ᠴᠤᠷᠵᠢ | | | | | | ᠲᠤᠭᠠᠨ ᠤ ᠤᠬᠠᠭᠠᠨ ᠢ ᠶᠠᠭᠠᠬᠢᠵᠤ ᠰᠤᠷᠳᠠᠬ ᠪᠤᠢ︖ ᠭᠡᠤᠭᠡᠳ ᠤᠳ ᠶᠠᠭᠠᠬᠢᠪᠠᠯ ᠰᠠᠶ᠋ᠢ ᠲᠤᠭᠠᠨ ᠤ | ᠤᠬᠠᠭᠠᠨ ᠢ ᠰᠠᠶᠢᠨ ᠰᠤᠷᠴᠤ ᠲᠠᠶᠢᠯᠭᠦ ᠪᠤᠢ︖ ᠭᠡᠵᠦ ᠨᠠᠳᠠ ᠠᠴᠠ ᠠᠰᠠᠭᠤᠳᠠᠬ ᠡᠴᠢᠭᠡ ᠡᠭᠡ | ᠤᠯᠠᠰᠢᠷᠠᠵᠠᠢ᠃ ᠭᠦᠭᠡᠷᠤᠭᠦᠢ᠂ ᠡᠭᠡ ᠶᠢᠨ ᠰᠠᠨᠠᠭ᠎ᠠ ᠦᠷ᠎ᠠ ᠳᠤ ᠭᠡᠳᠡᠭ ᠦᠭᠡ ᠶᠠᠭᠠᠬᠢᠭᠰᠠᠨ ᠤᠨᠤᠭᠠᠵᠤ ᠭᠡᠯᠡᠭᠰᠡᠨ | ᠠᠵᠢ︕ ᠭᠡᠤᠭᠡᠳ ᠤᠨ ᠬᠢᠨᠢ ᠲᠤᠭᠠᠨ ᠤ ᠤᠬᠠᠭᠠᠨ ᠤ ᠬᠢᠷᠢ ᠪᠦᠳᠤᠮᠵᠢ ᠡ᠊ᠩ ᠶᠡᠷᠦᠮᠳᠡᠭ᠂ ᠲᠤᠭᠠᠨ ᠤ ᠤᠬᠠᠭᠠᠨ | ᠰᠤᠷᠬᠤ ᠲᠤᠷᠠᠰᠢᠯ ᠪᠠᠷᠤᠭᠳᠠᠢ ᠪᠠᠶᠢᠬᠤ ᠪᠠᠷ ᠨᠢ ᠰᠠᠨᠠᠭ᠎ᠠ ᠪᠤᠯᠬᠤ ᠳᠤ ᠪᠠᠨ ᠪᠤᠰᠤᠳ ᠠᠴᠠ ᠵᠤᠷ ᠡᠷᠢᠵᠤ ᠪᠠᠶᠢᠭ᠎ᠠ | ᠳ᠋ᠠ︕ ᠭᠡᠤᠭᠡᠳ ᠢᠶᠠᠨ ᠶᠠᠭᠠᠬᠢᠵᠤ ᠭᠡᠯᠡᠵᠦ ᠲᠤᠳᠤᠮᠳᠠᠬᠤ ᠪᠠ ᠲᠠᠮᠵᠢᠵᠤ ᠬᠠᠪᠰᠤᠷᠬᠤ᠂ ᠴᠢᠨᠠᠭᠰᠢᠯᠠᠨ ᠪᠠᠭᠰᠢ ᠲᠠᠢ | ᠭᠡᠷᠬᠢᠨ ᠬᠠᠮᠵᠢᠯᠴᠠᠬᠤ ᠪᠠᠨ ᠭᠦᠷᠳᠠᠯ᠎ᠠ ᠮᠠᠳᠠᠭᠦ ᠦᠭᠡᠢ ᠠᠷᠭ᠎ᠠ ᠪᠠᠷᠠᠭᠳᠠᠬᠤ ᠳᠤ ᠪᠠᠨ ᠠᠶᠢᠯ ᠠᠴᠠ ᠠᠷᠭ᠎ᠠ ᠡᠷᠢᠵᠤ | ᠪᠠᠶᠢᠭ᠎ᠠ ᠳ᠋ᠠ᠃ ᠭᠡᠳᠡᠯ᠎ᠠ ᠭᠡᠨ ᠪᠤᠯᠪᠠᠴᠤ ᠡᠨᠠ ᠠᠰᠠᠭᠤᠯᠳᠠ ᠶᠢ ᠪᠠᠷᠢᠨ ᠨᠢᠭᠡ ᠬᠤᠶᠠᠷ ᠦᠭᠡ ᠪᠠᠷ ᠬᠠᠷᠢᠭᠤᠯᠵᠤ | ᠲᠠᠶᠢᠯᠭᠦ ᠦᠭᠡᠢ᠃ ᠭᠡᠤᠭᠡᠳ ᠤᠨ ᠰᠤᠷᠤᠯᠭ᠎ᠠ ᠰᠠᠶᠢᠨ ᠡᠰᠠᠭᠦ ᠭᠠᠭᠴᠠ ᠭᠡᠤᠭᠡᠳ ᠤᠨ ᠤᠴᠢᠷ ᠪᠢᠰᠢ᠃ ᠵᠢᠭᠠᠭᠴᠢ | ᠪᠠᠭᠰᠢ ᠲᠠᠢ ᠬᠤᠯᠪᠤᠭᠳᠠᠨ᠎ᠠ᠃ ᠡᠴᠢᠭᠡ ᠡᠭᠡ ᠲᠠᠢ ᠬᠤᠯᠪᠤᠭᠳᠠᠨ᠎ᠠ᠂ ᠴᠢᠨᠠᠭᠰᠢᠯᠠᠨ ᠭᠡᠷ ᠪᠦᠯᠢ ᠶᠢᠨ ᠤᠷᠴᠢᠨ | ᠲᠤᠭᠤᠷᠢᠨ ᠢ ᠴᠤ ᠤᠮᠳᠤᠭᠠᠢᠢᠯᠠᠵᠤ ᠪᠤᠯᠤᠰᠢ ᠦᠭᠡᠢ ᠶᠤᠮ᠃ | ᠡᠴᠢᠭᠡ ᠡᠭᠡ ᠪᠤᠯ ᠭᠡᠤᠭᠡᠳ ᠤᠨ ᠠᠩᠬᠠᠨ ᠤ ᠪᠠᠭᠰᠢ ᠭᠡᠳᠡᠭᠴᠢᠯᠡᠨ ᠲᠠᠳᠠᠨ ᠤ ᠦᠭᠡ ᠶᠠᠷᠢᠶ᠎ᠠ᠂ ᠦᠢᠯᠠ | ᠠᠵᠢᠯᠯᠠᠭ᠎ᠠ᠂ ᠵᠠᠩ ᠲᠠᠳᠬᠠᠯ᠂ ᠤᠪᠤᠷ ᠰᠤᠷᠳᠠᠯ᠂ ᠵᠤᠷᠢᠭ ᠰᠦᠰᠦ ᠁ ᠠᠯᠢ ᠪᠦᠭᠦᠨ ᠨᠢ ᠭᠡᠤᠭᠡᠳ ᠢ ᠰᠢᠭᠤᠳ | ᠪᠤᠶᠤ ᠲᠠᠮ ᠢᠶᠠᠷ ᠨᠦᠯᠦᠭᠡᠯᠡᠳᠡᠭ᠃ ᠭᠦᠳᠠᠯᠮᠤᠷᠢᠴᠢ ᠠᠶᠢᠯ ᠤᠨ ᠭᠡᠤᠭᠡᠳ ᠶᠡᠷᠦ ᠠᠴᠠ ᠠᠵᠢᠯᠴᠢ ᠪᠠᠶᠢᠳᠠᠬ ᠨᠢ ᠡᠴᠢᠭᠡ | ᠡᠭᠡ ᠶᠢᠨ ᠢᠶᠠᠨ ᠨᠦᠯᠦᠭᠡ ᠶᠢ ᠭᠦᠷᠳᠡᠭᠰᠡᠨ ᠲᠠᠢ ᠬᠤᠯᠪᠤᠭᠳᠠᠨ᠎ᠠ᠃ ᠰᠤᠷᠭᠠᠯ ᠰᠠᠶᠢᠳᠠᠢ ᠭᠡᠷ ᠤᠨ ᠭᠡᠤᠭᠡᠳ ᠭᠡᠵᠢᠶᠠᠳᠠ | ᠶᠤᠰᠤ ᠨᠤᠮ ᠲᠠᠢ ᠪᠠᠶᠢᠳᠠᠬ ᠨᠢ ᠴᠤ ᠭᠡᠷ ᠪᠦᠯᠢ ᠶᠢᠨ ᠬᠢᠨᠢ ᠨᠦᠯᠦᠭᠡ ᠠᠴᠠ ᠪᠤᠯᠤᠭᠰᠠᠨ ᠶᠤᠮ᠃ ᠭᠡᠤᠭᠡᠳ | ᠰᠤᠷᠭᠠᠭᠤᠯᠢ ᠳᠤ ᠰᠠᠭᠤᠬᠤ ᠪᠤᠯᠤᠭᠠᠳᠤᠢ ᠪᠤᠯᠪᠠᠴᠤ ᠡᠴᠢᠭᠡ ᠡᠭᠡ ᠨᠢ ᠦᠪᠠᠷ ᠤᠨ ᠪᠠᠶ᠎ᠠ ᠪᠠᠷ ᠢᠶᠠᠨ ᠭᠡᠤᠭᠡᠳ ᠲᠤ ᠪᠠᠨ | ᠭᠡᠪ ᠲᠠᠭᠤᠷᠢᠶᠠᠯ ᠦᠵᠠᠭᠦᠯᠭᠦ ᠶᠢ ᠶᠠᠭᠠᠬᠢᠭᠰᠠᠨ ᠴᠤ ᠤᠮᠳᠤᠭᠠᠢᠢᠯᠠᠵᠤ ᠪᠤᠯᠬᠤ ᠦᠭᠡᠢ᠃ ᠭᠡᠤᠭᠡᠳ ᠢᠶᠠᠨ ᠲᠠᠭᠠᠭᠤᠯᠵᠤ | ᠲᠤᠭᠤᠷᠢᠵᠤ ᠪᠠᠶᠢᠬᠤ ᠳᠤ ᠪᠠᠨ ᠬᠠᠶᠠᠭᠳᠠᠮᠠᠯ ᠡᠳ᠋ ᠢᠶᠠᠨ ᠡᠷᠤᠢ ᠬᠤᠷᠤᠢ ᠦᠭᠡᠢ ᠬᠠᠶᠠᠬᠤ ᠦᠭᠡᠢ᠂ ᠬᠤᠬ ᠨᠤᠪᠰᠢ ᠶᠢᠨ | ᠰᠠᠪᠠᠨ ᠳᠤ ᠬᠢᠳᠡᠭ ᠠᠶᠢᠯ ᠤᠨ ᠭᠡᠤᠭᠡᠳ ᠬᠤᠬ ᠨᠤᠪᠰᠢ ᠶᠢ ᠡ᠊ᠨᠳᠠ ᠲᠠᠨᠳᠠ ᠦᠭᠡᠢ ᠲᠤᠷ᠎ᠠ ᠲᠠᠪᠠ ᠪᠠᠷ ᠢᠶᠠᠨ ᠬᠠᠶᠠᠬᠤ | ᠭᠡᠵᠦ ᠤᠤ᠂ ᠠᠯᠪᠠᠳᠠᠯᠭ᠎ᠠ ᠪᠠᠷ ᠭᠡᠤᠭᠡᠳ ᠲᠤ ᠪᠠᠨ ᠡᠰᠠᠨ ᠪᠤᠰᠤᠨ ᠶᠠᠭᠤᠮ᠎ᠠ ᠵᠢᠭᠠᠵᠤ ᠰᠤᠷᠭᠠᠭᠰᠠᠨ ᠠᠴᠠ | ᠦᠪᠠᠷᠳᠡᠭᠡᠨ ᠨᠤᠮ ᠦᠵᠠᠵᠤ ᠰᠠᠭᠤᠬᠤ ᠨᠢ ᠬᠠᠷᠢᠨ ᠲᠡᠭᠡᠷ᠎ᠠ ᠪᠠᠶᠢᠬ᠎ᠠ᠃ ᠭᠡᠤᠭᠡᠳ ᠲᠤᠷ᠎ᠠ ᠪᠠᠬ᠎ᠠ ᠲᠠᠢ ᠦᠶᠠᠰ ᠨᠤᠮ | ᠤᠡᠭᠰᠢᠵᠤ ᠦᠭᠭᠦ ᠶᠢᠨ ᠨᠦᠯᠦᠭᠡ ᠦᠢᠯᠠᠳᠤᠯ ᠨᠢ ᠨᠠᠩ ᠰᠠᠶᠢᠨ ᠶᠤᠮ᠃ ᠭᠡᠤᠭᠡᠳ ᠲᠤᠷ᠎ᠠ ᠰᠤᠨᠢᠷᠬᠠᠯ ᠲᠠᠢ | ᠪᠤᠯᠴᠢᠬᠠᠪᠠᠯ ᠰᠤᠷᠬᠤ ᠲᠤᠳᠤᠮ ᠪᠠᠬ᠎ᠠ ᠲᠠᠢ᠂ ᠪᠠᠬ᠎ᠠ ᠲᠠᠢ ᠪᠤᠯᠬᠤ ᠲᠤᠳᠤᠮ ᠰᠤᠷᠬᠤ ᠠᠷᠭ᠎ᠠ ᠲᠠᠮ ᠢ ᠨᠢ | ᠤᠯᠳᠠᠬ᠃ ᠢᠡᠭᠬᠢᠭᠦ ᠪᠠᠷ ᠢᠶᠠᠨ ᠭᠡᠤᠭᠡᠳ ᠤᠨ ᠰᠤᠷᠬᠤ ᠲᠤᠷ᠎ᠠ ᠰᠤᠨᠢᠷᠬᠠᠯ ᠢ ᠪᠤᠢ ᠪᠤᠯᠭᠠᠬᠤ ᠪᠠ ᠭᠦᠮᠦᠵᠢᠭᠦᠯᠭᠦ ᠨᠢ | ᠰᠤᠬᠤᠷ ᠪᠠᠯᠠᠢ ᠪᠠᠷ ᠡᠨᠠ ᠲᠠᠷᠠ ᠶᠢ ᠠᠯᠪᠠᠳᠠᠯᠭ᠎ᠠ ᠪᠠᠷ ᠵᠢᠭᠠᠵᠤ ᠰᠤᠷᠭᠠᠬᠤ ᠠᠴᠠ ᠬᠤᠯᠠ ᠲᠡᠭᠡᠷ᠎ᠠ ᠶᠤᠮ᠃ ᠲᠤᠭ᠎ᠠ | ᠲᠠᠨᠢᠭᠤᠯᠬᠤ ᠪᠠᠷ ᠵᠢᠱᠢᠶᠡᠯᠡᠭᠦ ᠳᠤ᠂ ᠨᠤᠮ ᠲᠠᠯᠭᠡᠵᠦ 1,2,3 ᠁ ᠭᠡᠵᠦ ᠵᠢᠭᠠᠬᠤ ᠪᠤᠯ ᠵᠦᠪᠭᠡᠨ | ᠭᠡᠤᠭᠡᠳ ᠲᠤ ᠪᠠᠨ ᠦᠰᠦᠭ ᠲᠠᠨᠢᠭᠤᠯᠵᠤ ᠪᠠᠶᠢᠭ᠎ᠠ ᠮᠧᠬᠠᠨᠢᠬ ᠠᠵᠢᠯᠯᠠᠭ᠎ᠠ ᠲᠠᠳᠤᠢ᠂ ᠬᠠᠷᠢᠨ ᠭᠡᠤᠭᠡᠳ ᠢᠶᠠᠨ | ᠲᠠᠭᠠᠭᠤᠯᠵᠤ ᠭᠠᠳᠠᠨ᠎ᠠ ᠲᠤᠭᠤᠷᠢᠨ ᠵᠤᠭᠠᠴᠠᠵᠤ ᠪᠠᠶᠢᠬᠤ ᠪᠤᠶᠤ ᠡᠨᠡ ᠲᠠᠷᠠ ᠶᠢ ᠬᠢᠵᠤ ᠪᠠᠶᠢᠬᠤ ᠳᠤ ᠪᠠᠨ᠄ ︽ᠲᠠᠨᠳᠠ | ᠨᠢᠭᠡ ᠭᠡᠤᠭᠡᠳ ᠲᠤᠭᠯᠠᠨ ᠨᠠᠭᠠᠳᠴᠤ ᠪᠠᠶᠢᠨ᠎ᠠ᠂ ᠴᠢ ᠤᠴᠢᠵᠤ ᠴᠤᠭ ᠲᠤ ᠪᠠᠨ ᠲᠤᠭᠯᠠᠨ ᠨᠠᠭᠠᠳᠪᠠᠯ ᠭᠡᠳᠤᠢ | ᠭᠡᠤᠭᠡᠳ ᠪᠤᠯᠬᠤ ᠪᠤᠢ︖ ᠨᠢᠭᠡ ᠭᠡᠤᠭᠡᠳ ᠤᠨ ︿ᠨᠢᠭᠡ﹀ ᠶᠢ ᠶᠠᠭᠠᠬᠢᠵᠤ ᠪᠢᠴᠢᠳᠡᠭ ᠢ ᠭᠡᠷ ᠲᠤ ᠪᠠᠨ ᠬᠠᠷᠢᠭᠰᠠᠨ ᠤ | ᠲᠠᠷᠠᠭ᠎ᠠ ᠨᠤᠮ ᠪᠢᠴᠢᠭ ᠠᠴᠠ ᠴᠢᠨᠢ ᠡᠷᠢᠵᠤ ᠦᠵᠠᠶ᠎ᠠ︾ ᠭᠡᠭᠦ ᠮᠠᠳᠤ ᠪᠠᠷ ᠭᠡᠯᠡᠵᠦ ᠵᠤᠭᠤᠭᠳᠠᠬᠤ ᠶᠢᠨ ᠲᠠᠭᠠᠤ | ᠤᠷᠮ᠎ᠠ ᠶᠢ ᠨᠢ ᠭᠦᠪᠴᠢᠯᠡᠭᠦ ᠪᠤᠯ ᠡᠩ ᠤᠨ ᠶᠡᠷᠢᠯᠴᠠᠭ᠎ᠠ ᠲᠠᠳᠤᠢ ᠪᠢᠰᠢ᠂ ᠬᠠᠷᠢᠨ ᠭᠡᠤᠭᠡᠳ ᠢᠶᠠᠨ ᠲᠤᠭᠠᠨ ᠤ | ᠮᠠᠳᠠᠷᠠᠮᠵᠢ ᠲᠠᠢ ᠪᠤᠯᠭᠠᠵᠤ ᠪᠠᠶᠢᠭ᠎ᠠ ᠲᠤᠮᠤ ᠢᠨᠵᠧᠨᠧᠷᠢᠩ ᠮᠦᠨ᠃ ᠦᠨᠠᠨ ᠭᠦ ᠡᠶᠢᠮᠦ ᠠᠬᠤᠢ ᠤᠷᠴᠢᠨ | ᠲᠤᠬᠢᠶᠠᠯᠳᠤᠭᠰᠠᠨ ᠪᠠᠶᠢᠪᠠᠯ ᠭᠡᠤᠭᠡᠳ ᠢᠶᠠᠨ ᠲᠠᠷᠠ ᠭᠡᠤᠭᠡᠳ ᠲᠠᠢ ᠴᠤᠭ ᠨᠠᠭᠠᠳᠤᠭᠤᠯᠬᠤ ᠳᠤ ᠪᠠᠨ | ᠲᠠᠭᠠᠷᠠᠨ᠎ᠠ᠃ ᠭᠡᠤᠭᠡᠳ ᠤᠳ ᠭᠡᠳᠤ ᠭᠡᠳᠤᠭᠦᠯᠡ ᠪᠠᠨ ᠲᠤᠭᠯᠠᠨ ᠨᠠᠭᠠᠳᠴᠤ ᠪᠠᠶᠢᠬᠤ ᠳᠤ ᠪᠠᠨ ᠰᠠᠨᠠᠮᠰᠠᠷ ᠦᠭᠡᠢ ᠪᠠᠷ | ᠤᠯᠠᠨ ᠶᠠᠭᠤᠮ᠎ᠠ ᠮᠠᠳᠠᠵᠤ ᠰᠤᠷᠴᠢᠬᠠᠳᠠᠬ ᠪᠢᠰᠢ︕ ᠠᠮᠧᠷᠢᠺᠠ ᠡᠸᠦ᠋ᠷᠤᠫᠠ ᠶᠢᠨ ᠬᠢᠨ ᠶᠠᠭᠠᠬᠢᠭᠠᠳ | ᠭᠡᠤᠭᠡᠳ ᠲᠤ ᠪᠠᠨ ᠤᠷᠢᠳᠴᠢᠯᠠᠨ ᠵᠢᠭᠠᠳᠠᠬ ᠦᠭᠡᠢ ᠪᠤᠢ︖ ᠰᠡᠳᠬᠢᠭᠦᠰᠢᠳᠠᠢ᠂ ᠰᠤᠳᠤᠯᠤᠭᠤᠰᠢᠳᠠᠢ︕ ᠭᠡᠷ ᠤᠨ | ᠠᠬᠠᠮᠠᠳ ᠦᠪᠠᠷᠳᠡᠭᠡᠨ ᠤᠳᠬ᠎ᠠ ᠶᠢ ᠨᠢ ᠮᠠᠳᠠᠭᠦ ᠦᠭᠡᠢ ᠪᠠᠶᠢᠭᠠᠳ ᠵᠢᠭᠠᠬᠤ ᠨᠢ ᠵᠢᠭᠠᠬᠤ ᠦᠭᠡᠢ ᠪᠠᠨ ᠴᠤ ᠭᠦᠷᠭᠦ | ᠦᠭᠡᠢ ᠶᠤᠮ᠃ ᠵᠢᠱᠢᠶᠡᠯᠡᠪᠡᠯ᠂ ᠲᠤᠭ᠎ᠠ ᠲᠡᠭ ᠤᠨ ᠤᠳᠬ᠎ᠠ ᠶᠢ ᠨᠢ ᠮᠠᠳᠠᠭᠡᠳ ᠲᠠᠷᠠᠭ᠎ᠠ ᠨᠢ ᠰᠠᠶ᠋ᠢ ᠪᠢᠴᠢᠭᠦ ᠶᠢ ᠨᠢ | ᠰᠤᠷᠬᠤ ᠪᠤᠯ ᠰᠢᠨᠵᠢᠯᠠᠭᠦ ᠤᠬᠠᠭᠠᠨᠴᠢ ᠶᠤᠮ᠂ ᠮᠦᠨ ᠴᠤ ᠲᠠᠨᠢᠯᠳᠠ ᠶᠢᠨ ᠵᠢᠮ᠎ᠠ ᠬᠠᠤᠯᠢ ᠳᠤ ᠨᠠᠶᠢᠴᠠᠨ᠎ᠠ᠃ ᠦᠵᠠᠵᠤ | ᠬᠠᠷᠠᠭᠳᠠᠵᠤ ᠪᠠᠶᠢᠭ᠎ᠠ ᠪᠠᠨ ᠨᠠᠷᠠᠯᠠᠭᠦ᠂ ᠰᠤᠨᠤᠰᠤᠭᠰᠠᠨ ᠢᠶᠠᠨ ᠦᠵᠠᠵᠤ ᠮᠠᠳᠠᠷᠠᠭᠦ᠂ ᠰᠠᠷᠠᠯ ᠮᠠᠳᠠᠷᠠᠮᠵᠢ ᠪᠠᠷ ᠢᠶᠠᠨ ᠭᠡᠷᠡᠭ | ᠪᠤᠳᠠᠰ ᠢ ᠲᠠᠨᠢᠬᠤ ᠪᠤᠯ ᠤᠢ ᠪᠢᠯᠢᠭ ᠢᠶᠠᠷ ᠢᠶᠠᠨ ᠶᠢᠷᠳᠢᠨᠴᠤ ᠶᠢ ᠬᠠᠷᠠᠬᠤ ᠴᠤᠩᠬᠤ ᠪᠠᠨ ᠨᠠᠭᠡᠭᠡᠭᠦ ᠶᠢᠨ ᠠᠩᠬᠠᠨ ᠤ | ᠱᠠᠳᠤ ᠮᠦᠨ᠃ | ᠭᠡᠤᠭᠡᠳ ᠤᠳ ᠰᠤᠷᠭᠠᠭᠤᠯᠢ ᠳᠤ ᠤᠷᠤᠭᠰᠠᠨ ᠤ ᠲᠠᠷᠠᠭ᠎ᠠ ᠵᠦᠪᠭᠡᠨ ᠮᠠᠳᠠᠯᠭᠡ ᠮᠠᠷᠭᠡᠰᠢᠯ ᠢ ᠰᠢᠰᠲ᠋ᠧᠮ ᠲᠠᠢ | ᠰᠤᠷᠬᠤ ᠲᠠᠳᠤᠢ ᠪᠢᠰᠢ ᠰᠤᠷᠤᠯᠴᠠᠬᠤ ᠲᠠᠳᠬᠠᠯ ᠰᠤᠷᠤᠯᠴᠠᠬᠤ ᠤᠪᠤᠷ᠂ ᠰᠤᠷᠬᠤ ᠠᠷᠭ᠎ᠠ᠂ ᠦᠵᠠᠯ ᠰᠠᠨᠠᠭ᠎ᠠ ᠨᠢ ᠴᠤ | ᠪᠦᠷᠢᠯᠳᠤᠵᠤ ᠡᠬᠢᠯᠠᠳᠡᠭ᠃ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠳᠠ ᠪᠤᠯ ᠭᠦᠯ ᠳᠤ ᠤᠷᠤᠭᠤᠯᠬᠤ ᠵᠢᠭᠠᠨ | ᠰᠤᠷᠭᠠᠯᠳᠠ ᠮᠦᠨ᠂ ᠶᠠᠬ ᠭᠦᠯ ᠳᠤ ᠤᠷᠤᠭᠠᠳᠤᠢ ᠨᠢᠯᠬ᠎ᠠ ᠭᠡᠤᠭᠡᠳ ᠢ ᠭᠦᠯ ᠳᠤ ᠤᠷᠤᠭᠤᠯᠵᠤ ᠪᠠᠶᠢᠭ᠎ᠠ ᠲᠠᠢ | ᠠᠳᠠᠯᠢ᠃ ᠭᠡᠤᠭᠡᠳ ᠤᠨ ᠭᠦᠯ ᠳᠤ ᠤᠷᠤᠬᠤ ᠶᠢ ᠡᠴᠢᠭᠡ ᠡᠭᠡ ᠪᠤᠯᠤᠭᠰᠠᠳ ᠬᠠᠮᠤᠭ ᠠᠴᠠ ᠰᠠᠶᠢᠨ ᠮᠠᠳᠠᠨ᠎ᠠ᠃ ᠲᠠᠷᠠ | ᠪᠤᠯ ᠭᠦᠴᠢᠷ᠂ ᠲᠠᠰᠪᠤᠷᠢᠳᠠᠢ ᠨᠠᠷᠢᠯᠢᠬ ᠠᠵᠢᠯ ᠲᠠᠳᠤᠢ ᠪᠢᠰᠢ᠂ ᠶᠤᠰᠤᠳᠠᠢ ᠤᠶᠤᠨ ᠤ ᠰᠢᠨᠳᠠᠭᠠᠨ ᠢ ᠰᠤᠩᠭᠠᠳᠠᠬ | ᠰᠢᠨᠵᠢᠯᠡᠭᠦ ᠤᠬᠠᠭᠠᠨᠴᠢ ᠠᠵᠢᠯ ᠮᠦᠨ᠃ ᠰᠤᠷᠤᠭᠴᠢᠳ ᠰᠢᠯᠢᠳᠡᠭ ᠰᠠᠶᠢᠨ ᠰᠤᠷᠤᠯᠴᠠᠬᠤ ᠲᠠᠳᠬᠠᠯ᠂ ᠬᠢᠴᠢᠶᠡᠯ | ᠰᠤᠷᠤᠯᠭ᠎ᠠ ᠳᠤ ᠪᠠᠨ ᠬᠠᠨᠳᠤᠬᠤ ᠵᠦᠪ ᠤᠪᠤᠷ ᠰᠤᠷᠳᠠᠯ ᠲᠠᠢ ᠪᠤᠯᠴᠢᠬᠠᠪᠠᠯ ᠰᠤᠷᠬᠤ ᠲᠤᠳᠤᠮ ᠠᠮᠠᠷᠬᠠᠨ᠂ ᠰᠤᠷᠬᠤ | ᠲᠤᠳᠤᠮ ᠪᠠᠬ᠎ᠠ ᠲᠠᠢ᠂ ᠰᠤᠷᠬᠤ ᠲᠤᠳᠤᠮ ᠮᠠᠳᠠᠷᠠᠮᠵᠢ ᠲᠠᠢ ᠪᠤᠯᠬᠤ ᠲᠠᠳᠤᠢ ᠪᠢᠰᠢ᠂ ᠲᠤᠭᠠᠨ ᠤ ᠤᠬᠠᠭᠠᠨ ᠤ ᠭᠢᠷᠢ | ᠲᠦᠪᠰᠢᠨ ᠨᠢ ᠴᠤ ᠲᠠᠭᠠᠯᠳᠤᠨ ᠦᠨᠳᠤᠷᠵᠢᠭᠦ ᠶᠤᠮ᠃ ︽ᠰᠤᠷᠤᠬᠴᠢ ᠪᠤᠯ ᠰᠤᠷᠤᠯᠴᠠᠯᠭ᠎ᠠ ᠶᠢᠨ ᠭᠤᠤᠯ ᠴᠤᠭᠴᠠ | ᠪᠦᠭᠡᠳ ᠰᠤᠷᠤᠭᠴᠢ ᠶᠢ ᠵᠢᠭᠠᠨ ᠰᠤᠷᠭᠠᠬᠤ ᠠᠵᠢᠯᠯᠠᠭ᠎ᠠ ᠳᠤ ᠤᠷᠤᠯᠴᠠᠭᠤᠯᠤᠨ᠎ᠠ᠂ ᠪᠦᠭᠦ ᠰᠤᠷᠤᠭᠴᠢ ᠶᠢ ᠵᠢᠭᠠᠨ | ᠰᠤᠷᠭᠠᠬᠤ ᠬᠠᠷᠠᠯᠳᠠ ᠳᠤ ᠭᠦᠷᠭᠡᠨ᠎ᠠ︾ ᠭᠡᠵᠦ ᠭᠡᠯᠡᠵᠦ ᠪᠠᠶᠢᠪᠠᠴᠤ ᠦᠨᠠᠨ ᠳᠤ ᠪᠠᠨ ᠨᠢᠭᠡ ᠪᠦᠯᠦᠭ ᠰᠤᠷᠤᠭᠴᠢ ᠲᠠᠷᠠ | ᠭᠦ ᠪᠠᠷᠢᠮᠵᠢᠶ᠎ᠠ ᠱᠠᠭᠠᠷᠳᠠᠯᠭ᠎ᠠ ᠳᠤ ᠨᠢ ᠭᠦᠷᠴᠤ ᠲᠠᠶᠢᠯᠳᠡᠭ ᠦᠭᠡᠢ᠃ ᠲᠠᠬᠢᠭᠠᠳ ᠭᠡᠯᠡᠪᠡᠯ ︽ᠠᠳᠠᠯᠢ ᠪᠤᠰᠤ ᠶᠢᠨ ᠬᠢᠷᠢ | ᠲᠦᠪᠰᠢᠨ ᠪᠦᠭᠦᠢ ᠰᠤᠷᠤᠭᠴᠢ ᠶᠢ ᠠᠳᠠᠯᠢ ᠪᠤᠰᠤ ᠶᠢᠨ ᠭᠦᠭᠵᠢᠯᠳᠠ ᠶᠢᠨ ᠲᠦᠪᠰᠢᠨ ᠳᠤ ᠭᠦᠷᠭᠡᠨ᠎ᠠ︾ ᠭᠡᠳᠡᠭ ᠴᠢᠨᠢ | ᠭᠡᠷᠡᠭ ᠲᠠᠭᠡᠷ᠎ᠡ ᠪᠠᠨ ᠢᠯᠭᠠᠷᠠᠭᠤᠯᠬᠤ᠂ ᠰᠢᠯᠢᠭᠦ᠂ ᠲᠠᠰᠯᠡᠭᠦ ᠰᠤᠷᠭᠠᠨ ᠭᠦᠮᠦᠵᠢᠯ ᠶᠠᠪᠤᠭᠤᠯᠵᠤ ᠪᠠᠶᠢᠭ᠎ᠠ | ᠪᠢᠰᠢᠤ᠃ ᠰᠢᠯᠭᠠᠯᠳᠠ ᠶᠢ ᠰᠤᠷᠤᠭᠰᠠᠨ ᠢ ᠨᠢ ᠤᠢᠢᠯᠠᠭᠠᠬᠤ ᠪᠠ ᠭᠡᠮᠵᠢᠶᠡᠯᠡᠭᠦ ᠠᠷᠭ᠎ᠠ ᠪᠠᠷᠢᠯ ᠭᠡᠳᠡᠭ ᠴᠤ ᠲᠠᠷᠠ ᠨᠢ | ᠪᠠᠰᠠ ᠰᠤᠷᠤᠭᠴᠢᠳ ᠢ ᠬᠢᠷᠢ ᠪᠦᠳᠤᠮᠵᠢ ᠪᠠᠷ ᠨᠢ ᠠᠩᠬᠢᠯᠠᠵᠤ ᠬᠤᠪᠢᠶᠠᠬᠤ ᠦᠢᠯᠠᠳᠤᠯ ᠭᠠᠷᠭᠠᠳᠠᠬ ᠪᠤᠶᠤ ᠨᠦᠯᠦᠭᠡ | ᠲᠤᠰᠬᠠᠯ ᠠᠪᠴᠢᠷᠠᠳᠠᠬ᠃ ᠵᠠᠷᠢᠮ ᠭᠡᠷ ᠤᠨ ᠠᠬᠠᠮᠠᠳ ᠤᠨ ᠭᠡᠤᠭᠡᠳ ᠢᠶᠠᠨ ᠠᠩᠬᠢ ᠪᠤᠶᠤ ᠤᠨ ᠳᠤ ᠨᠢ ᠵᠠᠪᠠᠯ | ᠨᠢᠭᠡᠳᠤᠭᠡᠷ ᠲᠤ ᠰᠢᠯᠭᠠᠭᠤᠯᠤᠨ᠎ᠠ᠂ ᠡᠰᠠᠭᠦᠯ᠎ᠠ ᠵᠠᠷᠢᠮ ᠭᠡᠤᠭᠡᠳ ᠠᠴᠠ ᠵᠠᠪᠠᠯ ᠲᠠᠪᠠᠭᠤᠯᠤᠨ᠎ᠠ ᠭᠡᠳ ᠰᠤᠷᠤᠯᠭ᠎ᠠ ᠶᠢᠨ | ᠲᠠᠷᠤᠭᠠᠰᠤ᠂ ᠪᠠᠶ᠎ᠠ ᠰᠡᠳᠬᠢᠴᠠ ᠶᠢᠨ ᠲᠠᠷᠤᠭᠠᠰᠤ ᠶᠢ ᠨᠢ ᠠᠯᠪᠠ ᠪᠠᠷ ᠭᠡᠳᠤ ᠭᠦᠨᠳᠤᠷᠡᠭᠦᠯᠳᠡᠭ᠃ ᠠᠪᠴᠤ ᠪᠤᠯᠳᠠᠬ | ᠦᠭᠡᠢ ᠠᠷᠭ᠎ᠠ ᠯᠡ ᠳ᠋ᠠ᠂ ᠲᠡᠭᠡᠰᠢ ᠠᠬᠠᠳᠠᠪᠠᠯ ᠲᠡᠭᠡᠭᠡᠷ᠎ᠠ ᠪᠤᠯᠵᠤ ᠮᠠᠳᠠᠨ᠎ᠠ᠃ ᠲᠠᠬᠢᠭᠠᠳ ᠭᠡᠯᠡᠪᠡᠯ ᠬᠢᠷᠢ | ᠪᠦᠳᠤᠮᠵᠢ ᠶᠢᠨ ᠲᠠᠯ᠎ᠠ ᠪᠠᠷ 99 ᠬᠤᠪᠢ ᠰᠢᠯᠭᠠᠭᠰᠠᠨ ᠨᠢ 100 ᠬᠤᠪᠢ ᠰᠢᠯᠭᠠᠭᠰᠠᠨ ᠢᠶᠠᠨ ᠭᠦᠷᠭᠦ ᠦᠭᠡᠢ | ᠪᠤᠯᠪᠠᠴᠤ ᠬᠢᠷᠢ ᠲᠦᠪᠰᠢᠨ ᠨᠢ ᠬᠠᠷᠢᠨ 100 ᠬᠤᠪᠢ ᠰᠢᠯᠭᠠᠭᠰᠠᠨ ᠢᠶᠠᠨ ᠲᠠᠪᠠᠵᠤ ᠮᠠᠳᠠᠭᠦ ᠶᠤᠮ᠃ ᠭᠡᠤᠭᠡᠳ ᠢᠶᠠᠨ | ᠬᠠᠮᠵᠢᠵᠤ ᠬᠤᠪᠢ ᠠᠯᠳᠠᠭᠰᠠᠨ ᠰᠢᠯᠳᠠᠭᠠᠨ ᠢ ᠡᠷᠢᠵᠤ ᠤᠯᠬᠤ ᠨᠢ ᠦᠨᠳᠤᠷ ᠬᠤᠪᠢ ᠰᠢᠯᠭᠠᠭᠤᠯᠬᠤ ᠶᠢ | ᠭᠦᠭᠡᠭᠡᠴᠡᠯᠳᠦᠭᠰᠡᠨ ᠠᠴᠠ ᠠᠴᠢ ᠲᠤᠰᠠ ᠲᠠᠢ ᠶᠤᠮ᠃ ᠬᠢᠨᠠᠮᠠᠭᠠᠢ ᠦᠭᠡᠢ ᠠᠴᠠ ᠬᠤᠪᠢ ᠠᠯᠳᠠᠭᠰᠠᠨ ᠪᠠᠶᠢᠪᠠᠯ | ᠰᠠᠷᠠᠮᠵᠢ ᠶᠢᠨ ᠬᠤᠨᠭ᠍ᠬᠤ ᠵᠠᠭᠦᠯᠭᠡᠨᠠ︔ ᠰᠤᠷᠤᠭᠰᠠᠨ ᠠᠭᠤᠯᠭ᠎ᠠ ᠳᠤ ᠪᠠᠨ ᠪᠠᠯᠠᠷᠬᠠᠢ᠂ ᠪᠦᠷᠢᠨ ᠭᠦᠢᠴᠡᠳ | ᠤᠢᠢᠯᠠᠭᠠᠵᠤ ᠡᠵᠡᠮᠰᠢᠭᠰᠡᠨ ᠦᠭᠡᠢ ᠠᠴᠠ ᠪᠤᠯᠵᠤ ᠲᠤᠳᠠᠭᠤ ᠲᠤᠷᠭᠤᠨ ᠬᠢᠭᠡᠳ ᠬᠤᠪᠢ ᠠᠯᠳᠠᠭᠰᠠᠨ ᠪᠠᠶᠢᠪᠠᠯ | ᠲᠠᠪᠳᠠᠵᠤ ᠪᠤᠯᠪᠠᠰᠤᠷᠠᠬᠤ ᠶᠢ ᠨᠢ ᠴᠢᠩᠭᠠᠳᠬᠠᠨ᠎ᠠ︔ ᠴᠢᠳᠠᠬᠤ ᠦᠭᠡᠢ ᠮᠠᠳᠠᠭᠦ ᠦᠭᠡᠢ ᠠᠴᠠ ᠪᠤᠯᠵᠤ ᠬᠢᠭᠰᠡᠨ ᠦᠭᠡᠢ | ᠪᠠᠶᠢᠪᠠᠯ ᠲᠠᠷᠠ ᠭᠦ ᠴᠢᠳᠠᠬᠤ ᠦᠭᠡᠢ ᠮᠠᠳᠠᠭᠦ ᠦᠭᠡᠢ ᠲᠠᠢ ᠬᠤᠯᠪᠤᠭᠳᠠᠬᠤ ᠰᠤᠷᠬᠤ ᠪᠢᠴᠢᠭ ᠤᠨ ᠠᠭᠤᠯᠭ᠎ᠠ ᠶᠢ | ᠬᠠᠨᠳᠤᠯᠭ᠎ᠠ ᠲᠠᠢ ᠪᠠᠷ ᠨᠦᠭᠦᠪᠤᠷᠢᠯᠡᠭᠦ ᠭᠡᠷᠡᠭᠳᠠᠢ᠃ ᠰᠢᠯᠭᠠᠯᠳᠠ ᠳᠤ ᠬᠢᠵᠤ ᠴᠢᠳᠠᠭᠰᠠᠨ ᠦᠭᠡᠢ ᠰᠠᠳᠤᠪ ᠢ | ᠶᠠᠭᠠᠬᠢᠭᠰᠠᠨ ᠴᠤ ᠭᠦᠡᠭᠭᠡᠪᠴᠢᠯᠡᠵᠦ ᠪᠤᠯᠬᠤ ᠦᠭᠡᠢ᠂ ᠬᠠᠶᠠᠭᠠᠨ ᠳᠤ ᠨᠢ ᠬᠠᠶᠠᠵᠤ ᠨᠠᠩ ᠪᠤᠯᠬᠤ ᠦᠭᠡᠢ᠂ ᠰᠤᠬᠤᠷ | ᠪᠠᠯᠠᠢ ᠪᠠᠷ ᠡᠨᠡ ᠲᠠᠷᠠ ᠲᠠᠪᠳᠠᠬᠤ ᠠᠩᠬᠢ ᠳᠤ ᠭᠦᠷᠭᠡᠵᠦ ᠰᠤᠷᠤᠯᠴᠠᠭᠤᠯᠬᠤ ᠲᠠᠶᠢᠮᠦ ᠴᠤ ᠪᠦᠳᠤᠮᠵᠢᠳᠠᠢ ᠠᠷᠭ᠎ᠠ ᠪᠢᠰᠢ | ᠯᠡ ᠳ᠋ᠠ᠃ ᠭᠡᠷᠰᠡᠤᠯᠡᠭᠦ ᠳᠤ ᠪᠠᠨ ᠲᠠᠭᠠᠷᠠᠨ᠎ᠠ᠃ ᠵᠠᠷᠢᠮ ᠭᠡᠷ ᠤᠨ ᠠᠬᠠᠮᠠᠳ ᠭᠡᠤᠭᠡᠳ ᠤᠨ ᠢᠶᠠᠨ ᠰᠢᠯᠭᠠᠯᠳᠠ ᠳᠤ | ᠬᠢᠵᠤ ᠴᠢᠳᠠᠭᠰᠠᠨ ᠦᠭᠡᠢ ᠰᠠᠳᠤᠪ ᠢ ᠡᠮᠬᠢᠳᠭᠡᠨ ᠨᠢᠭᠡᠳᠭᠡᠵᠦ ᠭᠡᠵᠢᠶ᠎ᠠ ᠬᠤᠶᠢᠨ᠎ᠠ ᠲᠤᠰᠬᠠᠢ ᠴᠠᠭ ᠵᠠᠷᠤᠴᠠᠭᠤᠯᠵᠤ | ᠲᠠᠬᠢᠵᠤ ᠬᠢᠯᠭᠡᠳᠡᠭ᠃ ᠡᠨᠡ ᠠᠷᠭ᠎ᠠ ᠮᠠᠰᠢ ᠰᠠᠶᠢᠨ᠃ ᠭᠡᠤᠭᠡᠳ ᠤᠨ ᠰᠤᠷᠤᠯᠭ᠎ᠠ ᠶᠢᠨ ᠬᠢᠷᠢ ᠲᠦᠪᠰᠢᠨ ᠤ | ᠲᠡᠭᠡᠭᠰᠢᠯᠠᠯᠳᠠ ᠳᠤ ᠲᠦᠯᠬᠢᠴᠠ ᠶᠢᠨ ᠦᠢᠯᠠᠳᠤᠯ ᠦᠵᠠᠭᠦᠯᠳᠡᠭ᠃ ᠰᠢᠯᠭᠠᠯᠳᠠ ᠶᠢᠨ ᠬᠢᠷᠢ ᠪᠦᠳᠤᠮᠵᠢ ᠶᠡᠷᠦ ᠨᠢ | ᠤᠯᠠᠨ ᠵᠦᠢᠯ ᠤᠨ ᠨᠦᠯᠦᠭᠡ ᠶᠢ ᠭᠦᠷᠳᠡᠳᠡᠭ᠃ ᠬᠢᠷᠢ ᠪᠦᠳᠤᠮᠵᠢ ᠨᠢ ᠠᠨᠠᠢ ᠪᠤᠯᠤᠯ᠎ᠠ ᠭᠡᠳ ᠬᠢᠷᠢ ᠲᠦᠪᠰᠢᠨ ᠨᠢ | ᠲᠤᠷᠤᠭᠰᠢᠯᠠᠳᠠᠬ ᠦᠭᠡᠢ᠂ ᠰᠠᠶᠢᠨ ᠰᠢᠯᠭᠠᠯ᠎ᠠ ᠭᠡᠳ ᠬᠢᠷᠢ ᠲᠦᠪᠰᠢᠨ ᠨᠢ ᠦᠨᠳᠤᠷᠵᠢᠳᠡᠭ ᠪᠢᠰᠢ ᠶᠤᠮ᠃ ᠲᠤᠰᠬᠠᠢ | ᠮᠠᠷᠭᠡᠵᠢᠯ ᠤᠨ ᠡᠭᠦᠳᠠᠨ ᠠᠴᠠ ᠭᠡᠯᠡᠪᠡᠯ ᠰᠢᠯᠭᠠᠯᠳᠠ ᠶᠢᠨ ᠬᠢᠷᠢ ᠪᠦᠳᠤᠮᠵᠢ ᠪᠠ ᠬᠢᠴᠢᠶᠡᠯ ᠲᠦᠷᠤᠯ ᠤᠨ ᠬᠢᠷᠢ | ᠲᠦᠪᠰᠢᠨ ᠤ ᠬᠠᠷᠢᠴᠠᠭ᠎ᠠ ᠪᠦᠷᠢᠳᠭᠡᠯ ᠳᠠᠬᠢ ᠲᠠᠪᠳᠠᠮᠵᠢ ᠪᠠ ᠲᠤᠬᠢᠶᠠᠯᠳᠤᠮᠵᠢ ᠶᠢᠨ ᠬᠠᠷᠢᠴᠠᠭ᠎ᠠ ᠲᠠᠢ ᠲᠦᠰᠦᠷᠭᠦᠦ | ᠪᠠᠶᠢᠳᠠᠬ᠃ ᠭᠡᠷ ᠤᠨ ᠠᠬᠠᠮᠠᠳ ᠲᠤ ᠰᠠᠨᠠᠭᠤᠯᠬᠤ ᠪᠠᠰᠠ ᠨᠢᠭᠡ ᠵᠦᠢᠯ ᠭᠡᠪᠡᠯ ᠭᠡᠤᠭᠡᠳ ᠤᠨ ᠢᠶᠠᠨ ᠲᠤᠳᠠᠭᠳᠠᠯ ᠢ | ᠦᠭᠡᠷ᠎ᠠ ᠭᠡᠤᠭᠡᠳ ᠤᠨ ᠲᠠᠪᠠᠭᠤᠯᠢᠬ ᠲᠠᠢ ᠬᠠᠷᠢᠴᠠᠭᠤᠯᠤᠨ ᠠᠳᠠᠯᠢᠳᠬᠠᠵᠤ ᠵᠢᠮᠡᠯᠡᠭᠦ ᠶᠢ ᠡᠷᠡᠰ ᠴᠡᠭᠡᠷᠯᠡᠭᠦ | ᠭᠡᠷᠡᠭᠳᠠᠢ᠃ ᠡᠨᠡ ᠮᠠᠳᠤ ᠶᠢᠨ ᠵᠢᠮᠠᠯᠠᠯ ᠭᠡᠤᠭᠡᠳ ᠤᠨ ᠢᠶᠠᠨ ᠨᠠᠷᠠ ᠭᠦᠨᠳᠤ ᠶᠢ ᠭᠤᠳᠤᠭᠠᠬᠤ ᠲᠠᠳᠤᠢ ᠪᠢᠰᠢ᠂ ᠭᠡᠢ | ᠮᠤᠷᠢ ᠶᠢ ᠨᠢ ᠴᠤ ᠭᠡᠪᠳᠠᠭᠦᠯᠵᠤ ᠮᠠᠳᠠᠨ᠎ᠠ᠃ ᠭᠡᠤᠭᠡᠳ ᠲᠤ ᠪᠠᠨ ᠢᠳᠡᠭᠡᠯ ᠤᠯᠭᠤᠬᠤ ᠨᠢ ᠲᠡᠭᠡᠭᠡᠷ᠎ᠠ ᠲᠠᠷᠤᠭᠠᠰᠤ | ᠦᠭᠭᠦ ᠠᠴᠠ ᠭᠡᠮᠵᠢᠶᠠᠯᠠᠰᠢ ᠦᠭᠡᠢ ᠰᠠᠶᠢᠨ ᠶᠤᠮ᠃ ᠠᠮᠢᠳᠤᠷᠠᠯ ᠳᠤ ᠢᠳᠡᠭᠡᠯ ᠠᠯᠳᠠᠭᠰᠠᠨ ᠭᠦᠮᠦᠨ ᠢ ᠪᠤᠷᠬᠠᠨ ᠲᠡᠭᠷᠢ | ᠴᠤ ᠠᠪᠤᠷᠠᠵᠤ ᠲᠠᠶᠢᠯᠳᠡᠭ ᠦᠭᠡᠢ ᠳᠤ᠂ ᠢᠷᠡᠭᠡᠳᠤᠢ ᠳᠤ ᠪᠠᠨ ᠢᠳᠡᠭᠡᠯ ᠲᠠᠢ ᠭᠦᠮᠦᠨ ᠢ ᠴᠢᠳᠭᠦᠷ ᠰᠢᠮᠨᠤᠰ ᠴᠤ | ᠬᠤᠤᠷᠯᠠᠵᠤ ᠲᠠᠶᠢᠯᠳᠡᠭ ᠦᠭᠡᠢ ᠳ᠋ᠠ᠃ ᠭᠡᠤᠭᠡᠳ ᠤᠳ ᠵᠢᠪᠬᠤᠭᠠᠯᠢᠬ᠂ ᠪᠠᠶ᠎ᠠ ᠳᠤ ᠪᠠᠨ ᠢᠳᠡᠭᠡᠯ ᠲᠠᠢ ᠪᠤᠯᠴᠢᠬᠠᠪᠠᠯ | ᠶᠠᠮᠠᠷᠪᠠ ᠨᠤᠭᠤᠷᠠᠯ ᠪᠦᠳᠦᠷᠢᠯ᠂ ᠭᠦᠴᠢᠷ ᠪᠡᠷᠭᠡ ᠶᠢ ᠢᠯᠠ ᠲᠠᠪᠠᠵᠤ ᠲᠠᠶᠢᠯᠭᠦ ᠡᠷᠡᠮᠡᠭᠡᠢ ᠵᠤᠷᠢᠭ ᠲᠠᠢ ᠪᠤᠯᠵᠤ | ᠭᠦᠮᠦᠵᠢᠭᠳᠡᠭᠦ ᠶᠤᠮ᠃ ᠰᠤᠷᠤᠯᠭ᠎ᠠ ᠨᠢ ᠡᠩ ᠶᠡᠷᠦᠮᠳᠡᠭ ᠪᠠᠶᠢᠯ᠎ᠠ ᠴᠤ ᠬᠤᠶᠢᠰᠢᠳᠠ ᠶᠢᠨ ᠭᠦᠭᠵᠢᠯᠳᠠ ᠨᠢ ᠬᠠᠷᠢᠨ | ᠶᠡᠭᠡ ᠤᠷᠤᠨ ᠵᠠᠢ ᠲᠠᠢ ᠪᠠᠶᠢᠵᠤ ᠮᠠᠳᠠᠭᠦ ᠶᠤᠮ᠃ ᠡᠭᠦᠨ ᠢ ᠲᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠬᠠᠮᠤᠭ ᠤᠨ | ᠲᠤᠳᠤᠷᠬᠠᠢ ᠮᠠᠳᠠᠨ᠎ᠠ᠃ ᠭᠦᠮᠦᠨ ᠤ ᠠᠮᠢᠳᠤᠷᠠᠯ ᠭᠡᠭᠴᠢ ᠶᠠᠬ ᠬᠤᠯᠠ ᠵᠠᠮ ᠤᠨ ᠠᠶᠠᠨ ᠭᠦᠭᠡᠭᠡᠵᠦ ᠪᠠᠶᠢᠭ᠎ᠠ ᠲᠠᠢ | ᠠᠳᠠᠯᠢ᠃ ᠠᠯᠬᠤᠵᠤ ᠯᠡ ᠪᠠᠶᠢᠪᠠᠯ ᠴᠠᠭ ᠢᠮᠠᠭᠳᠠ ᠲᠦᠮᠠ ᠪᠤᠮᠠᠨ ᠭᠦᠮᠦᠨ ᠢ ᠲᠠᠪᠠᠨ᠎ᠠ᠂ ᠭᠡᠳᠡᠯ᠎ᠠ ᠠᠯᠬᠤᠬᠤ ᠪᠠᠨ | ᠵᠤᠭᠰᠤᠬᠤ ᠳᠤ ᠭᠦᠷᠪᠡᠯ ᠭᠡᠳᠡᠷᠭᠦ ᠪᠠᠨ ᠬᠠᠷᠢᠨ ᠴᠠᠭ ᠢᠮᠠᠭᠳᠠ ᠲᠦᠮᠠ ᠪᠤᠮᠠᠨ ᠭᠦᠮᠦᠨ ᠳᠤ ᠲᠠᠪᠠᠭᠳᠠᠨᠠ᠃ ᠲᠠᠶᠢᠮᠦ | ᠦᠭᠡᠢ ᠤᠤ︖ | ᠰᠤᠷᠤᠭᠰᠠᠨ ᠢᠶᠠᠨ ᠪᠠᠳᠤᠳᠬᠠᠬᠤ ᠳᠤ ᠲᠠᠰᠬᠠᠯ ᠲᠠᠭᠠᠭᠠᠯᠭᠠᠪᠤᠷᠢ ᠶᠢᠨ ᠦᠢᠯᠠᠳᠤᠯ ᠢ ᠤᠮᠳᠤᠭᠠᠢᠢᠯᠠᠵᠤ ᠪᠤᠯᠤᠰᠢ | ᠦᠭᠡᠢ᠃ ᠲᠠᠰᠬᠠᠯ ᠢᠶᠠᠨ ᠬᠠᠰᠢ ᠶᠠᠰᠢ ᠬᠢᠭᠦ᠂ ᠲᠤᠳᠠᠭᠤ ᠲᠤᠷᠭᠤᠨ ᠬᠢᠭᠦ᠂ ᠠᠯᠪᠠ ᠬᠠᠰᠢᠬᠤ ᠶᠢᠨ ᠲᠦᠯᠦᠭᠡ ᠬᠢᠪᠡᠯ | ᠰᠤᠷᠤᠭᠰᠠᠨ ᠢᠶᠠᠨ ᠪᠠᠳᠤᠳᠬᠠᠬᠤ ᠲᠤᠬᠢᠶᠠᠯ ᠢᠶᠠᠨ ᠠᠶᠠᠨᠳᠠᠭᠠᠨ ᠤᠷᠬᠢᠵᠤ ᠪᠠᠶᠢᠭ᠎ᠠ ᠪᠠᠷ ᠪᠠᠷᠠᠬᠤ ᠦᠭᠡᠢ ᠲᠠᠷᠠᠭ᠎ᠠ | ᠰᠤᠷᠬᠤ ᠠᠭᠤᠯᠭ᠎ᠠ ᠪᠠᠨ ᠴᠤ ᠨᠦᠯᠦᠭᠡᠯᠡᠵᠦ ᠪᠠᠶᠢᠭ᠎ᠠ ᠶᠤᠮ᠃ ᠭᠡᠤᠭᠡᠳ ᠤᠨ ᠰᠤᠷᠤᠯᠭ᠎ᠠ ᠶᠢᠨ ᠬᠢᠷᠢ ᠲᠦᠪᠰᠢᠨ ᠤ | ᠵᠦᠷᠢᠶ᠎ᠠ ᠶᠡᠷᠦ ᠨᠢ ᠲᠠᠰᠬᠠᠯ ᠲᠠᠭᠠᠭᠠᠯᠭᠠᠪᠤᠷᠢ ᠪᠠᠨ ᠪᠠᠶᠠᠯᠠᠭᠦᠯᠭᠦ ᠠᠴᠠ ᠡᠬᠢᠯᠡᠵᠦ ᠭᠠᠷᠳᠠᠬ᠃ ᠲᠠᠰᠬᠠᠯ | ᠲᠠᠭᠠᠭᠠᠯᠭᠠᠪᠤᠷᠢ ᠪᠠᠨ ᠪᠦᠷᠢᠨ᠂ ᠲᠦᠷᠢᠮᠵᠢᠭᠦᠨ᠂ ᠴᠠᠪᠠᠷ ᠴᠠᠮᠴᠡᠭᠡᠷ ᠬᠢᠭᠰᠡᠳ ᠤᠨ ᠬᠢᠴᠢᠶᠡᠯ ᠲᠦᠷᠤᠯ ᠤᠨ ᠬᠢᠷᠢ | ᠲᠦᠪᠰᠢᠨ ᠨᠢ ᠲᠠᠰᠤᠷᠠᠯᠳᠠ ᠦᠭᠡᠢ ᠦᠨᠳᠤᠷᠵᠢᠳᠡᠭ᠃ ᠲᠤᠭᠠᠨ ᠤ ᠤᠬᠠᠭᠠᠨ ᠤ ᠰᠤᠷᠬᠤ ᠪᠢᠴᠢᠭ ᠲᠤ ᠵᠢᠱᠢᠶ᠎ᠠ | ᠰᠠᠳᠤᠪ᠂ ᠪᠤᠯᠪᠠᠰᠤᠷᠠᠯ ᠤᠨ ᠰᠠᠳᠤᠪ᠂ ᠲᠠᠰᠬᠠᠯ ᠤᠨ ᠰᠠᠳᠤᠪ᠂ ᠲᠠᠪᠳᠠᠯᠭ᠎ᠠ ᠯᠠᠪᠯᠠᠯᠳᠠ ᠶᠢᠨ ᠰᠠᠳᠤᠪ ᠬᠡᠵᠤ | ᠪᠤᠢ᠃ ᠡᠨᠡ ᠲᠦᠷᠪᠡᠨ ᠲᠦᠷᠤᠯ ᠭᠡᠯᠪᠠᠷᠢ ᠶᠢᠨ ᠰᠠᠳᠤᠪ ᠤᠨ ᠦᠢᠯᠠᠳᠤᠯ᠂ ᠱᠠᠭᠠᠷᠳᠠᠯᠭ᠎ᠠ ᠨᠢ ᠠᠳᠠᠯᠢ ᠦᠭᠡᠢ ᠪᠠᠷ | ᠪᠠᠷᠠᠬᠤ ᠦᠭᠡᠢ ᠬᠢᠭᠦ ᠤᠷᠤᠨ ᠵᠠᠢ ᠨᠢ ᠴᠤ ᠠᠳᠠᠯᠢ ᠪᠤᠰᠤ ᠪᠠᠶᠢᠳᠠᠬ᠃ ᠭᠡᠷᠪᠡ ᠪᠦᠷᠢᠮᠤᠰᠤᠨ ᠠᠳᠠᠯᠢ ᠪᠤᠯ ᠠᠩᠬᠢᠯᠠᠬᠤ | ᠴᠢᠬᠤᠯᠠ ᠦᠭᠡᠢ᠂ ᠰᠠᠳᠤᠪ ᠬᠢᠪᠡᠯ ᠪᠤᠯᠴᠢᠬᠠᠬᠤ ᠪᠢᠰᠢᠤ︕ ᠪᠤᠳᠤᠵᠤ ᠬᠠᠷᠢᠭᠤᠯᠬᠤ ᠵᠢᠱᠢᠶ᠎ᠠ ᠰᠠᠳᠤᠪ ᠪᠤᠯ | ᠲᠤᠭᠠᠨ ᠤ ᠤᠬᠠᠭᠠᠨ ᠤ ᠰᠠᠳᠤᠪ ᠢ ᠲᠦᠷᠢᠮᠵᠢᠭᠦᠨ ᠪᠤᠳᠤᠵᠤ ᠬᠠᠷᠢᠭᠤᠯᠬᠤ ᠦᠯᠢᠭᠡᠷ ᠬᠠᠪᠳᠠᠰᠤ ᠶᠤᠮ᠃ ᠲᠠᠷᠠ ᠨᠢ | ᠰᠤᠷᠤᠭᠴᠢᠳ ᠲᠤ ᠰᠠᠳᠤᠪ ᠪᠤᠳᠤᠬᠤ ᠰᠲ᠋ᠢᠯᠢ ᠬᠠᠨᠭ᠍ᠭᠠᠨ᠎ᠠ᠃ ᠰᠤᠷᠤᠭᠰᠠᠨ ᠮᠠᠳᠠᠯᠭᠡ ᠪᠠᠨ ᠤᠢᠢᠯᠠᠭᠠᠵᠤ ᠡᠵᠡᠮᠰᠢᠭᠦ ᠳᠤ | ᠵᠢᠱᠢᠶ᠎ᠠ ᠰᠠᠳᠤᠪ ᠢᠶᠠᠨ ᠦᠵᠠᠨ᠎ᠠ᠂ ᠰᠠᠳᠤᠪ ᠪᠤᠳᠤᠬᠤ ᠶᠠᠪᠤᠴᠠ ᠶᠢ ᠲᠦᠷᠢᠮᠵᠢᠭᠦᠨ ᠪᠢᠴᠢᠭᠦ ᠳᠤ ᠵᠢᠱᠢᠶ᠎ᠠ | ᠰᠠᠳᠤᠪ ᠢᠶᠠᠨ ᠯᠠᠪᠯᠠᠨ᠎ᠠ᠂ ᠪᠦᠭᠦ ᠨᠤᠮ ᠤᠨ ᠠᠭᠤᠯᠭ᠎ᠠ ᠪᠠᠨ ᠲᠠᠪᠳᠠᠬᠤ ᠳᠤ ᠵᠢᠱᠢᠶ᠎ᠠ ᠰᠠᠳᠤᠪ ᠢᠶᠠᠷ | ᠭᠤᠤᠯᠳᠠᠭᠤᠯᠤᠨ᠎ᠠ᠃ ᠭᠡᠤᠭᠡᠳ ᠤᠳ ᠵᠢᠱᠢᠶ᠎ᠠ ᠰᠠᠳᠤᠪ ᠢᠶᠠᠨ ᠬᠢᠵᠤ ᠴᠢᠳᠠᠬᠤ ᠦᠭᠡᠢ ᠪᠠᠶᠢᠪᠠᠯ᠂ ᠰᠤᠷᠤᠭᠰᠠᠨ | ᠠᠭᠤᠯᠭ᠎ᠠ ᠪᠠᠨ ᠪᠦᠷᠢᠨ ᠤᠢᠢᠯᠠᠭᠠᠵᠤ ᠲᠦᠢᠯᠪᠤᠷᠢᠳᠠᠢ ᠡᠵᠡᠮᠰᠢᠵᠤ ᠲᠠᠶᠢᠯᠦᠭᠰᠡᠨ ᠦᠭᠡᠢ ᠶᠤᠮ᠃ ᠪᠠᠭᠰᠢ ᠪᠠ ᠭᠡᠷ ᠤᠨ | ᠠᠬᠠᠮᠠᠳ ᠠᠩᠬᠠᠷᠤᠯ ᠳᠤ ᠪᠠᠨ ᠠᠪᠴᠤ ᠭᠦᠨᠳᠤᠳᠭᠡᠨ ᠦᠵᠠᠭᠦ ᠭᠡᠷᠡᠭᠳᠠᠢ᠃ ᠨᠡᠩ ᠰᠢᠢᠳᠪᠤᠷᠢᠯᠡᠭᠦ ᠠᠷᠭ᠎ᠠ ᠠᠪᠴᠠᠯ | ᠠᠪᠬᠤ ᠭᠡᠷᠡᠭᠳᠠᠢ᠃ ᠪᠤᠯᠪᠠᠰᠤᠷᠠᠯ ᠤᠨ ᠰᠠᠳᠤᠪ ᠢ ᠭᠤᠤᠯᠳᠠᠭᠤ ᠰᠤᠷᠤᠭᠴᠢᠳ ᠤᠨ ᠰᠤᠷᠤᠭᠰᠠᠨ ᠠᠭᠤᠯᠭ᠎ᠠ ᠪᠠᠨ ᠬᠢᠷᠢ | ᠵᠡᠷᠭᠡ ᠤᠢᠢᠯᠠᠭᠠᠵᠤ ᠡᠵᠡᠮᠰᠢᠭᠰᠡᠨ ᠢ ᠨᠢ ᠪᠠᠶᠢᠴᠠᠭᠠᠵᠤ ᠮᠠᠳᠠᠭᠦ ᠪᠠ ᠪᠠᠳᠤᠳᠬᠠᠬᠤ ᠳᠤ ᠵᠤᠷᠢᠭᠤᠯᠵᠠᠢ᠃ ᠠᠯᠢ | ᠴᠢᠳᠠᠬᠤ ᠪᠠᠷ ᠭᠡᠤᠭᠡᠳ ᠤᠨ ᠪᠤᠰᠢᠭᠤ ᠲᠦᠷᠭᠡᠨ᠂ ᠵᠦᠪ ᠤᠨᠤᠪᠴᠢᠳᠠᠢ ᠪᠤᠳᠤᠬᠤ ᠶᠢ ᠱᠠᠭᠠᠷᠳᠠᠨ᠎ᠠ᠃ ᠰᠤᠷᠤᠭᠴᠢᠳ | ᠪᠤᠯᠪᠠᠰᠤᠷᠠᠯ ᠤᠨ ᠰᠠᠳᠤᠪ ᠬᠢᠴᠢᠭᠡᠭᠡᠳ ᠰᠤᠷᠤᠭᠰᠠᠨ ᠢᠶᠠᠨ ᠪᠠᠳᠤᠳᠬᠠᠵᠤ ᠪᠠᠬᠢᠵᠢᠭᠦᠯᠵᠤ ᠲᠡᠶᠢᠯᠦᠭᠰᠡᠨ ᠦᠭᠡᠢ ᠪᠠᠶᠢᠵᠤ | ᠮᠠᠳᠠᠨ᠎ᠠ᠂ ᠰᠠᠳᠤᠪ ᠪᠤᠳᠤᠬᠤ ᠰᠲ᠋ᠢᠯᠢ ᠳᠤ ᠨᠢ ᠪᠤᠯᠪᠠᠰᠤᠷᠠᠩᠭᠤᠢ ᠪᠤᠯᠤᠭᠠᠳᠤᠢ ᠪᠠᠶᠢᠵᠤ ᠮᠠᠳᠠᠨ᠎ᠠ᠃ ᠡᠨᠡ ᠭᠦ | ᠲᠤᠳᠠᠭᠳᠠᠯ ᠪᠤᠶᠤ ᠦᠯᠠᠳᠡᠭᠳᠡᠯ ᠢ ᠲᠠᠰᠬᠠᠯ ᠢᠶᠠᠷ ᠨᠦᠭᠦᠪᠤᠷᠢᠯᠡᠳᠡᠭ᠃ ᠵᠢᠱᠢᠶ᠎ᠠ ᠰᠠᠳᠤᠪ ᠢ ᠪᠤᠳᠤᠭᠰᠠᠨ ᠰᠲ᠋ᠢᠯᠢ ᠢᠶᠠᠷ | ᠲᠠᠰᠬᠠᠯ ᠢᠶᠠᠨ ᠨᠠᠷᠢᠨ ᠬᠢᠨᠠᠮᠠᠭᠠᠢ ᠪᠠᠶᠠᠯᠠᠭᠦᠯᠵᠤ ᠰᠤᠷᠤᠭᠰᠠᠨ ᠮᠠᠳᠠᠯᠭᠡ ᠪᠠᠨ ᠤᠯᠠᠮ ᠨᠢᠭᠡ ᠠᠯᠬᠤᠮ ᠪᠠᠳᠤᠳᠬᠠᠵᠤ | ᠪᠠᠬᠢᠵᠢᠭᠦᠯᠦᠨ᠎ᠠ᠃ ᠲᠠᠪᠳᠠᠯᠭ᠎ᠠ ᠯᠠᠪᠯᠠᠯᠳᠠ ᠶᠢᠨ ᠰᠠᠳᠤᠪ ᠢ ᠭᠤᠤᠯᠳᠠᠭᠤ ᠨᠢᠭᠡ ᠪᠦᠯᠦᠭ ᠤᠨ ᠠᠭᠤᠯᠭ᠎ᠠ ᠪᠠᠨ ᠰᠤᠷᠴᠤ | ᠪᠠᠷᠠᠭᠰᠠᠨ ᠤ ᠲᠠᠷᠠᠭ᠎ᠠ ᠲᠠᠪᠳᠠᠯᠭ᠎ᠠ ᠪᠤᠯᠪᠠᠰᠤᠷᠠᠯ ᠬᠢᠭᠦ ᠳᠤ ᠵᠤᠷᠢᠭᠤᠯᠵᠠᠢ᠃ ᠲᠠᠪᠳᠠᠯᠭ᠎ᠠ ᠯᠠᠪᠯᠠᠯᠳᠠ ᠶᠢᠨ ᠰᠠᠳᠤᠪ ᠢ | ᠬᠢᠭᠦ ᠳᠤ ᠰᠡᠳᠬᠢᠮᠵᠢ ᠶᠢᠨ ᠲᠠᠯ᠎ᠠ ᠪᠠᠷ ᠢᠯᠠᠭᠦᠦ ᠠᠩᠬᠠᠷᠤᠨ᠎ᠠ᠃ ᠦᠭᠡᠷ᠎ᠠ ᠪᠠᠷ ᠭᠡᠯᠡᠪᠡᠯ ᠶᠠᠭᠠᠬᠢᠵᠤ ᠬᠢᠨ᠎ᠠ ᠤᠤ᠂ | ᠭᠡᠳᠤᠢ ᠵᠦᠢᠯ ᠤᠨ ᠠᠷᠭ᠎ᠠ ᠪᠠᠷ ᠬᠢᠵᠤ ᠲᠠᠶᠢᠯᠤᠨ᠎ᠠ ᠤᠤ᠂ ᠠᠯᠢ ᠵᠦᠢᠯ ᠤᠨ ᠠᠷᠭ᠎ᠠ ᠨᠢ ᠤᠢᠢᠯᠠᠭᠠᠮᠵᠢᠳᠠᠢ ᠪᠤᠢ᠂ | ᠠᠯᠢ ᠵᠦᠢᠯ ᠤᠨ ᠠᠷᠭ᠎ᠠ ᠨᠢ ᠬᠢᠭᠦ ᠳᠤ ᠠᠮᠠᠷᠬᠠᠨ ᠪᠤᠢ︖ ᠭᠡᠭᠦ ᠮᠠᠳᠤ ᠤᠯᠠᠨ ᠲᠠᠯ᠎ᠠ ᠪᠠᠷ ᠰᠡᠳᠬᠢᠨ | ᠪᠤᠳᠤᠯᠬᠢᠯᠠᠨ᠎ᠠ᠃ ᠴᠢᠨᠠᠭᠰᠢᠯᠠᠨ ᠦᠷᠭᠡᠳᠭᠡᠭᠦ ᠲᠠᠯ᠎ᠠ ᠪᠠᠷ ᠴᠤ ᠰᠡᠳᠬᠢᠵᠤ ᠪᠤᠯᠬᠤ ᠶᠤᠮ᠃ ᠵᠠᠷᠢᠮ ᠦᠶᠠᠰ | ᠤᠳᠤᠬᠢᠴᠢᠯᠠᠭᠰᠠᠨ ᠪᠠᠭᠠᠵᠢ ᠪᠤᠶᠤ ᠲᠤᠨᠤᠬ ᠲᠦᠭᠦᠭᠡᠷᠤᠮᠵᠢ ᠳᠤ ᠲᠦᠰᠢᠭᠯᠡᠨ ᠪᠤᠳᠤᠵᠤ ᠬᠠᠷᠢᠭᠤᠯᠬᠤ ᠪᠤᠶᠤ ᠬᠠᠶᠢᠨ | ᠰᠦᠪᠡᠭᠴᠢᠯᠠᠯᠳᠠ ᠬᠢᠭᠦ ᠴᠢᠬᠤᠯᠠ ᠪᠤᠢ᠃ ᠰᠦᠯᠵᠢᠶᠠᠨ ᠳᠡᠭᠡᠷ᠎ᠠ ᠬᠠᠶᠢᠬᠤ ᠶᠢ ᠬᠠᠶᠠ ᠰᠤᠷᠤᠯᠴᠠᠯᠭ᠎ᠠ ᠳᠤ ᠪᠠᠨ | ᠭᠡᠷᠡᠭᠯᠡᠨ᠎ᠠ᠃ ᠶᠡᠷᠦ ᠳᠤ ᠪᠠᠨ ᠵᠢᠱᠢᠶ᠎ᠠ᠂ ᠪᠤᠯᠪᠠᠰᠤᠷᠠᠯ ᠢ ᠬᠢᠴᠢᠶᠡᠯ ᠤᠨ ᠲᠠᠩᠬᠢᠮ ᠳᠤ ᠰᠢᠢᠳᠪᠤᠷᠢᠯᠡᠵᠤ᠂ ᠲᠠᠰᠬᠠᠯ᠂ | ᠲᠠᠪᠳᠠᠯᠭ᠎ᠠ ᠯᠠᠪᠯᠠᠯᠳᠠ ᠶᠢᠨ ᠰᠠᠳᠤᠪ ᠢ ᠰᠤᠯᠠ ᠰᠠᠯᠠᠭᠦᠦ ᠴᠠᠭ ᠢᠶᠠᠷ ᠢᠶᠠᠨ ᠪᠠᠶᠠᠯᠠᠭᠦᠯᠳᠡᠭ᠃ ᠤᠯᠠᠩᠬᠢ ᠰᠤᠷᠤᠭᠴᠢ | ᠲᠠᠰᠬᠠᠯ ᠢᠶᠠᠨ ᠭᠡᠷ ᠲᠤ ᠪᠠᠨ ᠬᠠᠷᠢᠭᠰᠠᠨ ᠤ ᠲᠠᠷᠠᠭ᠎ᠠ ᠬᠢᠵᠤ ᠪᠠᠷᠠᠭᠠᠳᠠᠬ᠃ ᠭᠡᠷ ᠤᠨ ᠠᠬᠠᠮᠠᠳ ᠲᠤ ᠠᠪᠴᠤ ᠭᠡᠯᠡᠪᠡᠯ | ᠭᠡᠤᠭᠡᠳ ᠤᠨ ᠢᠶᠠᠨ ᠰᠤᠷᠭᠠᠭᠤᠯᠢ ᠳᠤ ᠪᠠᠨ ᠰᠤᠷᠤᠭᠰᠠᠨ ᠢ ᠨᠢ ᠤᠢᠢᠯᠠᠭᠠᠵᠤ ᠮᠠᠳᠠᠨ᠎ᠠ᠂ ᠬᠢᠭᠰᠡᠨ ᠢ ᠨᠢ ᠬᠢᠨᠠᠵᠤ | ᠪᠠᠶᠢᠴᠠᠭᠠᠨ᠎ᠠ᠃ ᠲᠤᠳᠠᠭᠤ ᠲᠤᠷᠭᠤᠨ ᠬᠢᠭᠰᠡᠨ ᠪᠤᠶᠤ ᠬᠢᠭᠰᠡᠨ ᠦᠭᠡᠢ ᠤᠷᠬᠢᠭᠳᠠᠭᠤᠯᠤᠭᠰᠠᠨ ᠰᠠᠳᠤᠪ ᠪᠠᠶᠢᠪᠠᠯ | ᠦᠪᠠᠷ ᠢᠶᠠᠷ ᠨᠢ ᠨᠦᠭᠦᠪᠤᠷᠢᠯᠡᠭᠦᠯᠭᠦ ᠪᠤᠶᠤ ᠬᠢᠯᠭᠡᠨ᠎ᠠ᠃ ᠰᠤᠷᠤᠭᠰᠠᠨ ᠳᠤ ᠪᠠᠨ ᠮᠠᠳᠠᠬ ᠰᠡᠵᠢᠭ ᠲᠠᠢ ᠪᠤᠶᠤ ᠮᠠᠳᠠᠭᠦ | ᠦᠭᠡᠢ ᠴᠢᠳᠠᠬᠤ ᠦᠭᠡᠢ ᠵᠦᠢᠯᠠᠰ ᠪᠠᠶᠢᠪᠠᠯ ᠬᠠᠪᠰᠤᠷᠴᠤ ᠬᠠᠮᠵᠢᠯᠴᠠᠬᠤ ᠪᠤᠶᠤ ᠵᠢᠭᠠᠨ ᠵᠢᠯᠤᠭᠤᠳᠤᠨ᠎ᠠ᠃ ᠭᠡᠷ ᠤᠨ | ᠠᠬᠠᠮᠠᠳ ᠬᠠᠪᠰᠤᠷᠴᠤ ᠬᠠᠮᠵᠢᠯᠴᠠᠬᠤ ᠭᠡᠳᠡᠭ ᠨᠢ ᠭᠡᠷ ᠤᠨ ᠠᠬᠠᠮᠠᠳ ᠦᠪᠠᠷᠳᠡᠭᠡᠨ ᠮᠠᠳᠠᠭᠦ ᠦᠭᠡᠢ ᠴᠢᠳᠠᠬᠤ ᠦᠭᠡᠢ | ᠪᠤᠶᠤ ᠮᠠᠳᠠᠬ ᠰᠡᠵᠢᠭ ᠲᠠᠢ ᠦᠶᠠᠰ ᠭᠡᠤᠭᠡᠳ ᠲᠠᠢ ᠪᠠᠨ ᠶᠠᠭᠠᠬᠢᠵᠤ ᠰᠢᠢᠳᠪᠤᠷᠢᠯᠡᠭᠦ ᠪᠠᠨ ᠵᠦᠪᠳᠠᠯᠴᠠᠭᠦ᠂ | ᠰᠦᠯᠵᠢᠶᠡᠨ ᠳᠤ ᠭᠠᠷᠴᠤ ᠬᠠᠶᠢᠵᠤ ᠦᠭᠭᠦ᠂ ᠪᠠᠭᠰᠢ ᠲᠠᠢ ᠬᠤᠯᠪᠤᠭ᠎ᠠ ᠠᠪᠴᠤ ᠶᠠᠭᠠᠬᠢᠬᠤ ᠪᠠᠨ ᠵᠦᠪᠳᠠᠭᠦ | ᠵᠡᠷᠭᠡ ᠶᠢ ᠭᠡᠯᠡᠵᠦ ᠪᠠᠶᠢᠭ᠎ᠠ ᠶᠤᠮ᠃ ᠲᠠᠰᠬᠠᠯ ᠢ ᠪᠤᠯ ᠪᠠᠶ᠎ᠠ ᠶᠢ ᠨᠢ ᠲᠠᠭᠠᠭᠠᠯᠭᠠᠵᠤ ᠦᠪᠠᠷ ᠢᠶᠠᠷ ᠨᠢ | ᠪᠠᠶᠠᠯᠠᠭᠦᠯᠦᠨ᠎ᠠ᠃ ᠰᠤᠷᠤᠭᠴᠢᠳ ᠪᠠᠶ᠎ᠠ ᠪᠠᠨ ᠲᠠᠭᠠᠭᠠᠵᠤ ᠲᠠᠰᠬᠠᠯ ᠲᠠᠭᠠᠭᠠᠯᠭᠠᠪᠤᠷᠢ ᠪᠠᠨ ᠪᠠᠶᠠᠯᠠᠭᠦᠯᠭᠦ ᠲᠠᠳᠬᠠᠯ ᠲᠠᠢ | ᠪᠤᠯᠴᠢᠬᠠᠪᠠᠯ ᠬᠢᠴᠢᠶᠡᠯ ᠰᠤᠷᠤᠯᠭ᠎ᠠ ᠲᠡᠭᠡᠷ᠎ᠠ ᠪᠠᠨ ᠭᠡᠷ ᠤᠨ ᠠᠬᠠᠮᠠᠳ ᠢ ᠵᠤᠪᠠᠭᠠᠬᠤ ᠦᠭᠡᠢ ᠪᠤᠯᠴᠢᠬᠠᠬᠤ | ᠶᠤᠮ᠃ ᠦᠪᠠᠷ ᠤᠨ ᠭᠡᠰᠡᠨ ᠰᠠᠶᠢᠨ ᠰᠠᠶᠢᠬᠠᠨ ᠰᠤᠷᠤᠯᠴᠠᠬᠤ ᠤᠪᠤᠷ ᠰᠤᠷᠳᠠᠯ ᠲᠠᠢ ᠴᠤ ᠪᠤᠯᠴᠢᠬᠠᠬᠤ ᠶᠤᠮ᠃ | ᠲᠤᠭᠠᠨ ᠤ ᠤᠬᠠᠭᠠᠨ ᠤ ᠰᠤᠷᠤᠯᠴᠠᠯᠭ᠎ᠠ ᠳᠤ ᠶᠡᠷᠦ ᠨᠢ ᠨᠢᠭᠡ ᠲᠠᠪᠳᠠᠷ ᠲᠠᠭᠠᠯᠳᠠ ᠪᠤᠯᠪᠠᠰᠤᠷᠠᠯ ᠤᠨ ᠨᠤᠮ | ᠪᠠᠶᠢᠳᠠᠬ᠃ ᠲᠡᠭᠦᠨ ᠢ ᠵᠢᠭᠠᠭᠴᠢ ᠪᠠᠭᠰᠢ ᠠᠮᠢᠳᠤᠯᠢᠬ ᠲᠤᠬᠢᠷᠠᠭᠤᠯᠳᠠᠬ᠃ ᠵᠠᠷᠢᠮ ᠳᠤ ᠪᠠᠨ ᠬᠢᠴᠢᠶᠡᠯ ᠲᠡᠭᠡᠷ᠎ᠠ | ᠬᠢᠯᠭᠡᠵᠦ ᠬᠢᠴᠢᠶᠡᠯ ᠲᠡᠭᠡᠷ᠎ᠠ ᠲᠠᠶᠢᠯᠪᠤᠷᠢᠯᠠᠳᠠᠬ᠃ ᠵᠠᠷᠢᠮ ᠳᠤ ᠪᠠᠨ ᠲᠠᠰᠬᠠᠯ ᠢᠶᠠᠷ ᠦᠯᠠᠳᠡᠭᠡᠳᠡᠭ᠃ ᠬᠠᠶᠠ ᠳᠤ ᠪᠠᠨ | ᠪᠠᠰᠠ ︽ᠲᠠᠭᠠᠯᠳᠠ ᠪᠤᠯᠪᠠᠰᠤᠷᠠᠯ ᠢᠶᠠᠨ ᠬᠢᠵᠤ ᠪᠠᠶᠢᠭᠠᠷᠠᠢ︾ ᠭᠡᠵᠦ ᠱᠠᠭᠠᠷᠳᠠᠭᠠᠳ ᠠᠪᠳᠠᠬ᠃ ᠲᠠᠭᠠᠯᠳᠠ | ᠪᠤᠯᠪᠠᠰᠤᠷᠠᠯ ᠤᠨ ᠰᠠᠳᠤᠪ ᠢ ᠲᠠᠰᠬᠠᠯ ᠦᠯᠠᠳᠡᠭᠡᠭᠦ ᠮᠠᠶ᠋ᠢᠬ ᠢᠶᠠᠷ ᠪᠦᠭᠦᠨ ᠢ ᠬᠢᠯᠭᠡᠵᠦ ᠲᠠᠶᠢᠯᠭᠦ ᠦᠭᠡᠢ | ᠶᠤᠮ᠃ ᠲᠠᠷᠠ ᠶᠢ ᠪᠠᠶᠢᠳᠤᠭᠠᠢ᠂ ᠰᠤᠷᠬᠤ ᠪᠢᠴᠢᠭ ᠲᠡᠭᠡᠷᠡᠬᠢ ᠲᠡᠰᠬᠠᠯ ᠤᠨ ᠰᠠᠳᠤᠪ ᠢ ᠲᠠᠰᠬᠠᠯ ᠦᠯᠠᠳᠡᠭᠡᠭᠦ | ᠮᠠᠶ᠋ᠢᠬ ᠢᠶᠠᠷ ᠬᠢᠯᠭᠡᠭᠡᠳ ᠪᠠᠷᠠᠭᠠᠵᠤ ᠲᠠᠶᠢᠯᠭᠦ ᠭᠡᠵᠦ ᠤᠤ︖ ᠲᠠᠭᠠᠯᠳᠠ ᠪᠤᠯᠪᠠᠰᠤᠷᠠᠯ ᠤᠨ ᠰᠠᠳᠤᠪ ᠢ ᠲᠠᠰᠬᠠᠯ ᠬᠢᠯᠭᠡᠭᠦ | ᠮᠠᠶ᠋ᠢᠬ ᠢᠶᠠᠷ ᠰᠢᠢᠳᠪᠤᠷᠢᠯᠡᠪᠡᠯ ᠲᠠᠰᠬᠠᠯ ᠤᠨ ᠳᠠᠷᠤᠭᠠᠰᠤ ᠶᠢ ᠭᠦᠨᠳᠤᠷᠠᠭᠦᠯᠭᠦ ᠲᠠᠳᠤᠢ ᠪᠢᠰᠢ᠂ ᠵᠠᠷᠢᠮ ᠰᠤᠷᠤᠭᠴᠢ ᠶᠢᠨ | ᠰᠤᠷᠤᠯᠴᠠᠬᠤ ᠲᠠᠳᠬᠠᠯ ᠢ ᠴᠤ ᠦᠭᠡᠷᠡᠴᠢᠯᠠᠵᠤ ᠮᠠᠳᠠᠨ᠎ᠠ᠃ ᠲᠠᠰᠬᠠᠯ ᠤᠨ ᠳᠠᠷᠤᠭᠠᠰᠤ ᠭᠡᠳᠤ ᠭᠦᠨᠳᠤᠷᠠᠵᠤ ᠰᠠᠳᠤᠪ | ᠬᠢᠭᠦ ᠳᠤ ᠬᠠᠯᠢᠷᠠᠵᠤ ᠬᠠᠰᠢᠷᠠᠭᠰᠠᠨ ᠠᠴᠠ ᠪᠤᠯᠤᠭᠰᠠᠨ ᠪᠠᠶᠢᠵᠤ ᠮᠠᠳᠠᠨ᠎ᠠ᠂ ᠵᠠᠷᠢᠮ ᠭᠡᠤᠭᠡᠳ ᠲᠠᠰᠬᠠᠯ ᠦᠯᠠᠳᠡᠭᠡᠪᠡᠯ | ᠬᠢᠵᠤ᠂ ᠲᠠᠰᠬᠠᠯ ᠦᠯᠠᠳᠡᠭᠡᠭᠦ ᠦᠭᠡᠢ ᠪᠤᠯ ᠬᠢᠭᠦ ᠪᠠᠨ ᠪᠤᠯᠢᠳᠠᠬ᠃ ᠪᠠᠭᠰᠢ ᠱᠠᠭᠠᠷᠳᠠᠭᠰᠠᠨ ᠦᠭᠡᠢ ᠴᠤ ᠦᠪᠠᠷ ᠤᠨ | ᠤᠬᠠᠮᠰᠠᠷ ᠠᠴᠠ ᠪᠠᠨ ᠰᠤᠯᠠ ᠰᠠᠳᠤᠪ ᠬᠢᠳᠡᠭ ᠰᠤᠷᠤᠭᠴᠢ ᠶᠢᠨ ᠰᠤᠷᠤᠯᠭ᠎ᠠ ᠨᠢ ᠠᠨᠠᠢ ᠪᠢᠰᠢ ᠶᠤᠮ᠃ ᠮᠢᠨᠦ ᠦᠵᠡᠭᠦ | ᠪᠠᠷ ᠲᠠᠭᠠᠯᠳᠠ ᠪᠤᠯᠪᠠᠰᠤᠷᠠᠯ ᠤᠨ ᠰᠠᠳᠤᠪ ᠢ ᠰᠤᠯᠠ ᠪᠤᠯᠪᠠᠰᠤᠷᠠᠯ ᠢᠶᠠᠷ ᠦᠯᠠᠳᠡᠭᠡᠵᠦ ᠴᠢᠯᠦᠭᠡᠳᠠᠢ | ᠬᠢᠯᠭᠡᠨ᠎ᠠ᠃ ᠰᠤᠷᠤᠭᠴᠢᠳ ᠰᠤᠯᠠ ᠰᠠᠯᠠᠭᠦᠦ ᠴᠠᠭ ᠢᠶᠠᠨ ᠠᠰᠢᠭᠯᠠᠵᠤ ᠬᠢᠨ᠎ᠠ᠂ ᠬᠢᠭᠦ ᠤᠷᠮ᠎ᠠ ᠲᠠᠢ ᠦᠶ᠎ᠠ ᠳᠤ ᠪᠠᠨ | ᠤᠬᠠᠮᠰᠠᠷ ᠠᠴᠠ ᠪᠠᠨ ᠬᠢᠨ᠎ᠠ᠃ ᠪᠠᠭᠰᠢ ᠱᠠᠳᠤᠴᠢᠯᠠᠭᠰᠠᠨ ᠠᠬᠢᠴᠠ ᠶᠢ ᠲᠦᠢᠮᠤ ᠲᠤᠭᠳᠠᠭᠠᠵᠤ ᠦᠭᠪᠡᠯ | ᠪᠤᠯᠴᠢᠬᠠᠨ᠎ᠠ᠃ ᠵᠢᠱᠢᠶᠡᠯᠡᠪᠡᠯ᠂ ᠨᠢᠭᠡ ᠪᠦᠯᠦᠭ ᠢᠶᠠᠨ ᠰᠤᠷᠴᠤ ᠪᠠᠷᠠᠬᠤ ᠳᠤ ᠠᠯᠢ ᠠᠯᠢ ᠰᠠᠳᠤᠪ ᠢ ᠬᠢᠵᠤ ᠪᠠᠷᠠᠭᠠᠬᠤ᠂ | ᠬᠤᠭᠤᠴᠠᠭᠠᠨ ᠡᠴᠤᠰ ᠤᠢᠢᠷᠠᠳᠬᠤ ᠳᠤ ᠪᠦᠭᠦᠨ ᠢ ᠬᠢᠵᠤ ᠪᠠᠷᠠᠭᠠᠬᠤ ᠭᠡᠭᠦ ᠮᠠᠳᠤ ᠶᠢᠨ ᠰᠤᠷᠤᠭᠴᠢᠳ ᠲᠤ ᠲᠡᠭᠡᠭᠡᠷ᠎ᠠ | ᠲᠠᠷᠤᠭᠠᠰᠤ ᠪᠤᠯᠬᠤ ᠦᠭᠡᠢ ᠰᠤᠷᠴᠤ ᠪᠠᠳᠤᠳᠬᠠᠬᠤ ᠬᠠᠷᠠᠯᠳᠠ ᠵᠤᠷᠢᠯᠭ᠎ᠠ ᠳᠤ ᠭᠦᠷᠴᠤ ᠲᠠᠶᠢᠯᠳᠡᠭ ᠲᠦᠯᠦᠪᠯᠡᠭᠡ | ᠲᠤᠭᠳᠠᠭᠠᠨ ᠦᠭᠴᠤ ᠪᠤᠯᠤᠨ᠎ᠠ᠃ ᠪᠠᠭᠰᠢ ᠬᠠᠶᠠ ᠬᠢᠨᠠᠵᠤ ᠪᠠᠶᠢᠴᠠᠭᠠᠬᠤ ᠶᠢᠨ ᠵᠡᠷᠭᠡᠳᠠ ᠵᠦᠢ ᠵᠤᠬᠢᠰᠳᠠᠢ ᠰᠠᠨᠠᠭᠤᠯᠭ᠎ᠠ | ᠦᠭᠭᠦ ᠪᠤᠶᠤ ᠵᠢᠭᠠᠵᠤ ᠵᠢᠯᠤᠭᠤᠳᠤᠨ᠎ᠠ᠃ ᠵᠠᠷᠢᠮ ᠰᠤᠷᠤᠭᠴᠢ ᠶᠢᠨ ᠬᠢᠷᠢ ᠭᠡᠮ ᠠᠴᠠ ᠨᠢ ᠭᠡᠳᠤᠷᠡᠭᠰᠡᠨ ᠰᠠᠳᠤᠪ ᠢ | ᠲᠡᠭᠦᠨ ᠢᠶᠠᠷ ᠬᠢᠯᠭᠡᠭᠦ ᠦᠭᠡᠢ ᠤᠷᠬᠢᠬᠤ ᠳᠤ ᠪᠠᠨ ᠲᠠᠭᠠᠷᠠᠨ᠎ᠠ᠃ ᠤᠯᠠᠩᠬᠢ ᠰᠤᠷᠤᠭᠴᠢ ᠶᠢᠨ ᠤᠷᠤᠰᠢᠵᠤ ᠪᠠᠶᠢᠭ᠎ᠠ | ᠠᠰᠠᠭᠤᠳᠠᠯ ᠢ ᠲᠤᠰᠬᠠᠢ ᠴᠠᠭ ᠵᠠᠷᠤᠴᠠᠭᠤᠯᠵᠤ ᠲᠤᠰᠬᠠᠢ ᠰᠠᠳᠤᠪ ᠤᠨ ᠲᠠᠶᠢᠯᠤᠮᠵᠢ ᠶᠢᠨ ᠬᠡᠯᠪᠠᠷᠢ ᠪᠠᠷ ᠰᠢᠢᠳᠪᠤᠷᠢᠯᠠᠵᠦ | ᠪᠤᠯᠬᠤ ᠶᠤᠮ᠃ ᠵᠠᠷᠢᠮ ᠪᠠᠭᠰᠢ ᠰᠠᠳᠤᠪ ᠤᠯᠠᠨ ᠬᠢᠪᠠᠯ ᠰᠠᠶᠢᠨ᠂ ᠭᠦᠴᠢᠷ ᠰᠠᠳᠤᠪ ᠬᠢᠪᠡᠯ ᠰᠠᠶᠢᠨ ᠭᠡᠵᠦ | ᠦᠵᠠᠳᠡᠭ ᠠᠴᠠ ᠪᠤᠯᠪᠠᠤ᠂ ᠤᠳᠠᠭ᠎ᠠ ᠪᠤᠯᠭᠠᠨ ᠰᠤᠷᠬᠤ ᠪᠢᠴᠢᠭ ᠲᠡᠭᠡᠷᠡᠬᠢ ᠠᠴᠠ ᠤᠨᠳᠤᠤ ᠭᠡᠳᠤ ᠤᠯᠠᠨ ᠰᠠᠳᠤᠪ᠂ | ᠭᠡᠳᠤ ᠭᠦᠴᠢᠷ ᠰᠠᠳᠤᠪ ᠢ ᠭᠡᠮᠵᠢᠶ᠎ᠠ ᠠᠴᠠ ᠨᠢ ᠭᠡᠳᠤᠷᠠᠳᠠᠯ᠎ᠠ ᠲᠠᠰᠬᠠᠯ ᠢᠶᠠᠷ ᠦᠯᠠᠳᠡᠭᠡᠳᠡᠭ᠃ ᠡᠨᠡ ᠠᠷᠭ᠎ᠠ ᠠᠪᠴᠠᠯ | ᠵᠠᠷᠢᠮ ᠴᠦᠭᠡᠪᠤᠷᠢ ᠰᠤᠷᠤᠭᠴᠢ ᠳᠤ ᠲᠤᠬᠢᠷᠠᠵᠤ ᠮᠠᠳᠠᠨ᠎ᠠ᠂ ᠦᠢᠯᠠᠳᠤᠯ ᠨᠢ ᠴᠤ ᠮᠠᠰᠢ ᠰᠠᠶᠢᠨ ᠪᠠᠶᠢᠵᠤ ᠮᠠᠳᠠᠨ᠎ᠠ᠂ | ᠭᠡᠳᠡᠯ᠎ᠠ ᠤᠯᠠᠩᠬᠢ ᠰᠤᠷᠤᠭᠴᠢ ᠳᠤ ᠯᠠᠪ ᠲᠤᠬᠢᠷᠠᠬᠤ ᠦᠭᠡᠢ ᠶᠤᠮ᠃ ᠤᠨᠳᠠᠵᠤ ᠠᠮᠠᠷᠠᠬᠤ ᠶᠢ ᠨᠢ ᠬᠠᠷᠰᠢᠯᠠᠨ᠎ᠠ᠂ | ᠰᠤᠷᠬᠤ ᠤᠷᠮ᠎ᠠ ᠵᠤᠷᠢᠬ ᠢ ᠨᠢ ᠴᠤ ᠬᠤᠭᠤᠯᠵᠤ ᠮᠠᠳᠠᠨ᠎ᠠ᠃ ᠵᠠᠷᠢᠮ ᠭᠡᠤᠭᠡᠳ ᠬᠢᠵᠤ ᠪᠠᠷᠠᠬᠤ ᠦᠭᠡᠢ᠂ ᠬᠢᠵᠤ | ᠴᠢᠳᠠᠬᠤ ᠦᠭᠡᠢ ᠠᠴᠠ ᠪᠤᠯᠵᠤ ᠬᠠᠰᠢ ᠶᠠᠰᠢ ᠬᠢᠭᠦ᠂ ᠲᠤᠳᠠᠭᠤ ᠲᠤᠷᠭᠤᠨ ᠬᠢᠭᠦ᠂ ᠪᠤᠰᠤᠳ ᠤᠨ ᠲᠠᠰᠬᠠᠯ ᠢ | ᠬᠠᠭᠤᠯᠬᠤ᠂ ᠠᠯᠪᠠ ᠶᠢᠨ ᠲᠠᠳᠤᠢ ᠬᠢᠭᠦ᠂ ᠴᠢᠨᠠᠭᠰᠢᠯᠠᠨ ᠲᠠᠰᠬᠠᠯ ᠬᠢᠭᠦ ᠦᠭᠡᠢ ᠰᠢᠯᠳᠠᠬ ᠡᠷᠢᠭᠦ ᠁ ᠮᠠᠳᠤ ᠶᠢᠨ | ᠲᠠᠳᠬᠠᠯ ᠢ ᠰᠠᠨᠠᠮᠰᠠᠷ ᠦᠭᠡᠢ ᠪᠠᠷ ᠪᠦᠷᠢᠯᠳᠤᠭᠦᠯᠴᠢᠭᠡᠳᠡᠭ᠃ ᠰᠤᠷᠤᠭᠴᠢᠳ ᠢᠢᠮᠦ ᠲᠠᠳᠬᠠᠯ ᠲᠠᠢ ᠪᠤᠯᠴᠢᠬᠠᠪᠠᠯ | ᠲᠠᠳᠠ ᠤᠬᠠᠮᠰᠠᠷ ᠠᠴᠠ ᠪᠠᠨ ᠰᠤᠯᠠ ᠰᠠᠳᠤᠪ ᠬᠢᠭᠦ ᠭᠡᠵᠦ ᠤᠤ᠂ ᠴᠢᠳᠠᠬᠤ ᠰᠠᠳᠤᠪ ᠢᠶᠠᠨ ᠭᠦᠷᠳᠠᠯ᠎ᠠ ᠬᠠᠰᠢ ᠶᠠᠰᠢ | ᠬᠢᠭᠦ ᠪᠤᠯᠴᠢᠬᠠᠳᠠᠬ ᠰᠢᠤ︕ ᠰᠤᠷᠬᠤ ᠠᠭᠤᠯᠭ᠎ᠠ ᠶᠢᠨ ᠦᠷᠭᠡᠵᠢᠯ ᠭᠦᠨᠵᠡᠭᠡᠶᠢᠷᠡᠯ ᠢ ᠲᠠᠭᠠᠯᠳᠤᠵᠤ ᠰᠤᠷᠤᠭᠴᠢ ᠶᠢᠨ | ᠰᠤᠷᠤᠯᠭ᠎ᠠ ᠶᠢᠨ ᠬᠢᠷᠢ ᠪᠦᠳᠤᠮᠵᠢ ᠬᠤᠶᠠᠷ ᠲᠦᠢᠯ ᠲᠠᠶᠢᠰᠢ ᠪᠠᠨ ᠰᠠᠷᠨᠢᠳᠠᠬ ᠨᠢ ᠴᠤ ᠡᠭᠦᠨ ᠠᠴᠠ ᠪᠤᠯᠤᠭᠰᠠᠨ | ᠶᠤᠮ᠃ ᠶᠠᠭᠠᠬᠢᠭᠰᠠᠨ ᠠᠶᠤᠮᠰᠢᠬᠳᠠᠢ ᠠᠵᠢ︕ ᠲᠤᠭᠠᠨ ᠤ ᠤᠬᠠᠭᠠᠨ ᠰᠤᠷᠬᠤ ᠳᠤ ᠵᠤᠬᠢᠬᠤ ᠭᠡᠮᠵᠢᠶᠠᠨ ᠤ ᠰᠠᠳᠤᠪ | ᠬᠢᠵᠤ ᠪᠤᠯᠪᠠᠰᠤᠷᠠᠬᠤ ᠦᠭᠡᠢ ᠪᠤᠯᠬᠤ ᠦᠭᠡᠢ᠂ ᠭᠡᠳᠤᠢ ᠤᠯᠠᠨ ᠰᠠᠳᠤᠪ ᠬᠢᠪᠠᠯ ᠲᠠᠳᠤᠢ ᠰᠠᠶᠢᠨ ᠭᠡᠰᠡᠨ ᠶᠠᠪᠤᠳᠠᠯ ᠴᠤ | ᠪᠢᠰᠢ ᠶᠤᠮ᠃ ᠮᠢᠨᠦ ᠦᠵᠡᠭᠦ ᠪᠠᠷ ᠰᠤᠷᠬᠤ ᠪᠢᠴᠢᠭ ᠲᠠᠢ ᠪᠠᠨ ᠬᠠᠪᠰᠤᠷᠭᠠᠵᠤ ᠨᠢᠭᠡ ᠯᠡ ᠲᠠᠭᠠᠯᠳᠠ ᠪᠤᠯᠪᠠᠰᠤᠷᠠᠯ ᠢ | ᠬᠢᠴᠢᠶᠡᠯ ᠤᠨ ᠠᠬᠢᠴᠠ ᠲᠠᠢ ᠪᠠᠨ ᠢᠵᠢᠯ ᠠᠯᠬᠤᠮ ᠢᠶᠠᠷ ᠰᠢᠰᠲ᠋ᠧᠮ ᠲᠠᠢ ᠮᠦᠷᠳᠡᠭᠡᠨ ᠴᠢᠨᠠᠷᠯᠢᠬ ᠬᠢᠪᠠᠯ | ᠪᠤᠯᠴᠢᠬᠠᠨ᠎ᠠ᠃ ᠲᠠᠮᠢᠷ ᠤᠨ ᠭᠦᠴᠢᠷ ᠭᠦᠳᠠᠯᠤᠯ ᠢ ᠰᠤᠷᠬᠤ ᠳᠤ ᠦᠨᠳᠤᠰᠤᠨ ᠭᠦᠳᠠᠯᠤᠯ ᠢ ᠬᠢᠵᠤ | ᠪᠤᠯᠪᠠᠰᠤᠷᠠᠬᠤ ᠠᠴᠠ ᠭᠠᠷᠳᠠᠳᠠᠬ ᠲᠠᠢ ᠠᠳᠠᠯᠢ ᠪᠠᠷ ᠲᠤᠭᠠᠨ ᠤ ᠤᠬᠠᠭᠠᠨ ᠤ ᠬᠢᠯᠪᠠᠷ ᠦᠨᠳᠤᠰᠤᠨ ᠰᠠᠳᠤᠪ ᠢ ᠬᠢᠵᠤ | ᠪᠠᠶᠢᠭᠠᠳ ᠰᠠᠶ᠋ᠢ ᠭᠦᠴᠢᠷ ᠰᠠᠳᠤᠪ ᠢ ᠬᠢᠭᠦ ᠠᠷᠭ᠎ᠠ ᠤᠬᠠᠭᠠᠨ ᠢ ᠨᠢ ᠤᠯᠳᠠᠬ ᠶᠤᠮ᠃ ᠭᠦᠴᠢᠷ ᠰᠠᠳᠤᠪ ᠲᠠᠢ | ᠨᠤᠤᠷᠠᠯᠳᠤᠪᠠᠯ ᠭᠦᠴᠢᠷ ᠰᠠᠳᠤᠪ ᠢ ᠯᠠᠪᠳᠠᠢ ᠬᠢᠭᠡᠳ ᠴᠢᠳᠠᠴᠢᠬᠠᠨ᠎ᠠ ᠭᠡᠰᠡᠨ ᠤᠴᠢᠷ ᠴᠤ ᠦᠭᠡᠢ᠃ ᠭᠦᠴᠢᠷ | ᠰᠠᠳᠤᠪ ᠲᠠᠢ ᠨᠤᠤᠷᠠᠯᠳᠤᠳᠠᠬ ᠰᠤᠷᠤᠭᠴᠢ ᠰᠢᠯᠭᠠᠯᠳᠠ ᠳᠤ ᠭᠦᠴᠢᠷ ᠰᠠᠳᠤᠪ ᠢ ᠨᠢ ᠬᠢᠵᠤ ᠴᠢᠳᠠᠭᠰᠠᠨ ᠦᠭᠡᠢ | ᠮᠦᠷᠳᠡᠭᠡᠨ ᠬᠢᠯᠪᠠᠷ᠂ ᠡᠩ ᠤᠨ ᠰᠠᠳᠤᠪ ᠤᠨ ᠢᠶᠠᠨ ᠬᠤᠪᠢ ᠶᠢ ᠨᠢ ᠴᠤ ᠠᠯᠳᠠᠳᠠᠬ ᠦᠵᠡᠭᠳᠡᠯ ᠲᠠᠩᠳᠠ | ᠡᠭᠦᠰᠳᠡᠭ᠃ ᠬᠠᠷᠠᠮᠰᠠᠯᠳᠠᠢ ᠪᠢᠰᠢᠤ︕ ᠡ᠊ᠨᠡ ᠨᠢ ᠭᠦᠴᠢᠷ ᠰᠠᠳᠤᠪ ᠲᠠᠢ ᠨᠤᠤᠷᠠᠯᠳᠤᠵᠤ ᠪᠤᠯᠬᠤ ᠦᠭᠡᠢ ᠭᠡᠰᠡᠨ | ᠪᠢᠰᠢ᠂ ᠬᠢᠯᠪᠠᠷ ᠰᠠᠳᠤᠪ ᠪᠠ ᠡᠩ ᠤᠨ ᠰᠠᠳᠤᠪ ᠢ ᠬᠢᠭᠡᠳ ᠲᠦᠢᠯ ᠤᠨ ᠪᠤᠯᠪᠠᠰᠤᠷᠠᠩᠭᠤᠢ ᠪᠤᠯᠤᠭᠰᠠᠨ ᠤ ᠲᠠᠷᠠᠭ᠎ᠠ | ᠰᠠᠶ᠋ᠢ ᠭᠦᠴᠢᠷ ᠰᠠᠳᠤᠪ ᠢ ᠬᠢᠵᠤ ᠤᠷᠤᠯᠳᠤᠭᠠᠷᠠᠢ᠂ ᠡᠨᠡ ᠪᠤᠯ ᠮᠢᠨᠦ ᠲᠦᠭ ᠲᠦᠮᠡᠨ ᠲᠤᠮᠳᠠᠳᠤ ᠪᠠᠭ᠎ᠠ | ᠰᠤᠷᠭᠠᠭᠤᠯᠢ ᠶᠢᠨ ᠰᠤᠷᠤᠭᠴᠢ ᠳᠤ ᠦᠭᠭᠦ ᠰᠠᠨᠠᠭᠤᠯᠭ᠎ᠠ ᠮᠦᠨ᠃ ᠪᠠᠭᠰᠢ ᠡᠳᠤᠷ ᠪᠤᠯᠭᠠᠨ ᠲᠡᠩᠴᠢ ᠤᠯᠠᠨ ᠲᠠᠰᠬᠠᠯ | ᠦᠯᠠᠳᠡᠭᠡᠳ ᠭᠡᠤᠭᠡᠳ ᠤᠳ ᠬᠢᠵᠤ ᠪᠠᠷᠠᠬᠤ ᠦᠭᠡᠢ ᠪᠤᠶᠤ ᠭᠡᠳᠤ ᠤᠷᠳᠤ ᠴᠠᠭ ᠵᠠᠷᠤᠴᠠᠭᠤᠯᠳᠠᠬ ᠠᠴᠠ ᠪᠤᠯᠵᠤ | ᠤᠨᠳᠠᠵᠤ ᠠᠮᠠᠷᠠᠬᠤ ᠪᠠ ᠡᠷᠡᠭᠦᠯ ᠮᠠᠨᠳᠤ ᠶᠢ ᠨᠢ ᠭᠦᠨᠳᠤ ᠨᠤᠴᠢᠳᠠᠢ ᠨᠦᠯᠦᠭᠡᠯᠡᠵᠦ ᠪᠠᠶᠢᠪᠠᠯ ᠭᠡᠷ ᠤᠨ ᠠᠬᠠᠮᠠᠳ | ᠡᠷᠭᠡᠪᠰᠢ ᠲᠤᠭᠠᠨ ᠤ ᠤᠬᠠᠭᠠᠨ ᠤ ᠪᠠᠭᠰᠢ ᠲᠠᠢ ᠨᠢ ᠬᠤᠯᠪᠤᠭ᠎ᠠ ᠠᠪᠴᠤ ᠭᠡᠤᠭᠡᠳ ᠤᠨ ᠢᠶᠠᠨ ᠪᠠᠶᠢᠳᠠᠯ ᠢ | ᠲᠤᠰᠬᠠᠬᠤ ᠶᠢᠨ ᠲᠠᠭᠠᠤ ᠪᠠᠭᠰᠢ ᠶᠢᠨ ᠬᠢᠨᠢ ᠵᠦᠪᠯᠠᠯᠭᠡ ᠪᠠᠷ ᠭᠡᠤᠭᠡᠳ ᠤᠨ ᠢᠶᠠᠨ ᠤᠨᠴᠠᠯᠢᠬ ᠲᠤ ᠲᠤᠬᠢᠷᠠᠭᠰᠠᠨ | ᠰᠠᠳᠤᠪ ᠢ ᠨᠢ ᠬᠢᠯᠭᠡᠪᠡᠯ ᠪᠤᠯᠴᠢᠬᠠᠨ᠎ᠠ᠃ ᠬᠢᠭᠰᠡᠨ ᠦᠭᠡᠢ ᠰᠠᠳᠤᠪ ᠢ ᠨᠢ ᠴᠤᠬᠤᠮ ᠶᠠᠭᠠᠬᠢᠵᠤ ᠰᠢᠢᠳᠪᠤᠷᠢᠯᠡᠭᠦ ᠶᠢ | ᠮᠦᠨ ᠪᠠᠭᠰᠢ ᠶᠢᠨ ᠬᠢᠨᠢ ᠰᠠᠨᠠᠯ ᠢ ᠰᠤᠨᠤᠰᠤᠨ᠎ᠠ᠃ ᠵᠠᠷᠢᠮ ᠢ ᠨᠢ ᠲᠠᠷᠠᠭᠠᠴᠢ ᠪᠠᠷ ᠨᠦᠭᠦᠪᠤᠷᠢᠯᠡᠨᠠ᠂ ᠵᠠᠷᠢᠮ ᠢ ᠨᠢ | ᠰᠤᠷᠭᠠᠭᠤᠯᠢ ᠳᠤ ᠪᠠᠨ ᠤᠴᠢᠭᠰᠠᠨ ᠤ ᠳᠠᠷᠠᠭ᠎ᠠ ᠪᠠᠭᠰᠢ ᠪᠤᠶᠤ ᠬᠠᠮᠳᠤ ᠨᠦᠭᠦᠳ ᠢᠶᠠᠷ ᠢᠶᠠᠨ ᠵᠢᠭᠠᠯᠭᠠᠵᠤ ᠪᠠᠶᠢᠭᠠᠳ | ᠬᠢᠵᠤ ᠪᠤᠯᠤᠨ᠎ᠠ᠃ ᠭᠡᠷ ᠤᠨ ᠠᠬᠠᠮᠠᠳ ᠶᠠᠭᠠᠬᠢᠭᠰᠠᠨ ᠴᠤ ᠦᠪᠠᠷᠳᠡᠭᠡᠨ ᠡᠵᠡᠨ ᠮᠠᠳᠠᠵᠤ ᠭᠡᠤᠭᠡᠳ ᠲᠤ ᠪᠠᠨ ︽ᠬᠢᠭᠦ | ᠭᠡᠷᠡᠭ ᠦᠭᠡᠢ︾ ᠭᠡᠵᠦ ᠭᠡᠯᠡᠵᠦ ᠪᠤᠯᠳᠠᠬ ᠦᠭᠡᠢ᠃ ᠡᠨᠡ ᠦᠭᠡ ᠵᠠᠷᠢᠮ ᠭᠡᠤᠭᠡᠳ ᠲᠤ ᠲᠠᠰᠬᠠᠯ ᠢ ᠬᠢᠪᠠᠴᠤ | ᠪᠤᠯᠤᠨ᠎ᠠ᠂ ᠬᠢᠭᠦ ᠦᠭᠡᠢ ᠪᠤᠯᠪᠠᠴᠤ ᠪᠤᠯᠤᠨ᠎ᠠ ᠭᠡᠰᠡᠨ ᠲᠦᠷᠦᠭᠳᠡᠯ ᠤᠯᠭᠤᠳᠠᠬ᠃ ᠡᠭᠦᠨ ᠠᠴᠠ ᠪᠤᠯᠵᠤ ᠵᠠᠷᠢᠮ | ᠭᠡᠤᠭᠡᠳ ᠬᠢᠴᠢᠶᠡᠯ ᠰᠤᠷᠤᠯᠭ᠎ᠠ ᠳᠤ ᠪᠠᠨ ᠰᠢᠮᠳᠠᠬᠤ ᠦᠭᠡᠢ᠂ ᠴᠢᠨᠠᠭᠰᠢᠯᠠᠨ ᠰᠤᠯᠠ ᠵᠠᠳᠠᠭᠠᠢ ᠪᠤᠯᠵᠤ ᠴᠤ ᠮᠠᠳᠠᠭᠦ | ᠶᠤᠮ᠃ ᠵᠠᠷᠢᠮ ᠭᠡᠤᠭᠡᠳ ᠲᠠᠰᠬᠠᠯ ᠤᠨ ᠳᠠᠷᠤᠭᠠᠰᠤ ᠭᠡᠳᠤ ᠭᠦᠨᠳᠤ ᠠᠴᠠ ᠪᠤᠯᠵᠤ ︽ᠲᠠᠰᠬᠠᠯ ᠢᠶᠠᠨ | ᠰᠤᠷᠭᠠᠭᠤᠯᠢ ᠳᠤ ᠪᠠᠨ ᠬᠢᠴᠢᠭᠡᠵᠡᠢ︾ ᠭᠡᠵᠦ ᠬᠤᠳᠠᠯ ᠭᠡᠯᠡᠵᠦ ᠴᠤ ᠮᠠᠳᠠᠭᠦ ᠶᠤᠮ᠃ ᠤᠨᠴᠠᠭᠠᠢᠢᠯᠠᠨ ᠠᠩᠬ᠎ᠠ | ᠵᠡᠷᠭᠡ ᠶᠢᠨ ᠲᠤᠮᠳᠠᠳᠤ ᠰᠤᠷᠭᠠᠭᠤᠯᠢ ᠳᠤ ᠤᠷᠤᠭᠰᠠᠨ ᠤ ᠳᠠᠷᠠᠭ᠎ᠠ ᠬᠢᠴᠢᠶᠡᠯ ᠰᠤᠷᠤᠯᠭ᠎ᠠ ᠶᠢᠨ ᠭᠦᠨᠳᠤᠷᠠᠯ ᠪᠤᠶᠤ | ᠪᠤᠰᠤᠳ ᠰᠢᠯᠳᠠᠭᠠᠨ ᠠᠴᠠ ᠪᠤᠯᠵᠤ ᠰᠤᠷᠤᠯᠭ᠎ᠠ ᠳᠤ ᠪᠠᠨ ᠰᠢᠮᠳᠠᠬᠤ ᠪᠠᠨ ᠪᠤᠯᠢᠭᠰᠠᠨ ᠦᠶᠡᠰ ︽ᠲᠠᠰᠬᠠᠯ ᠢᠶᠠᠨ | ᠰᠤᠷᠭᠠᠭᠤᠯᠢ ᠳᠤ ᠪᠠᠨ ᠬᠢᠴᠢᠭᠡᠯᠠ︾ ᠭᠡᠵᠦ ᠬᠤᠳᠠᠯ ᠭᠡᠯᠡᠭᠦ ᠰᠤᠷᠤᠭᠴᠢ ᠤᠯᠠᠰᠢᠷᠠᠳᠠᠬ᠃ ᠭᠡᠷ ᠤᠨ ᠠᠬᠠᠮᠠᠳ | ᠭᠡᠤᠭᠡᠳ ᠤᠨ ᠢᠶᠠᠨ ᠬᠤᠳᠠᠯ ᠭᠡᠯᠡᠭᠰᠡᠨ ᠢ ᠦᠨᠠᠮᠰᠢᠭᠦ᠂ ᠡᠰᠡᠭᠦᠯ᠎ᠠ ᠬᠤᠳᠠᠯ ᠭᠡᠯᠡᠭᠰᠡᠨ ᠢ ᠨᠢ ᠮᠠᠳᠠᠴᠢᠭᠡᠭᠡᠳ | ᠪᠦᠳᠦᠭᠦᠯᠢᠭ ᠠᠷᠭ᠎ᠠ ᠠᠪᠬᠤ ᠨᠢ ᠴᠦᠮ ᠭᠡᠤᠭᠡᠳ ᠢ ᠰᠤᠷᠭᠠᠵᠤ ᠭᠦᠮᠦᠵᠢᠭᠦᠯᠭᠦ ᠵᠤᠷᠢᠯᠭ᠎ᠠ ᠳᠤ ᠪᠠᠨ ᠭᠦᠷᠴᠤ ᠲᠠᠶᠢᠯᠭᠦ | ᠦᠭᠡᠢ᠂ ᠭᠡᠳᠡᠷᠭᠦ ᠪᠠᠨ ᠬᠠᠷᠢᠨ ᠨᠠᠵᠠᠭᠠᠢ ᠪᠤᠶᠤ ᠮᠠᠭᠤ ᠦᠢᠯᠠᠳᠤᠯ ᠭᠠᠷᠭᠠᠵᠤ ᠮᠠᠳᠠᠨ᠎ᠠ᠃ ᠰᠤᠷᠤᠭᠴᠢᠳ ᠦᠨᠡᠨ ᠭᠦ | ᠬᠢᠴᠢᠶᠡᠯ ᠰᠤᠷᠤᠯᠭ᠎ᠠ ᠳᠤ ᠪᠠᠨ ᠭᠦᠴᠢᠷᠳᠠᠵᠤ ᠪᠠᠶᠢᠬᠤ ᠪᠤᠶᠤ ᠲᠠᠰᠬᠠᠯ ᠲᠠᠭᠠᠭᠠᠯᠭᠠᠪᠤᠷᠢ ᠪᠠᠨ ᠪᠠᠶᠠᠯᠠᠭᠦᠯᠭᠦ ᠳᠤ | ᠭᠦᠴᠢᠷᠳᠠᠵᠤ ᠪᠠᠶᠢᠪᠠᠯ᠂ ᠭᠡᠷ ᠤᠨ ᠠᠬᠠᠮᠠᠳ ᠶᠠᠭᠤ ᠶᠢ ᠴᠤ ᠬᠠᠮᠢᠶᠠᠷᠬᠤ ᠦᠭᠡᠢ ᠬᠠᠶᠠᠭᠠᠨ ᠳᠤ ᠨᠢ ᠬᠠᠶᠠᠵᠤ | ᠶᠠᠭᠠᠬᠢᠭᠰᠠᠨ ᠴᠤ ᠪᠤᠯᠬᠤ ᠦᠭᠡᠢ᠃ ᠮᠢᠨᠦ ᠦᠵᠡᠭᠦ ᠪᠠᠷ ᠬᠠᠮᠤᠭ ᠤᠨ ᠰᠠᠶᠢᠨ ᠠᠷᠭ᠎ᠠ ᠪᠤᠯ ᠲᠤᠰᠬᠠᠢ ᠪᠠᠭᠰᠢ ᠤᠷᠢᠵᠤ | ᠬᠠᠨᠳᠤᠯᠭ᠎ᠠ ᠲᠠᠢ ᠵᠢᠯᠤᠭᠤᠳᠤᠯᠭ᠎ᠠ ᠬᠢᠯᠭᠡᠨ᠎ᠠ᠃ ᠵᠦᠪᠭᠡᠨ ᠮᠠᠳᠠᠭᠦ ᠦᠭᠡᠢ ᠴᠢᠳᠠᠬᠤ ᠦᠭᠡᠢ ᠪᠤᠶᠤ ᠭᠦᠴᠢᠷᠳᠠᠵᠤ | ᠪᠠᠶᠢᠭ᠎ᠠ ᠶᠢ ᠨᠢ ᠠᠭᠤᠯᠭ᠎ᠠ ᠶᠢᠨ ᠲᠠᠯ᠎ᠠ ᠪᠠᠷ ᠨᠦᠭᠦᠪᠤᠷᠢᠯᠠᠵᠤ᠂ ᠮᠠᠷᠭᠡᠰᠢᠯ ᠤᠨ ᠲᠠᠯ᠎ᠠ ᠪᠠᠷ ᠪᠤᠯᠪᠠᠰᠤᠷᠠᠭᠤᠯᠵᠤ | ᠴᠠᠭᠠᠷᠠᠭᠤᠯᠬᠤ ᠲᠠᠳᠤᠢ ᠪᠢᠰᠢ᠂ ᠪᠤᠳᠠᠳᠠᠢ ᠠᠭᠤᠯᠭ᠎ᠠ ᠲᠠᠢ ᠪᠠᠨ ᠤᠶᠠᠯᠳᠤᠭᠤᠯᠬᠤ︔ ᠲᠤᠭᠠᠨ ᠤ ᠤᠬᠠᠭᠠᠨ ᠰᠤᠷᠬᠤ | ᠠᠷᠭ᠎ᠠ ᠤᠬᠠᠭᠠᠨ ᠤ ᠲᠠᠯ᠎ᠠ ᠪᠠᠷ︔ ᠲᠤᠭᠠᠨ ᠤ ᠤᠬᠠᠭᠠᠨ ᠤ ᠰᠠᠳᠤᠪ ᠢ ᠵᠠᠳᠠᠯᠬᠤ ᠠᠷᠭ᠎ᠠ ᠲᠠᠮ ᠤᠨ ᠲᠠᠯ᠎ᠠ | ᠪᠠᠷ︔ ᠲᠤᠭᠠᠨ ᠤ ᠤᠬᠠᠭᠠᠨ ᠤ ᠰᠠᠳᠤᠪ ᠢ ᠲᠦᠷᠢᠮᠵᠢᠭᠦᠨ ᠪᠤᠳᠤᠵᠤ ᠬᠠᠷᠢᠭᠤᠯᠬᠤ ᠠᠷᠭ᠎ᠠ ᠠᠪᠴᠠᠯ ᠤᠨ ᠲᠠᠯ᠎ᠠ ᠪᠠᠷ | ᠬᠤᠪᠢ ᠭᠦᠮᠦᠨ ᠤ ᠦᠪᠠᠷ ᠤᠨ ᠬᠢᠨᠢ ᠤᠨᠴᠠᠯᠢᠬ ᠲᠤ ᠨᠢ ᠲᠤᠬᠢᠷᠠᠭᠤᠯᠵᠤ ᠵᠢᠭᠠᠨ ᠵᠢᠯᠤᠭᠤᠳᠬᠤ ᠳᠤ ᠪᠠᠨ | ᠲᠠᠭᠠᠷᠠᠨ᠎ᠠ᠃ ᠭᠡᠤᠭᠡᠳ ᠤᠳ ᠦᠨᠠᠨ ᠭᠦ ᠲᠤᠭᠠᠨ ᠤ ᠤᠬᠠᠭᠠᠨ ᠰᠤᠷᠬᠤ ᠠᠷᠭ᠎ᠠ ᠤᠬᠠᠭᠠᠨ᠂ ᠰᠠᠳᠤᠪ ᠪᠤᠳᠤᠬᠤ | ᠠᠷᠭ᠎ᠠ ᠲᠠᠮ ᠲᠠᠢ ᠪᠤᠯᠴᠢᠬᠠᠪᠠᠯ᠂ ᠲᠠᠬᠢᠭᠠᠳ ᠪᠠᠭᠰᠢ ᠵᠠᠯᠠᠵᠤ ᠵᠢᠭᠠᠨ ᠵᠢᠯᠤᠭᠤᠳᠤᠭᠤᠯᠬᠤ ᠴᠢᠬᠤᠯᠠ ᠦᠭᠡᠢ | ᠶᠤᠮ᠃ ᠭᠡᠤᠭᠡᠳ ᠤᠳ ᠲᠤᠭᠠᠨ ᠤ ᠤᠬᠠᠭᠠᠨ ᠳᠤ ᠲᠤᠷ᠎ᠠ ᠪᠠᠬ᠎ᠠ ᠲᠠᠢ᠂ ᠤᠷ᠎ᠠ ᠠᠪᠢᠶᠠᠰ ᠲᠠᠢ ᠪᠤᠯᠬᠤ ᠲᠤᠳᠤᠮ | ᠤᠳᠤᠬᠢ ᠰᠤᠷᠤᠯᠴᠠᠯᠭ᠎ᠠ ᠳᠤ ᠪᠠᠨ ᠬᠠᠨᠤᠬᠤ ᠪᠠᠨ ᠪᠤᠯᠢᠵᠤ ᠭᠡᠷ ᠤᠨ ᠠᠬᠠᠮᠠᠳ ᠪᠤᠶᠤ ᠪᠠᠭᠰᠢ ᠠᠴᠠ ᠪᠠᠨ ᠶᠠᠮᠠᠷ ᠨᠤᠮ | ᠤᠡᠭᠰᠢᠬᠤ᠂ ᠶᠠᠮᠠᠷ ᠪᠤᠯᠪᠠᠰᠤᠷᠠᠯ ᠬᠢᠭᠦ ᠲᠠᠯ᠎ᠠ ᠪᠠᠷ ᠠᠰᠠᠭᠤᠵᠤ ᠰᠤᠷᠠᠭᠯᠠᠬᠤ ᠶᠤᠮ ᠪᠢᠯᠡ᠃ ᠤᠢ ᠪᠢᠯᠢᠭ ᠨᠢ | ᠴᠤᠭᠤᠷᠤᠨᠠ ᠭᠡᠭᠴᠢ ᠡᠨᠡ ᠪᠢᠵᠠ︕ | ᠭᠦᠮᠦᠨ ᠪᠤᠯᠭᠠᠨ ᠳᠤ ᠪᠤᠰᠤᠳ ᠠᠴᠠ ᠢᠯᠭᠠᠭᠳᠠᠬᠤ ᠲᠠᠪᠠᠭᠤᠯᠢᠬ ᠲᠠᠯ᠎ᠠ ᠪᠠᠶᠢᠳᠠᠬ᠃ ᠵᠠᠷᠢᠮ ᠭᠦᠮᠦᠨ ᠳᠤ | ᠡᠷᠳᠠ ᠢᠯᠠᠷᠠᠵᠤ᠂ ᠵᠠᠷᠢᠮ ᠳᠤ ᠨᠢ ᠤᠷᠤᠢ ᠪᠤᠢ ᠪᠤᠯᠳᠠᠬ᠃ ᠵᠠᠷᠢᠮ ᠭᠦᠮᠦᠨ ᠤ ᠲᠠᠪᠠᠭᠤᠯᠢᠬ ᠲᠠᠯ᠎ᠠ ᠢᠯᠠ ᠲᠤᠳᠤ | ᠪᠢᠰᠢ ᠪᠠᠶᠢᠳᠠᠬ ᠠᠴᠠ ᠭᠦᠮᠦᠰ ᠲᠤ ᠠᠮᠠᠷᠬᠠᠨ ᠰᠠᠷᠠᠵᠤ ᠮᠠᠳᠠᠷᠡᠭᠳᠡᠳᠡᠭ ᠦᠭᠡᠢ᠃ ᠲᠠᠪᠠᠭᠤᠯᠢᠬ ᠲᠠᠯ᠎ᠠ ᠳᠤ ᠴᠠᠭ | ᠦᠶᠠᠴᠢ ᠴᠢᠨᠠᠷ ᠪᠠᠶᠢᠳᠠᠬ ᠠᠴᠠ ᠠᠭᠤᠳᠠᠯᠠᠵᠤ ᠭᠦᠮᠦᠵᠢᠭᠦᠯᠭᠦ ᠴᠠᠭ ᠲᠤᠬᠢᠶᠠᠯ ᠢ ᠨᠢ ᠠᠯᠳᠠᠪᠠᠯ ᠠᠶᠠᠨᠳᠠᠭᠠᠨ ᠠᠷᠢᠯᠬᠤ | ᠪᠤᠯᠤᠨ᠎ᠠ᠃ ᠲᠤᠭᠠᠨ ᠤ ᠤᠬᠠᠭᠠᠨ ᠤ ᠰᠢᠯᠭᠠᠯᠳᠠ ᠳᠤ ᠨᠢᠭᠡ ᠰᠠᠳᠤᠪ ᠢ ᠲᠠᠪᠠᠳᠠᠢ ᠰᠠᠶᠢᠬᠠᠨ ᠬᠢᠵᠤ ᠪᠠᠶᠢᠳᠠᠯ᠎ᠠ ᠬᠢᠵᠤ | ᠴᠢᠳᠠᠭᠰᠠᠨ ᠦᠭᠡᠢ ᠤᠷᠬᠢᠭᠠᠳ ᠪᠠᠶᠢᠭᠰᠠᠨ ᠰᠠᠳᠤᠪ ᠢ ᠪᠤᠳᠤᠬᠤ ᠰᠡᠳᠬᠢᠮᠵᠢ ᠭᠡᠨᠠᠳᠳᠠ ᠴᠡᠭᠡᠵᠢᠨ ᠳᠤ ᠨᠢ ᠤᠷᠤᠵᠤ | ᠢᠷᠠᠵᠤ ᠮᠠᠳᠠᠭᠦ ᠶᠤᠮ᠃ ᠰᠠᠳᠤᠪ ᠢᠶᠠᠨ ᠬᠢᠵᠤ ᠪᠠᠷᠠᠭᠠᠴᠢᠬᠠᠭᠠᠳ ᠲᠠᠷᠠ ᠰᠠᠳᠤᠪ ᠢ ᠬᠢᠭᠦ ᠭᠡᠭᠦ ᠳᠤ ᠰᠠᠳᠬᠢᠮᠵᠢ ᠨᠢ | ᠠᠯᠢ ᠭᠡᠳᠦ᠋ᠢᠨ ᠠᠷᠢᠯᠵᠤ ᠤᠳᠤᠴᠢᠬᠠᠭᠰᠠᠨ ᠪᠠᠶᠢᠳᠠᠬ ᠰᠢᠤ᠃ ᠡᠨᠡ ᠨᠢ ᠴᠠᠭ ᠲᠤᠬᠢᠶᠠᠯ ᠢ ᠠᠯᠳᠠᠵᠤ | ᠶᠠᠪᠤᠭᠤᠯᠤᠭᠰᠠᠨ ᠤ ᠤᠷᠰᠢᠬ ᠪᠢᠵᠠ᠂ ᠴᠠᠭ ᠲᠤᠬᠢᠶᠠᠯ ᠢ ᠤᠨᠤᠴᠢᠳᠠᠢ ᠠᠳᠬᠤᠵᠤ ᠡᠵᠡᠮᠳᠠᠭᠦ ᠶᠠᠭᠠᠬᠢᠭᠰᠠᠨ ᠴᠢᠬᠤᠯᠠ | ᠠᠵᠢ︕ ᠪᠢᠴᠢᠭ ᠨᠤᠮ ᠰᠤᠷᠬᠤ ᠳᠤ ᠴᠤ ᠴᠠᠭ ᠦᠶᠡᠴᠢ ᠴᠢᠨᠠᠷ ᠪᠠᠶᠢᠳᠠᠬ᠃ ᠭᠡᠤᠭᠡᠳ ᠢ ᠶᠠᠭᠤᠨ ᠳᠤ ᠬᠠᠷᠠᠬᠠᠨ | ᠪᠠᠭ᠎ᠠ ᠠᠴᠠ ᠨᠢ ᠪᠢᠴᠢᠭ ᠨᠤᠮ ᠰᠤᠷᠭᠠᠳᠠᠬ ᠪᠤᠢ︖ ᠭᠡᠷᠪᠡ ᠪᠢᠴᠢᠭ ᠨᠤᠮ ᠰᠤᠷᠬᠤ ᠳᠤ ᠴᠠᠭ ᠦᠶᠡᠴᠢ ᠴᠢᠨᠠᠷ | ᠦᠭᠡᠢ ᠪᠤᠯ ᠭᠡᠤᠭᠡᠳ ᠢᠶᠠᠨ ᠤᠬᠠᠭᠠᠨ ᠲᠦᠭᠦᠭᠡ ᠤᠷᠤᠭᠰᠠᠨ ᠤ ᠲᠠᠷᠠᠭ᠎ᠠ ᠵᠢᠭᠠᠵᠤ ᠰᠤᠷᠭᠠᠭᠰᠠᠨ ᠴᠤ ᠪᠤᠯᠬᠤ | ᠶᠤᠮ᠃ ᠬᠤᠷᠢ ᠭᠦᠷᠭᠡᠵᠦ ᠬᠤᠷᠢᠮ ᠢ ᠨᠢ ᠬᠢᠭᠰᠡᠨ ᠤ ᠲᠠᠷᠠᠭ᠎ᠠ ᠰᠤᠷᠭᠠᠭᠤᠯᠢ ᠳᠤ ᠭᠦᠷᠭᠡᠭᠰᠡᠨ ᠴᠤ ᠪᠤᠯᠬᠤ ᠯᠠ | ᠪᠢᠵᠠ︕ ᠪᠠᠭᠰᠢ ᠪᠤᠶᠤ ᠭᠡᠷ ᠤᠨ ᠠᠬᠠᠮᠠᠳ ᠵᠦᠪᠭᠡᠨ ᠭᠡᠤᠭᠡᠳ ᠤᠨ ᠢᠶᠠᠨ ᠬᠢᠴᠢᠶᠡᠯ ᠰᠤᠷᠤᠯᠭ᠎ᠠ ᠲᠠᠢ | ᠨᠤᠴᠤᠯᠳᠤᠭᠠᠳ ᠪᠠᠶᠢᠵᠤ ᠪᠤᠯᠬᠤ ᠦᠭᠡᠢ᠂ ᠭᠡᠤᠭᠡᠳ ᠤᠨ ᠪᠦᠭᠦ ᠲᠠᠯ᠎ᠠ ᠪᠠᠷ ᠭᠦᠭᠵᠢᠯᠳᠠ ᠲᠠᠢ ᠪᠤᠯᠬᠤ ᠶᠢ | ᠭᠦᠨᠳᠤᠳᠭᠡᠭᠦ ᠳᠤ ᠪᠠᠨ ᠲᠠᠭᠠᠷᠠᠨ᠎ᠠ᠃ ᠤᠨᠴᠠᠭᠠᠢᠢᠯᠠᠨ ᠭᠡᠤᠭᠡᠳ ᠤᠨ ᠪᠠᠶ᠎ᠠ ᠳᠤ ᠪᠠᠶᠢᠭ᠎ᠠ ᠲᠠᠪᠠᠭᠤᠯᠢᠬ ᠲᠠᠯ᠎ᠠ ᠶᠢ | ᠠᠭᠤᠳᠠᠯᠠᠵᠤ ᠭᠦᠮᠦᠵᠢᠭᠦᠯᠪᠠᠯ ᠵᠤᠬᠢᠨ᠎ᠠ᠃ ᠢᠡᠭᠬᠢᠪᠡᠯ ᠭᠡᠤᠭᠡᠳ ᠨᠠᠩ ᠰᠢᠯᠢᠳᠡᠭ᠂ ᠨᠠᠩ ᠵᠢᠪᠬᠤᠭᠠᠯᠢᠬ | ᠪᠤᠯᠤᠨ᠎ᠠ᠃ ᠦᠵᠠᠯ ᠪᠤᠳᠤᠯ ᠲᠠᠢ ᠭᠡᠤᠭᠡᠳ ᠦᠪᠠᠷ ᠤᠨ ᠡᠭᠦᠷᠭᠡ ᠬᠠᠷᠢᠭᠤᠴᠠᠯᠭ᠎ᠠ ᠪᠠᠨ ᠲᠤᠳᠤᠷᠬᠠᠢ ᠮᠠᠳᠠᠵᠤ᠂ | ᠦᠢᠯᠠ ᠠᠵᠢᠯᠯᠠᠭ᠎ᠠ ᠪᠠᠨ ᠡᠵᠠᠮᠳᠠᠵᠤ ᠴᠢᠳᠠᠳᠠᠬ᠃ ᠢᠡᠭᠬᠢᠭᠦ ᠪᠠᠷ ᠢᠶᠠᠨ ᠭᠡᠤᠭᠡᠳ ᠢ ᠬᠠᠷᠠᠬᠠᠨ ᠪᠠᠭ᠎ᠠ ᠠᠴᠠ ᠨᠢ ᠦᠵᠡᠯ | ᠪᠤᠳᠤᠯ᠂ ᠴᠢᠨᠠᠭᠰᠢᠯᠠᠨ ᠦᠵᠠᠯ ᠰᠠᠨᠠᠭ᠎ᠠ ᠲᠠᠢ ᠪᠤᠯᠭᠠᠨ ᠭᠦᠮᠦᠵᠢᠭᠦᠯᠭᠦ ᠶᠢ ᠠᠩᠬᠠᠷᠪᠠᠯ ᠵᠤᠬᠢᠨ᠎ᠠ᠃ | ᠭᠡᠤᠭᠡᠳ ᠤᠳ ᠠᠩᠬ᠎ᠠ ᠵᠡᠷᠭᠡ ᠶᠢᠨ ᠲᠤᠮᠳᠠᠳᠤ ᠰᠤᠷᠭᠠᠭᠤᠯᠢ ᠳᠤ ᠤᠷᠤᠴᠢᠬᠠᠭᠠᠳ ᠪᠠᠰᠠ ᠰᠤᠷᠬᠤ ᠪᠠᠨ | ᠮᠠᠳᠡᠭᠡᠳᠤᠢ᠂ ᠴᠢᠷᠮᠠᠶᠢᠬᠤ ᠪᠠᠨ ᠮᠠᠳᠡᠭᠡᠳᠤᠢ ᠪᠤᠯ ᠭᠡᠤᠭᠡᠳ ᠤᠨ ᠭᠦᠯ ᠳᠤ ᠤᠷᠤᠭᠠᠳᠤᠢ ᠲᠠᠢ ᠠᠳᠠᠯᠢ | ᠶᠤᠮ᠃ ᠭᠦᠯ ᠳᠤ ᠤᠷᠤᠭᠠᠳᠤᠢ ᠭᠡᠤᠭᠡᠳ ᠭᠦᠶᠦᠵᠤ ᠴᠢᠳᠠᠨ᠎ᠠ ᠤᠤ᠂ ᠪᠤᠳᠤᠯᠢᠶᠠᠨᠳᠠᠢ ᠭᠦᠳᠠᠯᠤᠯ ᠢ ᠬᠢᠵᠤ ᠴᠢᠳᠠᠨ᠎ᠠ | ᠤᠤ᠂ ᠭᠦᠯ ᠳᠤ ᠤᠷᠤᠵᠤ ᠲᠠᠶᠢᠯᠭᠦ ᠦᠭᠡᠢ ᠭᠡᠤᠭᠡᠳ ᠭᠦᠴᠦ ᠲᠤᠷᠪᠢᠳᠠᠢ ᠪᠤᠯᠵᠤ ᠲᠠᠶᠢᠯᠤᠨ᠎ᠠ ᠤᠤ᠃ ᠭᠦᠯ ᠳᠤ | ᠤᠷᠤᠭᠠᠳᠤᠢ ᠭᠡᠤᠭᠡᠳ ᠢ ᠭᠦᠴᠤᠷᠭᠡᠭᠵᠢᠭᠦᠯᠭᠦ ᠠᠷᠭ᠎ᠠ ᠰᠤᠷᠢᠬᠤ ᠪᠠᠷ ᠢᠶᠠᠨ ᠭᠦᠯ ᠳᠤ ᠨᠢ ᠤᠷᠤᠭᠤᠯᠬᠤ ᠠᠷᠭ᠎ᠠ | ᠤᠬᠠᠭᠠᠨ ᠰᠤᠪᠢᠵᠤ᠂ ᠭᠦᠯ ᠳᠤ ᠤᠷᠤᠭᠤᠯᠬᠤ ᠪᠤᠳᠠᠳᠠᠢ ᠠᠷᠭ᠎ᠠ ᠠᠪᠴᠠᠯ ᠠᠪᠬᠤ ᠨᠢ ᠬᠠᠷᠢᠨ ᠲᠡᠭᠡᠷ᠎ᠠ | ᠪᠠᠶᠢᠬ᠎ᠠ᠃ ᠠᠩᠬ᠎ᠠ ᠵᠡᠷᠭᠡ ᠶᠢᠨ ᠲᠤᠮᠳᠠᠳᠤ ᠰᠤᠷᠭᠠᠭᠤᠯᠢ ᠳᠤ ᠤᠷᠤᠴᠢᠬᠠᠭᠠᠳ ᠰᠤᠷᠬᠤ ᠪᠠᠨ ᠮᠠᠳᠡᠭᠡᠳᠤᠢ᠂ | ᠴᠢᠷᠮᠠᠶᠢᠬᠤ ᠪᠠᠨ ᠮᠠᠳᠠᠭᠡᠳᠤᠢ ᠭᠡᠤᠭᠡᠳ ᠠᠩᠬ᠎ᠠ ᠲᠤᠮᠳᠠᠳᠤ ᠶᠢᠨ ᠬᠢᠴᠢᠶᠡᠯ ᠲᠦᠷᠤᠯ ᠢ ᠰᠠᠶᠢᠨ ᠰᠤᠷᠬᠤ ᠪᠠᠶᠢᠳᠤᠭᠠᠢ᠂ | ᠰᠤᠷᠴᠤ ᠴᠤ ᠴᠢᠳᠠᠬᠤ ᠦᠭᠡᠢ ᠶᠤᠮ᠃ ᠰᠤᠷᠬᠤ ᠪᠠᠨ ᠭᠦᠷᠳᠠᠯ᠎ᠠ ᠮᠠᠳᠠᠭᠦ ᠦᠭᠡᠢ ᠭᠡᠤᠭᠡᠳ ᠰᠤᠷᠴᠤ ᠮᠠᠳᠠᠶ᠎ᠠ ᠭᠡᠰᠡᠨ | ᠨᠠᠭᠠᠳᠤ ᠵᠠᠬ᠎ᠠ ᠶᠢᠨ ᠤᠬᠠᠮᠰᠠᠷ ᠴᠤ ᠦᠭᠡᠢ ᠪᠤᠯᠬᠤᠷ ᠵᠦᠪᠭᠡᠨ ᠠᠯᠪᠠᠳᠠᠯᠭ᠎ᠠ ᠶᠢᠨ ᠲᠤᠤᠷ᠎ᠠ ᠰᠤᠷᠬᠤ ᠪᠤᠶᠤ ᠲᠠᠰᠬᠠᠯ | ᠪᠤᠯᠪᠠᠰᠤᠷᠠᠯ ᠬᠢᠳᠡᠭ᠃ ᠰᠤᠷᠬᠤ ᠪᠠᠨ ᠮᠠᠳᠠᠭᠦ ᠦᠭᠡᠢ ᠭᠡᠤᠭᠡᠳ ᠤᠨ ᠠᠩᠬᠠᠷᠤᠯ ᠶᠡᠷᠦ ᠨᠢ ᠬᠢᠴᠢᠶᠡᠯ ᠰᠤᠷᠤᠯᠭ᠎ᠠ | ᠲᠡᠭᠡᠷ᠎ᠠ ᠲᠦᠪᠯᠠᠷᠠᠳᠡᠭ ᠦᠭᠡᠢ᠂ ᠭᠡᠳᠡᠷᠭᠦ ᠪᠠᠨ ᠬᠠᠷᠢᠨ ᠦᠭᠡᠷ᠎ᠠ ᠶᠠᠭᠤᠮᠠᠨ ᠲᠡᠭᠡᠷ᠎ᠠ ᠲᠦᠪᠯᠠᠷᠠᠵᠤ ᠡᠯᠳᠡᠪ | ᠵᠦᠢᠯ ᠤᠨ ᠦᠢᠯᠠ ᠭᠦᠳᠠᠯᠤᠯ ᠭᠠᠷᠭᠠᠬᠤ ᠪᠤᠶᠤ ᠴᠢᠨᠠᠭᠰᠢᠯᠠᠨ ᠬᠢᠴᠢᠶᠡᠯ ᠤᠨ ᠰᠠᠬᠢᠯᠭ᠎ᠠ ᠵᠢᠷᠤᠮ ᠢ ᠴᠤ | ᠰᠠᠮᠠᠭᠤᠷᠠᠭᠤᠯᠳᠠᠬ᠃ ᠵᠠᠷᠢᠮ ᠨᠢ ᠪᠠᠭᠰᠢ ᠵᠢᠭᠠᠵᠤ ᠪᠠᠶᠢᠭ᠎ᠠ ᠦᠶᠡᠰ ᠮᠠᠳᠠᠵᠤ ᠴᠢᠳᠠᠵᠤ ᠪᠠᠶᠢᠭ᠎ᠠ ᠴᠤ ᠲᠦᠳᠠᠯ ᠦᠭᠡᠢ | ᠮᠠᠷᠳᠠᠵᠤ ᠤᠷᠬᠢᠬᠤ ᠪᠤᠶᠤ ᠴᠢᠳᠠᠬᠤ ᠪᠠᠨ ᠪᠤᠯᠢᠳᠠᠬ᠃ ᠰᠤᠷᠬᠤ ᠪᠠᠨ ᠮᠠᠳᠠᠭᠦ ᠦᠭᠡᠢ ᠭᠡᠤᠭᠡᠳ ᠲᠠᠰᠬᠠᠯ ᠢ ᠵᠦᠪ | ᠲᠦᠷᠢᠮᠵᠢᠭᠦᠨ ᠬᠢᠴᠢᠭᠡᠨᠠ ᠤᠤ᠂ ᠲᠠᠰᠬᠠᠯ ᠢᠶᠠᠨ ᠬᠢᠴᠢᠭᠡᠭᠡᠳ ᠵᠦᠪ ᠪᠤᠷᠤᠭᠤ ᠶᠢ ᠨᠢ ᠴᠤ ᠮᠠᠳᠠᠭᠦ ᠦᠭᠡᠢ ᠪᠠᠶᠢᠳᠠᠬ᠂ | ᠵᠦᠪ ᠲᠦᠷᠢᠮᠵᠢᠭᠦᠨ ᠬᠢᠭᠰᠡᠨ ᠲᠠᠰᠬᠠᠯ ᠲᠠᠢ ᠠᠳᠠᠯᠢᠳᠬᠠᠭᠠᠳ ︽ᠠᠪ ᠠᠳᠠᠯᠢ ᠬᠢᠵᠠᠢ︾ ᠭᠡᠵᠦ ᠭᠡᠯᠠᠳᠡᠭ ᠴᠤ | ᠪᠤᠢ᠃ ᠠᠩᠬ᠎ᠠ ᠲᠤᠮᠳᠠᠳᠤ ᠶᠢᠨ ᠲᠤᠭᠠᠨ ᠤ ᠤᠬᠠᠭᠠᠨ ᠤ ᠵᠢᠭᠠᠨ ᠰᠤᠷᠭᠠᠯᠳᠠ ᠪᠤᠯ ᠭᠦᠯ ᠳᠤ ᠤᠷᠤᠭᠤᠯᠬᠤ ᠵᠢᠭᠠᠨ | ᠰᠤᠷᠭᠠᠯᠳᠠ ᠪᠢᠰᠢ᠂ ᠬᠠᠷᠢᠨ ᠵᠠᠮ ᠳᠤ ᠤᠷᠤᠭᠤᠯᠬᠤ ᠵᠢᠭᠠᠨ ᠰᠤᠷᠭᠠᠯᠳᠠ ᠮᠦᠨ᠃ ᠦᠭᠡᠷ᠎ᠡ ᠪᠠᠷ ᠬᠡᠯᠡᠪᠡᠯ | ᠬᠡᠤᠬᠡᠳ ᠤᠳ ᠰᠤᠷᠬᠤ ᠪᠠᠨ ᠮᠠᠳᠡᠭᠰᠡᠨ᠂ ᠴᠢᠷᠮᠠᠶᠢᠬᠤ ᠪᠠᠨ ᠮᠠᠳᠡᠭᠰᠡᠨ ᠤᠷᠢᠳᠠᠯ ᠲᠤᠤᠷ᠎ᠠ ᠠᠩᠬ᠎ᠠ ᠲᠤᠮᠳᠠᠳᠤ ᠶᠢᠨ | ᠲᠤᠭᠠᠨ ᠤ ᠤᠬᠠᠭᠠᠨ ᠢ ᠰᠤᠷᠬᠤ ᠠᠷᠭ᠎ᠠ ᠤᠬᠠᠭᠠᠨ ᠲᠠᠢ ᠪᠤᠯᠭᠠᠬᠤ ᠵᠢᠭᠠᠨ ᠰᠤᠷᠭᠠᠯᠳᠠ ᠮᠦᠨ᠃ ᠰᠤᠷᠬᠤ ᠪᠠᠨ | ᠮᠠᠳᠠᠭᠡᠳᠤᠢ᠂ ᠴᠢᠷᠮᠠᠶᠢᠬᠤ ᠪᠠᠨ ᠮᠠᠳᠡᠭᠡᠳᠤᠢ ᠭᠡᠤᠭᠡᠳ ᠢ ᠤᠷᠢᠳ ᠢᠶᠠᠷ ᠰᠤᠷᠬᠤ ᠪᠠᠨ ᠮᠠᠳᠠᠭᠦ᠂ ᠴᠢᠷᠮᠠᠶᠢᠬᠤ ᠪᠠᠨ | ᠮᠠᠳᠠᠭᠦ ᠪᠤᠯᠭᠠᠬᠤ ᠦᠭᠡᠢ ᠪᠤᠯ ᠲᠡᠭᠦᠨ ᠢ ᠠᠩᠬ᠎ᠠ ᠲᠤᠮᠳᠠᠳᠤ ᠶᠢᠨ ᠲᠤᠭᠠᠨ ᠤ ᠤᠬᠠᠭᠠᠨ ᠰᠤᠷᠬᠤ ᠵᠠᠮ ᠳᠤ | ᠤᠷᠤᠭᠤᠯᠤᠨ᠎ᠠ ᠭᠡᠭᠴᠢ ᠪᠡᠶᠡᠯᠡᠭᠳᠡᠰᠢ ᠦᠭᠡᠢ ᠤᠴᠢᠷ ᠪᠢᠯᠡ᠃ ᠭᠡᠤᠭᠡᠳ ᠤᠳ ᠰᠤᠷᠬᠤ ᠪᠠᠨ ᠮᠠᠳᠠᠭᠦ᠂ | ᠴᠢᠷᠮᠠᠶᠢᠬᠤ ᠪᠠᠨ ᠮᠠᠳᠠᠭᠦ ᠪᠤᠯᠤᠭᠰᠠᠨ ᠲᠠᠷᠠ ᠴᠠᠭ ᠦᠶ᠎ᠠ ᠠᠴᠠ ᠰᠠᠶ᠋ᠢ ᠠᠩᠬ᠎ᠠ ᠲᠤᠮᠳᠠᠳᠤ ᠶᠢᠨ ᠲᠤᠭᠠᠨ ᠤ ᠤᠬᠠᠭᠠᠨ | ᠰᠤᠷᠬᠤ ᠠᠷᠭ᠎ᠠ ᠵᠠᠮ ᠳᠤ ᠤᠷᠤᠵᠤ ᠡᠬᠢᠯᠠᠳᠡᠭ᠃ ︽ᠡᠨᠡ ᠭᠡᠤᠭᠡᠳ ᠰᠠᠴᠠᠨ ᠰᠠᠷᠭᠦᠯᠠᠩ᠂ ᠰᠤᠷᠴᠤ ᠴᠢᠳᠠᠬᠤ ᠦᠭᠡᠢ | ᠪᠢᠰᠢ᠂ ᠰᠤᠷᠬᠤ ᠪᠠᠨ ᠮᠠᠳᠠᠭᠡᠳᠤᠢ︾ ᠭᠡᠵᠦ ᠪᠠᠭᠰᠢ ᠭᠡᠯᠠᠳᠡᠭ ᠨᠢ ᠴᠢᠬᠢᠨ ᠳᠤ ᠠᠶᠠᠳᠠᠢ ᠰᠤᠨᠤᠰᠳᠠᠬᠤ ᠪᠤᠯᠪᠠᠴᠤ | ᠭᠡᠷᠡᠭ ᠲᠡᠭᠡᠷ᠎ᠠ ᠪᠠᠨ ᠲᠠᠷᠠ ᠭᠡᠤᠭᠡᠳ ᠰᠤᠷᠬᠤ ᠵᠠᠮ ᠳᠤ ᠤᠷᠤᠬᠤ ᠪᠠᠶᠢᠳᠤᠭᠠᠢ᠂ ᠰᠤᠷᠬᠤ ᠭᠦᠯ ᠳᠤ ᠨᠢ ᠴᠤ | ᠤᠷᠤᠭᠠᠳᠤᠢ ᠭᠡᠰᠡᠨ ᠢ ᠲᠤᠳᠤᠳᠬᠠᠵᠤ ᠪᠠᠶᠢᠭ᠎ᠠ ᠶᠤᠮ᠃ ᠰᠤᠷᠤᠭᠴᠢᠳ ᠶᠠᠮᠠᠷ ᠨᠢᠭᠡᠨ ᠰᠢᠯᠳᠠᠭᠠᠨ ᠠᠴᠠ ᠪᠤᠯᠵᠤ | ᠬᠠᠶᠠ ᠰᠢᠯᠭᠠᠯᠳᠠ ᠳᠤ ᠠᠨᠠᠢ ᠬᠢᠷᠢ ᠪᠦᠳᠤᠮᠵᠢ ᠤᠯᠵᠤ ᠪᠤᠯᠤᠨ᠎ᠠ᠂ ᠭᠡᠳᠡᠯ᠎ᠠ ᠤᠳᠠᠭ᠎ᠠ ᠪᠤᠯᠭᠠᠨ ᠤ ᠰᠢᠯᠭᠠᠯᠳᠠ ᠳᠤ | ᠲᠠᠪᠤ᠂ ᠠᠷᠪᠠᠨ ᠬᠤᠪᠢ ᠰᠢᠯᠭᠠᠳᠠᠬ ᠭᠡᠤᠭᠡᠳ ᠯᠠᠪᠳᠠᠢ ᠠᠩᠬ᠎ᠠ ᠲᠤᠭᠠᠨ ᠤ ᠤᠬᠠᠭᠠᠨ ᠢ ᠰᠤᠷᠬᠤ ᠵᠠᠮ ᠳᠤ ᠨᠢ | ᠤᠷᠤᠭᠠᠳᠤᠢ ᠪᠠᠶᠢᠭᠰᠠᠭᠠᠷ ᠶᠤᠮ᠃ ᠴᠢᠨᠠᠭᠰᠢᠯᠠᠨ ᠲᠤᠭᠠᠨ ᠤ ᠤᠬᠠᠭᠠᠨ ᠰᠤᠷᠬᠤ ᠭᠦᠯ ᠳᠤ ᠨᠢ ᠴᠤ ᠤᠷᠤᠭᠠᠳᠤᠢ | ᠪᠠᠶᠢᠵᠤ ᠮᠠᠳᠠᠨ᠎ᠠ᠃ ᠵᠠᠷᠢᠮ ᠭᠡᠤᠭᠡᠳ ᠲᠤᠭᠠᠨ ᠤ ᠤᠬᠠᠭᠠᠨ ᠰᠤᠷᠬᠤ ᠵᠠᠮ ᠳᠤ ᠨᠢ ᠤᠷᠤᠭᠰᠠᠨ ᠪᠤᠯᠪᠠᠴᠤ | ᠰᠢᠯᠭᠠᠯᠳᠠ ᠳᠤ ᠬᠢᠷᠢ ᠲᠡᠩᠴᠡᠭᠦ ᠦᠭᠡᠢ ᠪᠠᠶᠢᠳᠠᠯ ᠭᠠᠷᠴᠤ ᠮᠠᠳᠠᠨ᠎ᠠ᠂ ᠭᠡᠳᠡᠯ᠎ᠠ ᠲᠤᠭᠠᠨ ᠤ ᠤᠬᠠᠭᠠᠨ ᠰᠤᠷᠬᠤ ᠵᠠᠮ | ᠳᠤ ᠨᠢ ᠤᠷᠤᠭᠰᠠᠨ ᠦᠭᠡᠢ ᠪᠤᠯ ᠶᠠᠮᠠᠷᠪᠠ ᠰᠢᠯᠭᠠᠯᠳᠠ ᠳᠤ ᠯᠠᠪᠳᠠᠢ ᠬᠢᠷᠢ ᠲᠡᠩᠴᠡᠭᠦ ᠦᠭᠡᠢ ᠶᠤᠮ᠃ ᠡᠨᠡ ᠨᠢ ᠮᠦᠨ | ᠴᠤ ᠬᠠᠮᠤᠭ ᠤᠨ ᠲᠤᠤᠷᠠᠳᠤ ᠲᠠᠰ ᠤᠨ ᠪᠠᠷᠢᠮᠵᠢᠶ᠎ᠠ ᠱᠠᠭᠠᠷᠳᠠᠯᠭ᠎ᠠ ᠶᠤᠮ᠃ ᠵᠦᠪᠭᠡᠨ ᠰᠤᠷᠤᠭᠴᠢᠳ ᠢ ᠲᠤᠭᠠᠨ ᠤ | ᠤᠬᠠᠭᠠᠨ ᠰᠤᠷᠬᠤ ᠵᠠᠮ ᠳᠤ ᠤᠷᠤᠭᠤᠯᠤᠭᠰᠠᠨ ᠤᠷᠢᠳᠠᠯ ᠲᠤᠤᠷ᠎ᠠ ᠰᠠᠶ᠋ᠢ ᠲᠠᠳᠠᠨ ᠤ ᠲᠤᠭᠠᠨ ᠤ ᠤᠬᠠᠭᠠᠨ ᠤ | ᠰᠢᠯᠭᠠᠯᠳᠠ ᠶᠢᠨ ᠬᠢᠷᠢ ᠪᠦᠳᠤᠮᠵᠢ ᠲᠤᠭᠠᠨ ᠤ ᠤᠬᠠᠭᠠᠨ ᠤ ᠴᠢᠳᠠᠪᠤᠷᠢ᠂ ᠲᠤᠭᠠᠨ ᠤ ᠤᠬᠠᠭᠠᠨ ᠤ ᠭᠡᠪ ᠪᠤᠯᠪᠠᠰᠤᠷᠠᠯ | ᠵᠡᠷᠭᠡ ᠶᠢ ᠲᠡᠭᠡᠭᠰᠢᠯᠠᠭᠦᠯᠵᠦ ᠲᠤᠭᠠᠨ ᠤ ᠤᠬᠠᠭᠠᠨ ᠤ ᠬᠢᠷᠢ ᠲᠦᠪᠰᠢᠨ ᠢ ᠦᠨᠳᠤᠷᠵᠢᠭᠦᠯᠭᠦ ᠪᠤᠯᠤᠮᠵᠢ ᠲᠠᠢ | ᠪᠠᠶᠢᠳᠠᠬ᠃ ᠰᠤᠷᠤᠭᠴᠢᠳ ᠠᠩᠬ᠎ᠠ ᠲᠤᠮᠳᠠᠳᠤ ᠶᠢᠨ ᠲᠤᠭᠠᠨ ᠤ ᠤᠬᠠᠭᠠᠨ ᠢ ᠰᠤᠷᠬᠤ ᠵᠠᠮ ᠳᠤ ᠨᠢ ᠤᠷᠤᠴᠢᠬᠠᠪᠠᠯ | ᠲᠠᠭᠡᠳᠤ ᠲᠤᠮᠳᠠᠳᠤ ᠶᠢᠨ ᠲᠤᠭᠠᠨ ᠤ ᠤᠬᠠᠭᠠᠨ ᠢ ᠰᠤᠷᠬᠤ ᠳᠤ ᠦᠨᠳᠤᠰᠤᠨ ᠳᠤ ᠪᠠᠨ ᠭᠦᠴᠢᠷᠳᠠᠭᠦ ᠦᠭᠡᠢ | ᠪᠤᠯᠴᠢᠬᠠᠬᠤ ᠶᠤᠮ᠃ ᠵᠠᠷᠢᠮ ᠭᠡᠤᠭᠡᠳ ᠲᠡᠭᠡᠳᠤ ᠲᠤᠮᠳᠠᠳᠤ ᠳᠤ ᠤᠷᠤᠴᠢᠬᠠᠭᠠᠳ ᠲᠤᠭᠠᠨ ᠤ ᠤᠬᠠᠭᠠᠨ ᠰᠤᠷᠬᠤ ᠪᠠᠷ | ᠭᠦᠴᠦᠯᠡᠭᠰᠡᠨ ᠴᠤ ᠰᠤᠷᠴᠤ ᠲᠠᠶᠢᠯᠭᠦ ᠦᠭᠡᠢ ᠪᠠᠶᠢᠳᠠᠬ ᠨᠢ ᠲᠠᠷᠠ ᠵᠦᠪᠭᠡᠨ ᠲᠤᠭᠠᠨ ᠤ ᠤᠬᠠᠭᠠᠨ ᠰᠤᠷᠬᠤ | ᠬᠦᠯ ᠳᠤ ᠨᠢ ᠤᠷᠤᠭᠰᠠᠨ ᠲᠠᠳᠤᠢ᠂ ᠲᠤᠭᠠᠨ ᠤ ᠤᠬᠠᠭᠠᠨ ᠰᠤᠷᠬᠤ ᠵᠠᠮ ᠳᠤ ᠨᠢ ᠮᠦᠨ ᠯᠡ ᠤᠷᠤᠭᠠᠳᠤᠢ ᠪᠠᠶᠢᠭ᠎ᠠ | ᠳ᠋ᠠ᠃ ᠲᠡᠭᠡᠳᠤ ᠲᠤᠮᠳᠠᠳᠤ ᠶᠢᠨ ᠰᠤᠷᠬᠤ ᠠᠭᠤᠯᠭ᠎ᠠ ᠲᠠᠢ ᠬᠤᠯᠪᠤᠭᠳᠠᠬᠤ ᠠᠩᠬ᠎ᠠ ᠲᠤᠮᠳᠠᠳᠤ ᠶᠢᠨ ᠵᠠᠷᠢᠮ | ᠮᠠᠳᠠᠯᠭᠡ ᠶᠢ ᠤᠢᠢᠯᠠᠭᠠᠵᠤ ᠡᠵᠡᠮᠰᠢᠭᠦ ᠶᠢᠨ ᠵᠡᠷᠭᠡᠳᠠ ᠵᠤᠬᠢᠬᠤ ᠭᠡᠮᠵᠢᠶᠠᠨ ᠤ ᠰᠠᠳᠤᠪ ᠬᠢᠵᠤ ᠪᠤᠯᠪᠠᠰᠤᠷᠠᠬᠤ | ᠴᠢᠬᠤᠯᠠ ᠲᠠᠢ ᠶᠤᠮ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠭᠦᠭᠡᠬᠤᠳᠠ ᠶᠢᠨ ᠮᠤᠩᠭᠤᠯ ᠦᠨᠳᠤᠰᠤᠳᠠᠨ ᠤ ᠰᠤᠷᠭᠠᠭᠤᠯᠢ | ︵ᠮᠦᠡᠭᠭᠦᠨᠴᠢᠮᠡᠭ ᠨᠠᠶᠢᠷᠠᠭᠤᠯᠪᠠ︶ | | | |