ᠤᠳᠤᠨ | | | | | | ᠰᠤᠨᠤᠰᠬᠤ ᠶᠠᠷᠢᠬᠤ ᠵᠢᠭᠠᠨ ᠰᠤᠷᠭᠠᠯᠳᠠ ᠨᠢ ᠰᠤᠷᠤᠭᠴᠢᠳ ᠤᠨ ᠭᠡᠯᠡ ᠬᠠᠷᠢᠯᠴᠠᠭᠠᠨ ᠤ ᠴᠢᠳᠠᠪᠤᠷᠢ ᠶᠢᠨ | ᠰᠠᠭᠤᠷᠢ ᠮᠦᠨ᠃ ᠨᠡᠶᠢᠬᠡᠮ ᠤᠨ ᠬᠠᠷᠢᠯᠴᠠᠭ᠎ᠠ ᠨᠢ ᠬᠦᠮᠦᠨ ᠪᠦᠬᠦᠨ ᠤ ᠠᠮᠢᠳᠣᠷᠠᠯ ᠳᠤ ᠳᠣᠳᠠᠭᠳᠠᠵᠣ ᠪᠣᠯᠣᠰᠢ ᠦᠭᠡᠢ | ᠴᠢᠬᠤᠯᠠ ᠦᠢᠯᠠᠳᠤᠯ ᠲᠠᠢ ᠪᠠᠶᠢᠳᠠᠬ᠃ ᠡ᠊ᠨᠳᠡ ᠪᠢ ᠪᠠᠭ᠎ᠠ ᠰᠣᠷᠭᠠᠭᠤᠯᠢ ᠶᠢᠨ ᠰᠤᠷᠤᠭᠴᠢ ᠶᠢᠨ ᠰᠣᠨᠣᠰᠬᠤ ᠶᠠᠷᠢᠬᠤ | ᠴᠢᠳᠠᠪᠣᠷᠢ ᠶᠢ ᠬᠦᠮᠦᠵᠢᠬᠦᠯᠬᠦ ᠳᠣᠬᠠᠢ ᠣᠶᠢᠯᠠᠭᠠᠯᠳᠠ ᠪᠠᠨ ᠮᠦᠴᠢᠳ ᠲᠠᠯᠭᠡᠶᠠ᠃ | ᠨᠢᠭᠡ᠂ ᠬᠡᠯᠡ ᠪᠢᠴᠢᠭ ᠤᠨ ᠵᠢᠭᠠᠨ ᠰᠤᠷᠭᠠᠯᠳᠠ ᠳᠤ ᠰᠣᠨᠣᠰᠬᠤ ᠶᠠᠷᠢᠬᠤ ᠴᠢᠳᠠᠪᠣᠷᠢ ᠶᠢ ᠳᠡᠷᠢᠬᠦᠨ | ᠪᠠᠶᠢᠷᠢᠨ ᠳᠤ ᠲᠠᠯᠪᠢᠬᠤ | ᠰᠤᠨᠤᠰᠬᠤ ᠶᠠᠷᠢᠬᠤ ᠴᠢᠳᠠᠪᠤᠷᠢ ᠶᠢ ᠪᠦᠷᠢᠯᠳᠦᠬᠦᠯᠬᠦ ᠨᠢ ᠠᠯᠢ ᠴᠦ ᠬᠡᠯᠡ ᠶᠢ ᠰᠤᠷᠬᠤ ᠶᠢᠨ ᠬᠠᠮᠤᠭ ᠤᠨ | ᠦᠨᠳᠦᠰᠦᠨ ᠨᠦᠭᠦᠴᠡᠯ ᠮᠦᠨ᠃ ᠳᠤᠬᠠᠶᠢᠯᠠᠪᠠᠯ᠂ ᠬᠡᠤᠭᠡᠳ ᠰᠤᠨᠤᠰᠬᠤ ᠶᠠᠷᠢᠬᠤ ᠴᠢᠳᠠᠪᠤᠷᠢ ᠶᠢ ᠪᠦᠷᠢᠳᠦᠬᠦᠯᠦᠨ | ᠬᠡᠯᠡ ᠳᠤ ᠤᠷᠤᠵᠦ ᠴᠢᠳᠠᠭᠠᠳ ᠡᠩ ᠤᠨ ᠬᠡᠯᠡ ᠶᠠᠷᠢᠶ᠎ᠠ ᠶᠢ ᠰᠤᠨᠤᠰᠴᠦ ᠤᠶᠢᠯᠠᠭᠠᠨ᠂ ᠵᠤᠬᠢᠬᠤ ᠬᠡᠮᠵᠢᠶᠡᠨ ᠤ ᠶᠠᠷᠢᠵᠦ | ᠢᠯᠡᠳᠭᠡᠬᠦ ᠴᠢᠳᠠᠪᠤᠷᠢ ᠲᠠᠢ ᠪᠤᠯᠤᠮᠠᠨᠵᠢᠨ ᠰᠠᠶ᠋ᠢ ᠨᠢᠭᠡ ᠬᠡᠯᠡ ᠶᠢ ᠰᠠᠶᠢᠨ ᠰᠤᠷᠴᠦ ᠴᠢᠳᠠᠬᠤ ᠪᠤᠯᠤᠮᠵᠢ ᠲᠠᠢ᠃ ᠡᠰᠡ | ᠲᠡᠶᠢᠮᠦ ᠪᠤᠯ ᠬᠡᠯᠡ ᠰᠤᠷᠬᠤ ᠳᠤ ᠪᠠᠨ ᠶᠠᠩᠵᠦ ᠶᠠᠩᠵᠦ ᠶᠢᠨ ᠬᠦᠴᠢᠷᠳᠡᠯᠭᠡ ᠲᠤᠯᠭᠠᠷᠠᠵᠦ ᠬᠡᠯᠡ ᠰᠤᠷᠬᠤ ᠶᠠᠰᠦ | ᠴᠢᠨᠠᠷ ᠢ ᠨᠢ ᠨᠦᠯᠦᠭᠡᠯᠡᠬᠦ ᠪᠠᠷ ᠦᠯᠦ ᠪᠠᠷᠠᠮ ᠨᠠᠰᠤᠨ ᠲᠤᠷᠰᠢ ᠶᠢᠨ ᠰᠤᠷᠤᠯᠭ᠎ᠠ ᠶᠢ ᠨᠢ ᠴᠦ ᠨᠦᠯᠦᠭᠡᠯᠡᠬᠦ ᠪᠤᠯᠤᠨ᠎ᠠ᠃ | ᠬᠡᠯᠡᠨ ᠤ ᠪᠤᠯᠪᠠᠰᠤᠷᠠᠯ ᠤᠨ ᠲᠡᠷᠢᠬᠦᠨ ᠴᠢᠬᠤᠯᠠ ᠡᠭᠦᠷᠭᠡ ᠨᠢ ᠰᠤᠨᠤᠰᠬᠤ ᠪᠤᠯᠤᠨ ᠰᠤᠨᠤᠰᠤᠨ ᠤᠶᠢᠯᠠᠭᠠᠬᠤ | ᠪᠤᠯᠤᠨ᠎ᠠ᠃ ᠬᠡᠯᠡ ᠰᠤᠷᠬᠤ ᠶᠢᠨ ᠤᠳᠬ᠎ᠠ ᠠᠴᠠ ᠠᠪᠴᠦ ᠬᠡᠯᠡᠪᠡᠯ ᠰᠤᠨᠤᠰᠬᠤ ᠨᠢ ᠵᠠᠩᠬᠢ ᠶᠢ ᠰᠢᠩᠭᠡᠭᠡᠨ ᠠᠪᠬᠤ ᠶᠢᠨ | ᠴᠢᠬᠤᠯᠠ ᠠᠷᠭ᠎ᠠ ᠵᠠᠮ᠂ ᠰᠤᠨᠤᠰᠤᠨ ᠤᠶᠢᠯᠠᠭᠠᠬᠤ ᠨᠢ ᠵᠦᠪ ᠳᠤᠳᠤᠷᠬᠠᠢ ᠶᠠᠷᠢᠵᠦ ᠢᠯᠡᠳᠭᠡᠬᠦ ᠶᠢᠨ ᠲᠦᠰᠢᠭ | ᠲᠤᠯᠭᠠᠭᠤᠷᠢ︔ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠬᠡᠯᠡᠬᠦᠢ ᠶᠢᠨ ᠵᠠᠩᠬᠢ ᠶᠢ ᠰᠤᠨᠤᠰᠬᠠᠬᠤ ᠨᠢ ᠬᠡᠯᠡᠨ ᠤ | ᠮᠡᠳᠡᠷᠡᠮᠵᠢ᠂ ᠬᠡᠯᠡᠨ ᠤ ᠤᠶᠢᠯᠠᠭᠠᠮᠵᠢ ᠪᠠ ᠬᠡᠷᠡᠭᠯᠡᠭᠡᠨ ᠤ ᠴᠢᠳᠠᠪᠤᠷᠢ ᠲᠠᠢ ᠪᠤᠯᠬᠤ ᠳᠤ ᠨᠢ ᠳᠡᠪᠢᠰᠭᠡᠷ ᠪᠤᠯᠳᠠᠭ︔ ᠪᠠᠭ᠎ᠠ | ᠰᠤᠷᠭᠠᠭᠤᠯᠢ ᠶᠢᠨ ᠰᠤᠷᠤᠭᠴᠢᠳ ᠲᠤ ᠤᠳᠬ᠎ᠠ ᠲᠠᠢ ᠨᠡᠪᠳᠡᠷᠡᠯᠴᠡᠭᠡ ᠪᠠᠷ ᠬᠡᠯᠡᠨ ᠤ ᠪᠤᠯᠪᠠᠰᠤᠷᠠᠯ ᠬᠦᠷᠳᠡᠭᠡᠬᠦ ᠨᠢ | ᠦᠭᠡ ᠬᠡᠯᠡᠨ ᠤ ᠳᠠᠳᠬᠠᠯ ᠪᠠ ᠶᠠᠷᠢᠵᠦ ᠢᠯᠡᠳᠭᠡᠬᠦ ᠴᠢᠳᠠᠪᠤᠷᠢ ᠲᠠᠢ ᠪᠤᠯᠬᠤ ᠳᠤ ᠨᠢ ᠴᠢᠬᠤᠯᠠ ᠦᠢᠯᠡᠳᠦᠯ | ᠲᠠᠢ︔ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠬᠡᠯᠡᠨ ᠤ ᠦᠢᠯᠡᠳᠦᠯᠭᠡ ᠳᠤ ᠤᠷᠤᠯᠴᠠᠬᠤ ᠵᠠᠪᠰᠢᠶᠠᠨ ᠢ | ᠬᠦᠢᠴᠡᠳ ᠤᠯᠭᠤᠬᠤ ᠨᠢ ᠪᠤᠰᠤᠳ ᠲᠠᠢ ᠰᠠᠭᠠᠳ ᠦᠭᠡᠢ ᠬᠠᠷᠢᠯᠴᠠᠬᠤ ᠬᠡᠪ ᠪᠤᠯᠪᠠᠰᠤᠷᠠᠯ ᠲᠠᠢ ᠪᠤᠯᠬᠤ ᠳᠤ ᠨᠢ | ᠲᠦᠯᠬᠢᠴᠡ ᠦᠢᠯᠠᠳᠤᠯ ᠦᠵᠠᠭᠦᠯᠳᠡᠭ᠃ | ︵ᠨᠢᠭᠡ︶ ᠰᠤᠨᠤᠰᠬᠤ ᠴᠢᠳᠠᠪᠤᠷᠢ ᠶᠢᠨ ᠬᠦᠮᠦᠵᠢᠯ | ᠰᠤᠨᠤᠰᠬᠤ ᠪᠤᠯ ᠶᠠᠷᠢᠬᠤ ᠶᠢᠨ ᠤᠷᠢᠳᠠᠯ ᠮᠦᠨ᠃ ᠰᠡᠳᠬᠢᠴᠡ ᠶᠢᠨ ᠵᠦᠢ ᠶᠢᠨ ᠦᠵᠡᠯᠳᠡ ᠪᠠᠷ | ︽ᠬᠡᠤᠭᠡᠳ ᠤᠨ ᠬᠡᠯᠡᠨ ᠤ ᠪᠦᠷᠢᠯᠳᠦᠯ ᠨᠢ ᠮᠡᠳᠡᠷᠡᠯ ᠤᠨ ᠡᠷᠭᠡᠳᠡᠨ ᠤ ᠪᠤᠳᠤᠯᠢᠶᠠᠨᠳᠦ ᠬᠠᠷᠢᠯᠴᠠᠭᠠᠨ ᠤ ᠳᠤᠮᠳᠠ | ᠬᠡᠯᠡᠬᠦᠢ ᠶᠢᠨ ᠵᠠᠩᠭᠢ ᠶᠢᠨ ᠨᠦᠯᠦᠭᠡᠨ ᠳᠤᠤᠷ᠎ᠠ ᠪᠦᠷᠢᠯᠳᠦᠳᠡᠭ ᠪᠠ ᠬᠠᠮᠤᠭ ᠤᠨ ᠲᠡᠷᠢᠬᠦᠨ ᠳᠤ ᠰᠤᠨᠤᠷ ᠤᠨ ᠡᠷᠭᠡᠳᠡᠨ | ᠬᠢᠭᠡᠳ ᠬᠦᠳᠡᠯᠭᠡᠭᠡᠨ ᠤ ᠡᠷᠭᠡᠳᠡᠨ ᠤ ᠬᠠᠮᠳᠤᠷᠠᠭᠰᠠᠨ ᠠᠵᠢᠯᠯᠠᠭ᠎ᠠ ᠦᠢᠯᠡᠳᠦᠯ ᠦᠵᠡᠬᠦᠯᠳᠡᠭ︾᠃ ᠬᠡᠤᠭᠡᠳ ᠤᠨ | ᠰᠤᠨᠤᠷ ᠤᠨ ᠰᠡᠷᠡᠭᠦᠢ ᠶᠢᠨ ᠰᠤᠷᠭᠤᠭ ᠤᠨ ᠬᠡᠮᠵᠢᠶᠡᠨ ᠤ ᠬᠦᠭᠵᠢᠯᠳᠡ ᠨᠢ ᠰᠤᠨᠤᠰᠬᠤ ᠴᠢᠨᠠᠷ ᠲᠤ ᠰᠢᠭᠤᠳ | ᠨᠦᠯᠦᠭᠡᠯᠡᠭᠳᠡᠳᠡᠭ᠃ ᠪᠤᠳᠠᠳᠦ ᠦᠢᠯᠡᠳᠦᠯᠭᠡ ᠭᠡᠷᠡᠴᠢᠯᠡᠭᠰᠡᠨ ᠨᠢ ᠰᠤᠨᠤᠰᠬᠤ ᠪᠤᠯᠪᠠᠰᠤᠷᠠᠯ ᠨᠢ ᠰᠤᠨᠤᠷ ᠤᠨ | ᠰᠡᠷᠡᠬᠦᠢ ᠶᠢᠨ ᠬᠦᠭᠵᠢᠯᠳᠡ ᠬᠢᠭᠡᠳ ᠬᠡᠯᠡᠨ ᠤ ᠠᠪᠢᠶᠠᠨ ᠤ ᠰᠡᠷᠡᠬᠦᠢ ᠶᠢᠨ ᠬᠦᠭᠵᠢᠯᠳᠡ ᠶᠢ ᠠᠬᠢᠭᠤᠯᠵᠦ | ᠴᠢᠳᠠᠳᠠᠭ᠃ ᠰᠤᠨᠤᠰᠬᠤ ᠪᠤᠯᠪᠠᠰᠤᠷᠠᠯ ᠢ ᠳᠠᠭᠠᠯᠳᠤᠵᠦ ᠬᠡᠤᠭᠡᠳ ᠤᠨ ᠤᠢ ᠶᠢᠨ ᠬᠠᠳᠠᠭᠠᠯᠠᠯᠳᠠ ᠶᠢᠨ ᠵᠠᠩᠬᠢ ᠨᠢ | ᠲᠠᠰᠤᠷᠠᠯᠳᠠ ᠦᠭᠡᠢ ᠨᠡᠮᠡᠭᠳᠡᠵᠦ ᠬᠡᠯᠡᠨ ᠤ ᠮᠡᠳᠡᠷᠡᠮᠵᠢ᠂ ᠬᠡᠯᠡᠨ ᠤ ᠤᠶᠢᠯᠠᠭᠠᠮᠵᠢ ᠬᠢᠭᠡᠳ ᠬᠡᠯᠡᠨ ᠤ ᠬᠡᠷᠡᠭᠯᠡᠭᠡᠨ ᠤ | ᠴᠢᠳᠠᠪᠤᠷᠢ ᠨᠢ ᠠᠭᠠᠵᠢᠮ ᠢᠶᠠᠷ ᠪᠦᠷᠢᠯᠳᠦᠳᠡᠭ᠃ ᠡᠶᠢᠮᠦ ᠠᠴᠠ ᠪᠠᠭ᠎ᠠ ᠰᠤᠷᠭᠠᠭᠤᠯᠢ ᠶᠢᠨ ᠰᠤᠷᠤᠭᠴᠢᠳ ᠲᠤ | ᠰᠤᠨᠤᠰᠬᠤ ᠪᠤᠯᠪᠠᠰᠤᠷᠠᠯ ᠬᠦᠷᠳᠡᠭᠡᠬᠦ ᠶᠢ ᠬᠡᠯᠡ ᠪᠢᠴᠢᠭ ᠤᠨ ᠵᠢᠭᠠᠨ ᠰᠤᠷᠭᠠᠯᠳᠠ ᠳᠤ ᠪᠠᠨ ᠲᠡᠷᠢᠭᠦᠨ ᠪᠠᠶᠢᠷᠢᠨ ᠳᠤ | ᠲᠠᠯᠪᠢᠵᠦ ᠬᠦᠨᠳᠦᠳᠭᠡᠨ ᠭᠦᠢᠴᠡᠳᠭᠡᠬᠦ ᠴᠢᠬᠤᠯᠡᠳᠡᠢ᠃ ᠪᠤᠯᠪᠠᠰᠤᠷᠠᠯ ᠤᠨ ᠠᠭᠤᠯᠭ᠎ᠠ ᠪᠠᠨ ᠰᠤᠷᠤᠭᠴᠢ ᠶᠢᠨ | ᠠᠮᠢᠳᠤᠷᠠᠯ ᠰᠤᠷᠤᠯᠭ᠎ᠠ ᠲᠠᠢ ᠨᠢ ᠨᠢᠭᠳᠠ ᠤᠶᠠᠯᠳᠤᠭᠤᠯᠪᠠᠯ ᠵᠤᠬᠢᠨ᠎ᠠ᠃ ᠪᠤᠳᠡᠳᠡᠢ ᠲᠤᠭᠠᠴᠢᠪᠠᠯ᠄ | 1. ᠰᠤᠷᠤᠭᠴᠢᠳ ᠲᠤ ᠮᠤᠩᠭᠤᠯ ᠬᠡᠤᠭᠡᠳ ᠤᠨ ᠦᠯᠢᠭᠡᠷ ᠰᠢᠯᠦᠭ᠂ ᠮᠤᠩᠭᠤᠯ ᠬᠡᠤᠭᠡᠳ ᠤᠨ ᠳᠠᠭᠤᠤ᠂ | ᠮᠤᠩᠭᠤᠯ ᠷᠠᠳᠢᠤ᠋᠂ ᠮᠤᠩᠭᠤᠯ ᠲᠧᠯᠸᠢᠰ ᠵᠡᠷᠭᠡ ᠶᠢ ᠳᠠᠩᠳᠠ ᠦᠵᠡᠭᠦᠯᠵᠦ ᠰᠤᠨᠤᠰᠬᠠᠨ ᠬᠡᠯᠡᠨ ᠤ ᠰᠡᠳᠡᠯᠳᠡ ᠶᠢ | ᠴᠢᠩᠭᠠᠳᠬᠠᠵᠦ ᠮᠤᠩᠭᠤᠯ ᠬᠡᠯᠡᠨ ᠤ ᠮᠡᠳᠡᠷᠡᠮᠵᠢ ᠲᠠᠢ ᠪᠤᠯᠭᠠᠨ᠎ᠠ᠃ | 2. ᠦᠰᠦᠭᠯᠡᠯ ᠪᠠ ᠦᠭᠡ ᠡᠵᠡᠮᠰᠢᠯ ᠤᠨ ᠵᠢᠭᠠᠨ ᠰᠤᠷᠭᠠᠯᠳᠠ ᠳᠤ ᠪᠠᠨ ᠰᠢᠨ᠎ᠡ ᠰᠤᠷᠬᠤ ᠦᠭᠡᠰ ᠤᠨ | ᠠᠪᠢᠶᠠᠨ ᠤ ᠳᠠᠭᠤᠨ ᠰᠢᠩᠭᠡᠭᠡᠯᠳᠡ ᠶᠢ ᠰᠤᠨᠤᠰᠬᠠᠨ ᠠᠶᠠᠨᠳᠠᠭᠠᠨ ᠠᠪᠢᠶᠠᠯᠠᠵᠦ ᠴᠢᠳᠠᠬᠤ ᠬᠡᠮᠵᠢᠶᠡᠨ ᠳᠤ ᠭᠦᠷᠭᠡᠵᠦ | ᠪᠠᠷᠢᠮᠵᠢᠶ᠎ᠠ ᠠᠪᠢᠶᠠᠨ ᠤ ᠮᠡᠳᠡᠷᠡᠮᠵᠢ ᠲᠠᠢ ᠪᠤᠯᠭᠠᠨ᠎ᠠ᠃ | 3. ᠡᠩ ᠤᠨ ᠬᠡᠷᠡᠭᠯᠡᠭᠡᠨ ᠤ ᠦᠭᠡ ᠶᠢᠨ ᠳᠠᠭᠤᠨ ᠰᠢᠩᠭᠡᠭᠡᠯᠳᠡ ᠶᠢ ᠵᠢᠷᠤᠭ ᠬᠠᠪᠰᠤᠷᠭᠠᠨ ᠰᠤᠨᠤᠰᠬᠠᠵᠦ᠂ | ᠦᠭᠡᠰ ᠤᠨ ᠰᠠᠩ ᠢ ᠨᠢ ᠪᠠᠶᠠᠯᠢᠬᠵᠢᠭᠤᠯᠵᠤ᠂ ᠭᠡᠯᠡᠨ ᠤ ᠬᠠᠷᠢᠯᠴᠠᠭᠠᠨ ᠳᠤ ᠢᠯᠭᠤᠮ ᠤᠷᠤᠭᠰᠢᠳᠡᠢ ᠤᠷᠤᠯᠴᠠᠵᠦ | ᠴᠢᠳᠠᠬᠤ ᠳᠤ ᠨᠢ ᠳᠡᠪᠢᠰᠭᠡᠷ ᠪᠤᠯᠭᠠᠨ᠎ᠠ᠃ | 4. ᠰᠤᠷᠬᠤ ᠬᠢᠴᠢᠶᠡᠯ ᠤᠨ ᠳᠠᠭᠤᠨ ᠰᠢᠩᠭᠡᠭᠡᠯᠳᠡ ᠶᠢ ᠦᠷᠭᠦᠯᠵᠢ ᠰᠤᠨᠤᠰᠬᠠᠵᠦ ᠵᠦᠪ ᠤᠩᠰᠢᠵᠦ᠂ ᠵᠦᠪ | ᠶᠠᠷᠢᠵᠦ ᠰᠤᠷᠬᠤ ᠳᠤ ᠨᠢ ᠭᠦᠳᠤᠯᠤᠮᠵᠢ ᠪᠤᠯᠭᠠᠨ᠎ᠠ᠃ | ︵ᠬᠤᠶᠠᠷ︶ ᠶᠠᠷᠢᠬᠤ ᠴᠢᠳᠠᠪᠤᠷᠢ ᠶᠢᠨ ᠬᠦᠮᠦᠵᠢᠯ | ᠰᠤᠨᠤᠰᠬᠤ ᠬᠢᠭᠡᠳ ᠶᠠᠷᠢᠬᠤ ᠨᠢ ᠰᠠᠯᠵᠦ ᠪᠤᠯᠤᠰᠢ ᠦᠭᠡᠢ ᠨᠢᠭᠳᠠ ᠬᠠᠷᠢᠴᠠᠭ᠎ᠠ ᠲᠠᠢ᠂ ᠰᠤᠨᠤᠰᠬᠤ ᠬᠢᠭᠡᠳ | ᠶᠠᠷᠢᠬᠤ ᠨᠢ ᠬᠡᠯᠡ ᠶᠠᠷᠢᠶᠠᠨ ᠤ ᠪᠤᠯᠪᠠᠰᠤᠷᠠᠯ ᠤᠨ ᠶᠠᠪᠤᠴᠠ ᠳᠤ ᠬᠠᠷᠢᠯᠴᠠᠨ ᠬᠤᠯᠪᠤᠭᠳᠠᠬᠤ ᠬᠦᠳᠡᠯᠭᠡᠭᠡᠨ ᠶᠠᠪᠤᠴᠠ | ᠮᠦᠨ᠃ ᠵᠦᠪᠭᠡᠨ ᠭᠡᠯᠡᠨ ᠤ ᠬᠠᠷᠢᠯᠴᠠᠭᠠᠨ ᠤ ᠵᠤᠭᠰᠤᠴᠠ ᠠᠴᠠ ᠶᠠᠷᠢᠪᠠᠯ᠂ ᠰᠤᠨᠤᠰᠴᠦ ᠤᠶᠢᠯᠠᠭᠠᠮᠠᠨᠵᠢᠨ ᠰᠠᠶ᠋ᠢ | ᠵᠦᠪ ᠳᠤᠳᠤᠷᠬᠠᠢ ᠶᠠᠷᠢᠵᠦ ᠢᠯᠡᠳᠭᠡᠵᠦ ᠴᠢᠳᠠᠳᠠᠭ᠃ ᠰᠤᠨᠤᠰᠬᠤ ᠴᠢᠳᠠᠪᠤᠷᠢ ᠨᠢ ᠰᠠᠶᠢᠨ ᠬᠦᠮᠦᠨ ᠶᠠᠷᠢᠬᠤ | ᠴᠢᠳᠠᠪᠤᠷᠢ ᠨᠢ ᠪᠠᠰᠠ ᠵᠦᠭᠡᠷ ᠪᠠᠶᠢᠳᠠᠭ᠃ | 1. ᠰᠤᠨᠤᠰᠬᠤ ᠪᠠᠷ ᠶᠠᠷᠢᠬᠤ ᠶᠢ ᠳᠠᠶᠢᠴᠢᠯᠠᠵᠦ᠂ ᠰᠤᠨᠤᠰᠬᠤ ᠪᠠᠷ ᠶᠠᠷᠢᠬᠤ ᠶᠢ ᠠᠬᠢᠭᠤᠯᠬᠤ | ᠰᠤᠨᠤᠰᠬᠤ ᠪᠤᠯᠪᠠᠰᠤᠷᠠᠯ ᠬᠢᠭᠡᠳ ᠠᠪᠢᠶᠠᠨ ᠤ ᠪᠤᠯᠪᠠᠰᠤᠷᠠᠯ ᠨᠢ ᠶᠠᠷᠢᠬᠤ ᠴᠢᠳᠠᠪᠤᠷᠢ ᠶᠢᠨ ᠬᠦᠮᠦᠵᠢᠯ ᠤᠨ | ᠲᠦᠷᠦᠬᠦᠦ ᠠᠯᠬᠤᠮ ᠮᠦᠨ᠃ ᠡᠶᠢᠮᠦ ᠠᠴᠠ ᠦᠰᠦᠭᠯᠡᠯ ᠤᠨ ᠵᠢᠭᠠᠨ ᠰᠤᠷᠭᠠᠯᠳᠠ ᠶᠢᠨ ᠡᠬᠢᠨ ᠤ ᠬᠤᠭᠤᠴᠠᠭᠠᠨ ᠳᠤ | ᠪᠠᠭᠰᠢ ᠠᠴᠠ ᠰᠤᠷᠤᠭᠴᠢᠳ ᠲᠤ ᠰᠤᠨᠤᠰᠬᠤ ᠪᠤᠯᠪᠠᠰᠤᠷᠠᠯ᠂ ᠳᠠᠪᠳᠠᠵᠦ ᠠᠪᠢᠶᠠᠯᠠᠬᠤ ᠪᠤᠯᠪᠠᠰᠤᠷᠠᠯ ᠢᠶᠠᠷ ᠰᠤᠨᠤᠰᠴᠦ | ᠴᠢᠳᠠᠬᠤ᠂ ᠰᠤᠨᠤᠰᠴᠦ ᠤᠶᠢᠯᠠᠭᠠᠵᠦ ᠴᠢᠳᠠᠬᠤ ᠪᠤᠯᠪᠠᠰᠤᠷᠠᠯ ᠢ ᠬᠦᠢᠴᠡᠳ ᠬᠦᠷᠳᠡᠭᠡᠵᠦ ᠴᠡᠪᠡᠷ ᠪᠠᠷᠢᠮᠵᠢᠶ᠎ᠠ | ᠠᠪᠢᠶ᠎ᠠ ᠪᠠᠷ ᠠᠪᠢᠶᠠᠯᠠᠵᠦ ᠴᠢᠳᠠᠬᠤ ᠠᠩᠬᠠᠨ ᠤ ᠰᠠᠭᠤᠷᠢ ᠶᠢ ᠰᠠᠶᠢᠳᠤᠷ ᠲᠠᠯᠪᠢᠬᠤ ᠴᠢᠬᠤᠯᠡᠳᠡᠢ᠃ ᠰᠤᠨᠤᠰᠬᠤ | ᠪᠤᠯᠪᠠᠰᠤᠷᠠᠯ ᠬᠢᠭᠡᠳ ᠠᠪᠢᠶᠠᠨ ᠤ ᠪᠤᠯᠪᠠᠰᠤᠷᠠᠯ ᠤᠨ ᠰᠠᠭᠤᠷᠢᠨ ᠳᠡᠭᠡᠷ᠎ᠡ ᠠᠰᠠᠭᠤᠵᠦ ᠬᠠᠷᠢᠭᠤᠯᠬᠤ᠂ ᠳᠠᠭᠤᠷᠢᠶᠠᠵᠦ | ᠶᠠᠷᠢᠬᠤ᠂ ᠳᠠᠪᠳᠠᠨ ᠶᠠᠷᠢᠬᠤ ᠪᠤᠯᠪᠠᠰᠤᠷᠠᠯ ᠢ ᠤᠯᠠᠮ ᠨᠢᠭᠡ ᠠᠯᠬᠤᠮ ᠶᠠᠪᠤᠭᠤᠯᠵᠦ ᠴᠡᠪᠡᠷ ᠪᠠᠷᠢᠮᠵᠢᠶ᠎ᠠ ᠠᠪᠢᠶ᠎ᠠ ᠪᠠᠷ | ᠳᠦᠭᠦᠮ ᠳᠦᠳᠡ ᠶᠠᠷᠢᠵᠦ ᠴᠢᠳᠠᠬᠤ ᠴᠢᠳᠠᠪᠣᠷᠢ ᠲᠠᠢ ᠪᠤᠯᠭᠠᠨ᠎ᠠ᠃ | 2. ᠶᠠᠷᠢᠵᠦ ᠢᠯᠡᠳᠭᠡᠬᠦ ᠠᠬᠤᠢ ᠤᠷᠴᠢᠨ ᠢ ᠪᠤᠢ ᠪᠤᠯᠭᠠᠵᠦ᠂ ᠰᠤᠨᠤᠰᠬᠤ ᠶᠠᠷᠢᠬᠤ ᠶᠢ ᠨᠢᠭᠳᠠ | ᠤᠶᠠᠯᠳᠤᠭᠤᠯᠬᠤ | ᠲᠤᠬᠠᠶᠢᠯᠠᠪᠠᠯ᠂ ᠤᠳᠬ᠎ᠠ ᠲᠠᠢ ᠨᠡᠪᠳᠡᠷᠡᠯᠴᠡᠭᠡ ᠪᠠᠷ ᠰᠤᠨᠤᠰᠬᠤ ᠶᠠᠷᠢᠬᠤ ᠪᠤᠯᠪᠠᠰᠤᠷᠠᠯ ᠢ ᠤᠶᠠᠯᠳᠤᠭᠤᠯᠵᠤ | ᠪᠤᠯᠤᠨ᠎ᠠ᠃ ᠵᠢᠱᠢᠶᠡᠯᠡᠪᠡᠯ᠂ ᠬᠢᠴᠢᠶᠡᠯ ᠤᠨ ᠲᠠᠩᠬᠢᠮ ᠳᠤ ᠬᠡᠯᠡ ᠶᠠᠷᠢᠶᠠᠨ ᠤ ᠬᠦᠳᠡᠯᠪᠦᠷᠢ ᠶᠢ ᠵᠤᠬᠢᠶᠠᠨ ᠪᠠᠶᠢᠭᠤᠯᠵᠦ᠂ | ᠶᠠᠷᠢᠵᠦ ᠬᠠᠷᠢᠯᠴᠠᠬᠤ ᠠᠬᠤᠢ ᠤᠷᠴᠢᠨ ᠢ ᠪᠤᠢ ᠪᠤᠯᠭᠠᠵᠦ᠂ ᠪᠠᠭᠰᠢ ᠰᠤᠷᠤᠭᠴᠢ ᠶᠢᠨ ᠬᠤᠭᠤᠷᠤᠨᠳᠦ᠂ ᠰᠤᠷᠤᠭᠴᠢ | ᠰᠤᠷᠤᠭᠴᠢ ᠶᠢᠨ ᠬᠤᠭᠤᠷᠤᠨᠳᠦ ᠶᠠᠷᠢᠶ᠎ᠠ ᠬᠠᠷᠢᠯᠴᠠᠭ᠎ᠠ ᠬᠢᠯᠭᠡᠵᠦ ᠪᠤᠰᠤᠳ ᠲᠠᠢ ᠬᠠᠷᠢᠯᠴᠠᠬᠤ ᠴᠢᠳᠠᠪᠤᠷᠢ ᠶᠢ | ᠬᠦᠮᠦᠵᠢᠬᠦᠯᠦᠨ᠎ᠡ᠃ ᠡᠶᠢᠨ ᠬᠦ ᠦᠨᠡᠨ ᠪᠤᠳᠡᠳᠡᠢ ᠬᠠᠷᠢᠯᠴᠠᠭᠠᠨ ᠤ ᠬᠦᠳᠡᠯᠪᠦᠷᠢ ᠪᠠᠷ ᠰᠤᠨᠤᠰᠴᠦ ᠤᠶᠢᠯᠠᠭᠠᠬᠤ᠂ | ᠶᠠᠷᠢᠬᠤ ᠢᠯᠡᠳᠭᠡᠬᠦ ᠴᠢᠳᠠᠪᠤᠷᠢ ᠶᠢ ᠬᠦᠮᠦᠵᠢᠬᠦᠯᠵᠦ᠂ ᠪᠠᠭ᠎ᠠ ᠰᠤᠷᠭᠠᠭᠤᠯᠢ ᠶᠢᠨ ᠰᠤᠷᠤᠭᠴᠢᠳ ᠢ ᠬᠡᠯᠡ ᠶᠠᠷᠢᠶᠠᠨ ᠳᠤ | ᠴᠠᠭᠠᠷᠠᠭᠤᠯᠵᠦ ᠴᠡᠪᠡᠷ ᠪᠠᠷᠢᠮᠵᠢᠶ᠎ᠠ ᠬᠡᠯᠡ ᠪᠠᠷ ᠶᠠᠷᠢᠵᠦ ᠬᠠᠷᠢᠯᠴᠠᠬᠤ ᠰᠠᠭᠤᠷᠢ ᠲᠠᠢ ᠪᠤᠯᠭᠠᠨ᠎ᠠ᠃ | ︵ᠭᠤᠷᠪᠠ︶ ᠵᠢᠭᠠᠨ ᠰᠤᠷᠭᠠᠯᠳᠠ ᠶᠢᠨ ᠠᠷᠭ᠎ᠠ ᠵᠠᠮ | 1. ᠲᠠᠰᠢᠷᠠᠮ ᠤᠨ ᠪᠤᠯᠪᠠᠰᠤᠷᠠᠯ ᠢ ᠠᠰᠢᠭᠯᠠᠵᠦ ᠰᠤᠨᠤᠰᠬᠤ ᠶᠠᠷᠢᠬᠤ ᠴᠢᠳᠠᠪᠤᠷᠢ ᠶᠢ ᠬᠦᠮᠦᠵᠢᠬᠦᠯᠬᠦ | ᠲᠠᠰᠢᠷᠠᠮ ᠤᠨ ᠪᠤᠯᠪᠠᠰᠤᠷᠠᠯ ᠭᠡᠳᠡᠭ ᠨᠢ ᠲᠠᠷᠤᠢ ᠬᠡᠯᠡ ᠪᠢᠴᠢᠭ ᠤᠨ ᠵᠢᠭᠠᠨ ᠰᠤᠷᠭᠠᠯᠳᠠ ᠶᠢᠨ ᠳᠤᠮᠳᠠ | ᠰᠤᠨᠤᠰᠬᠤ ᠶᠠᠷᠢᠬᠤ ᠴᠢᠳᠠᠪᠤᠷᠢ ᠶᠢᠨ ᠬᠦᠮᠦᠵᠢᠯ ᠢ ᠠᠮᠢᠳᠤᠯᠢᠭ ᠢᠶᠠᠷ ᠲᠤᠬᠢᠷᠠᠭᠤᠯᠤᠨ ᠵᠢᠭᠠᠬᠤ ᠶᠢ ᠬᠡᠯᠡᠨ᠎ᠡ᠃ ᠪᠤᠳᠡᠳᠡᠢ | ᠲᠤᠭᠠᠴᠢᠪᠠᠯ᠄ | ︵1︶ ᠬᠡᠯᠡ ᠶᠠᠷᠢᠶᠠᠨ ᠤ ᠦᠨᠳᠦᠰᠦᠨ ᠪᠤᠯᠪᠠᠰᠤᠷᠠᠯ ᠢ ᠠᠳᠬᠤᠵᠦ ᠬᠡᠯᠡ ᠶᠢ ᠵᠦᠭᠰᠢᠷᠡᠬᠦᠯᠬᠦ | ᠶᠠᠷᠢᠬᠤ ᠴᠢᠳᠠᠪᠤᠷᠢ ᠶᠢ ᠬᠦᠮᠦᠵᠢᠬᠦᠯᠬᠦ ᠳᠤ ᠶᠠᠭᠤᠨ ᠤ ᠡᠮᠦᠨ᠎ᠡ ᠬᠡᠯᠡᠨ ᠤ ᠴᠣᠯᠴᠢᠷᠠᠭᠠ ᠶᠢ ᠴᠢᠬᠤᠯᠠ ᠨᠢᠭᠡᠨ | ᠠᠰᠠᠭᠤᠳᠠᠯ ᠢᠶᠠᠷ ᠦᠵᠡᠵᠣ ᠬᠦᠨᠳᠦᠳᠭᠡᠨ ᠰᠢᠢᠳᠪᠣᠷᠢᠯᠡᠬᠦ ᠬᠡᠷᠡᠭᠳᠡᠢ᠃ ᠦᠭᠦᠯᠡᠬᠦ ᠡᠷᠭᠡᠳᠡᠨ ᠤ ᠪᠤᠯᠪᠠᠰᠤᠷᠠᠯ ᠢ | ᠳᠠᠩᠳᠠ ᠪᠠᠷᠢᠮᠳᠠᠯᠠᠵᠦ ᠪᠤᠯᠪᠠᠰᠤᠷᠠᠭᠤᠯᠪᠠᠯ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠬᠡᠯᠡᠨ ᠤ ᠪᠠᠶᠢᠳᠠᠯ ᠢ | ᠰᠠᠶᠢᠵᠢᠷᠠᠯᠳᠠ ᠲᠠᠢ ᠪᠤᠯᠭᠠᠵᠦ ᠴᠢᠳᠠᠨ᠎ᠠ᠃ ᠡᠭᠦᠨ ᠠᠴᠠ ᠭᠠᠳᠠᠨ᠎ᠠ᠂ ᠬᠡᠯᠡ ᠵᠦᠭᠰᠢᠷᠡᠬᠦᠯᠬᠦ ᠦᠭᠡ᠂ ᠠᠮᠢᠰᠬᠤᠯ | ᠣᠷᠳᠣᠰᠬᠠᠬᠤ ᠦᠭᠡ᠂ ᠵᠢᠷᠤᠭ᠎ᠠ ᠦᠭᠡ᠂ ᠵᠤᠭ᠎ᠠ ᠦᠭᠡ᠂ ᠣᠨᠢᠰᠤᠭ᠎ᠠ᠂ ᠵᠦᠢᠷ ᠰᠡᠴᠡᠨ ᠦᠭᠡ ᠶᠢ ᠵᠢᠭᠠᠨ | ᠰᠤᠷᠭᠠᠯᠳᠠ ᠳᠤ ᠪᠠᠨ ᠠᠮᠢᠳᠤᠯᠢᠭ ᠢᠶᠠᠷ ᠠᠰᠢᠭᠯᠠᠵᠦ ᠤᠩᠰᠢᠬᠤ᠂ ᠴᠡᠭᠡᠵᠢᠯᠡᠬᠦ᠂ ᠶᠠᠷᠢᠬᠤ ᠬᠦᠳᠡᠯᠭᠡᠭᠡᠨ ᠢᠶᠠᠷ | ᠪᠤᠯᠪᠠᠰᠤᠷᠠᠯ ᠬᠦᠷᠳᠡᠭᠡᠪᠡᠯ ᠰᠤᠨᠤᠰᠴᠦ ᠤᠶᠢᠯᠠᠭᠠᠬᠤ᠂ ᠬᠡᠯᠡᠵᠦ ᠶᠠᠷᠢᠬᠤ ᠴᠢᠳᠠᠪᠤᠷᠢ ᠶᠢ ᠲᠦᠯᠦᠪᠰᠢᠷᠠᠭᠦᠯᠭᠦ ᠳᠤ | ᠲᠤᠰᠠ ᠲᠠᠢ᠃ | ︵2︶ ᠦᠰᠦᠭᠯᠡᠯ ᠪᠠ ᠦᠭᠡ ᠡᠵᠡᠮᠰᠢᠯ ᠤᠨ ᠵᠢᠭᠠᠨ ᠰᠤᠷᠭᠠᠯᠳᠠ ᠶᠢᠨ ᠳᠠᠭᠠᠤ ᠰᠤᠨᠤᠰᠬᠤ ᠶᠠᠷᠢᠬᠤ | ᠴᠢᠳᠠᠪᠤᠷᠢ ᠶᠢ ᠬᠦᠮᠦᠵᠢᠬᠦᠯᠬᠦ | ᠲᠤᠬᠠᠶᠢᠯᠠᠪᠠᠯ᠂ ᠦᠰᠦᠭ᠂ ᠡᠭᠡᠰᠢᠭ ᠲᠤᠯᠤᠭ᠎ᠠ᠂ ᠴᠠᠭᠠᠨ ᠲᠤᠯᠤᠭᠠᠢ ᠪᠠ ᠰᠤᠷᠬᠤ ᠳᠠᠩ ᠦᠭᠡ ᠶᠢᠨ | ᠪᠠᠷᠢᠮᠵᠢᠶ᠎ᠠ ᠠᠪᠢᠶ᠎ᠠ ᠶᠢ ᠰᠤᠨᠤᠰᠬᠠᠬᠤ ᠶᠢᠨ ᠳᠠᠭᠠᠤ ᠪᠠᠷᠢᠮᠵᠢᠶ᠎ᠠ ᠠᠪᠢᠶᠠᠨ ᠤ ᠵᠢᠯᠤᠭᠤᠳᠤᠯᠭ᠎ᠠ ᠶᠢ ᠭᠦᠢᠴᠡᠳ | ᠬᠦᠷᠳᠡᠭᠡᠵᠦ ᠵᠦᠪ ᠪᠠᠷᠢᠮᠵᠢᠶ᠎ᠠ ᠠᠪᠢᠶᠠᠯᠠᠵᠦ ᠰᠤᠷᠭᠠᠨ᠎ᠠ᠃ ᠠᠮᠢᠳᠤᠷᠠᠯ ᠤᠨ ᠳᠤᠮᠳᠠ ᠪᠠᠶᠢᠩᠭᠤ ᠬᠡᠷᠡᠭᠯᠡᠭᠳᠡᠬᠦ ᠦᠭᠡ ᠪᠠ | ᠭᠦᠨᠳᠤ ᠦᠭᠡ ᠪᠠᠷ ᠪᠦᠷᠢᠨ ᠪᠦᠳᠦᠨ ᠦᠭᠦᠯᠡᠪᠦᠷᠢ ᠶᠠᠷᠢᠭᠤᠯᠵᠦ ᠰᠤᠷᠭᠠᠨ ᠳᠠᠪᠳᠠᠨ ᠶᠠᠷᠢᠬᠤ᠂ ᠳᠠᠭᠤᠷᠢᠶᠠᠨ ᠶᠠᠷᠢᠬᠤ᠂ | ᠬᠤᠪᠢᠷᠠᠭᠠᠵᠦ ᠶᠠᠷᠢᠬᠤ ᠬᠡᠯᠪᠡᠷᠢ ᠪᠠᠷ ᠦᠭᠦᠯᠡᠪᠦᠷᠢ ᠶᠢᠨ ᠬᠡᠪ ᠲᠤ ᠳᠠᠰᠬᠠᠵᠦ ᠡᠮᠬᠢ ᠴᠡᠭᠴᠡᠳᠡᠢ᠂ ᠪᠦᠷᠢᠨ ᠪᠦᠳᠦᠨ | ᠶᠠᠷᠢᠵᠦ ᠴᠢᠳᠠᠬᠤ ᠰᠠᠭᠤᠷᠢ ᠲᠠᠢ ᠪᠤᠯᠭᠠᠨ᠎ᠠ᠃ | ︵3︶ ᠤᠩᠰᠢᠯᠭ᠎ᠠ ᠶᠢᠨ ᠵᠢᠭᠠᠨ ᠰᠤᠷᠭᠠᠯᠳᠠ ᠶᠢᠨ ᠳᠠᠭᠠᠤ ᠰᠤᠨᠤᠰᠤᠨ ᠤᠶᠢᠯᠠᠭᠠᠬᠤ ᠴᠢᠳᠠᠪᠤᠷᠢ᠂ ᠶᠠᠷᠢᠵᠦ | ᠢᠯᠡᠳᠭᠡᠬᠦ ᠴᠢᠳᠠᠪᠤᠷᠢ ᠶᠢ ᠬᠦᠮᠦᠵᠢᠬᠦᠯᠬᠦ | ᠳᠤᠬᠠᠶᠢᠯᠠᠪᠠᠯ᠂ ᠤᠩᠰᠢᠯᠭ᠎ᠠ ᠶᠢᠨ ᠵᠢᠭᠠᠨ ᠰᠤᠷᠭᠠᠯᠳᠠ ᠶᠢᠨ ᠬᠢᠴᠢᠶᠡᠯ ᠢ ᠰᠤᠷᠬᠤ ᠦᠶᠡᠰ ᠠᠰᠠᠭᠤᠯᠳᠠ | ᠰᠡᠳᠬᠢᠨ ᠰᠤᠨᠤᠰᠬᠤ ᠪᠠ ᠠᠰᠠᠭᠤᠯᠳᠠ ᠰᠡᠳᠬᠢᠨ ᠤᠩᠰᠢᠬᠤ ᠪᠤᠯᠪᠠᠰᠤᠷᠠᠯ ᠢ ᠬᠢᠵᠦ ᠰᠤᠨᠤᠰᠤᠨ ᠤᠶᠢᠯᠠᠭᠠᠬᠤ | ᠴᠢᠳᠠᠪᠤᠷᠢ ᠶᠢ ᠨᠢ ᠬᠦᠮᠦᠵᠢᠬᠦᠯᠦᠨ᠎ᠡ᠃ ᠦᠯᠢᠭᠡᠷ ᠤᠨ ᠬᠢᠴᠢᠶᠡᠯ ᠤᠳ ᠢ ᠦᠯᠢᠭᠡᠷᠴᠢᠯᠡᠨ ᠶᠠᠷᠢᠵᠦ ᠰᠤᠷᠭᠠᠬᠤ ᠪᠤᠶᠤ | ᠵᠦᠴᠦᠭᠡᠯᠡᠨ ᠲᠤᠭᠯᠠᠭᠤᠯᠵᠦ ᠪᠢᠴᠢᠭ ᠤᠨ ᠬᠡᠯᠡ ᠶᠢ ᠶᠠᠷᠢᠶᠠᠨ ᠤ ᠬᠡᠯᠡ ᠪᠠᠷ ᠶᠠᠷᠢᠵᠦ ᠰᠤᠷᠭᠠᠨ ᠶᠠᠷᠢᠵᠦ ᠢᠯᠡᠳᠭᠡᠬᠦ | ᠴᠢᠳᠠᠪᠤᠷᠢ ᠶᠢ ᠨᠢ ᠳᠡᠭᠡᠭᠰᠢᠯᠡᠬᠦᠯᠦᠨ᠎ᠡ᠃ | 2. ᠳᠤᠰᠬᠠᠢ ᠪᠤᠯᠪᠠᠰᠤᠷᠠᠯ ᠢ ᠠᠰᠢᠭᠯᠠᠵᠦ ᠰᠤᠨᠤᠰᠬᠤ᠂ ᠶᠠᠷᠢᠬᠤ᠂ ᠬᠠᠷᠢᠯᠴᠠᠬᠤ ᠴᠢᠳᠠᠪᠤᠷᠢ ᠶᠢ | ᠬᠦᠮᠦᠵᠢᠬᠦᠯᠬᠦ | ᠳᠤᠰᠬᠠᠢ ᠪᠤᠯᠪᠠᠰᠤᠷᠠᠯ ᠭᠡᠳᠡᠭ ᠨᠢ ᠲᠠᠷᠤᠢ ᠬᠡᠯᠡ ᠪᠢᠴᠢᠭ ᠤᠨ ᠵᠢᠭᠠᠨ ᠰᠤᠷᠭᠠᠯᠳᠠ ᠳᠤ ᠪᠠᠨ ᠰᠤᠷᠤᠯᠭ᠎ᠠ ᠶᠢᠨ | ᠬᠤᠭᠤᠴᠠᠭ᠎ᠠ ᠪᠦᠷᠢ ᠠᠳᠠᠭ ᠲᠤ ᠪᠠᠨ ᠭᠤᠷᠪᠠ — ᠳᠦᠷᠪᠡ ᠤᠷᠴᠢᠮ ᠤᠨ ᠳᠤᠰᠬᠠᠢ ᠬᠢᠴᠢᠶᠡᠯ ᠲᠤᠬᠢᠷᠠᠭᠤᠯᠵᠦ | ᠰᠤᠨᠤᠰᠬᠤ᠂ ᠶᠠᠷᠢᠬᠤ᠂ ᠶᠠᠷᠢᠵᠦ ᠬᠠᠷᠢᠯᠴᠠᠬᠤ ᠪᠤᠯᠪᠠᠰᠤᠷᠠᠯ ᠬᠦᠷᠲᠡᠭᠡᠬᠦ ᠶᠢ ᠬᠡᠯᠡᠨ᠎ᠡ᠃ | ᠳᠤᠰᠬᠠᠢ ᠪᠤᠯᠪᠠᠰᠤᠷᠠᠯ ᠨᠢ ᠬᠠᠷᠠᠯᠳᠠᠳᠦ ᠴᠢᠨᠠᠷ ᠢᠶᠠᠷ ᠴᠢᠩᠭ᠎ᠠ ᠮᠦᠷᠳᠡᠭᠡᠨ ᠦᠷ᠎ᠡ ᠠᠰᠢᠭ ᠢᠶᠠᠷ ᠦᠨᠳᠦᠷ | ᠪᠠᠶᠢᠵᠦ ᠪᠠᠭ᠎ᠠ ᠰᠤᠷᠭᠠᠭᠤᠯᠢ ᠶᠢᠨ ᠰᠤᠷᠤᠭᠴᠢᠳ ᠢ ᠬᠡᠯᠡ ᠶᠠᠷᠢᠶᠠᠨ ᠳᠤ ᠴᠠᠭᠠᠷᠠᠭᠤᠯᠬᠤ ᠳᠤ ᠨᠡᠩ ᠪᠦᠳᠦᠮᠵᠢᠳᠡᠢ | ᠪᠠᠶᠢᠳᠠᠭ᠃ ᠳᠤᠰᠬᠠᠢ ᠪᠤᠯᠪᠠᠰᠤᠷᠠᠯ ᠢᠶᠠᠷ ᠬᠡᠯᠡ ᠶᠠᠷᠢᠶᠠᠨ ᠤ ᠪᠤᠯᠪᠠᠰᠤᠷᠠᠯ ᠬᠦᠷᠳᠡᠭᠡᠬᠦ ᠳᠤ ᠪᠠᠨ ᠰᠤᠷᠤᠭᠴᠢᠳ ᠤᠨ | ᠪᠦᠷᠢᠯᠳᠦᠬᠦᠯᠦᠭᠰᠡᠨ ᠮᠡᠳᠡᠯᠭᠡ ᠶᠢᠨ ᠲᠤᠷᠰᠢᠯᠭ᠎ᠠ ᠳᠤ ᠰᠠᠭᠤᠷᠢᠯᠠᠵᠦ ᠡᠳᠦᠷ ᠳᠤᠳᠤᠮ ᠤᠨ ᠠᠮᠢᠳᠤᠷᠠᠯ᠂ ᠬᠢᠴᠢᠶᠡᠯ | ᠰᠤᠷᠤᠯᠭ᠎ᠠ᠂ ᠵᠠᠩ ᠵᠠᠩᠰᠢᠯ᠂ ᠪᠠᠶᠢᠭᠠᠯᠢ ᠤᠷᠴᠢᠨ᠂ ᠬᠤᠷᠸ᠎ᠠ ᠳᠡᠯᠡᠭᠡᠢ ᠲᠠᠢ ᠬᠤᠯᠪᠤᠭᠳᠠᠬᠤ ᠰᠡᠳᠦᠪ ᠤᠳ ᠢ | ᠰᠤᠩᠭᠤᠵᠦ ᠪᠤᠯᠪᠠᠰᠤᠷᠠᠭᠤᠯᠤᠨ᠎ᠠ᠃ ᠬᠢᠴᠢᠶᠡᠯᠯᠡᠭᠡ ᠳᠤ ᠪᠠᠨ ᠪᠠᠷᠢᠮᠵᠢᠶ᠎ᠠ ᠠᠪᠢᠶᠠᠨ ᠤ ᠪᠤᠯᠪᠠᠰᠤᠷᠠᠯ᠂ ᠰᠤᠨᠤᠰᠴᠦ | ᠤᠶᠢᠯᠠᠭᠠᠬᠤ ᠪᠤᠯᠪᠠᠰᠤᠷᠠᠯ᠂ ᠶᠠᠷᠢᠵᠦ ᠬᠠᠷᠢᠯᠴᠠᠬᠤ ᠪᠤᠯᠪᠠᠰᠤᠷᠠᠯ ᠢ ᠵᠡᠷᠭᠡ ᠪᠠᠷ ᠠᠳᠬᠤᠵᠦ ᠦᠨᠡᠨ ᠪᠤᠳᠡᠳᠡᠢ | ᠤᠳᠬ᠎ᠠ ᠲᠠᠢ ᠨᠡᠪᠳᠡᠷᠡᠯᠴᠡᠭᠡ ᠪᠠᠷ ᠰᠤᠷᠤᠭᠴᠢᠳ ᠤᠨ ᠰᠤᠨᠤᠰᠤᠭᠰᠠᠨ ᠪᠤᠶᠤ ᠬᠤᠷᠠᠮᠳᠣᠭᠤᠯᠵᠦ ᠡᠵᠡᠮᠰᠢᠭᠰᠡᠨ | ᠬᠡᠯᠡᠨ ᠤ ᠮᠠᠲ᠋ᠧᠷᠢᠶᠠᠯ ᠢᠶᠠᠷ ᠠᠰᠠᠭᠤᠳᠠᠯ ᠢ ᠰᠢᠢᠳᠪᠦᠷᠢᠯᠡᠬᠦ᠂ ᠵᠦᠴᠦᠭᠡᠯᠡᠨ ᠳᠤᠭᠯᠠᠬᠤ ᠵᠡᠷᠭᠡ ᠡᠭᠦᠷᠭᠡ ᠶᠢ | ᠭᠦᠢᠴᠡᠳᠭᠡᠨ᠂ ᠪᠤᠯᠪᠠᠰᠤᠷᠠᠯ ᠤᠨ ᠭᠤᠤᠯᠳᠠᠯᠭ᠎ᠠ ᠪᠠᠨ ᠶᠠᠷᠢᠵᠦ ᠢᠯᠡᠳᠭᠡᠬᠦ ᠪᠠ ᠶᠠᠷᠢᠵᠦ ᠬᠠᠷᠢᠯᠴᠠᠬᠤ ᠳᠡᠭᠡᠷ᠎ᠡ | ᠲᠠᠯᠪᠢᠵᠦ ᠵᠦᠪ ᠤᠨᠤᠪᠴᠢᠳᠡᠢ᠂ ᠤᠷᠤᠰᠤᠮ᠎ᠠ ᠪᠤᠯᠪᠠᠰᠤᠷᠠᠩᠭᠤᠢ᠂ ᠡᠪᠯᠢᠭ ᠲᠠᠯᠪᠢᠭᠤ ᠶᠠᠷᠢᠵᠦ | ᠰᠤᠷᠭᠠᠨ᠎ᠠ᠃ ᠪᠤᠯᠪᠠᠰᠤᠷᠠᠯ ᠢᠶᠠᠷ ᠳᠠᠮᠵᠢᠵᠦ ᠵᠠᠩᠬᠢ ᠶᠢ ᠵᠤᠬᠢᠶᠠᠨ ᠪᠠᠶᠢᠭᠤᠯᠬᠤ ᠲᠠᠨᠢᠨ ᠮᠡᠳᠡᠷᠡᠭᠦᠢ ᠶᠢᠨ ᠴᠢᠳᠠᠪᠤᠷᠢ᠂ | ᠦᠭᠡ ᠬᠡᠷᠡᠭᠯᠡᠵᠦ ᠦᠭᠦᠯᠡᠪᠦᠷᠢ ᠨᠠᠶᠢᠷᠠᠭᠤᠯᠬᠤ ᠬᠡᠯᠡ ᠶᠠᠷᠢᠶᠠᠨ ᠤ ᠴᠢᠳᠠᠪᠤᠷᠢ᠂ ᠶᠡᠷᠦᠩᠭᠡᠶᠢᠯᠡᠨ ᠢᠯᠡᠳᠭᠡᠬᠦ | ᠴᠢᠳᠠᠪᠤᠷᠢ ᠶᠢ ᠬᠦᠮᠦᠵᠢᠬᠦᠯᠦᠨ᠎ᠡ᠃ ᠡᠨᠡ ᠨᠢ ᠲᠠᠷᠤᠢ ᠰᠤᠷᠤᠭᠴᠢ ᠶᠢᠨ ᠶᠠᠷᠢᠶᠠᠨ ᠤ ᠬᠡᠯᠡᠨ ᠤ ᠴᠢᠳᠠᠪᠤᠷᠢ ᠶᠢᠨ ᠶᠡᠷᠦᠩᠭᠡᠢ | ᠢᠯᠡᠷᠡᠯ ᠪᠤᠯᠳᠠᠭ᠃ ︽ᠭᠤᠸ᠎ᠠ ᠵᠢᠮᠢᠰ ᠢ ᠲᠠᠨᠢᠬᠤ︾ ᠬᠡᠬᠦ ᠳᠣᠰᠬᠠᠢ ᠬᠢᠴᠢᠶᠡᠯ ᠢᠶᠠᠷ ᠵᠢᠱᠢᠶᠡᠯᠡᠵᠣ ᠶᠠᠷᠢᠪᠠᠯ᠂ | ᠬᠢᠴᠢᠶᠡᠯᠯᠡᠭᠡ ᠳᠤ ᠪᠠᠨ ᠤᠷᠢᠳ ᠢᠶᠠᠷ ᠡᠯ᠎ᠡ ᠵᠦᠢᠯ ᠤᠨ ᠭᠤᠸ᠎ᠠ ᠵᠢᠮᠢᠰ ᠢ ᠦᠵᠡᠬᠦᠯᠵᠦ ᠲᠠᠨᠢᠭᠤᠯᠤᠨ ᠪᠠᠷᠢᠮᠵᠢᠶ᠎ᠠ | ᠠᠪᠢᠶ᠎ᠠ ᠪᠠᠷ ᠨᠡᠷᠡᠶᠢᠳᠦᠯ ᠢ ᠨᠢ ᠨᠡᠷᠡᠯᠡᠵᠦ ᠰᠤᠷᠭᠠᠨ᠎ᠠ︔ ᠳᠠᠷᠠᠭ᠎ᠠ ᠳᠤ ᠨᠢ ᠭᠤᠸ᠎ᠠ ᠵᠢᠮᠢᠰ ᠢ ᠠᠵᠢᠭᠯᠠᠭᠤᠯᠵᠦ ᠦᠩᠭᠡ | ᠪᠠᠶᠢᠳᠠᠯ ᠢ ᠨᠢ ᠵᠦᠪ ᠤᠨᠤᠪᠴᠢᠳᠡᠢ ᠬᠡᠯᠡᠵᠦ ᠴᠢᠳᠠᠭᠤᠯᠤᠨᠠ᠂ ᠭᠤᠸ᠎ᠠ ᠵᠢᠮᠢᠰ ᠢ ᠠᠮᠳᠠᠯᠠᠭᠤᠯᠵᠦ ᠦᠨᠦᠷ ᠠᠮᠳᠠ ᠶᠢ ᠨᠢ | ᠳᠤᠳᠤᠯᠠᠵᠦ ᠶᠠᠷᠢᠭᠤᠯᠤᠨ᠎ᠠ︔ ᠡᠭᠦᠨ ᠤ ᠰᠠᠭᠤᠷᠢᠨ ᠳᠡᠭᠡᠷ᠎ᠡ ᠴᠢᠯᠦᠭᠡᠳᠤ ᠳᠡᠯᠭᠡᠭᠦᠷ ᠠᠴᠠ ᠭᠤᠸ᠎ᠠ ᠵᠢᠮᠢᠰ ᠬᠤᠳᠠᠯᠳᠤᠨ | ᠠᠪᠬᠤ ᠬᠦᠳᠡᠯᠪᠤᠷᠢ ᠶᠢ ᠵᠤᠬᠢᠶᠠᠨ ᠪᠠᠶᠢᠭᠤᠯᠵᠦ ᠬᠤᠳᠠᠯᠳᠤᠭᠴᠢ ᠪᠠ ᠬᠤᠳᠠᠯᠳᠤᠨ ᠠᠪᠤᠭᠴᠢ ᠶᠢᠨ ᠬᠤᠭᠤᠷᠤᠨᠳᠦ | ᠵᠦᠴᠦᠭᠡᠯᠡᠨ ᠲᠤᠭᠯᠠᠭᠤᠯᠵᠦ ᠰᠤᠨᠤᠰᠴᠦ ᠣᠶᠢᠯᠠᠭᠠᠬᠤ᠂ ᠶᠠᠷᠢᠵᠦ ᠢᠯᠡᠳᠭᠡᠬᠦ ᠴᠢᠳᠠᠪᠣᠷᠢ ᠶᠢ ᠨᠢ ᠬᠦᠮᠦᠵᠢᠬᠦᠯᠵᠦ | ᠶᠠᠷᠢᠶ᠎ᠠ ᠬᠠᠷᠢᠯᠴᠠᠭᠠᠨ ᠳᠤ ᠤᠷᠤᠵᠦ ᠴᠢᠳᠠᠬᠤ ᠴᠢᠳᠠᠪᠤᠷᠢ ᠲᠠᠢ ᠪᠤᠯᠭᠠᠨ᠎ᠠ᠃ | ︵ᠲᠦᠷᠪᠡ︶ ᠵᠢᠭᠠᠨ ᠰᠤᠷᠭᠠᠯᠲᠠ ᠶᠢᠨ ᠠᠷᠭ᠎ᠠ ᠠᠪᠴᠠᠯ | ᠵᠢᠭᠠᠨ ᠰᠤᠷᠭᠠᠯᠳᠠ ᠶᠢᠨ ᠠᠷᠭ᠎ᠠ ᠠᠪᠴᠠᠯ ᠨᠢ ᠤᠷᠤᠯᠳᠤᠯᠭᠠᠳᠦ ᠴᠢᠨᠠᠷ ᠬᠢᠭᠡᠳ ᠦᠢᠯᠡᠳᠦᠯᠭᠡᠳᠦ ᠴᠢᠨᠠᠷ ᠢᠶᠠᠷ | ᠮᠠᠰᠢ ᠴᠢᠩᠭ᠎ᠠ ᠪᠠᠶᠢᠳᠠᠭ᠃ ᠠᠬᠤᠢ ᠤᠷᠴᠢᠨ ᠢ ᠪᠤᠢ ᠪᠤᠯᠭᠠᠬᠤ᠂ ᠬᠠᠷᠢᠯᠴᠠᠨ ᠬᠦᠳᠡᠯᠦᠯᠴᠡᠬᠦ᠂ ᠲᠦᠷᠢᠮ | ᠦᠵᠡᠭᠦᠯᠦᠨ ᠬᠠᠷᠢᠭᠤ ᠪᠤᠴᠠᠯᠳᠠ ᠬᠢᠬᠦ᠂ ᠦᠢᠯᠡᠳᠦᠯᠭᠡᠵᠢᠬᠦᠯᠬᠦ ᠵᠡᠷᠭᠡ ᠠᠷᠭ᠎ᠠ ᠠᠪᠴᠠᠯ ᠢ ᠵᠢᠭᠠᠬᠤ ᠠᠭᠤᠯᠭ᠎ᠠ | ᠶᠢᠨ ᠢᠶᠠᠨ ᠤᠨᠴᠠᠯᠢᠭ ᠢ ᠦᠨᠳᠦᠰᠦᠯᠡᠵᠦ ᠵᠢᠭᠠᠨ ᠰᠤᠷᠭᠠᠯᠳᠠ ᠳᠤ ᠪᠠᠨ ᠠᠮᠢᠳᠤᠯᠢᠭ ᠢᠶᠠᠷ ᠬᠡᠷᠡᠭᠯᠡᠪᠡᠯ ᠪᠤᠯᠪᠠᠰᠤᠷᠠᠯ ᠤᠨ | ᠦᠷ᠎ᠡ ᠠᠰᠢᠭ ᠢ ᠳᠡᠭᠡᠭᠰᠢᠯᠡᠬᠦᠯᠵᠦ ᠴᠢᠳᠠᠨ᠎ᠠ᠃ | 1. ᠠᠬᠤᠢ ᠤᠷᠴᠢᠨ ᠢ ᠪᠤᠢ ᠪᠤᠯᠭᠠᠬᠤ | ᠠᠬᠤᠢ ᠤᠷᠴᠢᠨ ᠢ ᠪᠤᠢ ᠪᠤᠯᠭᠠᠬᠤ ᠳᠤ ᠪᠠᠨ ᠰᠤᠷᠤᠭᠴᠢ ᠶᠢᠨ ᠡᠳᠦᠷ ᠳᠤᠳᠤᠮ ᠤᠨ ᠠᠮᠢᠳᠤᠷᠠᠯ᠂ | ᠰᠤᠷᠤᠯᠭ᠎ᠠ ᠲᠠᠢ ᠤᠶᠢᠷᠠᠳᠤᠭᠤᠯᠤᠨᠠ᠃ ᠬᠢᠴᠢᠶᠡᠯ ᠤᠨ ᠲᠠᠩᠬᠢᠮ ᠳᠤ ᠵᠦᠴᠦᠭᠡᠯᠡᠨ ᠳᠤᠭᠯᠠᠬᠤ᠂ ᠦᠷ᠎ᠡ | ᠪᠦᠳᠦᠭᠡᠯ ᠢᠶᠠᠨ ᠳᠡᠯᠭᠡᠨ ᠦᠵᠡᠬᠦᠯᠬᠦ ᠮᠡᠳᠦ ᠶᠢᠨ ᠰᠤᠷᠤᠭᠴᠢ ᠶᠢᠨ ᠰᠤᠨᠢᠷᠬᠠᠯ ᠢ ᠳᠠᠳᠠᠭᠰᠠᠨ ᠪᠦᠳᠦᠮᠵᠢᠳᠡᠢ ᠠᠷᠭ᠎ᠠ | ᠠᠪᠴᠠᠯ ᠢᠶᠠᠷ ᠬᠡᠯᠡᠨ ᠤ ᠠᠬᠤᠢ ᠤᠷᠴᠢᠨ ᠢ ᠪᠤᠢ ᠪᠤᠯᠭᠠᠵᠦ ᠶᠠᠷᠢᠬᠤ ᠶᠠᠭᠤᠮ᠎ᠠ ᠲᠠᠢ᠂ ᠶᠠᠷᠢᠬᠤ ᠤᠷᠮ᠎ᠠ ᠲᠠᠢ᠂ | ᠶᠠᠷᠢᠬᠤ ᠳᠤᠷᠡᠳᠡᠢ ᠪᠤᠯᠭᠠᠨ᠎ᠠ᠃ | 2. ᠬᠠᠷᠢᠯᠴᠠᠨ ᠬᠦᠳᠡᠯᠦᠯᠴᠡᠬᠦ | ᠲᠤᠭᠤᠢᠢᠯᠠᠩ ᠢᠶᠠᠷ ᠰᠤᠷᠤᠯᠴᠠᠬᠤ ᠬᠢᠴᠢᠶᠡᠯ ᠤᠨ ᠲᠠᠯᠠᠪᠤᠷ ᠲᠤ ᠬᠠᠷᠢᠯᠴᠠᠨ ᠬᠦᠳᠡᠯᠦᠯᠴᠡᠬᠦ ᠲᠠᠪᠴᠠᠩ ᠢ | ᠵᠤᠬᠢᠶᠠᠨ ᠪᠠᠶᠢᠭᠤᠯᠵᠦ ᠪᠠᠭᠰᠢ ᠰᠤᠷᠤᠭᠴᠢ ᠶᠢᠨ ᠬᠤᠭᠤᠷᠤᠨᠳᠦ᠂ ᠰᠤᠷᠤᠭᠴᠢ ᠰᠤᠷᠤᠭᠴᠢ ᠶᠢᠨ ᠬᠤᠭᠤᠷᠤᠨᠳᠦ ᠶᠠᠷᠢᠶ᠎ᠠ | ᠬᠠᠷᠢᠯᠴᠠᠭ᠎ᠠ ᠬᠢᠯᠭᠡᠵᠦ ᠢᠳᠡᠪᠬᠢᠳᠡᠢ ᠶᠠᠷᠢᠬᠤ ᠪᠤᠯᠭᠠᠨ᠎ᠠ᠃ | 3. ᠲᠦᠷᠢᠮ ᠦᠵᠡᠭᠦᠯᠦᠨ ᠬᠠᠷᠢᠭᠤ ᠪᠤᠴᠠᠯᠳᠠ ᠬᠢᠬᠦ | ᠵᠢᠭᠠᠨ ᠰᠤᠷᠭᠠᠯᠳᠠ ᠶᠢᠨ ᠶᠠᠪᠤᠴᠠ ᠳᠤ ᠪᠠᠭᠰᠢ ᠠᠴᠠ ᠰᠤᠷᠤᠭᠴᠢ ᠶᠢᠨ ᠰᠤᠨᠤᠰᠬᠤ ᠶᠠᠷᠢᠬᠤ ᠤᠷ᠎ᠠ ᠳᠡᠮ ᠳᠤ | ᠤᠷᠤᠰᠢᠵᠦ ᠪᠠᠶᠢᠭ᠎ᠠ ᠠᠯᠳᠠᠭ᠎ᠠ ᠳᠤᠳᠠᠭᠳᠠᠯ ᠢ ᠨᠢ ᠴᠠᠭ ᠲᠠᠷᠤᠢ ᠳᠤ ᠨᠢ ᠵᠢᠭᠠᠵᠦ ᠭᠠᠷᠭᠠᠨ᠂ ᠪᠤᠳᠡᠳᠦ ᠵᠢᠱᠢᠶ᠎ᠡ ᠪᠠᠷ | ᠲᠦᠷᠢᠮ ᠦᠵᠡᠬᠦᠯᠦᠨ ᠵᠢᠯᠤᠭᠤᠳᠴᠦ ᠵᠦᠪ ᠤᠨᠤᠪᠴᠢᠳᠡᠢ ᠢᠯᠡᠳᠭᠡᠬᠦ ᠳᠠᠳᠬᠠᠯ ᠲᠠᠢ ᠪᠤᠯᠭᠠᠨ᠎ᠠ᠃ | 4. ᠦᠢᠯᠡᠳᠦᠯᠭᠡᠵᠢᠬᠦᠯᠬᠦ | ᠬᠡᠯᠡᠨ ᠤ ᠰᠤᠳᠤᠯᠭᠠᠳᠠᠳ ᠪᠠᠯᠴᠢᠷ ᠬᠡᠤᠭᠡᠳ ᠨᠢᠭᠡᠳᠦᠭᠡᠷ ᠬᠡᠯᠡ ᠨᠢ ᠶᠠᠭᠠᠬᠢᠵᠦ ᠪᠦᠷᠢᠯᠳᠦᠬᠦ | ᠤᠴᠢᠷ ᠤᠬᠠᠭᠠᠨ ᠢ ᠰᠤᠳᠤᠯᠤᠭᠰᠠᠨ ᠰᠠᠭᠤᠷᠢᠨ ᠳᠡᠭᠡᠷ᠎ᠡ᠂ ᠬᠡᠯᠡ ᠰᠤᠷᠬᠤ ᠳᠤ ︽ᠠᠶᠠᠨᠳᠠᠭᠠᠨ ᠰᠤᠷᠬᠤ︾᠂ | ︽ᠰᠤᠷᠤᠯᠴᠠᠬᠤ︾ ᠬᠤᠶᠠᠷ ᠠᠳᠠᠯᠢ ᠪᠤᠰᠤ ᠤᠬᠠᠭᠳᠠᠬᠤᠨ ᠪᠠᠶᠢᠬᠤ ᠶᠢ ᠢᠯᠭᠠᠵᠦ ᠳᠤᠳᠤᠯᠠᠭᠰᠠᠨ ᠪᠠᠶᠢᠨ᠎ᠠ᠃ ᠨᠢᠭᠡᠳᠦᠭᠡᠷ | ᠬᠡᠯᠡ ︵ᠭᠡᠤᠭᠡᠳ ᠤᠨ ᠲᠦᠷᠦᠭᠰᠡᠨ ᠴᠠᠭ ᠠᠴᠠ ᠪᠠᠨ ᠬᠠᠷᠢᠯᠴᠠᠵᠦ ᠬᠡᠷᠡᠭᠯᠡᠭᠰᠡᠨ ᠬᠡᠯᠡ ᠶᠢ ᠨᠢᠭᠡᠳᠦᠭᠡᠷ ᠬᠡᠯᠡ ᠭᠡᠳᠡᠭ᠂ | ᠲᠠᠷᠤᠢ ᠡᠭᠡ ᠬᠡᠯᠡ ᠮᠦᠨ︶ ᠶᠢ ᠰᠤᠷᠬᠤ ᠨᠢ ᠪᠠᠯᠴᠢᠷ ᠬᠡᠤᠭᠡᠳ ᠲᠤ ᠠᠪᠴᠦ ᠬᠡᠯᠡᠪᠡᠯ ᠤᠷᠤᠰᠢᠨ ᠳᠤᠭᠳᠠᠨᠢᠬᠤ ᠶᠢᠨ | ᠱᠠᠭᠠᠷᠳᠠᠯᠭ᠎ᠠ ᠮᠦᠷᠳᠡᠭᠡᠨ ᠪᠤᠳᠡᠳᠦ ᠠᠮᠢᠳᠤᠷᠠᠯ ᠲᠠᠢ ᠨᠢ ᠨᠢᠭᠳᠠ ᠬᠠᠷᠢᠴᠠᠭ᠎ᠠ ᠲᠠᠢ᠃ ᠪᠠᠯᠴᠢᠷ ᠬᠡᠤᠭᠡᠳ ᠲᠦᠷᠦᠭᠰᠡᠨ | ᠴᠠᠭ ᠠᠴᠠ ᠪᠠᠨ ᠤᠳᠬ᠎ᠠ ᠲᠠᠢ ᠪᠤᠳᠡᠳᠦ ᠤᠷᠴᠢᠨ ᠳᠤ ᠠᠮᠢᠳᠤᠷᠠᠵᠦ᠂ ᠡᠵᠢ ᠠᠪᠤ ᠲᠠᠢ ᠪᠠᠨ ᠬᠠᠷᠢᠯᠴᠠᠬᠤ | ᠶᠠᠪᠤᠴᠠ ᠳᠤ ᠪᠠᠨ ᠠᠶᠠᠨᠳᠠᠭᠠᠨ ᠨᠢᠭᠡᠳᠦᠭᠡᠷ ᠬᠡᠯᠡ ᠶᠢ ᠰᠤᠷᠳᠠᠭ᠃ ᠪᠠᠯᠴᠢᠷ ᠬᠡᠤᠭᠡᠳ ᠰᠤᠷᠭᠠᠭᠤᠯᠢ ᠳᠤ ᠤᠷᠤᠭᠰᠠᠨ ᠤ | ᠰᠡᠭᠦᠯᠡᠷ ᠬᠤᠶᠠᠳᠤᠭᠠᠷ ᠬᠡᠯᠡ ︵ᠬᠠᠷᠢᠯᠴᠠᠵᠦ ᠬᠡᠷᠡᠭᠯᠡᠬᠦ ᠦᠭᠡ ᠬᠡᠯᠡᠨ ᠤ ᠳᠡᠰ ᠳᠠᠷᠠᠭᠠᠯᠠᠯ ᠢᠶᠠᠷ ᠨᠢ ᠳᠤᠭᠳᠠᠭᠠᠵᠦ | ᠪᠠᠶᠢᠨ᠎ᠠ᠂ ᠰᠤᠷᠤᠯᠴᠠᠬᠤ ᠬᠡᠯᠡ ᠨᠢ ᠲᠡᠭᠦᠨ ᠤ ᠡᠭᠡ ᠬᠡᠯᠡ ᠨᠢ ᠴᠦ ᠪᠠᠶᠢᠵᠦ ᠮᠡᠳᠡᠨ᠎ᠡ︶ ᠶᠢ ᠰᠤᠷᠳᠠᠭ᠂ ᠡᠨᠡ ᠨᠢ | ᠲᠠᠷᠤᠢ ︽ᠰᠤᠷᠤᠯᠴᠠᠬᠤ︾ ᠪᠤᠯᠤᠨ᠎ᠠ᠃ ᠰᠤᠷᠭᠠᠭᠤᠯᠢ ᠶᠢᠨ ᠬᠡᠯᠡᠨ ᠤ ᠬᠢᠴᠢᠶᠡᠯ ᠬᠦᠮᠦᠵᠢᠯ ᠨᠢ ᠬᠡᠯᠡᠨ ᠤ ᠠᠪᠢᠶ᠎ᠠ᠂ | ᠦᠭᠦᠯᠡᠪᠦᠷᠢ ᠶᠢᠨ ᠬᠡᠪ ᠤᠨ ᠪᠤᠯᠪᠠᠰᠤᠷᠠᠯ᠂ ᠰᠤᠨᠤᠰᠴᠦ ᠪᠢᠴᠢᠬᠦ ᠪᠠ ᠦᠭᠦᠯᠡᠪᠦᠷᠢ ᠵᠤᠬᠢᠶᠠᠵᠦ ᠶᠠᠷᠢᠭᠤᠯᠬᠤ ᠮᠡᠳᠦ ᠶᠢᠨ | ᠪᠤᠯᠪᠠᠰᠤᠷᠠᠯ ᠢᠶᠠᠷ ᠭᠤᠤᠯᠯᠠᠳᠠᠭ᠃ ︽ᠰᠤᠷᠤᠯᠴᠠᠬᠤ︾ ᠶᠢ ᠪᠤᠳᠤᠪᠠᠯ ︽ᠠᠶᠠᠨᠳᠠᠭᠠᠨ ᠰᠤᠷᠬᠤ︾ ᠨᠢ ᠴᠢᠯᠦᠭᠡᠳᠦ | ᠤᠷᠴᠢᠨ ᠳᠤ ᠶᠠᠪᠤᠭᠳᠠᠳᠠᠭ ᠪᠤᠯᠬᠤᠷ ᠲᠠᠷᠤᠭᠠᠰᠦ ᠦᠭᠡᠢ ᠮᠦᠷᠲᠡᠭᠡᠨ ᠦᠷ᠎ᠡ ᠪᠦᠲᠦᠮᠵᠢ ᠪᠠᠷ ᠦᠨᠳᠦᠷ ᠪᠠᠶᠢᠬᠤ ᠶᠢ | ᠬᠡᠯᠡᠨ ᠤ ᠰᠤᠳᠤᠯᠭᠠᠨᠳᠠᠳ ᠰᠤᠳᠤᠯᠭᠠᠨ ᠢᠶᠠᠷ ᠳᠠᠮᠵᠢᠵᠦ ᠭᠡᠷᠡᠴᠢᠯᠡᠭᠰᠡᠨ ᠪᠠᠶᠢᠨ᠎ᠠ᠃ ᠡᠶᠢᠮᠦ ᠠᠴᠠ ᠰᠤᠷᠤᠭᠴᠢᠳ ᠢ | ᠬᠢᠴᠢᠶᠡᠯ ᠠᠴᠠ ᠭᠠᠳᠠᠨ᠎ᠠ ᠦᠷᠭᠡᠨ ᠬᠡᠪᠴᠢᠶᠡᠨ ᠤ ᠬᠡᠯᠡᠨ ᠤ ᠦᠢᠯᠡᠳᠦᠯᠭᠡ ᠶᠢᠨ ᠬᠦᠳᠡᠯᠭᠡᠭᠡᠨ ᠳᠤ | ᠤᠷᠤᠯᠴᠠᠭᠤᠯᠬᠤ ᠨᠢ ᠰᠤᠷᠭᠠᠭᠤᠯᠢ ᠶᠢᠨ ᠬᠡᠯᠡᠨ ᠤ ᠬᠢᠴᠢᠶᠡᠯ ᠬᠦᠮᠦᠵᠢᠯ ᠳᠤ ᠨᠦᠭᠡᠴᠡ ᠪᠤᠯᠵᠦ᠂ ᠬᠡᠤᠭᠡᠳ ᠤᠨ ᠬᠡᠯᠡ | ᠶᠠᠷᠢᠶᠠᠨ ᠤ ᠬᠦᠭᠵᠢᠯᠳᠡ ᠶᠢᠨ ᠵᠠᠮ ᠢ ᠦᠷᠭᠡᠳᠭᠡᠬᠦ ᠳᠤ ᠮᠠᠰᠢ ᠠᠰᠢᠬᠳᠡᠢ᠃ ᠪᠤᠳᠡᠳᠡᠢ ᠲᠤᠭᠠᠴᠢᠪᠠᠯ᠄ | ︵1︶ ᠭᠡᠷ ᠤᠨ ᠠᠬᠠᠮᠠᠳ ᠭᠡᠷ ᠪᠦᠯᠢ ᠶᠢᠨ ᠬᠦᠮᠦᠵᠢᠯ ᠢ ᠴᠢᠬᠤᠯᠠᠴᠢᠯᠠᠨ ᠦᠵᠡᠵᠦ ᠭᠡᠦᠭᠡᠳ ᠲᠠᠢ ᠪᠠᠨ | ᠴᠢᠯᠦᠭᠡᠳᠡᠢ ᠬᠠᠷᠢᠯᠴᠠᠬᠤ ᠨᠦᠬᠦᠴᠡᠯ ᠢ ᠢᠯᠡᠭᠦᠭᠡᠨ ᠡᠭᠦᠳᠬᠦ ᠨᠢ ᠰᠤᠷᠤᠭᠴᠢᠳ ᠤᠨ ᠬᠡᠯᠡᠨ ᠤ ᠮᠡᠳᠡᠷᠡᠮᠵᠢ ᠪᠠ | ᠬᠠᠷᠢᠯᠴᠠᠭᠠᠨ ᠤ ᠴᠢᠳᠠᠪᠤᠷᠢ ᠶᠢ ᠨᠢᠭᠡ ᠠᠯᠬᠤᠮ ᠳᠡᠭᠡᠭᠰᠢᠯᠡᠬᠦᠯᠬᠦ ᠳᠤ ᠮᠠᠰᠢ ᠠᠰᠢᠬᠳᠡᠢ᠃ ᠵᠢᠱᠢᠶᠡᠯᠡᠪᠡᠯ᠂ ᠭᠡᠷ | ᠵᠠᠭᠤᠷ᠎ᠠ ᠶᠢᠨ ᠬᠤᠭᠤᠷᠤᠨᠳᠦ ᠬᠡᠤᠭᠡᠳ ᠲᠠᠢ ᠪᠠᠨ ᠮᠤᠩᠭᠤᠯ ᠢᠶᠠᠷ ᠬᠠᠷᠢᠯᠴᠠᠬᠤ︔ ᠬᠡᠦᠭᠡᠳ ᠲᠠᠢ ᠪᠠᠨ ᠮᠤᠩᠭᠤᠯ ᠨᠣᠮ | ᠵᠣᠬᠢᠶᠠᠯ ᠣᠩᠰᠢᠬᠤ︔ ᠬᠡᠤᠭᠡᠳ ᠲᠠᠢ ᠪᠠᠨ ᠮᠣᠩᠭᠤᠯ ᠷᠠᠳᠢᠤ᠋ ᠲᠧᠯᠸᠢᠰ ᠦᠵᠡᠵᠦ ᠰᠤᠨᠤᠰᠬᠤ︔ ᠬᠡᠦᠭᠡᠳ ᠲᠠᠢ ᠪᠠᠨ | ᠦᠯᠢᠭᠡᠷ ᠶᠠᠷᠢᠬᠤ ᠪᠤᠶᠤ ᠣᠨᠢᠰᠤᠭ᠎ᠠ ᠲᠠᠭᠠᠬᠤ ᠵᠡᠷᠭᠡ ᠬᠡᠯᠡᠨ ᠤ ᠬᠠᠷᠢᠯᠴᠠᠭ᠎ᠠ ᠶᠢ ᠦᠷᠬᠦᠯᠵᠢ ᠬᠢᠬᠦ᠃ | ︵2︶ ᠣᠷᠴᠢᠨ ᠳᠣᠭᠤᠷᠢᠨ ᠬᠦᠮᠦᠨ ᠢ ᠪᠣᠢ ᠪᠣᠯᠭᠠᠵᠣ᠂ ᠣᠷᠴᠢᠨ ᠳᠣᠭᠤᠷᠢᠨ ᠬᠦᠮᠦᠨ ᠢ | ᠦᠭᠡᠷᠡᠴᠢᠯᠡᠳᠡᠭ᠃ ᠡᠨᠡ ᠦᠭᠡ ᠨᠢ ᠲᠠᠷᠤᠢ ᠶᠠᠮᠠᠷ ᠣᠷᠴᠢᠨ ᠳᠣᠭᠤᠷᠢᠨ ᠳᠤ ᠪᠠᠶᠢᠪᠠᠯ ᠳᠡᠷᠡ ᠣᠷᠴᠢᠨ | ᠳᠣᠭᠤᠷᠢᠨ ᠳᠤ ᠵᠣᠬᠢᠴᠠᠭᠰᠠᠨ ᠬᠦᠮᠦᠨ ᠪᠣᠢ ᠪᠣᠯᠳᠠᠭ ᠭᠡᠰᠡᠨ ᠣᠳᠬ᠎ᠠ ᠲᠠᠢ᠃ ᠰᠤᠷᠭᠠᠭᠤᠯᠢ ᠶᠢᠨ ᠬᠦᠷᠢᠶᠡᠨ ᠤ | ᠬᠠᠷᠢᠯᠴᠠᠭᠠᠨ ᠤ ᠬᠦᠮᠦᠵᠢᠯ ᠢ ᠰᠠᠶᠢᠳᠤᠷ ᠠᠳᠬᠤᠬᠤ ᠨᠢ ᠰᠤᠷᠤᠭᠴᠢᠳ ᠢ ᠪᠤᠰᠤᠳ ᠲᠠᠢ ᠬᠠᠷᠢᠯᠴᠠᠬᠤ ᠰᠠᠶᠢᠨ | ᠰᠠᠶᠢᠬᠠᠨ ᠵᠤᠷᠰᠢᠯ ᠲᠠᠢ᠂ ᠨᠡᠶᠢᠭᠡᠮ ᠤᠨ ᠬᠠᠷᠢᠯᠴᠠᠭᠠᠨ ᠳᠤ ᠤᠷᠤᠯᠴᠠᠵᠦ ᠴᠢᠳᠠᠬᠤ ᠬᠡᠪ ᠪᠤᠯᠪᠠᠰᠤᠷᠠᠯ ᠲᠠᠢ ᠬᠦᠮᠦᠨ | ᠪᠤᠯᠵᠦ ᠬᠦᠮᠦᠵᠢᠬᠦ ᠳᠤ ᠨᠢ ᠮᠠᠰᠢ ᠠᠰᠢᠬᠳᠡᠢ᠃ ᠵᠢᠱᠢᠶᠡᠯᠡᠪᠡᠯ᠂ ᠠᠩᠬᠢ ᠶᠢᠨ ᠭᠡᠷ᠂ ᠰᠤᠷᠭᠠᠭᠤᠯᠢ ᠶᠢᠨ ᠬᠦᠷᠢᠶᠡᠨ ᠳᠤ | ᠪᠠᠭᠰᠢ ᠲᠠᠢ ᠪᠠᠨ᠂ ᠨᠠᠶᠢᠵᠠ ᠨᠦᠭᠦᠳ ᠲᠠᠢ ᠪᠠᠨ ᠳᠠᠩᠳᠠ ᠴᠡᠪᠡᠷ ᠪᠠᠷᠢᠮᠵᠢᠶ᠎ᠠ ᠬᠡᠯᠡ ᠪᠠᠷ ᠡᠶ᠎ᠡ ᠡᠪᠳᠡᠢ᠂ ᠪᠤᠯᠪᠠᠰᠤᠨ | ᠶᠤᠰᠤᠷᠬᠠᠭ ᠢᠶᠠᠷ ᠶᠠᠷᠢᠵᠦ ᠬᠠᠷᠢᠯᠴᠠᠵᠦ᠂ ᠬᠠᠷᠢᠯᠴᠠᠭᠠᠨ ᠤ ᠴᠢᠳᠠᠪᠤᠷᠢ ᠪᠠᠨ ᠲᠠᠰᠤᠷᠠᠯᠳᠠ ᠦᠭᠡᠢ ᠳᠡᠭᠡᠭᠰᠢᠯᠡᠬᠦᠯᠬᠦ᠃ | ︵3︶ ᠬᠢᠴᠢᠶᠡᠯ ᠤᠨ ᠭᠠᠳᠠᠨ᠎ᠠ ᠡᠯ᠎ᠡ ᠵᠦᠢᠯ ᠤᠨ ᠰᠤᠨᠢᠷᠬᠠᠯᠳᠡᠢ ᠰᠠᠶᠢᠬᠠᠨ ᠬᠡᠯᠡᠨ ᠤ ᠦᠢᠯᠡᠳᠦᠯᠭᠡ ᠶᠢᠨ | ᠬᠦᠳᠡᠯᠭᠡᠭᠡᠨ ᠢ ᠵᠤᠬᠢᠶᠠᠨ ᠪᠠᠶᠢᠭᠤᠯᠬᠤ ᠨᠢ ᠰᠤᠷᠤᠭᠴᠢ ᠶᠢ ᠬᠠᠷᠢᠯᠴᠠᠭᠠᠨ ᠳᠤ ᠲᠤᠷᠡᠳᠡᠢ ᠤᠷᠤᠯᠴᠠᠬᠤ ᠪᠠ ᠵᠤᠷᠢᠬᠳᠡᠢ | ᠶᠠᠷᠢᠵᠦ ᠬᠠᠷᠢᠯᠴᠠᠬᠤ ᠴᠢᠳᠠᠪᠤᠷᠢ ᠶᠢ ᠬᠦᠮᠦᠵᠢᠬᠦᠯᠬᠦ ᠳᠤ ᠮᠠᠰᠢ ᠠᠰᠢᠬᠳᠡᠢ᠃ ᠵᠢᠱᠢᠶᠡᠯᠡᠪᠡᠯ᠂ ᠦᠯᠢᠭᠡᠷ ᠶᠠᠷᠢᠬᠤ | ᠬᠦᠳᠡᠯᠭᠡᠭᠡᠨ ᠪᠤᠶᠤ ᠦᠯᠢᠭᠡᠷ ᠶᠠᠷᠢᠬᠤ ᠤᠷᠤᠯᠳᠤᠭᠠᠨ ᠶᠠᠪᠤᠭᠤᠯᠬᠤ︔ ᠰᠤᠷᠬᠤ ᠪᠢᠴᠢᠭ ᠢᠶᠠᠨ ᠵᠦᠴᠦᠭᠡ ᠪᠠᠷ | ᠠᠮᠢᠯᠠᠭᠤᠯᠵᠦ ᠬᠢᠴᠢᠶᠡᠯ ᠢᠶᠠᠨ ᠵᠦᠴᠦᠭᠡᠯᠡᠨ ᠲᠤᠭᠯᠠᠬᠤ︔ ᠡᠯ᠎ᠡ ᠵᠦᠢᠯ ᠤᠨ ᠪᠠᠶᠠᠷ ᠲᠤᠷᠠᠰᠬᠠᠯᠳᠦ ᠡᠳᠦᠷ ᠢ | ᠳᠤᠬᠢᠶᠠᠯᠳᠤᠭᠤᠯᠵᠦ ᠬᠡᠯᠡᠨ ᠤ ᠦᠢᠯᠡᠳᠦᠯᠭᠡ ᠶᠢᠨ ᠬᠦᠳᠡᠯᠭᠡᠭᠡᠨ ᠶᠠᠪᠤᠭᠤᠯᠬᠤ᠃ ᠡᠭᠦᠨ ᠳᠤ ᠳᠦᠷᠪᠡᠨ ᠰᠠᠷ᠎ᠠ ᠶᠢᠨ | ᠬᠤᠷᠢᠨ ᠭᠤᠷᠪᠠᠨ ᠤ ᠳᠡᠯᠡᠭᠡᠢ ᠶᠢᠨ ᠨᠤᠮ ᠤᠩᠰᠢᠯᠭ᠎ᠠ ᠶᠢᠨ ᠡᠳᠦᠷ ᠲᠤ ᠴᠡᠭᠡᠵᠢᠯᠡᠭᠰᠡᠨ ᠰᠢᠯᠦᠭ᠂ ᠶᠠᠷᠢᠵᠦ | ᠰᠤᠷᠤᠭᠰᠠᠨ ᠦᠯᠢᠭᠡᠷ ᠢᠶᠠᠨ ᠤᠶᠠᠩᠭᠠᠯᠠᠨ ᠤᠩᠰᠢᠬᠤ ᠪᠠ ᠠᠮᠳᠠᠷᠬᠠᠨ ᠶᠠᠷᠢᠵᠦ ᠨᠤᠮ ᠪᠢᠴᠢᠭ ᠲᠤ ᠳᠤᠷᠠᠳᠡᠢ᠂ ᠨᠤᠮ | ᠪᠢᠴᠢᠭ ᠲᠤ ᠬᠠᠶᠢᠷᠠᠳᠡᠢ ᠰᠡᠳᠬᠢᠯᠭᠡ ᠪᠠᠨ ᠭᠡᠷ ᠤᠨ ᠠᠬᠠᠮᠠᠳ᠂ ᠪᠠᠭᠰᠢ᠂ ᠨᠠᠶᠢᠵᠠ ᠨᠠᠷ ᠲᠠᠢ ᠪᠠᠨ ᠬᠤᠪᠢᠶᠠᠯᠴᠠᠬᠤ︔ | ᠲᠠᠪᠤᠨ ᠰᠠᠷ᠎ᠠ ᠶᠢᠨ ᠨᠢᠭᠡᠨ ᠤ ᠳᠡᠯᠡᠭᠡᠢ ᠶᠢᠨ ᠬᠦᠳᠡᠯᠮᠦᠷᠢᠴᠢᠳ ᠤᠨ ᠪᠠᠶᠠᠷ ᠤᠨ ᠡᠳᠦᠷ ᠲᠤ ᠠᠪᠤ ᠡᠵᠢ᠂ ᠡᠪᠦᠭᠡ ᠡᠮᠡᠭᠡ | ᠪᠠᠨ ᠬᠠᠪᠰᠤᠷᠴᠦ ᠠᠵᠢᠯ ᠬᠢᠭᠰᠡᠨ ᠢᠶᠠᠨ ᠤᠷᠤᠰᠤᠮ᠎ᠠ ᠳᠤᠳᠤ ᠶᠠᠷᠢᠵᠦ ᠢᠯᠡᠳᠭᠡᠬᠦ︔ ᠵᠢᠷᠭᠤᠭᠠᠨ ᠰᠠᠷ᠎ᠠ ᠶᠢᠨ | ᠨᠢᠭᠡᠨ ᠤ ᠳᠡᠯᠡᠭᠡᠢ ᠶᠢᠨ ᠬᠡᠤᠭᠡᠳ ᠤᠨ ᠪᠠᠶᠠᠷ ᠤᠨ ᠡᠳᠦᠷ ᠲᠤ ᠴᠡᠭᠡᠵᠢᠯᠡᠭᠰᠡᠨ ᠤᠨᠢᠰᠤᠭ᠎ᠠ᠂ ᠵᠦᠢᠷ ᠰᠡᠴᠡᠨ ᠦᠭᠡ᠂ | ᠵᠤᠭ᠎ᠠ ᠦᠭᠡ᠂ ᠰᠢᠯᠦᠭ ᠤᠳ ᠢᠶᠠᠨ ᠰᠡᠳᠬᠢᠯᠭᠡ ᠲᠠᠢ ᠤᠶᠠᠩᠭᠠᠯᠠᠨ ᠤᠩᠰᠢᠵᠦ ᠪᠠᠶᠠᠷ ᠪᠠᠭ᠋ᠠᠳᠤᠯ ᠲᠠᠢ ᠰᠤᠷᠤᠯᠴᠠᠵᠦ | ᠪᠠᠶᠢᠭ᠎ᠠ ᠰᠡᠳᠬᠢᠯᠭᠡ ᠪᠠᠨ ᠢᠯᠡᠳᠭᠡᠬᠦ᠃ | ︵4︶ ᠰᠤᠷᠤᠭᠴᠢ ᠶᠢᠨ ᠪᠦᠷᠢᠯᠳᠦᠬᠦᠯᠦᠭᠰᠡᠨ ᠬᠡᠯᠡ ᠶᠠᠷᠢᠶᠠᠨ ᠤ ᠴᠢᠳᠠᠪᠤᠷᠢ ᠶᠢᠨ ᠰᠠᠭᠤᠷᠢᠨ ᠳᠡᠭᠡᠷ᠎ᠡ | ᠵᠢᠷᠤᠵᠦ ᠲᠦᠰᠦᠪᠯᠡᠬᠦ᠂ ᠪᠢᠴᠢᠵᠦ ᠨᠠᠶᠢᠷᠠᠭᠤᠯᠬᠤ ᠪᠤᠯᠪᠠᠰᠤᠷᠠᠯ ᠬᠢᠬᠦ ᠨᠢ ᠰᠤᠷᠤᠭᠴᠢ ᠶᠢᠨ ᠰᠡᠳᠬᠢᠬᠦ ᠴᠢᠳᠠᠪᠤᠷᠢ ᠪᠠ | ᠵᠤᠬᠢᠶᠠᠵᠦ ᠨᠠᠶᠢᠷᠠᠭᠤᠯᠬᠤ ᠴᠢᠳᠠᠪᠤᠷᠢ ᠶᠢ ᠬᠦᠮᠦᠵᠢᠬᠦᠯᠬᠦ ᠪᠠᠷ ᠦᠯᠦ ᠪᠠᠷᠠᠮ ᠰᠡᠷᠡᠨ ᠮᠡᠳᠡᠷᠡᠬᠦᠢ ᠶᠢᠨ ᠴᠢᠳᠠᠪᠤᠷᠢ ᠪᠠ | ᠶᠠᠷᠢᠵᠦ ᠢᠯᠡᠳᠭᠡᠬᠦ ᠴᠢᠳᠠᠪᠤᠷᠢ ᠶᠢ ᠪᠠᠰᠠ ᠬᠦᠭᠵᠢᠬᠦᠯᠵᠦ ᠴᠢᠳᠠᠨ᠎ᠠ᠃ ᠡᠶᠢᠮᠦ ᠠᠴᠠ ᠰᠤᠷᠤᠭᠴᠢ ᠶᠢᠨ ᠦᠵᠡᠭᠰᠡᠨ᠂ | ᠰᠤᠨᠤᠰᠤᠭᠰᠠᠨ᠂ ᠬᠢᠭᠰᠡᠨ᠂ ᠪᠤᠳᠤᠭᠰᠠᠨ ᠢ ᠨᠢ ᠭᠠᠷ ᠬᠠᠭᠤᠯᠤᠮᠠᠯ ᠰᠤᠨᠢᠨ᠂ ᠰᠡᠳᠬᠢᠬᠦᠢ ᠶᠢᠨ ᠬᠦᠲᠦᠯᠦᠮᠵᠢ ᠶᠢᠨ ᠵᠢᠷᠤᠭ | ᠪᠠ ᠵᠤᠬᠢᠶᠠᠯ ᠪᠤᠯᠪᠠᠰᠤᠷᠠᠯ ᠢᠶᠠᠷ ᠢᠯᠡᠳᠭᠡᠯᠭᠡᠵᠦ ᠬᠡᠯᠡ ᠶᠠᠷᠢᠶᠠᠨ ᠤ ᠬᠦᠮᠦᠵᠢᠯ ᠳᠤ ᠬᠠᠪᠰᠤᠷᠭᠠᠵᠦ ᠪᠤᠯᠤᠨ᠎ᠠ᠃ | ᠬᠤᠶᠠᠷ᠂ ᠰᠤᠷᠤᠭᠴᠢ ᠶᠢᠨ ᠰᠤᠨᠤᠰᠬᠤ ᠶᠠᠷᠢᠬᠤ ᠴᠢᠳᠠᠪᠤᠷᠢ ᠳᠤ ᠦᠨᠡᠯᠡᠯᠳᠡ ᠬᠢᠵᠦ ᠬᠡᠯᠡ ᠶᠠᠷᠢᠶᠠᠨ ᠤ | ᠬᠦᠭᠵᠢᠯᠳᠡ ᠶᠢ ᠠᠬᠢᠭᠤᠯᠬᠤ | ᠦᠨᠡᠯᠡᠯᠳᠡ ᠨᠢ ᠰᠤᠷᠤᠭᠴᠢᠳ ᠤᠨ ᠬᠢᠴᠢᠶᠡᠯ ᠤᠨ ᠬᠠᠷᠠᠯᠳᠠ ᠶᠢ ᠪᠡᠶᠡᠯᠡᠬᠦᠯᠦᠭᠰᠡᠨ ᠬᠡᠮᠵᠢᠶ᠎ᠡ ᠶᠢ | ᠪᠠᠶᠢᠴᠠᠭᠠᠵᠦ᠂ ᠰᠤᠷᠤᠭᠴᠢ ᠶᠢᠨ ᠰᠤᠷᠤᠯᠭ᠎ᠠ ᠪᠤᠯᠤᠨ ᠪᠠᠭᠰᠢ ᠶᠢᠨ ᠵᠢᠭᠠᠨ ᠰᠤᠷᠭᠠᠯᠳᠠ ᠶᠢ ᠬᠢᠨᠠᠵᠦ᠂ | ᠬᠢᠴᠢᠶᠡᠯ ᠤᠨ ᠲᠤᠬᠢᠷᠠᠭᠤᠯᠤᠯᠳᠠ ᠶᠢ ᠰᠠᠶᠢᠵᠢᠷᠠᠭᠤᠯᠵᠦ᠂ ᠵᠢᠭᠠᠨ ᠰᠤᠷᠭᠠᠯᠳᠠ ᠶᠢᠨ ᠶᠠᠪᠤᠴᠠ ᠶᠢ | ᠲᠡᠭᠦᠯᠳᠡᠷᠵᠢᠬᠦᠯᠦᠨ᠎ᠡ᠃ ᠰᠤᠷᠤᠭᠴᠢ ᠶᠢᠨ ᠰᠤᠨᠤᠰᠬᠤ ᠶᠠᠷᠢᠬᠤ ᠴᠢᠳᠠᠪᠤᠷᠢ ᠳᠤ ᠴᠠᠭ ᠢᠮᠠᠭᠳᠠ ᠦᠨᠡᠯᠡᠯᠳᠡ ᠬᠢᠬᠦ ᠨᠢ | ᠲᠠᠳᠠᠨ ᠤ ᠬᠡᠯᠡ ᠶᠠᠷᠢᠶᠠᠨ ᠤ ᠬᠦᠭᠵᠢᠯᠳᠡ ᠶᠢ ᠠᠬᠢᠭᠤᠯᠬᠤ ᠳᠤ ᠴᠢᠬᠤᠯᠠ ᠦᠢᠯᠡᠳᠦᠯ ᠲᠠᠢ᠃ ᠰᠤᠷᠤᠭᠴᠢ ᠶᠢᠨ | ᠰᠤᠨᠤᠰᠬᠤ ᠶᠠᠷᠢᠬᠤ ᠴᠢᠳᠠᠪᠤᠷᠢ ᠶᠢ ᠦᠨᠡᠯᠡᠬᠦ ᠳᠤ ᠪᠠᠨ᠄ | 1. ᠴᠢᠩᠨᠠᠨ ᠰᠤᠨᠤᠰᠬᠤ ᠴᠢᠳᠠᠪᠤᠷᠢ ᠶᠢ ᠦᠨᠡᠯᠡᠨ᠎ᠡ | ᠡᠭᠦᠨ ᠳᠤ ︽ᠴᠢᠬᠢ ᠲᠠᠯᠪᠢᠨ ᠰᠤᠨᠤᠰᠬᠤ︾ ᠳᠠᠳᠬᠠᠯ︔ ᠪᠤᠰᠣᠳ ᠤᠨ ᠶᠠᠷᠢᠬᠤ ᠶᠢ ᠴᠢᠬᠢ ᠲᠠᠯᠪᠢᠨ | ᠰᠤᠨᠤᠰᠴᠦ᠂ ᠶᠠᠷᠢᠭᠰᠠᠨ ᠢ ᠨᠢ ᠤᠶᠢᠯᠠᠭᠠᠵᠦ ᠴᠢᠳᠠᠬᠤ ᠡᠰᠡᠬᠦ︔ ᠪᠤᠰᠤᠳ ᠤᠨ ᠶᠠᠷᠢᠭᠰᠠᠨ ᠢ ᠪᠦᠷᠢᠨ ᠪᠦᠳᠦᠨ | ᠰᠤᠨᠤᠰᠴᠦ ᠪᠠᠷᠠᠭᠠᠬᠤ᠂ ᠰᠤᠨᠤᠰᠬᠤ ᠶᠢᠨ ᠳᠠᠭᠠᠤ ᠰᠡᠳᠬᠢᠯᠭᠡ ᠶᠢᠨ ᠳᠤᠰᠬᠠᠯᠳᠠ ᠢᠯᠡᠷᠡᠬᠦᠯᠵᠦ ᠴᠢᠳᠠᠭᠰᠠᠨ ᠪᠠᠶᠢᠬᠤ | ᠡᠰᠡᠬᠦ ᠶᠢ ᠦᠨᠡᠯᠡᠨ᠎ᠡ᠃ | 2. ᠦᠭᠡᠰ ᠤᠨ ᠡᠵᠡᠮᠰᠢᠯᠳᠡ ᠬᠢᠭᠡᠳ ᠬᠡᠷᠡᠭᠯᠡᠭᠡᠨ ᠤ ᠴᠢᠳᠠᠪᠤᠷᠢ ᠶᠢ ᠦᠨᠡᠯᠡᠨ᠎ᠡ | ᠡᠭᠦᠨ ᠳᠤ ᠡᠵᠡᠮᠰᠢᠭᠰᠡᠨ ᠦᠭᠡ ᠶᠢᠨ ᠲᠤᠭ᠎ᠠ︔ ᠡᠩ ᠤᠨ ᠠᠮᠢᠳᠤᠷᠠᠯ ᠪᠠ ᠬᠢᠴᠢᠶᠡᠯ ᠰᠤᠷᠤᠯᠭ᠎ᠠ ᠠᠴᠠ ᠪᠠᠨ | ᠡᠵᠡᠮᠰᠢᠭᠰᠡᠨ ᠦᠭᠡ ᠪᠠᠨ ᠦᠭᠡ ᠶᠠᠷᠢᠶᠠᠨ ᠳᠤ ᠪᠠᠨ ᠬᠡᠷᠡᠭᠯᠡᠵᠦ ᠴᠢᠳᠠᠬᠤ ᠡᠰᠡᠬᠦ︔ ᠦᠭᠡ ᠶᠠᠷᠢᠶᠠᠨ ᠳᠤ ᠪᠠᠨ ︽ᠪᠠᠰᠠ᠂ | ᠪᠦᠭᠡᠳ᠂ ᠬᠠᠷᠢᠨ︾᠂ ︽ᠭᠡᠪᠡᠴᠦ᠂ ᠭᠡᠳᠡᠯ᠎ᠡ︾᠂ ︽ᠴᠢᠩᠭᠢᠭᠡᠳ᠂ ᠳᠠᠷᠠᠭ᠎ᠠ ᠪᠠᠷ︾ ᠭᠡᠬᠦ ᠮᠡᠳᠦ ᠶᠢᠨ ᠬᠤᠯᠪᠤᠬᠤ | ᠦᠭᠡ ᠪᠠᠷ ᠦᠵᠡᠯᠳᠡ ᠪᠠᠨ ᠬᠤᠯᠪᠤᠨ ᠶᠠᠷᠢᠵᠦ ᠴᠢᠳᠠᠬᠤ ᠡᠰᠡᠬᠦ ᠶᠢ ᠦᠨᠡᠯᠡᠨ᠎ᠡ᠃ | 3. ᠪᠠᠷᠢᠮᠵᠢᠶ᠎ᠠ ᠠᠪᠢᠶ᠎ᠠ ᠶᠢ ᠦᠨᠡᠯᠡᠨ᠎ᠡ | ᠡᠭᠦᠨ ᠳᠤ ᠪᠠᠷᠢᠮᠵᠢᠶ᠎ᠠ ᠠᠪᠢᠶ᠎ᠠ ᠪᠠᠷ ᠶᠠᠷᠢᠬᠤ ᠳᠠᠳᠬᠠᠯ᠂ ᠪᠠᠷᠢᠮᠵᠢᠶ᠎ᠠ ᠠᠪᠢᠶ᠎ᠠ ᠪᠠᠷ ᠵᠦᠪ᠂ ᠪᠤᠯᠪᠠᠰᠤᠷᠠᠩᠭᠤᠢ | ᠶᠠᠷᠢᠵᠦ ᠴᠢᠳᠠᠬᠤ ᠡᠰᠡᠬᠦ ᠶᠢ ᠦᠨᠡᠯᠡᠨ᠎ᠡ᠃ | 4. ᠶᠠᠷᠢᠵᠦ ᠢᠯᠡᠳᠭᠡᠬᠦ ᠴᠢᠳᠠᠪᠤᠷᠢ ᠶᠢ ᠦᠨᠡᠯᠡᠨ᠎ᠡ | ᠦᠭᠡ ᠶᠠᠷᠢᠶ᠎ᠠ ᠴᠡᠪᠡᠷ ᠳᠤᠳᠤ᠂ ᠳᠠᠭᠤᠨ ᠦᠩᠭᠡ ᠦᠨᠳᠦᠷ ᠪᠠᠶᠢᠬᠤ ᠡᠰᠡᠬᠦ︔ ᠬᠡᠯᠡ ᠨᠢ ᠪᠠᠶᠠᠯᠢᠭ᠂ ᠶᠠᠷᠢᠵᠦ | ᠢᠯᠡᠳᠭᠡᠬᠦ ᠨᠢ ᠳᠤᠳᠤᠷᠬᠠᠢ᠂ ᠵᠦᠪ ᠤᠨᠤᠪᠴᠢᠳᠡᠢ ᠲᠦᠷᠢᠮᠵᠢᠬᠦᠨ ᠪᠠᠶᠢᠬᠤ ᠡᠰᠡᠬᠦ︔ ᠰᠤᠯᠠ ᠦᠭᠡ ᠪᠠᠶᠢᠬᠤ ᠦᠭᠡᠢ᠂ | ᠵᠤᠭᠰᠤᠯᠳᠠ ᠨᠢ ᠳᠤᠬᠢᠷᠠᠮᠵᠢᠳᠡᠢ᠂ ᠦᠭᠦᠯᠡᠪᠦᠷᠢ ᠨᠢ ᠳᠤᠳᠤ ᠠᠪᠰᠠᠷ᠂ ᠤᠨᠤᠪᠴᠢᠳᠡᠢ ᠪᠠᠶᠢᠬᠤ ᠡᠰᠡᠬᠦ︔ ᠦᠭᠡ | ᠬᠡᠯᠡ ᠨᠢ ᠤᠷᠤᠰᠤᠮ᠎ᠠ ᠪᠤᠯᠪᠠᠰᠤᠷᠠᠩᠭᠤᠢ᠂ ᠰᠡᠳᠬᠢᠮᠵᠢ ᠳᠤᠳᠤᠷᠬᠠᠢ ᠪᠠᠶᠢᠬᠤ ᠡᠰᠡᠬᠦ ᠶᠢ ᠦᠨᠡᠯᠡᠨ᠎ᠡ᠃ | 5. ᠢᠯᠡᠷᠡᠯ ᠢ ᠨᠢ ᠦᠨᠡᠯᠡᠨ᠎ᠡ | ᠪᠠᠶ᠎ᠡ ᠳᠤ ᠪᠠᠨ ᠢᠳᠡᠭᠡᠯ ᠲᠠᠢ᠂ ᠪᠤᠯᠪᠠᠰᠤᠨ ᠶᠤᠰᠤᠷᠬᠠᠭ᠂ ᠰᠠᠨᠳᠤᠷᠴᠦ ᠳᠡᠪᠡᠳᠡᠬᠦ ᠦᠭᠡᠢ᠂ ᠡᠪᠯᠢᠭ ᠲᠠᠯᠪᠢᠭᠤ | ᠶᠠᠷᠢᠬᠤ ᠶᠢ ᠦᠨᠡᠯᠡᠨ᠎ᠡ᠃ | ᠦᠨᠡᠯᠡᠬᠦ ᠳᠤ ᠪᠠᠨ ᠪᠤᠳᠡᠳᠡᠢ ᠬᠠᠷᠢᠯᠴᠠᠭᠠᠨ ᠤ ᠠᠬᠤᠢ ᠤᠷᠴᠢᠨ ᠳᠤ ᠪᠤᠳᠠᠳᠦ ᠠᠭᠤᠯᠭ᠎ᠠ ᠪᠦᠬᠦᠢ | ᠬᠠᠷᠢᠯᠴᠠᠭᠠᠨ ᠤ ᠡᠭᠦᠷᠭᠡ ᠲᠤᠬᠠᠶᠢᠯᠠᠪᠠᠯ᠂ ᠬᠦᠦᠷᠨᠢᠵᠦ ᠲᠤᠭᠠᠴᠢᠬᠤ᠂ ᠬᠠᠷᠢᠭᠤᠯᠵᠦ ᠶᠠᠷᠢᠬᠤ᠂ ᠳᠠᠪᠳᠠᠨ ᠶᠠᠷᠢᠬᠤ᠂ | ᠳᠠᠮᠵᠢᠭᠤᠯᠤᠨ ᠶᠠᠷᠢᠬᠤ᠂ ᠪᠡᠯᠡᠨ ᠶᠠᠷᠢᠬᠤ᠂ ᠰᠡᠳᠦᠪᠳᠦ ᠢᠯᠡᠳᠭᠡᠯ᠂ ᠵᠤᠬᠢᠬᠤ ᠠᠰᠠᠭᠤᠳᠠᠯ ᠤᠨ ᠲᠤᠬᠠᠢ ᠶᠠᠷᠢᠯᠴᠠᠭ᠎ᠠ | ᠪᠠᠷ ᠶᠠᠷᠢᠬᠤ ᠢᠳᠡᠪᠬᠢᠵᠢᠯ᠂ ᠤᠪᠤᠷ ᠲᠤᠷᠠᠰᠢᠯ ᠪᠤᠯᠤᠨ ᠢᠯᠡᠳᠭᠡᠬᠦ ᠴᠢᠳᠠᠪᠤᠷᠢ ᠶᠢ ᠨᠢ ᠶᠡᠷᠦᠩᠭᠡᠢ ᠳᠤ ᠨᠢ ᠬᠢᠨᠠᠵᠦ᠂ | ᠶᠠᠷᠢᠶ᠎ᠠ ᠬᠠᠷᠢᠯᠴᠠᠭᠠᠨ ᠤ ᠲᠤᠬᠠᠢ ᠲᠠᠨᠢᠯᠳᠠ ᠪᠤᠯᠤᠨ ᠪᠤᠳᠤᠯ ᠰᠠᠨᠠᠯ ᠢᠶᠠᠨ ᠶᠠᠷᠢᠵᠦ ᠤᠶᠢᠯᠠᠭᠠᠯᠴᠠᠬᠤ ᠴᠢᠳᠠᠪᠤᠷᠢ ᠶᠢ | ᠳᠡᠭᠡᠭᠰᠢᠯᠡᠬᠦᠯᠬᠦ ᠶᠢ ᠤᠨᠴᠠ ᠠᠩᠬᠠᠷᠤᠭᠰᠠᠨ ᠪᠠᠶᠢᠬᠤ ᠬᠡᠷᠡᠭᠳᠡᠢ᠃ | ᠰᠤᠨᠤᠰᠬᠤ᠂ ᠶᠠᠷᠢᠬᠤ᠂ ᠤᠩᠰᠢᠬᠤ᠂ ᠪᠢᠴᠢᠬᠦ ᠲᠦᠷᠪᠡᠨ ᠦᠨᠳᠦᠰᠦᠨ ᠴᠢᠳᠠᠪᠤᠷᠢ ᠶᠢ ᠬᠦᠮᠦᠵᠢᠬᠦᠯᠬᠦ ᠪᠤᠯ | ᠪᠠᠭ᠎ᠠ ᠰᠤᠷᠭᠠᠭᠤᠯᠢ ᠶᠢᠨ ᠬᠡᠯᠡ ᠪᠢᠴᠢᠭ ᠤᠨ ᠵᠢᠭᠠᠨ ᠰᠤᠷᠭᠠᠯᠳᠠ ᠶᠢᠨ ᠴᠢᠬᠤᠯᠠ ᠡᠭᠦᠷᠭᠡ ᠮᠦᠨ᠃ ᠡᠭᠦᠨ ᠳᠤ | ᠰᠤᠨᠤᠰᠬᠤ ᠪᠠ ᠶᠠᠷᠢᠬᠤ ᠨᠢ ᠠᠮᠠᠨ ᠶᠠᠷᠢᠶᠠᠨ ᠤ ᠬᠦᠳᠡᠯᠭᠡᠭᠡᠨ ᠳᠤ ᠪᠠᠭᠳᠠᠵᠦ᠂ ᠤᠩᠰᠢᠬᠤ ᠪᠠ ᠪᠢᠴᠢᠬᠦ ᠨᠢ ᠪᠢᠴᠢᠭ ᠤᠨ | ᠬᠡᠯᠡᠨ ᠤ ᠬᠦᠳᠡᠯᠭᠡᠭᠡᠨ ᠳᠤ ᠪᠠᠭᠲᠠᠨ᠎ᠠ᠃ ᠰᠤᠨᠤᠰᠬᠤ᠂ ᠶᠠᠷᠢᠬᠤ᠂ ᠤᠩᠰᠢᠬᠤ᠂ ᠪᠢᠴᠢᠬᠦ ᠨᠢ ᠬᠠᠷᠢᠯᠴᠠᠨ ᠨᠦᠭᠦᠴᠡᠯᠳᠦᠬᠦ | ᠪᠠ ᠬᠠᠷᠢᠯᠴᠠᠨ ᠠᠬᠢᠭᠤᠯᠬᠤ ᠬᠠᠷᠢᠴᠠᠭ᠎ᠠ ᠲᠠᠢ᠃ ᠬᠡᠯᠡ ᠪᠢᠴᠢᠭ ᠤᠨ ᠵᠢᠭᠠᠨ ᠰᠤᠷᠭᠠᠯᠳᠠ ᠳᠤ ᠰᠤᠨᠤᠰᠬᠤ᠂ ᠶᠠᠷᠢᠬᠤ᠂ | ᠤᠩᠰᠢᠬᠤ᠂ ᠪᠢᠴᠢᠬᠦ ᠨᠢ ᠨᠢᠭᠡᠳᠦᠮᠡᠯ ᠪᠦᠬᠦᠯᠢ ᠴᠤᠭᠴᠠ ᠮᠦᠨ᠃ ᠰᠤᠨᠤᠰᠬᠤ ᠶᠠᠷᠢᠬᠤ ᠪᠠ ᠤᠩᠰᠢᠬᠤ ᠪᠢᠴᠢᠬᠦ ᠶᠢ | ᠬᠡᠯᠡ ᠪᠢᠴᠢᠭ ᠤᠨ ᠵᠢᠭᠠᠨ ᠰᠤᠷᠭᠠᠯᠳᠠ ᠶᠢᠨ ᠬᠤᠶᠠᠷ ᠲᠠᠯᠠᠪᠴᠢ ᠪᠠᠷ ᠵᠦᠢᠷᠯᠡᠪᠡᠯ᠂ ᠭᠠᠭᠴᠠ ᠬᠦ ᠬᠤᠶᠠᠷ ᠲᠠᠯᠠᠪᠴᠢ ᠨᠢ | ᠴᠢᠩᠭ᠎ᠠ ᠨᠢᠭᠳᠠ ᠬᠠᠮᠵᠢᠯᠴᠠᠮᠠᠨᠵᠢᠨ ᠰᠠᠶ᠋ᠢ ᠡᠷᠡᠭᠦᠯ ᠢᠶᠠᠷ ᠳᠡᠭᠦᠯᠢᠨ ᠨᠢᠰᠴᠦ ᠳᠡᠶᠢᠯᠳᠡᠭ᠃ ᠡᠶᠢᠮᠦ ᠠᠴᠠ ᠪᠠᠭ᠎ᠠ | ᠰᠤᠷᠭᠠᠭᠤᠯᠢ ᠶᠢᠨ ᠬᠡᠯᠡ ᠪᠢᠴᠢᠭ ᠤᠨ ᠵᠢᠭᠠᠨ ᠰᠤᠷᠭᠠᠯᠳᠠ ᠳᠤ ᠤᠩᠰᠢᠬᠤ ᠪᠢᠴᠢᠬᠦ ᠴᠢᠳᠠᠪᠤᠷᠢ ᠶᠢ ᠬᠦᠮᠦᠵᠢᠬᠦᠯᠬᠦ ᠶᠢ | ᠬᠦᠨᠳᠦᠳᠭᠡᠬᠦ ᠪᠠᠷ ᠦᠯᠦ ᠪᠠᠷᠠᠮ ᠰᠤᠨᠤᠰᠬᠤ ᠶᠠᠷᠢᠬᠤ ᠴᠢᠳᠠᠪᠤᠷᠢ ᠶᠢ ᠬᠦᠮᠦᠵᠢᠬᠦᠯᠬᠦ ᠶᠢ ᠪᠠᠰᠠ ᠠᠳᠠᠯᠢᠬᠠᠨ | ᠬᠦᠨᠳᠦᠳᠭᠡᠪᠡᠯ ᠵᠤᠬᠢᠨ᠎ᠠ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠡᠸ᠋ᠨᠩᠬᠢ ᠬᠤᠰᠢᠭᠤᠨ ᠤ ᠰᠤᠷᠭᠠᠨ ᠬᠦᠮᠦᠵᠢᠯ ᠤᠨ | ᠠᠵᠢᠯ ᠦᠢᠯᠡᠰ ᠤᠨ ᠬᠦᠭᠵᠢᠯᠳᠡ ᠶᠢᠨ ᠲᠦᠪ | ︵ᠮᠦᠡᠭᠭᠦᠨᠴᠢᠮᠡᠭ ᠨᠠᠶᠢᠷᠠᠭᠤᠯᠪᠠ︶ | | | |