ᠯᠢᠶᠠᠩ ᠭᠦᠭᠵᠢᠯᠳᠤ | | | | | | ᠤᠩᠰᠢᠯᠭ᠎ᠠ ᠪᠣᠯ ᠦᠭᠡ ᠬᠡᠯᠡ ᠦᠰᠦᠭ ᠪᠢᠴᠢᠭ ᠢ ᠠᠰᠢᠭᠯᠠᠨ ᠬᠡᠯᠡᠨ ᠤ ᠮᠡᠳᠡᠷᠡᠮᠵᠢ ᠶᠢ ᠳᠡᠭᠡᠭᠰᠢᠯᠡᠬᠦᠯᠭᠦ᠂ | ᠮᠡᠳᠡᠭᠡ ᠵᠠᠩᠭᠢ ᠣᠯᠬᠤ᠂ ᠶᠢᠷᠲᠢᠨᠴᠦ ᠶᠢ ᠲᠠᠨᠢᠬᠤ᠂ ᠰᠡᠳᠬᠢᠬᠦᠢ ᠶᠢ ᠬᠥᠭᠵᠢᠭᠡᠬᠦ᠂ ᠭᠤᠸ᠎ᠠ ᠰᠠᠶᠢᠬᠠᠨ ᠢ ᠪᠡᠶᠡᠴᠢᠯᠡᠨ | ᠣᠶᠢᠯᠠᠭᠠᠬᠤ ᠴᠢᠬᠤᠯᠠ ᠠᠷᠭ᠎ᠠ ᠵᠠᠮ ᠮᠥᠨ᠃ ᠪᠢ ᠪᠠᠷ ᠰᠤᠷᠭᠠᠯᠳᠠ ᠶᠢᠨ ᠶᠠᠪᠤᠴᠠ ᠳᠤ ᠪᠠᠨ ᠰᠤᠷᠤᠭᠴᠢᠳ ᠤᠨ ᠬᠡᠯᠡ | ᠪᠢᠴᠢᠭ ᠤᠨ ᠤᠩᠰᠢᠯᠭ᠎ᠠ ᠶᠢᠨ ᠪᠣᠯᠪᠠᠰᠤᠷᠠᠯ ᠢ ᠴᠢᠩᠭᠠᠳᠬᠠᠵᠤ᠂ ᠤᠩᠰᠢᠯᠭ᠎ᠠ ᠶᠢᠨ ᠵᠢᠯᠣᠭᠤᠳᠤᠮᠵᠢ ᠪᠠᠨ | ᠰᠢᠯᠢᠳᠡᠭᠵᠢᠭᠦᠯᠵᠦ᠂ ᠤᠩᠰᠢᠯᠭ᠎ᠠ ᠶᠢᠨ ᠬᠦᠷᠢᠶ᠎ᠡ ᠬᠡᠪᠴᠢᠶ᠎ᠡ ᠶᠢ ᠥᠷᠭᠡᠳᠬᠡᠵᠤ᠂ ᠤᠩᠰᠢᠯᠭ᠎ᠠ ᠶᠢᠨ ᠦᠷ᠎ᠡ ᠠᠰᠢᠭ ᠢ | ᠨᠡᠮᠡᠭᠳᠡᠭᠦᠯᠵᠤ᠂ ᠤᠩᠰᠢᠯᠭ᠎ᠠ ᠶᠢᠨ ᠠᠷᠭ᠎ᠠ ᠠᠪᠴᠠᠯ ᠢ ᠰᠦᠪᠡᠭᠴᠢᠯᠡᠬᠦ ᠪᠠᠷ ᠳᠠᠮᠵᠢᠨ ᠤᠩᠰᠢᠯᠭ᠎ᠠ ᠶᠢᠨ ᠴᠢᠨᠠᠷ | ᠴᠢᠨᠰᠠᠭ᠎ᠠ ᠶᠢ ᠳᠡᠭᠡᠭᠰᠢᠯᠡᠭᠦᠯᠦᠭᠰᠡᠨ ᠪᠠᠶᠢᠨ᠎ᠠ᠃ | ᠨᠢᠭᠡ᠂ ᠤᠩᠰᠢᠯᠭ᠎ᠠ ᠶᠢᠨ ᠬᠦᠷᠢᠶ᠎ᠡ ᠬᠡᠪᠴᠢᠶ᠎ᠡ ᠶᠢ ᠥᠷᠭᠡᠳᠬᠡᠭᠦ | ᠤᠩᠰᠢᠯᠭ᠎ᠠ ᠶᠢᠨ ᠬᠦᠷᠢᠶ᠎ᠡ ᠬᠡᠪᠴᠢᠶ᠎ᠡ ᠶᠢ ᠥᠷᠭᠡᠳᠬᠡᠬᠦ ᠨᠢ ᠡᠷᠲᠡᠨ ᠡᠳᠦᠭᠡ᠂ ᠲᠤᠳᠤᠭᠠᠳᠦ ᠭᠠᠳᠠᠭᠠᠳᠣ ᠶᠢᠨ | ᠤᠷᠠᠨ ᠵᠣᠬᠢᠶᠠᠯ᠂ ᠲᠡᠦᠬᠡ ᠱᠠᠰᠳᠢᠷ᠂ ᠰᠢᠨᠵᠢᠯᠡᠬᠦ ᠤᠬᠠᠭᠠᠨ᠂ ᠭᠦᠨ ᠤᠬᠠᠭᠠᠨ᠂ ᠬᠠᠤᠯᠢ ᠳᠦᠷᠢᠮ᠂ ᠰᠤᠷᠭᠠᠨ | ᠬᠥᠮᠥᠵᠢᠯ ᠵᠡᠷᠭᠡ ᠣᠯᠠᠨ ᠬᠦᠷᠢᠶ᠎ᠡ ᠴᠠᠷᠠᠭ᠎ᠠ ᠶᠢᠨ ᠨᠣᠮ ᠪᠢᠴᠢᠭ ᠢ ᠤᠩᠰᠢᠬᠤ ᠶᠢ ᠵᠢᠭᠠᠨ᠎ᠠ᠃ ᠰᠤᠷᠤᠭᠴᠢ ᠶᠢᠨ | ᠤᠩᠰᠢᠯᠭ᠎ᠠ ᠶᠢᠨ ᠬᠦᠷᠢᠶ᠎ᠡ ᠬᠡᠪᠴᠢᠶ᠎ᠡ ᠨᠢ ᠵᠥᠪᠬᠡᠨ ︽ᠰᠤᠷᠬᠤ ᠪᠢᠴᠢᠭ︾᠂ ︽ᠤᠩᠰᠢᠬᠤ ᠪᠢᠴᠢᠭ︾ ᠲᠤ | ᠬᠢᠵᠠᠭᠠᠷᠯᠠᠭᠳᠠᠵᠤ ᠪᠣᠯᠬᠤ ᠦᠭᠡᠢ᠂ ᠣᠨᠴᠠᠭᠠᠶᠢᠯᠠᠨ ᠠᠮᠠᠷᠠᠯᠲᠠ ᠶᠢᠨ ᠬᠤᠭᠤᠴᠠᠭᠠᠨ ᠳᠤ ᠰᠣᠩᠭᠤᠯᠲᠠ ᠲᠠᠢ ᠪᠠᠷ | ᠣᠯᠠᠨ ᠨᠣᠮ ᠢ ᠤᠩᠰᠢᠨ᠎ᠠ᠃ ᠪᠠᠭ᠎ᠠ ᠰᠤᠷᠭᠠᠭᠤᠯᠢ ᠶᠢᠨ ᠳᠣᠣᠷ᠎ᠠ ᠣᠨ ᠤ ᠰᠤᠷᠤᠭᠴᠢ ᠤᠩᠰᠢᠭᠠᠳ ᠲᠣᠳᠣ | ᠣᠶᠢᠯᠠᠭᠠᠬᠤ ᠦᠭᠡᠢ ᠦᠵᠡᠭᠳᠡᠯ ᠢᠯᠡᠷᠡᠳᠡᠭ᠂ ᠵᠠᠪᠠᠯ ᠣᠢᠢᠯᠠᠭᠠᠭᠤᠯᠬᠤ ᠭᠡᠵᠤ ᠵᠣᠷᠢᠭ ᠢ ᠨᠢ ᠪᠢᠲᠡᠭᠡᠢ ᠮᠣᠬᠤᠭᠠᠷᠠᠢ᠂ | ᠪᠠᠷᠢᠮᠳᠠᠯᠠᠵᠤ ᠤᠩᠰᠢᠭᠠᠳ ᠯᠠ ᠪᠠᠶᠢᠪᠠᠯ ᠬᠡᠯᠡᠨ ᠤ ᠮᠡᠳᠡᠷᠡᠮᠵᠢ ᠨᠢ ᠠᠶᠠᠨᠳᠠᠭᠠᠨ ᠳᠡᠭᠡᠭᠰᠢᠯᠡᠳᠡᠭ᠃ ᠡᠨᠡ ᠨᠢ ᠬᠡᠦᠬᠡᠳ ᠢ | ᠨᠢᠯᠬ᠎ᠠ ᠪᠠᠯᠴᠢᠷ ᠪᠠᠶᠢᠬᠤ ᠳᠤ ᠡᠳᠦᠷ ᠪᠣᠯᠭᠠᠨ ᠰᠢᠨ᠎ᠡ ᠦᠭᠡ ᠰᠤᠷᠬᠤ ᠶᠢ ᠱᠠᠭᠠᠷᠳᠠᠬᠤ ᠦᠭᠡᠢ ᠪᠣᠯᠪᠠᠴᠦ ᠬᠡᠦᠬᠡᠳ | ᠡᠳᠦᠷ ᠲᠣᠲᠣᠮ ᠤᠨ ᠠᠮᠢᠳᠤᠷᠠᠯ ᠳᠤᠮᠳᠠ ᠠᠶᠠᠨᠳᠠᠭᠠᠨ ᠬᠥᠮᠦᠵᠢᠭᠳᠡᠵᠦ᠂ ᠭᠡᠤᠭᠡᠳ ᠤᠨ ᠴᠡᠴᠡᠷᠯᠢᠭ ᠲᠤ | ᠬᠦᠷᠭᠡᠬᠦ ᠠᠴᠠ ᠡᠮᠦᠨ᠎ᠠ ᠨᠡᠯᠢᠶᠡᠳ ᠶᠠᠷᠢᠵᠤ ᠢᠯᠡᠳᠭᠡᠬᠦ ᠲᠥᠪᠰᠢᠨ ᠳᠤ ᠬᠦᠷᠳᠡᠭ ᠲᠠᠢ ᠠᠳᠠᠯᠢ ᠶᠣᠰᠦᠨ | ᠪᠢᠯᠡ᠃ ᠲᠡᠶᠢᠮᠦ ᠠᠴᠠ ᠵᠥᠪ ᠠᠭᠤᠯᠭ᠎ᠠ ᠦᠵᠡᠯᠲᠡ ᠲᠠᠢ ᠨᠣᠮ ᠤᠳ ᠢ ᠪᠦᠷ ᠤᠩᠰᠢᠵᠤ ᠪᠣᠯᠣᠨ᠎ᠠ᠃ ᠭᠡᠬᠦ ᠳᠤ ᠪᠠᠨ | ᠳᠤᠷ᠎ᠠ ᠰᠣᠨᠢᠷᠬᠠᠯ ᠪᠣᠯᠣᠨ ᠬᠦᠯᠢᠶᠡᠨ ᠠᠪᠬᠤ ᠲᠦᠪᠰᠢᠨ ᠳᠤ ᠨᠢ ᠲᠣᠬᠢᠷᠠᠭᠰᠠᠨ ᠰᠣᠩᠭᠤᠳᠠᠭ ᠰᠢᠯᠢᠳᠡᠭ ᠨᠣᠮ | ᠪᠢᠴᠢᠭ ᠢ ᠲᠠᠨᠢᠯᠴᠠᠭᠤᠯᠵᠤ ᠤᠩᠰᠢᠭᠤᠯᠬᠤ ᠨᠢ ᠨᠡᠩ ᠠᠴᠢ ᠦᠢᠯᠡᠳᠦᠯ ᠲᠠᠢ᠃ | ᠬᠤᠶᠠᠷ᠂ ᠤᠩᠰᠢᠯᠭ᠎ᠠ ᠶᠢᠨ ᠲᠤᠭ᠎ᠠ ᠨᠣᠷᠮ᠎ᠠ ᠶᠢ ᠨᠡᠮᠡᠭᠳᠡᠭᠦᠯᠭᠦ | ︽ᠬᠢᠴᠢᠶᠡᠯ ᠤᠨ ᠪᠠᠷᠢᠮᠵᠢᠶ᠎ᠠ︾ ᠳᠤ ᠰᠤᠷᠤᠭᠴᠢᠳ ᠤᠨ ᠶᠢᠰᠤᠨ ᠵᠢᠯ ᠤᠨ ᠳᠤᠷᠰᠢᠬᠢ ᠤᠩᠰᠢᠯᠭ᠎ᠠ ᠶᠢᠨ | ᠶᠡᠷᠤᠩᠬᠡᠢ ᠬᠡᠮᠵᠢᠶ᠎ᠠ ᠶᠢ 385 ᠳᠦᠮᠡᠨ ᠦᠭᠡ ᠠᠴᠠ ᠳᠡᠭᠡᠭᠰᠢ ᠪᠠᠶᠢᠯᠭᠠᠬᠤ ᠶᠢ ᠱᠠᠭᠠᠷᠳᠠᠵᠠᠢ᠃ ᠤᠩᠰᠢᠯᠭ᠎ᠠ ᠶᠢᠨ | ᠲᠤᠭ᠎ᠠ ᠨᠣᠷᠮ᠎ᠠ ᠶᠢ ᠨᠡᠮᠡᠭᠳᠡᠭᠦᠯᠬᠦ ᠨᠢ ᠬᠤᠶᠠᠷ ᠠᠭᠤᠯᠭ᠎ᠠ ᠲᠠᠢ᠃ ᠨᠢᠭᠡ ᠨᠢ ᠤᠩᠰᠢᠬᠤ ᠦᠭᠡ ᠥᠰᠦᠭ ᠤᠨ ᠲᠤᠭ᠎ᠠ | ᠣᠯᠠᠨ ᠪᠠᠶᠢᠬᠤ ᠶᠢ ᠵᠢᠭᠠᠨ᠎ᠠ᠃ ︽ᠨᠣᠮ ᠣᠯᠠᠨ ᠤᠩᠰᠢᠪᠠᠰᠤ ᠪᠢᠷ ᠤᠨ ᠦᠵᠦᠭᠦᠷ ᠰᠢᠳᠢ ᠣᠷᠣᠰᠢᠮᠤᠢ︾ ᠭᠡᠭᠴᠢ | ᠡᠨᠡ ᠪᠣᠯᠣᠨ᠎ᠠ᠃ ᠢᠩᠭᠢᠵᠤ ᠥᠷᠭᠡᠨ ᠬᠡᠪᠴᠢᠶᠡᠨ ᠤ ᠨᠣᠮ ᠤᠩᠰᠢᠬᠤ ᠨᠢ ᠰᠤᠷᠤᠭᠴᠢᠳ ᠤᠨ ᠬᠡᠯᠡᠨ ᠤ ᠮᠡᠳᠡᠷᠡᠮᠵᠢ ᠶᠢ | ᠳᠡᠭᠡᠭᠰᠢᠯᠡᠭᠦᠯᠦᠨ᠂ ᠣᠶᠣᠨ ᠮᠡᠳᠡᠯᠭᠡ ᠶᠢ ᠲᠦᠯᠵᠢᠭᠦᠯᠵᠤ᠂ ᠤᠷᠠᠨ ᠬᠠᠷᠠᠭ᠎ᠠ ᠶᠢ ᠥᠷᠭᠡᠵᠢᠭᠦᠯᠳᠡᠭ᠃ ᠡ᠊ᠨᠡ ᠭᠦ | ᠱᠠᠭᠠᠷᠳᠠᠯᠭ᠎ᠠ ᠪᠣᠯ ᠳᠡᠯᠡᠬᠡᠢ ᠪᠠᠷ ᠢᠶᠠᠨ ᠮᠡᠳᠡᠷᠡᠵᠦ ᠪᠠᠶᠢᠭ᠎ᠠ ᠤᠩᠰᠢᠯᠭ᠎ᠠ ᠶᠢ ᠰᠠᠶᠢᠵᠢᠷᠠᠭᠤᠯᠬᠤ ᠬᠠᠮᠤᠭ ᠤᠨ | ᠦᠨᠳᠦᠰᠦᠨ ᠠᠷᠭ᠎ᠠ ᠠᠪᠴᠠᠯ ᠪᠣᠯᠣᠨ᠎ᠠ᠃ ᠨᠥᠭᠦᠭᠡ ᠨᠢ ᠨᠣᠮ ᠢ ᠣᠯᠠᠨ ᠲᠠᠬᠢᠨ ᠤᠩᠰᠢᠬᠤ ᠶᠢ | ᠵᠢᠭᠠᠨ᠎ᠠ᠃ ︽ᠨᠣᠮ ᠢ ᠵᠠᠭᠤᠨᠲᠠ ᠤᠩᠰᠢᠪᠠᠰᠤ ᠤᠳᠬ᠎ᠠ ᠠᠨᠤ ᠥᠪᠡᠷ ᠢᠶᠠᠨ ᠢᠯᠡᠷᠡᠮᠦᠢ︾ ᠭᠡᠭᠴᠢ ᠪᠠᠷ ᠰᠣᠩᠭᠤᠳᠠᠭ | ᠨᠣᠮ ᠵᠣᠬᠢᠶᠠᠯ ᠢ ᠠᠬᠢᠨ ᠲᠠᠬᠢᠨ ᠤᠩᠰᠢᠬᠤ ᠪᠠᠷ ᠳᠠᠮᠵᠢᠨ ᠨᠡᠩ ᠭᠦᠨ ᠭᠦᠨᠵᠡᠭᠡᠢ ᠣᠢᠢᠯᠠᠭᠠᠯᠲᠠ ᠣᠯᠣᠯᠲᠠ ᠲᠠᠢ | ᠪᠣᠯᠳᠠᠭ᠃ ᠡᠶᠢᠮᠦ ᠠᠴᠠ ᠰᠤᠷᠤᠭᠴᠢᠳ ᠤᠨ ᠨᠣᠮ ᠵᠣᠬᠢᠶᠠᠯ ᠤᠩᠰᠢᠬᠤ ᠤᠷᠮ᠎ᠠ ᠶᠢ ᠨᠢ ᠳᠠᠶᠢᠴᠢᠯᠠᠨ᠂ ᠪᠡᠶ᠎ᠡ ᠪᠠᠨ | ᠳᠠᠭᠠᠭᠠᠵᠤ ᠤᠩᠰᠢᠬᠤ ᠴᠢᠳᠠᠪᠤᠷᠢ ᠲᠠᠢ᠂ ᠬᠡᠯᠡᠨ ᠤ ᠬᠤᠷᠠᠮᠳᠤᠭᠤᠯᠤᠯ ᠪᠠᠶᠠᠯᠢᠭ᠂ ᠬᠡᠯᠡᠨ ᠤ ᠮᠡᠳᠡᠷᠡᠮᠵᠢ ᠰᠠᠶᠢᠲᠠᠢ᠂ | ᠬᠠᠶᠢᠷ᠎ᠠ ᠰᠡᠳᠭᠢᠯᠭᠡ ᠶᠢᠨ ᠤᠶᠢᠯᠠᠭᠠᠯᠲᠠ ᠲᠦᠷᠦᠭᠳᠡᠯ ᠲᠠᠢ ᠪᠣᠯᠭᠠᠬᠤ ᠪᠠᠷ ᠤᠩᠰᠢᠯᠭ᠎ᠠ ᠶᠢᠨ ᠲᠤᠭ᠎ᠠ ᠨᠣᠷᠮ᠎ᠠ ᠶᠢ | ᠨᠡᠮᠡᠭᠳᠡᠭᠦᠯᠬᠦ ᠬᠡᠷᠡᠭᠲᠡᠢ᠃ ᠤᠯᠠᠨ ᠨᠤᠮ ᠤᠩᠰᠢᠭᠤᠯᠵᠤ᠂ ᠰᠠᠶᠢᠨ ᠨᠤᠮ ᠢ ᠣᠯᠠᠨ ᠳᠠᠬᠢᠨ ᠤᠩᠰᠢᠭᠤᠯᠵᠤ᠂ ᠪᠦᠲᠦᠨ | ᠨᠤᠮ ᠤᠩᠰᠢᠭᠤᠯᠵᠤ᠂ ᠪᠠᠭ᠋ᠠᠲᠠᠢ ᠤᠩᠰᠢᠭᠤᠯᠤᠨ᠎ᠠ᠃ ᠰᠤᠷᠤᠭᠴᠢᠳ ᠤᠨ ᠤᠯᠠᠨ ᠵᠦᠢᠯ ᠤᠨ ᠵᠠᠭᠤᠴᠢᠯᠠᠭᠤᠷ ᠢᠶᠠᠷ | ᠨᠤᠮ ᠤᠩᠰᠢᠬᠤ ᠶᠢ ᠠᠩᠬᠠᠷᠴᠤ᠂ ᠦᠪᠡᠰᠦᠪᠡᠨ ᠨᠤᠮ ᠰᠤᠩᠭᠤᠵᠤ ᠤᠩᠰᠢᠬᠤ ᠶᠢ ᠵᠤᠷᠢᠬᠵᠢᠭᠤᠯᠤᠨ᠎ᠠ᠃ | ᠭᠤᠷᠪᠠ᠂ ᠤᠩᠰᠢᠯᠭ᠎ᠠ ᠶᠢᠨ ᠠᠷᠭ᠎ᠠ ᠠᠪᠴᠠᠯ ᠢ ᠤᠶᠠᠯᠳᠤᠭᠤᠯᠬᠤ | ︽ᠬᠢᠴᠢᠶᠡᠯ ᠤᠨ ᠪᠠᠷᠢᠮᠵᠢᠶ᠎ᠠ︾ ᠳᠤ ︽ᠳᠤᠮᠳᠠᠳᠦ ᠪᠠᠭ᠎ᠠ ᠰᠤᠷᠭᠠᠭᠤᠯᠢ ᠶᠢᠨ ᠰᠤᠷᠤᠭᠴᠢᠳ ᠤᠯᠠᠨ | ᠵᠦᠢᠯ ᠤᠨ ᠤᠩᠰᠢᠬᠤ ᠠᠷᠭ᠎ᠠ ᠶᠢ ᠪᠤᠯᠪᠠᠰᠤᠷᠠᠩᠭᠤᠢ ᠡᠵᠡᠮᠰᠢᠨ᠂ ᠪᠡᠶ᠎ᠡ ᠪᠠᠨ ᠳᠠᠭᠠᠭᠠᠵᠤ ᠤᠩᠰᠢᠬᠤ ᠴᠢᠳᠠᠪᠤᠷᠢ ᠲᠠᠢ᠂ | ᠬᠡᠯᠡᠨ ᠤ ᠬᠤᠷᠠᠮᠳᠤᠭᠤᠯᠤᠯ ᠪᠠᠶᠠᠯᠢᠭ᠂ ᠬᠡᠯᠡᠨ ᠤ ᠮᠡᠳᠡᠷᠡᠮᠵᠢ ᠰᠠᠶᠢᠲᠠᠢ᠂ ᠬᠠᠶᠢᠷ᠎ᠠ ᠰᠡᠳᠭᠢᠯᠭᠡ ᠶᠢᠨ ᠤᠶᠢᠯᠠᠭᠠᠯᠲᠠ | ᠲᠦᠷᠦᠭᠳᠡᠯ ᠲᠠᠢ ᠪᠤᠯᠤᠨ᠎ᠠ᠃ ᠡᠩ ᠤᠨ ᠰᠤᠨᠢᠨ ᠰᠡᠳᠭᠦᠯ᠂ ᠨᠤᠮ ᠪᠢᠴᠢᠭ ᠢ ᠤᠩᠰᠢᠵᠤ ᠤᠶᠢᠯᠠᠭᠠᠬᠤ ᠪᠦᠭᠡᠳ | ᠤᠷᠠᠨ ᠵᠤᠬᠢᠶᠠᠯ ᠰᠤᠨᠢᠷᠬᠠᠬᠤ ᠠᠩᠬ᠎ᠠ ᠠᠯᠬᠤᠮ ᠤᠨ ᠴᠢᠳᠠᠪᠤᠷᠢ ᠶᠢ ᠪᠦᠷᠢᠯᠳᠦᠭᠦᠯᠦᠨ᠎ᠡ︾ ᠭᠡᠵᠤ ᠱᠠᠭᠠᠷᠲᠠᠵᠠᠢ᠃ | ᠬᠥᠮᠥᠨ ᠤ ᠥᠰᠦᠨ ᠪᠤᠶᠢᠵᠢᠯᠲᠠ ᠶᠢᠨ ᠠᠳᠠᠯᠢ ᠪᠤᠰᠤ ᠨᠠᠰᠤ ᠵᠢᠯ᠂ ᠬᠠᠷᠠᠯᠲᠠ ᠵᠣᠷᠢᠯᠭ᠎ᠠ᠂ ᠣᠷᠴᠢᠨ | ᠲᠤᠭᠤᠷᠢᠨ ᠵᠡᠷᠭᠡ ᠣᠯᠠᠨ ᠨᠦᠬᠦᠴᠡᠯ ᠠᠴᠠ ᠨᠣᠮ ᠤᠩᠰᠢᠬᠤ ᠳᠤ ᠪᠠᠨ ᠤᠩᠰᠢᠯᠭ᠎ᠠ ᠶᠢᠨ ᠣᠯᠠᠨ ᠠᠷᠭ᠎ᠠ ᠠᠴᠠ | ᠥᠪᠡᠷ ᠲᠤ ᠪᠠᠨ ᠵᠣᠬᠢᠴᠠᠭᠰᠠᠨ ᠠᠷᠭ᠎ᠠ ᠶᠢ ᠰᠣᠩᠭᠤᠵᠤ᠂ ᠤᠩᠰᠢᠯᠭ᠎ᠠ ᠶᠢᠨ ᠬᠠᠷᠠᠯᠲᠠ ᠳᠤ ᠪᠠᠨ | ᠬᠦᠷᠳᠡᠭ᠃ ᠡᠭᠦᠨ ᠳᠤ ᠮᠣᠩᠭᠤᠯ ᠬᠡᠯ᠎ᠠ ᠪᠢᠴᠢᠭ ᠨᠢ ᠦᠨᠳᠦᠰᠦᠨ ᠰᠠᠭᠤᠷᠢ ᠬᠢᠴᠢᠶᠡᠯ ᠲᠤᠯᠠ ᠤᠩᠰᠢᠬᠤ | ᠴᠢᠳᠠᠪᠤᠷᠢ ᠶᠢᠨ ᠬᠥᠮᠦᠵᠢᠯ ᠢ ᠠᠯᠬᠤᠮ ᠳᠠᠷᠠᠭᠠᠯᠠᠯ ᠲᠠᠢ᠂ ᠰᠢᠰᠲ᠋ᠧᠮ ᠵᠣᠬᠢᠴᠠᠯ ᠲᠠᠢ᠂ ᠬᠠᠨᠳᠤᠯᠭᠠᠲᠦ ᠰᠢᠨᠵᠢ ᠲᠠᠢ | ᠪᠡᠶᠡᠯᠡᠭᠦᠯᠬᠦ ᠬᠡᠷᠡᠭᠲᠡᠢ᠃ ᠰᠤᠷᠤᠭᠴᠢᠳ ᠤᠨ ᠹᠢᠽᠢᠤᠯᠤᠬᠢ᠂ ᠰᠡᠳᠭᠢᠴᠡ᠂ ᠬᠡᠯᠡᠨ ᠤ ᠴᠢᠳᠠᠪᠤᠷᠢ ᠶᠢᠨ ᠬᠦᠭᠵᠢᠯᠲᠡ | ᠨᠢ ᠱᠠᠲᠤ ᠦᠶᠡᠴᠢ ᠤᠨᠴᠠᠯᠢᠭ ᠰᠢᠨᠵᠢ ᠲᠠᠢ᠂ ᠠᠳᠠᠯᠢ ᠪᠤᠰᠤ ᠶᠢᠨ ᠵᠢᠭᠠᠬᠤ ᠠᠭᠤᠯᠭ᠎ᠠ ᠨᠢ ᠴᠤ ᠦᠪᠡᠷ ᠦᠪᠡᠷ ᠤᠨ | ᠬᠢᠨᠢ ᠵᠢᠭᠠᠨ ᠰᠤᠷᠭᠠᠬᠤ ᠵᠢᠮ᠎ᠡ ᠶᠤᠰᠤ ᠲᠠᠢ ᠪᠠᠶᠢᠳᠠᠭ᠃ ᠡᠶᠢᠨ ᠬᠦ ᠠᠳᠠᠯᠢ ᠪᠤᠰᠤ ᠶᠢᠨ ᠱᠠᠲᠤᠨ ᠤ ᠰᠤᠷᠤᠭᠴᠢᠳ ᠤᠨ | ᠤᠨᠴᠠᠯᠢᠭ ᠪᠤᠯᠤᠨ ᠠᠳᠠᠯᠢ ᠪᠤᠰᠤ ᠶᠢᠨ ᠵᠢᠭᠠᠨ ᠰᠤᠷᠭᠠᠬᠤ ᠠᠭᠤᠯᠭ᠎ᠠ ᠳᠤ ᠪᠠᠨ ᠲᠤᠬᠢᠷᠠᠭᠤᠯᠤᠨ᠂ ᠤᠩᠰᠢᠯᠭ᠎ᠠ ᠶᠢᠨ | ᠵᠢᠯᠣᠭᠤᠳᠤᠮᠵᠢ ᠶᠢᠨ ᠠᠷᠭ᠎ᠠ ᠪᠤᠳᠤᠯᠭ᠎ᠠ ᠪᠠᠨ ᠠᠳᠠᠯᠢ ᠪᠤᠰᠤ ᠪᠠᠷ ᠲᠤᠭᠲᠠᠭᠠᠨ᠎ᠠ᠃ | ᠤᠩᠰᠢᠯᠭ᠎ᠠ ᠶᠢᠨ ᠵᠢᠭᠠᠨ ᠰᠤᠷᠭᠠᠯᠲᠠ ᠶᠢᠨ ᠭᠤᠤᠯᠳᠠᠯᠭ᠎ᠠ ᠨᠢ ᠰᠤᠷᠤᠭᠴᠢᠳ ᠤᠨ ᠤᠶᠢᠯᠠᠭᠠᠬᠤ ᠴᠢᠳᠠᠪᠤᠷᠢ᠂ | ᠰᠤᠨᠢᠷᠬᠠᠬᠤ ᠴᠢᠳᠠᠪᠤᠷᠢ ᠪᠤᠯᠤᠨ ᠦᠨᠡᠯᠡᠬᠦ ᠴᠢᠳᠠᠪᠤᠷᠢ ᠶᠢ ᠬᠦᠮᠦᠵᠢᠭᠦᠯᠬᠦ ᠶᠠᠪᠤᠳᠠᠯ ᠪᠤᠯᠤᠨ᠎ᠠ᠃ ᠡᠶᠢᠮᠦᠷᠬᠦᠦ | ᠶᠡᠷᠦᠩᠬᠡᠶᠢᠯᠡᠭᠰᠡᠨ ᠴᠢᠳᠠᠪᠤᠷᠢ ᠶᠢ ᠬᠦᠮᠦᠵᠢᠭᠦᠯᠬᠦ ᠳᠤ ᠠᠳᠠᠯᠢ ᠪᠤᠰᠤ ᠶᠢᠨ ᠰᠤᠷᠤᠯᠭ᠎ᠠ ᠶᠢᠨ ᠱᠠᠲᠤᠨ ᠳᠤ ᠠᠯᠢ ᠨᠢᠭᠡ | ᠲᠠᠯ᠎ᠠ ᠶᠢᠨ ᠴᠢᠳᠠᠪᠤᠷᠢ ᠶᠢ ᠬᠦᠮᠦᠵᠢᠭᠦᠯᠭᠦ ᠪᠠᠷ ᠭᠤᠤᠯᠳᠠᠯᠭ᠎ᠠ ᠪᠤᠯᠭᠠᠨ᠎ᠠ᠃ ᠭᠡᠪᠡᠴᠦ ᠡᠭᠦᠨ ᠠᠴᠠ ᠪᠤᠯᠵᠤ ᠡᠳᠡᠭᠡᠷ ᠢ | ᠮᠧᠬᠠᠨᠢᠭ ᠢᠶᠠᠷ ᠰᠠᠯᠭᠠᠬᠤ ᠶᠢ ᠴᠡᠭᠡᠷᠯᠡᠨ᠎ᠡ᠃ ᠣᠯᠠᠨ ᠲᠥᠷᠥᠯ ᠤᠨ ᠤᠩᠰᠢᠯᠭ᠎ᠠ ᠶᠢᠨ ᠠᠷᠭ᠎ᠠ ᠠᠪᠴᠠᠯ ᠢ | ᠰᠥᠪᠡᠭᠴᠢᠯᠡᠵᠥ᠂ ᠰᠤᠷᠤᠭᠴᠢᠳ ᠤᠨ ᠰᠤᠨᠢᠭᠤᠴᠢ ᠰᠡᠳᠭᠢᠯᠭᠡ᠂ ᠰᠤᠷᠴᠤ ᠮᠡᠳᠡᠬᠦ ᠬᠦᠰᠡᠯ ᠢ ᠨᠢ ᠬᠦᠭᠵᠢᠭᠡᠵᠦ᠂ | ᠪᠠᠭᠰᠢ ᠠᠴᠠ ᠰᠤᠷᠤᠭᠴᠢᠳ ᠤᠨ ᠤᠩᠰᠢᠯᠭ᠎ᠠ ᠶᠢ ᠳᠠᠭᠠᠭᠤᠯᠤᠨ ᠵᠢᠯᠤᠭᠤᠳᠬᠤ ᠪᠤᠶᠤ ᠰᠡᠩᠬᠡᠷᠡᠭᠦᠯᠦᠨ ᠳᠠᠶᠢᠴᠢᠯᠠᠬᠤ | ᠪᠠ ᠵᠢᠭᠠᠵᠤ ᠳᠤᠬᠢᠬᠤ ᠪᠠᠨ ᠴᠢᠩᠭᠠᠳᠬᠠᠨ᠎ᠠ᠃ ᠬᠡᠯᠡ ᠪᠢᠴᠢᠭ ᠤᠨ ᠦᠷᠭᠦᠯᠵᠢ ᠬᠡᠷᠡᠭᠯᠡᠳᠡᠭ ᠤᠩᠰᠢᠯᠭ᠎ᠠ ᠶᠢᠨ ᠠᠷᠭ᠎ᠠ | ᠭᠡᠪᠡᠯ᠄ | 1. ᠦᠶᠡᠴᠢᠯᠡᠵᠦ ᠤᠩᠰᠢᠬᠤ ᠪᠤᠯᠤᠨ ᠦᠭᠡᠴᠢᠯᠡᠵᠦ ᠤᠩᠰᠢᠬᠤ | ᠪᠠᠭ᠎ᠠ ᠰᠤᠷᠭᠠᠭᠤᠯᠢ ᠶᠢᠨ ᠨᠢᠭᠡ᠂ ᠬᠤᠶᠠᠳᠤᠭᠠᠷ ᠤᠨ ᠤ ᠪᠦᠬᠦ ᠬᠤᠭᠤᠴᠠᠭᠠᠨ ᠳᠤ ᠰᠤᠷᠤᠭᠴᠢᠳ ᠢ | ᠦᠶᠡᠴᠢᠯᠡᠨ ᠤᠩᠰᠢᠭᠤᠯᠬᠤ ᠳᠤ ᠴᠠᠭᠠᠷᠠᠭᠤᠯᠵᠤ᠂ ᠭᠤᠷᠪᠠᠳᠤᠭᠠᠷ ᠤᠨ ᠤ ᠲᠡᠭᠡᠳᠦ ᠬᠤᠭᠤᠴᠠᠭ᠎ᠠ ᠠᠴᠠ ᠡᠬᠢᠯᠡᠨ | ᠦᠭᠡᠴᠢᠯᠡᠨ ᠤᠩᠰᠢᠬᠤ ᠲᠡᠶᠢᠰᠢ ᠵᠢᠯᠤᠭᠤᠳᠤᠨ᠎ᠠ᠃ ᠡᠭᠦᠨ ᠳᠤ ᠰᠤᠷᠤᠭᠴᠢᠳ ᠤᠨ ᠤᠩᠰᠢᠯᠭ᠎ᠠ ᠶᠢᠨ ᠪᠤᠳᠠᠲᠠᠢ ᠬᠢᠷᠢ | ᠬᠡᠮᠵᠢᠶ᠎ᠡ ᠶᠢ ᠦᠨᠳᠦᠰᠦᠯᠡᠵᠦ᠂ ᠦᠶᠡᠴᠢᠯᠡᠵᠦ ᠤᠩᠰᠢᠬᠤ ᠪᠤᠯᠤᠨ ᠦᠭᠡᠴᠢᠯᠡᠵᠦ ᠤᠩᠰᠢᠬᠤ ᠶᠢ ᠠᠮᠢᠳᠤᠯᠢᠭ | ᠲᠤᠬᠢᠷᠠᠭᠤᠯᠤᠨ᠎ᠠ᠃ ᠭᠡᠪᠡᠴᠦ ᠦᠭᠡᠴᠢᠯᠡᠵᠦ ᠤᠩᠰᠢᠭᠤᠯᠬᠤ ᠠᠴᠠ ᠡᠮᠦᠨ᠎ᠡ ᠡᠷᠬᠡᠪᠰᠢ ᠦᠶᠡᠴᠢᠯᠡᠵᠦ ᠤᠩᠰᠢᠬᠤ ᠳᠤ | ᠴᠠᠭᠠᠷᠠᠭᠰᠠᠨ ᠪᠠᠶᠢᠬᠤ ᠶᠤᠰᠤᠲᠠᠢ᠃ ᠡᠨᠡ ᠨᠢ ᠮᠤᠩᠭᠤᠯ ᠬᠡᠯᠨᠨ ᠤ ᠵᠦᠪ ᠳᠠᠭᠤᠳᠠᠯᠭ᠎ᠠ᠂ ᠵᠦᠪ ᠪᠢᠴᠢᠯᠭᠡ ᠶᠢᠨ ᠵᠢᠮ᠎ᠡ | ᠬᠠᠤᠯᠢ ᠳᠤ ᠨᠡᠶᠢᠴᠡᠵᠦ ᠪᠠᠶᠢᠭ᠎ᠠ ᠱᠠᠭᠠᠷᠳᠠᠯᠭ᠎ᠠ ᠪᠤᠯᠬᠤ ᠶᠤᠮ᠃ | ᠦᠶᠡᠴᠢᠯᠡᠵᠦ ᠤᠩᠰᠢᠬᠤ ᠨᠢ ᠦᠭᠡ ᠬᠡᠯᠡ ᠥᠰᠦᠭ ᠪᠢᠴᠢᠭ ᠢ ᠡᠬᠢᠯᠡᠵᠤ ᠰᠤᠷᠬᠤ ᠳᠤ ᠭᠤᠣᠯ ᠬᠡᠷᠡᠭᠯᠡᠳᠡᠭ᠂ | ᠲᠡᠷᠡ ᠨᠢ ᠵᠥᠪ ᠲᠣᠳᠣ ᠤᠩᠰᠢᠬᠤ ᠳᠤ ᠲᠤᠰᠠᠯᠠᠳᠠᠭ ᠮᠥᠷᠲᠡᠭᠡᠨ ᠵᠥᠪ ᠪᠢᠴᠢᠯᠭᠡ ᠳᠤ ᠴᠤ ᠰᠠᠭᠤᠷᠢ ᠲᠠᠯᠪᠢᠳᠠᠭ | ᠦᠢᠯᠡᠳᠦᠯ ᠲᠠᠢ᠃ ᠪᠠᠭ᠎ᠠ ᠰᠣᠷᠭᠠᠭᠤᠯᠢ ᠶᠢᠨ ᠨᠢᠭᠡ᠂ ᠬᠤᠶᠠᠳᠤᠭᠠᠷ ᠤᠠ ᠤ ᠬᠤᠭᠤᠴᠠᠭᠠᠠ ᠳᠤ ᠦᠶᠡᠴᠢᠯᠡᠨ | ᠤᠡᠭᠰᠢᠬᠤ ᠶᠢ ᠴᠢᠩᠭ᠎ᠠ ᠱᠠᠭᠠᠷᠳᠠᠠ ᠤᠩᠰᠢᠭᠤᠯᠬᠤ ᠬᠡᠷᠡᠭᠳᠠᠢ᠃ ᠤᠴᠢᠷ ᠨᠢ ᠪᠠᠭ᠎ᠠ ᠰᠣᠷᠭᠠᠭᠤᠯᠢ ᠶᠢᠨ ᠨᠢᠭᠡ᠂ | ᠬᠤᠶᠠᠳᠤᠭᠠᠷ ᠤᠠ ᠪᠣᠯ ᠦᠬᠡ ᠶᠢᠨ ᠲᠦᠷᠰᠣ ᠪᠣᠶᠣ ᠪᠦᠳᠣᠴᠠ ᠶᠢ ᠲᠠᠨᠢᠭᠤᠯᠬᠤ᠂ ᠵᠥᠪ ᠪᠢᠴᠢᠬᠦ ᠳᠤ ᠰᠠᠭᠤᠷᠢ | ᠲᠠᠯᠪᠢᠬᠤ ᠵᠡᠩᠬᠢᠯᠠᠭ᠎ᠠ ᠶᠢᠨ ᠦᠶ᠎ᠠ ᠪᠣᠯᠬᠤ ᠲᠣᠯᠠ ᠦᠶᠡᠴᠢᠯᠡᠨ ᠤᠡᠭᠰᠢᠬᠤ ᠶᠢ ᠴᠢᠩᠭ᠎ᠠ ᠱᠠᠭᠠᠷᠳᠠᠠ ᠤᠩᠰᠢᠭᠤᠯᠬᠤ | ᠬᠡᠷᠡᠭᠳᠠᠢ᠃ | ᠦᠭᠡᠴᠢᠯᠡᠵᠦ ᠤᠩᠰᠢᠬᠤ ᠨᠢ ᠤᠩᠰᠢᠬᠤ ᠬᠤᠷᠲᠤᠴᠠ ᠶᠢ ᠳᠡᠭᠡᠭᠰᠢᠯᠡᠭᠦᠯᠵᠦ᠂ ᠬᠡᠯᠡᠨ ᠤ ᠪᠣᠯᠪᠠᠰᠤᠷᠠᠯ ᠢ | ᠴᠢᠩᠭᠠᠳᠬᠠᠬᠤ ᠶᠢᠨ ᠬᠠᠮᠲᠦ ᠦᠭᠡ ᠥᠭᠦᠯᠡᠪᠦᠷᠢ ᠶᠢ ᠣᠢᠢᠯᠠᠭᠠᠨ ᠡᠵᠡᠮᠰᠢᠬᠦ ᠳᠤ ᠲᠤᠰᠠᠯᠠᠳᠠᠭ᠃ | 2. ᠳᠠᠭᠤᠲᠠᠢ ᠤᠩᠰᠢᠬᠤ ᠪᠣᠯᠣᠨ ᠳᠠᠭᠤ ᠦᠭᠡᠢ ᠤᠩᠰᠢᠬᠤ | ᠳᠠᠭᠤᠲᠠᠢ ᠤᠩᠰᠢᠯᠭ᠎ᠠ ᠪᠣᠯᠣᠨ ᠳᠠᠭᠤ ᠦᠭᠡᠢ ᠤᠩᠰᠢᠯᠭ᠎ᠠ ᠪᠣᠯ ᠳᠤᠮᠳᠠᠳᠦ ᠪᠠᠭ᠎ᠠ ᠰᠤᠷᠭᠠᠭᠤᠯᠢ ᠶᠢᠨ | ᠰᠤᠷᠤᠭᠴᠢᠳ ᠤᠨ ᠤᠩᠰᠢᠯᠭ᠎ᠠ ᠶᠢᠨ ᠦᠨᠳᠦᠰᠦᠨ ᠬᠡᠯᠪᠡᠷᠢ ᠪᠣᠯᠣᠨ᠎ᠠ᠃ ᠳᠠᠭᠤᠲᠠᠢ ᠤᠩᠰᠢᠯᠭ᠎ᠠ ᠪᠣᠯᠣᠨ ᠳᠠᠭᠤ | ᠦᠭᠡᠢ ᠤᠩᠰᠢᠯᠭ᠎ᠠ ᠨᠢ ᠲᠤᠰ ᠲᠤᠰ ᠤᠨ ᠳᠠᠪᠠᠭᠤᠯᠢᠭ ᠲᠠᠯ᠎ᠠ ᠪᠠ ᠳᠤᠲᠠᠭᠳᠠᠯ ᠲᠠᠢ ᠲᠠᠯ᠎ᠠ ᠲᠠᠢ ᠲᠤᠯᠠ | ᠤᠶᠠᠯᠳᠤᠭᠤᠯᠵᠤ ᠬᠡᠷᠡᠭᠯᠡᠳᠡᠭ᠃ | ① ᠳᠠᠭᠤᠲᠠᠢ ᠤᠩᠰᠢᠯᠭ᠎ᠠ᠄ ᠳᠠᠭᠤᠲᠠᠢ ᠤᠩᠰᠢᠬᠤ ᠨᠢ ᠦᠰᠦᠭ ᠪᠢᠴᠢᠭ ᠢ ᠠᠪᠢᠶ᠎ᠠ ᠪᠣᠯᠭᠠᠨ | ᠬᠤᠪᠢᠷᠠᠭᠤᠯᠬᠤ ᠪᠦᠲᠦᠭᠡᠯᠴᠢ ᠠᠵᠢᠯᠯᠠᠭ᠎ᠠ ᠮᠥᠨ᠃ ᠲᠡᠷᠡ ᠨᠢ ᠬᠡᠯᠡ ᠵᠥᠭᠰᠢᠷᠡᠭᠦᠯᠬᠦ᠂ ᠪᠠᠷᠢᠮᠵᠢᠶ᠎ᠠ ᠤᠩᠰᠢᠯᠭ᠎ᠠ ᠶᠢ | ᠬᠢᠨᠠᠵᠤ ᠵᠢᠯᠤᠭᠤᠳᠬᠤ᠂ ᠬᠢᠴᠢᠶᠡᠯ ᠳᠤ ᠬᠠᠷᠢᠯᠴᠠᠨ ᠰᠣᠨᠣᠰᠴᠦ ᠬᠠᠮᠲᠦ ᠳᠤ ᠪᠠᠨ ᠰᠤᠷᠤᠯᠴᠠᠬᠤ ᠵᠡᠷᠭᠡ ᠳᠤ ᠠᠰᠢᠭ | ᠦᠢᠯᠡᠳᠦᠯ ᠥᠨᠳᠦᠷ ᠲᠤᠯᠠ ᠳᠤᠮᠳᠠᠳᠦ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠤᠩᠰᠢᠯᠭ᠎ᠠ ᠶᠢᠨ ᠭᠤᠣᠯ | ᠠᠷᠭ᠎ᠠ ᠪᠠᠷᠢᠯ ᠪᠣᠯᠵᠠᠢ᠃ ᠳᠠᠭᠤᠲᠠᠢ ᠤᠩᠰᠢᠬᠤ ᠳᠤ ᠪᠣᠯᠪᠠᠰᠤᠷᠠᠩᠭᠤᠢ ᠤᠩᠰᠢᠯᠭ᠎ᠠ ᠪᠠ ᠤᠷᠠᠨ ᠲᠣᠳᠣ ᠤᠩᠰᠢᠯᠭ᠎ᠠ | ᠵᠡᠷᠭᠡ ᠪᠠᠭᠲᠠᠨ᠎ᠠ᠃ | ᠪᠣᠯᠪᠠᠰᠤᠷᠠᠩᠭᠤᠢ ᠤᠩᠰᠢᠯᠭ᠎ᠠ ᠶᠢᠨ ᠦᠨᠳᠦᠰᠦᠨ ᠱᠠᠭᠠᠷᠳᠠᠯᠭ᠎ᠠ ᠪᠣᠯ ᠰᠤᠷᠤᠯᠭ᠎ᠠ ᠶᠢᠨ ᠱᠠᠲᠤᠨ ᠤ | ᠠᠳᠠᠯᠢ ᠪᠤᠰᠤ ᠬᠤᠭᠤᠴᠠᠭᠠᠨ ᠳᠤ ᠲᠤᠭᠲᠠᠭᠰᠠᠨ ᠬᠤᠷᠳᠤᠴᠠ ᠪᠠᠷ ᠵᠥᠪ ᠪᠦᠭᠡᠳ ᠲᠣᠳᠣ ᠤᠩᠰᠢᠬᠤ ᠶᠢ | ᠵᠢᠭᠠᠨ᠎ᠠ᠃ ᠡᠭᠦᠨ ᠳᠤ ᠵᠥᠪ ᠤᠩᠰᠢᠬᠤ ᠨᠢ ᠦᠭᠡ ᠥᠰᠦᠭ ᠢ ᠪᠠᠷᠢᠮᠵᠢᠶ᠎ᠡ ᠠᠪᠢᠶ᠎ᠡ ᠪᠠᠷ ᠤᠩᠰᠢᠬᠤ ᠶᠢ ᠵᠢᠭᠠᠨ᠎ᠠ᠂ | ᠮᠦᠨ ᠴᠦ ᠥᠰᠦᠭ ᠨᠡᠮᠡᠵᠤ ᠬᠠᠰᠤᠬᠤ ᠦᠭᠡᠢ ᠪᠤᠶᠤ ᠥᠭᠡᠷᠡᠴᠢᠯᠡᠵᠤ ᠤᠩᠰᠢᠬᠤ ᠦᠭᠡᠢ᠂ ᠥᠰᠦᠭ ᠤᠨ ᠣᠷᠤᠨ | ᠪᠠᠶᠢᠷᠢ ᠶᠢ ᠰᠣᠯᠢᠵᠤ ᠤᠩᠰᠢᠬᠤ ᠦᠭᠡᠢ ᠵᠡᠷᠭᠡ ᠶᠢ ᠱᠠᠭᠠᠷᠲᠠᠨ᠎ᠠ᠃ ᠲᠣᠳᠣ ᠤᠩᠰᠢᠬᠤ ᠨᠢ ᠦᠭᠡ ᠥᠰᠥᠭ᠂ | ᠥᠭᠦᠯᠡᠪᠦᠷᠢ ᠶᠢ ᠲᠣᠳᠣ ᠴᠢᠩᠭ᠎ᠠ ᠠᠪᠢᠶᠠᠯᠠᠵᠤ ᠤᠩᠰᠢᠬᠤ ᠶᠢ ᠬᠡᠯᠡᠨ᠎ᠡ᠃ | ᠤᠷᠠᠨ ᠲᠣᠳᠣ ᠤᠩᠰᠢᠯᠭ᠎ᠠ ᠨᠢ ᠪᠣᠯᠪᠠᠰᠤᠷᠠᠩᠭᠤᠢ ᠤᠩᠰᠢᠬᠤ ᠶᠢᠨ ᠰᠠᠭᠤᠷᠢᠨ ᠳᠤ ᠤᠷᠤᠰᠤᠮ᠎ᠠ ᠤᠩᠰᠢᠬᠤ᠂ | ᠰᠡᠳᠬᠢᠯᠭᠡ ᠲᠠᠢ ᠤᠩᠰᠢᠬᠤ ᠶᠢ ᠵᠢᠭᠠᠨ᠎ᠠ᠃ ᠤᠷᠤᠰᠤᠮ᠎ᠠ ᠤᠩᠰᠢᠬᠤ ᠨᠢ ᠵᠣᠬᠢᠶᠠᠯ ᠤᠩᠰᠢᠬᠤ ᠳᠤ ᠪᠠᠨ ᠴᠡᠭ ᠲᠡᠮᠳᠡᠭ | ᠵᠡᠷᠭᠡ ᠶᠢ ᠦᠨᠳᠦᠰᠦᠯᠡᠨ ᠵᠣᠭᠰᠤᠯᠲᠠ ᠵᠠᠪᠰᠠᠷᠯᠠᠯᠲᠠ ᠲᠤᠬᠢᠷᠠᠮᠵᠢᠲᠠᠢ᠂ ᠲᠤᠷᠴᠦ ᠲᠡᠭᠡᠭᠯᠡᠬᠦ ᠦᠭᠡᠢ᠂ ᠠᠮᠢᠰᠬᠤᠯ | ᠴᠢᠯᠥᠭᠡᠲᠡᠢ ᠮᠥᠷᠲᠡᠭᠡᠨ ᠡᠯ᠎ᠡ ᠰᠤᠷᠤᠯᠭ᠎ᠠ ᠶᠢᠨ ᠱᠠᠲᠤᠨ ᠤ ᠠᠳᠠᠯᠢ ᠪᠤᠰᠤ ᠤᠩᠰᠢᠬᠤ ᠬᠤᠷᠳᠤᠴᠠ ᠶᠢ ᠪᠡᠶᠡᠯᠡᠭᠦᠯᠬᠦ ᠶᠢ | ᠵᠢᠭᠠᠵᠤ ᠪᠠᠶᠢᠨ᠎ᠠ᠃ ᠰᠡᠳᠬᠢᠯᠭᠡ ᠲᠠᠢ ᠤᠩᠰᠢᠬᠤ ᠨᠢ ᠵᠣᠬᠢᠶᠠᠭᠴᠢ ᠶᠢᠨ ᠵᠣᠬᠢᠶᠠᠯ ᠳᠤ ᠢᠯᠡᠷᠡᠭᠦᠯᠦᠭᠰᠡᠨ ᠣᠪᠤᠷ | ᠰᠡᠳᠭᠢᠯᠭᠡ ᠶᠢ ᠤᠬᠠᠵᠤ ᠣᠢᠢᠯᠠᠭᠠᠨ᠂ ᠵᠣᠬᠢᠶᠠᠭᠴᠢ ᠶᠢᠨ ᠣᠪᠤᠷ ᠰᠡᠳᠭᠢᠯᠭᠡ ᠶᠢ ᠪᠠᠷᠢᠵᠤ ᠤᠩᠰᠢᠬᠤ ᠶᠢ ᠬᠡᠯᠡᠨ᠎ᠡ᠃ | ᠠᠯᠪᠠᠨ ᠵᠢᠷᠦᠮ ᠤᠨ ᠰᠤᠷᠭᠠᠨ ᠬᠥᠮᠦᠵᠢᠯ ᠤᠨ ᠬᠡᠯᠡ ᠪᠢᠴᠢᠭ ᠤᠨ ᠬᠢᠴᠢᠶᠡᠯ ᠤᠨ ︽ᠬᠢᠴᠢᠶᠡᠯ ᠤᠨ | ᠪᠠᠷᠢᠮᠵᠢᠶ᠎ᠠ︾ ᠳᠤ ᠤᠩᠰᠢᠯᠭ᠎ᠠ ᠶᠢᠨ ᠬᠠᠷᠠᠯᠲᠠ ᠶᠢ ᠶᠢᠰᠦᠨ ᠵᠢᠯ ᠤᠨ ᠲᠤᠭᠤᠰᠢᠳᠠ ᠲᠦᠰᠦᠪᠯᠡᠵᠦ᠂ ᠨᠢᠭᠡ ᠪᠠ | ᠬᠤᠶᠠᠳᠤᠭᠠᠷ ᠤᠨ᠂ ᠭᠤᠷᠪᠠ ᠪᠠ ᠳᠥᠷᠪᠡᠳᠦᠭᠡᠷ ᠤᠨ᠂ ᠲᠠᠪᠤ ᠪᠠ ᠵᠢᠷᠭᠤᠳᠤᠭᠠᠷ ᠤᠨ᠂ ᠳᠣᠯᠤᠭ᠎ᠠ ᠠᠴᠠ | ᠶᠢᠰᠦᠳᠦᠭᠡᠷ ᠤᠨ ᠭᠡᠬᠦ ᠲᠦᠷᠪᠡᠨ ᠰᠤᠷᠤᠯᠭ᠎ᠠ ᠶᠢᠨ ᠱᠠᠲᠤ ᠬᠤᠪᠢᠶᠠᠪᠠ᠃ | ᠨᠢᠭᠡᠳᠦᠭᠡᠷ ᠱᠠᠲᠤ ︵1᠂ 2 ᠳ᠋ᠤᠭᠠᠷ ᠤᠨ︶᠄ ᠪᠠᠶᠢᠩᠭᠤ ᠬᠡᠷᠡᠭᠯᠡᠳᠡᠭ 1500 ᠤᠷᠴᠢᠮ ᠦᠭᠡ ᠶᠢ | ᠲᠠᠨᠢᠵᠤ᠂ ᠬᠢᠴᠢᠶᠡᠯ ᠢ ᠵᠦᠪ ᠲᠤᠳᠤ ᠦᠶᠡᠴᠢᠯᠡᠨ ᠤᠩᠰᠢᠵᠤ ᠴᠢᠳᠠᠨ᠎ᠠ᠃ ᠰᠢᠯᠢᠳᠡᠭ ᠰᠠᠶᠢᠬᠠᠨ ᠬᠡᠦᠬᠡᠳ ᠤᠨ | ᠵᠤᠬᠢᠶᠠᠯ ᠠᠴᠠ ᠰᠤᠩᠭᠤᠳᠠᠭ ᠬᠡᠰᠡᠭ ᠪᠠᠳᠠᠭ ᠢ 30 ᠬᠤᠪᠢ ᠴᠡᠭᠡᠵᠢᠯᠡᠨ᠎ᠠ᠃ ᠬᠢᠴᠢᠶᠡᠯ ᠤᠨ ᠭᠠᠳᠠᠭᠤᠷ ᠤᠩᠰᠢᠭᠰᠠᠨ | ᠨᠤᠮ ᠤᠨ ᠦᠭᠡ ᠶᠢᠨ ᠲᠤᠭ᠎ᠠ ᠶᠢ 5 ᠲᠦᠮᠡ ᠠᠴᠠ ᠳᠡᠭᠡᠭᠰᠢ ᠪᠠᠶᠢᠯᠭᠠᠨ᠎ᠠ᠃ | ᠬᠤᠶᠠᠳᠤᠭᠠᠷ ᠱᠠᠲᠤ ︵3᠂ 4 ᠳ᠋ᠤᠭᠡᠷ ᠤᠨ︶᠄ ᠪᠠᠶᠢᠩᠭᠤ ᠬᠡᠷᠡᠭᠯᠡᠳᠡᠭ 2500 ᠤᠷᠴᠢᠮ ᠦᠭᠡ ᠶᠢ | ᠲᠠᠨᠢᠵᠤ᠂ ᠬᠢᠴᠢᠶᠡᠯ ᠢᠶᠠᠨ ᠵᠦᠪ ᠲᠤᠳᠤ᠂ ᠪᠤᠯᠪᠠᠰᠤᠷᠠᠩᠭᠤᠢ ᠦᠭᠡᠴᠢᠯᠡᠨ ᠤᠩᠰᠢᠵᠤ ᠴᠢᠳᠠᠨ᠎ᠠ᠂ ᠲᠠᠭᠤ ᠦᠭᠡᠢ | ᠤᠩᠰᠢᠵᠤ ᠴᠢᠳᠠᠨ᠎ᠠ᠃ ᠰᠢᠯᠢᠳᠡᠭ ᠰᠠᠶᠢᠬᠠᠨ ᠤᠬᠤᠷ ᠰᠢᠯᠦᠭ ᠨᠠᠶᠢᠷᠠᠭ ᠢ ᠤᠶᠠᠩᠭᠠᠯᠠᠨ ᠤᠩᠰᠢᠵᠤ ᠰᠤᠷᠬᠤ ᠪᠦᠭᠡᠳ | 50 ᠬᠤᠪᠢ ᠴᠡᠭᠡᠵᠢᠯᠡᠨ᠎ᠡ᠃ ᠬᠢᠴᠢᠶᠡᠯ ᠤᠨ ᠭᠠᠳᠠᠭᠤᠷ ᠤᠩᠰᠢᠭᠰᠠᠨ ᠨᠤᠮ ᠤᠨ ᠦᠭᠡ ᠶᠢᠨ ᠲᠤᠭ᠎ᠠ ᠶᠢ 40 | ᠲᠦᠮᠡ ᠠᠴᠠ ᠳᠡᠭᠡᠭᠰᠢ ᠪᠠᠶᠢᠯᠭᠠᠨ᠎ᠠ᠃ | ᠭᠤᠷᠪᠠᠳᠤᠭᠠᠷ ᠱᠠᠲᠤ ︵5᠂ 6 ᠳ᠋ᠤᠭᠠᠷ ᠤᠨ︶᠄ ᠪᠠᠶᠢᠩᠭᠤ ᠬᠡᠷᠡᠭᠯᠡᠳᠡᠭ 3300 ᠤᠷᠴᠢᠮ ᠦᠭᠡ ᠶᠢ | ᠲᠠᠨᠢᠵᠤ᠂ ᠵᠤᠬᠢᠶᠠᠯ ᠢ ᠪᠤᠯᠪᠠᠰᠤᠷᠠᠩᠭᠤᠢ᠂ ᠰᠡᠳᠭᠢᠯᠭᠡ ᠲᠠᠢ ᠪᠠᠷ ᠠᠪᠤᠨ ᠲᠤᠤᠷ᠎ᠠ ᠪᠠᠨ ᠳᠠᠭᠤ ᠲᠠᠢ ᠤᠩᠰᠢᠵᠤ | ᠴᠢᠳᠠᠬᠤ ᠪᠦᠭᠡᠳ ᠵᠤᠬᠢᠬᠤ ᠬᠤᠷᠳᠤᠴᠠ ︵ᠮᠢᠨᠦ᠋ᠲ ᠪᠦᠷᠢ 250 — 300 ᠦᠭᠡ︶ ᠲᠠᠢ ᠪᠠᠷ ᠳᠠᠭᠤ ᠦᠭᠡᠢ | ᠤᠩᠰᠢᠵᠤ ᠴᠢᠳᠠᠨ᠎ᠠ᠃ ᠲᠦᠢᠮᠤᠴᠢᠯᠠᠨ ᠤᠩᠰᠢᠬᠤ᠂ ᠬᠠᠶᠢᠨ ᠤᠩᠰᠢᠬᠤ ᠶᠢ ᠰᠤᠷᠤᠨ᠎ᠠ᠃ ᠢᠷᠠᠭᠤ ᠨᠠᠶᠢᠷᠠᠭ ᠢ | ᠠᠶᠢᠵᠠᠮ ᠬᠡᠮ ᠢ ᠨᠢ ᠵᠤᠬᠢᠴᠠᠭᠤᠯᠤᠨ᠂ ᠰᠡᠳᠭᠢᠯᠭᠡ ᠲᠠᠢ ᠪᠠᠷ ᠤᠶᠠᠩᠭᠠᠯᠠᠨ ᠤᠩᠰᠢᠵᠤ ᠴᠢᠳᠠᠨ᠎ᠠ᠃ ᠰᠢᠯᠢᠳᠡᠭ | ᠰᠠᠶᠢᠬᠠᠨ ᠢᠷᠠᠭᠤ ᠨᠠᠶᠢᠷᠠᠭ ᠠᠴᠠ 60 ᠬᠤᠪᠢ ᠴᠡᠭᠡᠵᠢᠯᠡᠨ᠎ᠡ᠃ ᠨᠤᠮ ᠤᠨ ᠰᠠᠩ᠂ ᠨᠧᠲ ᠵᠡᠷᠭᠡ ᠶᠢ ᠠᠰᠢᠭᠯᠠᠨ | ᠰᠦᠪᠡᠭᠴᠢᠯᠡᠨ ᠤᠩᠰᠢᠬᠤ ᠳᠤ ᠬᠦᠲᠦᠯᠦᠨ᠎ᠡ᠃ ᠤᠩᠰᠢᠯᠭ᠎ᠠ ᠶᠢᠨ ᠬᠡᠪᠴᠢᠶ᠎ᠡ ᠪᠠᠨ ᠦᠷᠭᠡᠳᠭᠡᠵᠦ᠂ ᠬᠢᠴᠢᠶᠡᠯ ᠤᠨ | ᠭᠠᠳᠠᠭᠤᠷ ᠤᠩᠰᠢᠭᠰᠠᠨ ᠨᠤᠮ ᠰᠡᠳᠭᠦᠯ ᠤᠨ ᠦᠭᠡ ᠶᠢᠨ ᠲᠤᠭ᠎ᠠ 100 ᠲᠦᠮᠡ ᠠᠴᠠ ᠳᠠᠪᠠᠭᠰᠠᠨ ᠪᠠᠶᠢᠪᠠᠯ | ᠵᠤᠬᠢᠨ᠎ᠠ᠃ | ᠲᠦᠷᠪᠡᠳᠦᠭᠡᠷ ᠱᠠᠲᠤ ︵7~9 ᠳ᠋ᠤᠭᠡᠷ ᠤᠨ︶᠄ ᠪᠠᠶᠢᠩᠭᠤ ᠬᠡᠷᠡᠭᠯᠡᠳᠡᠭ 4000 ᠤᠷᠴᠢᠮ ᠦᠭᠡ ᠶᠢ ᠵᠦᠪ | ᠤᠩᠰᠢᠵᠤ᠂ ᠡᠩ ᠤᠨ ᠨᠤᠮ ᠵᠤᠬᠢᠶᠠᠯ ᠢ ᠪᠤᠯᠪᠠᠰᠤᠷᠠᠩᠭᠤᠢ᠂ ᠰᠡᠳᠭᠢᠯᠭᠡ ᠲᠠᠢ ᠪᠠᠷ ᠠᠪᠤᠨ ᠲᠤᠤᠷ᠎ᠠ ᠪᠠᠨ ᠳᠠᠭᠤ ᠲᠠᠢ | ᠤᠩᠰᠢᠵᠤ ᠴᠢᠳᠠᠨ᠎ᠠ᠃ ᠳᠠᠭᠤ ᠦᠭᠡᠢ ᠤᠩᠰᠢᠬᠤ ᠳᠠᠳᠬᠠᠯ ᠲᠠᠢ ᠪᠤᠯᠵᠤ᠂ ᠮᠢᠨᠦ᠋ᠲ ᠪᠦᠷᠢ 200 — 400 | ᠦᠭᠡ ᠶᠢᠨ ᠬᠤᠷᠳᠤᠴᠠ ᠪᠠᠷ ᠤᠩᠰᠢᠵᠤ ᠴᠢᠳᠠᠬᠤ ᠪᠦᠭᠡᠳ ᠵᠤᠬᠢᠶᠠᠯ ᠤᠨ ᠭᠤᠤᠯ ᠠᠭᠤᠯᠭ᠎ᠠ᠂ ᠵᠤᠬᠢᠶᠠᠭᠴᠢ ᠶᠢᠨ | ᠦᠵᠡᠯ ᠰᠡᠳᠭᠢᠯᠭᠡ ᠶᠢ ᠤᠶᠢᠯᠠᠭᠠᠨ᠎ᠠ᠃ ᠲᠦᠢᠮᠤᠴᠢᠯᠠᠨ ᠤᠩᠰᠢᠬᠤ᠂ ᠬᠠᠶᠢᠨ ᠤᠩᠰᠢᠬᠤ ᠠᠷᠭ᠎ᠠ ᠶᠢ | ᠪᠤᠯᠪᠠᠰᠤᠷᠠᠩᠭᠤᠢ ᠡᠵᠡᠮᠰᠢᠵᠦ᠂ ᠤᠩᠰᠢᠯᠭ᠎ᠠ ᠶᠢᠨ ᠬᠦᠷᠢᠶ᠎ᠡ ᠴᠠᠷᠠᠭ᠎ᠠ ᠪᠠᠨ ᠦᠷᠭᠡᠳᠭᠡᠨ᠎ᠡ᠃ ᠰᠢᠯᠢᠳᠡᠭ ᠰᠠᠶᠢᠬᠠᠨ | ᠰᠢᠯᠦᠭ ᠨᠠᠶᠢᠷᠠᠭ ᠢ 60~80 ᠬᠤᠪᠢ ᠴᠡᠭᠡᠵᠢᠯᠡᠵᠦ᠂ ᠬᠢᠴᠢᠶᠡᠯ ᠤᠨ ᠭᠠᠳᠠᠭᠤᠷ ᠤᠩᠰᠢᠭᠰᠠᠨ ᠨᠤᠮ ᠰᠡᠳᠭᠦᠯ ᠤᠨ | ᠦᠭᠡ ᠶᠢᠨ ᠲᠤᠭ᠎ᠠ 240 ᠲᠦᠮᠡ ᠠᠴᠠ ᠳᠠᠪᠠᠭᠰᠠᠨ ᠪᠠᠶᠢᠬᠤ ᠬᠡᠷᠡᠭᠲᠡᠢ᠃ ᠡᠭᠦᠨ ᠳᠤ ᠰᠤᠷᠤᠯᠭ᠎ᠠ ᠶᠢᠨ ᠤᠨ | ᠪᠦᠷᠢ ᠳᠤ 1 ᠪᠤᠶᠤ 2 ᠬᠤᠪᠢ ᠰᠤᠩᠭᠤᠳᠠᠭ ᠨᠣᠮ ᠤᠩᠰᠢᠨ᠎ᠠ᠃ | ᠳᠡᠭᠡᠷᠡᠬᠢ ᠬᠡᠯᠡ ᠪᠢᠴᠢᠭ ᠤᠨ ᠬᠢᠴᠢᠶᠡᠯ ᠤᠨ ᠤᠩᠰᠢᠯᠭ᠎ᠠ ᠶᠢᠨ ᠬᠠᠷᠠᠯᠲᠠ ᠳᠤ ᠬᠡᠯᠡ ᠪᠢᠴᠢᠭ ᠤᠨ | ᠬᠢᠴᠢᠶᠡᠯ ᠤᠨ ᠱᠠᠲᠤ ᠦᠶᠡᠴᠢ ᠰᠢᠨᠵᠢ ᠪᠠ ᠪᠦᠬᠦᠯᠢ ᠴᠤᠭᠴᠠᠲᠤ ᠰᠢᠨᠵᠢ ᠶᠢ ᠴᠤ ᠬᠠᠷᠠᠭᠤᠯᠵᠤ᠂ ᠦᠶᠡᠴᠢᠯᠡᠵᠦ | ᠤᠩᠰᠢᠬᠤ ᠪᠤᠯᠤᠨ ᠦᠭᠡᠴᠢᠯᠡᠵᠦ ᠤᠩᠰᠢᠬᠤ᠂ ᠳᠠᠭᠤᠲᠠᠢ ᠤᠩᠰᠢᠬᠤ ᠪᠣᠯᠣᠨ ᠳᠠᠭᠤ ᠦᠭᠡᠢ ᠤᠩᠰᠢᠬᠤ ᠲᠤᠬᠠᠢ | ᠳᠤᠳᠤᠷᠬᠠᠢ ᠱᠠᠭᠠᠷᠳᠠᠭᠰᠠᠨ ᠪᠠᠢᠨ᠎ᠠ᠃ | ② ᠳᠠᠭᠤ ᠦᠭᠡᠢ ᠤᠩᠰᠢᠯᠭ᠎ᠠ᠄ ᠳᠠᠭᠤ ᠦᠭᠡᠢ ᠤᠩᠰᠢᠬᠤ ᠶᠢ ᠪᠠᠰᠠ ᠨᠢᠳᠦᠯᠡᠵᠤ ᠤᠩᠰᠢᠬᠤ | ᠭᠡᠳᠡᠭ᠃ ᠳᠠᠭᠤ ᠦᠭᠡᠢ ᠤᠩᠰᠢᠬᠤ ᠨᠢ ᠣᠷᠴᠢᠨ ᠲᠤᠭᠤᠷᠢᠨ ᠤ ᠨᠠᠮ ᠵᠢᠮ ᠢ ᠪᠠᠲᠤᠯᠠᠵᠤ᠂ ᠤᠩᠰᠢᠬᠤ | ᠬᠤᠷᠳᠤᠴᠠ ᠨᠢ ᠲᠥᠷᠭᠡᠨ ᠮᠥᠷᠲᠡᠭᠡᠨ ᠤᠩᠰᠢᠬᠤ ᠶᠢᠨ ᠳᠠᠭᠠᠤ ᠰᠡᠳᠬᠢᠵᠤ ᠳᠡᠶᠢᠯᠳᠡᠭ ᠠᠴᠠ ᠳᠡᠭᠡᠷ᠎ᠡ ᠣᠨ ᠤ | ᠰᠤᠷᠤᠭᠴᠢᠳ ᠪᠣᠯᠣᠨ ᠲᠤᠮᠤᠴᠤᠤᠯ ᠤᠨ ᠵᠣᠩᠬᠢ ᠬᠡᠷᠡᠭᠯᠡᠳᠡᠭ ᠤᠩᠰᠢᠯᠭ᠎ᠠ ᠶᠢᠨ ᠠᠷᠭ᠎ᠠ ᠬᠡᠯᠪᠡᠷᠢ ᠪᠣᠯᠵᠠᠢ᠃ ᠪᠠᠭ᠎ᠠ | ᠰᠤᠷᠭᠠᠭᠤᠯᠢ ᠶᠢᠨ ᠰᠤᠷᠤᠭᠴᠢᠳ ᠡᠬᠢᠯᠡᠵᠤ ᠳᠠᠭᠤ ᠦᠭᠡᠢ ᠤᠩᠰᠢᠬᠤ ᠳᠤ ᠤᠷᠤᠭᠤᠯ ᠨᠢ ᠣᠪᠤᠷ ᠲᠣᠪᠤᠷ ᠬᠦᠳᠡᠯᠵᠤ | ᠪᠠᠶᠢᠳᠠᠭ᠂ ᠲᠡᠷᠡ ᠨᠢ ᠤᠩᠰᠢᠬᠤ ᠬᠤᠷᠳᠤᠴᠠ ᠶᠢ ᠨᠥᠯᠥᠭᠡᠯᠡᠳᠡᠭ᠂ ᠰᠠᠨᠠᠭᠤᠯᠵᠤ ᠵᠢᠯᠤᠭᠤᠳᠪᠠᠯ ᠣᠳᠠᠯ ᠦᠭᠡᠢ | ᠨᠢᠳᠦᠯᠡᠨ ᠤᠩᠰᠢᠵᠤ ᠴᠢᠳᠠᠴᠢᠬᠠᠨ᠎ᠠ᠃ ᠳᠠᠭᠤ ᠦᠭᠡᠢ ᠤᠩᠰᠢᠬᠤ ᠳᠤ ᠪᠠᠨ ᠮᠠᠰᠢ ᠲᠥᠷᠭᠡᠨ ᠮᠥᠷᠲᠡᠭᠡᠨ ᠭᠦᠨ | ᠣᠶᠢᠯᠠᠭᠠᠯᠲᠠ ᠲᠠᠢ ᠪᠣᠯᠬᠤ ᠪᠣᠯ ᠥᠨᠳᠦᠷ ᠲᠥᠪᠰᠢᠨ ᠤ ᠨᠢᠳᠦᠯᠡᠵᠤ ᠤᠩᠰᠢᠬᠤ ᠴᠢᠳᠠᠪᠦᠷᠢ ᠲᠠᠢ ᠪᠣᠯᠤᠭᠰᠠᠨ ᠢ | ᠬᠠᠷᠠᠭᠤᠯᠵᠤ ᠪᠠᠶᠢᠨ᠎ᠠ᠃ | ᠳᠠᠭᠤ ᠦᠭᠡᠢ ᠤᠩᠰᠢᠬᠤ ᠪᠣᠯ ᠤᠩᠰᠢᠯᠭ᠎ᠠ ᠶᠢᠨ ᠴᠢᠬᠤᠯᠠ ᠠᠷᠭ᠎ᠠ ᠬᠡᠯᠪᠡᠷᠢ ᠮᠥᠨ᠃ ︽ᠬᠢᠴᠢᠶᠡᠯ ᠤᠨ | ᠪᠠᠷᠢᠮᠵᠢᠶ᠎ᠠ︾ ᠳᠤ ᠡᠯ᠎ᠡ ᠰᠤᠷᠤᠯᠭ᠎ᠠ ᠶᠢᠨ ᠱᠠᠲᠤᠨ ᠳᠤ ᠳᠠᠭᠤ ᠦᠭᠡᠢ ᠤᠩᠰᠢᠬᠤ ᠲᠤᠬᠠᠢ ᠲᠣᠳᠣᠷᠬᠠᠢ ᠱᠠᠭᠠᠷᠳᠠᠯᠭ᠎ᠠ | ᠳᠤᠷᠠᠳᠴᠠᠢ᠄ ᠬᠤᠶᠠᠳᠤᠭᠠᠷ ᠱᠠᠲᠤ ︵3᠂ 4 ᠳ᠋ᠤᠭᠡᠷ ᠤᠨ︶᠄ ︽ᠰᠤᠷᠤᠭᠴᠢᠳ ᠠᠩᠬ᠎ᠠ ᠠᠯᠬᠤᠮ ᠳᠠᠭᠤ ᠦᠭᠡᠢ | ᠤᠩᠰᠢᠬᠤ ᠶᠢ ᠰᠤᠷᠬᠤ︾ ᠶᠢ ᠱᠠᠭᠠᠷᠳᠠᠨ᠎ᠠ᠃ ᠭᠤᠷᠪᠠᠳᠤᠭᠠᠷ ᠱᠠᠲᠤ ︵5᠂ 6 ᠳ᠋ᠤᠭᠠᠷ ᠤᠨ︶᠄ ︽ᠵᠤᠬᠢᠬᠤ | ᠬᠤᠷᠳᠤᠴᠠ ︵ᠮᠢᠨᠦ᠋ᠲ ᠪᠦᠷᠢ 250 — 300 ᠦᠭᠡ︶ ᠲᠠᠢ ᠪᠠᠷ ᠳᠠᠭᠤ ᠦᠭᠡᠢ ᠤᠩᠰᠢᠵᠤ | ᠴᠢᠳᠠᠨ᠎ᠠ︾ ᠭᠡᠵᠦ ᠱᠠᠭᠠᠷᠳᠠᠵᠠᠢ᠃ ᠲᠦᠷᠪᠡᠳᠦᠭᠡᠷ ᠱᠠᠲᠤ ︵7~9 ᠳ᠋ᠤᠭᠡᠷ ᠤᠨ︶᠄ ︽ᠳᠠᠭᠤ ᠦᠭᠡᠢ | ᠤᠩᠰᠢᠬᠤ ᠳᠠᠳᠬᠠᠯ ᠲᠠᠢ ᠪᠤᠯᠵᠤ᠂ ᠮᠢᠨᠦ᠋ᠲ ᠪᠦᠷᠢ 200 — 400 ᠦᠭᠡ ᠶᠢᠨ ᠬᠤᠷᠳᠤᠴᠠ ᠪᠠᠷ ᠤᠩᠰᠢᠵᠤ | ᠴᠢᠳᠠᠨ᠎ᠠ︾ ᠭᠡᠵᠦ ᠱᠠᠭᠠᠷᠲᠠᠪᠠ᠃ | ᠳᠠᠭᠤ ᠦᠭᠡᠢ ᠤᠩᠰᠢᠬᠤ ᠨᠢ ᠪᠡᠶ᠎ᠡ ᠪᠠᠨ ᠳᠠᠭᠠᠭᠠᠵᠤ ᠤᠩᠰᠢᠬᠤ ᠶᠢᠨ ᠭᠤᠣᠯ ᠬᠡᠯᠪᠡᠷᠢ ᠶᠤᠮ᠃ ᠳᠠᠭᠤ ᠦᠭᠡᠢ | ᠤᠩᠰᠢᠬᠤ ᠨᠢ ᠳᠠᠭᠤ ᠦᠭᠡᠢ᠂ ᠬᠠᠷᠢᠯᠴᠠᠨ ᠬᠠᠷᠰᠢᠯᠠᠬᠤ ᠦᠭᠡᠢ ᠤᠴᠢᠷ ᠠᠴᠠ ᠣᠷᠴᠢᠨ ᠲᠣᠭᠤᠷᠢᠨ ᠤ ᠨᠠᠮ | ᠲᠣᠭᠲᠠᠭᠤᠨ ᠪᠠᠶᠢᠳᠠᠯ ᠢ ᠪᠠᠲᠤᠯᠠᠵᠤ᠂ ᠲᠥᠪᠯᠡᠷᠡᠭᠦᠯᠦᠨ ᠰᠡᠳᠬᠢᠵᠦ᠂ ᠤᠩᠰᠢᠭᠰᠠᠨ ᠠᠭᠤᠯᠭ᠎ᠠ ᠪᠠᠨ ᠣᠶᠢᠯᠠᠭᠠᠬᠤ ᠳᠤ | ᠨᠡᠩ ᠠᠰᠢᠭᠲᠠᠢ ᠪᠥᠭᠡᠳ ᠬᠤᠷᠳᠤᠴᠠ ᠨᠢ ᠲᠦᠷᠭᠡᠨ᠂ ᠠᠮᠠᠷᠬᠠᠨ ᠶᠠᠳᠠᠷᠠᠬᠤ ᠦᠭᠡᠢ᠂ ᠤᠷᠳᠦ ᠬᠤᠭᠤᠴᠠᠭ᠎ᠠ ᠲᠠᠢ | ᠤᠩᠰᠢᠵᠤ ᠳᠡᠶᠢᠯᠳᠡᠭ᠃ ᠲᠡᠶᠢᠮᠦ ᠠᠴᠠ ᠡᠳᠦᠷ ᠲᠤᠲᠤᠮ ᠤᠨ ᠰᠤᠷᠤᠯᠴᠠᠯᠭ᠎ᠠ᠂ ᠠᠮᠢᠳᠤᠷᠠᠯ᠂ ᠠᠵᠢᠯ ᠤᠨ | ᠳᠤᠮᠳᠠ ᠪᠠᠨ ᠬᠡᠷᠡᠭᠯᠡᠬᠦ ᠳᠤ ᠳᠥᠭᠦᠮ᠂ ᠬᠦᠷᠢᠶ᠎ᠡ ᠬᠡᠪᠴᠢᠶ᠎ᠡ ᠨᠢ ᠲᠦᠢᠯ ᠤᠨ ᠥᠷᠭᠡᠨ᠂ ᠡᠩ ᠤᠨ ᠦᠶ᠎ᠡ ᠳᠤ ᠨᠣᠮ | ᠦᠵᠡᠬᠦ᠂ ᠰᠣᠨᠢᠨ ᠦᠵᠡᠬᠦ ᠪᠤᠶᠤ ᠪᠤᠰᠤᠳ ᠮᠠᠲ᠋ᠧᠷᠢᠶᠠᠯ ᠢ ᠦᠵᠡᠬᠦ ᠳᠤ ᠭᠤᠣᠯᠳᠠᠭᠤ ᠳᠠᠭᠤ ᠦᠭᠡᠢ ᠤᠩᠰᠢᠳᠠᠭ᠂ | ᠲᠡᠷᠡ ᠨᠢ ᠴᠠᠭ᠂ ᠭᠠᠵᠠᠷ᠂ ᠲᠠᠯᠠᠪᠤᠷ ᠤᠨ ᠬᠢᠵᠠᠭᠠᠷᠯᠠᠯ ᠳᠤ ᠬᠢᠵᠠᠭᠠᠷᠯᠠᠭᠳᠠᠬᠤ ᠦᠭᠡᠢ᠃ ᠳᠠᠭᠤ ᠦᠭᠡᠢ ᠤᠩᠰᠢᠬᠤ | ᠴᠢᠳᠠᠪᠤᠷᠢ ᠶᠢᠨ ᠰᠠᠶᠢᠨ ᠮᠠᠭᠤ ᠨᠢ ᠰᠤᠷᠤᠭᠴᠢᠳ ᠤᠨ ᠣᠶᠤᠨ ᠴᠢᠳᠠᠪᠤᠷᠢ ᠶᠢᠨ ᠬᠥᠭᠵᠢᠯᠲᠡ ᠶᠢ ᠰᠢᠭᠤᠳ | ᠨᠥᠯᠥᠭᠡᠯᠡᠵᠦ᠂ ᠪᠤᠰᠤᠳ ᠬᠢᠴᠢᠶᠡᠯ ᠲᠥᠷᠥᠯ ᠤᠨ ᠰᠤᠷᠤᠯᠴᠠᠯᠭ᠎ᠠ ᠶᠢ ᠴᠤ ᠨᠥᠯᠥᠭᠡᠯᠡᠳᠡᠭ᠃ ᠡᠭᠦᠨ ᠤ ᠬᠠᠮᠲᠤ ᠳᠠᠭᠤ | ᠦᠭᠡᠢ ᠤᠩᠰᠢᠬᠤ ᠰᠠᠶᠢᠨ ᠳᠠᠳᠬᠠᠯ ᠲᠠᠢ ᠪᠣᠯᠬᠤ ᠨᠢ ᠨᠢᠭᠡ ᠬᠥᠮᠥᠨ ᠤ ᠬᠤᠶᠢᠰᠢᠳᠠ ᠶᠢᠨ ᠠᠵᠢᠯ᠂ ᠰᠤᠷᠤᠯᠭ᠎ᠠ ᠶᠢᠨ | ᠦᠷ᠎ᠡ ᠪᠦᠲᠦᠮᠵᠢ ᠶᠢ ᠳᠡᠭᠡᠭᠰᠢᠯᠡᠭᠦᠯᠬᠦ ᠳᠤ ᠲᠦᠢᠯ ᠤᠨ ᠴᠢᠬᠤᠯᠠ ᠦᠢᠯᠡᠳᠦᠯ ᠲᠠᠢ ᠪᠥᠭᠡᠳ ᠠᠯᠤᠰ ᠬᠡᠳᠦ ᠶᠢᠨ | ᠨᠥᠯᠥᠭᠡ ᠲᠠᠢ ᠶᠤᠮ᠃ ᠡᠶᠢᠮᠦ ᠠᠴᠠ ᠳᠠᠭᠤ ᠦᠭᠡᠢ ᠤᠩᠰᠢᠬᠤ ᠪᠣᠯᠪᠠᠰᠤᠷᠠᠯ ᠢ ᠴᠢᠩᠭᠠᠳᠬᠠᠬᠤ ᠬᠡᠷᠡᠭᠲᠡᠢ᠃ | 3. ᠨᠠᠷᠢᠯᠢᠬ ᠤᠩᠰᠢᠬᠤ ᠪᠣᠯᠣᠨ ᠪᠦᠳᠦᠭᠦᠪᠴᠢ ᠤᠩᠰᠢᠬᠤ | ① ᠨᠠᠷᠢᠯᠢᠬ ᠤᠩᠰᠢᠬᠤ᠄ ᠳᠠᠷᠤᠢ ᠨᠠᠷᠢᠨ ᠬᠢᠨᠠᠮᠠᠭᠠᠢ᠂ ᠵᠥᠪ ᠣᠨᠣᠪᠴᠢᠲᠠᠶ ᠪᠠᠷ ᠤᠩᠰᠢᠬᠤ ᠶᠢ | ᠬᠡᠯᠡᠨ᠎ᠡ᠃ ᠨᠣᠮ ᠵᠣᠬᠢᠶᠠᠯ᠂ ᠠᠭᠤᠯᠭ᠎ᠠ ᠰᠡᠳᠦᠪ ᠢ ᠭᠦᠨᠵᠡᠭᠡᠢ ᠣᠶᠢᠯᠠᠭᠠᠬᠤ ᠨᠢᠭᠡ ᠵᠦᠢᠯ ᠤᠨ ᠤᠩᠰᠢᠯᠭ᠎ᠠ ᠶᠢᠨ | ᠬᠡᠯᠪᠡᠷᠢ᠂ ᠡᠯ᠎ᠡ ᠵᠦᠢᠯ ᠤᠨ ᠤᠩᠰᠢᠯᠭ᠎ᠠ ᠶᠢᠨ ᠰᠠᠭᠤᠷᠢ ᠮᠥᠨ᠃ ᠤᠩᠰᠢᠬᠤ ᠳᠤ ᠪᠠᠨ ᠵᠣᠬᠢᠶᠠᠯ ᠤᠨ ᠳᠡᠰ | ᠳᠠᠷᠠᠭ᠎ᠠ ᠪᠠᠷ ᠨᠢ ᠤᠩᠰᠢᠬᠤ ᠬᠡᠷᠡᠭᠲᠡᠢ᠃ ᠡᠬᠢᠨ ᠠᠴᠠ ᠨᠢ ᠠᠳᠠᠭ ᠲᠤ ᠨᠢ ᠬᠦᠷᠲᠡᠯ᠎ᠡ ᠦᠰᠦᠭ ᠳᠠᠷᠠᠭᠠᠯᠠᠨ᠂ ᠦᠭᠡ | ᠳᠠᠷᠠᠭᠠᠯᠠᠨ᠂ ᠥᠭᠦᠯᠡᠪᠦᠷᠢ ᠳᠠᠷᠠᠭᠠᠯᠠᠨ᠂ ᠬᠡᠰᠡᠭ ᠳᠠᠷᠠᠭᠠᠯᠠᠨ ᠤᠩᠰᠢᠨ᠎ᠠ᠃ ᠤᠩᠰᠢᠬᠤ ᠰᠡᠳᠬᠢᠬᠦ ᠬᠤᠶᠠᠷ ᠢ | ᠤᠶᠠᠯᠳᠤᠭᠤᠯᠤᠨ ᠦᠭᠡ ᠥᠭᠦᠯᠡᠪᠦᠷᠢ᠂ ᠬᠡᠰᠡᠭ ᠪᠠᠳᠠᠭ ᠤᠨ ᠠᠭᠤᠯᠭ᠎ᠠ ᠶᠢ ᠲᠣᠳᠣᠷᠬᠠᠢ ᠣᠶᠢᠯᠠᠭᠠᠵᠤ᠂ ᠦᠭᠡ | ᠥᠭᠦᠯᠡᠪᠦᠷᠢ ᠶᠢᠨ ᠭᠦᠨ ᠳᠠᠪᠬᠤᠷᠭ᠎ᠠ ᠶᠢᠨ ᠤᠳᠬ᠎ᠠ ᠶᠢ ᠣᠶᠢᠯᠠᠭᠠᠨ᠂ ᠪᠠᠳᠠᠭ ᠤᠨ ᠤᠳᠬ᠎ᠠ ᠶᠢ ᠡᠵᠡᠮᠰᠢᠵᠦ᠂ ᠪᠦᠬᠦ | ᠵᠣᠬᠢᠶᠠᠯ ᠤᠨ ᠭᠤᠣᠯ ᠠᠭᠤᠯᠭ᠎ᠠ ᠪᠠ ᠭᠤᠣᠯ ᠦᠵᠡᠯ ᠰᠠᠨᠠᠭ᠎ᠠ ᠶᠢ ᠡᠵᠡᠮᠰᠢᠨ᠂ ᠵᠣᠬᠢᠶᠠᠭᠴᠢ ᠶᠢᠨ ᠰᠡᠳᠬᠢᠮᠵᠢ ᠶᠢ | ᠣᠶᠢᠯᠠᠭᠠᠵᠤ᠂ ᠵᠣᠬᠢᠶᠠᠯ ᠤᠨ ᠲᠣᠳᠣᠷᠬᠠᠶᠢᠯᠠᠭᠰᠠᠨ ᠶᠣᠰᠣ ᠤᠴᠢᠷ ᠪᠠ ᠵᠢᠷᠤᠭᠯᠠᠭᠰᠠᠨ ᠠᠬᠤᠢ ᠪᠠᠶᠢᠳᠠᠯ ᠢ ᠭᠦᠨᠵᠡᠭᠡᠢ | ᠣᠶᠢᠯᠠᠭᠠᠨ᠂ ᠤᠬᠠᠭᠳᠠᠬᠤᠨ ᠨᠢᠭᠡ ᠪᠦᠷᠢ ᠶᠢ ᠨᠡᠪᠲᠡᠷᠬᠡᠢ ᠣᠶᠢᠯᠠᠭᠠᠵᠤ᠂ ᠣᠶᠢᠯᠠᠭᠠᠭᠰᠠᠨ ᠰᠠᠭᠤᠷᠢᠨ ᠳᠡᠭᠡᠷ᠎ᠡ | ᠵᠣᠬᠢᠶᠠᠯ ᠤᠨ ᠵᠥᠪ ᠪᠤᠷᠤᠭᠤ᠂ ᠰᠠᠶᠢᠨ ᠮᠠᠭᠤ ᠵᠡᠷᠭᠡ ᠶᠢ ᠵᠣᠬᠢᠰᠲᠠᠢ ᠦᠨᠡᠯᠡᠬᠦ ᠪᠣᠯᠣᠨ᠎ᠠ᠃ ᠨᠠᠷᠢᠨ ᠤᠩᠰᠢᠬᠤ | ᠶᠠᠪᠤᠴᠠ ᠪᠣᠯ ᠬᠡᠯᠪᠡᠷᠢ ᠠᠴᠠ ᠠᠭᠤᠯᠭ᠎ᠠ ᠳᠤ ᠬᠦᠷᠬᠦ᠂ ᠠᠭᠤᠯᠭ᠎ᠠ ᠠᠴᠠ ᠬᠡᠯᠪᠡᠷᠢ ᠳᠤ ᠬᠦᠷᠬᠦ᠂ ᠬᠡᠰᠡᠭ ᠠᠴᠠ ᠪᠦᠬᠦᠯᠢ | ᠴᠣᠭᠴᠠ ᠳᠤ ᠬᠦᠷᠬᠦ᠂ ᠪᠦᠬᠦᠯᠢ ᠴᠣᠭᠴᠠ ᠠᠴᠠ ᠬᠡᠰᠡᠭ ᠲᠤ ᠬᠦᠷᠬᠦ ᠳᠠᠬᠢᠨ ᠳᠠᠪᠲᠠᠨ ᠰᠤᠳᠤᠯᠤᠨ ᠤᠩᠰᠢᠬᠤ | ᠶᠠᠪᠤᠴᠠ ᠪᠣᠯᠣᠨ᠎ᠠ᠂ ᠡᠶᠢᠮᠦ ᠠᠴᠠ ᠨᠠᠷᠢᠨ ᠨᠢᠮᠪᠠᠢ ᠤᠩᠰᠢᠬᠤ ᠳᠤ ᠬᠦᠴᠦ ᠲᠠᠯᠪᠢᠬᠤ ᠬᠡᠷᠡᠭᠲᠡᠢ᠃ | ② ᠪᠦᠳᠦᠭᠦᠪᠴᠢ ᠤᠩᠰᠢᠬᠤ᠄ ᠪᠦᠳᠦᠭᠦᠪᠴᠢ ᠤᠩᠰᠢᠬᠤ ᠨᠢ ᠨᠠᠷᠢᠨ ᠤᠩᠰᠢᠬᠤ ᠲᠠᠢ ᠬᠠᠷᠢᠴᠠᠭᠤᠯᠤᠭᠰᠠᠨ | ᠤᠩᠰᠢᠯᠭ᠎ᠠ ᠶᠢᠨ ᠬᠡᠯᠪᠡᠷᠢ ᠪᠣᠯᠣᠨ᠎ᠠ᠃ ᠲᠡᠷᠡ ᠨᠢ ᠦᠭᠡ ᠥᠭᠦᠯᠡᠪᠦᠷᠢ ᠳᠠᠷᠠᠭᠠᠯᠠᠨ ᠨᠠᠷᠢᠨ ᠭᠦᠨᠵᠡᠭᠡᠢ ᠰᠤᠳᠤᠯᠬᠤ | ᠦᠭᠡᠢ᠂ ᠣᠯᠠᠩᠬᠢ ᠳᠤ ᠪᠠᠨ ᠵᠣᠬᠢᠶᠠᠯ ᠤᠨ ᠭᠤᠣᠯ ᠠᠭᠤᠯᠭ᠎ᠠ ᠶᠢ ᠣᠢᠢᠯᠠᠭᠠᠬᠤ᠂ ᠡᠰᠡᠪᠡᠯ ᠶᠠᠮᠠᠷ ᠨᠢᠭᠡᠨ ᠬᠠᠷᠠᠯᠲᠠ | ᠵᠣᠷᠢᠯᠲᠠ ᠲᠠᠢ ᠤᠩᠰᠢᠬᠤ ᠶᠢ ᠵᠢᠭᠠᠨ᠎ᠠ᠃ ᠳᠣᠣᠷ᠎ᠡ ᠣᠨ ᠤ ᠰᠤᠷᠤᠭᠴᠢᠳ ᠠᠴᠠ ᠨᠣᠮ ᠵᠣᠬᠢᠨᠶ᠋ᠯ ᠤᠨ ᠭᠤᠣᠯ ᠦᠢᠯᠡ | ᠶᠠᠪᠤᠳᠠᠯ ᠢ ᠠᠩᠬᠠᠷᠤᠨ ᠤᠩᠰᠢᠳᠠᠭ ᠨᠢ ᠶᠡᠷᠦ ᠳᠤ ᠪᠠᠨ ᠪᠦᠲᠦᠭᠦᠪᠴᠢ ᠤᠩᠰᠢᠬᠤ ᠳᠤ ᠪᠠᠭᠲᠠᠨ᠎ᠠ᠃ ᠮᠣᠩᠭᠤᠯ ᠬᠡᠯᠡ | ᠪᠢᠴᠢᠭ ᠤᠨ ᠬᠢᠴᠢᠶᠡᠯ ᠤᠨ ᠨᠢᠭᠡᠳᠦᠭᠡᠷ ᠬᠢᠴᠢᠶᠡᠯᠯᠡᠭᠡ ᠳᠤ᠂ ︽ᠵᠣᠬᠢᠶᠠᠯ ᠢ ᠤᠩᠰᠢᠭᠠᠳ ᠣᠢᠢᠯᠠᠭᠠᠬᠤ ᠦᠭᠡᠢ | ᠥᠭᠡᠰ ᠢᠶᠠᠨ ᠵᠢᠷᠤᠭᠠᠷᠠᠢ᠂ ᠶᠠᠮᠠᠷ ᠠᠭᠤᠯᠭ᠎ᠠ ᠶᠠᠪᠤᠳᠠᠯ ᠢ ᠪᠢᠴᠢᠭᠰᠡᠨ ᠪᠤᠢ︖︾ ᠭᠡᠬᠦ ᠭᠠᠭᠴᠠ ᠬᠤᠶᠠᠷ | ᠠᠰᠠᠭᠤᠯᠲᠠ ᠲᠠᠯᠪᠢᠵᠤ ᠤᠩᠰᠢᠭᠤᠯᠬᠤ ᠴᠤ ᠪᠠᠭᠲᠠᠨ᠎ᠠ᠃ ᠡᠭᠦᠨ ᠠᠴᠠ ᠭᠠᠳᠠᠨ᠎ᠠ ᠨᠣᠮ ᠰᠣᠩᠭᠤᠵᠤ ᠤᠩᠰᠢᠬᠤ | ᠵᠡᠷᠭᠡ ᠬᠠᠷᠠᠯᠲᠠ ᠠᠴᠠ ᠨᠣᠮ ᠤᠨ ᠲᠠᠨᠢᠯᠴᠠᠭᠤᠯᠭ᠎ᠠ᠂ ᠣᠷᠣᠰᠢᠯ᠂ ᠵᠣᠬᠢᠶᠠᠭᠴᠢ᠂ ᠡᠬᠢᠯᠡᠯᠲᠠ ᠲᠡᠭᠦᠰᠭᠡᠯ ᠵᠡᠷᠭᠡ ᠶᠢ | ᠤᠩᠰᠢᠵᠤ᠂ ᠪᠦᠬᠦᠯᠢ ᠢᠵᠢ ᠨᠣᠮ ᠤᠨ ᠲᠤᠬᠠᠢ ᠪᠦᠳᠦᠭᠦᠪᠴᠢ ᠠᠩᠬᠠᠨ ᠤ ᠣᠢᠢᠯᠠᠭᠠᠯᠲᠠ ᠲᠠᠢ ᠪᠣᠯᠵᠤ᠂ ᠨᠠᠷᠢᠨ | ᠤᠩᠰᠢᠵᠤ ᠰᠤᠷᠤᠯᠴᠠᠬᠤ ᠡᠰᠡᠬᠦ ᠪᠠᠨ ᠲᠤᠭᠳᠠᠭᠠᠳᠠᠭ ᠨᠢ ᠴᠤ ᠪᠦᠳᠦᠭᠦᠪᠴᠢ ᠤᠩᠰᠢᠬᠤ ᠳᠤ ᠪᠠᠭᠲᠠᠨ᠎ᠠ᠃ | 4. ᠭᠦᠶᠦᠯᠭᠡᠨ ᠤᠩᠰᠢᠬᠤ ᠪᠣᠯᠣᠨ ᠰᠣᠩᠭᠤᠵᠤ ᠤᠩᠰᠢᠬᠤ | ① ᠭᠦᠶᠦᠯᠭᠡᠨ ᠤᠩᠰᠢᠬᠤ᠄ ᠭᠦᠶᠦᠯᠭᠡᠨ ᠤᠩᠰᠢᠬᠤ ᠨᠢ ᠨᠢᠳᠦᠯᠡᠨ ᠤᠩᠰᠢᠬᠤ ᠠᠷᠭ᠎ᠠ ᠪᠠ ᠤᠷ᠎ᠠ ᠮᠡᠷᠭᠡᠵᠢᠯ | ᠪᠣᠯᠣᠨ᠎ᠠ᠂ ᠭᠦᠶᠦᠯᠭᠡᠨ ᠤᠩᠰᠢᠬᠤ ᠨᠢ ᠤᠷᠲᠦ ᠬᠤᠭᠤᠴᠠᠭᠠᠨ ᠤ ᠤᠩᠰᠢᠯᠭ᠎ᠠ ᠶᠢᠨ ᠪᠣᠯᠪᠠᠰᠤᠷᠠᠯ ᠢᠶᠠᠷ ᠳᠠᠮᠵᠢᠨ | ᠨᠢᠳᠦᠯᠡᠨ ᠤᠩᠰᠢᠬᠤ ᠴᠢᠳᠠᠪᠦᠷᠢ ᠮᠠᠰᠢ ᠥᠨᠳᠦᠷ ᠲᠦᠪᠰᠢᠨ ᠳᠤ ᠬᠦᠷᠴᠦ᠂ ᠥᠰᠦᠭ ᠳᠠᠷᠠᠭᠠᠯᠠᠨ ᠨᠠᠷᠢᠯᠢᠬ | ᠤᠩᠰᠢᠬᠤ ᠦᠭᠡᠢ᠃ ᠬᠠᠷᠢᠨ ᠥᠭᠦᠯᠡᠪᠦᠷᠢ ᠪᠤᠶᠤ ᠬᠡᠰᠡᠭᠯᠡᠯ᠂ ᠴᠢᠨᠠᠭᠰᠢᠯᠠᠨ ᠬᠠᠭᠤᠳᠠᠰᠤ ᠠᠭᠤᠯᠭ᠎ᠠ ᠪᠠᠷ ᠰᠢᠷᠪᠢᠵᠤ | ᠦᠵᠡᠬᠦ ᠤᠩᠰᠢᠯᠭ᠎ᠠ ᠶᠢᠨ ᠠᠷᠭ᠎ᠠ ᠶᠢ ᠬᠡᠯᠡᠳᠡᠭ᠃ ᠭᠦᠶᠦᠯᠭᠡᠨ ᠤᠩᠰᠢᠬᠤ ᠨᠢ ᠨᠣᠮ ᠵᠣᠬᠢᠶᠠᠯ ᠠᠴᠠ ᠬᠠᠮᠢᠶ᠎ᠠ ᠪᠦᠬᠦᠢ | ᠮᠡᠳᠡᠭᠡ ᠵᠠᠩᠭᠢ ᠶᠢ ᠲᠦᠷᠭᠡᠨ ᠡᠷᠢᠵᠦ᠂ ᠲᠦᠷᠭᠡᠨ ᠮᠠᠭᠠᠳᠯᠠᠯᠲᠠ ᠬᠢᠵᠦ᠂ ᠤᠩᠰᠢᠬᠤ ᠴᠢᠭᠯᠡᠯ ᠪᠠ ᠤᠩᠰᠢᠬᠤ | ᠮᠠᠲ᠋ᠧᠷᠢᠶᠠᠯ ᠢᠶᠠᠨ ᠰᠤᠩᠭᠤᠳᠠᠭ᠃ ᠤᠩᠰᠢᠨ ᠵᠠᠳᠠᠯᠬᠤ ᠰᠡᠳᠦᠪ ᠵᠡᠷᠭᠡ ᠳᠤ ᠠᠰᠠᠭᠤᠯᠲᠠ ᠶᠢᠨ ᠲᠤᠭᠤᠷᠢᠨ ᠳᠤ | ᠮᠠᠲ᠋ᠧᠷᠢᠶᠠᠯ ᠢᠶᠠᠨ ᠤᠷᠢᠳ ᠢᠶᠠᠷ ᠭᠦᠶᠦᠯᠭᠡᠨ ᠤᠩᠰᠢᠵᠤ ᠲᠡᠭᠦᠰᠦᠭᠡᠳ᠂ ᠲᠡᠬᠢᠭᠠᠳ ᠬᠠᠷᠢᠭᠤᠯᠲᠠ ᠪᠠᠶᠢᠬᠤ | ᠬᠡᠰᠡᠭᠯᠡᠯ ᠢ ᠨᠢ ᠨᠠᠷᠢᠨ ᠤᠩᠰᠢᠳᠠᠭ᠃ | ᠭᠦᠶᠦᠯᠭᠡᠨ ᠤᠩᠰᠢᠬᠤ ᠨᠢ ᠤᠩᠰᠢᠵᠤ ᠦᠩᠭᠡᠷᠡᠭᠰᠡᠨ ᠠᠭᠠᠤᠯᠭᠠ ᠠᠴᠠ ᠬᠠᠷᠠᠯᠲᠠ ᠵᠣᠷᠢᠯᠭ᠎ᠠ ᠲᠠᠢ ᠵᠦᠢᠯᠡᠰ ᠢ | ᠡᠷᠢᠬᠦ ᠳᠤ ᠴᠤ ᠶᠡᠭᠡ ᠲᠤᠰᠠ ᠬᠦᠷᠭᠡᠳᠡᠭ᠃ ᠮᠥᠨ ᠴᠤ ᠤᠩᠰᠢᠯᠭ᠎ᠠ ᠶᠢᠨ ᠬᠤᠷᠳᠤᠴᠠ ᠴᠢᠳᠠᠪᠦᠷᠢ ᠨᠢ ᠥᠨᠳᠦᠷ | ᠬᠥᠮᠦᠰ ᠤᠨ ᠨᠣᠮ ᠤᠩᠰᠢᠳᠠᠭ ᠠᠷᠭ᠎ᠠ ᠬᠡᠯᠪᠡᠷᠢ ᠪᠣᠯᠣᠨ᠎ᠠ᠃ | ② ᠰᠣᠩᠭᠤᠵᠤ ᠤᠩᠰᠢᠬᠤ᠄ ᠨᠣᠮ ᠵᠣᠬᠢᠶᠠᠯ ᠤᠩᠰᠢᠬᠤ ᠳᠤ ᠤᠩᠰᠢᠬᠤ ᠬᠠᠷᠠᠯᠲᠠ᠂ ᠤᠩᠰᠢᠬᠤ | ᠮᠠᠲ᠋ᠧᠷᠢᠶᠠᠯ ᠤᠨ ᠬᠦᠴᠢᠷ ᠤᠨ ᠬᠡᠮᠵᠢᠶ᠎ᠡ ᠵᠢᠴᠢ ᠤᠩᠰᠢᠬᠤ ᠴᠢᠳᠠᠪᠦᠷᠢ ᠲᠦᠪᠰᠢᠨ ᠵᠡᠷᠭᠡ ᠪᠠᠶᠢᠳᠠᠯ ᠢ | ᠦᠨᠳᠦᠰᠦᠯᠡᠨ ᠰᠣᠩᠭᠤᠯᠲᠠ ᠲᠠᠢ ᠪᠠᠷ ᠠᠯᠢ ᠨᠢᠭᠡᠨ ᠵᠣᠬᠢᠶᠠᠯ ᠪᠤᠶᠤ ᠬᠡᠰᠡᠭᠯᠡᠯ ᠢ ᠤᠩᠰᠢᠬᠤ ᠠᠷᠭ᠎ᠠ ᠶᠢ ᠬᠡᠯᠡᠵᠦ | ᠪᠠᠶᠢᠨ᠎ᠠ᠃ ᠵᠣᠬᠢᠶᠠᠯ ᠤᠨ ᠰᠣᠩᠭᠤᠳᠠᠭ ᠬᠡᠯᠡ ᠬᠡᠯᠡᠯᠭᠡ᠂ ᠭᠤᠣᠯᠳᠠᠯᠭᠠᠲᠦ ᠵᠠᠩᠭᠢᠯᠠᠭ᠎ᠠ ᠶᠢᠨ ᠦᠭᠡ ᠦᠭᠦᠯᠡᠪᠦᠷᠢ᠂ | ᠲᠤᠭᠤᠵᠤ ᠪᠠᠭ᠋ᠠᠷᠬᠠᠭᠰᠠᠨ ᠬᠡᠰᠡᠭᠯᠡᠯ ᠢ ᠰᠣᠩᠭᠤᠵᠤ ᠤᠩᠰᠢᠨ᠎ᠠ᠃ ᠡᠰᠡᠪᠡᠯ ᠲᠡᠭᠦᠪᠦᠷᠢ ᠵᠣᠬᠢᠶᠠᠯ ᠳᠠᠬᠢ ᠠᠯᠢ ᠨᠢᠭᠡᠨ | ᠵᠣᠬᠢᠶᠠᠯ ᠢ ᠲᠡᠭᠦᠵᠤ ᠤᠩᠰᠢᠨ᠎ᠠ᠃ ᠴᠢᠨᠠᠭᠰᠢᠯᠠᠨ ᠣᠯᠠᠨ ᠨᠣᠮ ᠰᠤᠳᠤᠷ ᠤᠨ ᠳᠤᠮᠳᠠ ᠠᠴᠠ ᠰᠣᠩᠭᠤᠵᠤ | ᠤᠩᠰᠢᠨ᠎ᠠ᠃ ᠡᠷᠲᠡᠨ ᠡᠳᠦᠭᠡ᠂ ᠭᠠᠳᠠᠭᠠᠳᠦ ᠲᠤᠲᠤᠭᠠᠳᠦ ᠶᠢᠨ ᠨᠣᠮ ᠰᠤᠳᠣᠷ ᠤᠨ ᠳᠤᠮᠳᠠ ᠠᠴᠠ᠂ ᠥᠪᠡᠷ ᠤᠨ | ᠪᠠᠶᠢᠳᠠᠯ ᠳᠤ ᠲᠣᠬᠢᠷᠠᠭᠰᠠᠨ ᠬᠠᠨᠳᠤᠯᠭᠠᠲᠤ ᠴᠢᠨᠠᠷ ᠲᠠᠢ ᠪᠠᠷ ᠨᠣᠮ ᠰᠣᠩᠭᠤᠵᠤ ᠤᠩᠰᠢᠬᠤ ᠶᠢ ᠲᠣᠮᠣᠴᠤᠤᠯ ᠪᠤᠶᠤ | ᠳᠡᠭᠡᠷ᠎ᠡ ᠣᠨ ᠤ ᠰᠤᠷᠤᠭᠴᠢᠳ ᠣᠨᠴᠠ ᠠᠩᠬᠠᠷᠬᠤ ᠬᠡᠷᠡᠭᠲᠡᠢ᠂ ᠳᠣᠣᠷ᠎ᠠ ᠣᠨ ᠤ ᠰᠤᠷᠤᠭᠴᠢ ᠳᠤ ᠪᠠᠭᠰᠢ᠂ ᠭᠡᠷ ᠤᠨ | ᠠᠬᠠᠮᠠᠳ ᠠᠴᠠ ᠰᠣᠩᠭᠤᠵᠤ ᠲᠠᠨᠢᠯᠴᠠᠭᠤᠯᠵᠤ ᠤᠩᠰᠢᠭᠤᠯᠬᠤ ᠨᠢ ᠨᠡᠩ ᠦᠷ᠎ᠡ ᠠᠰᠢᠭ ᠲᠠᠢ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠵᠡᠭᠦᠨ ᠦᠵᠦᠮᠦᠴᠢᠨ ᠬᠤᠰᠢᠭᠤᠨ ᠤ | ᠨᠢᠭᠡᠳᠦᠭᠡᠷ ᠳᠤᠮᠳᠠᠳᠤ ᠰᠤᠷᠭᠠᠭᠤᠯᠢ | ︵ᠮᠦᠡᠭᠭᠦᠨᠴᠢᠮᠡᠭ ᠨᠠᠶᠢᠷᠠᠭᠤᠯᠪᠠ︶ | | |