ᠪᠤᠯᠤᠷ | | | | | | ᠠᠷᠠᠳ ᠤᠨ ᠲᠠᠭᠤᠤ ᠪᠤᠯ ᠮᠤᠩᠭᠤᠯ ᠦᠨᠳᠦᠰᠦᠳᠡᠨ ᠤ ᠤᠷᠳᠦ ᠤᠳᠠᠭᠠᠨ ᠴᠠᠭ ᠬᠤᠭᠤᠴᠠᠭᠠᠨ ᠤ ᠲᠤᠷᠰᠢ | ᠠᠷᠠᠳ ᠲᠦᠮᠡᠨ ᠤ ᠤᠢ ᠪᠢᠯᠢᠭ᠂ ᠠᠪᠢᠶᠠᠰ ᠤᠬᠠᠭᠠᠨ ᠢᠶᠠᠷ ᠢᠶᠠᠨ ᠡᠭᠦᠳᠦᠨ ᠪᠦᠳᠦᠭᠡᠵᠦ᠂ ᠦᠪᠡᠷ ᠤᠨ | ᠦᠨᠳᠦᠰᠦᠳᠡᠨ ᠤ ᠲᠤᠷ᠎ᠠ ᠰᠤᠨᠢᠷᠬᠠᠯ᠂ ᠭᠤᠸ᠎ᠠ ᠰᠠᠶᠢᠬᠠᠨ ᠤ ᠦᠨᠡᠳᠦ ᠲᠤᠷᠠᠰᠬᠠᠯ ᠤᠨ ᠬᠦᠰᠢᠶ᠎ᠡ ᠪᠤᠯᠭᠠᠨ | ᠰᠢᠳᠦᠭᠰᠡᠭᠡᠷ ᠢᠷᠡᠭᠰᠡᠨ ᠰᠤᠶᠤᠯ ᠤᠨ ᠦᠪ ᠶᠤᠮ᠃ ᠮᠣᠩᠭᠤᠯ ᠠᠷᠠᠳ ᠤᠨ ᠲᠠᠭᠤᠤ ᠪᠠᠷ ᠲᠠᠮᠵᠢᠭᠤᠯᠤᠨ᠂ ᠡᠴᠢᠭᠡ | ᠡᠬᠡ ᠪᠠᠨ ᠬᠦᠨᠳᠦᠯᠡᠬᠦ᠂ ᠦᠷ᠎ᠡ ᠬᠡᠤᠬᠡᠳ ᠢᠶᠠᠨ ᠬᠠᠶᠢᠷᠠᠯᠠᠬᠤ᠂ ᠠᠳᠤᠭᠤ ᠮᠠᠯ ᠢᠶᠠᠨ ᠭᠠᠮᠨᠠᠬᠤ᠂ ᠶᠠᠳᠠᠭᠤ ᠲᠤᠷᠤᠢ ᠶᠢ | ᠦᠷᠦ ᠡᠪᠡᠳᠬᠦ᠂ ᠬᠠᠷᠭᠢᠰ ᠲᠡᠷᠰᠯᠡᠬᠦᠦ ᠶᠢ ᠡᠰᠡᠷᠬᠦᠴᠡᠬᠦ᠂ ᠬᠤᠳᠠᠯ ᠬᠠᠭᠤᠷᠮᠠᠴᠢ ᠶᠢ ᠵᠢᠭᠰᠢᠬᠦ᠂ ᠬᠤᠯᠠᠭᠠᠢ ᠲᠡᠭᠡᠷᠡᠮ ᠢ | ᠬᠤᠷᠤᠰᠬᠤ ᠭᠡᠬᠦ ᠮᠡᠲᠦ ᠶᠢᠨ ᠤᠯᠠᠨ ᠵᠦᠢᠯ ᠤᠨ ᠶᠤᠰᠤ ᠰᠤᠷᠳᠠᠬᠤᠨ ᠤ ᠠᠭᠤᠯᠭ᠎ᠠ ᠶᠢ ᠦᠷᠭᠡᠨ ᠬᠡᠪᠴᠢᠶ᠎ᠡ ᠪᠠᠷ | ᠤᠯᠠᠮᠵᠢᠯᠠᠨ ᠰᠤᠷᠭᠠᠵᠦ ᠪᠠᠶᠢᠭᠰᠠᠨ ᠪᠦᠭᠡᠳ ᠶᠠᠭᠤ ᠶᠢ ᠬᠢᠵᠦ ᠪᠤᠯᠬᠤ᠂ ᠶᠠᠭᠤ ᠶᠢ ᠬᠢᠵᠦ ᠦᠯᠦ ᠪᠤᠯᠬᠤ ᠶᠢ ᠰᠤᠷᠴᠤ | ᠤᠶᠢᠯᠠᠭᠠᠳᠠᠭ᠃ ᠲᠠᠭᠤᠤ ᠳᠤ ᠠᠷᠠᠳ ᠤᠨ ᠵᠦᠢᠷ ᠰᠡᠴᠡᠨ ᠦᠭᠡ᠂ ᠬᠠᠪᠤᠲᠤ ᠦᠭᠡ᠂ ᠬᠤᠯᠪᠤᠭ᠎ᠠ ᠬᠤᠷᠰᠢᠶ᠎ᠠ ᠦᠭᠡ | ᠤᠯᠠᠨ ᠪᠠᠶᠢᠬᠤ ᠨᠢ ᠴᠦ ᠶᠤᠰᠤ ᠰᠤᠷᠳᠠᠬᠤᠨ ᠤ ᠬᠦᠮᠦᠵᠢᠯ ᠤᠨ ᠴᠢᠬᠤᠯᠠ ᠠᠭᠤᠯᠭ᠎ᠠ ᠪᠤᠯᠳᠠᠭ᠃ ᠭᠡᠪᠡᠴᠦ | ᠤᠳᠤ ᠶᠢᠨ ᠴᠠᠭ ᠦᠶ᠎ᠡ ᠶᠢᠨ ᠬᠤᠪᠢᠷᠠᠯᠳᠠ ᠪᠠ ᠮᠡᠳᠡᠭᠡ ᠵᠠᠩᠭᠢ ᠶᠢᠨ ᠨᠠᠶᠢᠭᠡᠮ ᠤᠨ ᠤᠷᠴᠢᠨ ᠠᠴᠠ ᠪᠤᠯᠵᠦ ᠬᠡᠤᠭᠡᠳ | ᠪᠠᠭᠠᠴᠤᠳ ᠤᠷᠤᠰᠬᠠᠯ ᠲᠠᠭᠤᠤ ᠳᠤ ᠤᠨᠴᠠᠭᠠᠢ ᠪᠠᠬ᠎ᠠ ᠲᠠᠢ ᠪᠠᠶᠢᠵᠦ᠂ ᠰᠤᠨᠤᠰᠴᠦ ᠲᠠᠭᠤᠯᠠᠬᠤ | ᠲᠠᠭᠤᠤ ᠨᠤᠭᠤᠳ ᠤᠨ ᠤᠯᠠᠩᠬᠢ ᠨᠢ ᠰᠢᠨ᠎ᠡ ᠪᠠᠷ ᠵᠤᠬᠢᠶᠠᠭᠳᠠᠭᠰᠠᠨ ᠤᠷᠤᠰᠬᠠᠯ ᠲᠠᠭᠤᠤ ᠪᠤᠶᠤ ᠡᠯᠧᠺᠲᠷᠤᠨ | ᠲᠤᠭᠯᠠᠭᠠᠮ ᠤᠨ ᠲᠤᠮᠳᠠᠬᠢ ᠲᠠᠭᠤᠤ ᠬᠦᠭᠵᠢᠮ ᠤᠳ ᠪᠠᠶᠢᠳᠠᠭ᠃ ᠡᠶᠢᠮᠦᠷᠬᠦᠤ ᠪᠠᠶᠢᠳᠠᠯ ᠳᠤ ᠪᠢᠳᠡ ᠡᠷᠬᠡᠪᠰᠢ | ᠠᠷᠠᠳ ᠤᠨ ᠲᠠᠭᠤᠤ ᠶᠢᠨ ᠠᠭᠤᠤ ᠶᠡᠭᠡ ᠭᠦᠨ ᠨᠠᠷᠢᠨ ᠲᠠᠯ᠎ᠠ ᠶᠢ ᠰᠠᠶᠢᠳᠤᠷ ᠦᠢᠯᠠᠭᠠᠵᠦ᠂ ᠠᠷᠠᠳ ᠤᠨ ᠲᠠᠭᠤᠤ ᠶᠢᠨ | ᠰᠢᠯᠢᠳᠡᠭ ᠲᠠᠯ᠎ᠠ ᠶᠢ ᠤᠯᠠᠮᠵᠢᠯᠠᠨ ᠬᠠᠮᠠᠭᠠᠯᠠᠵᠦ᠂ ᠵᠠᠯᠭᠠᠮᠵᠢᠯᠠᠨ ᠪᠠᠳᠠᠷᠠᠭᠤᠯᠬᠤ ᠴᠢᠬᠤᠯᠠᠲᠠᠢ ᠪᠠᠶᠢᠨ᠎ᠠ᠃ | ᠹ᠊ · ᠮᠡᠷᠭᠡᠵᠢᠬᠦ ᠪᠠᠭᠰᠢ ︽ᠮᠤᠩᠭᠤᠯ ᠲᠠᠭᠤᠤ ᠬᠦᠭᠵᠢᠮ ᠤᠨ ᠰᠤᠳᠤᠯᠤᠯ ᠤᠨ ᠲᠡᠭᠦᠪᠦᠷᠢ︾ ᠭᠡᠬᠦ | ᠨᠤᠮ ᠳᠤ ᠪᠠᠨ᠄ ︽ᠠᠷᠠᠳ ᠤᠨ ᠲᠠᠭᠤᠤ ᠨᠢ ᠬᠤᠶᠢᠴᠢ ᠦᠶ᠎ᠡ ᠶᠢᠨ ᠬᠢᠨ ᠢ ᠬᠦᠮᠦᠵᠢᠭᠦᠯᠬᠦ ᠲᠠᠯ᠎ᠠ ᠪᠠᠷ | ᠬᠦᠩᠭᠡᠪᠴᠢᠯᠡᠵᠦ ᠪᠤᠯᠤᠰᠢ ᠦᠭᠡᠢ ᠴᠢᠬᠤᠯᠠ ᠡᠭᠦᠷᠭᠡ ᠶᠢ ᠭᠦᠢᠴᠡᠳᠭᠡᠳᠡᠭ᠃ ᠲᠡᠬᠦᠨ ᠳᠤ ᠦᠬᠦᠮᠡᠯ ᠬᠦᠰᠢᠬᠦᠨ | ᠨᠤᠮᠯᠠᠯ᠂ ᠬᠠᠲᠠᠭᠤ ᠰᠢᠷᠦᠭᠦᠨ ᠵᠢᠮᠡᠯᠡᠯ ᠭᠡᠵᠦ ᠬᠠᠷᠠᠭᠳᠠᠬᠤ ᠦᠬᠡᠢ᠂ ᠬᠠᠷᠢᠨ ᠦᠯᠦ ᠦᠵᠡᠭᠳᠡᠬᠦ ᠲᠠᠶᠢᠮᠦ ᠨᠢᠭᠡ | ᠵᠦᠢᠯ ᠤᠨ ᠬᠦᠴᠦᠨ ᠴᠢᠳᠠᠯ ᠢᠶᠠᠷ ᠬᠦᠮᠦᠰ ᠤᠨ ᠦᠵᠡᠯ ᠤᠬᠠᠮᠰᠠᠷ ᠢ ᠠᠷᠭᠠᠮᠵᠢᠯᠠᠨᠠ᠂ ᠦᠢᠯᠡ ᠠᠵᠢᠯᠯᠠᠭᠠᠨ ᠢ | ᠬᠦᠳᠦᠯᠦᠨ ᠵᠢᠯᠤᠭᠤᠳᠤᠨ᠎ᠠ᠃ ᠦᠭᠡ ᠶᠢ ᠦᠨᠠᠨ ᠢᠶᠠᠷ ᠬᠡᠯᠡᠪᠡᠰᠦ᠂ ᠦᠨᠦᠳᠦᠷ ᠤᠨ ᠵᠤᠩᠭᠢᠯᠠᠬᠤ ᠨᠢᠭᠡ ᠪᠦᠯᠦᠭ | ᠵᠠᠯᠠᠭᠤ ᠲᠡᠭᠦᠤᠨᠡᠷ ᠠᠷᠠᠳ ᠤᠨ ᠲᠠᠭᠤᠤ ᠶᠢ ᠮᠡᠳᠡᠬᠦ ᠦᠭᠡᠢ ᠪᠤᠶᠤ ᠰᠤᠨᠤᠰᠴᠦ ᠰᠤᠨᠢᠷᠬᠠᠬᠤ ᠲᠤᠷ᠎ᠠ ᠦᠬᠡᠢ ᠦᠵᠡᠭᠳᠡᠯ | ᠬᠠᠷᠠᠭᠳᠠᠨ᠎ᠠ︾ ᠭᠡᠵᠡᠢ᠃ ᠮᠡᠷᠭᠡᠵᠢᠬᠦ ᠪᠠᠭᠰᠢ ᠶᠢᠨ ᠶᠠᠷᠢᠶ᠎ᠠ ᠳᠤ ᠪᠢ ᠵᠤᠷᠢᠬᠵᠢᠵᠤ᠂ ᠤᠯᠠᠮᠵᠢᠯᠠᠯᠳᠤ ᠠᠷᠠᠳ ᠤᠨ | ᠲᠠᠭᠤᠤ ᠶᠢ ᠡᠵᠡᠮᠰᠢᠵᠦ ᠤᠶᠢᠯᠠᠭᠠᠬᠤ ᠨᠢ ᠶᠡᠭᠡ ᠴᠢᠬᠤᠯᠠ ᠪᠠᠶᠢᠵᠦ᠂ ᠠᠷᠠᠳ ᠤᠨ ᠲᠠᠭᠤᠤ ᠶᠢᠨ ᠵᠢᠭᠠᠨ | ᠰᠤᠷᠭᠠᠯᠳᠠ ᠨᠢ ᠬᠤᠶᠢᠴᠢ ᠦᠶ᠎ᠡ ᠪᠠᠨ ᠬᠦᠮᠦᠵᠢᠭᠦᠯᠦᠨ ᠰᠤᠷᠭᠠᠬᠤ ᠦᠢᠯᠡᠳᠦᠯ ᠲᠠᠢ ᠭᠡᠰᠡᠨ ᠢ | ᠦᠢᠯᠠᠭᠠᠯ᠎ᠠ᠃ ᠡᠶᠢᠮᠦ ᠠᠴᠠ ᠨᠢᠭᠡ ᠦᠨᠳᠦᠰᠦᠨ ᠱᠠᠳᠤᠨ ᠤ ᠲᠠᠭᠤᠤ ᠬᠦᠭᠵᠢᠮ ᠤᠨ ᠪᠠᠭᠰᠢ ᠪᠤᠯᠤᠭᠰᠠᠨ ᠤ | ᠬᠤᠪᠢ ᠳᠤ ᠤᠯᠠᠮᠵᠢᠯᠠᠯᠳᠦ ᠰᠤᠶᠤᠯ ᠢ ᠬᠤᠶᠢᠴᠢ ᠦᠶ᠎ᠡ ᠶᠢᠨ ᠬᠢᠨ ᠳᠤ ᠪᠠᠨ ᠡᠵᠡᠮᠰᠢᠬᠦᠯᠵᠦ᠂ ᠮᠤᠩᠭᠤᠯ ᠠᠷᠠᠳ ᠤᠨ | ᠲᠠᠭᠤᠤ ᠶᠢ ᠰᠤᠷᠤᠭᠴᠢᠳ ᠲᠤ ᠪᠠᠨ ᠵᠢᠭᠠᠨ ᠰᠤᠷᠭᠠᠬᠤ ᠨᠢ ᠲᠤᠩ ᠤᠳᠬ᠎ᠠ ᠠᠭᠤᠯᠭ᠎ᠠ ᠲᠠᠢ ᠶᠠᠪᠤᠳᠠᠯ ᠪᠤᠯᠬᠤ | ᠶᠤᠮ᠃ ᠲᠤᠰ ᠦᠭᠦᠯᠡᠯ ᠳᠤ ᠪᠠᠭ᠎ᠠ ᠰᠤᠷᠭᠠᠭᠤᠯᠢ ᠶᠢᠨ ᠲᠠᠭᠤᠤ ᠬᠦᠭᠵᠢᠮ ᠤᠨ ᠬᠢᠴᠢᠶᠡᠯ ᠳᠠᠬᠢ ᠮᠤᠩᠭᠤᠯ | ᠠᠷᠠᠳ ᠤᠨ ᠲᠠᠭᠤᠤ ᠶᠢᠨ ᠵᠢᠭᠠᠨ ᠰᠤᠷᠭᠠᠯᠳᠠ ᠶᠢᠨ ᠲᠤᠬᠠᠢ ᠪᠤᠳᠤᠯ ᠰᠠᠨᠠᠯ ᠢᠶᠠᠨ ᠤᠯᠠᠨ ᠲᠠᠢ ᠬᠤᠪᠢᠶᠠᠯᠴᠠᠶ᠎ᠠ ᠭᠡᠰᠡᠨ | ᠶᠤᠮ᠃ | ᠨᠢᠭᠡ᠂ ᠠᠷᠠᠳ ᠤᠨ ᠲᠠᠭᠤᠤ ᠶᠢᠨ ᠤᠷᠴᠢᠨ ᠠᠬᠤᠢ ᠳᠤ ᠨᠢ ᠠᠭᠤᠰᠬᠠᠬᠤ ᠵᠢᠭᠠᠨ ᠰᠤᠷᠭᠠᠯᠳᠠ | ᠠᠷᠠᠳ ᠤᠨ ᠲᠠᠭᠤᠤ ᠨᠢ ᠠᠯᠢ ᠡᠷᠲᠡ ᠪᠠᠯᠠᠷ ᠡᠷᠲᠡᠨ ᠤ ᠦᠶ᠎ᠡ ᠳᠤ ᠠᠩ ᠠᠩᠨᠠᠯ᠂ ᠬᠦᠳᠡᠯᠮᠦᠷᠢ | ᠦᠢᠯᠡᠳᠪᠦᠷᠢᠯᠡᠯ᠂ ᠲᠠᠬᠢᠯᠭ᠎ᠠ ᠶᠤᠰᠤᠯᠠᠯ ᠵᠡᠷᠭᠡ ᠠᠵᠢᠯᠯᠠᠭᠠᠨ ᠲᠠᠢ ᠬᠠᠮᠳᠦ ᠪᠠᠷ ᠡᠭᠦᠰᠴᠦ᠂ ᠬᠦᠮᠦᠨ ᠲᠦᠷᠦᠯᠬᠢᠳᠡᠨ ᠤ | ᠠᠮᠢᠳᠤᠷᠠᠯ ᠦᠢᠯᠡᠳᠦᠯᠭᠡ ᠲᠠᠢ ᠮᠠᠰᠢ ᠨᠢᠭᠲᠠ ᠤᠶᠠᠯᠳᠤᠭᠰᠠᠨ ᠪᠠᠶᠢᠳᠠᠭ᠃ ᠠᠷᠠᠳ ᠤᠨ ᠲᠠᠭᠤᠤ ᠪᠤᠯ ᠠᠷᠠᠳ | ᠲᠦᠮᠡᠨ ᠤ ᠠᠮᠢᠳᠤᠷᠠᠯ ᠳᠤᠮᠳᠠ ᠠᠴᠠ ᠢᠷᠡᠯ ᠲᠠᠢ ᠪᠠᠶᠢᠵᠦ᠂ ᠠᠷᠠᠳ ᠲᠦᠮᠡᠨ ᠤ ᠠᠮᠢᠳᠤᠷᠠᠯ ᠤᠨ ᠲᠤᠷᠰᠢᠯᠭ᠎ᠠ ᠶᠢᠨ | ᠬᠤᠷᠠᠮᠳᠤᠯ ᠪᠤᠯᠬᠤᠷ ᠲᠤᠩ ᠴᠢᠩᠭ᠎ᠠ ᠠᠮᠢᠳᠤᠷᠠᠯ ᠤᠨ ᠤᠨᠴᠠᠯᠢᠭᠲᠤ ᠴᠢᠨᠠᠷ ᠲᠠᠢ ᠪᠠᠶᠢᠳᠠᠭ᠃ ᠪᠢᠳᠡ ᠲᠠᠭᠤᠤ | ᠬᠦᠭᠵᠢᠮ ᠤᠨ ᠬᠢᠴᠢᠶᠡᠯᠯᠡᠭᠡ ᠳᠤ ᠪᠠᠨ ᠠᠷᠠᠳ ᠤᠨ ᠲᠠᠭᠤᠤ ᠶᠢᠨ ᠡᠨᠡ ᠭᠦ ᠤᠨᠴᠠᠯᠢᠭ ᠢ ᠠᠰᠢᠭᠯᠠᠨ᠂ | ᠰᠤᠷᠤᠭᠴᠢᠳ ᠲᠤ ᠲᠠᠭᠤᠤ ᠳᠠᠬᠢ ᠲᠦᠷᠢ ᠶᠢ ᠲᠠᠨᠢᠭᠤᠯᠤᠨ᠂ ᠠᠬᠤᠢ ᠪᠠᠶᠢᠳᠠᠯ ᠢ ᠮᠡᠳᠡᠭᠦᠯᠦᠨ᠂ ᠠᠷᠠᠳ ᠤᠨ | ᠲᠠᠭᠤᠤ ᠳᠤ ᠢᠯᠡᠷᠡᠭᠰᠡᠨ ᠲᠤᠬᠠᠢ ᠶᠢᠨ ᠪᠠᠶᠢᠳᠠᠯ ᠢ ᠲᠠᠬᠢᠨ ᠢᠯᠡᠷᠡᠬᠦᠯᠬᠦ ᠶᠢ ᠵᠤᠷᠢᠨ᠎ᠠ᠃ ᠠᠷᠠᠳ ᠤᠨ ᠲᠠᠭᠤᠤ ᠶᠢᠨ | ᠵᠢᠭᠠᠨ ᠰᠤᠷᠭᠠᠯᠳᠠ ᠨᠢ ᠪᠤᠰᠤᠳ ᠲᠦᠷᠦᠯ ᠤᠨ ᠲᠠᠭᠤᠤ ᠬᠦᠭᠵᠢᠮ ᠤᠨ ᠵᠢᠭᠠᠨ ᠰᠤᠷᠭᠠᠯᠳᠠ ᠲᠠᠢ ᠪᠠᠭ᠋ᠠᠨ | ᠢᠯᠭᠠᠭ᠎ᠠ ᠲᠠᠢ ᠪᠠᠶᠢᠵᠦ᠂ ᠰᠤᠷᠤᠭᠴᠢᠳ ᠠᠮᠢᠳᠤᠷᠠᠯ ᠤᠨ ᠠᠭᠤᠷ ᠠᠮᠢᠰᠬᠤᠯ᠂ ᠤᠷᠴᠢᠨ ᠠᠬᠤᠢ ᠶᠢ ᠬᠦᠨᠵᠡᠭᠡᠢ | ᠮᠡᠳᠡᠷᠡᠪᠡᠯ ᠠᠷᠠᠳ ᠤᠨ ᠲᠠᠭᠤᠤ ᠶᠢᠨ ᠭᠤᠸ᠎ᠠ ᠰᠠᠶᠢᠬᠠᠨ ᠢ ᠤᠶᠢᠯᠠᠭᠠᠬᠤ ᠳᠤ ᠨᠠᠩ ᠰᠠᠶᠢᠨ ᠪᠤᠯᠤᠨ᠎ᠠ᠃ ᠪᠠᠭᠰᠢ ᠠᠴᠠ | ᠵᠢᠭᠠᠨ ᠰᠤᠷᠭᠠᠯᠳᠠ ᠳᠤ ᠪᠠᠨ ᠠᠷᠠᠳ ᠤᠨ ᠲᠠᠭᠤᠤ ᠶᠢᠨ ᠠᠭᠤᠷ ᠠᠮᠢᠰᠬᠤᠯ ᠢ ᠪᠤᠢ ᠪᠤᠯᠭᠠᠵᠦ᠂ ᠰᠤᠷᠤᠭᠴᠢᠳ | ᠲᠡᠬᠦᠨ ᠤ ᠲᠤᠮᠳᠠ ᠠᠴᠠ ᠨᠦᠯᠦᠭᠡ ᠬᠦᠷᠳᠡᠵᠦ᠂ ᠠᠷᠠᠳ ᠤᠨ ᠲᠠᠭᠤᠤ ᠶᠢᠨ ᠲᠠᠲᠠᠬᠤ ᠬᠦᠴᠦᠨ ᠢ ᠮᠡᠳᠡᠷᠡᠵᠦ ᠡᠬᠦᠨ ᠤ | ᠤᠯᠠᠮ ᠠᠴᠠ ᠪᠠᠭ᠋ᠠᠷᠬᠠᠨ᠎ᠠ᠃ ᠠᠳᠠᠯᠢ ᠪᠤᠰᠤ ᠲᠦᠷᠦᠯ ᠤᠨ ᠲᠠᠭᠤᠤ ᠶᠢᠨ ᠠᠬᠤᠢ ᠪᠠᠶᠢᠳᠠᠯ ᠢ ᠦᠨᠳᠦᠰᠦᠯᠡᠨ ᠠᠳᠠᠯᠢ | ᠪᠤᠰᠤ ᠪᠠᠶᠢᠳᠠᠯ ᠢ ᠲᠤᠬᠢᠷᠠᠭᠤᠯᠤᠨ᠂ ᠵᠢᠭᠠᠨ ᠰᠤᠷᠭᠠᠯᠳᠠ ᠶᠢᠨ ᠦᠷ᠎ᠡ ᠪᠦᠳᠦᠮᠵᠢ ᠶᠢ ᠤᠯᠠᠨ ᠲᠠᠯ᠎ᠠ ᠪᠠᠷ | ᠲᠡᠭᠡᠭᠰᠢᠯᠡᠭᠦᠯᠦᠨ᠎ᠡ᠃ ᠰᠤᠷᠤᠭᠴᠢᠳ ᠲᠤ ᠨᠡᠩ ᠰᠠᠶᠢᠨ ᠨᠦᠯᠦᠭᠡ ᠦᠭᠭᠦ ᠶᠢᠨ ᠲᠦᠯᠦᠭᠡ ᠪᠠᠰᠠ ᠠᠷᠠᠳ ᠤᠨ | ᠲᠠᠭᠤᠤ ᠶᠢᠨ ᠤᠷᠠᠯᠢᠬᠴᠢᠳ ᠢ ᠲᠤᠰᠬᠠᠢ ᠤᠷᠢᠵᠦ᠂ ᠰᠤᠷᠤᠭᠴᠢᠳ ᠤᠨ ᠠᠷᠠᠳ ᠤᠨ ᠲᠠᠭᠤᠤ ᠶᠢᠨ ᠲᠤᠬᠠᠢ | ᠲᠦᠷᠦᠭᠳᠡᠯ ᠢ ᠬᠦᠨᠵᠡᠭᠡᠶᠢᠷᠡᠬᠦᠯᠵᠦ ᠪᠤᠯᠤᠨ᠎ᠠ᠃ | ᠤᠯᠠᠮᠵᠢᠯᠠᠯᠳᠦ ᠮᠤᠩᠭᠤᠯ ᠠᠷᠠᠳ ᠤᠨ ᠲᠠᠭᠤᠤ ᠶᠢᠨ ᠵᠢᠭᠠᠨ ᠰᠤᠷᠭᠠᠯᠳᠠ ᠳᠤ ᠣᠷᠣᠨ ᠨᠤᠲᠤᠭ ᠤᠨ ᠰᠤᠶᠤᠯ | ᠠᠮᠢᠳᠤᠷᠠᠯ ᠤᠨ ᠠᠭᠤᠯᠭ᠎ᠠ ᠶᠢ ᠤᠷᠤᠭᠤᠯᠵᠦ᠂ ᠰᠤᠷᠤᠭᠴᠢ ᠶᠢᠨ ᠰᠤᠷᠤᠯᠴᠠᠬᠤ ᠰᠤᠨᠢᠷᠬᠠᠯ ᠢ ᠲᠠᠳᠠᠵᠦ᠂ | ᠰᠤᠷᠤᠭᠴᠢᠳ ᠤᠨ ᠠᠮᠢᠳᠤᠯᠢᠭ ᠢᠶᠠᠷ᠂ ᠭᠦᠨᠵᠡᠭᠡᠢ ᠪᠠᠷ ᠠᠷᠠᠳ ᠤᠨ ᠲᠠᠭᠤᠤ ᠰᠤᠷᠤᠯᠴᠠᠬᠤ ᠳᠤ ᠬᠠᠪᠰᠤᠷᠤᠮᠵᠢ | ᠪᠤᠯᠭᠠᠨ᠎ᠠ᠃ ᠬᠤᠷᠴᠢᠨ ᠠᠷᠠᠳ ᠤᠨ ᠲᠠᠭᠤᠤ ︽ᠴᠤᠬᠤᠷ︾ ᠢ ᠬᠦᠮᠦᠰ ᠠᠨᠳᠠᠢ ᠪᠦᠵᠢᠭᠯᠡᠬᠦ ᠳᠤ | ᠳᠠᠭᠤᠯᠠᠳᠠᠭ᠃ ᠲᠤᠰ ᠲᠠᠭᠤᠤ ᠶᠢ ᠵᠢᠭᠠᠬᠤ ᠳᠤ ᠪᠠᠨ ᠤᠷᠢᠳ ᠢᠶᠠᠷ ᠠᠨᠳᠠᠢ ᠪᠥᠵᠢᠭ ᠤᠨ ᠲᠤᠮᠤᠭ ᠦᠯᠢᠭᠡᠷ ᠢ ᠵᠢᠷᠤᠭ | ᠬᠠᠪᠰᠤᠷᠭᠠᠨ ᠰᠤᠷᠤᠭᠴᠢ ᠳᠤ ᠪᠠᠨ ᠶᠠᠷᠢᠵᠦ ᠦᠭᠭᠦᠨ ᠰᠤᠷᠤᠭᠴᠢ ᠶᠢ ᠲᠤᠰ ᠲᠠᠭᠤᠤ ᠶᠢᠨ ᠤᠷᠴᠢᠨ ᠠᠬᠤᠢ ᠳᠤ | ᠲᠠᠳᠠᠨ ᠤᠷᠤᠭᠤᠯᠬᠤ ᠭᠡᠭᠦ ᠮᠠᠳᠤ᠃ | ᠬᠤᠶᠠᠷ᠂ ᠠᠷᠠᠳ ᠤᠨ ᠲᠠᠭᠤᠤ ᠳᠤ ᠠᠶᠢᠵᠠᠮᠳᠦ ᠬᠦᠳᠡᠯᠦᠯ ᠬᠠᠪᠰᠤᠷᠭᠠᠬᠤ ᠵᠢᠭᠠᠨ ᠰᠤᠷᠭᠠᠯᠳᠠ | ᠠᠶᠢᠵᠠᠮᠳᠦ ᠬᠦᠳᠡᠯᠦᠯ ᠤᠨ ᠵᠢᠭᠠᠨ ᠰᠤᠷᠭᠠᠯᠳᠠ ᠶᠢᠨ ᠠᠷᠭ᠎ᠠ ᠪᠤᠯ ᠦᠷᠭᠡᠨ ᠤᠯᠠᠨ ᠲᠠᠭᠤᠤ ᠬᠦᠭᠵᠢᠮ ᠤᠨ | ᠪᠠᠭᠰᠢ ᠨᠠᠷ ᠤᠨ ᠵᠢᠭᠠᠨ ᠰᠤᠷᠭᠠᠯᠳᠠ ᠲᠤᠮᠳᠠ ᠨᠡᠶᠢᠳᠠᠮ ᠬᠡᠷᠡᠭᠯᠡᠭᠳᠡᠳᠡᠭ ᠠᠷᠭ᠎ᠠ ᠶᠢᠨ ᠨᠢᠭᠡ ᠪᠠᠶᠢᠵᠦ᠂ ᠲᠡᠷᠡ ᠨᠢ | ᠬᠦᠳᠡᠯᠭᠡᠭᠡᠨ ᠤ ᠲᠤᠭᠯᠠᠯᠳᠠ ᠶᠢᠨ ᠨᠢᠭᠡ ᠲᠦᠷᠦᠯ ᠪᠤᠯᠤᠨ᠎ᠠ᠃ ᠲᠠᠭᠤᠤ ᠬᠦᠭᠵᠢᠮ ᠤᠨ ᠭᠤᠸ᠎ᠠ ᠰᠠᠶᠢᠬᠠᠨ ᠢ | ᠤᠶᠢᠯᠠᠭᠠᠬᠤ ᠪᠠ ᠢᠯᠡᠳᠭᠡᠬᠦ ᠳᠤ ᠬᠠᠮᠤᠭ ᠤᠨ ᠡᠷᠳᠡᠨ ᠤ ᠪᠠᠶᠢᠭᠠᠯᠢᠯᠢᠬ ᠠᠷᠭ᠎ᠠ ᠬᠡᠯᠪᠡᠷᠢ ᠪᠤᠯ ᠲᠠᠷᠦᠢ ᠬᠦᠳᠡᠯᠦᠯ | ᠪᠠᠷᠢᠯ ᠪᠠᠶᠢᠵᠦ᠂ ᠬᠦᠳᠡᠯᠦᠯ ᠢᠶᠠᠷ ᠰᠡᠳᠬᠢᠯ ᠢᠶᠠᠨ ᠢᠯᠡᠳᠭᠡᠳᠡᠭ᠃ ᠬᠦᠳᠡᠯᠦᠯ ᠪᠠᠷᠢᠯ ᠨᠢ ᠨᠢᠭᠤᠷ ᠲᠠᠯ᠎ᠠ ᠠᠴᠠ | ᠦᠵᠡᠪᠡᠯ ᠮᠦᠴᠢ ᠶᠢᠨ ᠬᠡᠷᠡᠭᠯᠡᠯᠳᠡ᠂ ᠭᠡᠪᠡᠴᠦ ᠮᠦᠨ ᠴᠢᠨᠠᠷ ᠲᠡᠭᠡᠷ᠎ᠡ ᠪᠠᠨ ᠲᠠᠭᠤᠤ ᠬᠦᠭᠵᠢᠮ ᠤᠨ | ᠰᠤᠷᠤᠯᠴᠠᠯᠭ᠎ᠠ ᠳᠠᠬᠢ ᠠᠰᠠᠭᠤᠳᠠᠯ ᠢ ᠰᠢᠢᠳᠪᠦᠷᠢᠯᠡᠬᠦ ᠶᠢᠨ ᠲᠦᠯᠦᠭᠡ ᠶᠤᠮ᠃ ᠠᠶᠢᠵᠠᠮᠳᠦ ᠬᠦᠳᠡᠯᠦᠯ ᠤᠨ ᠵᠢᠭᠠᠨ | ᠰᠤᠷᠭᠠᠯᠳᠠ ᠨᠢ ᠠᠶᠢᠵᠠᠮ ᠴᠤᠬᠢᠯᠭ᠎ᠠ ᠲᠠᠢ ᠪᠡᠶ᠎ᠡ ᠶᠢᠨ ᠬᠦᠳᠡᠯᠦᠯ ᠢᠶᠠᠷ ᠲᠠᠮᠵᠢᠨ ᠰᠤᠷᠤᠭᠴᠢᠳ ᠲᠤ ᠲᠠᠭᠤᠤ | ᠬᠦᠭᠵᠢᠮ ᠢ ᠤᠶᠢᠯᠠᠭᠠᠭᠤᠯᠵᠦ᠂ ᠲᠡᠭᠦᠨ ᠤ ᠰᠤᠷᠤᠯᠴᠠᠬᠤ ᠬᠠᠨᠳᠤᠰᠢ ᠨᠢ ᠲᠠᠭᠤᠤ ᠬᠦᠭᠵᠢᠮ ᠤᠨ ᠡᠯᠧᠮᠧᠨ᠋ᠲ ᠤᠨ | ᠮᠡᠳᠡᠷᠡᠮᠵᠢ ᠪᠠ ᠢᠯᠡᠷᠡᠯ ᠪᠠᠶᠢᠵᠦ᠂ ᠲᠠᠭᠤᠤ ᠬᠦᠭᠵᠢᠮ ᠤᠨ ᠮᠡᠳᠡᠷᠡᠮᠵᠢ ᠶᠢ ᠢᠯᠡᠳᠭᠡᠵᠦ ᠢᠯᠡᠷᠡᠭᠦᠯᠬᠦ ᠶᠠᠪᠤᠳᠠᠯ | ᠪᠤᠯᠤᠨ᠎ᠠ᠃ | ᠠᠷᠠᠳ ᠤᠨ ᠲᠠᠭᠤᠤ ᠶᠢᠨ ᠵᠢᠭᠠᠨ ᠰᠤᠷᠭᠠᠯᠳᠠ ᠳᠤ ᠨᠠᠶᠢᠳᠠᠮ ᠲᠠᠭᠤᠯᠠᠭᠠᠳ ᠪᠠᠶᠢᠪᠠᠯ ᠰᠤᠷᠤᠭᠴᠢ ᠶᠢᠨ ᠨᠠᠰᠤ | ᠵᠢᠯ ᠤᠨ ᠤᠨᠴᠠᠯᠢᠭ ᠲᠤ ᠨᠠᠶᠢᠴᠡᠬᠦ ᠦᠭᠡᠢ ᠪᠠᠶᠢᠵᠦ ᠦᠷ᠎ᠡ ᠠᠰᠢᠭ ᠠᠨᠠᠶᠢᠬᠠᠨ ᠪᠠᠶᠢᠳᠠᠭ᠃ ᠰᠤᠷᠤᠭᠴᠢ ᠶᠢᠨ | ᠬᠦᠭᠡᠷᠦᠭᠦᠨ ᠬᠦᠳᠡᠯᠦᠮᠡᠳᠡᠬᠡᠢ ᠴᠢᠨᠠᠷ ᠢ ᠦᠨᠳᠦᠰᠦᠯᠡᠵᠦ᠂ ᠪᠢᠳᠡ ᠲᠠᠭᠤᠯᠠᠬᠤ ᠶᠢᠨ ᠰᠠᠭᠤᠷᠢᠨ ᠲᠡᠭᠡᠷ᠎ᠡ ᠪᠠᠰᠠ | ᠰᠤᠷᠤᠭᠴᠢ ᠶᠢ ᠲᠠᠭᠠᠭᠤᠯᠤᠨ ᠠᠷᠠᠳ ᠤᠨ ᠲᠠᠭᠤᠤ ᠳᠤ ᠨᠠᠶᠢᠴᠡᠭᠰᠡᠨ ᠲᠦᠭᠦᠮᠬᠡᠨ ᠪᠦᠵᠢᠭ ᠪᠤᠶᠤ ᠠᠶᠢᠵᠠᠮᠳᠦ | ᠬᠦᠳᠡᠯᠦᠯ ᠢ ᠬᠠᠪᠰᠤᠷᠭᠠᠵᠦ ᠪᠤᠯᠤᠨ᠎ᠠ᠃ ᠪᠠᠭ᠎ᠠ ᠰᠤᠷᠭᠠᠭᠤᠯᠢ ᠶᠢᠨ ᠲᠠᠭᠤᠤ ᠬᠦᠭᠵᠢᠮ ᠤᠨ ᠰᠤᠷᠭᠠᠨ ᠬᠦᠮᠦᠵᠢᠯ ᠳᠤ | ᠪᠦᠵᠢᠭ ᠪᠠ ᠠᠶᠢᠵᠠᠮᠳᠦ ᠬᠦᠳᠡᠯᠦᠯ ᠪᠤᠯ ᠴᠢᠬᠤᠯᠠ ᠦᠢᠯᠡᠳᠦᠯ ᠲᠠᠢ ᠪᠠᠶᠢᠵᠦ᠂ ᠡᠭᠦᠨ ᠢᠶᠠᠷ ᠲᠠᠮᠵᠢᠨ ᠰᠤᠷᠤᠭᠴᠢᠳ | ᠲᠠᠭᠤᠤ ᠬᠦᠭᠵᠢᠮ ᠤᠨ ᠬᠡᠮᠨᠡᠯ ᠢ ᠢᠯᠡᠷᠡᠭᠦᠯᠦᠨ᠂ ᠲᠠᠭᠤᠤ ᠬᠦᠭᠵᠢᠮ ᠤᠨ ᠡᠯᠧᠮᠧᠨ᠋ᠲ ᠢ ᠠᠮᠢᠳᠤᠯᠢᠭ ᠪᠡᠶ᠎ᠡ ᠶᠢᠨ | ᠬᠦᠳᠡᠯᠦᠯ ᠪᠤᠯᠭᠠᠨ ᠬᠤᠪᠢᠷᠠᠭᠠᠵᠤ᠂ ᠲᠠᠭᠤᠤ ᠬᠦᠭᠵᠢᠮ ᠤᠨ ᠬᠠᠶᠢᠷ᠎ᠠ ᠰᠡᠳᠬᠢᠯᠭᠡ ᠶᠢ ᠬᠦᠢᠴᠡᠳ ᠮᠡᠳᠡᠷᠡᠵᠦ | ᠲᠡᠶᠢᠯᠦᠨ᠎ᠡ᠃ ᠪᠠᠭᠰᠢ ᠠᠴᠠ ᠠᠷᠠᠳ ᠤᠨ ᠲᠠᠭᠤᠤ ᠳᠤ ᠲᠤᠬᠢᠷᠠᠭᠰᠠᠨ ᠲᠦᠭᠦᠮ ᠬᠢᠯᠪᠠᠷ ᠪᠦᠵᠢᠭ ᠤᠨ ᠬᠦᠳᠡᠯᠦᠯ ᠢ | ᠵᠤᠬᠢᠶᠠᠨ ᠨᠠᠶᠢᠷᠠᠭᠤᠯᠵᠦ᠂ ᠰᠤᠷᠤᠭᠴᠢᠳ ᠤᠨ ᠲᠠᠭᠤᠤ ᠬᠦᠭᠵᠢᠮ ᠤᠨ ᠠᠶᠢᠵᠠᠮ ᠴᠤᠬᠢᠯᠭ᠎ᠠ ᠳᠠᠬᠢ ᠲᠦᠷᠦᠭᠳᠡᠯ ᠢ | ᠴᠢᠩᠭᠠᠳᠬᠠᠵᠦ᠂ ᠠᠷᠠᠳ ᠤᠨ ᠲᠠᠭᠤᠤ ᠶᠢᠨ ᠬᠡᠪ ᠨᠠᠮᠪᠠ ᠶᠢ ᠤᠨᠤᠪᠴᠢᠳᠠᠢ ᠡᠵᠡᠮᠰᠢᠬᠦ ᠳᠤ ᠬᠠᠪᠰᠤᠷᠤᠮᠵᠢ ᠪᠤᠯᠭᠠᠵᠦ᠂ | ᠰᠤᠷᠤᠭᠴᠢ ᠶᠢᠨ ᠰᠤᠷᠤᠯᠴᠠᠬᠤ ᠲᠤᠷ᠎ᠠ ᠪᠠᠬ᠎ᠠ ᠶᠢ ᠬᠦᠭᠵᠢᠬᠡᠵᠦ᠂ ᠠᠷᠠᠳ ᠤᠨ ᠲᠠᠭᠤᠤ ᠰᠤᠷᠤᠯᠴᠠᠬᠤ ᠰᠤᠨᠢᠷᠬᠠᠯᠳᠦ | ᠴᠢᠨᠠᠷ ᠪᠠ ᠪᠡᠶ᠎ᠡ ᠪᠠᠨ ᠲᠠᠭᠠᠭᠠᠬᠤ ᠴᠢᠨᠠᠷ ᠢ ᠬᠦᠮᠦᠵᠢᠭᠦᠯᠦᠨ᠎ᠡ᠃ ᠮᠤᠩᠭᠤᠯ ᠠᠷᠠᠳ ᠤᠨ ᠰᠤᠶᠤᠯ ᠤᠷᠠᠯᠢᠭ ᠲᠤ | ᠶᠤᠤᠬᠤᠷ᠂ ᠠᠨᠳᠠᠢ ᠮᠡᠳᠦ ᠶᠢᠨ ᠲᠠᠭᠤᠯᠠᠵᠦ ᠪᠦᠵᠢᠭᠯᠡᠬᠦ ᠶᠢ ᠬᠠᠪᠰᠤᠷᠭᠠᠭᠰᠠᠨ ᠤᠷᠠᠯᠢᠭ ᠤᠯᠠᠨ ᠪᠠᠶᠢᠳᠠᠭ᠃ ᠡᠳᠡᠭᠡᠷ | ᠶᠡᠷᠤᠩᠬᠡᠶᠢᠯᠡᠭᠰᠡᠨ ᠤᠷᠠᠯᠢᠭ ᠨᠢ ᠴᠢᠯᠤᠭᠡᠳᠡᠢ᠂ ᠠᠮᠢᠳᠤᠯᠢᠭ᠂ ᠴᠤᠪᠤᠭᠤᠯᠢᠭ ᠪᠠᠶᠢᠵᠦ᠂ ᠪᠠᠭᠰᠢ ᠠᠴᠠ ᠡᠳᠡᠭᠡᠷ | ᠶᠡᠷᠤᠩᠬᠡᠶᠢᠯᠡᠭᠰᠡᠨ ᠤᠷᠠᠯᠢᠭ ᠤᠨ ᠤᠨᠴᠠᠯᠢᠭ ᠢ ᠠᠰᠢᠭᠯᠠᠨ᠂ ᠲᠠᠭᠤᠤ ᠶᠢᠨ ᠬᠡᠮᠨᠡᠯ ᠠᠶᠢᠵᠠᠮ ᠢ ᠨᠢ ᠦᠨᠳᠦᠰᠦᠯᠡᠵᠦ᠂ | ᠪᠡᠶ᠎ᠡ ᠴᠤᠭᠴᠠ ᠶᠢᠨ ᠲᠦᠭᠦᠮ ᠬᠦᠳᠡᠯᠦᠯ ᠵᠤᠬᠢᠶᠠᠨ ᠠᠷᠠᠳ ᠤᠨ ᠲᠠᠭᠤᠤ ᠶᠢᠨ ᠵᠢᠭᠠᠨ ᠰᠤᠷᠭᠠᠯᠳᠠ ᠳᠤ ᠪᠠᠨ | ᠠᠰᠢᠭᠯᠠᠵᠤ ᠪᠤᠯᠤᠨ᠎ᠠ᠃ ᠪᠠᠭᠰᠢ ᠠᠴᠠ ᠪᠤᠳᠠᠰ ᠤᠨ ᠪᠤᠰᠤ ᠰᠤᠶᠤᠯ ᠤᠨ ᠦᠪ ᠪᠤᠯᠬᠤ ᠠᠨᠳᠠᠢ ᠪᠦᠵᠢᠭ ᠳᠠᠬᠢ | ᠲᠠᠯᠠᠪᠠᠢ ᠳᠤ ᠤᠷᠤᠬᠤ᠂ ᠠᠯᠴᠢᠭᠤᠷ ᠰᠠᠵᠢᠯᠠᠬᠤ᠂ ᠮᠦᠷ ᠰᠤᠯᠢᠬᠤ ᠵᠡᠷᠭᠡ ᠦᠨᠳᠦᠰᠦᠨ ᠬᠦᠳᠡᠯᠭᠡᠭᠡᠨ ᠢ ᠵᠢᠭᠠᠨ | ᠰᠤᠷᠭᠠᠵᠦ᠂ ᠰᠤᠷᠤᠭᠴᠢ ᠶᠢ ᠲᠠᠭᠠᠭᠤᠯᠤᠨ ᠲᠠᠭᠤᠯᠠᠬᠤ ᠶᠢᠨ ᠲᠠᠭᠠᠦ ᠪᠦᠵᠢᠭᠯᠡᠵᠦ᠂ ᠰᠤᠷᠤᠭᠴᠢ ᠶᠢᠨ ᠠᠷᠠᠳ ᠤᠨ | ᠲᠠᠭᠤᠤ ᠰᠤᠷᠬᠤ ᠤᠷᠮ᠎ᠠ ᠪᠠᠬ᠎ᠠ ᠶᠢ ᠬᠦᠭᠵᠢᠭᠡᠬᠦ ᠶᠢᠨ ᠬᠠᠮᠳᠦ ᠲᠠᠭᠤᠤ ᠪᠠᠨ ᠡᠵᠡᠮᠰᠢᠬᠦ ᠳᠤ ᠬᠠᠪᠰᠤᠷᠤᠮᠵᠢ ᠪᠤᠯᠭᠠᠵᠤ | ᠪᠤᠯᠤᠨ᠎ᠠ᠃ | ᠠᠷᠠᠳ ᠤᠨ ᠲᠠᠭᠤᠤ ᠶᠢᠨ ᠵᠢᠭᠠᠨ ᠰᠤᠷᠭᠠᠯᠳᠠ ᠲᠤᠮᠳᠠ ᠬᠦᠳᠡᠯᠦᠯ ᠲᠤᠬᠢᠷᠠᠭᠤᠯᠬᠤ ᠳᠤ ᠪᠠᠨ ᠠᠯᠢ | ᠴᠢᠳᠠᠬᠤ ᠪᠠᠷ ᠲᠦᠭᠦᠮ ᠰᠢᠭ ᠬᠦᠳᠡᠯᠦᠯ ᠢ ᠰᠤᠩᠭᠤᠵᠤ᠂ ᠬᠦᠴᠢᠷ ᠬᠦᠳᠡᠯᠦᠯ ᠢ ᠰᠤᠷᠤᠭᠴᠢ ᠪᠡᠶᠡᠯᠡᠬᠦᠯᠵᠤ ᠲᠠᠶᠢᠯᠬᠦ | ᠦᠬᠡᠢ ᠠᠴᠠ ᠪᠤᠯᠵᠦ ᠰᠤᠷᠤᠯᠴᠠᠬᠤ ᠤᠷᠮ᠎ᠠ ᠪᠠᠬ᠎ᠠ ᠶᠢ ᠨᠢ ᠨᠦᠯᠦᠬᠡᠯᠡᠬᠦ ᠠᠴᠠ ᠬᠢᠴᠢᠶᠡᠨ᠎ᠡ᠃ ᠡᠭᠦᠨ ᠳᠤ ᠪᠠᠰᠠ | ᠰᠤᠷᠤᠭᠴᠢ ᠪᠦᠬᠦᠨ ᠬᠦᠭ ᠠᠶᠢᠵᠠᠮ ᠳᠤ ᠬᠦᠳᠡᠯᠬᠦ ᠤᠶᠢᠯᠠᠭᠠᠭᠳᠠᠬᠤᠨ ᠢ ᠪᠠᠷᠢᠮᠳᠠᠯᠠᠶ᠎ᠠ᠃ ᠠᠶᠢᠵᠠᠮᠳᠦ ᠬᠦᠳᠡᠯᠦᠯ ᠨᠢ | ᠪᠦᠵᠢᠭ ᠲᠠᠢ ᠠᠳᠠᠯᠢ ᠦᠬᠡᠢ᠂ ᠬᠦᠳᠡᠯᠦᠯ ᠤᠨ ᠮᠡᠷᠭᠡᠰᠢᠯ ᠤᠨ ᠴᠢᠨᠠᠷ ᠢ ᠱᠠᠭᠠᠷᠳᠠᠬᠤ ᠦᠬᠡᠢ ᠪᠠᠶᠢᠵᠦ᠂ ᠪᠠᠭᠰᠢ ᠠᠴᠠ | ᠰᠤᠷᠤᠭᠴᠢ ᠪᠦᠬᠦᠨ ᠬᠦᠳᠡᠯᠦᠯ ᠢ ᠪᠡᠶᠡᠯᠡᠬᠦᠯᠬᠦ ᠪᠦᠭᠡᠳ ᠪᠡᠶᠡᠯᠡᠭᠦᠯᠬᠦ ᠬᠦᠳᠡᠯᠦᠯ ᠨᠢ ᠲᠦᠭᠦᠮ ᠠᠪᠰᠠᠷᠬᠠᠨ᠂ | ᠠᠶᠠᠨᠳᠠᠭᠠᠨ ᠪᠠᠶᠢᠬᠤ ᠶᠢ ᠠᠩᠬᠠᠷᠤᠨ᠎ᠠ᠃ ᠡᠶᠢᠮᠦ ᠠᠴᠠ ᠠᠷᠠᠳ ᠤᠨ ᠲᠠᠭᠤᠤ ᠶᠢ ᠵᠢᠭᠠᠬᠤ ᠶᠠᠪᠤᠴᠠ ᠳᠤ ᠠᠶᠢᠵᠠᠮᠳᠤ | ᠬᠦᠳᠡᠯᠦᠯ ᠢᠶᠠᠨ ᠡᠮᠬᠢᠯᠡᠨ ᠲᠢᠭᠯᠡᠬᠦ ᠳᠤ ᠠᠷᠠᠳ ᠤᠨ ᠲᠠᠭᠤᠤ ᠶᠢᠨ ᠤᠭ ᠴᠤᠭᠴᠠ ᠶᠢᠨ ᠡᠯᠧᠮᠧᠨ᠋ᠲ ᠢ ᠠᠯᠢ | ᠴᠢᠳᠠᠬᠤ ᠪᠠᠷ ᠤᠨᠤᠪᠴᠢᠳᠠᠢ ᠢᠯᠡᠳᠭᠡᠨ᠂ ᠡᠭᠦᠨ ᠤ ᠰᠠᠭᠤᠷᠢᠨ ᠲᠡᠭᠡᠷ᠎ᠡ ᠲᠠᠬᠢᠨ ᠬᠦᠳᠡᠯᠦᠯ ᠤᠨ ᠭᠤᠸ᠎ᠠ ᠰᠠᠶᠢᠬᠠᠨ ᠢ | ᠬᠦᠭᠡᠬᠡᠴᠡᠯᠳᠤᠨᠡ᠃ | ᠠᠷᠠᠳ ᠤᠨ ᠲᠠᠭᠤᠤ ᠶᠢᠨ ᠵᠢᠭᠠᠨ ᠰᠤᠷᠭᠠᠯᠳᠠ ᠲᠤᠮᠳᠠ ᠬᠦᠳᠡᠯᠦᠯ ᠲᠤᠭᠯᠠᠬᠤ ᠳᠤ ᠪᠠᠨ ᠲᠤᠳᠤᠭᠠᠳᠤ | ᠰᠡᠳᠬᠢᠯ ᠠᠴᠠ ᠪᠠᠨ ᠡᠭᠦᠰᠬᠦ ᠶᠢ ᠬᠦᠨᠳᠦᠳᠭᠡᠨ᠎ᠡ᠃ ᠠᠶᠢᠵᠠᠮᠳᠦ ᠬᠦᠳᠡᠯᠦᠯ ᠤᠨ ᠶᠠᠪᠤᠴᠠ ᠳᠤ ᠰᠤᠷᠤᠭᠴᠢ ᠶᠢᠨ | ᠤᠷᠮ᠎ᠠ ᠰᠡᠳᠬᠢᠯᠭᠡ ᠪᠤᠯ ᠲᠤᠩ ᠴᠢᠬᠤᠯᠠ ᠨᠢᠭᠡᠨ ᠡᠯᠧᠮᠧᠨ᠋ᠲ ᠪᠤᠯᠤᠨ᠎ᠠ᠃ ᠨᠢᠭᠡ ᠤᠳᠠᠭ᠎ᠠ ᠪᠢ ᠲᠦᠷᠪᠡᠳᠦᠭᠡᠷ | ᠤᠨ ᠤ ᠰᠤᠷᠤᠭᠴᠢᠳ ᠲᠤ ᠠᠨᠳᠠᠢ ᠶᠢᠨ ᠠᠭᠤᠯᠭ᠎ᠠ ᠶᠢ ᠤᠷᠤᠵᠦ᠂ ᠠᠨᠳᠠᠢ ᠶᠢᠨ ᠲᠠᠭᠤᠤ ᠶᠢ ᠲᠠᠭᠤᠯᠠᠬᠤ ᠶᠢᠨ ᠬᠠᠮᠳᠤ | ᠲᠦᠭᠦᠮᠭᠡᠨ ᠠᠨᠳᠠᠢ ᠪᠦᠵᠢᠭ ᠤᠨ ᠬᠦᠳᠡᠯᠦᠯ ᠲᠤᠬᠢᠷᠠᠭᠤᠯᠤᠭᠰᠠᠨ ᠪᠠᠶᠢᠨ᠎ᠠ᠃ ᠢᠷᠠᠭᠤ ᠰᠠᠶᠢᠬᠠᠨ ᠠᠨᠳᠠᠢ ᠶᠢᠨ | ᠲᠠᠭᠤᠤ ᠳᠤ ᠰᠤᠷᠤᠭᠴᠢᠳ ᠬᠤᠶᠠᠷ ᠬᠦᠮᠦᠨ ᠨᠢᠭᠡ ᠲᠤᠭᠤᠶᠢᠯᠠᠩ ᠪᠤᠯᠵᠤ ᠠᠯᠴᠢᠭᠤᠷ ᠰᠠᠵᠢᠯᠠᠵᠤ ᠡᠷᠬᠢᠯᠳᠤᠨ | ᠤᠷᠤᠨ ᠢᠶᠠᠨ ᠰᠤᠯᠢᠬᠤ ᠬᠦᠳᠡᠯᠦᠯ ᠢ ᠪᠡᠶᠡᠯᠡᠭᠦᠯᠦᠭᠰᠡᠨ ᠪᠠᠶᠢᠨ᠎ᠠ᠃ ᠰᠤᠷᠤᠭᠴᠢᠳ ᠤᠨ ᠬᠦᠳᠡᠯᠭᠡᠭᠡᠨ ᠨᠡᠯᠢᠶᠡᠳ ᠲᠡᠷᠢ | ᠲᠡᠭᠰᠢ ᠪᠤᠯᠪᠠᠴᠤ ᠬᠤᠭᠤᠷᠤᠨᠳᠤ ᠪᠠᠨ ᠰᠤᠯᠢᠯᠴᠠᠭ᠎ᠠ ᠦᠭᠡᠢ ᠲᠤᠯᠠ ᠵᠠᠷᠢᠮ ᠨᠢ ᠲᠤᠷᠤᠭᠰᠢ ᠪᠠᠨ ᠬᠠᠷᠠᠵᠦ | ᠬᠤᠭᠤᠷᠤᠨᠳᠤ ᠪᠠᠨ ᠨᠢᠳᠤᠨ ᠬᠠᠷᠠᠴᠠᠨ ᠤ ᠰᠤᠯᠢᠯᠴᠠᠭ᠎ᠠ ᠲᠤᠳᠠᠮᠠᠭ᠂ ᠴᠢᠷᠠᠢ ᠶᠢᠨ ᠢᠯᠡᠷᠡᠯ ᠨᠢ ᠪᠠᠶᠠᠯᠢᠭ ᠰᠠᠶᠢᠬᠠᠨ | ᠪᠢᠰᠢ ᠬᠠᠷᠠᠭᠳᠠᠯ᠎ᠠ᠃ ᠪᠢ ᠰᠤᠷᠤᠭᠴᠢ ᠶᠢᠨ ᠡᠶᠢᠮᠦᠷᠬᠦᠤ ᠰᠡᠳᠭᠢᠯᠭᠡ ᠦᠬᠡᠢ ᠲᠤᠭᠯᠠᠵᠤ ᠪᠠᠶᠢᠬᠤ ᠶᠢ ᠰᠡᠷᠡᠨ ᠮᠡᠳᠡᠵᠦ | ᠰᠤᠷᠤᠭᠴᠢᠳ ᠲᠤ ᠪᠠᠨ ᠲᠠᠭᠤᠤ ᠬᠦᠭᠵᠢᠮ ᠢ ᠪᠡᠶᠡᠴᠢᠯᠠᠨ ᠤᠶᠢᠯᠠᠭᠠᠬᠤ ᠳᠤ ᠤᠷᠮ᠎ᠠ ᠰᠡᠳᠬᠢᠯᠭᠡ ᠲᠠᠢ ᠪᠠᠶᠢᠬᠤ ᠶᠢ | ᠱᠠᠭᠠᠷᠳᠠᠵᠦ᠂ ᠰᠡᠳᠬᠢᠯᠭᠡ ᠨᠢ ᠰᠡᠳᠬᠢᠯ ᠤᠨ ᠤᠭ ᠠᠴᠠ ᠪᠠᠨ ᠤᠨᠳᠤᠷᠴᠦ ᠲᠠᠭᠤᠤ ᠬᠦᠭᠵᠢᠮ ᠢ ᠲᠠᠭᠠᠰᠢᠶᠠᠨ᠎ᠠ᠂ | ᠦᠬᠡᠢ ᠪᠤᠯ ᠪᠢᠳᠡᠨ ᠤ ᠡᠨᠡ ᠬᠦ ᠲᠤᠭᠯᠠᠯᠳᠠ ᠨᠢ ᠶᠡᠬᠡᠩᠬᠢ ᠦᠨ᠎ᠡ ᠦᠷᠳᠡᠭ ᠢᠶᠠᠨ ᠠᠯᠳᠠᠬᠤ ᠶᠢ ᠰᠠᠨᠠᠭᠤᠯᠤᠭᠰᠠᠨ | ᠪᠠᠶᠢᠨ᠎ᠠ᠃ ᠡᠭᠦᠨ ᠤ ᠬᠠᠮᠳᠤ ᠰᠤᠷᠤᠭᠴᠢᠳ ᠲᠤ ᠪᠠᠨ ᠠᠨᠳᠠᠢ ᠶᠢᠨ ᠲᠤᠬᠠᠢ ᠦᠯᠢᠭᠡᠷ ᠶᠠᠷᠢᠬᠤ᠂ ᠲᠦᠷᠰᠦ | ᠰᠢᠩᠭᠡᠭᠡᠯᠳᠡ ᠰᠤᠨᠢᠷᠬᠠᠭᠤᠯᠬᠤ ᠵᠡᠷᠭᠡ ᠶᠢ ᠤᠶᠠᠯᠳᠤᠭᠤᠯᠵᠤ ᠵᠢᠭᠠᠨ ᠰᠤᠷᠭᠠᠭᠰᠠᠨ ᠪᠠᠶᠢᠨ᠎ᠠ᠃ ᠡᠭᠦᠨ ᠳᠤ | ᠰᠤᠷᠤᠭᠴᠢᠳ ᠪᠠᠰᠠ ᠲᠠᠭᠤᠤ ᠬᠦᠭᠵᠢᠮ ᠢ ᠬᠢᠨᠠᠮᠠᠭᠠᠢ ᠰᠤᠨᠤᠰᠴᠦ᠂ ᠦᠪᠡᠷᠰᠠᠳ ᠤᠨ ᠲᠤᠳᠤᠭᠠᠳᠤ ᠰᠡᠳᠬᠢᠯ ᠤᠨ | ᠰᠤᠨᠤᠷ ᠤᠨ ᠰᠡᠷᠡᠯ ᠢ ᠪᠤᠢ ᠪᠤᠯᠭᠠᠵᠤ᠂ ᠪᠠᠶ᠎ᠡ ᠪᠠᠨ ᠲᠠᠭᠠᠭᠠᠵᠤ ᠰᠡᠷᠡᠨ ᠤᠶᠢᠯᠠᠭᠠᠬᠤ ᠠᠷᠭ᠎ᠠ ᠶᠢ ᠬᠡᠷᠡᠭᠯᠡᠵᠦ | ᠪᠤᠯᠤᠨ᠎ᠠ᠃ ᠡᠨᠡ ᠦᠶ᠎ᠡ ᠳᠤ ᠲᠡᠳᠡᠨ ᠤ ᠠᠩᠬᠠᠷᠤᠯ ᠨᠢ ᠶᠡᠭᠡ ᠲᠦᠪᠯᠡᠷᠡᠵᠦ᠂ ᠤᠷᠮ᠎ᠠ ᠰᠡᠳᠬᠢᠯᠭᠡ ᠨᠢ ᠠᠶᠠᠨᠳᠠᠭᠠᠨ | ᠢᠯᠡᠷᠡᠬᠦ ᠪᠤᠯᠤᠨ᠎ᠠ᠃ | ᠭᠤᠷᠪᠠ᠂ ᠠᠷᠠᠳ ᠤᠨ ᠲᠠᠭᠤᠤ ᠶᠢ ᠲᠠᠬᠢᠨ ᠬᠤᠪᠢᠷᠠᠭᠠᠨ ᠰᠢᠨ᠎ᠡ ᠮᠠᠶ᠋ᠢᠭ ᠤᠨ ᠲᠠᠭᠤᠤ ᠬᠦᠭᠵᠢᠮ ᠤᠨ | ᠨᠠᠶᠢᠷᠠᠯᠭ᠎ᠠ ᠪᠠᠷ ᠲᠠᠭᠤᠯᠠᠬᠤ ᠵᠢᠭᠠᠨ ᠰᠤᠷᠭᠠᠯᠳᠠ | ᠲᠠᠭᠤᠤ ᠬᠦᠭᠵᠢᠮ ᠤᠨ ᠰᠤᠷᠭᠠᠨ ᠬᠦᠮᠦᠵᠢᠯ ᠤᠨ ᠠᠵᠢᠯᠯᠠᠭᠴᠢ ᠪᠤᠯᠤᠭᠰᠠᠨ ᠤ ᠬᠤᠪᠢ ᠳᠤ᠂ ᠪᠢᠳᠡ | ᠤᠯᠠᠮᠵᠢᠯᠠᠯᠳᠤ ᠤᠷᠠᠯᠢᠭ ᠤᠨ ᠤᠯᠠᠮᠵᠢᠯᠠᠯ ᠢ ᠬᠦᠨᠳᠦᠳᠬᠡᠵᠤ᠂ ᠰᠤᠷᠤᠭᠴᠢ ᠶᠢ ᠪᠠᠶᠠᠰᠤᠩᠭᠤᠢ ᠰᠤᠷᠬᠤ ᠤᠷᠴᠢᠨ ᠳᠤ | ᠠᠷᠠᠳ ᠤᠨ ᠲᠠᠭᠤᠤ ᠰᠤᠷᠭᠠᠬᠤ ᠶᠢ ᠠᠩᠬᠠᠷᠤᠨ᠎ᠠ᠃ ᠪᠠᠭᠰᠢ ᠠᠴᠠ ᠰᠤᠷᠤᠭᠴᠢᠳ ᠤᠨ ᠠᠷᠠᠳ ᠤᠨ ᠲᠠᠭᠤᠤ | ᠰᠤᠨᠢᠷᠬᠠᠬᠤ᠂ ᠠᠷᠠᠳ ᠤᠨ ᠲᠠᠭᠤᠤ ᠲᠠᠭᠤᠯᠠᠬᠤ ᠶᠢ ᠰᠤᠷᠤᠭᠴᠢ ᠶᠢᠨ ᠬᠦᠯᠢᠶᠡᠬᠦ ᠰᠤᠨᠢᠷᠬᠠᠯᠳᠤ ᠲᠠᠯ᠎ᠠ ᠠᠴᠠ ᠤᠴᠢᠵᠦ | ᠵᠢᠯᠤᠭᠤᠳᠤᠨ᠂ ᠠᠷᠠᠳ ᠤᠨ ᠲᠠᠭᠤᠤ ᠶᠢᠨ ᠭᠤᠸ᠎ᠠ ᠰᠠᠶᠢᠬᠠᠨ ᠢ ᠭᠦᠢᠴᠡᠳ ᠪᠠᠳᠠᠷᠠᠭᠤᠯᠤᠨ᠎ᠠ᠃ ᠤᠳᠤᠬᠢ ᠨᠠᠶᠢᠭᠡᠮ ᠤᠨ | ᠰᠤᠶᠤᠯ ᠤᠨ ᠬᠡᠯᠪᠡᠷᠢ ᠶᠢᠨ ᠤᠯᠠᠨ ᠡᠰᠢᠳᠦ ᠬᠦᠭᠵᠢᠯᠳᠡ ᠶᠢᠨ ᠪᠠᠶᠢᠳᠠᠯ ᠠᠴᠠ ᠦᠵᠡᠪᠡᠯ᠂ ᠬᠦᠮᠦᠰ ᠤᠨ ᠰᠤᠶᠤᠯ ᠤᠨ | ᠬᠡᠷᠡᠭᠴᠡᠭᠡ ᠪᠠᠰᠠ ᠬᠤᠪᠢᠷᠠᠯᠳᠠ ᠭᠠᠷᠴᠤ ᠪᠠᠶᠢᠨ᠎ᠠ᠃ ᠲᠠᠭᠤᠤ ᠬᠦᠭᠵᠢᠮ ᠤᠨ ᠬᠢᠴᠢᠶᠡᠯᠯᠡᠭᠡ ᠳᠠᠬᠢ ᠤᠯᠠᠮᠵᠢᠯᠠᠯᠳᠤ | ᠠᠷᠠᠳ ᠤᠨ ᠲᠠᠭᠤᠤ ᠶᠢᠨ ᠵᠢᠭᠠᠨ ᠰᠤᠷᠭᠠᠯᠳᠠ ᠶᠢᠨ ᠶᠠᠪᠤᠴᠠ ᠳᠤ ᠰᠢᠨ᠎ᠡ ᠲᠠᠭᠤᠤ ᠬᠦᠭᠵᠢᠮ ᠤᠨ ᠨᠠᠶᠢᠷᠠᠯᠭ᠎ᠠ ᠲᠠᠢ | ᠠᠷᠠᠳ ᠤᠨ ᠲᠠᠭᠤᠤ ᠶᠢ ᠠᠰᠢᠭᠯᠠᠵᠤ ᠪᠤᠯᠤᠨ᠎ᠠ᠃ ᠤᠷᠴᠢᠮ ᠤᠨ ᠵᠢᠯ ᠳᠤ ᠮᠠᠨ ᠤ ᠤᠷᠤᠨ ᠳᠤ ᠤᠯᠠᠨ ᠤᠷᠠᠯᠢᠬᠴᠢᠨ | ᠮᠤᠩᠭᠤᠯ ᠠᠷᠠᠳ ᠤᠨ ᠲᠠᠭᠤᠤ ᠪᠠᠷ ᠡᠬᠢ ᠮᠠᠲ᠋ᠧᠷᠢᠶᠠᠯ ᠪᠤᠯᠭᠠᠵᠤ ᠵᠤᠬᠢᠬᠤ ᠴᠠᠭ ᠦᠶ᠎ᠡ ᠶᠢᠨ ᠤᠨᠴᠠᠯᠢᠭᠳᠤ ᠰᠢᠨ᠎ᠡ | ᠴᠠᠭ ᠡᠷᠢᠨ ᠤ ᠠᠷᠠᠳ ᠤᠨ ᠲᠠᠭᠤᠤ ᠶᠢ ᠵᠤᠬᠢᠶᠠᠨ ᠪᠦᠳᠦᠭᠡᠵᠤ᠂ ᠰᠢᠨ᠎ᠡ ᠪᠠᠷ ᠤᠷᠠᠯᠢᠭ ᠤᠨ ᠲᠠᠶᠢᠰᠠᠨ ᠳᠤ ᠲᠤᠭᠯᠠᠵᠤ | ᠪᠠᠶᠢᠬᠤ ᠶᠤᠮ᠃ ᠲᠡᠳᠡ ᠢᠵᠠᠭᠤᠷ ᠤᠷᠠᠯᠢᠭ ᠪᠤᠯᠤᠨ ᠡᠯ᠎ᠡ ᠵᠦᠢᠯ ᠤᠨ ᠤᠷᠠᠯᠢᠭ ᠤᠨ ᠬᠡᠯᠪᠡᠷᠢ ᠶᠢ ᠵᠤᠷᠢᠭᠳᠠᠢ | ᠤᠶᠠᠯᠳᠤᠭᠤᠯᠤᠨ᠂ ᠤᠯᠠᠮᠵᠢᠯᠠᠯᠳᠤ ᠠᠷᠠᠳ ᠤᠨ ᠲᠠᠭᠤᠤ ᠶᠢᠨ ᠬᠠᠭᠤᠴᠢᠨ ᠬᠡᠪ ᠨᠠᠮᠪᠠ ᠶᠢ ᠬᠠᠳᠠᠭᠠᠯᠠᠭᠰᠠᠨ ᠰᠠᠭᠤᠷᠢᠨ | ᠲᠡᠭᠡᠷ᠎ᠡ ᠤᠳᠤ ᠶᠢᠨ ᠰᠤᠨᠢᠷᠬᠠᠯᠳᠠᠢ ᠤᠷᠠᠯᠢᠭ ᠤᠨ ᠬᠡᠪ ᠨᠠᠮᠪᠠ ᠶᠢ ᠤᠶᠠᠯᠳᠤᠭᠤᠯᠤᠨ ᠲᠤᠭᠯᠠᠵᠤ ᠪᠠᠶᠢᠨ᠎ᠠ᠃ ᠠᠨᠳᠠ | ᠬᠠᠮᠳᠤᠯᠢᠭ ᠤᠨ ︽ᠵᠠᠩᠭᠠᠷ ᠤᠨ ᠮᠠᠭᠳᠠᠭᠠᠯ︾ ᠭᠡᠬᠦ ᠪᠦᠳᠦᠭᠡᠯ ᠢᠶᠠᠷ ᠠᠪᠴᠤ ᠬᠡᠯᠡᠪᠡᠯ᠂ ᠤᠤᠯ ᠤᠨ ᠲᠠᠩ ᠭᠠᠭᠴᠠ | ᠲᠤᠪᠰᠢᠭᠤᠷ ᠢᠶᠠᠷ ᠬᠦᠭᠵᠢᠮᠳᠡᠵᠦ ᠲᠠᠭᠤᠯᠠᠬᠤ ᠬᠡᠯᠪᠡᠷᠢ ᠶᠢ ᠬᠤᠪᠢᠷᠠᠭᠤᠯᠵᠤ᠂ ᠤᠯᠠᠨ ᠮᠦᠷᠳᠦ ᠲᠠᠭᠤᠤ ᠬᠦᠭᠵᠢᠮ ᠤᠨ | ᠲᠠᠭᠤᠯᠠᠬᠤ ᠬᠡᠯᠪᠡᠷᠢ ᠶᠢ ᠠᠰᠢᠭᠯᠠᠨ᠂ ᠤᠯᠠᠨ ᠬᠦᠮᠦᠨ ᠤ ᠬᠦᠭᠡᠮᠡᠢ ᠶᠢᠨ ᠬᠠᠪᠰᠤᠷᠤᠯ ᠢ ᠤᠷᠤᠭᠤᠯᠤᠨ᠂ ᠲᠠᠭᠤᠨ | ᠮᠦᠷ ᠤᠨ ᠬᠤᠭᠤᠷᠤᠨᠳᠤᠬᠢ ᠠᠪᠴᠠᠯᠳᠤᠭ᠎ᠠ ᠪᠠ ᠶᠠᠷᠢᠯᠴᠠᠭ᠎ᠠ ᠶᠢ ᠪᠤᠢ ᠪᠤᠯᠭᠠᠭᠰᠠᠨ ᠠᠴᠠ ᠲᠠᠶᠢᠰᠠᠨ ᠤ | ᠲᠤᠭᠯᠠᠯᠳᠠ ᠶᠢᠨ ᠦᠷ᠎ᠡ ᠠᠰᠢᠭ ᠨᠠᠩ ᠰᠠᠶᠢᠨ ᠪᠤᠯᠤᠭᠰᠠᠨ ᠪᠠᠶᠢᠨ᠎ᠠ᠃ ᠬᠤᠶᠠᠳᠠᠬᠢ ᠤᠳᠠᠭᠠᠨ ᠤ ᠵᠤᠬᠢᠶᠠᠨ | ᠪᠦᠳᠦᠭᠡᠯᠭᠡ ᠶᠢᠨ ᠲᠤᠭᠯᠠᠯᠳᠠ ᠪᠠᠷ ᠲᠠᠮᠵᠢᠨ᠂ ᠮᠤᠩᠭᠤᠯ ᠦᠨᠳᠦᠰᠦᠳᠡᠨ ᠤ ᠤᠯᠠᠮᠵᠢᠯᠠᠯᠳᠤ ᠲᠠᠭᠤᠤ ᠬᠦᠭᠵᠢᠮ ᠤᠨ | ᠬᠡᠪ ᠨᠠᠮᠪᠠ ᠶᠢ ᠤᠳᠤ ᠦᠶ᠎ᠠ ᠶᠢᠨ ᠭᠡᠪ ᠨᠠᠮᠪᠠ ᠲᠠᠢ ᠤᠶᠠᠯᠳᠤᠭᠤᠯᠤᠨ᠂ ᠤᠯᠠᠮᠵᠢᠯᠠᠯᠳᠤ ᠲᠠᠭᠤᠤ ᠬᠦᠭᠵᠢᠮ ᠤᠨ | ᠤᠷᠠᠯᠢᠭ ᠤᠨ ᠭᠤᠸ᠎ᠠ ᠰᠠᠶᠢᠬᠠᠨ ᠢ ᠰᠤᠨᠤᠰᠤᠭᠴᠢᠳ ᠲᠤ ᠤᠯᠠᠮ ᠰᠠᠶᠢᠨ ᠤᠶᠢᠯᠠᠭᠠᠭᠤᠯᠬᠤ ᠪᠤᠯᠤᠭᠰᠠᠨ | ᠪᠠᠶᠢᠨ᠎ᠠ᠃ ᠶᠠᠭ ᠡᠳᠡᠭᠡᠷ ᠤᠨᠴᠠᠯᠢᠭ ᠨᠢ ᠬᠡᠤᠬᠡᠳ ᠪᠠᠭᠠᠴᠤᠳ ᠤᠨ ᠰᠤᠨᠢᠷᠬᠠᠯ ᠢ ᠲᠠᠲᠠᠵᠤ ᠲᠠᠶᠢᠯᠬᠦ | ᠪᠤᠯᠤᠨ᠎ᠠ᠃ ᠡᠶᠢᠮᠦᠷᠭᠦᠦ ᠴᠠᠭ ᠦᠶᠡᠳᠦ ᠴᠢᠨᠠᠷ ᠲᠠᠢ ᠰᠢᠨ᠎ᠡ ᠪᠠᠷ ᠵᠤᠬᠢᠶᠠᠭᠳᠠᠵᠤ ᠪᠠᠶᠢᠭ᠎ᠠ ᠲᠠᠭᠤᠤ ᠶᠢ ᠬᠢᠴᠢᠶᠡᠯ ᠤᠨ | ᠲᠠᠩᠬᠢᠮ ᠳᠤ ᠠᠭᠤᠰᠬᠠᠨ ᠤᠷᠤᠭᠤᠯᠪᠠᠯ ᠰᠤᠷᠤᠭᠴᠢ ᠲᠠᠭᠤᠯᠠᠬᠤ ᠲᠤᠷᠠᠳᠠᠢ᠂ ᠪᠠᠭᠰᠢ ᠵᠢᠭᠠᠬᠤ ᠲᠤᠷᠠᠲᠠᠢ ᠪᠠᠶᠢᠳᠠᠬ᠃ | ᠲᠦᠷᠪᠡ᠂ ᠠᠷᠠᠳ ᠤᠨ ᠲᠠᠭᠤᠤ ᠶᠢ ᠤᠯᠠᠨ ᠵᠠᠭᠤᠴᠢᠳᠦ ᠮᠠᠰᠢᠨ ᠢᠶᠠᠷ ᠵᠤᠬᠢᠰᠳᠠᠢ ᠬᠠᠪᠰᠤᠷᠭᠠᠨ ᠰᠤᠷᠬᠤ | ᠵᠢᠭᠠᠨ ᠰᠤᠷᠭᠠᠯᠳᠠ | ᠰᠤᠷᠭᠠᠭᠤᠯᠢ ᠠᠴᠠ ᠮᠡᠳᠡᠭᠡ ᠵᠠᠩᠬᠢᠴᠢᠯᠠᠯᠳᠠ ᠶᠢᠨ ᠤᠷᠠᠯᠢᠭ ᠤᠨ ᠬᠢᠴᠢᠶᠡᠯ ᠤᠨ ᠡᠬᠢ ᠪᠠᠶᠠᠯᠢᠭ ᠢ ᠨᠡᠭᠡᠭᠡᠨ | ᠬᠦᠭᠵᠢᠭᠦᠯᠵᠦ᠂ ᠠᠭᠤᠯᠭ᠎ᠠ ᠪᠤᠯᠤᠨ ᠠᠷᠭ᠎ᠠ ᠶᠢᠨ ᠲᠠᠯ᠎ᠠ ᠪᠠᠷ ᠤᠷᠠᠯᠢᠭ ᠤᠨ ᠬᠢᠴᠢᠶᠡᠯ ᠤᠨ ᠤᠷᠤᠨ ᠵᠠᠢ ᠶᠢ | ᠦᠷᠭᠡᠳᠭᠡᠵᠦ᠂ ᠤᠷᠠᠯᠢᠭ ᠤᠨ ᠵᠢᠭᠠᠨ ᠰᠤᠷᠭᠠᠯᠳᠠ ᠶᠢ ᠨᠠᠩ ᠰᠢᠭᠤᠳ ᠴᠢᠨᠠᠷ᠂ ᠦᠢᠯᠡᠳᠦᠯᠴᠡᠬᠦ ᠴᠢᠨᠠᠷ ᠪᠤᠯᠤᠨ ᠴᠠᠭ | ᠦᠶᠡᠳᠦ ᠴᠢᠨᠠᠷ ᠲᠠᠢ ᠪᠤᠯᠭᠠᠵᠤ᠂ ᠰᠤᠷᠤᠭᠴᠢᠳ ᠤᠨ ᠰᠤᠷᠤᠯᠴᠠᠬᠤ ᠠᠷᠭ᠎ᠠ ᠮᠠᠶ᠋ᠢᠭ ᠤᠨ ᠬᠤᠪᠢᠷᠠᠭᠤᠯᠤᠯᠳᠠ ᠶᠢ | ᠠᠭᠢᠭᠤᠯᠬᠤ ᠬᠡᠷᠡᠭᠳᠡᠢ ᠭᠡᠵᠡᠢ᠃ ᠢᠯᠠᠩᠭᠤᠶ᠎ᠠ ᠤᠳᠤ ᠦᠶ᠎ᠡ ᠶᠢᠨ ᠮᠡᠳᠡᠭᠡ ᠵᠠᠩᠭᠢ ᠶᠢᠨ ᠮᠡᠷᠭᠡᠵᠢᠯ ᠢᠶᠠᠷ ᠤᠷᠠᠯᠢᠭ ᠤᠨ | ᠬᠢᠴᠢᠶᠡᠯ ᠢ ᠡᠮᠬᠢᠯᠡᠨ ᠨᠡᠶᠢᠯᠡᠬᠦᠯᠵᠦ᠂ ᠲᠤᠭᠠᠴᠢᠯᠠᠭᠰᠠᠨ᠂ ᠮᠡᠳᠡᠭᠡ ᠵᠠᠩᠬᠢᠴᠢᠯᠠᠭᠰᠠᠨ ᠤᠷᠠᠯᠢᠭ ᠤᠨ ᠬᠢᠴᠢᠶᠡᠯ ᠤᠨ ᠡᠬᠢ | ᠪᠠᠶᠠᠯᠢᠭ ᠤᠨ ᠲᠡᠪᠴᠡᠩ ᠢ ᠢᠳᠡᠪᠬᠢᠳᠡᠢ ᠪᠠᠶᠢᠭᠤᠯᠵᠤ᠂ ᠨᠧᠲ ᠰᠦᠯᠵᠢᠶ᠎ᠡ ᠶᠢᠨ ᠮᠡᠳᠡᠭᠡ ᠵᠠᠩᠭᠢ ᠶᠢᠨ ᠬᠡᠮᠵᠢᠶ᠎ᠡ ᠶᠡᠭᠡ᠂ | ᠦᠵᠡᠵᠦ ᠰᠤᠨᠤᠰᠬᠤ ᠶᠢ ᠤᠶᠠᠯᠳᠤᠭᠤᠯᠤᠭᠰᠠᠨ᠂ ᠬᠠᠷᠢᠯᠴᠠᠨ ᠦᠢᠯᠡᠳᠦᠯᠴᠡᠵᠦ ᠬᠠᠮᠳᠤᠪᠡᠷ ᠡᠳ᠋ᠯᠡᠬᠦ ᠵᠡᠷᠭᠡ | ᠲᠠᠪᠠᠭᠤᠯᠢᠭ ᠲᠠᠯ᠎ᠠ ᠶᠢ ᠬᠦᠢᠴᠡᠳ ᠠᠰᠢᠭᠯᠠᠨ᠂ ᠵᠢᠭᠠᠨ ᠰᠤᠷᠭᠠᠯᠳᠠ ᠶᠢᠨ ᠰᠢᠨ᠎ᠡ ᠡᠬᠢ ᠪᠠᠶᠠᠯᠢᠭ ᠢ ᠨᠡᠭᠡᠭᠡᠨ | ᠬᠦᠭᠵᠢᠬᠦᠯᠵᠦ᠂ ᠵᠢᠭᠠᠨ ᠰᠤᠷᠭᠠᠯᠳᠠ ᠶᠢᠨ ᠠᠷᠭ᠎ᠠ ᠮᠠᠶ᠋ᠢᠭ ᠤᠨ ᠬᠤᠪᠢᠷᠠᠯᠳᠠ ᠪᠠ ᠰᠢᠨ᠎ᠡ ᠶᠢ ᠡᠭᠦᠳᠦᠨ ᠪᠦᠳᠦᠭᠡᠭᠦ ᠶᠢ | ᠠᠭᠢᠭᠤᠯᠬᠤ ᠬᠡᠷᠡᠭᠳᠡᠢ᠃ ᠮᠡᠳᠡᠭᠡ ᠵᠠᠩᠭᠢ ᠶᠢᠨ ᠮᠡᠷᠭᠡᠵᠢᠯ ᠢᠶᠠᠷ ᠲᠦᠯᠦᠭᠡᠯᠡᠭᠦᠯᠦᠭᠰᠡᠨ ᠤᠳᠤ ᠦᠶ᠎ᠡ ᠶᠢᠨ ᠰᠤᠷᠭᠠᠨ | ᠬᠦᠮᠦᠵᠢᠭᠦᠯᠬᠦ ᠮᠡᠷᠭᠡᠵᠢᠯ ᠨᠢ ᠲᠠᠭᠤᠤ ᠬᠦᠭᠵᠢᠮ ᠤᠨ ᠵᠢᠭᠠᠨ ᠰᠤᠷᠭᠠᠯᠳᠠ ᠶᠢᠨ ᠪᠠᠭᠳᠠᠭᠠᠮᠵᠢ ᠶᠢ ᠶᠡᠭᠡ ᠪᠠᠷ | ᠦᠷᠭᠡᠳᠭᠡᠵᠦ᠂ ᠵᠢᠭᠠᠬᠤ ᠠᠷᠭ᠎ᠠ ᠪᠠᠷᠢᠯ ᠪᠤᠯᠤᠨ ᠵᠢᠭᠠᠨ ᠰᠤᠷᠭᠠᠯᠳᠠ ᠶᠢᠨ ᠡᠬᠢ ᠪᠠᠶᠠᠯᠢᠭ ᠢ ᠪᠠᠶᠠᠯᠢᠬᠵᠢᠭᠤᠯᠵᠤ᠂ | ᠲᠠᠭᠤᠤ ᠬᠦᠭᠵᠢᠮ ᠤᠨ ᠬᠦᠮᠦᠵᠢᠯ ᠳᠤ ᠦᠷᠭᠡᠨ ᠠᠭᠤᠳᠠᠮ ᠠᠰᠢᠭᠯᠠᠯᠳᠠ ᠶᠢᠨ ᠪᠤᠯᠤᠮᠵᠢ ᠲᠠᠢ ᠪᠤᠯᠤᠭᠰᠠᠨ | ᠶᠤᠮ᠃ ᠪᠠᠭᠰᠢ ᠨᠠᠷ ᠤᠳᠤ ᠦᠶ᠎ᠡ ᠶᠢᠨ ᠮᠡᠳᠡᠭᠡ ᠵᠠᠩᠭᠢ ᠶᠢᠨ ᠮᠡᠷᠭᠡᠵᠢᠯ ᠢ ᠴᠢᠷᠮᠠᠶᠢᠨ ᠰᠤᠷᠤᠯᠴᠠᠵᠤ᠂ ᠲᠡᠭᠦᠨ ᠤ | ᠬᠠᠷᠠᠭ᠎ᠠ ᠰᠤᠨᠤᠷ ᠢ ᠤᠶᠠᠯᠳᠤᠭᠤᠯᠵᠤ᠂ ᠲᠠᠭᠤ ᠲᠦᠷᠰᠦ ᠶᠢ ᠨᠢᠭᠡᠲᠦᠭᠦᠯᠦᠨ᠂ ᠲᠦᠷᠰᠦᠯᠢᠭ ᠮᠦᠷᠳᠡᠭᠡᠨ ᠴᠢᠨᠠᠷ | ᠰᠠᠶᠢᠳᠠᠢ᠂ ᠮᠡᠳᠡᠭᠡ ᠵᠠᠩᠬᠢ ᠶᠢᠨ ᠬᠡᠮᠵᠢᠶ᠎ᠡ ᠶᠡᠭᠡ᠂ ᠡᠬᠢ ᠪᠠᠶᠠᠯᠢᠭ ᠦᠷᠭᠡᠨ ᠲᠡᠯᠭᠡᠷ ᠵᠡᠷᠭᠡ ᠲᠠᠪᠠᠭᠤᠯᠢᠭ ᠲᠠᠯ᠎ᠠ ᠶᠢ | ᠠᠰᠢᠭᠯᠠᠨ ᠵᠢᠭᠠᠨ ᠰᠤᠷᠭᠠᠯᠳᠠ ᠳᠤ ᠪᠠᠨ ᠦᠢᠯᠡᠴᠢᠯᠡᠬᠦᠯᠬᠦ ᠶᠤᠰᠤᠳᠠᠢ᠃ | ᠲᠠᠭᠤᠤ ᠬᠦᠭᠵᠢᠮ ᠤᠨ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠳᠠ ᠶᠢᠨ ᠲᠤᠮᠳᠠ ᠤᠯᠠᠨ ᠵᠠᠭᠤᠴᠢᠳᠦ | ᠮᠠᠰᠢᠨ ᠢ ᠵᠤᠬᠢᠰᠳᠠᠢ ᠠᠰᠢᠭᠯᠠᠵᠤ ᠬᠡᠷᠡᠭᠯᠡᠪᠡᠯ᠂ ᠵᠢᠭᠠᠨ ᠰᠤᠷᠭᠠᠯᠲᠠ ᠶᠢᠨ ᠦᠷ᠎ᠡ ᠠᠰᠢᠭ ᠢ ᠮᠡᠳᠡᠭᠳᠡᠮ᠎ᠡ | ᠲᠡᠭᠡᠭᠰᠢᠯᠡᠬᠦᠯᠵᠦ ᠪᠤᠯᠤᠨ᠎ᠠ᠃ ᠡᠨᠡ ᠨᠢ ᠠᠷᠠᠳ ᠤᠨ ᠲᠠᠭᠤᠤ ᠶᠢᠨ ᠵᠢᠭᠠᠨ ᠰᠤᠷᠭᠠᠯᠳᠠ ᠶᠢᠨ ᠲᠤᠮᠳᠠ ᠪᠠᠰᠠ ᠢᠯᠡᠷᠢ | ᠮᠡᠳᠡᠭᠳᠡᠵᠦ ᠪᠠᠶᠢᠬᠤ ᠶᠤᠮ᠃ ᠤᠯᠠᠨ ᠵᠠᠭᠤᠴᠢᠳᠦ ᠮᠠᠰᠢᠨ ᠨᠢ ᠰᠤᠷᠤᠭᠴᠢᠳ ᠢ ᠤᠷᠠᠯᠢᠭ ᠤᠨ ᠲᠠᠯ᠎ᠠ ᠪᠠᠷ | ᠨᠦᠯᠦᠭᠡᠯᠡᠵᠦ᠂ ᠭᠤᠸ᠎ᠠ ᠰᠠᠶᠢᠬᠠᠨ ᠤ ᠰᠡᠷᠡᠭᠳᠡᠯ ᠤᠯᠭᠤᠬᠤ ᠳᠤ ᠲᠦᠭᠦᠮ ᠪᠠᠶᠢᠵᠤ᠂ ᠨᠢᠳᠤᠨ ᠬᠠᠷᠠᠭ᠎ᠠ ᠶᠢ | ᠨᠡᠭᠡᠭᠡᠭᠳᠡᠭᠦᠯᠦᠨ᠂ ᠪᠤᠳᠤᠯ ᠰᠡᠳᠬᠢᠭᠦᠢ ᠶᠢ ᠲᠡᠯᠡᠭᠦ ᠶᠤᠮ᠃ ᠪᠠᠭᠰᠢ ᠠᠴᠠ ᠤᠯᠠᠨ ᠵᠠᠭᠤᠴᠢᠳᠦ ᠮᠠᠰᠢᠨ ᠢ ᠠᠰᠢᠭᠯᠠᠨ | ᠠᠷᠠᠳ ᠤᠨ ᠲᠠᠭᠤᠤ ᠲᠠᠢ ᠬᠤᠯᠪᠤᠭᠳᠠᠭᠰᠠᠨ ᠵᠢᠷᠤᠭ ᠲᠦᠷᠰᠦ᠂ ᠲᠠᠭᠤᠨ ᠰᠢᠩᠭᠡᠭᠡᠯᠲᠠ᠂ ᠲᠦᠷᠰᠦ ᠰᠢᠩᠭᠡᠭᠡᠯᠲᠠ ᠶᠢ | ᠰᠤᠨᠢᠷᠬᠠᠭᠤᠯᠤᠨ ᠦᠵᠡᠬᠦᠯᠬᠦ ᠪᠠᠷ ᠲᠠᠮᠵᠢᠨ ᠰᠤᠷᠤᠭᠴᠢᠳ ᠤᠨ ᠬᠠᠶᠢᠷ᠎ᠠ ᠰᠡᠳᠬᠢᠯᠭᠡ ᠲᠠᠭᠤᠤ ᠬᠦᠭᠵᠢᠮ᠂ | ᠲᠦᠷᠰᠦᠯᠢᠭ ᠪᠤᠳᠤᠭ ᠵᠢᠷᠤᠭ ᠵᠢᠴᠢ ᠰᠡᠳᠬᠢᠯ ᠢ ᠬᠦᠳᠡᠯᠭᠡᠮ᠎ᠡ ᠲᠠᠭᠤᠤ ᠠᠶᠠᠰ ᠲᠤ ᠨᠦᠯᠦᠭᠡᠯᠡᠭᠳᠡᠨ ᠠᠷᠠᠳ ᠤᠨ | ᠲᠠᠭᠤᠤ ᠶᠢᠨ ᠤᠷᠴᠢᠨ ᠠᠬᠤᠢ ᠶᠢᠨ ᠲᠤᠬᠠᠢ ᠲᠦᠷᠦᠭᠳᠡᠯ ᠡᠭᠦᠰᠴᠦ᠂ ᠠᠷᠠᠳ ᠤᠨ ᠲᠠᠭᠤᠤ ᠶᠢᠨ ᠠᠶᠠᠯᠭᠤ᠂ | ᠠᠭᠤᠯᠭ᠎ᠠ᠂ ᠰᠡᠳᠬᠢᠯᠭᠡ ᠵᠡᠷᠭᠡ ᠶᠢ ᠡᠵᠡᠮᠰᠢᠬᠦ ᠳᠤ ᠲᠦᠭᠦᠮ ᠪᠤᠯᠴᠢᠬᠠᠨ᠎ᠠ᠃ ᠤᠳᠤ ᠦᠶ᠎ᠡ ᠶᠢᠨ ᠰᠤᠷᠭᠠᠨ | ᠬᠦᠮᠦᠵᠢᠯ ᠤᠨ ᠮᠡᠷᠭᠡᠵᠢᠯ ᠢ ᠵᠦᠢ ᠵᠤᠬᠢᠰᠳᠠᠢ ᠬᠡᠷᠡᠭᠯᠡᠵᠦ᠂ ᠲᠡᠭᠦᠨ ᠤ ᠬᠠᠷᠠᠭ᠎ᠠ ᠰᠤᠨᠤᠷ ᠢ ᠤᠶᠠᠯᠳᠤᠭᠤᠯᠵᠦ᠂ ᠲᠠᠭᠤ | ᠲᠦᠷᠰᠦ ᠶᠢ ᠨᠢᠭᠡᠳᠦᠭᠦᠯᠦᠨ᠂ ᠡᠬᠢ ᠰᠤᠷᠪᠤᠯᠵᠢ ᠡᠯᠪᠡᠭ ᠪᠠᠶᠠᠯᠢᠭ ᠵᠡᠷᠭᠡ ᠲᠠᠪᠠᠭᠤᠯᠢᠭ ᠲᠠᠯ᠎ᠠ ᠶᠢ ᠠᠷᠠᠳ ᠤᠨ | ᠲᠠᠭᠤᠤ ᠶᠢᠨ ᠵᠢᠭᠠᠨ ᠰᠤᠷᠭᠠᠯᠳᠠ ᠳᠤ ᠪᠠᠨ ᠦᠢᠯᠡᠴᠢᠭᠦᠯᠦᠨ᠂ ᠠᠷᠠᠳ ᠤᠨ ᠲᠠᠭᠤᠤ ᠶᠢ ᠲᠠᠭᠤᠯᠠᠵᠦ ᠰᠤᠷᠬᠤ ᠳᠤ | ᠲᠦᠭᠦᠮ ᠪᠤᠯᠭᠠᠨ᠎ᠠ᠃ ᠢᠩᠬᠢᠪᠡᠯ ᠲᠠᠩ ᠴᠤᠯᠭᠤᠢ ᠠᠷᠠᠳ ᠤᠨ ᠲᠠᠭᠤᠤ ᠶᠢ ᠲᠠᠭᠠᠭᠤᠯᠵᠦ ᠲᠠᠭᠤᠯᠠᠬᠤ ᠠᠴᠠ | ᠵᠠᠶᠢᠯᠠᠰᠬᠢᠨ᠂ ᠰᠤᠷᠤᠭᠴᠢ ᠶᠢᠨ ᠠᠷᠠᠳ ᠤᠨ ᠲᠠᠭᠤᠤ ᠰᠤᠷᠬᠤ ᠤᠷᠮ᠎ᠠ ᠪᠠᠬ᠎ᠠ ᠶᠢ ᠬᠦᠭᠵᠢᠬᠡᠬᠦ ᠪᠤᠯᠤᠨ᠎ᠠ᠃ | ᠲᠠᠪᠤ᠂ ᠠᠷᠠᠳ ᠤᠨ ᠲᠠᠭᠤᠤ ᠶᠢ ᠦᠢᠯᠡᠳᠦᠯᠭᠡ ᠬᠦᠳᠡᠯᠭᠡᠭᠡᠨ ᠢᠶᠠᠷ ᠲᠠᠮᠵᠢᠨ ᠰᠤᠷᠤᠯᠴᠠᠬᠤ ᠵᠢᠭᠠᠨ ᠰᠤᠷᠭᠠᠯᠳᠠ | ᠤᠨᠤᠯ ᠪᠠ ᠦᠢᠯᠡᠳᠦᠯᠭᠡ ᠶᠢ ᠵᠡᠷᠭᠡ ᠪᠠᠷ ᠴᠢᠬᠤᠯᠠᠴᠢᠯᠠᠵᠦ᠂ ᠤᠨᠤᠯ ᠤᠨ ᠮᠡᠳᠡᠯᠭᠡ ᠶᠢᠨ ᠵᠢᠭᠠᠨ | ᠰᠤᠷᠭᠠᠯᠳᠠ ᠨᠢ ᠪᠠᠳᠦ ᠪᠠᠬᠢ ᠤᠨᠤᠯ ᠤᠨ ᠰᠠᠭᠤᠷᠢ ᠶᠢ ᠲᠠᠯᠪᠢᠵᠦ᠂ ᠦᠢᠯᠡᠳᠦᠯᠭᠡ ᠪᠤᠯ ᠠᠷᠠᠳ ᠤᠨ ᠲᠠᠭᠤᠤ ᠶᠢ | ᠰᠤᠷᠤᠯᠴᠠᠬᠤ ᠳᠤ ᠵᠢᠩᠭᠢᠨᠢ ᠦᠢᠯᠡᠳᠦᠯ ᠦᠵᠡᠭᠦᠯᠦᠨ᠎ᠡ᠃ ᠰᠤᠷᠤᠭᠴᠢᠳ ᠠᠷᠠᠳ ᠤᠨ ᠲᠠᠭᠤᠤ ᠶᠢ ᠲᠠᠭᠤᠯᠠᠬᠤ ᠳᠤ | ᠲᠠᠭᠤᠤ ᠶᠢᠨ ᠦᠭᠡ ᠶᠢᠨ ᠠᠭᠤᠯᠤᠭᠳᠠᠬᠤᠨ ᠪᠠ ᠲᠠᠭᠤᠯᠠᠬᠤ ᠦᠶᠡᠰ ᠤᠨ ᠬᠦᠭ ᠠᠶᠠᠯᠭᠤ ᠶᠢ ᠨᠢ ᠦᠢᠯᠠᠭᠠᠬᠤ ᠶᠢ | ᠵᠤᠷᠢᠬᠵᠢᠭᠤᠯᠤᠨ᠎ᠠ᠃ ᠰᠤᠷᠤᠭᠴᠢᠳ ᠲᠤ ᠲᠤᠭᠯᠠᠯᠳᠠ ᠶᠢᠨ ᠲᠡᠪᠴᠡᠩ ᠬᠠᠩᠭᠠᠵᠤ᠂ ᠬᠢᠴᠢᠶᠡᠯ ᠤᠨ ᠲᠠᠩᠬᠢᠮ᠂ | ᠰᠤᠷᠭᠠᠭᠤᠯᠢ ᠠᠴᠠ ᠡᠷᠭᠢᠯᠡᠭᠰᠡᠨ ᠦᠳᠡᠰᠢᠯᠡᠭᠡ᠂ ᠲᠤᠰᠬᠠᠢ ᠬᠠᠷᠢᠭᠤ ᠮᠡᠳᠡᠭᠦᠯᠦᠯᠳᠡ ᠶᠢᠨ ᠲᠤᠭᠯᠠᠯᠳᠠ ᠨᠢ ᠪᠦᠷ | ᠰᠤᠷᠤᠭᠴᠢᠳ ᠤᠨ ᠰᠤᠷᠤᠭᠰᠠᠨ ᠵᠦᠢᠯ ᠢᠶᠠᠨ ᠲᠡᠯᠭᠡᠨ ᠦᠵᠡᠬᠦᠯᠬᠦ ᠲᠤᠬᠢᠶᠠᠯ ᠲᠡᠪᠴᠡᠩ ᠪᠤᠯᠵᠤ | ᠪᠤᠯᠤᠨ᠎ᠠ᠃ ᠤᠷᠠᠯᠢᠭ ᠤᠨ ᠦᠢᠯᠡᠳᠦᠯᠭᠡ ᠳᠤ ᠤᠷᠤᠯᠴᠠᠬᠤ ᠪᠠᠷ ᠲᠠᠮᠵᠢᠨ ᠠᠷᠠᠳ ᠤᠨ ᠲᠠᠭᠤᠤ ᠶᠢᠨ ᠵᠢᠭᠠᠨ | ᠰᠤᠷᠭᠠᠯᠳᠠ ᠶᠢᠨ ᠦᠷ᠎ᠡ ᠠᠰᠢᠭ ᠢ ᠲᠡᠭᠡᠭᠰᠢᠯᠡᠬᠦᠯᠵᠦ ᠪᠤᠯᠤᠨ᠎ᠠ᠃ ᠬᠢᠴᠢᠶᠡᠯ ᠤᠨ ᠲᠠᠩᠬᠢᠮ ᠤᠨ ᠵᠢᠭᠠᠨ | ᠰᠤᠷᠭᠠᠯᠳᠠ ᠠᠴᠠ ᠭᠠᠳᠠᠨ᠎ᠠ ᠬᠢᠴᠢᠶᠡᠯ ᠤᠨ ᠭᠠᠳᠠᠨᠠᠬᠢ ᠬᠦᠳᠡᠯᠭᠡᠭᠡᠨ ᠢᠶᠠᠷ ᠲᠠᠮᠵᠢᠵᠦ ᠠᠷᠠᠳ ᠤᠨ ᠲᠠᠭᠤᠤ ᠶᠢᠨ ᠵᠢᠭᠠᠨ | ᠰᠤᠷᠭᠠᠯᠳᠠ ᠬᠢᠵᠦ᠂ ᠰᠤᠷᠤᠭᠴᠢᠳ ᠢ ᠢᠯᠡᠭᠦᠬᠡᠨ ᠤᠷᠠᠯᠢᠭ ᠤᠨ ᠲᠠᠶᠢᠰᠠᠨ ᠳᠤ ᠭᠠᠷᠭᠠᠵᠤ᠂ ᠲᠡᠳᠡᠨᠦᠰ ᠤᠨ | ᠰᠤᠷᠤᠯᠴᠠᠬᠤ ᠤᠷᠮ᠎ᠠ ᠪᠠᠬ᠎ᠠ᠂ ᠢᠳᠡᠭᠡᠯ ᠢ ᠲᠡᠭᠡᠭᠰᠢᠯᠡᠬᠦᠯᠬᠦ ᠪᠠᠷ ᠲᠠᠮᠵᠢᠨ᠂ ᠨᠡᠩ ᠲᠦᠭᠦᠮ ᠲᠦᠳᠡ ᠵᠠᠮ ᠢᠶᠠᠷ | ᠠᠷᠠᠳ ᠤᠨ ᠲᠠᠭᠤᠤ ᠶᠢᠨ ᠲᠤᠬᠠᠢ ᠪᠡᠶᠡᠴᠢ ᠤᠶᠢᠯᠠᠭᠠᠯᠳᠠ ᠬᠢᠯᠭᠡᠵᠦ ᠪᠤᠯᠤᠨ᠎ᠠ᠃ ᠪᠢᠳᠡ ᠨᠢᠭᠡ ᠤᠳᠠᠭ᠎ᠠ | ᠰᠤᠷᠤᠭᠴᠢ ᠶᠢ ᠵᠤᠬᠢᠶᠠᠨ ᠪᠠᠶᠢᠭᠤᠯᠵᠤ ᠬᠤᠳᠠ ᠶᠢᠨ ᠬᠡᠤᠭᠡᠳ ᠪᠠᠭᠠᠴᠤᠳ ᠤᠨ ᠨᠠᠶᠢᠷᠠᠯ ᠲᠠᠭᠤᠤ ᠶᠢᠨ | ᠤᠷᠤᠯᠳᠤᠭᠠᠨ ᠳᠤ ᠤᠷᠤᠯᠴᠠᠨ ︽ᠰᠢᠭᠰᠢᠷᠭᠡ ᠶᠢᠨ ᠲᠠᠭᠤᠤ︾ ᠭᠡᠬᠦ ᠠᠷᠠᠳ ᠤᠨ ᠲᠠᠭᠤᠤ ᠶᠢ ᠰᠤᠩᠭᠤᠵᠤ ᠨᠠᠶᠢᠷᠠᠯ | ᠲᠠᠭᠤᠤ ᠪᠤᠯᠭᠠᠨ ᠬᠤᠪᠢᠷᠠᠭᠤᠯᠤᠨ ᠨᠠᠶᠢᠷᠠᠭᠤᠯᠤᠭᠠᠳ ᠲᠠᠭᠤᠯᠠᠭᠰᠠᠨ ᠶᠤᠮ᠃ ᠤᠷᠤᠯᠳᠤᠭᠠᠨ ᠪᠠᠷᠠᠭᠠᠳ ᠨᠢᠭᠡ ᠭᠡᠰᠡᠭ | ᠬᠤᠭᠤᠴᠠᠭ᠎ᠠ ᠦᠩᠭᠡᠷᠡᠭᠰᠡᠨ ᠳᠤ ᠨᠢᠭᠡ ᠰᠤᠷᠤᠭᠴᠢ ᠵᠠᠮ ᠶᠠᠪᠤᠵᠤ ᠪᠠᠶᠢᠭᠠᠳ ᠦᠪᠡᠷ ᠤᠨ ᠡᠷᠬᠡ ᠦᠭᠡᠢ ᠲᠤᠰ | ᠲᠠᠭᠤᠤ ᠶᠢ ᠭᠢᠩᠰᠢᠨ ᠲᠠᠭᠤᠯᠠᠵᠤ ᠪᠠᠶᠢᠪᠠ᠃ ᠡᠭᠦᠨ ᠠᠴᠠ ᠦᠵᠡᠬᠦ ᠳᠤ ᠤᠷᠤᠯᠳᠤᠭᠠᠨ ᠢᠶᠠᠷ ᠲᠠᠮᠵᠢᠭᠠᠳ ᠡᠨᠡ ᠭᠦ | ︽ᠰᠢᠭᠰᠢᠷᠭᠡ ᠶᠢᠨ ᠲᠠᠭᠤᠤ︾ ᠬᠡᠬᠦ ᠠᠷᠠᠳ ᠤᠨ ᠲᠠᠭᠤᠤ ᠨᠢ ᠰᠤᠷᠤᠭᠴᠢ ᠶᠢᠨ ᠴᠡᠭᠡᠵᠢᠨ ᠳᠤ ᠭᠦᠨ ᠬᠠᠳᠠᠩᠰᠢᠭᠰᠠᠨ | ᠪᠠᠶᠢᠨ᠎ᠠ᠃ | ᠠᠮᠠᠷᠠᠯᠳᠠ ᠶᠢᠨ ᠴᠠᠭ ᠢ ᠠᠰᠢᠭᠯᠠᠨ ᠰᠤᠷᠤᠭᠴᠢᠳ ᠬᠦᠳᠡᠭᠡ ᠨᠤᠳᠤᠭ ᠲᠤ ᠬᠦᠷᠴᠦ ᠲᠤᠬᠠᠢ ᠶᠢᠨ ᠭᠠᠵᠠᠷ ᠲᠤ | ᠲᠠᠭᠤᠯᠠᠭᠳᠠᠵᠤ ᠪᠠᠶᠢᠭ᠎ᠠ ᠠᠷᠠᠳ ᠤᠨ ᠲᠠᠭᠤᠤ ᠶᠢ ᠰᠤᠨᠤᠰᠴᠤ ᠦᠢᠯᠠᠭᠠᠵᠤ ᠪᠤᠯᠤᠨ᠎ᠠ᠃ ᠲᠤᠬᠠᠢ ᠶᠢᠨ ᠭᠠᠵᠠᠷ ᠤᠨ | ᠲᠠᠭᠤᠴᠢᠳ ᠤᠨ ᠲᠠᠭᠤᠯᠠᠬᠤ ᠶᠢ ᠰᠤᠨᠢᠷᠬᠠᠵᠤ᠂ ᠠᠷᠠᠳ ᠤᠨ ᠲᠠᠭᠤᠤ ᠦᠷᠭᠡᠨ ᠢᠶᠠᠷ ᠲᠠᠷᠬᠠᠭᠳᠠᠵᠤ ᠪᠠᠶᠢᠭ᠎ᠠ | ᠭᠠᠵᠠᠷ ᠲᠤ ᠦᠢᠷᠠᠳᠴᠤ᠂ ᠲᠤᠬᠠᠢ ᠶᠢᠨ ᠭᠠᠵᠠᠷ ᠤᠨ ᠠᠷᠠᠳ ᠤᠨ ᠲᠠᠭᠤᠤ ᠳᠤ ᠠᠭᠤᠯᠤᠭᠳᠠᠭᠰᠠᠨ ᠦᠨᠡᠨ ᠪᠤᠳᠠᠳᠠᠢ | ᠰᠡᠳᠬᠢᠯᠭᠡ ᠶᠢ ᠤᠶᠢᠯᠠᠭᠠᠵᠤ ᠪᠤᠯᠤᠨ᠎ᠠ᠃ ᠠᠷᠠᠳ ᠤᠨ ᠲᠠᠭᠤᠤ ᠪᠤᠯ ᠠᠷᠠᠳ ᠤᠨ ᠠᠮᠢᠳᠤᠷᠠᠯ ᠠᠴᠠ ᠢᠷᠡᠯ ᠲᠠᠢ᠂ | ᠡᠶᠢᠮᠦᠷᠭᠦᠤ ᠤᠷᠴᠢᠨ ᠲᠤᠭᠤᠷᠢᠨ ᠨᠢ ᠰᠤᠷᠤᠭᠴᠢᠳ ᠢ ᠠᠷᠠᠳ ᠤᠨ ᠲᠠᠭᠤᠤ ᠲᠠᠢ ᠤᠯᠠᠮ ᠤᠶᠢᠷᠠᠳᠤᠭᠤᠯᠬᠤ | ᠪᠤᠯᠤᠨ᠎ᠠ᠃ | ᠠᠷᠠᠳ ᠤᠨ ᠲᠠᠭᠤᠤ ᠪᠤᠯ ᠬᠦᠮᠦᠨ ᠲᠦᠷᠦᠯᠬᠢᠳᠡᠨ ᠤ ᠰᠤᠶᠤᠯ ᠤᠨ ᠬᠠᠮᠤᠭ ᠤᠨ ᠦᠨᠡᠳᠦ ᠪᠦᠷᠢᠯᠳᠦᠭᠦᠨ | ᠪᠤᠯᠬᠤ ᠮᠦᠷᠳᠡᠭᠡᠨ ᠪᠤᠳᠠᠰ ᠤᠨ ᠪᠤᠰᠤ ᠰᠤᠶᠤᠯ ᠤᠨ ᠦᠪ ᠤᠨ ᠴᠢᠬᠤᠯᠠ ᠨᠢᠭᠡ ᠪᠦᠷᠢᠯᠳᠤᠭᠦᠨ ᠪᠤᠯᠤᠨ᠎ᠠ᠃ | ᠠᠷᠠᠳ ᠤᠨ ᠤᠯᠠᠮᠵᠢᠯᠠᠯᠳᠤ ᠰᠤᠶᠤᠯ ᠤᠷᠠᠯᠢᠭ ᠢ ᠬᠤᠶᠢᠴᠢ ᠦᠶ᠎ᠡ ᠳᠤ ᠪᠠᠨ ᠤᠯᠠᠮᠵᠢᠯᠠᠨ ᠡᠵᠡᠮᠰᠢᠬᠦᠯᠵᠦ᠂ ᠮᠤᠩᠭᠤᠯ | ᠠᠷᠠᠳ ᠤᠨ ᠲᠠᠭᠤᠤ ᠶᠢ ᠰᠤᠷᠤᠭᠴᠢᠳ ᠲᠤ ᠵᠢᠭᠠᠨ ᠰᠤᠷᠭᠠᠬᠤ ᠨᠢ ᠪᠢᠳᠡᠨ ᠤ ᠵᠠᠶᠢᠯᠠᠭᠤᠯᠵᠤ ᠪᠤᠯᠤᠰᠢ ᠦᠬᠡᠢ ᠡᠭᠦᠷᠭᠡ | ᠬᠠᠷᠢᠭᠤᠴᠠᠯᠭ᠎ᠠ ᠪᠤᠯᠬᠤ ᠶᠤᠮ᠃ ᠡᠶᠢᠮᠦ ᠠᠴᠠ ᠪᠢᠳᠡᠨ ᠤ ᠰᠠᠭᠤᠷᠢ ᠰᠤᠷᠭᠠᠨ ᠰᠤᠷᠭᠠᠨ ᠬᠦᠮᠦᠵᠢᠯ᠂ ᠦᠨᠳᠦᠰᠦᠨ | ᠱᠠᠲᠤᠨ ᠳᠤ ᠠᠵᠢᠯᠯᠠᠵᠤ ᠪᠠᠶᠢᠭ᠎ᠠ ᠲᠠᠭᠤᠤ ᠬᠦᠭᠵᠢᠮ ᠤᠨ ᠪᠠᠭᠰᠢ ᠨᠠᠷ ᠤᠯᠠᠮᠵᠢᠯᠠᠯᠳᠤ ᠲᠠᠭᠤᠤ ᠤᠷᠠᠯᠢᠭ᠂ ᠰᠤᠶᠤᠯ | ᠤᠷᠠᠯᠢᠭ ᠢ ᠬᠤᠶᠢᠴᠢ ᠦᠶ᠎ᠡ ᠳᠤ ᠪᠠᠨ ᠤᠶᠢᠯᠠᠭᠠᠭᠤᠯᠵᠦ ᠡᠵᠡᠮᠰᠢᠭᠦᠯᠦᠨ᠂ ᠤᠯᠠᠮᠵᠢᠯᠠᠬᠤ ᠡᠨᠡ ᠭᠦ ᠬᠦᠨᠳᠦ ᠡᠭᠦᠷᠭᠡ ᠶᠢ | ᠡᠭᠦᠷᠭᠡᠯᠡᠵᠦ ᠠᠪᠴᠤ ᠬᠢᠶ᠎ᠡ᠃ | | ᠵᠡᠬᠦᠯᠳᠡ | | | [1]ᠳ᠋᠊ · ᠪᠠᠳᠤ · ᠮᠤᠩᠭᠤᠯ ᠠᠷᠠᠳ ᠤᠨ ᠲᠠᠭᠤᠤ ᠶᠢᠨ ᠲᠠᠤᠭᠡᠨ ᠡᠬᠢ ᠰᠤᠷᠪᠤᠯᠵᠢ ᠪᠠ ᠲᠧᠺᠰᠲ | ᠰᠤᠳᠤᠯᠤᠯ · ᠪᠡᠭᠡᠵᠢᠩ᠄ ᠦᠨᠳᠤᠰᠤᠳᠠᠨ ᠤ ᠭᠡᠪᠯᠡᠯ ᠤᠨ ᠬᠤᠷᠢᠶ᠎ᠠ | [2]ᠪᠤᠷᠵᠢᠭᠢᠨ ᠰᠠᠶᠢᠨᠪᠠᠶᠠᠷ · ᠬᠤᠷᠴᠢᠨ ᠠᠷᠠᠳ ᠤᠨ ᠲᠠᠭᠤᠤ ᠶᠢᠨ ᠰᠤᠳᠤᠯᠤᠯ · ᠲᠦᠡᠭᠯᠢᠶᠤᠤ᠄ ᠦᠪᠦᠷ | ᠮᠤᠩᠭᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶ᠎ᠠ | [3]ᠰᠢ ᠰᠠᠶᠢᠨ᠂ ᠪᠤᠤ ᠵᠦ · ᠮᠤᠩᠭᠤᠯ ᠠᠷᠠᠳ ᠤᠨ ᠲᠤᠮᠤᠭ ᠦᠯᠢᠭᠡᠷ · ᠭᠦᠭᠡᠬᠤᠳᠠ᠄ ᠦᠪᠦᠷ | ᠮᠤᠩᠭᠤᠯ ᠤᠨ ᠬᠡᠪᠯᠡᠯ ᠤᠨ ᠪᠦᠯᠦᠭᠯᠡᠯ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ | [4]ᠱᠢ ᠶᠦᠩ᠂ ᠸᠠᠩ ᠢ ᠰᠢᠶᠠᠩ · ᠠᠨᠳᠠ ᠬᠠᠮᠳᠤᠯᠢᠭ ᠤᠨ ᠲᠠᠯ᠎ᠠ ᠨᠤᠳᠤᠭ ᠤᠨ ᠲᠠᠭᠤᠤ | ᠬᠦᠭᠵᠢᠮ ᠤᠨ ᠭᠠᠳᠠᠭᠠᠳᠦ ᠳᠠᠬᠢ ᠲᠠᠷᠬᠠᠭᠠᠯᠳᠠ᠂ ᠲᠠᠯ᠎ᠠ ᠨᠤᠳᠤᠭ ᠤᠨ ᠲᠠᠭᠤᠤ ᠬᠦᠭᠵᠢᠮ ᠤᠨ ᠰᠤᠶᠤᠯ ᠤᠨ | ᠤᠯᠠᠮᠵᠢᠯᠠᠯ ᠵᠢᠴᠢ ᠰᠤᠳᠤᠯᠤᠯ ᠲᠡᠪᠴᠡᠩ | [5]ᠤᠷᠠᠯᠢᠬ ᠤᠨ ᠬᠢᠴᠢᠶᠡᠯ ᠤᠨ ᠪᠠᠷᠢᠮᠵᠢᠶ᠎ᠠ · 2022 | [6]ᠳᠠᠭᠤᠤ ᠭᠦᠭᠵᠢᠮ ᠤᠨ ᠬᠢᠴᠢᠶᠡᠯ ᠤᠨ ᠪᠠᠷᠢᠮᠵᠢᠶ᠎ᠠ · 2011 | | | ᠠᠵᠢᠯᠯᠠᠵᠤ ᠪᠠᠶᠢᠭ᠎ᠠ ᠪᠠᠶᠢᠭᠤᠯᠭ᠎ᠠ᠄ ᠬᠦᠬᠡᠬᠤᠳᠠ ᠶᠢᠨ ᠮᠤᠩᠭᠤᠯ ᠦᠨᠳᠦᠰᠦᠳᠡᠨ ᠤ ᠰᠤᠷᠭᠠᠭᠤᠯᠢ | ︵ᠮᠦᠡᠭᠭᠦᠨᠴᠢᠮᠡᠭ ᠨᠠᠶᠢᠷᠠᠭᠤᠯᠪᠠ︶ | | | |