ᠰᠡᠴᠡᠨᠰᠠᠶᠢᠬᠠᠨ ᠯᠢ ᠠᠭᠤᠯᠠ | | | | | ᠮᠣᠩᠭᠤᠯ ᠬᠡᠯᠡᠨ ᠤ ᠦᠭᠡ ᠶᠢ ᠦᠰᠦᠭ ᠢᠶᠠᠷ ᠰᠠᠯᠭᠠᠬᠤ ᠳᠤ ᠦᠨᠡᠨ ᠳᠤ ᠪᠠᠨ ᠲᠡᠶᠢᠮᠦ ᠬᠦᠴᠢᠷ ᠪᠢᠰᠢ | ᠶᠤᠮ᠃ ᠭᠡᠪᠡᠴᠦ ᠮᠠᠨ ᠤ ᠪᠠᠭᠰᠢ ᠰᠤᠷᠤᠭᠴᠢ ᠮᠣᠩᠭᠤᠯ ᠬᠡᠯᠡᠨ ᠵᠦᠢ ᠶᠢᠨ ᠮᠡᠳᠡᠯᠭᠡ ᠶᠢ ᠲᠡᠳᠦᠢ ᠰᠠᠶᠢᠨ ᠰᠤᠷᠤᠭᠰᠠᠨ | ᠦᠭᠡᠢ ᠪᠤᠶᠤ ᠰᠤᠷᠤᠭᠰᠠᠨ ᠮᠡᠳᠡᠯᠭᠡ ᠪᠠᠨ ᠲᠡᠳᠦᠢ ᠰᠠᠶᠢᠬᠠᠨ ᠠᠮᠢᠳᠤᠯᠢᠭ ᠬᠡᠷᠡᠭᠯᠡᠵᠦ ᠴᠢᠳᠠᠬᠤ ᠦᠭᠡᠢ ᠠᠴᠠ ᠪᠣᠯᠵᠤ | ᠶᠡᠷᠦ ᠨᠢ ᠪᠤᠷᠤᠭᠤ ᠰᠠᠯᠭᠠᠵᠤ᠂ ᠬᠤᠪᠢ ᠠᠯᠳᠠᠳᠠᠭ ᠪᠠᠶᠢᠨ᠎ᠠ᠃ ᠮᠣᠩᠭᠤᠯ ᠬᠡᠯᠡᠨ ᠤ ᠦᠭᠡᠰ ᠢ ᠦᠰᠦᠭ ᠢᠶᠠᠷ | ᠰᠠᠯᠭᠠᠬᠤ ᠳᠤ ᠳᠣᠣᠷᠠᠬᠢ ᠬᠡᠳᠦᠨ ᠵᠦᠢᠯ ᠢ ᠠᠩᠬᠠᠷᠬᠤ ᠴᠢᠬᠤᠯᠠᠲᠠᠢ᠃ | ᠨᠢᠭᠡ᠂ ᠦᠭᠡ ᠶᠢᠨ ᠡᠬᠢᠨ ᠳᠤ ᠣᠷᠣᠭᠰᠠᠨ ᠡᠭᠡᠰᠢᠭ ᠢ ᠰᠠᠯᠭᠠᠬᠤ ᠦᠭᠡᠢ᠃ ᠵᠢᠱᠢᠶᠡᠯᠡᠪᠡᠯ᠂ ︽ᠠᠪᠤ᠂ | ᠡᠵᠢ᠂ ᠢᠷ᠎ᠡ᠂ ᠣᠴᠢ᠂ ᠤᠴᠢᠷ᠂ ᠥᠨᠥ᠂ ᠦᠷ᠎ᠡ︾ ᠭᠡᠬᠦ ᠦᠭᠡᠨ ᠳᠠᠬᠢ ᠦᠭᠡ ᠶᠢᠨ ᠡᠬᠢᠨ ᠳᠤ ᠣᠷᠣᠭᠰᠠᠨ | ︽ᠠ᠊᠂ ᠡ᠊᠂ ᠢ᠊᠂ ᠣ᠊᠂ ᠣ᠊᠂ ᠦ᠊᠂ ᠦ᠊︾ ᠵᠡᠷᠭᠡ ᠳᠠᠩ ᠡᠭᠡᠰᠢᠭ ᠢ ᠰᠠᠯᠭᠠᠳᠠᠭ ᠦᠭᠡᠢ᠃ ᠭᠡᠲᠡᠯ᠎ᠡ | ᠦᠭᠡ ᠶᠢᠨ ᠡᠬᠢᠨ᠂ ᠳᠤᠮᠳᠠ ᠪᠤᠶᠤ ᠠᠳᠠᠭ ᠲᠤ ᠣᠷᠣᠭᠰᠠᠨ ᠳᠠᠪᠬᠤᠷ ᠡᠭᠡᠰᠢᠭ ᠪᠤᠶᠤ ᠬᠤᠣᠰ ᠡᠭᠡᠰᠢᠭ ᠢ | ᠬᠠᠷᠢᠨ ᠰᠠᠯᠭᠠᠳᠠᠭ ᠶᠤᠮ᠃ ᠵᠢᠱᠢᠶᠡᠯᠡᠪᠡᠯ᠂ ︽ᠠᠶᠢᠯ — ᠠ᠊ ᠵᠢ᠊ ᠯ︾᠂ ︽ᠲ᠊ ᠤᠤ᠋ ᠯᠠ — ᠲ᠊ ᠤ᠊ ᠤ᠊ ᠯ᠊ | ᠠ︾᠂ ︽ᠭᠠᠷᠤᠢ — ᠭ᠊ ᠠ᠊ ᠷ᠊ ᠤ᠊ ᠢ︾ ᠭᠡᠵᠤ ᠲᠣᠰ ᠲᠣᠰ ᠲᠤ ᠪᠠᠨ ᠰᠠᠯᠳᠠᠭ ᠪᠠᠶᠢᠨ᠎ᠠ᠃ | ᠬᠤᠶᠠᠷ᠂ ᠳᠡᠪᠢᠰᠬᠡᠷ ᠦᠰᠦᠭ ᠢ ᠰᠠᠯᠭᠠᠳᠠᠭ ᠦᠭᠡᠢ᠃ ᠶᠡᠷᠦ ᠨᠢ ᠦᠭᠡ ᠶᠢ ᠦᠰᠦᠭ ᠢᠶᠠᠷ ᠰᠠᠯᠭᠠᠬᠤ ᠳᠤ | ᠦᠭᠡ ᠶᠢᠨ ᠳᠤᠮᠳᠠ ᠪᠤᠶᠤ ᠠᠳᠠᠭ ᠲᠤ ᠣᠷᠣᠭᠰᠠᠨ ᠳᠡᠪᠢᠰᠬᠡᠷ ᠦᠰᠦᠭ ᠢ ᠠᠯᠢ ᠶᠢ ᠨᠢ ᠴᠦ ᠰᠠᠯᠭᠠᠳᠠᠭ ᠦᠭᠡᠢ | ᠶᠤᠮ᠃ ᠵᠢᠱᠢᠶᠡᠯᠡᠪᠡᠯ᠂ ︽ᠠ᠊ᠡᠭ᠊ᠴᠢᠨ — ᠠ᠊ ᠩ᠊ ᠴ᠊ ᠢ᠊ ᠨ︾᠂ ︽ᠮᠥᠳᠳᠥ — ᠮ᠊ ᠥ᠋᠊ ᠳ᠊ ᠳ᠋᠊ | ᠤ︾᠂ ︽ᠰᠠᠩ — ᠰ᠊ ᠠ᠊ ᠩ︾᠂ ︽ᠠᠷᠠᠳ — ᠠ᠊ ᠷ᠊ ᠠ᠊ ᠤᠨ︾ ᠭᠡᠬᠦ ᠮᠡᠲᠦ ᠶᠢᠨ ᠳᠤᠮᠳᠠ ᠣᠷᠣᠬᠤ | ︽ᠳ᠊᠂ ᠩ᠊︾ ᠪᠠ ᠠᠳᠠᠭ ᠲᠤ ᠣᠷᠣᠬᠤ ︽ ᠤᠨ᠂ ᠩ︾ ᠵᠡᠷᠭᠡ ᠳᠡᠪᠢᠰᠬᠡᠷ ᠦᠰᠦᠭ ᠢ ᠰᠠᠯᠭᠠᠵᠤ ᠪᠣᠯᠳᠠᠭ ᠦᠭᠡᠢ | ᠶᠤᠮ᠃ | ᠭᠤᠷᠪᠠ᠂ ᠦᠭᠡ ᠶᠢᠨ ᠤᠳᠬ᠎ᠠ ᠢᠯᠭᠠᠳᠠᠭ ᠵᠢᠭᠢᠷᠢᠭ ᠳᠦᠷᠰᠦ ᠶᠢ ᠨᠡᠶᠢᠯᠡᠭᠦᠯᠵᠦ ᠪᠢᠴᠢᠬᠦ ᠳᠤ ᠨᠡᠮᠡᠨ | ᠪᠢᠴᠢᠵᠦ᠂ ᠦᠰᠦᠭ ᠢᠶᠠᠷ ᠰᠠᠯᠭᠠᠬᠤ ᠳᠤ ᠣᠷᠬᠢᠵᠤ ᠪᠢᠴᠢᠳᠡᠭ᠃ ᠵᠢᠱᠢᠶᠡᠯᠡᠪᠡᠯ᠂ ︽ᠬᠢᠪᠡ — ᠊ᠭ᠊ ᠵ᠊ ᠪ᠊ | ᠡ︾ ᠭᠡᠵᠤ ︽ᠪᠠ︾ ᠶᠢᠨ ᠠᠴᠤᠭ ︽ᠠ᠊︾ ᠢ ᠨᠡᠶᠢᠯᠡᠭᠦᠯᠵᠦ ᠪᠢᠴᠢᠬᠦ ᠦᠶᠡᠰ ᠨᠡᠮᠡᠨ ᠪᠢᠴᠢᠵᠦ᠂ ᠠᠪᠢᠶ᠎ᠠ ᠦᠰᠦᠭ | ᠢᠶᠠᠷ ᠰᠠᠯᠭᠠᠬᠤ ᠳᠤ ᠶᠡᠷᠦ ᠪᠢᠴᠢᠳᠡᠭ ᠦᠭᠡᠢ ᠣᠷᠬᠢᠳᠠᠭ ᠪᠠᠶᠢᠨ᠎ᠠ᠃ ᠡ᠊ᠨᠳᠡ ᠨᠡᠮᠡᠭᠳᠡᠵᠦ ᠪᠢᠴᠢᠭᠳᠡᠵᠦ ᠪᠠᠶᠢᠭ᠎ᠠ | ︽ᠠ᠊︾ ᠡᠭᠡᠰᠢᠭ ︵ᠠᠴᠤᠭ︾ ᠨᠢ ᠵᠥᠪᠬᠡᠨ ᠦᠭᠡ ᠶᠢᠨ ᠠᠳᠠᠭ ᠲᠤ ᠣᠷᠣᠬᠤ ︽ᠭ︾ ᠳᠡᠪᠢᠰᠬᠡᠷ ᠦᠰᠦᠭ ᠠᠴᠠ | ᠤᠳᠬ᠎ᠠ ᠢᠯᠭᠠᠨ ᠬᠡᠷᠡᠭᠯᠡᠵᠦ ᠪᠠᠶᠢᠭ᠎ᠠ ᠤᠴᠢᠷ ᠪᠣᠯᠬᠤ ᠶᠤᠮ᠃ ᠨᠥᠭᠦᠭᠡᠳᠡᠬᠢ ᠨᠢ ︽ᠬᠤᠸᠠᠷ — ᠬ᠊ ᠤ᠊ ᠠ᠊ | ᠷ︾ ᠭᠡᠵᠤ ᠦᠭᠡ ᠶᠢᠨ ᠳᠤᠮᠳᠠ ᠣᠷᠣᠬᠤ ︽ᠤ᠊︾ ᠪᠣᠯᠣᠨ ︽ᠠ᠊︾ ᠶᠢᠨ ᠬᠤᠣᠰ ᠡᠭᠡᠰᠢᠭ ᠢ ᠳᠤᠮᠳᠠ ᠣᠷᠣᠬᠤ | ︽ᠳ᠊︾ ᠳᠡᠪᠢᠰᠬᠡᠷ ᠦᠰᠦᠭ ᠠᠴᠠ᠂ ︽ᠬᠤᠸᠠ — ᠬ᠊ ᠤ᠊ ᠠ︾ ᠭᠡᠵᠤ ᠦᠭᠡ ᠶᠢᠨ ᠠᠳᠠᠭ ᠲᠤ ᠣᠷᠣᠬᠤ | ︽ᠤ᠊︾ ᠪᠣᠯᠣᠨ ︽ᠠ︾ ᠶᠢᠨ ᠬᠤᠣᠰ ᠡᠭᠡᠰᠢᠭ ᠢ ᠠᠳᠠᠭ ᠲᠤ ᠣᠷᠣᠬᠤ ︽ ᠤᠨ︾ ᠳᠡᠪᠢᠰᠬᠡᠷ ᠦᠰᠦᠭ ᠠᠴᠠ | ᠳᠦᠷᠰᠦ ᠢᠯᠭᠠᠬᠤ ᠶᠢᠨ ᠲᠥᠯᠥᠭᠡ ᠬᠤᠭᠤᠷᠣᠨᠳᠤ ᠨᠢ ᠵᠢᠭᠢᠷᠢᠭ ᠳᠦᠷᠰᠦ ︽ᠸ᠊︾ ᠶᠢ ᠨᠡᠮᠡᠨ ᠪᠢᠴᠢᠵᠦ ᠢᠯᠭᠠᠳᠠᠭ | ᠪᠠᠶᠢᠨ᠎ᠠ᠃ ᠬᠠᠷᠢᠨ ᠡᠭᠦᠨ ᠢ ᠶᠠᠭᠠᠬᠢᠭᠰᠠᠨ ᠴᠦ ︽ᠬᠤᠸᠠᠷ — ᠬᠤ ᠸᠠᠷ︾᠂ ︽ᠬᠤᠸᠠ — ᠬᠤ | ᠸᠠ︾ ᠭᠡᠵᠤ ᠦᠶ᠎ᠡ ᠪᠠᠷ ᠰᠠᠯᠳᠠᠭ ᠭᠡᠵᠤ ︽ᠸ᠊︾ ᠭᠡᠶᠢᠭᠦᠯᠦᠭᠴᠢ ᠲᠠᠢ ᠦᠰᠦᠭ ᠭᠡᠵᠤ ᠠᠨᠳᠠᠭᠤᠷᠠᠨ ᠵᠢᠭᠠᠵᠤ | ᠪᠣᠯᠳᠠᠭ ᠦᠭᠡᠢ ᠶᠤᠮ᠃ ᠢᠩᠭᠢᠵᠦ ᠦᠵᠡᠪᠡᠯ ︽ᠬᠤᠸᠠᠷ᠂ ᠬᠤᠸᠠ︾ ᠭᠡᠰᠡᠨ ᠬᠤᠶᠠᠷ ᠦᠭᠡ ᠶᠡᠷᠦ ᠦᠶ᠎ᠡ ᠪᠠᠷ | ᠰᠠᠯᠳᠠᠭ ᠦᠭᠡᠢ ᠭᠠᠭᠴᠠ ᠦᠶᠡᠲᠦ ᠬᠤᠣᠰ ᠡᠭᠡᠰᠢᠭ ᠲᠠᠢ ᠦᠭᠡ ᠪᠣᠯᠬᠤ ᠶᠤᠮ᠃ | ᠳᠥᠷᠪᠡ᠂ ᠳᠤᠰᠤᠯ ᠰᠡᠷᠭᠦᠭᠡᠵᠦ ᠪᠢᠴᠢᠬᠦ ᠲᠤᠬᠠᠢ᠂ ᠳᠠᠷᠤᠢ ︽ᠵᠢ᠊ ︵ᠢ᠊︶᠂ ᠢ︾ ᠡᠭᠡᠰᠢᠭ ᠤᠨ ᠡᠮᠦᠨ᠎ᠡ | ᠪᠢᠴᠢᠭᠳᠡᠬᠦ ︽ᠱ᠊︾ ᠭᠡᠶᠢᠭᠦᠯᠦᠭᠴᠢ ᠶᠢᠨ ᠳᠤᠰᠤᠯ ᠪᠣᠯᠣᠨ ︽ᠰ᠊᠂ ᠳ᠊︾ ᠳᠡᠪᠢᠰᠬᠡᠷ ᠦᠰᠦᠭ ᠤᠨ ᠳᠠᠷᠠᠭ᠎ᠠ | ᠣᠷᠣᠭᠰᠠᠨ ︽ᠭᠠ᠊︾ ᠶᠢᠨ ᠳᠤᠰᠤᠯ ᠢ ᠨᠡᠶᠢᠯᠡᠭᠦᠯᠵᠦ ᠪᠢᠴᠢᠭᠰᠡᠭᠡᠷ ᠳᠤᠰᠤᠯ ᠢ ᠨᠢ ᠣᠷᠬᠢᠵᠤ᠂ ᠰᠠᠯᠭᠠᠵᠤ ᠪᠢᠴᠢᠭᠰᠡᠭᠡᠷ | ᠳᠤᠰᠤᠯ ᠢ ᠨᠢ ᠰᠡᠷᠭᠦᠭᠡᠵᠦ ᠪᠢᠴᠢᠳᠡᠭ ᠪᠠᠶᠢᠨ᠎ᠠ᠃ ᠵᠢᠱᠢᠶᠡᠯᠡᠪᠡᠯ᠂ ︽ᠰᠢᠳᠦ — ᠱ᠊ ᠢ᠊ ᠳ᠋᠊ ᠤ︾᠂ ︽ᠳᠠᠰᠬᠠ᠊ | ᠯ — ᠲ᠊ ᠠ᠊ ᠰ᠊ ᠭᠠ᠊ ᠯ︾᠂ ︽ᠳᠠᠳᠬᠠᠯ — ᠲ᠊ ᠠ᠊ ᠳ᠊ ᠬ᠋᠊ ᠠ᠊ ᠯ︾ ᠭᠡᠬᠦ ᠮᠡᠲᠦ᠃ | ᠡ᠊ᠨᠳᠡ ᠪᠢᠳᠠ ︽ᠰ᠊︾ ᠭᠡᠶᠢᠭᠦᠯᠦᠭᠴᠢ ᠨᠢ ᠮᠣᠩᠭᠤᠯ ᠬᠡᠯᠡᠨ ᠳᠤ ᠬᠡᠵᠢᠶᠡᠳᠡ ︽ᠢ᠊︾ ᠡᠭᠡᠰᠢᠭ ᠤᠨ ᠡᠮᠦᠨ᠎ᠡ | ᠪᠢᠴᠢᠭᠳᠡᠳᠡᠭ ᠦᠭᠡᠢ ᠶᠣᠰᠣ ᠶᠢ ᠪᠠᠲᠤ ᠴᠡᠭᠡᠵᠢᠯᠡᠵᠦ᠂ ᠡᠨᠡ ᠰᠠᠭᠤᠷᠢᠨ ᠳᠡᠭᠡᠷ᠎ᠡ ᠮᠣᠩᠭᠤᠯ ᠬᠡᠯᠡᠨ ᠳᠠᠬᠢ | ︽ᠢ᠊︾ ᠡᠭᠡᠰᠢᠭ ᠤᠨ ᠡᠮᠦᠨ᠎ᠡ ᠳᠤᠰᠤᠯ ᠦᠭᠡᠢ ᠪᠠᠷ ᠪᠢᠴᠢᠭᠳᠡᠵᠦ ︽ᠰᠢ᠊᠂ ᠰᠢ︾ ᠳᠦᠷᠰᠦ ᠨᠢ ᠪᠦᠷ | ︽ᠱ᠊︾ ᠭᠡᠶᠢᠭᠦᠯᠦᠭᠴᠢ ᠨᠢ ︽ᠢ᠊︾ ᠡᠭᠡᠰᠢᠭ ᠤᠨ ᠡᠮᠦᠨ᠎ᠡ ᠣᠷᠣᠬᠤ ︵ᠪᠢᠴᠢᠭᠳᠡᠬᠦ︶ ᠳᠤ ᠪᠠᠨ ᠳᠤᠰᠤᠯ ᠢᠶᠠᠨ | ᠣᠷᠬᠢᠵᠤ ᠪᠢᠴᠢᠭᠳᠡᠳᠡᠭ ᠭᠡᠰᠡᠨ ᠶᠣᠰᠣ ᠶᠢ ᠴᠦ ᠲᠣᠳᠣᠷᠬᠠᠢ ᠮᠡᠳᠡᠬᠦ ᠬᠡᠷᠡᠭᠲᠡᠢ᠃ ᠵᠢᠱᠢᠶᠡᠯᠡᠪᠡᠯ᠂ ︽ᠪᠢᠰᠢ᠂ ᠪᠠᠭᠰᠢ᠂ | ᠪᠢᠰᠢᠷᠡᠬᠦ᠂ ᠰᠢᠢᠳᠪᠦᠷᠢ︾ ᠭᠡᠬᠦ ᠮᠡᠲᠦ ᠶᠢᠨ ᠪᠦᠷ ᠦᠭᠡ ᠶᠢᠨ ︽ᠱ᠊︾ ᠭᠡᠶᠢᠭᠦᠯᠦᠭᠴᠢ ᠨᠢ ︽ᠢ᠊︾ ᠡᠭᠡᠰᠢᠭ ᠤᠨ | ᠡᠮᠦᠨ᠎ᠡ ᠣᠷᠣᠬᠤ ︵ᠪᠢᠴᠢᠭᠳᠡᠬᠦ︶ ᠳᠤ ᠪᠠᠨ ᠳᠤᠰᠤᠯ ᠢᠶᠠᠨ ᠣᠷᠬᠢᠵᠤ ᠪᠢᠴᠢᠭᠳᠡᠳᠡᠭ ᠪᠠᠶᠢᠨ᠎ᠠ᠃ ᠡ᠊ᠨᠳᠡ ᠮᠣᠩᠭᠤᠯ | ᠬᠡᠯᠡᠨ ᠳᠤ ︽ᠱᠢ︾ ᠳᠦᠷᠰᠦ ᠪᠠᠷ ᠪᠢᠴᠢᠭᠳᠡᠬᠦ ᠦᠭᠡ ᠭᠡᠪᠡᠯ ︽ᠵᠢᠱᠢᠶ᠎ᠡ᠂ ᠱᠢᠷᠦ︾ ᠭᠡᠬᠦ ︽ᠵᠢᠰᠢᠶ᠎ᠡ︾ ᠠᠴᠠ | ᠳᠦᠷᠰᠦ ᠢᠯᠭᠠᠭᠰᠠᠨ ︽ᠵᠢᠱᠢᠶ᠎ᠡ︾ ᠪᠣᠯᠣᠨ ᠲᠣᠭᠲᠠᠭᠰᠠᠨ ᠪᠢᠴᠢᠯᠭᠡ ᠲᠠᠢ ︽ᠱᠢᠷᠦ︾ ᠭᠡᠬᠦ ᠬᠤᠶᠠᠷᠬᠠᠨ ᠣᠨᠴᠠᠭᠠᠢ | ᠦᠭᠡ ᠪᠠᠶᠢᠳᠠᠭ ᠢ ᠴᠦ ᠳᠤᠷᠠᠳᠤᠭᠤᠰᠢᠲᠠᠢ ᠪᠠᠶᠢᠨ᠎ᠠ᠃ ᠢᠩᠭᠢᠵᠦ ᠬᠡᠯᠡᠭᠰᠡᠭᠡᠷ ᠯᠡ ᠮᠣᠩᠭᠤᠯ ᠦᠭᠡᠨ ᠤ ᠴᠠᠭᠠᠨ | ᠲᠣᠯᠣᠭᠠᠢ ᠳᠤ ᠦᠨᠡᠨ ᠳᠤ ᠪᠠᠨ ︽ᠰᠠ᠂ ᠰᠡ᠂ ᠰᠢ᠂ ᠰᠤ᠂ ᠰᠤ᠂ ᠰᠦ᠂ ᠰᠦ︾ ᠳᠠᠬᠢ ︽ᠰᠢ︾ ᠳᠦᠷᠰᠦ | ᠪᠠᠶᠢᠳᠠᠭ ᠦᠭᠡᠢ᠃ ᠬᠠᠷᠢᠨ ᠡᠨᠡ ︽ᠰᠢ︾ ᠳᠦᠷᠰᠦ ᠨᠢ ᠦᠨᠡᠨ ᠳᠤ ᠪᠠᠨ ︽ᠱᠠ︾ ᠶᠢᠨ ᠠᠶᠢᠮᠠᠭ ᠤᠨ | ︽ᠰᠢ︾ ᠳᠦᠷᠰᠦ ᠪᠠᠶᠢᠵᠤ᠂ ︽ᠱᠠ︾ ᠶᠢᠨ ᠠᠶᠢᠮᠠᠭ ᠤᠨ ︽ᠱᠢ︾ ᠳᠦᠷᠰᠦ ᠨᠢ ᠦᠨᠡᠨ ᠳᠤ ᠪᠠᠨ ᠬᠢᠲᠠᠳ | ᠬᠡᠯᠡᠨ ᠳᠠᠬᠢ ︽ᡁᠢ᠂ ᠣᠣᠢ᠂ ᠱᠢ᠂ ᠡᠯ︾ ᠶᠢᠨ ︽ᠱᠢ︾ ︵石︶ ᠶᠢ ᠲᠡᠮᠳᠡᠭᠯᠡᠳᠡᠭ ᠪᠢᠴᠢᠯᠭᠡ ᠪᠣᠯᠬᠤ ᠶᠤᠮ᠃ | ᠨᠥᠭᠦᠭᠡ ᠨᠢᠭᠡ ᠨᠢ ᠳᠠᠷᠤᠢ ︽ᠰ᠊᠂ ᠳ᠊︾ ᠳᠡᠪᠢᠰᠬᠡᠷ ᠦᠰᠦᠭ ᠤᠨ ᠳᠠᠷᠠᠭ᠎ᠠ ᠣᠷᠣᠭᠰᠠᠨ ︽ᠭᠠ᠊︾ ᠶᠢᠨ | ᠳᠤᠰᠤᠯ ᠢ ᠨᠡᠶᠢᠯᠡᠭᠦᠯᠵᠦ ᠪᠢᠴᠢᠭᠰᠡᠭᠡᠷ ᠳᠤᠰᠤᠯ ᠢ ᠨᠢ ᠣᠷᠬᠢᠵᠤ᠂ ᠰᠠᠯᠭᠠᠵᠤ ᠪᠢᠴᠢᠭᠰᠡᠭᠡᠷ ᠳᠤᠰᠤᠯ ᠢ ᠨᠢ ᠰᠡᠷᠭᠦᠭᠡᠵᠦ | ᠪᠢᠴᠢᠳᠡᠭ ᠪᠠᠶᠢᠨ᠎ᠠ᠃ ︽ᠬᠤᠪᠢᠰᠬᠠᠯ᠂ ᠤᠷᠤᠰᠬᠠᠯ᠂ ᠠᠳᠬᠠᠭ᠂ ᠳᠤᠷᠠᠰᠬᠠᠯ᠂ ᠳᠤᠷᠠᠳᠬᠠᠯ᠂ ᠠᠳᠬᠤ᠂ ᠴᠠᠳᠬᠠ᠂ | ᠠᠳᠠᠰᠬ᠎ᠠ᠂ ᠲᠤᠷᠠᠰᠬ᠎ᠠ︾ ᠭᠡᠬᠦ ᠮᠡᠲᠦ ᠶᠢᠨ ᠦᠭᠡᠨ ᠳᠠᠬᠢ ︽ᠰ᠊᠂ ᠳ᠊︾ ᠳᠡᠪᠢᠰᠬᠡᠷ ᠦᠰᠦᠭ ᠤᠨ ᠳᠠᠷᠠᠭ᠎ᠠ | ᠣᠷᠣᠭᠰᠠᠨ ︽ᠭᠠ᠊︾ ᠶᠢᠨ ᠳᠤᠰᠤᠯ ᠢ ᠪᠦᠬᠦᠯᠢ ᠦᠰᠦᠭ ᠢᠶᠠᠷ ᠪᠢᠴᠢᠬᠦ ᠳᠤ ᠨᠢ ᠣᠷᠬᠢᠵᠤ᠂ ᠦᠶ᠎ᠡ ᠪᠠᠷ ᠰᠠᠯᠭᠠᠬᠤ | ᠪᠤᠶᠤ ᠦᠰᠦᠭ ᠢᠶᠠᠷ ᠰᠠᠯᠭᠠᠬᠤ ᠳᠤ ᠰᠡᠷᠭᠦᠭᠡᠵᠦ ᠪᠢᠴᠢᠬᠦ ᠬᠡᠷᠡᠭᠲᠡᠢ᠃ | ᠲᠠᠪᠤ᠂ ᠦᠭᠡ ᠶᠢᠨ ᠳᠤᠮᠳᠠ ᠣᠷᠣᠬᠤ ︽ᠢ᠊︾ ᠶᠢᠨ ᠳᠠᠪᠬᠤᠷ ᠰᠢᠯᠪᠢ ᠲᠠᠢ ᠪᠣᠯᠣᠨ ᠳᠠᠩ ᠰᠢᠯᠪᠢ ᠲᠠᠢ | ᠳᠦᠷᠰᠦ ᠶᠢ ᠵᠥᠪ ᠰᠠᠯᠭᠠᠬᠤ ᠭᠡᠷᠡᠭᠳᠠᠢ᠃ ᠮᠣᠩᠭᠤᠯ ᠬᠡᠯᠡᠨ ᠤ ︽ᠢ︾ ᠡᠭᠡᠰᠢᠭ ᠨᠢ ᠦᠭᠡ ᠶᠢᠨ ᠳᠤᠮᠳᠠ ᠳᠠᠪᠬᠤᠷ | ᠰᠢᠯᠪᠢ ᠲᠠᠢ ︽ᠵᠢ᠊︾ ᠪᠣᠯᠣᠨ ᠳᠠᠩ ᠰᠢᠯᠪᠢ ᠲᠠᠢ ︽ᠢ᠊︾ ᠳᠦᠷᠰᠦ ᠪᠠᠷ ᠪᠢᠴᠢᠭᠳᠡᠵᠦ ᠲᠣᠰ ᠲᠣᠰ ᠤᠨ ᠢᠶᠠᠨ | ᠬᠡᠷᠡᠭᠯᠡᠭᠡ ᠲᠠᠢ ᠪᠠᠶᠢᠳᠠᠭ᠃ ᠳᠠᠷᠤᠢ ᠳᠠᠪᠬᠤᠷ ᠰᠢᠯᠪᠢ ᠲᠠᠢ ︽ᠵᠢ᠊︾ ᠶᠢ ᠭᠡᠶᠢᠭᠦᠯᠦᠭᠴᠢ ᠪᠣᠯᠣᠨ ᠰᠢᠯᠪᠢ ᠦᠭᠡᠢ | ᠡᠭᠡᠰᠢᠭ ︵ᠳᠠᠷᠤᠢ ᠠᠴᠤᠭ ᠪᠤᠶᠤ ᠭᠡᠳᠡᠰᠦ ᠲᠠᠢ ᠪᠢᠴᠢᠭᠳᠡᠳᠡᠭ ᠡᠭᠡᠰᠢᠭ︶ ︽ᠠ᠊᠂ ᠡ᠊᠂ ᠣ᠊᠂ ᠣ︾᠂ ᠳᠤᠮᠳᠠ | ᠣᠷᠣᠬᠤ ᠰᠢᠯᠪᠢᠲᠦ ᠡᠭᠡᠰᠢᠭ ︽ᠦ᠊︾ ᠶᠢᠨ ᠰᠢᠯᠪᠢ ᠦᠭᠡᠢ ᠪᠢᠴᠢᠭᠳᠡᠬᠦ ᠳᠦᠷᠰᠦ ︽ᠦ᠊︾ ᠶᠢᠨ ᠳᠠᠷᠠᠭ᠎ᠠ | ᠬᠡᠷᠡᠭᠯᠡᠵᠦ᠂ ᠳᠠᠩ ᠰᠢᠯᠪᠢ ᠲᠠᠢ ︽ᠢ᠊︾ ᠳᠦᠷᠰᠦ ᠶᠢ ᠰᠢᠯᠪᠢᠲᠦ ᠡᠭᠡᠰᠢᠭ ︵ᠳᠠᠷᠤᠢ ᠰᠢᠯᠪᠢ ᠲᠠᠢ ᠪᠢᠴᠢᠭᠳᠡᠳᠡᠭ | ᠡᠭᠡᠰᠢᠭ︶ ︽ᠢ᠊᠂ ᠦ᠊᠂ ᠦ᠊︾ ᠶᠢᠨ ᠳᠠᠷᠠᠭ᠎ᠠ ᠲᠣᠰ ᠲᠣᠰ ᠢᠯᠭᠠᠵᠤ ᠬᠡᠷᠡᠭᠯᠡᠳᠡᠭ᠃ ᠵᠢᠱᠢᠶᠡᠯᠡᠪᠡᠯ᠂ | ︽ᠠᠶᠢᠯ︾ ᠭᠡᠵᠤ ︽ᠠ᠊︾ ᠭᠡᠬᠦ ᠰᠢᠯᠪᠢ ᠦᠭᠡᠢ ︵ᠠᠴᠤᠭ ᠲᠠᠢ︶ ᠡᠭᠡᠰᠢᠭ ᠤᠨ ᠳᠠᠷᠠᠭ᠎ᠠ ᠳᠤᠮᠳᠠ ᠣᠷᠣᠬᠤ | ᠳᠠᠪᠬᠤᠷ ᠰᠢᠯᠪᠢ ᠲᠠᠢ ︽ᠵᠢ᠊︾ ᠡᠭᠡᠰᠢᠭ ᠢ ᠬᠡᠷᠡᠭᠯᠡᠵᠦ᠂ ︽ᠭᠦᠳᠦ᠋ᠢᠬᠦ︾ ᠭᠡᠵᠤ ᠦᠭᠡ ᠶᠢᠨ ᠳᠤᠮᠳᠠ ᠣᠷᠣᠬᠤ | ︽ ᠳᠤ︾ ᠶᠢᠨ ︽ᠦ᠊︾ ᠰᠢᠯᠪᠢᠲᠦ ᠡᠭᠡᠰᠢᠭ ︵ᠰᠢᠯᠪᠢ ᠦᠭᠡᠢ ᠭᠡᠳᠡᠰᠦ ᠲᠠᠢ ᠳᠦᠷᠰᠦ︶ ᠤᠨ ᠳᠠᠷᠠᠭ᠎ᠠ ᠳᠤᠮᠳᠠ | ᠣᠷᠣᠬᠤ ᠳᠠᠪᠬᠤᠷ ᠰᠢᠯᠪᠢ ᠲᠠᠢ ︽ᠵᠢ᠊︾ ᠡᠭᠡᠰᠢᠭ ᠢ ᠬᠡᠷᠡᠭᠯᠡᠵᠦ᠂ ︽ᠨᠢᠳᠦ︾ ᠭᠡᠵᠤ ︽ᠨ᠊︾ ᠭᠡᠶᠢᠭᠦᠯᠦᠭᠴᠢ ᠶᠢᠨ | ᠳᠠᠷᠠᠭ᠎ᠠ ᠦᠭᠡ ᠶᠢᠨ ᠳᠤᠮᠳᠠ ᠣᠷᠣᠬᠤ ᠳᠠᠩ ᠰᠢᠯᠪᠢ ᠲᠠᠢ ︽ᠢ᠊︾ ᠶᠢ ᠬᠡᠷᠡᠭᠯᠡᠨ ︽ᠨᠢ᠊︾ ᠦᠶ᠎ᠡ ᠶᠢ ᠪᠦᠲᠦᠭᠡᠵᠦ᠂ | ︽ᠦᠢᠯᠡ︾᠂ ︽ᠰᠢᠢᠳᠬᠦ︾ ᠭᠡᠵᠤ ᠰᠢᠯᠪᠢᠲᠦ ᠡᠭᠡᠰᠢᠭ ᠲᠠᠢ ︽ᠦ᠊︾᠂ ︽ᠰᠢ᠊︾ ᠶᠢᠨ ᠳᠠᠷᠠᠭ᠎ᠠ ᠳᠠᠩ | ᠰᠢᠯᠪᠢ ᠲᠠᠢ ︽ᠢ᠊︾ ᠶᠢ ᠬᠡᠷᠡᠭᠯᠡᠨ᠎ᠡ᠃ ᠡ᠊ᠨᠳᠡ ᠪᠢᠳᠠ ︽ᠰᠢᠢᠳᠬᠦ︾ ᠭᠡᠬᠦ ᠦᠭᠡ ᠶᠢᠨ ︽ᠰᠢᠢ᠊︾ ᠭᠡᠰᠡᠨ | ᠪᠢᠴᠢᠯᠭᠡ ᠨᠢ ︽ᠰᠢ᠊︾ ᠶᠢᠨ ᠳᠠᠷᠠᠭ᠎ᠠ ᠳᠠᠪᠬᠤᠷ ᠰᠢᠯᠪᠢ ᠲᠠᠢ ︽ᠵᠢ᠊︾ ᠶᠢ ᠬᠡᠷᠡᠭᠯᠡᠵᠦ ᠨᠡᠶᠢᠯᠡᠭᠦᠯᠵᠦ ᠪᠢᠴᠢᠭᠰᠡᠭᠡᠷ | ᠨᠢᠭᠡ ᠰᠢᠯᠪᠢ ᠨᠢ ᠭᠡᠭᠡᠭᠳᠡᠨ᠎ᠡ ᠭᠡᠵᠤ ᠵᠢᠭᠠᠪᠠᠯ ᠪᠤᠷᠤᠭᠤᠳᠠᠬᠤ ᠶᠤᠮ᠃ ᠤᠴᠢᠷ ᠨᠢ ᠮᠣᠩᠭᠤᠯ ᠬᠡᠯᠡᠨ ᠳᠤ ᠲᠡᠶᠢᠮᠦ | ᠶᠣᠰᠣ ᠪᠠᠶᠢᠳᠠᠭ ᠦᠭᠡᠢ᠃ | ᠵᠢᠷᠭᠤᠭ᠎ᠠ᠂ ᠦᠭᠡ ᠶᠢᠨ ᠠᠳᠠᠭ ᠲᠤ ᠣᠷᠣᠳᠠᠭ ︽ᠠᠪᠠ᠂ ᠡᠬᠡ︾ ᠳᠠᠬᠢ ᠤᠷᠤᠭᠰᠢᠯᠠᠭ᠎ᠠ ︽ᠠ᠂ | ᠡ︾ ᠶᠢᠨ ︽ᠡ︾ ᠳᠦᠷᠰᠦ ᠪᠣᠯᠣᠨ ᠦᠭᠡ ᠶᠢᠨ ᠠᠳᠠᠭ ᠲᠤ ᠣᠷᠣᠳᠠᠭ ︽ᠬ᠋᠊︾ ᠶᠢᠨ ᠬᠥᠨᠳᠡᠢ ᠳᠡᠪᠢᠰᠬᠡᠷ | ᠳᠦᠷᠰᠦ ︽ᠭ︾ ᠢ ᠡ᠊ᠨᠳᠡᠭᠦᠷᠡᠬᠦ ᠠᠴᠠ ᠬᠢᠴᠢᠶᠡᠬᠦ ᠭᠡᠷᠡᠭᠳᠠᠢ᠃ ᠪᠣᠳᠠᠲᠠᠢ ᠦᠰᠦᠭ ᠢᠶᠠᠷ ᠰᠠᠯᠭᠠᠬᠤ ᠶᠠᠪᠤᠴᠠ ᠳᠤ | ᠮᠠᠨ ᠤ ᠰᠤᠷᠤᠭᠴᠢᠳ ︽ᠰᠠᠪᠠ᠂ ᠥᠭ︾ ᠮᠡᠲᠦ ᠶᠢᠨ ᠦᠭᠡ ᠶᠢᠨ ᠦᠭᠡ ᠶᠢᠨ ᠠᠳᠠᠭ ᠲᠤ ᠣᠷᠣᠬᠤ ︽ᠪᠠ︾ ᠶᠢᠨ | ︽ᠡ︾ ᠳᠦᠷᠰᠦ ᠪᠣᠯᠣᠨ ︽ᠭ︾ ᠳᠡᠪᠢᠰᠬᠡᠷ ᠦᠰᠦᠭ ᠲᠠᠢ ᠬᠤᠳᠬᠤᠨ ︽ᠰᠠᠪᠠ︾ ᠭᠡᠬᠦ ᠦᠭᠡ ᠶᠢ ︽ᠰ᠊ ᠠ᠊ ᠪ᠊ | ᠠ︾ ᠭᠡᠵᠤ ᠦᠭᠡ ᠶᠢᠨ ᠠᠳᠠᠭ ᠲᠤ ᠣᠷᠣᠳᠠᠭ ᠤᠷᠤᠭᠰᠢᠯᠠᠭ᠎ᠠ ︽ᠡ︾ ᠶᠢ ︽ᠭ᠌︾ ᠭᠡᠵᠤ ᠠᠴᠤᠭ ᠲᠠᠢ | ᠪᠤᠷᠤᠭᠤ ᠪᠠᠷ ᠰᠠᠯᠭᠠᠳᠠᠭ᠃ | ᠳᠣᠯᠤᠭ᠎ᠠ᠂ ᠵᠠᠷᠢᠮ ᠵᠢᠭᠡᠯᠡᠭᠡ ᠦᠭᠡ ᠶᠢᠨ ᠡᠴᠦᠰ ᠲᠤ ᠪᠢᠴᠢᠭᠳᠡᠬᠦ ᠭᠡᠶᠢᠭᠦᠯᠦᠭᠴᠢ ᠶᠢᠨ ᠠᠳᠠᠭ ᠲᠤ ᠣᠷᠣᠬᠤ | ᠳᠦᠷᠰᠦ ᠶᠢᠨ ᠲᠤᠬᠠᠢ ᠡ᠊ᠨᠳᠡᠭᠦᠷᠡᠯ ᠢ ᠲᠡᠪᠴᠢᠬᠦ ᠭᠡᠷᠡᠭᠳᠠᠢ᠃ ᠵᠢᠱᠢᠶᠡᠯᠡᠪᠡᠯ᠂ ︽ ᠬᠢ︾ ᠭᠡᠬᠦ ᠦᠭᠡ ︵ᠦᠶ᠎ᠡ︶ ᠶᠢ | ︽ᠭ᠊ ᠢ ︵ ᠢ︶︾ ᠭᠡᠵᠤ ︽ᠭᠡᠶᠢᠭᠦᠯᠦᠭᠴᠢ ᠡᠭᠡᠰᠢᠭ ᠢᠶᠠᠷ ᠪᠦᠲᠦᠭᠰᠡᠨ︾ ᠦᠶ᠎ᠡ ᠪᠠᠷ ᠰᠠᠯᠭᠠᠵᠤ ᠪᠣᠯᠳᠠᠭ | ᠪᠣᠯᠪᠠᠴᠤ ︽ᠨᠣᠲ︾ ᠭᠡᠬᠦ ᠮᠡᠲᠦ ᠶᠢᠨ ᠦᠭᠡᠨ ᠤ ︽ᠲ︾ ᠢ ᠬᠠᠷᠢᠨ ᠲᠡᠭᠡᠵᠦ ᠰᠠᠯᠭᠠᠵᠤ ᠪᠣᠯᠳᠠᠭ ᠦᠭᠡᠢ | ᠶᠤᠮ᠃ ᠤᠴᠢᠷ ᠨᠢ ᠲᠣᠰ ᠦᠶ᠎ᠡ ᠳᠤ ᠡᠭᠡᠰᠢᠭ ᠪᠠᠶᠢᠬᠤ ᠦᠭᠡᠢ᠂ ᠵᠢᠭᠡᠯᠡᠭᠡ ᠦᠭᠡᠨ ᠳᠤ ᠬᠡᠷᠡᠭᠯᠡᠳᠡᠭ ᠪᠡᠶ᠎ᠡ ᠪᠠᠨ | ᠳᠠᠭᠠᠭᠠᠵᠤ ᠪᠢᠴᠢᠭᠳᠡᠳᠡᠭ ᠭᠡᠶᠢᠭᠦᠯᠦᠭᠴᠢ ᠦᠰᠦᠭ ᠪᠠᠶᠢᠭ᠎ᠠ ᠶᠤᠮ᠃ | ᠨᠠᠢᠮᠠ᠂ ᠦᠭᠡ ᠶᠢᠨ ᠳᠤᠮᠳᠠ ᠪᠢᠴᠢᠭᠳᠡᠬᠦ ︽ᠸ᠊︾ ᠳᠦᠷᠰᠦ ᠶᠢᠨ ᠲᠤᠬᠠᠢ᠃ ᠮᠠᠨ ᠤ ᠮᠣᠩᠭᠤᠯ ᠬᠡᠯᠡᠨ ᠳᠤ | ᠦᠭᠡ ᠶᠢᠨ ᠳᠤᠮᠳᠠ ᠪᠢᠴᠢᠭᠳᠡᠬᠦ ︽ᠸ᠊︾ ᠳᠦᠷᠰᠦ ᠨᠢ ︽ᠡ︾ ᠡᠭᠡᠰᠢᠭ ᠤᠨ ᠦᠭᠡ ᠶᠢᠨ ᠳᠤᠮᠳᠠ ᠣᠷᠣᠬᠤ | ᠵᠢᠭᠡᠯᠡᠭᠡ ᠦᠭᠡᠨ ᠳᠤ ᠬᠡᠷᠡᠭᠯᠡᠬᠦ ︽ᠸ᠊︾ ᠳᠦᠷᠰᠦ᠂ ︽ᠸ᠊︾ ᠭᠡᠶᠢᠭᠦᠯᠦᠭᠴᠢ ᠶᠢᠨ ᠦᠭᠡ ᠶᠢᠨ ᠳᠤᠮᠳᠠ ᠣᠷᠣᠬᠤ | ︽ᠸ᠊︾ ᠳᠦᠷᠰᠦ ᠪᠣᠯᠣᠨ ᠳᠦᠷᠰᠦ ᠢᠯᠭᠠᠳᠠᠭ ᠵᠢᠭᠢᠷᠢᠭ ︽ᠸ᠊︾ ᠵᠡᠷᠭᠡ ᠭᠤᠷᠪᠠᠨ ᠵᠦᠢᠯ ᠤᠨ ᠬᠡᠷᠡᠭᠯᠡᠭᠡ ᠲᠠᠢ | ᠪᠠᠶᠢᠳᠠᠭ ᠶᠤᠮ᠃ ᠡᠭᠦᠨ ᠳᠤ ︽ᠡ︾ ᠡᠭᠡᠰᠢᠭ ᠤᠨ ᠦᠭᠡ ᠶᠢᠨ ᠳᠤᠮᠳᠠ ᠣᠷᠣᠬᠤ ᠵᠢᠭᠡᠯᠡᠭᠡ ᠦᠭᠡᠨ ᠳᠤ ᠬᠡᠷᠡᠭᠯᠡᠬᠦ | ︽ᠸ᠊︾ ᠳᠦᠷᠰᠦ᠂ ︽ᠸ᠊︾ ᠭᠡᠶᠢᠭᠦᠯᠦᠭᠴᠢ ᠶᠢᠨ ᠦᠭᠡ ᠶᠢᠨ ᠳᠤᠮᠳᠠ ᠣᠷᠣᠬᠤ ︽ᠸ᠊︾ ᠳᠦᠷᠰᠦ ᠨᠢ | ᠦᠰᠦᠭ ᠢᠶᠠᠷ ᠰᠠᠯᠭᠠᠬᠤ ᠳᠤ ᠲᠣᠰ ᠲᠣᠰ ᠲᠤ ᠪᠠᠨ ᠪᠡᠶ᠎ᠡ ᠪᠠᠨ ᠳᠠᠭᠠᠭᠠᠭᠰᠠᠨ ᠦᠰᠦᠭ ᠢᠶᠠᠷ ᠰᠠᠯᠳᠠᠬ ᠪᠣᠯᠪᠠᠴᠤ | ᠳᠦᠷᠰᠦ ᠢᠯᠭᠠᠳᠠᠭ ᠵᠢᠭᠢᠷᠢᠭ ︽ᠸ᠊︾ ᠳᠦᠷᠰᠦ ᠨᠢ ᠬᠠᠷᠢᠨ ᠨᠡᠶᠢᠯᠡᠭᠦᠯᠵᠦ ᠪᠢᠴᠢᠪᠡᠯ ᠰᠠᠶ᠋ᠢ ᠪᠢᠴᠢᠭᠳᠡᠵᠦ᠂ | ᠰᠠᠯᠭᠠᠵᠤ ᠪᠢᠴᠢᠭᠰᠡᠭᠡᠷ ︵ᠦᠰᠦᠭ ᠢᠶᠠᠷ ᠰᠠᠯᠭᠠᠬᠤ ᠳᠤ︶ ᠣᠷᠬᠢᠭᠳᠠᠨ ᠭᠡᠭᠡᠭᠳᠡᠵᠦ᠂ ᠪᠢᠴᠢᠳᠡᠭ ᠦᠭᠡᠢ | ᠶᠤᠮ᠃ ᠵᠢᠱᠢᠶᠡᠯᠡᠪᠡᠯ᠂ ︽ᠳ᠋ᠧᠩ — ᠳ᠋᠊ ᠸ᠊ ᠩ᠂ ᠲᠠᠸᠠᠷ — ᠲ᠊ ᠠ᠊ ᠸ᠊ ᠠ᠊ ᠷ︾ ᠭᠡᠵᠤ ︽ᠸ᠊︾ ᠳᠦᠷᠰᠦ ᠨᠢ | ᠲᠡᠷᠡ ᠬᠡᠪ ᠢᠶᠠᠷ ᠢᠶᠠᠨ ᠰᠠᠯᠭᠠᠵᠤ ᠪᠢᠴᠢᠭᠳᠡᠳᠡᠭ᠃ ᠭᠡᠲᠡᠯ᠎ᠡ ︽ᠭᠤᠸ᠎ᠠ — ᠭ᠊ ᠤ᠊ ᠸ᠊ ᠠ︾ ᠭᠡᠵᠤ ᠰᠠᠯᠭᠠᠳᠠᠭ | ᠦᠭᠡᠢ ᠬᠠᠷᠢᠨ ︽ᠭᠤᠸ᠎ᠠ — ᠬ᠋᠊ ᠤ᠊ ᠠ︾ ᠭᠡᠵᠤ ᠰᠠᠯᠭᠠᠨ ᠵᠢᠭᠢᠷᠢᠭ ︽ᠸ᠊︾ ᠳᠦᠷᠰᠦ ᠶᠢ ᠪᠢᠴᠢᠳᠡᠭ ᠦᠭᠡᠢ | ᠣᠷᠬᠢᠳᠠᠭ ᠪᠠᠶᠢᠨ᠎ᠠ᠃ ᠤᠴᠢᠷ ᠨᠢ ᠦᠭᠡ ᠶᠢᠨ ᠳᠤᠮᠳᠠ ᠣᠷᠣᠬᠤ ︽ᠤ᠊︾ ᠪᠣᠯᠣᠨ ︽ᠠ᠊︾ ᠶᠢᠨ ᠬᠤᠣᠰ | ᠡᠭᠡᠰᠢᠭ ᠢ ᠳᠤᠮᠳᠠ ᠣᠷᠣᠬᠤ ︽ᠳ᠊︾ ᠳᠡᠪᠢᠰᠬᠡᠷ ᠦᠰᠦᠭ ᠠᠴᠠ ᠢᠯᠭᠠᠬᠤ ᠶᠢᠨ ᠲᠥᠯᠥᠭᠡ ᠨᠡᠶᠢᠯᠡᠭᠦᠯᠵᠦ | ᠪᠢᠴᠢᠭᠰᠡᠭᠡᠷ ᠵᠢᠭᠢᠷᠢᠭ ︽ᠸ᠊︾ ᠳᠦᠷᠰᠦ ᠶᠢ ᠵᠢᠭᠢᠷᠢᠭᠯᠡᠨ ᠪᠢᠴᠢᠳᠡᠭ ᠶᠤᠮ᠃ ᠡ᠊ᠨᠳᠡ ᠬᠠᠷᠢᠨ ᠡᠭᠦᠨ ᠢ ᠮᠥᠨ | ᠳᠤᠮᠳᠠ ᠣᠷᠣᠬᠤ ︽ᠸ᠊︾ ᠳᠦᠷᠰᠦ ᠭᠡᠵᠤ ᠲᠠᠰᠢᠶᠠᠷᠠᠵᠤ ᠪᠣᠯᠳᠠᠭ ᠦᠭᠡᠢ ᠶᠤᠮ᠃ | ᠶᠢᠰᠦ᠂ ᠦᠭᠡ ᠶᠢᠨ ᠳᠤᠮᠳᠠ ᠣᠷᠣᠬᠤ ︽ᠭ᠊︾ ᠳᠡᠪᠢᠰᠬᠡᠷ ᠪᠠ ︽ᠩ᠊︾ ᠳᠡᠪᠢᠰᠬᠡᠷ᠂ ᠦᠭᠡ ᠶᠢᠨ | ᠠᠳᠠᠭ ᠲᠤ ᠣᠷᠣᠳᠠᠭ ︽ᠭ︾ ᠳᠡᠪᠢᠰᠬᠡᠷ ᠪᠣᠯᠣᠨ ︽ᠩ︾ ᠳᠡᠪᠢᠰᠬᠡᠷ ᠢ ᠰᠠᠯᠭᠠᠬᠤ ᠭᠡᠷᠡᠭᠳᠠᠢ᠃ ᠦᠨᠡᠨ ᠢ | ᠬᠡᠯᠡᠬᠦ ᠳᠤ ᠡᠨᠡ ᠬᠤᠶᠠᠷ ᠳᠡᠪᠢᠰᠬᠡᠷ ᠦᠰᠦᠭ ᠢ ᠲᠡᠳᠦᠢ ᠡ᠊ᠨᠳᠡᠭᠦᠷᠡᠵᠦ ᠬᠤᠳᠬᠤᠯᠳᠤᠭᠤᠯᠬᠤ ᠤᠴᠢᠷ ᠦᠭᠡᠢ | ᠶᠤᠮ᠃ ᠭᠡᠪᠡᠴᠦ ᠮᠠᠨ ᠤ ᠵᠠᠷᠢᠮ ᠰᠤᠷᠤᠭᠴᠢ ᠰᠠᠭᠤᠷᠢ ᠠᠨᠠᠢ ᠪᠤᠶᠤ ᠠᠯᠠᠩ ᠰᠠᠯᠠᠩ ᠠᠴᠠ ᠪᠤᠯᠵᠤ ᠶᠡᠷᠦ ᠨᠢ ᠡᠨᠡ | ᠬᠤᠶᠠᠷ ᠤᠨ ᠢᠯᠭᠠᠭ᠎ᠠ ᠵᠥᠷᠢᠶ᠎ᠡ ᠶᠢ ᠰᠠᠶᠢᠬᠠᠨ ᠮᠡᠳᠡᠬᠦ ᠦᠭᠡᠢ ᠪᠤᠶᠤ ᠦᠰᠦᠭ ᠢᠶᠠᠨ ᠰᠠᠶᠢᠲᠤᠷ ᠦᠵᠡᠭᠰᠡᠨ | ᠦᠭᠡᠢ ᠠᠴᠠ ᠪᠣᠯᠵᠤ ᠡ᠊ᠨᠳᠡᠭᠦᠷᠡᠳᠡᠭ ᠦᠵᠡᠭᠳᠡᠯ ᠭᠠᠷᠳᠠᠭ ᠪᠠᠶᠢᠨ᠎ᠠ᠃ | ᠦᠭᠡ ᠶᠢ ᠥᠰᠦᠭ ᠢᠶᠠᠷ ᠵᠥᠪ ᠰᠠᠯᠭᠠᠬᠤ ᠨᠢ ᠦᠭᠡ ᠶᠢ ᠵᠥᠪ ᠲᠠᠨᠢᠵᠤ᠂ ᠪᠢᠴᠢᠭᠦ᠂ ᠰᠤᠷᠬᠤ ᠶᠢᠨ ᠰᠠᠭᠤᠷᠢ | ᠪᠣᠯᠳᠠᠭ᠃ ᠡᠶᠢᠮᠦ ᠠᠴᠠ ᠪᠣᠳᠠᠲᠠᠢ ᠬᠡᠷᠡᠭᠯᠡᠭᠡᠨ ᠤ ᠶᠠᠪᠤᠴᠠ ᠳᠤ ᠪᠠᠨ ᠪᠢᠳᠠ ᠳᠡᠭᠡᠷᠡᠬᠢ ᠬᠡᠳᠦᠨ ᠵᠤᠷᠪᠤᠰ ᠢ ᠠᠩᠬᠠᠷᠴᠤ᠂ | ᠮᠡᠳᠡᠵᠦ᠂ ᠣᠶᠢᠯᠠᠭᠠᠵᠤ᠂ ᠦᠭᠡ ᠶᠢ ᠵᠥᠪ ᠰᠠᠯᠭᠠᠵᠤ ᠬᠡᠷᠡᠭᠯᠡᠵᠤ ᠰᠤᠷᠬᠤ ᠭᠡᠷᠡᠭᠳᠠᠢ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠵᠡᠭᠦᠨ ᠦᠵᠦᠮᠦᠴᠢᠨ ᠬᠤᠰᠢᠭᠤᠨ ᠤ | ᠨᠢᠭᠡᠳᠦᠭᠡᠷ ᠳᠤᠮᠳᠠᠳᠤ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | | | |