠴᠠ | ᠣᠴᠢᠵᠣ ᠠᠯᠪᠠᠳᠠᠯᠭ᠎ᠠ ᠪᠠᠷ ᠲᠣᠬᠤᠬᠤ ᠠᠴᠠ ᠵᠠᠶᠢᠯᠠᠰᠬᠢᠬᠤ ᠬᠡᠷᠡᠭᠳᠠᠢ᠃ | 6. ᠬᠡᠣᠬᠡᠳ ᠤᠨ ᠲᠣᠳᠣᠷᠬᠠᠢ ᠦᠬᠡᠢ᠂ ᠪᠠᠯᠠᠷᠬᠠᠢ ᠬᠦᠰᠡᠯ ᠬᠦᠰᠡᠯᠡᠩ ︵ᠶᠡᠭᠡ ᠰᠣᠷᠭᠠᠭᠤᠯᠢ ᠳᠤ ᠣᠷᠣᠨ᠎ᠠ᠂ | ᠰᠢᠨᠵᠢᠯᠡᠬᠦ ᠣᠬᠠᠭᠠᠨᠳᠠᠨ ᠪᠣᠯᠣᠨ᠎ᠠ ᠁︶ ᠲᠠᠢ ᠪᠠᠶᠢᠬᠤ ᠠᠴᠠ ᠵᠠᠶᠢᠯᠠᠰᠬᠢᠬᠤ ᠬᠡᠷᠡᠭᠳᠠᠢ᠃ ᠲᠣᠳᠣ ᠲᠣᠳᠣᠷᠠᠭᠤᠨ | ᠪᠠᠶᠢᠬᠤ ᠮᠦᠷᠳᠡᠬᠡᠨ ᠦᠪᠡᠷ ᠤᠨ ᠬᠡᠬᠦ ᠪᠢᠰᠢᠷᠡᠨ ᠪᠠᠭ᠋ᠠᠷᠬᠠᠬᠤ ᠬᠦᠮᠦᠨ᠂ ᠬᠡᠷᠡᠭ ᠣᠴᠢᠷ ᠲᠠᠢ ᠪᠠᠶᠢᠬᠤ ᠳᠤ ᠵᠦᠪ | ᠲᠠᠯ᠎ᠠ ᠶᠢᠨ ᠵᠢᠯᠤᠭᠤᠳᠤᠯᠭ᠎ᠠ ᠬᠢᠵᠦ᠂ ᠲᠡᠳᠡᠨ ᠤ ᠳᠠᠭᠤᠷᠢᠶᠠᠮᠠᠯ ᠴᠢᠨᠠᠷ ᠢ ᠵᠦᠪ ᠲᠡᠰᠢ ᠬᠦᠲᠦᠯᠦᠨ᠂ ᠦᠭᠡᠳᠡᠷᠬᠡᠭ᠂ | ᠵᠦᠪ ᠬᠦᠰᠡᠯᠡᠩ ᠤᠨ ᠴᠠᠮᠬᠠᠭ ᠢ ᠤᠯᠵᠤ ᠬᠠᠷᠠᠬᠤ ᠳᠤ ᠲᠤᠰᠠᠯᠠᠪᠠᠯ ᠵᠤᠬᠢᠨ᠎ᠠ᠃ | ᠬᠤᠶᠠᠷ᠂ ᠬᠦᠰᠡᠯᠡᠩ ᠤᠨ ᠬᠦᠮᠦᠵᠢᠯ ᠢ ᠴᠢᠩᠭᠠᠳᠬᠠᠬᠤ ᠶᠢᠨ ᠴᠢᠬᠤᠯᠠ ᠴᠢᠨᠠᠷ | 1. ᠬᠡᠣᠬᠡᠳ ᠤᠨ ᠪᠡᠶ᠎ᠡ ᠪᠠᠨ ᠲᠠᠭᠠᠭᠠᠬᠤ ᠬᠦᠳᠡᠯᠦᠩᠬᠦᠢ ᠴᠢᠳᠠᠪᠣᠷᠢ ᠶᠢ ᠨᠢ ᠲᠡᠬᠡᠭᠰᠢᠯᠡᠬᠦᠯᠦᠨ᠎ᠡ᠃ ᠬᠡᠣᠬᠡᠳ | ᠬᠦᠰᠡᠯ ᠬᠦᠬᠡᠬᠡᠴᠡᠯᠳᠦᠯ ᠲᠠᠢ ᠪᠣᠯᠣᠭᠰᠠᠭᠠᠷ ᠢᠳᠡᠪᠬᠢ ᠴᠢᠨᠠᠷ ᠨᠢ ᠪᠠᠳᠠᠷᠠᠵᠤ᠂ ᠠᠮᠢᠳᠣᠷᠠᠯ ᠰᠣᠷᠣᠯᠴᠠᠯᠭ᠎ᠠ ᠶᠢᠨ | ᠲᠣᠮᠳᠠ ᠪᠠᠨ ᠦᠪᠡᠷ ᠢ ᠪᠠᠨ ᠡᠵᠡᠮᠳᠡᠵᠣ᠂ ᠦᠪᠡᠷ ᠢ ᠪᠠᠨ ᠬᠠᠮᠢᠶᠠᠷᠴᠣ᠂ ᠦᠪᠡᠷ ᠢ ᠪᠠᠨ ᠬᠦᠭᠵᠢᠬᠦᠯᠬᠦ ᠢᠳᠡ | ᠬᠦᠴᠦᠨ ᠲᠠᠢ ᠪᠤᠯᠳᠠᠭ᠃ | 2. ᠬᠡᠣᠬᠡᠳ ᠤᠨ ᠪᠡᠶ᠎ᠡ ᠰᠡᠳᠬᠢᠴᠡ ᠶᠢᠨ ᠡᠷᠡᠬᠦᠯ ᠬᠦᠭᠵᠢᠯᠳᠡ ᠳᠤ ᠠᠰᠢᠭᠳᠠᠢ᠃ ᠲᠠᠭᠤᠷᠢᠶᠠᠯ ᠤᠨ ᠬᠦᠴᠦᠨ | ᠬᠡᠵᠣ ᠬᠡᠮᠵᠢᠶᠡᠯᠡᠰᠢ ᠦᠬᠡᠢ ᠪᠠᠶᠢᠳᠠᠭ᠂ ᠬᠡᠣᠬᠡᠳ ᠲᠤ ᠠᠪᠴᠣ ᠬᠡᠯᠡᠪᠡᠯ ᠦᠪᠡᠷ ᠤᠨ ᠬᠡᠬᠦ ᠵᠣᠷᠢᠭᠳᠠᠢ ᠬᠡᠯᠡᠬᠦ | ᠵᠣᠭᠤᠭ ᠲᠠᠢ ᠪᠣᠯᠵᠣ ᠡᠳᠦᠷ ᠪᠦᠷᠢ ᠪᠠᠶᠠᠷ ᠬᠦᠷ ᠲᠠᠢ ᠪᠠᠷ ᠰᠣᠷᠣᠯᠴᠠᠯᠭ᠎ᠠ ᠠᠮᠢᠳᠣᠷᠠᠯ ᠳᠤ ᠣᠷᠣᠯᠴᠠᠨ᠂ ᠦᠪᠡᠷ | ᠪᠣᠰᠣᠳ ᠤᠨ ᠲᠣᠮᠳᠠ ᠠᠳᠠᠯᠢᠬᠠᠨ ᠲᠠᠭᠤᠷᠢᠶᠠᠯ ᠪᠣᠯᠬᠤ ᠪᠠᠷ ᠮᠡᠷᠡᠶᠢᠬᠦ᠂ ᠪᠣᠰᠣᠳ ᠲᠠᠢ ᠢᠯᠡᠬᠦᠴᠠ ᠬᠠᠷᠢᠴᠠᠬᠤ᠂ | ᠪᠣᠰᠣᠳ ᠢ ᠬᠠᠪᠰᠣᠷᠬᠤ ᠣᠬᠠᠭᠠᠨ ᠪᠣᠳᠣᠯ ᠢ ᠨᠢ ᠲᠡᠯᠡᠵᠣ ᠡᠷᠡᠬᠦᠯ ᠬᠦᠭᠵᠢᠯᠳᠡ ᠶᠢ ᠨᠢ ᠠᠬᠢᠭᠤᠯᠳᠠᠭ᠃ | 3. ᠮᠡᠳᠡᠯᠭᠡ ᠴᠢᠳᠠᠪᠣᠷᠢ ᠶᠢᠨ ᠬᠤᠷᠠᠮᠳᠣᠭᠤᠯᠣᠯ ᠳᠤ ᠨᠢ ᠠᠰᠢᠭᠳᠠᠢ᠃ ᠬᠡᠣᠬᠡᠳ ᠦᠪᠡᠷ ᠤᠨ ᠬᠡᠬᠦ ᠬᠦᠰᠡᠯ | ᠬᠦᠬᠡᠬᠡᠴᠡᠯᠳᠣᠯ ᠲᠠᠢ ᠪᠣᠯᠣᠭᠰᠠᠭᠠᠷ᠂ ᠲᠡᠬᠦᠨ ᠤ ᠬᠠᠮᠢᠶᠠᠳᠠᠢ ᠨᠣᠮ ᠣᠩᠰᠢᠬᠤ᠂ ᠮᠡᠳᠡᠯᠭᠡ ᠬᠤᠷᠠᠮᠳᠣᠭᠤᠯᠬᠤ᠂ ᠶᠠᠷᠢᠶ᠎ᠠ | ᠬᠠᠷᠢᠯᠴᠠᠭᠠᠨ ᠳᠤ ᠢᠳᠡᠪᠬᠢᠳᠡᠢ ᠣᠷᠣᠯᠴᠠᠨ ᠲᠣᠭᠳᠠᠭᠰᠠᠨ ᠬᠡᠮᠵᠢᠶᠠᠨ ᠤ ᠮᠡᠳᠡᠯᠭᠡ ᠴᠢᠳᠠᠪᠣᠷᠢ ᠶᠢ ᠴᠠᠭ ᠪᠦᠷᠢ | ᠬᠤᠷᠠᠮᠳᠣᠭᠤᠯᠵᠣ ᠪᠠᠶᠢᠳᠠᠭ᠃ | 4. ᠰᠢᠨ᠎ᠡ ᠬᠦᠰᠡᠯᠡᠩ ᠤᠨ ᠬᠦᠪᠣᠷᠡᠨ ᠬᠦᠭᠵᠢᠬᠦ ᠳᠤ ᠰᠠᠭᠤᠷᠢᠯᠠᠳᠠᠭ᠃ ᠬᠡᠣᠬᠡᠳ ᠤᠨ ᠬᠦᠭᠵᠢᠯᠳᠡ ᠶᠢ | ᠬᠡᠳᠦᠢ ᠦᠨᠳᠦᠷ ᠬᠡᠵᠣ ᠪᠣᠳᠣᠪᠠᠯ ᠲᠡᠳᠦᠢ ᠦᠨᠳᠦᠷ ᠲᠤ ᠬᠦᠷᠳᠡᠭ ᠲᠠᠢ ᠠᠳᠠᠯᠢ ᠪᠠᠷ ᠬᠡᠣᠬᠡᠳ ᠤᠨ ᠬᠦᠰᠡᠯᠡᠩ ᠴᠦ | ᠠᠳᠠᠯᠢ ᠪᠠᠷ ᠡᠨᠡ ᠶᠢ ᠠᠵᠢᠭᠯᠠᠵᠣ ᠲᠣᠭᠤᠵᠣ ᠪᠢᠰᠢᠷᠡᠵᠣ ᠪᠠᠶᠢᠭᠰᠠᠨ ᠠᠴᠠ ᠪᠠᠨ ᠨᠡᠩ ᠦᠨᠳᠦᠷ ᠲᠠᠪᠴᠠᠩ ᠢ ᠣᠯᠵᠣ | ᠬᠠᠷᠠᠵᠣ᠂ ᠬᠦᠰᠡᠯᠡᠩ ᠤᠨ ᠰᠢᠨ᠎ᠡ ᠠᠬᠢᠯᠳᠡ ᠶᠢ ᠪᠣᠢ ᠪᠣᠯᠭᠠᠵᠣ ᠢᠷᠡᠬᠡᠳᠦᠢ ᠶᠢᠨ ᠬᠦᠭᠵᠢᠯᠳᠡ ᠶᠢ ᠠᠬᠢᠭᠤᠯᠳᠠᠭ᠃ | ︽ᠬᠦᠰᠡᠯᠡᠩ ᠪᠤᠯ ᠵᠠᠮ ᠢ ᠵᠢᠭᠠᠬᠤ ᠭᠡᠷᠡᠯᠲᠦ ᠴᠠᠮᠬᠠᠭ ᠮᠦᠨ᠂ ᠬᠦᠰᠡᠯᠡᠩ ᠦᠭᠡᠢ ᠪᠤᠯ ᠲᠤᠳᠤᠷᠬᠠᠢ ᠴᠢᠭᠯᠡᠯ | ᠦᠭᠡᠢ᠂ ᠴᠢᠭᠯᠡᠯ ᠦᠭᠡᠢ ᠪᠤᠯ ᠠᠮᠢᠳᠤᠷᠠᠯ ᠦᠭᠡᠢ︾ ᠭᠡᠵᠦ ᠯ᠊ ᠲᠤᠯᠰᠲ᠋ᠤᠢ ᠬᠡᠯᠡᠵᠦ ᠦᠡᠭᠭᠡᠷᠡᠭᠰᠡᠨ ᠮᠦᠷᠳᠡᠬᠡᠨ | ᠡᠩ ᠤᠨ ᠶᠠᠷᠢᠶᠠᠨ ᠳᠤ ᠴᠦ ︽ᠬᠦᠮᠦᠨ ᠬᠡᠷᠪᠡ ᠬᠦᠰᠡᠯᠡᠩ ᠦᠬᠡᠢ ᠪᠤᠯ ᠰᠢᠪᠠᠭᠤ ᠲᠠᠯᠪᠴᠢ ᠦᠬᠡᠢ ᠲᠠᠢ | ᠠᠳᠠᠯᠢ︾ ᠬᠡᠳᠡᠭ᠃ ᠠᠪᠤ ᠡᠵᠢ ᠪᠤᠯᠤᠭᠰᠠᠳ ᠴᠦ ᠲᠡᠷᠡ᠂ ᠪᠠᠭᠰᠢ ᠪᠤᠯᠤᠭᠰᠠᠳ ᠴᠤ ᠲᠡᠷᠡ ᠬᠡᠦᠬᠡᠳ ᠤᠨ ᠪᠦᠬᠦ᠋ᠢᠯᠡ | ᠨᠠᠰᠤᠨ ᠤ ᠠᠮᠢᠳᠤᠷᠠᠯ ᠢ ᠡᠵᠡᠮᠳᠡᠨ ᠵᠠᠬᠢᠷᠬᠤ ᠪᠤᠯᠤᠯᠴᠠᠭ᠎ᠠ ᠦᠭᠡᠢ᠃ ᠪᠢᠳᠡᠨ ᠤ ᠬᠢᠵᠦ ᠳᠡᠶᠢᠯᠬᠦ ᠬᠠᠮᠤᠭ ᠤᠳᠬ᠎ᠠ | ᠠᠭᠤᠯᠭ᠎ᠠ ᠲᠠᠢ᠂ ᠮᠦᠨᠴᠦ ᠬᠠᠮᠤᠭ ᠬᠢᠪᠡᠰᠦ ᠵᠤᠬᠢᠰᠲᠠᠢ ᠵᠦᠢᠯ ᠪᠤᠯ ᠬᠡᠦᠬᠡᠳ ᠪᠠᠭᠠᠴᠤᠳ ᠤᠨ ᠨᠢᠯᠬ᠎ᠠ ᠤᠶᠤᠨ ᠳᠤ | ᠵᠦᠪ ᠰᠠᠶᠢᠬᠠᠨ ᠬᠦᠰᠡᠯᠡᠩ ᠤᠨ ᠦᠷ᠎ᠡ ᠶᠢ ᠲᠠᠷᠢᠵᠤ ᠰᠤᠶᠤᠭᠠᠯᠠᠭᠤᠯᠤᠨ᠂ ᠲᠡᠳᠡᠨ ᠤ ᠶᠠᠪᠤᠬᠤ ᠵᠠᠮ ᠤᠨ ᠴᠢᠭᠯᠡᠯ ᠢ | ᠵᠢᠭᠠᠵᠤ ᠦᠭᠬᠦ ᠶᠠᠪᠤᠳᠠᠯ ᠪᠤᠯᠬᠤ ᠶᠤᠮ᠂ ᠢᠡᠭᠭᠢᠮᠡᠨᠵᠢᠨ ᠬᠡᠦᠬᠡᠳ ᠪᠠᠭᠠᠴᠤᠳ ᠰᠠᠶ᠋ᠢ ᠨᠠᠷᠠᠨ ᠤ ᠭᠡᠷᠡᠯ ᠰᠠᠴᠤᠷᠠᠨ | ᠲᠤᠶᠠᠭᠠᠷᠠᠭᠰᠠᠨ ᠢᠷᠡᠭᠡᠳᠦᠢ ᠵᠦᠭ ᠢᠶᠠᠨ ᠴᠤᠭ ᠵᠢᠪᠬᠤᠭ᠎ᠠ ᠲᠠᠢ ᠤᠷᠤᠭᠰᠢᠯᠠᠵᠤ ᠬᠦᠰᠡᠯ ᠮᠦᠷᠦᠭᠡᠳᠦᠯ ᠢᠶᠠᠨ | ᠪᠡᠶᠡᠯᠡᠭᠦᠯᠵᠦ ᠴᠢᠳᠠᠬᠤ ᠶᠤᠮ᠃ ᠪᠢᠳᠡ ᠪᠦᠬᠦᠨ ᠤ ᠬᠦᠮᠦᠵᠢᠯ ᠰᠤᠷᠭᠠᠯ ᠤᠨ ᠡᠴᠦᠰ ᠤᠨ ᠬᠠᠷᠠᠯᠲᠠ ᠴᠦ ᠮᠦᠨ ᠡᠨᠡ | ᠪᠢᠯᠡ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠣᠩᠨᠢᠭᠤᠳ ᠬᠤᠰᠢᠭᠤᠨ ᠤ ᠪᠣᠷᠣᠬᠤᠳᠠ ᠳᠠᠬᠢ | ᠮᠣᠩᠭᠤᠯ ᠦᠨᠳᠦᠰᠦᠳᠡᠨ ᠤ ᠪᠠᠭ᠎ᠠ ᠰᠣᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | 2023.5 ᠳ᠋ᠤᠭᠠᠷ ᠬᠤᠭᠤᠴᠠᠭ᠎ᠠ | | |