ᠰᠠᠷᠠᠨ᠎ᠠ | | | | | | | ᠨᠢᠬᠡ᠂ ᠵᠢᠭᠠᠬᠤ ᠶᠢ ᠰᠤᠳᠤᠯᠬᠤ ᠲᠠᠰᠤᠭ ᠤᠨ ᠦᠢᠯᠡᠳᠦᠯ ᠢ ᠪᠠᠳᠠᠷᠠᠭᠤᠯᠬᠤ | ᠵᠢᠭᠠᠬᠤ ᠶᠢ ᠰᠤᠳᠤᠯᠬᠤ ᠲᠠᠰᠤᠭ ᠪᠣᠯ ᠵᠢᠭᠠᠨ ᠰᠤᠷᠭᠠᠯᠲᠠ ᠶᠢᠨ ᠣᠨᠣᠯ ᠦᠢᠯᠡᠳᠦᠯᠭᠡ ᠶᠢ | ᠤᠶᠠᠯᠳᠤᠭᠤᠯᠤᠭᠰᠠᠨ ᠲᠣᠷᠰᠢᠯᠲᠠ ᠶᠢᠨ ᠠᠵᠢᠯ᠂ ᠰᠤᠲᠤᠯᠭᠠᠨ ᠤ ᠠᠵᠢᠯ ᠬᠢᠭᠡᠳ ᠲᠥᠭᠡᠮᠡᠯᠵᠢᠭᠦᠯᠦᠨ ᠲᠡᠯᠭᠡᠷᠡᠭᠦᠯᠬᠦ | ᠠᠵᠢᠯ ᠢ ᠬᠠᠷᠢᠭᠤᠴᠠᠳᠠᠭ᠃ ᠣᠳᠤᠬᠠᠨ ᠤ ᠰᠤᠷᠭᠠᠨ ᠬᠦᠮᠦᠵᠢᠯ᠂ ᠵᠢᠭᠠᠨ ᠰᠤᠷᠭᠠᠬᠤ ᠠᠵᠢᠯ ᠤᠨ ᠥᠭᠡᠷᠡᠴᠢᠯᠡᠯᠳᠡ | ᠶᠢᠨ ᠬᠠᠨᠳᠤᠰᠢ᠂ ᠠᠭᠤᠯᠭ᠎ᠠ᠂ ᠠᠷᠭ᠎ᠠ ᠬᠡᠯᠪᠡᠷᠢ᠂ ᠬᠢᠷᠢ ᠲᠦᠪᠰᠢᠨ ᠪᠠ ᠡᠯ᠎ᠡ ᠭᠠᠵᠠᠷ ᠲᠠᠬᠢ ᠥᠭᠡᠷᠡᠴᠢᠯᠡᠯᠳᠡ ᠶᠢᠨ | ᠪᠠᠶᠢᠲᠠᠯ ᠵᠡᠷᠭᠡ ᠰᠤᠷᠠᠭ ᠵᠠᠩᠭᠢ ᠶᠢ ᠴᠠᠭ ᠲᠤᠬᠠᠢ ᠳᠤ ᠨᠢ ᠡᠵᠡᠮᠰᠢᠨ ᠨᠡᠪᠳᠡᠷᠡᠯᠴᠡᠭᠦᠯᠬᠦ ᠨᠢ ᠵᠢᠭᠠᠬᠤ ᠶᠢ ᠰᠤᠳᠤᠯᠬᠤ | ᠲᠠᠰᠤᠭ ᠤᠨ ᠴᠢᠬᠤᠯᠠ ᠡᠬᠦᠷᠭᠡ ᠤᠴᠢᠷ ᠠᠴᠠ ᠡᠯ᠎ᠡ ᠵᠢᠭᠠᠬᠤ ᠶᠢ ᠰᠤᠳᠤᠯᠬᠤ ᠲᠤᠭᠤᠶᠢᠯᠠᠩ ᠤᠨ ᠪᠠᠭᠰᠢ ᠨᠠᠷ ᠲᠠᠢ | ᠬᠠᠮᠵᠢᠯᠴᠠᠭ᠎ᠠ ᠪᠠᠨ ᠴᠢᠩᠭᠠᠳᠬᠠᠵᠤ᠂ ᠬᠢᠴᠢᠶᠡᠯ ᠲᠦᠷᠦᠯ ᠤᠨ ᠵᠢᠭᠠᠨ ᠰᠤᠷᠭᠠᠯᠲᠠ ᠳᠤ ᠭᠦᠨᠵᠡᠬᠡᠢ ᠰᠣᠳᠣᠯᠣᠯᠲᠠ | ᠬᠢᠬᠦ ᠪᠠᠷ ᠲᠠᠮᠵᠢᠨ ᠰᠢᠨ᠎ᠡ ᠬᠢᠴᠢᠶᠡᠯ ᠤᠨ ᠦᠭᠡᠷᠡᠴᠢᠯᠡᠯᠳᠡ ᠳᠤ ᠵᠤᠬᠢᠴᠠᠵᠦ᠂ ᠰᠢᠨ᠎ᠡ ᠵᠢᠭᠠᠬᠤ ᠠᠷᠭ᠎ᠠ ᠠᠪᠴᠠᠯ ᠢ | ᠰᠥᠪᠡᠭᠴᠢᠯᠡᠨ ᠬᠢᠴᠢᠶᠡᠯᠯᠡᠭᠡ ᠳᠤ ᠪᠠᠨ ᠠᠰᠢᠭᠯᠠᠬᠤ ᠳᠤᠮᠳᠠ ᠠᠴᠠ ᠬᠢᠴᠢᠶᠡᠯ ᠲᠦᠷᠦᠯ ᠤᠨ ᠦᠷ᠎ᠡ ᠠᠰᠢᠭ ᠢ | ᠲᠡᠭᠡᠭᠰᠢᠯᠡᠬᠦᠯᠵᠦ ᠪᠣᠯᠣᠨ᠎ᠠ᠃ ᠮᠦᠨ ᠪᠠᠭᠰᠢ ᠶᠢᠨ ᠡᠩᠨᠡᠭᠡᠨ ᠤ ᠶᠡᠷᠦᠩᠬᠡᠢ ᠬᠡᠪ ᠴᠢᠨᠠᠷ ᠪᠣᠯ ᠨᠢᠭᠡ ᠰᠤᠷᠭᠠᠭᠤᠯᠢ ᠶᠢᠨ | ᠵᠢᠭᠠᠨ ᠰᠤᠷᠭᠠᠯᠲᠠ ᠶᠢᠨ ᠬᠢᠷᠢ ᠲᠦᠪᠰᠢᠨ ᠢ ᠪᠠᠳᠤᠯᠠᠬᠤ ᠬᠠᠮᠤᠭ ᠤᠨ ᠴᠢᠬᠤᠯᠠ ᠡᠯᠧᠮᠧᠨ᠋ᠲ ᠪᠣᠯᠬᠤ ᠤᠴᠢᠷ ᠠᠴᠠ | ᠵᠢᠭᠠᠬᠤ ᠶᠢ ᠰᠤᠳᠤᠯᠬᠤ ᠲᠠᠰᠤᠭ ᠠᠴᠠ ᠪᠠᠭᠰᠢ ᠨᠠᠷ ᠤᠨ ᠠᠵᠢᠯ ᠤᠨ ᠪᠠᠶᠢᠷᠢᠨ ᠳᠠᠬᠢ ᠰᠣᠷᠣᠯᠴᠠᠯᠭ᠎ᠠ ᠪᠠ | ᠪᠣᠯᠪᠠᠰᠤᠷᠠᠯ ᠢ ᠴᠢᠩᠭᠠᠳᠬᠠᠨ᠂ ᠤᠳᠤ ᠪᠠᠶᠢᠬᠤ ᠮᠡᠳᠡᠯᠭᠡ ᠶᠢ ᠲᠠᠰᠤᠷᠠᠯᠲᠠ ᠦᠬᠡᠢ ᠰᠢᠨᠠᠳᠭᠡᠵᠦ᠂ ᠴᠢᠳᠠᠪᠣᠷᠢ ᠶᠢᠨ | ᠲᠡᠭᠡᠭᠰᠢᠯᠡᠯᠳᠡ ᠳᠤ ᠬᠢᠨᠡᠯᠲᠡ ᠲᠠᠯᠪᠢᠬᠤ ᠪᠠᠷ ᠲᠠᠮᠵᠢᠨ ᠴᠠᠭ ᠦᠶ᠎ᠡ ᠶᠢᠨ ᠭᠦᠭᠵᠢᠯᠳᠡ᠂ ᠥᠰᠬᠦ ᠨᠠᠰᠤᠨ ᠤ | ᠰᠣᠷᠣᠭᠴᠢᠳ ᠤᠨ ᠬᠦᠭᠵᠢᠯᠳᠡ ᠳᠤ ᠵᠤᠬᠢᠴᠠᠭᠤᠯᠤᠨ ᠵᠢᠭᠠᠵᠤ᠂ ᠬᠢᠴᠢᠶᠡᠯ ᠲᠦᠷᠦᠯ ᠤᠨ ᠵᠢᠭᠠᠨ ᠰᠤᠷᠭᠠᠯᠲᠠ ᠶᠢᠨ | ᠦᠷ᠎ᠡ ᠠᠰᠢᠭ ᠢ ᠲᠡᠭᠡᠭᠰᠢᠯᠡᠬᠦᠯᠵᠦ ᠪᠣᠯᠣᠨ᠎ᠠ᠃ | ᠬᠤᠶᠠᠷ᠂ ᠲᠠᠭᠠᠭᠤᠯᠤᠭᠴᠢ ᠪᠠᠭᠰᠢ ᠶᠢᠨ ᠳᠦᠷᠢᠮ ᠢ ᠪᠠᠶᠢᠭᠤᠯᠤᠨ ᠲᠡᠭᠦᠯᠳᠡᠷᠵᠢᠭᠦᠯᠬᠦ | ᠵᠢᠭᠠᠬᠤ ᠶᠢ ᠰᠣᠳᠣᠯᠬᠤ ᠲᠠᠰᠤᠭ ᠠᠴᠠ ᠭᠤᠣᠯᠯᠠᠭᠴᠢ ᠪᠠᠭᠰᠢ ᠶᠢᠨ ᠡᠩᠨᠡᠬᠡᠨ ᠤ ᠣᠶᠢᠯᠡᠳᠣᠯ ᠢ ᠬᠦᠢᠴᠡᠳ | ᠪᠠᠳᠠᠷᠠᠭᠤᠯᠵᠦ᠂ ᠰᠠᠭᠤᠷᠢ ᠮᠡᠳᠡᠯᠬᠡ ᠳᠤ ᠴᠠᠭᠠᠷᠠᠭᠰᠠᠨ᠂ ᠬᠢᠴᠢᠶᠡᠩᠬᠦᠢ ᠵᠠᠩ ᠲᠠᠢ᠂ ᠲᠡᠭᠡᠳᠣ ᠬᠡᠮᠵᠢᠶᠡᠨ ᠤ | ᠬᠠᠷᠢᠭᠤᠴᠠᠯᠭᠠᠳᠣ ᠣᠪᠣᠷ ᠲᠠᠢ ᠮᠦᠷᠳᠡᠭᠡᠨ ᠵᠢᠭᠠᠬᠤ ᠠᠷᠭ᠎ᠠ ᠠᠪᠴᠡᠯ ᠰᠢᠨᠡᠷᠭᠡᠭ᠂ ᠣᠷᠣᠨ ᠬᠤᠳᠡ ᠶᠢᠨ ᠲᠠᠰ ᠤᠨ | ᠬᠢᠴᠢᠶᠡᠯ ᠲᠦᠷᠦᠯ ᠤᠨ ᠲᠠᠭᠠᠭᠤᠯᠣᠭᠴᠢ ᠪᠠᠭᠰᠢ ᠪᠣᠯᠣᠨ ᠵᠢᠭᠠᠨ ᠰᠣᠷᠭᠠᠬᠤ ᠴᠢᠳᠠᠪᠣᠷᠢᠳᠡᠨ ᠪᠠᠭᠰᠢ ᠶᠢ ᠣᠷᠢᠵᠦ | ᠦᠵᠡᠬᠦᠯᠬᠡ ᠶᠢᠨ ᠬᠢᠴᠢᠶᠡᠯ ᠣᠷᠣᠭᠤᠯᠬᠤ᠂ ᠲᠤᠰᠬᠠᠢ ᠮᠡᠷᠭᠡᠵᠢᠯ ᠤᠨ ᠶᠠᠷᠢᠶ᠎ᠠ ᠲᠠᠶᠢᠯᠣᠮᠵᠢ ᠬᠢᠯᠭᠡᠬᠦ ᠮᠡᠲᠦ ᠶᠢᠨ | ᠠᠷᠭ᠎ᠠ ᠪᠠᠷ ᠲᠡᠳᠡ ᠨᠠᠷ ᠤᠨ ᠬᠤᠰᠢᠭᠤᠴᠢ ᠦᠢᠯᠡᠳᠦᠯ ᠢ ᠪᠠᠳᠠᠷᠠᠭᠤᠯᠤᠨ᠂ ᠵᠢᠭᠠᠨ ᠰᠣᠷᠭᠠᠯᠳᠡ ᠶᠢᠨ ᠲᠠᠯᠠᠪᠣᠷ ᠢ | ᠭᠦᠭᠵᠢᠬᠡᠨ᠂ ᠵᠢᠭᠠᠬᠤ ᠠᠷᠭ᠎ᠠ ᠶᠢᠨ ᠲᠠᠯ᠎ᠠ ᠪᠠᠷ ᠬᠢ ᠪᠣᠳᠠᠳᠣ ᠦᠵᠡᠬᠦᠯᠬᠡ ᠶᠢ ᠬᠠᠩᠭᠠᠨ᠂ ᠰᠢᠯᠢᠳᠡᠭ ᠬᠢᠴᠢᠶᠡᠯ᠂ | ᠰᠢᠯᠢᠳᠡᠭ ᠪᠠᠭᠰᠢ ᠶᠢᠨ ᠳᠠᠭᠤᠷᠢᠶᠡᠯ ᠤᠨ ᠦᠢᠯᠡᠳᠦᠯ ᠢ ᠪᠠᠳᠠᠷᠠᠭᠤᠯᠬᠤ ᠳᠤᠮᠳᠠ ᠠᠴᠠ ᠪᠠᠭᠰᠢ ᠨᠠᠷ ᠬᠤᠭᠤᠷᠤᠨᠳᠦ ᠪᠠᠨ | ᠬᠠᠷᠢᠯᠴᠡᠨ ᠰᠣᠷᠣᠯᠴᠡᠵᠦ᠂ ᠠᠮᠵᠢᠯᠲᠠ ᠪᠠᠨ ᠪᠠᠳᠠᠷᠠᠭᠤᠯᠵᠦ᠂ ᠲᠤᠲᠠᠭᠳᠠᠯ ᠢᠶᠠᠨ ᠨᠦᠬᠦᠪᠤᠷᠢᠯᠠᠨ ᠠᠵᠢᠯᠯᠠᠪᠠᠯ | ᠪᠠᠭᠰᠢ ᠨᠠᠷ ᠤᠨ ᠵᠢᠭᠠᠨ ᠰᠣᠷᠭᠠᠬᠤ ᠣᠷ᠎ᠠ ᠮᠡᠷᠬᠡᠰᠢᠯ ᠳᠡᠭᠡᠭᠰᠢᠯᠡᠬᠦ ᠶᠢᠨ ᠬᠠᠮᠲᠦ ᠲᠤᠬᠠᠶᠢᠯᠠᠭᠰᠠᠨ ᠠᠵᠢᠯ ᠳᠤ ᠪᠠᠨ | ᠬᠤᠷᠳᠦᠨ ᠭᠠᠷᠰᠢᠵᠦ ᠬᠢᠴᠢᠶᠡᠯ ᠲᠦᠷᠦᠯ ᠤᠨ ᠵᠢᠭᠠᠨ ᠰᠤᠷᠭᠠᠯᠲᠠ ᠶᠢᠨ ᠦᠷ᠎ᠡ ᠠᠰᠢᠭ ᠲᠡᠭᠡᠭᠰᠢᠯᠡᠵᠦ | ᠪᠣᠯᠣᠨ᠎ᠠ᠃ ᠣᠨᠴᠠᠭᠠᠶᠢᠯᠠᠨ ᠵᠠᠯᠠᠭᠤ ᠪᠠᠭᠰᠢ ᠶᠢ ᠲᠠᠭᠠᠭᠤᠯᠣᠨ ᠬᠢᠴᠢᠶᠡᠯ ᠪᠡᠯᠡᠳᠬᠡᠬᠦ᠂ ᠬᠢᠴᠢᠶᠡᠯ ᠰᠣᠨᠣᠰᠬᠤ᠂ | ᠬᠢᠴᠢᠶᠡᠯ ᠦᠨᠡᠯᠡᠬᠦ᠂ ᠬᠢᠴᠢᠶᠡᠯ ᠵᠢᠭᠠᠬᠤ ᠣᠷ᠎ᠠ ᠲᠠᠮ ᠤᠨ ᠲᠣᠬᠠᠢ ᠤᠯᠠᠮᠵᠢᠯᠠᠬᠤ ᠶᠢ ᠶᠡᠭᠡ ᠪᠠᠷ ᠵᠣᠷᠢᠬᠵᠢᠭᠤᠯᠣᠨ | ᠬᠢᠵᠦ ᠪᠣᠯᠣᠨ᠎ᠡ᠃ ᠡᠬᠦᠨ ᠤ ᠲᠣᠮᠳᠡ ᠠᠴᠠ ᠵᠠᠯᠠᠭᠤ ᠪᠠᠭᠰᠢ ᠨᠡᠷ ᠲᠣᠷᠰᠢᠯᠭ᠎ᠠ ᠬᠤᠷᠠᠮᠳᠣᠭᠤᠯᠣᠨ᠂ ᠬᠢᠴᠢᠶᠡᠯᠯᠡᠭᠡ ᠶᠢᠨ | ᠵᠢᠭᠠᠨ ᠰᠣᠷᠭᠠᠯᠳᠡ ᠶᠢᠨ ᠲᠣᠬᠠᠢ ᠢᠯᠡᠬᠦᠬᠡᠨ ᠰᠢᠭ ᠰᠢᠨᠵᠢᠯᠡᠨ ᠰᠣᠳᠣᠯᠬᠤ ᠣᠷᠮᠠᠰᠢᠯ ᠲᠠᠢ ᠪᠣᠯᠬᠤ ᠮᠦᠷᠳᠡᠭᠡᠨ | ᠰᠢᠯᠢᠳᠡᠭ ᠵᠢᠭᠠᠨ ᠰᠤᠷᠭᠠᠯᠳᠠ ᠶᠢᠨ ᠠᠷᠭ᠎ᠠ ᠠᠪᠴᠠᠯ ᠢ ᠨᠢ ᠦᠪᠡᠷ ᠤᠨ ᠢᠶᠠᠨ ᠬᠢᠴᠢᠶᠡᠯᠯᠡᠭᠡ ᠳᠤ ᠪᠠᠨ | ᠠᠮᠢᠳᠣᠯᠢᠭ ᠢᠶᠠᠷ ᠠᠰᠢᠭᠯᠠᠪᠠᠯ᠂ ᠬᠢᠴᠢᠶᠡᠯ ᠲᠦᠷᠦᠯ ᠤᠨ ᠦᠷ᠎ᠡ ᠠᠰᠢᠭᠲᠤ ᠴᠢᠨᠠᠷ ᠢ ᠲᠡᠭᠡᠭᠰᠢᠯᠡᠬᠦᠯᠵᠦ ᠪᠣᠯᠣᠨ᠎ᠠ᠃ | ᠭᠤᠷᠪᠠ᠂ ᠵᠠᠯᠠᠭᠤ ᠪᠠᠭᠰᠢ ᠨᠠᠷ ᠢ ᠵᠢᠯᠤᠭᠤᠳᠴᠦ ᠬᠦᠮᠤᠵᠢᠬᠦᠯᠬᠦ ᠶᠢ ᠴᠢᠩᠭᠠᠳᠬᠠᠬᠤ | ︽ᠦᠨᠳᠣᠷ ᠬᠢᠷᠢ ᠲᠦᠪᠰᠢᠨ ᠲᠠᠢ ᠪᠠᠭᠰᠢ ᠶᠢᠨ ᠡᠩᠨᠡᠭᠡ ᠪᠠᠶᠢᠬᠤ ᠦᠬᠡᠢ ᠪᠣᠯ ᠦᠨᠳᠣᠷ ᠴᠢᠨᠠᠷ | ᠴᠢᠨᠰᠠᠭ᠎ᠠ ᠲᠠᠢ ᠰᠣᠷᠭᠠᠨ ᠬᠦᠮᠣᠵᠢᠯ ᠪᠠᠶᠢᠵᠦ ᠴᠢᠳᠠᠬᠤ ᠦᠬᠡᠢ︾ ᠭᠡᠳᠡᠭ ᠢᠶᠠᠷ ᠨᠢᠬᠡ ᠰᠣᠷᠭᠠᠭᠤᠯᠢ ᠶᠢᠨ ᠣᠷᠣᠰᠢᠨ | ᠲᠣᠭᠳᠡᠨᠢᠵᠦ ᠥᠭᠡᠳᠡᠯᠡᠨ ᠬᠦᠭᠵᠢᠬᠦ ᠳᠤ᠂ ᠦᠵᠡᠯ ᠰᠠᠨᠠᠭ᠎ᠠ ᠳᠠᠪᠰᠢᠩᠭᠤᠢ᠂ ᠮᠡᠳᠡᠯᠬᠡ ᠴᠢᠳᠠᠪᠣᠷᠢ ᠦᠨᠳᠣᠷ᠂ | ᠰᠢᠨ᠎ᠡ ᠶᠢ ᠬᠦᠯᠢᠶᠡᠨ ᠠᠪᠬᠤ ᠳᠤ ᠪᠠᠨ ᠴᠢᠳᠠᠮᠠᠭᠠᠢ ᠶᠡᠷᠣᠩᠬᠡᠶᠢᠯᠡᠭᠰᠡᠨ ᠬᠡᠪ ᠪᠣᠯᠪᠠᠰᠣᠷᠠᠯ ᠦᠨᠳᠣᠷ ᠪᠠᠭᠰᠢ ᠶᠢᠨ | ᠡᠩᠨᠡᠭᠡ ᠳᠤ ᠲᠦᠰᠢᠭᠯᠡᠨ᠎ᠡ᠃ ᠪᠠᠭᠰᠢ ᠶᠢᠨ ᠡᠩᠨᠡᠭᠡᠨ ᠤ ᠣᠳᠣᠬᠢ ᠪᠠᠶᠢᠳᠡᠯ ᠠᠴᠠ ᠦᠵᠡᠪᠡᠯ᠂ ᠡᠯ᠎ᠡ ᠬᠢᠴᠢᠶᠡᠯ | ᠲᠦᠷᠦᠯ ᠠᠴᠠ ᠨᠢᠬᠡ ᠪᠦᠯᠦᠭ ᠠᠬᠠᠮᠠᠳ ᠪᠠᠭᠰᠢ ᠠᠵᠢᠯ ᠠᠴᠠ ᠪᠠᠨ ᠠᠮᠠᠷᠠᠬᠤ ᠪᠣᠯᠣᠭᠰᠠᠨ ᠳᠤ ᠵᠠᠯᠠᠭᠤ ᠢᠳᠡᠷ ᠪᠠᠭᠰᠢ | ᠨᠠᠷ ᠨᠢ ᠰᠣᠷᠭᠠᠭᠤᠯᠢ ᠶᠢᠨ ᠢᠶᠠᠨ ᠪᠠᠭᠰᠢ ᠶᠢᠨ ᠡᠩᠨᠡᠭᠡ ᠳᠤ ᠭᠤᠤᠯᠯᠠᠭᠴᠢ ᠬᠦᠴᠦᠨ ᠪᠣᠯᠪᠡ᠃ ᠡᠭᠦᠨ ᠳᠤ᠂ ᠵᠠᠯᠠᠭᠤ | ᠪᠠᠭᠰᠢ ᠨᠠᠷ ᠨᠢ ᠪᠠᠭᠰᠢ ᠶᠢᠨ ᠲᠣᠰᠬᠠᠢ ᠮᠡᠳᠡᠯᠬᠡ ᠪᠣᠯᠪᠠᠰᠣᠷᠠᠯ ᠢ ᠬᠦᠷᠳᠡᠭᠰᠡᠨ ᠪᠦᠬᠡᠳ ᠨᠠᠰᠣ ᠵᠠᠯᠠᠭᠤ ᠵᠣᠷᠢᠭ | ᠲᠡᠬᠦᠯᠳᠡᠷ᠂ ᠰᠢᠨ᠎ᠡ ᠶᠢ ᠬᠦᠯᠢᠶᠡᠨ ᠠᠪᠬᠤ ᠳᠤ ᠴᠢᠳᠠᠮᠠᠭᠠᠢ ᠪᠠᠶᠢᠳᠠᠭ ᠢᠶᠠᠷ ᠢᠶᠠᠨ ᠰᠣᠷᠭᠠᠭᠤᠯᠢ ᠶᠢᠨ ᠢᠶᠠᠨ ᠪᠠᠭᠰᠢ ᠶᠢᠨ | ᠡᠩᠨᠡᠭᠡ ᠳᠤ ᠰᠢᠨ᠎ᠡ ᠰᠣᠷᠭᠤᠭ ᠠᠮᠢᠵᠢᠷᠡᠯ ᠤᠨ ᠬᠦᠴᠦᠨ ᠢ ᠬᠠᠩᠭᠠᠳᠠᠭ᠃ ᠬᠡᠳᠡᠯ᠎ᠡ ᠵᠠᠯᠠᠭᠤ ᠪᠠᠭᠰᠢ ᠨᠡᠷ ᠨᠢ ᠲᠤᠰᠬᠠᠢ | ᠮᠡᠷᠬᠡᠵᠢᠯ ᠳᠤ ᠪᠠᠨ ᠨᠡᠪᠳᠡᠷᠬᠡᠢ ᠪᠣᠯᠪᠡᠴᠦ ᠠᠵᠢᠯ ᠤᠨ ᠲᠣᠷᠰᠢᠯᠭ᠎ᠠ ᠲᠤᠲᠠᠮᠠᠭ ᠠᠴᠠ ᠪᠣᠯᠵᠦ ᠬᠢᠴᠢᠶᠡᠯ ᠲᠦᠷᠦᠯ ᠤᠨ | ᠭᠤᠤᠯᠯᠠᠭᠴᠢ ᠬᠡᠪ ᠪᠣᠯᠪᠠᠰᠤᠷᠠᠯ ᠢ ᠠᠳᠬᠤᠨ ᠵᠢᠭᠠᠬᠤ ᠠᠭᠤᠯᠭ᠎ᠠ ᠶᠢᠨ ᠢᠶᠠᠨ ᠭᠤᠣᠯᠳᠠᠯᠭ᠎ᠠ ᠶᠢ ᠲᠣᠪᠤᠶᠢᠯᠭᠠᠵᠤ᠂ | ᠬᠦᠴᠢᠷᠳᠡᠯᠭᠡ ᠶᠢ ᠰᠢᠪᠳᠤᠯᠬᠤ᠂ ᠵᠢᠭᠠᠨ ᠰᠣᠷᠭᠠᠯᠳᠡ ᠪᠠᠨ ᠰᠣᠷᠭᠠᠭᠤᠯᠢ ᠶᠢᠨ ᠨᠡᠰᠣᠨ ᠤ ᠭᠡᠤᠭᠡᠳ ᠤᠨ | ᠣᠨᠴᠠᠯᠢᠭ ᠲᠤ ᠵᠣᠬᠢᠴᠠᠭᠤᠯᠣᠨ ᠵᠢᠭᠠᠨ ᠰᠤᠷᠭᠠᠬᠤ ᠲᠠᠯ᠎ᠠ ᠪᠠᠷ ᠬᠦᠷᠦᠯᠴᠡᠬᠦ ᠦᠬᠡᠢ ᠪᠠᠶᠢᠬᠤ ᠨᠢ ᠰᠣᠷᠣᠭᠴᠢᠳ ᠤᠨ | ᠪᠦᠬᠦ ᠲᠠᠯ᠎ᠠ ᠶᠢᠨ ᠴᠢᠳᠠᠪᠣᠷᠢ ᠶᠢᠨ ᠬᠦᠭᠵᠢᠯᠳᠡ ᠳᠤ ᠠᠰᠢᠭ ᠦᠬᠡᠢ ᠮᠦᠷᠳᠡᠬᠡᠨ ᠰᠣᠷᠭᠠᠭᠤᠯᠢ ᠶᠢᠨ ᠵᠢᠭᠠᠨ | ᠰᠣᠷᠭᠠᠯᠳᠡ ᠶᠢᠨ ᠦᠷ᠎ᠡ ᠠᠰᠢᠭᠳᠤ ᠴᠢᠨᠠᠷ ᠢ ᠵᠣᠬᠢᠬᠤ ᠬᠡᠮᠵᠢᠶ᠎ᠡ ᠪᠠᠷ ᠨᠦᠯᠦᠭᠡᠯᠡᠵᠦ ᠪᠣᠢ᠃ ᠡᠶᠢᠮᠣ ᠠᠴᠠ ᠵᠠᠯᠠᠭᠤ | ᠪᠠᠭᠰᠢ ᠨᠠᠷ ᠢ ᠬᠠᠪᠰᠣᠷᠴᠦ ᠬᠦᠮᠣᠵᠢᠬᠦᠯᠬᠦ ᠨᠢ ᠨᠢᠬᠡ ᠰᠣᠷᠭᠠᠭᠤᠯᠢ ᠶᠢᠨ ᠪᠠᠭᠰᠢ ᠶᠢᠨ ᠡᠩᠨᠡᠬᠡᠨ ᠤ ᠪᠦᠳᠣᠬᠡᠨ | ᠪᠠᠶᠢᠭᠤᠯᠣᠯᠳᠡ ᠶᠢᠨ ᠴᠢᠬᠤᠯᠠ ᠠᠭᠤᠯᠭ᠎ᠠ ᠪᠣᠯᠪᠡ᠃ ᠮᠦᠨ ᠣᠷᠴᠢᠮ ᠤᠨ ᠵᠢᠯ ᠠᠴᠠ ᠬᠤᠲᠠ ᠶᠢᠨ ᠬᠢᠴᠢᠶᠡᠯ | ᠲᠥᠷᠦᠯ ᠤᠨ ᠲᠠᠭᠠᠭᠤᠯᠤᠭᠴᠢ ᠶᠢᠨ ᠰᠢᠯᠭᠠᠷᠠᠭᠤᠯᠤᠯᠲᠠ ᠶᠢᠨ ᠨᠦᠬᠦᠴᠡᠯ ᠳᠤ᠂ ᠬᠤᠲᠠ ᠶᠢᠨ ᠬᠢᠴᠢᠶᠡᠯ ᠲᠦᠷᠦᠯ ᠤᠨ | ᠲᠠᠭᠠᠭᠤᠯᠤᠭᠴᠢ ᠪᠣᠯᠬᠤ ᠳᠤ ᠵᠠᠪᠠᠯ ᠨᠢᠭᠡ ᠵᠠᠯᠠᠭᠤ ᠪᠠᠭᠰᠢ ᠶᠢ ᠲᠠᠭᠠᠭᠤᠯᠵᠦ ᠬᠦᠮᠦᠵᠢᠭᠦᠯᠦᠭᠰᠡᠨ ᠦᠩᠭᠡᠷᠡᠯᠳᠡ ᠪᠠᠶᠢᠬᠤ | ᠱᠠᠭᠠᠷᠳᠠᠯᠭ᠎ᠠ ᠲᠠᠢ ᠪᠤᠯᠤᠭᠰᠠᠨ ᠶᠤᠮ᠃ ᠲᠡᠭᠡᠳᠦ ᠳᠠᠰ ᠤᠨ ᠪᠠᠭᠰᠢ ᠶᠢᠨ ᠴᠣᠯᠠ ᠮᠡᠳᠡᠭᠦᠯᠭᠦ ᠳᠤ᠂ ᠠᠳᠠᠭ ᠲᠤ ᠪᠠᠨ | ᠬᠤᠶᠠᠷ ᠵᠠᠯᠠᠭᠤ ᠪᠠᠭᠰᠢ ᠶᠢ ᠳᠠᠭᠠᠭᠤᠯᠵᠦ ᠬᠦᠮᠦᠵᠢᠭᠦᠯᠦᠭᠰᠡᠨ ᠱᠠᠭᠠᠷᠳᠠᠯᠭ᠎ᠠ ᠲᠠᠢ᠃ ᠡᠭᠦᠨ ᠳᠤ ᠰᠤᠷᠭᠠᠭᠤᠯᠢ ᠠᠴᠠ | ᠲᠣᠣᠷᠠᠬᠢ ᠮᠡᠲᠦ ᠠᠷᠭ᠎ᠠ ᠪᠠᠷ ᠵᠠᠯᠠᠭᠤ ᠪᠠᠭᠰᠢ ᠶᠢ ᠬᠦᠮᠦᠵᠢᠭᠦᠯᠭᠦ ᠪᠠᠷ ᠲᠠᠮᠵᠢᠨ ᠬᠢᠴᠢᠶᠡᠯ ᠲᠦᠷᠦᠯ ᠤᠨ ᠵᠢᠭᠠᠨ | ᠰᠤᠷᠭᠠᠯᠲᠠ ᠶᠢᠨ ᠦᠷ᠎ᠡ ᠠᠰᠢᠭᠳᠤ ᠴᠢᠨᠠᠷ ᠢᠶᠠᠨ ᠲᠡᠭᠡᠭᠰᠢᠯᠡᠭᠦᠯᠵᠦ ᠪᠣᠯᠣᠨ᠎ᠠ᠃ | ᠡᠭᠦᠨ ᠳᠤ᠂ ᠮᠠᠨ ᠤ ᠰᠤᠷᠭᠠᠭᠤᠯᠢ ᠨᠢ ᠡᠯ᠎ᠡ ᠵᠢᠭᠠᠬᠤ ᠶᠢ ᠰᠤᠳᠤᠯᠬᠤ ᠲᠤᠭᠤᠶᠢᠯᠠᠩ ᠤᠨ ᠠᠬᠠᠮᠠᠳ | ᠲᠤᠷᠰᠢᠯᠭ᠎ᠠ ᠲᠠᠢ ᠪᠠᠭᠰᠢ ᠪᠤᠯᠭᠠᠨ ᠨᠢᠭᠡ ᠵᠠᠯᠠᠭᠤ ᠪᠠᠭᠰᠢ ᠶᠢ ᠲᠠᠭᠠᠭᠤᠯᠤᠨ ᠬᠦᠮᠦᠵᠢᠭᠦᠯᠵᠦ ᠪᠣᠢ᠃ ᠬᠤᠭᠤᠴᠠᠭ᠎ᠠ | ᠪᠤᠯᠭᠠᠨ ᠠᠬᠠᠮᠠᠳ ᠪᠠᠭᠰᠢ ᠶᠢᠨ ᠢᠶᠠᠨ ᠵᠢᠯᠤᠭᠤᠳᠤᠯᠭ᠎ᠠ ᠲᠠᠢ ᠵᠠᠯᠠᠭᠤ ᠪᠠᠭᠰᠢ ᠨᠠᠷ ᠤᠨ ︽ᠣᠶᠣᠨ | ᠲᠣᠭᠲᠠᠮ︾ ᠦᠨᠳᠦᠰᠦᠨ ᠴᠢᠳᠠᠪᠣᠷᠢ ᠶᠢᠨ ᠬᠢᠴᠢᠶᠡᠯᠯᠡᠭᠡ ᠶᠢᠨ ᠤᠷᠤᠯᠳᠤᠭᠠᠨ ᠡᠷᠬᠢᠯᠡᠨ ᠶᠠᠪᠤᠭᠳᠠᠭᠤᠯᠵᠤ᠂ | ᠵᠢᠭᠠᠬᠤ ᠶᠢ ᠰᠣᠳᠣᠯᠬᠤ ᠲᠣᠭᠤᠶᠢᠯᠠᠩ ᠤᠨ ᠠᠬᠠᠮᠠᠳ ᠵᠠᠯᠠᠭᠤ ᠪᠠᠭᠰᠢ ᠨᠠᠷ ᠤᠨ ᠬᠠᠮᠵᠢᠯᠴᠠᠭ᠎ᠠ ᠶᠢ ᠴᠢᠩᠭᠠᠳᠬᠠᠵᠤ᠂ | ᠵᠠᠯᠠᠭᠤ ᠪᠠᠭᠰᠢ ᠨᠠᠷ ᠤᠨ ᠵᠢᠭᠠᠨ ᠰᠤᠷᠭᠠᠯᠲᠠ ᠶᠢᠨ ᠤᠷ᠎ᠠ ᠠᠪᠢᠶᠠᠰ ᠢ ᠪᠠᠳᠠᠷᠠᠭᠤᠯᠵᠤ᠂ ᠬᠢᠴᠢᠶᠡᠯᠯᠡᠬᠦ ᠤᠷ᠎ᠠ ᠮᠡᠷᠬᠡᠰᠢᠯ | ᠢᠶᠠᠨ ᠲᠡᠭᠡᠭᠰᠢᠯᠡᠭᠦᠯᠵᠦ᠂ ᠰᠤᠷᠭᠠᠭᠤᠯᠢ ᠶᠢᠨ ᠵᠢᠭᠠᠨ ᠰᠤᠷᠭᠠᠯᠲᠠ ᠶᠢᠨ ᠴᠢᠨᠠᠷ ᠴᠢᠨᠰᠠᠭ᠎ᠠ ᠪᠠᠨ ᠰᠢᠯᠢᠳᠡᠭᠵᠢᠭᠦᠯᠵᠦ | ᠪᠣᠢ᠃ ᠡᠭᠦᠨ ᠠᠴᠠ ᠭᠠᠳᠠᠨ᠎ᠠ᠂ ᠵᠠᠯᠠᠭᠤ ᠪᠠᠭᠰᠢ ᠨᠠᠷ ᠤᠨ ᠦᠢᠯᠡᠳᠣᠯᠬᠡ ᠶᠢᠨ ᠲᠣᠮᠳᠡ ᠲᠡᠪᠳᠡᠨ ᠪᠣᠯᠪᠠᠰᠣᠷᠠᠬᠤ ᠶᠢ | ᠬᠦᠨᠳᠦᠳᠭᠡᠵᠦ᠂ ᠵᠣᠷᠢᠯᠭ᠎ᠠ ᠲᠠᠢ ᠪᠠᠷ ᠨᠢᠬᠡ ᠪᠦᠯᠦᠭ ᠴᠢᠬᠤᠯᠠ ᠡᠬᠦᠷᠬᠡ ᠶᠢ ᠵᠠᠯᠠᠭᠤ ᠪᠠᠭᠰᠢ ᠨᠠᠷ ᠲᠤ ᠲᠠᠭᠠᠭᠠᠯᠭᠠᠨ | ᠦᠭᠴᠦ᠂ ᠡᠳᠡᠭᠡᠷ ᠡᠬᠦᠷᠬᠡ ᠶᠢ ᠪᠠᠶᠠᠯᠡᠬᠦᠯᠬᠦ ᠲᠣᠮᠳᠡ ᠠᠴᠠ ᠲᠣᠷᠰᠢᠯᠭ᠎ᠠ ᠬᠤᠷᠠᠮᠳᠣᠭᠤᠯᠣᠨ᠂ ᠲᠡᠳᠡᠨ ᠤ ᠣᠷ᠎ᠠ | ᠠᠪᠢᠶᠠᠰ᠂ ᠢᠳᠡᠪᠬᠢᠳᠡᠢ ᠣᠪᠣᠷ ᠢ ᠨᠢ ᠬᠦᠮᠦᠵᠢᠭᠦᠯᠵᠦ ᠦᠪᠡᠷ ᠢ ᠪᠠᠨ ᠲᠠᠪᠳᠡᠨ ᠪᠣᠯᠪᠠᠰᠣᠷᠠᠭᠤᠯᠬᠤ ᠲᠣᠬᠢᠶᠡᠯ | ᠣᠯᠭᠤᠵᠦ ᠪᠣᠯᠣᠨ᠎ᠡ᠃ ᠮᠦᠨ ᠵᠠᠯᠠᠭᠤ ᠪᠠᠭᠰᠢ ᠨᠠᠷ ᠤᠨ ᠦᠪᠡᠰᠤᠪᠠᠨ ᠦᠷᠭᠦᠯᠵᠢᠯᠡᠨ ᠰᠣᠷᠣᠯᠴᠠᠬᠤ ᠶᠢ | ᠵᠤᠷᠢᠬᠵᠢᠭᠤᠯᠤᠨ᠎ᠠ᠃ | ᠡᠨᠡ ᠮᠡᠳᠣ ᠪᠠᠷ ᠤᠯᠠᠨ ᠵᠦᠢᠯ ᠤᠨ ᠠᠷᠭ᠎ᠠ ᠬᠡᠯᠪᠡᠷᠢ ᠪᠠᠷ ᠵᠠᠯᠠᠭᠤ ᠪᠠᠭᠰᠢ ᠨᠠᠷ ᠢ ᠬᠦᠮᠦᠵᠢᠭᠦᠯᠦᠨ | ᠲᠣᠭᠳᠠᠭᠰᠠᠨ ᠬᠤᠭᠤᠴᠠᠭ᠎ᠠ ᠲᠠᠢ ᠪᠠᠷ ᠪᠠᠶᠢᠴᠠᠭᠠᠨ ᠦᠨᠡᠯᠡᠵᠦ᠂ ᠵᠣᠷᠢᠬᠵᠢᠭᠤᠯᠣᠨ ᠳᠡᠭᠡᠭᠰᠢᠯᠡᠭᠦᠯᠭᠦ ᠪᠠᠷ ᠲᠠᠮᠵᠢᠨ | ᠦᠨᠳᠦᠷ ᠬᠢᠷᠢ ᠲᠦᠪᠰᠢᠨ ᠲᠠᠢ ᠪᠠᠭᠰᠢ ᠶᠢᠨ ᠡᠩᠨᠡᠭᠡ ᠶᠢ ᠪᠠᠶᠢᠭᠤᠯᠤᠨ ᠵᠢᠭᠠᠨ ᠰᠤᠷᠭᠠᠯᠲᠠ ᠶᠢᠨ ᠦᠷ᠎ᠡ ᠠᠰᠢᠭᠳᠤ | ᠴᠢᠨᠠᠷ ᠢᠶᠠᠨ ᠲᠡᠭᠡᠭᠰᠢᠯᠡᠭᠦᠯᠵᠦ ᠪᠣᠯᠣᠨ᠎ᠠ᠃ | ᠲᠥᠷᠪᠡ᠂ ᠮᠠᠲ᠋ᠧᠷᠢᠶᠡᠯ ᠤᠨ ᠬᠦᠮᠦᠷᠭᠡ ᠪᠠᠶᠢᠭᠤᠯᠤᠨ ᠠᠰᠢᠭᠯᠠᠬᠤ | ᠵᠢᠭᠠᠬᠤ ᠶᠢ ᠰᠤᠳᠤᠯᠬᠤ ᠲᠤᠭᠤᠶᠢᠯᠠᠩ ᠢᠶᠠᠷ ᠢᠶᠠᠨ ᠬᠠᠮᠵᠢᠯᠴᠠᠵᠦ ᠪᠠᠶᠢᠭᠠᠳ ᠨᠢᠬᠡᠨ ᠮᠠᠲ᠋ᠧᠷᠢᠶᠡᠯ ᠤᠨ | ᠬᠦᠮᠣᠷᠭᠡ ᠪᠠᠶᠢᠭᠤᠯᠣᠨ᠂ ᠬᠡᠨ ᠨᠢᠬᠡ ᠨᠢ ᠨᠣᠮ ᠪᠢᠴᠢᠭ ᠪᠣᠶᠣ ᠰᠦᠯᠵᠢᠶᠡᠨ ᠠᠴᠠ ᠵᠢᠭᠠᠨ ᠰᠣᠷᠭᠠᠯᠳᠡ ᠳᠤ | ᠬᠤᠯᠪᠣᠭᠳᠠᠭᠰᠠᠨ ᠪᠡᠯᠡᠨ ᠵᠢᠷᠤᠭ ᠰᠡᠬᠦᠳᠡᠷ᠂ ᠲᠠᠭᠤ ᠰᠢᠩᠬᠡᠬᠡᠯᠳᠡ᠂ ᠹᠢᠯᠢᠮ ᠺᠣᠣᠷᠰᠸᠡᠶᠢᠷ ᠮᠡᠳᠦ ᠶᠢᠨ ᠬᠢᠴᠢᠶᠡᠯ | ᠲᠦᠷᠦᠯ ᠤᠨ ᠲᠣᠰᠬᠠᠢ ᠮᠡᠷᠭᠡᠵᠢᠯ ᠤᠨ ᠪᠡᠯᠡᠨ ᠵᠦᠢᠯᠠᠰ ᠣᠯᠵᠦ ᠬᠠᠷᠠᠭᠰᠠᠨ ᠪᠣᠯ ᠲᠤᠭᠤᠶᠢᠯᠠᠩ ᠤᠨ ᠢᠶᠠᠨ | ᠮᠠᠲ᠋ᠧᠷᠢᠶᠡᠯ ᠤᠨ ᠬᠦᠮᠣᠷᠬᠡ ᠳᠤ ᠪᠠᠨ ᠬᠠᠳᠠᠭᠠᠯᠠᠨ᠂ ᠬᠠᠮᠳᠣ ᠪᠠᠷ ᠢᠶᠠᠨ ᠰᠣᠷᠣᠯᠴᠠᠬᠤ ᠶᠢᠨ ᠲᠠᠭᠠᠣ ᠵᠢᠭᠠᠨ ᠰᠤᠷᠭᠠᠯᠲᠠ | ᠳᠤᠮᠲᠠ ᠪᠠᠨ ᠠᠮᠢᠳᠣᠯᠢᠭ ᠢᠶᠠᠷ ᠠᠰᠢᠭᠯᠠᠵᠤ ᠴᠢᠳᠠᠪᠠᠯ ᠬᠢᠴᠢᠶᠡᠯ ᠲᠦᠷᠦᠯ ᠤᠨ ᠵᠢᠭᠠᠨ ᠰᠤᠷᠭᠠᠯᠲᠠ ᠶᠢᠨ ᠠᠰᠢᠭᠯᠠᠬᠤ | ᠮᠠᠲ᠋ᠧᠷᠢᠶᠡᠯ ᠪᠠᠶᠠᠯᠢᠭ ᠪᠣᠯᠬᠤ ᠮᠦᠷᠳᠡᠭᠡᠨ ᠬᠢᠴᠢᠶᠡᠯ ᠪᠡᠯᠡᠳᠭᠡᠬᠦ ᠴᠠᠭ ᠢᠶᠠᠨ ᠠᠷᠪᠢᠯᠠᠬᠤ ᠶᠢᠨ ᠬᠠᠮᠲᠤ ᠮᠠᠨ ᠤ ᠪᠠᠭᠰᠢ | ᠨᠠᠷ ᠤᠨ ᠦᠵᠡᠭᠰᠡᠨ ᠬᠠᠷᠠᠭᠰᠠᠨ ᠵᠦᠢᠯ ᠨᠢ ᠦᠷᠭᠡᠨ ᠪᠣᠯᠳᠠᠭ ᠶᠤᠮ᠃ ᠪᠠᠭᠰᠢ ᠶᠢᠨ ᠮᠡᠳᠡᠯᠭᠡ ᠬᠡᠳᠦᠢ ᠦᠷᠭᠡᠨ | ᠪᠣᠯᠬᠤ ᠲᠤᠳᠤᠮ ᠰᠤᠷᠤᠭᠴᠢ ᠶᠢᠨ ᠬᠦᠷᠲᠡᠬᠦ ᠮᠡᠳᠡᠯᠭᠡ ᠶᠢᠨ ᠰᠢᠮ᠎ᠡ ᠴᠤ ᠲᠡᠳᠦᠢ ᠶᠡᠭᠡ ᠪᠠᠶᠢᠵᠦ ᠵᠢᠭᠠᠨ | ᠰᠤᠷᠭᠠᠯᠳᠠ ᠶᠢᠨ ᠦᠷ᠎ᠡ ᠠᠰᠢᠭᠲᠤ ᠴᠢᠨᠠᠷ ᠢᠶᠠᠨ ᠲᠡᠭᠡᠭᠰᠢᠯᠡᠬᠦᠯᠵᠦ ᠪᠣᠯᠣᠨ᠎ᠠ᠃ ᠡᠭᠦᠨ ᠳᠤ ᠮᠠᠨ ᠤ ᠰᠤᠷᠭᠠᠭᠤᠯᠢ ᠶᠢᠨ | ᠡᠯ᠎ᠡ ᠵᠢᠭᠠᠬᠤ ᠶᠢ ᠰᠣᠳᠤᠯᠬᠤ ᠲᠤᠭᠤᠶᠢᠯᠠᠩ ᠨᠢ ᠣᠨ ᠤ ᠲᠤᠭᠤᠶᠢᠯᠠᠩ ᠢᠶᠠᠷ ᠨᠢᠭᠡᠴᠢᠯᠡᠨ ᠬᠢᠴᠢᠶᠡᠯ ᠤᠨ | ᠠᠭᠤᠯᠭ᠎ᠠ ᠪᠠᠨ ᠨᠢᠭᠡ ᠪᠠᠭᠰᠢ ᠨᠢᠭᠡ ᠨᠢᠭᠡᠴᠢ ᠪᠡᠯᠡᠳᠭᠡᠨ ︵ᠵᠢᠭᠠᠨ ᠰᠤᠷᠭᠠᠬᠤ ᠲᠥᠰᠦᠪ᠂ ᠰᠤᠷᠤᠯᠴᠠᠬᠤ | ᠬᠦᠳᠦᠯᠦᠮᠵᠢ᠂ ᠺᠣᠣᠷᠰᠸᠠᠶᠢᠷ︶ ᠮᠠᠲ᠋ᠧᠷᠢᠶᠠᠯ ᠤᠨ ᠬᠦᠮᠦᠷᠭᠡ ᠳᠤ ᠪᠠᠨ ᠬᠠᠳᠠᠭᠠᠯᠠᠨ ᠬᠠᠮᠳᠦ ᠪᠠᠷ ᠢᠶᠠᠨ ᠠᠰᠢᠭᠯᠠᠵᠤ | ᠪᠣᠢ᠃ ᠵᠢᠱᠢᠶᠡᠯᠡᠪᠡᠯ᠂ ᠮᠣᠩᠭᠤᠯ ᠬᠡᠯᠡ ᠪᠢᠴᠢᠭ ᠤᠨ ᠬᠢᠴᠢᠶᠡᠯ ᠤᠨ ᠭᠤᠤᠯᠯᠠᠭᠴᠢ ᠬᠡᠪ ᠪᠣᠯᠪᠠᠰᠣᠷᠠᠯ ᠤᠨ ︽ᠰᠣᠶᠣᠯ ᠢ | ᠤᠯᠠᠮᠵᠢᠯᠠᠨ ᠵᠠᠯᠭᠠᠮᠵᠢᠯᠠᠬᠤ ᠪᠠ ᠤᠶᠢᠯᠠᠭᠠᠬᠤ︾ ᠱᠠᠭᠠᠷᠳᠠᠯᠭ᠎ᠠ ᠨᠢ ᠰᠤᠷᠤᠭᠴᠢᠳ ᠤᠨ ᠮᠣᠩᠭᠤᠯ ᠬᠡᠯᠡ ᠪᠢᠴᠢᠭ ᠢ | ᠰᠤᠷᠤᠯᠴᠠᠬᠤ ᠳᠤᠮᠳᠠ᠂ ᠠᠳᠠᠯᠢ ᠪᠣᠰᠤ ᠦᠨᠳᠦᠰᠦᠳᠡᠨ ᠪᠠ ᠭᠠᠵᠠᠷ ᠣᠷᠣᠨ ᠤ ᠰᠤᠶᠤᠯ ᠢ ᠤᠶᠢᠯᠠᠭᠠᠵᠤ᠂ ᠯᠠᠪᠯᠠᠯᠲᠠ | ᠪᠣᠯᠭᠠᠬᠤ ᠴᠢᠳᠠᠪᠣᠷᠢ ᠲᠠᠢ ᠪᠣᠯᠬᠤ ᠮᠦᠷᠳᠡᠭᠡᠨ ᠢᠯᠡᠷᠡᠭᠰᠡᠨ ᠰᠤᠶᠤᠯ ᠤᠨ ᠬᠠᠷᠠᠭ᠎ᠠ᠂ ᠰᠤᠶᠤᠯ ᠤᠨ ᠤᠬᠠᠮᠰᠠᠷᠳᠦ | ᠠᠵᠢᠯᠯᠠᠭ᠎ᠠ ᠪᠠ ᠰᠤᠶᠤᠯ ᠤᠨ ᠢᠲᠡᠭᠡᠯ ᠤᠨ ᠣᠪᠤᠷ ᠢ ᠨᠢ ᠬᠦᠮᠦᠵᠢᠭᠦᠯᠭᠦ ᠵᠣᠷᠢᠯᠲᠡ ᠲᠠᠢ ᠶᠤᠮ᠃ ᠭᠡᠲᠡᠯ᠎ᠡ | ᠣᠳᠣ ᠶᠢᠨ ᠰᠤᠷᠤᠭᠴᠢᠳ ᠪᠠᠭ᠎ᠠ ᠰᠤᠷᠭᠠᠭᠤᠯᠢ ᠠᠴᠠ ᠪᠠᠨ ᠪᠠᠶᠢᠷᠢᠯᠠᠭᠰᠠᠨ ᠪᠣᠶᠣ ᠬᠤᠲᠠ ᠶᠢᠨ ᠰᠤᠷᠭᠠᠭᠤᠯᠢ ᠳᠤ | ᠪᠢᠴᠢᠭ ᠦᠵᠡᠭᠰᠡᠨ ᠠᠴᠠ ᠮᠣᠩᠭᠤᠯ ᠰᠣᠶᠣᠯ ᠠᠬᠤᠢ ᠠᠴᠠ ᠵᠠᠶᠢᠳᠠᠵᠤ᠂ ᠮᠣᠩᠭᠤᠯ ᠵᠠᠩ ᠦᠢᠯᠡ ᠪᠠᠨ ᠤᠶᠢᠯᠠᠭᠠᠵᠤ | ᠮᠡᠳᠡᠬᠦ᠂ ᠰᠣᠷᠴᠦ ᠡᠵᠡᠮᠰᠢᠬᠦ ᠶᠢ ᠬᠦᠨᠳᠦᠳᠭᠡᠬᠦ ᠦᠬᠡᠢ ᠪᠣᠯᠪᠠ᠃ ᠡᠶᠢᠮᠣᠷᠬᠦᠣ ᠪᠠᠶᠢᠳᠠᠯ ᠲᠣᠣᠷ᠎ᠠ ᠮᠣᠩᠭᠤᠯ ᠵᠠᠩ | ᠦᠢᠯᠡ᠂ ᠲᠡᠣᠬᠡ ᠰᠣᠶᠣᠯ ᠢ ᠦᠷ᠎ᠡ ᠬᠤᠶᠢᠴᠢᠰ ᠲᠤ ᠪᠠᠨ ᠵᠢᠭᠠᠨ ᠰᠣᠷᠭᠠᠬᠤ᠂ ᠰᠣᠷᠳᠠᠯᠴᠢᠯᠡᠨ ᠤᠬᠠᠭᠤᠯᠬᠤ᠂ | ᠰᠡᠷᠬᠦᠭᠡᠨ ᠤᠯᠠᠮᠵᠢᠯᠠᠬᠤ ᠨᠢ ᠮᠣᠩᠭᠤᠯ ᠬᠡᠯᠡ ᠪᠢᠴᠢᠭ ᠤᠨ ᠵᠢᠭᠠᠨ ᠰᠣᠷᠭᠠᠯᠳᠡ ᠶᠢᠨ ᠲᠠᠷᠬᠠᠨ ᠬᠠᠷᠢᠭᠤᠴᠠᠯᠭ᠎ᠠ | ᠪᠣᠯᠣᠭᠠᠳ ᠪᠣᠢ᠃ ᠡᠭᠦᠨ ᠳᠤ ᠭᠠᠭᠴᠠᠬᠠᠨ ᠣᠨᠣᠯ ᠤᠨ ᠮᠡᠳᠡᠯᠬᠡ ᠪᠣᠯᠬᠤ ᠰᠤᠷᠬᠤ ᠪᠢᠴᠢᠭ ᠲᠤ ᠲᠦᠰᠢᠭᠯᠡᠭᠡᠳ | ᠵᠢᠭᠠᠨ ᠰᠤᠷᠭᠠᠬᠤ ᠬᠠᠷᠠᠯᠳᠡ ᠳᠤ ᠬᠦᠷᠬᠦ ᠳᠤ ᠬᠦᠴᠢᠷ ᠶᠤᠮ᠃ ᠨᠡᠩ ᠢᠯᠡᠩᠭᠤᠶ᠎ᠠ ᠮᠣᠩᠭᠤᠯ ᠬᠡᠯᠡ ᠪᠢᠴᠢᠭ ᠤᠨ | ᠬᠢᠴᠢᠶᠡᠯ ᠤᠨ ᠲᠣᠬᠠᠢ ᠺᠤᠤᠷᠰᠸᠡᠶᠢᠷ᠂ ᠹᠢᠯᠢᠮ᠂ ᠵᠢᠷᠤᠭ ᠰᠡᠭᠦᠳᠡᠷ᠂ ᠲᠦᠷᠰᠣ ᠰᠢᠩᠬᠡᠬᠡᠯᠳᠡ ᠬᠤᠮᠰᠡ ᠪᠠᠶᠢᠳᠠᠯ | ᠲᠣᠣᠷ᠎ᠠ ᠲᠣᠭᠤᠶᠢᠯᠠᠩ ᠢᠶᠠᠷ ᠢᠶᠠᠨ ᠬᠠᠮᠵᠢᠯᠴᠠᠨ ᠵᠢᠭᠠᠨ ᠰᠣᠷᠭᠠᠯᠳᠡ ᠳᠤ ᠪᠠᠨ ᠢᠯᠡᠬᠦᠬᠡᠨ ᠮᠠᠲ᠋ᠧᠷᠢᠶᠡᠯ ᠴᠣᠭᠯᠠᠭᠤᠯᠵᠦ | ᠮᠤᠩᠭᠤᠯ ᠬᠡᠯᠡ ᠪᠢᠴᠢᠭ ᠤᠨ ᠵᠢᠭᠠᠨ ᠰᠣᠷᠭᠠᠯᠳᠡ ᠪᠠᠨ ᠪᠦᠬᠦ ᠲᠠᠯ᠎ᠠ ᠪᠠᠷ ᠲᠡᠭᠦᠯᠳᠠᠷᠵᠢᠬᠦᠯᠬᠦ ᠪᠠᠷ ᠴᠢᠷᠮᠠᠶᠢᠪᠡᠯ | ᠵᠣᠬᠢᠨ᠎ᠠ᠃ | 1. ᠲᠣᠭᠤᠷᠢᠨ ᠰᠤᠷᠪᠤᠯᠵᠢᠯᠠᠬᠤ | ᠨᠣᠳᠤᠭ ᠣᠰᠣᠨ ᠤ ᠠᠬᠠᠮᠠᠳ ᠲᠣᠮᠣᠭᠠᠳᠠᠳ᠂ ᠤᠵᠠᠭᠤᠷ ᠲᠡᠣᠬᠡ ᠰᠣᠶᠣᠯ ᠢᠶᠠᠨ ᠮᠡᠳᠡᠳᠡᠭ ᠬᠦᠮᠣᠰ ᠲᠠᠢ | ᠰᠠᠨᠠᠭᠠᠴᠢᠯᠠᠭ᠎ᠠ ᠠᠴᠠ ᠪᠠᠨ ᠣᠶᠢᠷᠠᠳᠴᠦ᠂ ᠬᠠᠭᠤᠴᠢ ᠶᠠᠷᠢᠶ᠎ᠠ᠂ ᠢᠷᠠᠭᠤ ᠰᠠᠶᠢᠬᠠᠨ ᠬᠡᠯᠡ ᠬᠡᠯᠡᠯᠬᠡ᠂ ᠶᠣᠰᠣ | ᠵᠠᠩᠰᠢᠯ ᠵᠡᠷᠭᠡ ᠶᠢ ᠨᠢ ᠰᠣᠷᠪᠣᠯᠵᠢᠯᠠᠨ ᠬᠦᠮᠣᠷᠭᠡ ᠳᠤ ᠪᠠᠨ ᠬᠠᠳᠠᠭᠠᠯᠠᠨ ᠬᠢᠴᠢᠶᠡᠯᠯᠡᠭᠡ ᠳᠤ ᠪᠠᠨ ᠠᠰᠢᠭᠯᠠᠵᠤ | ᠪᠣᠯᠣᠨ᠎ᠠ᠃ ᠵᠢᠱᠢᠶᠡᠯᠡᠪᠡᠯ᠂ ︽ᠪᠡᠯᠭᠡ ᠲᠡᠮᠪᠡᠷᠡᠯ ᠤᠨ ᠦᠭᠡ︾ ︵ᠳᠡᠭᠡᠳᠦ ᠲᠤᠮᠳᠠᠲᠦ ᠶᠢᠨ ︽ᠮᠣᠩᠭᠤᠯ ᠬᠡᠯᠡ | ᠪᠢᠴᠢᠭ︾ ᠤᠨ ᠵᠠᠪᠠᠯ ᠰᠤᠷᠬᠤ ᠨᠢᠭᠡᠳᠦᠭᠡᠷ ᠲᠡᠪᠳᠡᠷ ᠤᠨ ᠠᠷᠪᠠᠨ ᠨᠢᠭᠡᠳᠦᠭᠡᠷ ᠬᠢᠴᠢᠶᠡᠯ︶ ᠭᠡᠬᠦ ᠬᠢᠴᠢᠶᠡᠯ ᠳᠤ᠂ | ᠮᠣᠩᠭᠤᠯᠴᠤᠳ ᠤᠨ ᠪᠡᠯᠭᠡ ᠲᠡᠮᠪᠡᠷᠡᠯ ᠤᠨ ᠦᠭᠡ ᠨᠢ ᠠᠭᠤᠯᠭ᠎ᠠ ᠦᠷᠭᠡᠨ᠂ ᠬᠦᠷᠢᠶ᠎ᠡ ᠬᠡᠪᠴᠢᠶ᠎ᠠ ᠶᠡᠭᠡ᠂ ᠲᠦᠷᠦᠯ | ᠤᠯᠠᠨ ᠪᠠᠶᠢᠳᠠᠭ ᠲᠤᠯᠠ ᠲᠤᠰ ᠬᠢᠴᠢᠶᠡᠯ ᠢ ᠵᠢᠭᠠᠬᠤ ᠳᠤ ᠪᠠᠭᠰᠢ ᠨᠠᠷ ᠡᠯᠪᠡᠭ ᠲᠡᠯᠪᠡᠭ ᠮᠠᠲ᠋ᠧᠷᠢᠶᠡᠯ ᠴᠤᠭᠯᠠᠭᠤᠯᠵᠦ᠂ | ᠬᠢᠴᠢᠶᠡᠯ ᠢ ᠲᠠᠯᠠᠨ ᠦᠷᠭᠡᠳᠭᠡᠵᠦ ᠵᠢᠭᠠᠨ ᠵᠢᠯᠤᠭᠤᠳᠪᠠᠯ ᠰᠤᠨᠢᠷᠬᠠᠯᠳᠠᠢ ᠮᠦᠷᠳᠡᠭᠡᠨ ᠰᠤᠷᠤᠭᠴᠢᠳ ᠤᠨ ᠬᠠᠷᠠᠭ᠎ᠠ ᠶᠢ | ᠨᠠᠭᠡᠭᠡᠵᠦ ᠲᠠᠶᠢᠯᠤᠨ᠎ᠠ᠃ ᠮᠦᠨ ᠰᠤᠷᠤᠭᠴᠢᠳ ᠢ ᠵᠢᠯᠤᠭᠤᠳᠤᠨ ᠨᠤᠮ ᠪᠢᠴᠢᠭ ᠪᠣᠶᠣ ᠨᠤᠳᠤᠭ ᠤᠰᠤᠨ ᠤ ᠪᠠᠨ | ᠠᠷᠠᠳ ᠢ ᠰᠤᠷᠪᠤᠯᠵᠢᠯᠠᠬᠤ ᠲᠤᠮᠳᠠ ᠠᠴᠠ ᠪᠡᠯᠭᠡ ᠲᠡᠮᠪᠡᠷᠡᠯ ᠤᠨ ᠦᠭᠡᠰ ᠢ ᠴᠣᠭᠯᠠᠭᠤᠯᠬᠤ ᠵᠢᠴᠢ ᠰᠢᠨ᠎ᠡ ᠴᠠᠭ | ᠦᠶ᠎ᠡ ᠳᠤ ᠲᠣᠬᠢᠷᠠᠭᠰᠠᠨ ᠪᠡᠯᠭᠡ ᠲᠡᠮᠪᠡᠷᠡᠯ ᠤᠨ ᠦᠭᠡ ᠵᠣᠬᠢᠶᠠᠯᠭᠠᠨ ᠡᠮᠬᠢᠳᠭᠡᠵᠦ ᠠᠰᠢᠭᠯᠠᠪᠠᠯ ᠦᠷᠭᠡᠨ ᠲᠡᠯᠭᠡᠷ | ᠮᠠᠲ᠋ᠧᠷᠢᠶᠡᠯ ᠲᠠᠢ ᠪᠤᠯᠤᠨ᠎ᠠ᠃ ᠡᠳᠡᠭᠡᠷ ᠬᠤᠷᠠᠮᠳᠤᠭᠤᠯᠤᠯ ᠢᠶᠠᠨ ᠰᠣᠷᠣᠭᠴᠢᠳ ᠢᠶᠠᠷ ᠴᠡᠭᠡᠵᠢᠯᠡᠭᠦᠯᠵᠦ᠂ ᠡᠳᠦᠷ | ᠲᠤᠳᠤᠮ ᠤᠨ ᠠᠮᠢᠳᠣᠷᠠᠯ ᠰᠤᠷᠤᠯᠭ᠎ᠠ ᠲᠤᠮᠳᠠ ᠳᠤ ᠨᠢ ᠠᠰᠢᠭᠯᠠᠭᠤᠯᠵᠤ ᠴᠢᠳᠠᠪᠠᠯ ᠬᠡᠯᠡᠨ ᠤ ᠮᠡᠳᠡᠷᠡᠮᠵᠢ ᠨᠢ | ᠲᠡᠭᠡᠭᠰᠢᠯᠠᠵᠦ᠂ ᠰᠠᠶᠢᠨ ᠰᠠᠶᠢᠬᠠᠨ ᠵᠠᠩ ᠰᠤᠷᠳᠠᠯ᠂ ᠬᠦᠰᠠᠯ ᠮᠦᠷᠦᠭᠡᠳᠦᠯ ᠲᠠᠢ ᠬᠦᠮᠦᠨ ᠪᠣᠯᠵᠦ ᠬᠦᠮᠦᠵᠢᠭᠳᠡᠬᠦ ᠳᠤ | ᠠᠰᠢᠭᠳᠠᠢ᠃ ᠡ᠊ᠨᠡ ᠭᠦ ᠠᠷᠭ᠎ᠠ ᠨᠢ ᠮᠦᠨ ᠴᠦ ᠲᠣᠰ ᠬᠢᠴᠢᠶᠡᠯ ᠤᠨ ᠭᠤᠤᠯᠯᠠᠭᠴᠢ ᠬᠡᠪ ᠪᠣᠯᠪᠠᠰᠣᠷᠠᠯ — | ᠰᠤᠶᠤᠯ ᠢ ᠤᠯᠠᠮᠵᠢᠯᠠᠨ ᠵᠠᠯᠭᠠᠮᠵᠢᠯᠠᠬᠤ ᠪᠠ ᠤᠶᠢᠯᠠᠭᠠᠬᠤ ᠱᠠᠭᠠᠷᠳᠠᠯᠭ᠎ᠠ ᠶᠢᠨ ᠪᠣᠳᠠᠳᠠᠢ ᠪᠡᠶᠡᠯᠡᠯ ᠪᠣᠯᠤᠨ᠎ᠠ᠃ | 2. ᠬᠡᠪ ᠵᠠᠭᠪᠤᠷ ᠴᠣᠭᠯᠠᠭᠤᠯᠬᠤ | ᠦᠨᠳᠣᠰᠣᠳᠡᠨ ᠤ ᠵᠠᠩ ᠦᠢᠯᠡ ᠶᠢᠨ ᠬᠠᠮᠢᠶ᠎ᠠ ᠲᠠᠢ ᠠᠵᠢᠯᠯᠠᠭ᠎ᠠ ᠪᠣᠶᠣ ᠦᠨᠳᠣᠰᠣᠳᠡᠨ ᠤ ᠣᠨᠴᠠᠯᠢᠭ ᠲᠠᠢ | ᠭᠠᠵᠠᠷ ᠤᠳ ᠢᠶᠠᠷ ᠲᠤᠭᠤᠷᠢᠨ ᠤᠶᠢᠯᠠᠭᠠᠬᠤ ᠶᠢᠨ ᠲᠠᠭᠠᠣ ᠵᠢᠷᠤᠭ ᠠᠪᠴᠦ ᠮᠠᠲ᠋ᠧᠷᠢᠶᠡᠯ ᠤᠨ ᠬᠦᠮᠦᠷᠭᠡ ᠳᠤ ᠪᠠᠨ | ᠬᠠᠳᠠᠭᠠᠯᠠᠵᠦ ᠪᠣᠯᠣᠨ᠎ᠠ᠃ ᠡᠭᠦᠨ ᠢ ᠪᠠᠨ ᠮᠣᠩᠭᠤᠯ ᠦᠨᠳᠣᠰᠣᠳᠡᠨ ᠤ ᠵᠠᠩ ᠦᠢᠯᠡ ᠲᠠᠢ ᠬᠤᠯᠪᠣᠭᠳᠠᠭᠰᠠᠨ | ᠬᠤᠪᠴᠠᠰᠣ ᠵᠠᠰᠠᠯ᠂ ᠪᠦᠬᠡ ᠶᠢᠨ ᠵᠠᠰᠠᠯ᠂ ᠮᠣᠷᠢᠨ ᠡᠳ᠋ᠯᠡᠯ᠂ ᠮᠣᠩᠭᠤᠯ ᠬᠡᠷ ᠮᠡᠲᠦ ᠶᠢᠨ ᠠᠭᠤᠯᠭ᠎ᠠ ᠲᠠᠢ ᠬᠢᠴᠢᠶᠡᠯ ᠢ | ᠵᠢᠭᠠᠬᠤ ᠳᠤ ᠵᠤᠬᠢᠴᠠᠭᠤᠯᠤᠨ ᠠᠰᠢᠭᠯᠠᠪᠠᠯ᠂ ᠬᠡᠶᠢᠰᠪᠣᠷᠢ ᠶᠠᠭᠤᠮ᠎ᠠ ᠶᠢ ᠪᠣᠳᠠᠳᠡᠢ᠂ ᠠᠮᠢᠳᠣ ᠳᠦᠷᠰᠦᠯᠢᠭ ᠪᠤᠯᠭᠠᠵᠤ | ᠣᠯᠣᠯᠳᠡ ᠲᠦᠷᠦᠭᠳᠡᠯ ᠶᠡᠭᠡ ᠦᠷ᠎ᠡ ᠠᠰᠢᠭ ᠰᠠᠶᠢᠨ ᠪᠣᠯᠣᠨ᠎ᠠ᠃ ᠵᠢᠱᠢᠶᠡᠯᠡᠪᠡᠯ᠂ ︽ᠬᠡᠷ ᠮᠢᠯᠢᠶᠠᠬᠤ | ᠢᠷᠦᠭᠡᠯ︾ ︵ᠲᠡᠭᠡᠳᠦ ᠳᠤᠮᠳᠠᠳᠦ ᠶᠢᠨ ︽ᠮᠣᠩᠭᠤᠯ ᠬᠡᠯᠡ ᠪᠢᠴᠢᠭ ︾ ᠤᠨ ᠵᠠᠪᠠᠯ ᠰᠤᠷᠬᠤ ᠨᠢᠭᠡᠳᠦᠭᠡᠷ ᠲᠡᠪᠳᠡᠷ ᠤᠨ | ᠠᠷᠪᠠᠨ ᠭᠤᠷᠪᠠᠳᠤᠭᠠᠷ ᠬᠢᠴᠢᠶᠡᠯ︶ ᠬᠡᠭᠦ ᠬᠢᠴᠢᠶᠡᠯ ᠢ ᠵᠢᠭᠠᠬᠤ ᠳᠤ᠂ ᠮᠣᠩᠭᠤᠯ ᠬᠡᠷ ᠤᠨ ᠪᠦᠳᠣᠴᠡ ᠬᠢᠴᠡ᠂ | ᠦᠢᠯᠡᠳᠦᠯ᠂ ᠦᠨ᠎ᠡ ᠥᠷᠳᠡᠭ᠂ ᠢᠷᠡᠯᠳᠡ ᠶᠢ ᠪᠠᠭᠰᠢ ᠦᠬᠡ ᠶᠠᠷᠢᠶ᠎ᠠ ᠪᠠᠷ ᠢᠯᠡᠳᠬᠡᠵᠦ ᠣᠶᠢᠯᠠᠭᠠᠭᠤᠯᠬᠤ ᠳᠤ | ᠬᠡᠶᠢᠰᠪᠦᠷᠢ ᠮᠦᠷᠳᠡᠭᠡᠨ ᠲᠣᠩ ᠬᠦᠴᠢᠷ ᠪᠠᠶᠢᠳᠠᠭ᠃ ᠨᠡᠩ ᠣᠳᠣ ᠶᠢᠨ ᠰᠣᠷᠣᠭᠴᠢᠳ ᠮᠣᠩᠭᠤᠯ ᠬᠡᠷ ᠪᠣᠰᠬᠠᠬᠤ ᠶᠢ | ᠪᠣᠣ ᠬᠡᠯᠡ᠂ ᠮᠣᠩᠭᠤᠯ ᠬᠡᠷ ᠲᠤ ᠣᠷᠣᠵᠦ ᠰᠠᠭᠤᠵᠦ ᠪᠠᠶᠢᠭᠰᠠᠨ ᠰᠣᠷᠣᠭᠴᠢ ᠴᠦ ᠲᠣᠩ ᠴᠦᠬᠡᠨ᠃ ᠡᠨᠡ ᠬᠦ | ᠪᠠᠶᠢᠳᠡᠯ ᠳᠤ ᠵᠣᠬᠢᠴᠠᠭᠤᠯᠣᠨ ᠪᠠᠭᠰᠢ ᠠᠴᠠ ︽ᠮᠣᠩᠭᠤᠯ ᠬᠡᠷ︾ ᠤᠨ ᠬᠡᠪ ᠵᠠᠭᠪᠣᠷ ᠢ ᠠᠩᠬᠢ ᠶᠢᠨ ᠬᠡᠷ ᠲᠤ ᠪᠠᠨ | ᠠᠪᠴᠢᠷᠡᠨ᠂ ᠮᠣᠩᠭᠤᠯ ᠭᠡᠷ ᠤᠨ ᠪᠦᠳᠦᠴᠡ ᠵᠢᠴᠢ ᠭᠡᠷ ᠤᠨ ᠡᠳ᠋ᠯᠡᠯ ᠬᠡᠷᠡᠭᠰᠡᠯ ᠢ ᠰᠣᠷᠣᠭᠴᠢ ᠶᠢᠨ ᠨᠢᠳᠣ ᠪᠠᠷ | ᠦᠵᠡᠬᠦᠯᠵᠦ᠂ ᠭᠠᠷ ᠢᠶᠠᠷ ᠨᠢ ᠪᠠᠷᠢᠭᠤᠯᠵᠦ ᠪᠠᠶᠢᠭᠠᠳ ᠵᠢᠭᠠᠪᠠᠯ ᠲᠠᠳᠠᠨ ᠤ ᠰᠣᠨᠢᠷᠠᠭᠯ ᠢ ᠲᠠᠳᠡᠵᠦ᠂ ᠬᠢᠴᠢᠶᠡᠯ ᠤᠨ | ᠠᠭᠤᠷ ᠠᠮᠢᠰᠬᠤᠯ ᠬᠦᠭᠵᠢᠶᠡᠨ ᠲᠠᠢ ᠪᠣᠯᠵᠦ᠂ ᠳᠠᠩ ᠭᠠᠭᠴᠡ ᠬᠢᠴᠢᠶᠡᠯ ᠢ ᠲᠠᠬᠢᠨ ᠲᠠᠪᠳᠡᠨ ᠣᠩᠰᠢᠭᠤᠯᠬᠤ ᠠᠴᠠ | ᠢᠯᠡᠬᠦᠣ ᠰᠠᠭᠤᠭᠳᠡᠯ ᠲᠠᠢ ᠪᠣᠯᠣᠨ᠎ᠠ᠂ ᠡᠭᠦᠨ ᠤ ᠳᠠᠭᠠᠤ ︽ᠭᠡᠷ ᠮᠢᠯᠢᠶᠠᠬᠤ ᠢᠷᠦᠭᠡᠯ︾ ᠤᠨ ᠲᠣᠰᠬᠠᠢ | ᠰᠢᠩᠭᠡᠭᠡᠯᠳᠡ ᠶᠢ ᠰᠣᠷᠣᠭᠴᠢᠳ ᠲᠤ ᠰᠣᠨᠣᠰᠬᠠᠵᠦ ᠰᠣᠨᠢᠷᠬᠠᠭᠤᠯᠪᠠᠯ᠂ ᠠᠮᠠᠷᠬᠠᠨ ᠢᠶᠠᠷ ᠰᠤᠷᠬᠤ ᠭᠤᠤᠯᠳᠠᠯᠭ᠎ᠠ ᠶᠢ | ᠲᠤᠭᠤᠯᠵᠤ᠂ ᠬᠦᠴᠢᠷᠳᠡᠯᠭᠡ ᠶᠢ ᠰᠢᠪᠳᠤᠯᠵᠦ᠂ ᠬᠢᠴᠢᠶᠡᠯᠯᠡᠭᠡ ᠶᠢᠨ ᠦᠷ᠎ᠡ ᠠᠰᠢᠭᠲᠤ ᠴᠢᠨᠠᠷ ᠢᠶᠠᠨ ᠲᠡᠭᠡᠭᠰᠢᠯᠡᠬᠦᠯᠵᠦ | ᠪᠣᠯᠤᠨ᠎ᠠ᠃ ᠶᠠᠷᠢᠶᠠᠨ ᠦᠬᠡᠢ ᠡᠳᠡᠭᠡᠷ ᠬᠡᠪ ᠵᠠᠭᠪᠣᠷ ᠢ ᠴᠣᠭᠯᠠᠭᠤᠯᠬᠤ ᠳᠤ ᠬᠤᠪᠢ ᠬᠦᠮᠣᠨ ᠤ ᠬᠦᠴᠣᠨ ᠳᠤ | ᠲᠦᠰᠢᠭᠯᠡᠪᠡᠯ ᠮᠣᠨᠳᠠᠭ ᠶᠡᠭᠡ ᠪᠡᠯᠡ ᠮᠦᠩᠬᠦ ᠬᠡᠷᠡᠭᠰᠡᠬᠦ ᠶᠣᠮ᠃ ᠡᠬᠦᠨ ᠳᠤ ᠰᠣᠷᠭᠠᠭᠤᠯᠢ ᠠᠴᠠ ᠪᠠᠨ ᠲᠣᠰᠬᠠᠢ ᠪᠡᠯᠡ | ᠮᠦᠩᠬᠦ ᠵᠠᠷᠣᠴᠠᠭᠤᠯᠣᠨ᠂ ᠵᠣᠷᠢᠯᠭ᠎ᠠ ᠲᠠᠢ᠂ ᠲᠦᠯᠦᠪᠯᠡᠭᠡ ᠲᠠᠢ ᠪᠠᠷ ᠭᠠᠷᠳᠡᠨ ᠬᠢᠪᠡᠯ ᠦᠷ᠎ᠡ ᠪᠦᠳᠦᠮᠵᠢ ᠨᠢ ᠨᠡᠩ | ᠰᠠᠶᠢᠨ ᠪᠤᠯᠬᠤ ᠶᠤᠮ᠃ ᠵᠠᠷᠢᠮ ᠰᠤᠷᠭᠠᠭᠤᠯᠢ ᠨᠢ ᠲᠣᠰᠬᠠᠶᠢᠯᠡᠨ ᠮᠣᠩᠭᠤᠯ ︽ᠰᠣᠶᠤᠯ ᠤᠨ ᠦᠷᠦᠬᠡ︾ ᠭᠠᠷᠭᠠᠨ | ᠮᠣᠩᠭᠤᠯ ᠡᠳ᠋ᠯᠡᠯ ᠬᠡᠷᠡᠭᠰᠡᠯ᠂ ᠮᠣᠩᠭᠤᠯ ᠨᠠᠭᠠᠳᠣᠮ ᠲᠣᠭᠯᠠᠭᠠᠮ ᠮᠡᠳᠣ ᠶᠢᠨ ᠵᠦᠢᠯᠡᠰ ᠤᠨ ᠬᠡᠪ ᠵᠠᠭᠪᠣᠷ ᠢ | ᠴᠣᠭᠯᠠᠭᠤᠯᠤᠭᠰᠠᠨ ᠪᠠᠶᠢᠨ᠎ᠠ᠃ | ᠲᠠᠪᠤ᠂ ᠬᠢᠴᠢᠶᠡᠯ ᠲᠦᠷᠦᠯ ᠤᠨ ᠬᠦᠳᠡᠯᠬᠡᠬᠡᠨ ᠢ ᠦᠷᠨᠢᠬᠦᠯᠬᠦ | ᠬᠢᠴᠢᠶᠡᠯ ᠲᠦᠷᠦᠯ ᠤᠨ ᠰᠣᠨᠢᠷᠬᠠᠯᠳᠣ ᠠᠵᠢᠯᠯᠠᠭ᠎ᠠ ᠶᠢ ᠲᠣᠭᠳᠠᠭᠰᠠᠨ ᠣᠷᠣᠨ ᠵᠡᠢ᠂ ᠴᠠᠭ ᠲᠤ | ᠬᠢᠵᠠᠭᠠᠷᠯᠠᠭᠳᠠᠬᠤ ᠦᠬᠡᠢ ᠪᠠᠷ ᠬᠠᠷᠠᠯᠳᠡ ᠲᠠᠢ᠂ ᠲᠦᠯᠦᠪᠯᠡᠭᠡ ᠲᠠᠢ ᠵᠣᠬᠢᠶᠡᠨ ᠪᠠᠶᠢᠭᠤᠯᠵᠦ ᠦᠷᠨᠢᠬᠦᠯᠬᠦ ᠪᠠᠷ | ᠲᠠᠮᠵᠢᠭᠤᠯᠣᠨ ᠪᠠᠭᠰᠢ ᠨᠠᠷ ᠤᠨ ᠲᠣᠷ᠎ᠠ ᠪᠠᠬ᠎ᠠ ᠶᠢ ᠬᠠᠩᠭᠠᠵᠦ᠂ ᠣᠷ᠎ᠠ ᠠᠪᠢᠶᠠᠰ ᠢ ᠨᠢ ᠬᠦᠮᠦᠵᠢᠭᠦᠯᠵᠦ᠂ | ᠬᠠᠮᠵᠢᠯᠴᠠᠭ᠎ᠠ ᠶᠢ ᠨᠢ ᠴᠢᠩᠭᠠᠳᠬᠠᠬᠤ ᠪᠠᠷ ᠵᠣᠷᠢᠯᠭ᠎ᠠ ᠪᠠᠨ ᠪᠣᠯᠭᠠᠵᠦ ᠪᠣᠯᠣᠨ᠎ᠠ᠃ ᠬᠦᠳᠡᠯᠬᠡᠬᠡᠨ ᠳᠤ ᠪᠠᠨ ᠶᠠᠷᠢᠶ᠎ᠠ | ᠢᠯᠡᠳᠬᠡᠯ ᠬᠢᠯᠬᠡᠬᠦ᠂ ᠰᠢᠯᠦᠭ ᠤᠨ ᠮᠦᠷᠦ᠋ᠢᠴᠡᠭᠡᠨ᠂ ᠤᠷᠠᠨ ᠪᠢᠴᠢᠯᠭᠡ ᠶᠢᠨ ᠣᠷᠣᠯᠳᠣᠭᠠᠨ᠂ ᠦᠭᠦᠯᠡᠯ ᠪᠢᠴᠢᠵᠦ | ᠤᠷᠤᠯᠳᠤᠬᠤ᠂ ᠲᠤᠷᠰᠢᠯᠳᠡ ᠶᠢᠨ ᠤᠷᠤᠯᠳᠤᠭᠠᠨ᠂ ᠦᠨᠳᠦᠰᠦᠨ ᠴᠢᠳᠠᠪᠤᠷᠢ ᠶᠢᠨ ᠬᠢᠴᠢᠶᠡᠯᠯᠡᠭᠡ ᠶᠢᠨ ᠤᠷᠤᠯᠳᠤᠭᠠᠨ᠂ | ᠨᠣᠮ ᠤᠩᠰᠢᠭᠰᠠᠨ ᠣᠯᠣᠯᠲᠠ ᠳᠦᠷᠦᠭᠳᠡᠯ ᠢᠶᠠᠨ ᠬᠤᠪᠢᠶᠠᠯᠴᠠᠬᠤ᠂ ᠪᠤᠤᠬᠢᠶ᠎ᠠ ᠤᠷᠤᠯᠳᠤᠭᠠᠨ ᠵᠡᠷᠭᠡ ᠰᠣᠨᠢᠷᠬᠠᠯᠳᠣ | ᠬᠦᠳᠡᠯᠬᠡᠬᠡᠨ ᠢ ᠲᠣᠬᠢᠷᠠᠭᠤᠯᠣᠨ ᠦᠷᠨᠢᠬᠦᠯᠬᠦ ᠨᠢ ᠰᠣᠷᠭᠠᠭᠤᠯᠢ ᠶᠢᠨ ᠰᠣᠶᠣᠯ ᠤᠨ ᠠᠮᠢᠳᠣᠷᠠᠯ ᠢ | ᠪᠠᠶᠠᠯᠢᠬᠵᠢᠭᠤᠯᠬᠤ ᠪᠠᠷ ᠪᠠᠷᠠᠬᠤ ᠦᠬᠡᠢ ᠪᠠᠭᠰᠢ ᠨᠠᠷ ᠲᠤ ᠦᠪᠡᠷ ᠢ ᠪᠠᠨ ᠢᠯᠡᠷᠡᠬᠦᠯᠬᠦ᠂ ᠦᠪᠡᠷ ᠢ ᠪᠠᠨ ᠲᠠᠨᠢᠬᠤ᠂ | ᠦᠪᠡᠷ ᠢ ᠪᠠᠨ ᠬᠦᠭᠵᠢᠬᠦᠯᠬᠦ ᠲᠠᠪᠴᠠᠩ ᠢ ᠪᠣᠢ ᠪᠣᠯᠭᠠᠨ ᠦᠭᠴᠦ᠂ ᠮᠡᠳᠡᠯᠬᠡ ᠶᠢᠨ ᠬᠦᠷᠢᠶ᠎ᠡ ᠬᠡᠪᠴᠢᠶ᠎ᠡ ᠶᠢ ᠨᠢ | ᠦᠷᠭᠡᠳᠬᠡᠵᠦ᠂ ᠡᠯ᠎ᠡ ᠵᠦᠢᠯ ᠤᠨ ᠴᠢᠳᠠᠪᠤᠷᠢ ᠶᠢ ᠨᠢ ᠬᠦᠮᠦᠵᠢᠭᠦᠯᠵᠦ᠂ ᠲᠡᠳᠡᠨ ᠤ ᠪᠦᠬᠦ ᠲᠠᠯ᠎ᠠ ᠶᠢᠨ | ᠬᠦᠭᠵᠢᠯᠳᠡ ᠶᠢ ᠨᠢ ᠠᠬᠢᠭᠤᠯᠬᠤ ᠶᠢᠨ ᠬᠠᠮᠳᠦ ᠬᠠᠷᠢᠯᠴᠠᠨ ᠰᠣᠷᠣᠯᠴᠠᠬᠤ᠂ ᠬᠠᠮᠲᠦ ᠪᠠᠷ ᠳᠠᠪᠰᠢᠬᠤ ᠰᠠᠶᠢᠬᠠᠨ | ᠲᠤᠬᠢᠶᠠᠯ ᠪᠣᠯᠣᠨ᠎ᠠ᠃ ᠡᠨᠡ ᠲᠠᠯ᠎ᠠ ᠪᠠᠷ ᠮᠠᠨ ᠤ ᠴᠢᠪᠠᠭ᠎ᠠ ᠶᠢᠨ ᠬᠤᠶᠠᠳᠤᠭᠠᠷ ᠳᠤᠮᠳᠠᠳᠦ ᠰᠣᠷᠭᠠᠭᠤᠯᠢ ᠨᠢ ᠵᠢᠯ | ᠪᠤᠯᠭᠠᠨ ᠨᠢᠭᠡ ᠤᠳᠠᠭ᠎ᠠ ᠪᠠᠭᠰᠢ ᠨᠠᠷ ᠤᠨ ᠦᠨᠳᠦᠰᠦᠨ ᠴᠢᠳᠠᠪᠤᠷᠢ ᠶᠢᠨ ᠤᠷᠤᠯᠳᠤᠭᠠᠨ ᠪᠠ ᠬᠢᠴᠢᠶᠡᠯ | ᠲᠦᠷᠦᠯ ᠢᠶᠠᠷ ᠢᠶᠠᠨ᠂ ᠣᠨ ᠤ ᠲᠤᠭᠤᠶᠢᠯᠠᠩ ᠢᠶᠠᠷ ᠢᠶᠠᠨ ᠨᠢᠭᠡᠴᠢᠯᠡᠨ ᠬᠤᠭᠤᠴᠠᠭ᠎ᠠ ᠪᠣᠯᠭᠠᠨ ᠨᠢᠭᠡ ᠰᠠᠷ᠎ᠠ ᠨᠢᠭᠡ | ᠤᠳᠠᠭ᠎ᠠ ᠬᠠᠮᠳᠣ ᠪᠠᠷ ᠬᠢᠴᠢᠶᠡᠯ ᠪᠡᠯᠡᠳᠬᠡᠵᠦ᠂ ᠬᠢᠴᠢᠶᠡᠯ ᠤᠨ ᠲᠣᠮᠳᠡ ᠢᠯᠡᠷᠡᠭᠰᠡᠨ ᠬᠦᠴᠢᠷᠳᠡᠯᠬᠡ ᠶᠢ | ᠲᠣᠷᠰᠢᠯᠭ᠎ᠠ ᠲᠠᠢ ᠪᠠᠭᠰᠢ ᠠᠴᠠ ᠠᠰᠠᠭᠤᠬᠤ ᠪᠣᠶᠣ ᠲᠣᠭᠤᠶᠢᠯᠠᠩ ᠤᠨ ᠪᠠᠭᠰᠢ ᠨᠠᠷ ᠲᠠᠢ ᠪᠠᠨ ᠶᠠᠷᠢᠯᠴᠠᠨ ᠬᠠᠮᠳᠣ ᠪᠠᠷ | ᠰᠢᠢᠳᠪᠤᠷᠢᠯᠠᠵᠦ᠂ ᠰᠢᠯᠢᠳᠡᠭ ᠬᠢᠴᠢᠶᠡᠯᠯᠡᠭᠡ ᠶᠢ ᠰᠦᠪᠡᠭᠴᠢᠯᠠᠵᠦ ᠪᠣᠢ᠂ ᠮᠦᠨ ᠡᠳᠡᠭᠡᠷ ᠮᠠᠲ᠋ᠧᠷᠢᠶᠡᠯ ᠢᠶᠠᠨ | ᠲᠣᠭᠤᠶᠢᠯᠠᠩ ᠤᠨ ᠢᠶᠠᠨ ᠵᠢᠭᠠᠨ ᠰᠤᠷᠭᠠᠯᠲᠠ ᠳᠤᠮᠳᠠ ᠪᠠᠨ ᠠᠰᠢᠭᠯᠠᠵᠤ ᠪᠠᠶᠢᠨ᠎ᠠ᠃ ᠵᠢᠭᠠᠬᠤ ᠠᠷᠭ᠎ᠠ ᠶᠢᠨ ᠲᠣᠬᠠᠢ | ᠰᠦᠪᠡᠭᠴᠢᠯᠡᠯᠳᠡ ᠰᠣᠳᠣᠯᠣᠯᠳᠡ ᠬᠢᠳᠡᠭ ᠯᠡ ᠶᠣᠮ ᠪᠣᠯ ᠨᠢᠬᠡ ᠬᠢᠴᠢᠶᠡᠯ ᠢ ᠵᠢᠭᠠᠬᠤ ᠬᠠᠮᠤᠭ ᠤᠨ ᠵᠣᠬᠢᠰᠳᠠᠢ | ᠣᠷᠠᠯᠢᠭ ᠠᠷᠭ᠎ᠠ ᠶᠢ ᠣᠯᠵᠦ᠂ ᠰᠣᠷᠣᠭᠴᠢᠳ ᠤᠨ ᠰᠣᠷᠣᠯᠴᠠᠬᠤ ᠣᠷᠮᠠᠰᠢᠯ ᠢ ᠬᠦᠭᠵᠢᠬᠡᠵᠦ ᠴᠢᠳᠠᠨ᠎ᠠ᠃ ᠡᠶᠢᠮᠣ ᠠᠴᠠ | ᠰᠣᠷᠭᠠᠭᠤᠯᠢ ᠠᠴᠠ ᠪᠠᠨ ᠡᠯ᠎ᠡ ᠬᠢᠴᠢᠶᠡᠯ ᠲᠦᠷᠦᠯ ᠤᠨ ᠪᠠᠭᠰᠢ ᠨᠠᠷ ᠤᠨ ᠵᠣᠷᠢᠯᠭ᠎ᠠ ᠲᠠᠢ᠂ ᠲᠦᠯᠦᠪᠯᠡᠯᠬᠡ ᠲᠠᠢ ᠪᠠᠷ | ᠬᠤᠯᠪᠣᠭᠠᠯᠠᠨ ᠬᠤᠷᠰᠢᠵᠦ᠂ ᠶᠠᠷᠢᠯᠴᠠᠭ᠎ᠠ᠂ ᠬᠠᠷᠢᠯᠴᠠᠭ᠎ᠠ᠂ ᠣᠷᠣᠯᠳᠣᠭᠠᠨ᠂ ᠬᠠᠷᠢᠯᠴᠠᠨ ᠬᠢᠴᠢᠶᠡᠯ ᠰᠣᠨᠣᠰᠣᠨ | ᠦᠨᠡᠯᠡᠬᠦ᠂ ᠲᠣᠷᠰᠢᠯᠭ᠎ᠠ ᠰᠣᠯᠢᠯᠴᠠᠬᠤ ᠵᠡᠷᠭᠡ ᠠᠵᠢᠯᠯᠠᠭ᠎ᠠ ᠶᠢ ᠦᠷᠬᠦᠯᠵᠢ ᠶᠢᠨ ᠴᠢᠨᠠᠷᠳᠡᠢ ᠵᠣᠬᠢᠶᠠᠨ ᠪᠠᠶᠢᠭᠤᠯᠵᠦ᠂ | ᠪᠠᠭᠰᠢ ᠨᠠᠷ ᠤᠨ ᠢᠶᠠᠨ ᠬᠠᠮᠵᠢᠯᠴᠠᠭ᠎ᠠ ᠶᠢ ᠨᠢ ᠴᠢᠩᠭᠠᠳᠬᠠᠬᠤ ᠪᠠᠷ ᠲᠠᠮᠵᠢᠨ ᠬᠢᠴᠢᠶᠡᠯ ᠲᠦᠷᠦᠯ ᠤᠨ ᠦᠷ᠎ᠡ ᠠᠰᠢᠭᠲᠤ | ᠴᠢᠨᠠᠷ ᠢᠶᠠᠨ ᠳᠡᠭᠡᠭᠰᠢᠯᠡᠭᠦᠯᠵᠦ ᠪᠣᠯᠣᠨ᠎ᠠ᠃ | ᠬᠤᠷᠢᠶᠠᠩᠭᠤᠶᠢᠯᠠᠪᠠᠯ᠂ ᠵᠢᠭᠠᠬᠤ ᠶᠢ ᠰᠤᠳᠤᠯᠬᠤ ᠲᠠᠰᠤᠭ ᠤᠨ ᠦᠢᠯᠡᠳᠦᠯ ᠢ ᠪᠠᠳᠠᠷᠠᠭᠤᠯᠬᠤ᠂ ᠲᠠᠭᠠᠭᠤᠯᠣᠭᠴᠢ | ᠪᠠᠭᠰᠢ ᠶᠢᠨ ᠲᠦᠷᠢᠮ ᠢ ᠪᠠᠶᠢᠭᠤᠯᠣᠨ ᠲᠡᠭᠦᠯᠳᠡᠷᠵᠢᠬᠦᠯᠬᠦ᠂ ᠵᠠᠯᠠᠭᠤ ᠪᠠᠭᠰᠢ ᠨᠠᠷ ᠢ ᠵᠢᠯᠣᠭᠤᠳᠴᠦ ᠬᠦᠮᠤᠵᠢᠬᠦᠯᠬᠦ ᠶᠢ | ᠴᠢᠩᠭᠠᠳᠬᠠᠬᠤ᠂ ᠮᠠᠲ᠋ᠧᠷᠢᠶᠡᠯ ᠤᠨ ᠬᠦᠮᠦᠷᠭᠡ ᠪᠠᠶᠢᠭᠤᠯᠤᠨ ᠠᠰᠢᠭᠯᠠᠬᠤ᠂ ᠬᠢᠴᠢᠶᠡᠯ ᠲᠦᠷᠦᠯ ᠤᠨ ᠬᠦᠳᠡᠯᠬᠡᠬᠡᠨ ᠢ | ᠦᠷᠨᠢᠬᠦᠯᠬᠦ ᠵᠡᠷᠭᠡ ᠠᠷᠭ᠎ᠠ ᠪᠠᠷ ᠡᠯ᠎ᠡ ᠵᠢᠭᠠᠬᠤ ᠶᠢ ᠰᠤᠳᠤᠯᠬᠤ ᠲᠣᠭᠤᠶᠢᠯᠠᠩ ᠤᠨ ᠪᠠᠭᠰᠢ ᠨᠠᠷ ᠤᠨ ᠬᠤᠭᠤᠷᠤᠨᠳᠤᠬᠢ | ᠬᠠᠮᠵᠢᠯᠴᠠᠭ᠎ᠠ ᠶᠢ ᠴᠢᠩᠭᠠᠳᠬᠠᠵᠤ ᠬᠢᠴᠢᠶᠡᠯ ᠲᠦᠷᠦᠯ ᠤᠨ ᠦᠷ᠎ᠡ ᠠᠰᠢᠭᠳᠤ ᠴᠢᠨᠠᠷ ᠢᠶᠠᠨ ᠳᠡᠭᠡᠭᠰᠢᠯᠡᠭᠦᠯᠵᠦ᠂ | ᠰᠣᠷᠭᠠᠭᠤᠯᠢ ᠶᠢᠨ ᠵᠢᠭᠠᠨ ᠰᠣᠷᠭᠠᠯᠳᠡ ᠪᠠᠨ ᠡᠷᠴᠢᠮᠳᠡᠢ᠂ ᠬᠦᠭᠵᠢᠶᠡᠨᠳᠡᠢ᠂ ᠠᠮᠵᠢᠯᠳᠡᠳᠡᠢ ᠶᠠᠪᠤᠭᠳᠠᠭᠤᠯᠵᠤ ᠪᠣᠯᠣᠨ᠎ᠠ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠠᠷᠤ ᠬᠤᠷᠴᠢᠨ ᠬᠤᠰᠢᠭᠤᠨ ᠤ ᠴᠢᠪᠠᠭ᠎ᠠ ᠶᠢᠨ | ᠬᠤᠶᠠᠳᠤᠭᠠᠷ ᠲᠤᠮᠳᠠᠳᠦ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | | | |