ᠪᠠᠭᠠᠴᠤᠳ ᠬᠡᠣᠬᠡᠳ ᠤᠨ ᠪᠡᠶ᠎ᠡ ᠳᠤ ᠪᠠᠨ ᠢᠳᠡᠭᠡᠭᠦ ᠰᠡᠳᠬᠢᠯ ᠢ ᠭᠦᠮᠦᠵᠢᠭᠦᠯᠭᠦ ᠲᠣᠬᠠᠢ ᠳᠦᠭᠦᠮ ᠦᠭᠦᠯᠡᠬᠦ ᠨᠢ
ᠨᠡᠶᠢᠲᠡᠯᠡᠭᠰᠡᠨ ᠴᠠᠭ᠄
2025/1/7
                        ᠠᠨ ᠴᠠᠩ ᠱᠠᠨ   

儿童教育1.png

      ᠵᠠᠷᠢᠮ ᠠᠪᠤ ᠡᠵᠢ ᠨᠢ ᠬᠡᠣᠬᠡᠳ ᠢᠶᠠᠨ ᠪᠠᠭ᠎ᠠ ᠯᠡ ᠠᠯᠳᠠᠭ᠎ᠠ ᠭᠠᠷᠭᠠᠭᠰᠠᠭᠠᠷ ᠠᠪᠬᠤ ᠶᠢᠨ ᠠᠷᠭ᠎ᠠ ᠦᠭᠡᠢ

ᠪᠤᠯᠳᠠᠯ᠎ᠠ ᠲᠣᠩᠭᠤᠳᠬᠤ ᠪᠣᠶᠣ ᠶᠡᠷᠦ ᠶᠢᠨ ᠴᠠᠭ ᠤᠨ ᠬᠦᠮᠦᠵᠢᠭᠦᠯᠬᠦ ᠠᠷᠭ᠎ᠠ ᠠᠪᠴᠠᠯ ᠨᠢ ᠲᠣᠬᠢᠷᠠᠮᠵᠢ ᠦᠭᠡᠢ ᠠᠴᠠ

ᠪᠤᠯᠵᠤ ᠬᠡᠣᠬᠡᠳ ᠨᠢ ᠠᠮᠢᠳᠣᠷᠠᠯ ᠤᠨ ᠳᠣᠮᠳᠠ ᠪᠡᠶ᠎ᠡ ᠪᠠᠨ ᠳᠠᠭᠠᠭᠠᠬᠤ ᠴᠢᠳᠠᠪᠦᠷᠢ ᠠᠨᠠᠢ᠂ ᠪᠡᠶ᠎ᠡ ᠳᠤ ᠪᠠᠨ ᠢᠲᠡᠭᠡᠯ

ᠦᠭᠡᠢ ᠪᠤᠯᠳᠠᠬ᠃ ᠬᠡᠣᠬᠡᠳ  ᠤᠨ ᠪᠡᠶ᠎ᠡ ᠳᠤ ᠪᠠᠨ ᠢᠲᠡᠭᠡᠯ ᠠᠯᠳᠠᠬᠤ ᠨᠢ ᠠᠯᠢᠪᠠ ᠬᠠᠷᠠᠯᠲᠠ ᠵᠣᠷᠢᠯᠲᠠ ᠶᠢ

ᠠᠯᠳᠠᠭᠳᠠᠭᠤᠯᠵᠤ᠂ ᠠᠮᠢᠳᠣᠷᠠᠯ ᠢ ᠨᠢ ᠣᠳᠭ᠎ᠠ ᠠᠭᠤᠯᠭ᠎ᠠ ᠦᠭᠡᠢ ᠪᠣᠯᠭᠠᠨ᠎ᠠ᠃

      ᠲᠡᠭᠡᠪᠡᠯ ᠬᠡᠣᠬᠡᠳ ᠤᠨ ᠢᠲᠡᠭᠡᠯ ᠢ ᠭᠡᠷᠬᠢᠨ ᠬᠦᠮᠦᠵᠢᠭᠦᠯᠬᠦ ᠪᠣᠢ︖ ᠳᠣᠣᠷ᠎ᠠ ᠲᠠ ᠨᠠᠷ ᠲᠠᠢ ᠪᠠᠨ ᠬᠠᠮᠲᠦ ᠪᠠᠷ

ᠰᠠᠨᠠᠯ ᠢᠶᠠᠨ ᠬᠤᠪᠢᠶᠠᠯᠴᠠᠶ᠎ᠠ᠃

      ᠨᠢᠭᠡ᠂ ᠬᠡᠣᠬᠡᠳ ᠤᠨ ᠪᠡᠶ᠎ᠡ ᠳᠤ ᠪᠠᠨ ᠢᠲᠡᠭᠡᠯ ᠠᠯᠳᠠᠬᠤ ᠶᠢᠨ ᠰᠢᠯᠲᠠᠭᠠᠨ

      1. ᠭᠡᠷ ᠪᠦᠯᠢ ᠶᠢᠨ ᠠᠮᠢᠳᠦᠷᠠᠯ ᠤᠨ ᠨᠦᠭᠦᠴᠡᠯ ᠠᠨᠠᠢ ᠠᠴᠠ ᠪᠣᠯᠵᠠᠢ᠃ ᠭᠡᠷ ᠪᠦᠯᠢ  ᠶᠢᠨ ᠠᠮᠢᠳᠦᠷᠡᠯ ᠤᠨ

ᠨᠦᠭᠦᠴᠡᠯ ᠪᠠᠷᠣᠭᠲᠠᠢ᠂ ᠠᠪᠤ ᠡᠵᠢ ᠶᠢᠨ ᠬᠢᠨᠢ ᠨᠡᠶᠢᠭᠡᠮ ᠳᠡᠭᠡᠷᠡᠬᠢ ᠪᠠᠶᠢᠷᠢ ᠰᠠᠭᠤᠷᠢ᠂ ᠰᠣᠶᠣᠯ ᠤᠨ ᠬᠢᠷᠢ ᠭᠡᠮᠵᠢᠶ᠎ᠠ

ᠳᠣᠣᠷ᠎ᠠ᠂ ᠭᠡᠷ ᠪᠦᠯᠢ ᠶᠢᠨ ᠠᠮᠢᠳᠤᠷᠠᠯ ᠠᠨᠠᠢ ᠵᠡᠷᠭᠡ ᠨᠢ ᠬᠠᠮᠲᠦ ᠰᠣᠷᠣᠯᠭᠠᠲᠠᠨ ᠪᠣᠶᠣ ᠨᠠᠶᠢᠵᠠ ᠨᠠᠷ ᠲᠤ ᠪᠠᠨ ᠱᠣᠣᠯᠠᠯ

ᠪᠣᠯᠵᠣ ᠲᠡᠳᠡᠨ  ᠢ ᠭᠤᠲᠣᠷᠠᠩᠭᠤᠢ ᠰᠡᠳᠬᠢᠯ ᠲᠠᠢ ᠪᠣᠯᠭᠠᠨ᠂ ᠨᠡᠩ ᠢᠯᠠᠩᠭᠤᠶ᠎ᠠ ᠭᠡᠷ ᠪᠦᠯᠢ ᠶᠢᠨ ᠠᠮᠢᠳᠣᠷᠠᠯ ᠳᠣᠮᠳᠠ

ᠲᠦᠷᠦᠯ ᠰᠠᠲᠦᠨ ᠤ ᠬᠠᠶᠢᠷ᠎ᠠ ᠰᠡᠳᠬᠢᠯᠭᠡ ᠶᠢ ᠴᠦ ᠬᠦᠷᠲᠡᠬᠦ ᠦᠭᠡᠢ ᠪᠤᠯᠤᠭᠰᠠᠭᠠᠷ ᠪᠠᠶ᠎ᠠ ᠳᠤ ᠪᠠᠨ ᠢᠲᠡᠭᠡᠯ ᠦᠭᠡᠢ

ᠪᠣᠯᠴᠢᠬᠠᠨ᠎ᠠ᠃

      2. ᠡᠴᠢᠭᠡ ᠡᠬᠡ ᠨᠢ ᠬᠡᠣᠬᠡᠳ ᠤᠨ ᠠᠯᠢᠪᠠ ᠳᠤ ᠡᠵᠡᠨ ᠮᠠᠳᠡᠳᠡᠭ ᠠᠴᠠ ᠪᠤᠯᠵᠤ᠂ ᠭᠡᠤᠭᠡᠳ ᠨᠢ ᠤᠴᠢᠷ

ᠶᠠᠪᠤᠳᠠᠯ ᠲᠤᠯᠭᠠᠷᠠᠭᠰᠠᠭᠠᠷ ᠰᠢᠢᠳᠪᠤᠷᠢᠯᠡᠵᠦ ᠲᠠᠶᠢᠯᠭᠦ ᠦᠭᠡᠢ ᠲᠤᠯᠠ ᠪᠡᠶ᠎ᠡ ᠳᠤ ᠪᠠᠨ ᠢᠲᠡᠭᠡᠯ ᠠᠯᠳᠠᠳᠠᠭ᠃ ᠡᠭᠦᠨ ᠳᠤ

ᠬᠤᠭᠤᠯᠠ ᠬᠦᠨᠡᠰᠦ ᠪᠡᠯᠡᠳᠭᠡᠭᠦ ᠠᠴᠠ ᠬᠤᠪᠴᠠᠰᠣ ᠬᠤᠨᠠᠷ ᠡᠮᠦᠰᠭᠦ ᠬᠦᠷᠲᠡᠯ᠎ᠠ ᠪᠦᠷ ᠭᠠᠷ ᠲᠦᠷᠦᠨ ᠭᠦᠢᠴᠡᠳᠭᠡᠵᠦ

ᠦᠭᠳᠡᠭ ᠪᠣᠯᠬᠤᠷ ᠬᠡᠣᠬᠡᠳ ᠵᠦᠪᠬᠡᠨ ᠢᠳᠡᠬᠦ᠂ ᠣᠤᠭᠤᠬᠤ᠂ ᠣᠨᠲᠠᠬᠤ᠂ ᠨᠠᠭᠠᠳᠬᠤ᠂ ᠰᠣᠷᠣᠯᠴᠠᠬᠤ ᠶᠠᠪᠣᠳᠠᠯ ᠲᠡᠳᠦᠢ

ᠪᠣᠯᠵᠣ᠂ ᠡᠳᠦᠷ ᠤᠨ ᠣᠳᠠᠭᠠᠨ ᠳᠤ ᠪᠠᠨ ᠦᠪᠡᠷ ᠤᠨ ᠪᠡᠶ᠎ᠠ ᠳᠤ ᠪᠠᠨ ᠦᠴᠦᠬᠡᠨ ᠴᠤ ᠢᠲᠡᠭᠡᠯ ᠦᠭᠡᠢ ᠪᠤᠯᠵᠤ

ᠦᠪᠡᠷ ᠢ ᠪᠠᠨ ᠦᠴᠦᠬᠡᠨ ᠴᠦ ᠬᠠᠷᠠᠭᠠᠯᠵᠠᠵᠣ ᠴᠢᠳᠠᠬᠤ ᠦᠭᠡᠢ ᠬᠦᠮᠦᠨ ᠪᠣᠯᠴᠢᠬᠠᠨ᠎ᠠ᠃

      3. ᠦᠪᠡᠷ ᠤᠨ ᠪᠡᠶ᠎ᠠ ᠳᠤ ᠪᠠᠨ ᠲᠠᠯᠪᠢᠬᠤ ᠱᠠᠭᠠᠷᠳᠠᠯᠭ᠎ᠠ ᠨᠢ ᠬᠡᠳᠦ ᠦᠨᠳᠦᠷ᠃ ᠣᠯᠠᠩᠬᠢ ᠬᠡᠣᠬᠡᠳ ᠤᠨ

ᠪᠡᠶ᠎ᠠ ᠪᠠᠨ ᠬᠦᠨᠳᠦᠳᠭᠡᠬᠦ ᠰᠡᠳᠬᠢᠯᠭᠡ ᠨᠢ ᠲᠤᠩ ᠦᠨᠳᠦᠷ ᠪᠠᠶᠢᠳᠠᠭ᠂ ᠪᠡᠶ᠎ᠡ ᠳᠤ ᠪᠠᠨ ᠳᠡᠩᠳᠡᠭᠦᠣ ᠦᠨᠳᠦᠷ

ᠱᠠᠭᠠᠷᠳᠠᠯᠭ᠎ᠠ ᠲᠠᠯᠪᠢᠳᠠᠬ ᠠᠴᠠ ᠨᠡᠩ ᠠᠮᠠᠷᠬᠠᠨ ᠭᠤᠳᠤᠷᠠᠳᠠᠬ᠃ ᠬᠡᠣᠬᠡᠳ ᠦᠪᠠᠷ ᠤᠨ ᠪᠠᠶ᠎ᠠ ᠳᠤ ᠪᠠᠨ ᠬᠡᠲᠦᠷᠬᠡᠢ

ᠦᠨᠳᠦᠷ ᠱᠠᠭᠠᠷᠳᠠᠯᠭ᠎ᠠ ᠲᠠᠯᠪᠢᠬᠤ ᠨᠢ ᠠᠪᠤ ᠡᠵᠢ ᠶᠢᠨ ᠬᠢᠨᠢ ᠵᠦᠢ ᠵᠤᠬᠢᠰ ᠦᠭᠡᠢ ᠬᠦᠰᠡᠯ ᠱᠠᠭᠠᠷᠳᠠᠯᠭ᠎ᠠ

ᠲᠠᠯᠪᠢᠬᠰᠡᠨ ᠠᠴᠠ ᠪᠣᠯᠵᠠᠢ᠃ ᠭᠡᠤᠭᠡᠳ ᠲᠤ ᠬᠢᠷᠢ ᠠᠴᠠ ᠨᠢ ᠬᠡᠲᠦᠷᠡᠲᠡᠯ᠎ᠡ ᠬᠦᠰᠡᠯ ᠱᠠᠭᠠᠷᠳᠠᠯᠭ᠎ᠠ ᠲᠠᠯᠪᠢᠬᠤ ᠨᠢ

ᠲᠠᠳᠠᠨ ᠤ ᠵᠣᠷᠢᠭ ᠢ ᠮᠣᠬᠤᠭᠠᠵᠤ ᠪᠡᠶ᠎ᠡ ᠳᠤ ᠪᠠᠨ ᠢᠲᠡᠭᠡᠯ ᠦᠭᠡᠢ ᠪᠤᠯᠭᠠᠳᠠᠬ᠃

      ᠬᠤᠶᠠᠷ᠂ ᠪᠡᠶ᠎ᠡ ᠳᠤ ᠪᠠᠨ ᠢᠲᠡᠭᠡᠭᠦ ᠶᠢᠨ ᠠᠴᠢ ᠬᠤᠯᠪᠤᠭᠳᠠᠯ

      1. ᠨᠡᠩ ᠠᠮᠠᠷᠬᠠᠨ ᠠᠮᠵᠢᠯᠲᠠ ᠣᠯᠵᠣ ᠴᠢᠳᠠᠨ᠎ᠠ᠃ ᠪᠡᠶ᠎ᠡ ᠳᠤ ᠪᠠᠨ ᠢᠲᠡᠭᠡᠯ ᠲᠠᠢ ᠬᠡᠣᠬᠡᠳ ᠪᠠᠲᠦ

ᠬᠠᠷᠠᠯᠲᠠ ᠲᠠᠢ ᠪᠠᠶᠢᠵᠣ᠂ ᠲᠦᠭᠡᠷᠡᠬᠦ ᠦᠭᠡᠢ ᠪᠣᠶᠣ ᠡᠷᠡᠭᠡᠯᠵᠡᠬᠦ ᠦᠭᠡᠢ ᠪᠠᠶᠢᠵᠦ᠂ ᠬᠦᠴᠢᠷ ᠪᠡᠷᠬᠡᠰᠢᠶᠡᠯ ᠬᠠᠷᠰᠢ

ᠰᠠᠭᠠᠳ ᠢ ᠠᠮᠠᠷᠬᠠᠨ ᠲᠠᠪᠠᠨ ᠭᠠᠷᠳᠠᠬ᠂ ᠢᠲᠡᠭᠡᠯ ᠵᠣᠷᠢᠭ ᠨᠢ ᠬᠡᠣᠬᠡᠳ ᠤᠨ ᠠᠮᠵᠢᠯᠲᠠ ᠣᠯᠬᠤ ᠵᠠᠮ ᠳᠡᠭᠡᠷ᠎ᠡ

ᠲᠦᠢᠯ ᠤᠨ ᠴᠢᠬᠤᠯᠠ ᠦᠢᠯᠡᠳᠦᠯ ᠦᠵᠡᠭᠦᠯᠵᠦ ᠪᠠᠶᠢᠳᠠᠭ᠂ ᠮᠠᠰᠢ ᠣᠯᠠᠨ ᠬᠢᠷᠢ ᠪᠦᠲᠦᠮᠵᠢ ᠰᠢᠯᠢᠳᠡᠭ ᠬᠡᠣᠬᠡᠳ

ᠶᠡᠷᠦ ᠨᠢ ᠪᠠᠶ᠎ᠠ ᠳᠤ ᠪᠠᠨ ᠢᠲᠡᠭᠡᠯ ᠲᠦᠭᠦᠷᠡᠩ ᠪᠠᠶᠢᠳᠠᠭ᠂ ᠢᠲᠡᠭᠡᠯ ᠲᠡᠭᠦᠯᠳᠡᠷ ᠪᠣᠯᠬᠤ ᠳᠣᠲᠣᠮ ᠬᠦᠳᠡᠯᠭᠡᠬᠦ

ᠬᠦᠴᠦᠨ ᠲᠠᠢ ᠪᠣᠯᠳᠠᠭ᠃

      2. ᠬᠦᠮᠦᠰ ᠤᠨ ᠬᠤᠭᠤᠷᠣᠨᠳᠦᠬᠢ ᠬᠠᠷᠢᠴᠠᠭ᠎ᠠ ᠨᠡᠩ ᠰᠠᠶᠢᠨ ᠪᠣᠯᠣᠨ᠎ᠠ᠃ ᠣᠳᠣ ᠶᠢᠨ ᠨᠡᠶᠢᠭᠡᠮ ᠤᠨ ᠬᠦᠮᠦᠨ

ᠬᠦᠮᠦᠨ ᠤ ᠬᠤᠭᠤᠷᠣᠨᠳᠣᠬᠢ ᠬᠠᠷᠢᠴᠠᠭ᠎ᠠ ᠨᠠᠷᠢᠨ ᠪᠣᠳᠣᠯᠢᠶᠠᠨᠲᠠᠢ᠃ ᠬᠦᠮᠦᠰ ᠤᠨ ᠬᠤᠭᠤᠷᠣᠨᠳᠣᠬᠢ ᠬᠠᠷᠢᠴᠠᠭ᠎ᠠ ᠪᠠᠨ

ᠰᠠᠶᠢᠳᠦᠷ ᠰᠢᠢᠳᠪᠦᠷᠢᠯᠡᠬᠦ ᠨᠢ ᠳᠦᠢᠯ ᠤᠨ ᠴᠢᠬᠤᠯᠠ ᠪᠠᠶᠢᠳᠠᠭ᠃ ᠢᠲᠡᠭᠡᠯ ᠵᠣᠷᠢᠭ ᠪᠠ ᠬᠦᠮᠦᠰ ᠤᠨ

ᠬᠤᠭᠤᠷᠣᠨᠳᠣᠬᠢ ᠬᠠᠷᠢᠯᠴᠠᠭᠠᠨ  ᠤ ᠴᠢᠳᠠᠪᠦᠷᠢ ᠪᠣᠯ ᠬᠤᠭᠤᠷᠣᠨᠳᠣ ᠪᠠᠨ ᠨᠦᠬᠦᠪᠦᠷᠢᠯᠡᠵᠦ ᠪᠠᠶᠢᠳᠠᠭ᠂ ᠢᠳᠡᠭᠡᠯ ᠲᠠᠢ

ᠬᠡᠣᠬᠡᠳ ᠪᠣᠯ ᠬᠠᠷᠢᠯᠴᠠᠭᠠᠨ ᠤ ᠳᠣᠮᠳᠠ ᠪᠣᠰᠣᠳ ᠢ ᠨᠡᠩ ᠰᠠᠶᠢᠨ ᠣᠶᠢᠯᠠᠭᠠᠵᠣ᠂ ᠪᠣᠰᠣᠳ ᠢ ᠬᠦᠨᠳᠦᠳᠭᠡᠵᠦ᠂

ᠨᠠᠶᠢᠵᠠᠯᠠᠨ ᠨᠦᠬᠦᠷᠯᠡᠵᠦ᠂ ᠪᠣᠰᠣᠳ ᠲᠠᠢ ᠨᠡᠩ ᠰᠠᠶᠢᠨ ᠨᠦᠬᠦᠷᠰᠡᠭ ᠨᠠᠶᠢᠵᠠᠯᠠᠵᠣ ᠴᠢᠳᠠᠳᠠᠭ᠃

      ᠭᠤᠷᠪᠠ᠂ ᠬᠡᠷᠬᠢᠨ ᠬᠡᠣᠬᠡᠳ ᠢ ᠪᠡᠶ᠎ᠠ ᠳᠤ ᠪᠠᠨ ᠢᠲᠡᠭᠡᠯ ᠲᠠᠢ ᠪᠣᠯᠭᠠᠨ ᠭᠦᠮᠦᠵᠢᠭᠦᠯᠭᠦ ᠪᠤᠢ

      1. ᠭᠡᠷ ᠪᠦᠯᠢ ᠶᠢᠨ ᠰᠣᠷᠭᠠᠨ ᠬᠦᠮᠦᠵᠢᠯ ᠤᠨ ᠨᠢᠭᠤᠴᠠ ᠪᠣᠯ ᠬᠡᠣᠬᠡᠳ ᠲᠤ ᠬᠠᠶᠢᠷ᠎ᠠ ᠦᠭᠬᠦ ᠳᠤ          

ᠪᠠᠶᠢᠨ᠎ᠠ᠃ ᠲᠡᠭᠡᠪᠡᠯ ᠶᠠᠭᠤ ᠶᠢ ᠬᠠᠶᠢᠷ᠎ᠠ ᠭᠡᠬᠦ ᠪᠣᠢ︖ ᠬᠠᠶᠢᠷ᠎ᠠ ᠪᠣᠯ ᠭᠡᠷ ᠤᠨ ᠠᠬᠠᠮᠠᠳ ᠣᠢ ᠪᠢᠯᠢᠭ ᠢᠶᠠᠷ ᠢᠶᠠᠨ

ᠬᠡᠣᠬᠡᠳ ᠢᠶᠠᠨ ᠲᠤᠳᠤᠮᠳᠠᠵᠤ᠂ ᠬᠡᠣᠬᠡᠳ ᠤᠨ ᠰᠤᠷᠤᠯᠭ᠎ᠠ ᠠᠮᠢᠳᠤᠷᠠᠯ ᠳᠠᠬᠢ ᠢᠯᠠᠷᠠᠯ ᠢ ᠦᠷᠭᠦᠯᠵᠢ ᠨᠤᠳᠠᠯᠠᠵᠤ᠂

ᠲᠠᠳᠠᠨ ᠢ ᠢᠳᠡᠭᠡᠵᠦ᠂ ᠵᠠᠷᠴᠢᠮ ᠲᠠᠢ ᠪᠠᠷ ᠬᠡᠣᠬᠡᠳ ᠢ ᠬᠠᠮᠢᠶᠠᠷᠬᠤ ᠶᠢ ᠭᠡᠯᠡᠨ᠎ᠠ᠃ ᠦᠨᠳᠦᠷ ᠬᠠᠷᠢᠴᠠᠬᠤᠢ

ᠴᠢᠳᠠᠪᠣᠷᠢᠲᠠᠢ ᠬᠦᠮᠦᠰ ᠶᠡᠷᠦ ᠡᠶᠢᠮᠦ ᠬᠤᠶᠠᠷ ᠵᠦᠢᠯ ᠤᠨ ᠠᠪᠢᠳᠠᠰ ᠲᠠᠢ ᠪᠠᠶᠢᠳᠠᠭ᠃ ᠨᠢᠭᠡ ᠨᠢ ᠢᠨᠢᠶᠡᠮᠰᠣᠭ᠍ᠯᠡᠬᠦ᠂

ᠬᠤᠶᠠᠷ ᠨᠢ ᠮᠠᠭᠲᠠᠨ ᠰᠠᠶᠢᠰᠢᠶᠠᠬᠤ ᠪᠤᠯᠤᠨ᠎ᠠ᠃ ᠶᠡᠷᠣ ᠶᠢᠨ ᠠᠮᠢᠳᠣᠷᠠᠯ ᠤᠨ ᠳᠣᠮᠳᠠ ᠬᠦᠮᠦᠨ ᠬᠦᠮᠦᠨ ᠤ

ᠬᠤᠭᠤᠷᠣᠨᠳᠦ ᠪᠠᠨ ᠬᠠᠷᠢᠯᠴᠠᠬᠤ ᠦᠶᠡᠰ ᠵᠠᠷᠢᠮ ᠬᠦᠮᠦᠨ ᠬᠡᠵᠢᠶᠡᠲᠡ ᠢᠨᠢᠶᠡᠮᠰᠦᠭ ᠴᠢᠷᠠᠶᠢᠯᠠᠵᠣ ᠶᠠᠷᠢᠯᠴᠠᠳᠠᠭ

ᠪᠠᠶᠢᠨ᠎ᠠ᠃ ᠡᠶᠢᠮᠦ ᠬᠦᠮᠦᠨ ᠲᠠᠢ ᠬᠡᠨ ᠴᠣ᠋ ᠪᠦᠷ ᠣᠶᠢᠷᠠᠳᠬᠤ ᠳᠣᠷᠠᠲᠠᠢ᠃ ᠪᠠᠰᠠ ᠨᠢᠭᠡ ᠪᠦᠯᠦᠭ ᠬᠦᠮᠦᠨ ᠬᠡᠵᠢᠶᠡᠲᠡ

ᠣᠷᠣᠬᠤ ᠴᠢᠷᠠᠶᠢᠯᠠᠳᠠᠭ᠃ ᠵᠠᠷᠢᠮ ᠬᠦᠮᠦᠨ ᠬᠦᠮᠦᠨ ᠢ ᠶᠡᠭᠡ ᠣᠷᠠᠯᠢᠭ ᠢᠶᠠᠷ ᠮᠠᠭᠲᠠᠨ ᠰᠠᠶᠢᠰᠢᠶᠠᠵᠣ ᠴᠢᠳᠠᠨ᠎ᠠ᠂

ᠮᠠᠭᠲᠠᠨ ᠰᠠᠶᠢᠰᠢᠶᠠᠵᠣ ᠴᠢᠳᠠᠬᠤ ᠬᠦᠮᠦᠨ ᠠᠳᠠᠯᠢ ᠪᠠᠷ ᠪᠣᠰᠣᠳ ᠤᠨ ᠮᠠᠭᠳᠠᠭᠠᠯ ᠢ ᠣᠯᠣᠨ᠎ᠠ᠃ ᠡᠶᠢᠮᠦ ᠠᠴᠠ

ᠢᠨᠢᠶᠡᠮᠰᠦᠭᠯᠡᠬᠦ ᠨᠢ ᠨᠡᠷ᠎ᠡ ᠶᠢᠨ ᠬᠠᠭᠤᠳᠠᠰᠣ᠂ ᠮᠠᠭᠲᠠᠭᠠᠯ ᠨᠢ ᠨᠡᠪᠲᠡᠷᠡᠬᠦ ᠦᠨᠡᠮᠯᠡᠯ᠃ ᠬᠡᠣᠬᠡᠳ ᠢᠶᠠᠨ ᠰᠣᠷᠭᠠᠨ

ᠬᠦᠮᠦᠵᠢᠭᠦᠯᠬᠦ ᠶᠠᠪᠣᠴᠠ ᠳᠤ ᠡᠨᠡ ᠬᠤᠶᠠᠷ ᠲᠣᠮᠢᠶ᠎ᠠ ᠨᠢ ᠪᠦᠷᠢᠮᠦᠰᠦᠨ ᠬᠡᠷᠡᠭᠯᠡᠭᠳᠡᠳᠡᠭ᠃ ᠡᠶᠢᠮᠦ ᠠᠴᠠ

ᠬᠡᠣᠬᠡᠳ ᠲᠤ ᠪᠠᠨ ᠢᠨᠢᠶᠡᠮᠰᠦᠭᠯᠡᠨ ᠬᠠᠨᠳᠣᠵᠣ᠂ ᠬᠡᠣᠬᠡᠳ ᠵᠦᠪ ᠪᠣᠷᠣᠭᠤ ᠴᠦ ᠪᠢᠳᠡ ᠵᠠᠪᠠᠯ ᠢᠨᠢᠶᠡᠮᠰᠣᠭ᠍ᠯᠡᠯ ᠤᠨ

ᠴᠢᠷᠠᠢ ᠪᠠᠷ ᠬᠡᠣᠬᠡᠳ ᠲᠤ ᠪᠠᠨ ᠬᠠᠨᠳᠣᠬᠤ ᠬᠡᠷᠡᠭᠲᠡᠢ᠃ ᠬᠠᠶᠢᠷ᠎ᠠ ᠰᠢᠩᠭᠡᠭᠰᠡᠨ ᠬᠠᠷᠠᠴᠠ ᠪᠠᠷ ᠬᠡᠣᠬᠡᠳ ᠢᠶᠠᠨ

ᠵᠣᠷᠢᠬᠵᠢᠭᠤᠯᠪᠠᠯ ᠬᠡᠣᠬᠡᠳ ᠰᠠᠶ᠋ᠢ ᠪᠢᠳᠡᠨ ᠤ ᠦᠭᠡ ᠨᠣᠮ ᠢᠶᠠᠷ ᠣᠷᠣᠨ᠎ᠠ᠃ ᠨᠦᠭᠦᠭᠡ ᠲᠠᠯ᠎ᠠ ᠪᠠᠷ ᠪᠢᠳᠡ

ᠬᠠᠶᠢᠷᠠᠯᠠᠵᠣ ᠴᠢᠳᠠᠬᠤ ᠨᠢ ᠬᠡᠣᠬᠡᠳ ᠢᠶᠠᠨ ᠳᠣᠷ᠎ᠠ ᠪᠠᠷ ᠨᠢ ᠲᠠᠯᠪᠢᠬᠤ ᠶᠠᠪᠣᠳᠠᠯ ᠪᠢᠰᠢ᠃ ᠬᠠᠷᠢᠨ ᠵᠠᠷᠴᠢᠮ ᠲᠠᠢ ᠪᠠᠷ

ᠬᠡᠣᠬᠡᠳ ᠢᠶᠠᠨ ᠬᠠᠮᠢᠶᠠᠷᠬᠤ ᠳᠤ ᠪᠣᠢ᠃ ᠡᠨᠡ ᠪᠣᠯ ᠰᠠᠶ᠋ᠢ ᠬᠡᠣᠬᠡᠳ ᠲᠤ ᠦᠭᠬᠦ ᠬᠠᠮᠤᠭ ᠤᠨ ᠦᠨᠡᠨ ᠬᠠᠶᠢᠷ᠎ᠠ᠂

ᠵᠢᠩᠭᠢᠨᠢ ᠬᠠᠶᠢᠷ᠎ᠠ ᠮᠦᠨ᠃ ᠭᠡᠷ ᠪᠦᠯᠢ ᠶᠢᠨ ᠰᠣᠷᠭᠠᠨ ᠬᠦᠮᠦᠵᠢᠯ ᠤᠨ ᠶᠠᠪᠣᠴᠠ ᠳᠤ ᠭᠡᠷ ᠤᠨ ᠠᠬᠠᠮᠠᠳ

ᠬᠠᠶᠢᠷ᠎ᠠ ᠶᠢᠨ ᠨᠡᠷ᠎ᠠ ᠪᠠᠷ ᠬᠡᠣᠬᠡᠳ ᠤᠨ ᠴᠢᠯᠦᠭᠡᠲᠠᠢ ᠦᠰᠦᠨ ᠪᠤᠶᠢᠵᠢᠬᠤ ᠡᠷᠬᠡ ᠶᠢ ᠪᠣᠯᠢᠶᠠᠨ ᠠᠪᠴᠣ ᠪᠣᠯᠬᠤ          

ᠦᠭᠡᠢ᠃ ᠬᠠᠶᠢᠷᠠᠯᠠᠵᠣ ᠴᠢᠳᠠᠪᠠᠯ ᠰᠠᠶ᠋ᠢ ᠰᠠᠨᠠᠵᠣ ᠴᠢᠳᠠᠨ᠎ᠠ᠂ ᠰᠠᠶᠢᠬᠠᠨ ᠬᠠᠶᠢᠷᠠᠯᠠᠵᠣ ᠴᠢᠳᠠᠬᠤ ᠦᠭᠡᠢ ᠪᠤᠯ

ᠬᠤᠣᠷᠯᠠᠭᠰᠠᠨ ᠲᠠᠢ ᠠᠳᠠᠯᠢ᠃ ᠬᠡᠷᠪᠡ ᠬᠡᠣᠬᠡᠳ ᠢ ᠨᠢᠭᠡᠨ ᠮᠦᠬᠦᠯᠢᠭ ᠦᠷ᠎ᠡ ᠪᠠᠷ ᠪᠣᠳᠣᠪᠠᠯ ᠵᠦᠪ ᠬᠠᠶᠢᠷ᠎ᠠ ᠨᠢ

ᠬᠡᠣᠬᠡᠳ ᠲᠤ ᠰᠢᠮ᠎ᠡ ᠲᠡᠵᠢᠭᠡᠯ ᠢ ᠦᠭᠴᠦ ᠪᠠᠶᠢᠭ᠎ᠠ ᠲᠠᠢ ᠠᠳᠠᠯᠢ᠃ ᠴᠢᠩᠭᠢᠪᠠᠯ ᠦᠨᠦᠳᠦᠷ ᠤᠨ ᠪᠢᠳᠡᠨ ᠤ ᠶᠠᠷᠢᠬᠤ

ᠭᠡᠵᠣ ᠪᠠᠶᠢᠭ᠎ᠠ ᠢᠲᠡᠭᠡᠯ ᠪᠠ ᠰᠣᠨᠢᠷᠬᠠᠯ ᠨᠢ ᠳᠠᠷᠦᠢ ᠨᠠᠷᠠᠨ ᠭᠡᠷᠡᠯ ᠪᠠ ᠬᠤᠷ᠎ᠠ ᠪᠣᠷᠣᠭᠠᠨ ᠮᠦᠨ᠃ ᠬᠦᠮᠦᠨ ᠪᠦᠬᠦᠨ ᠤ

ᠪᠡᠶ᠎ᠡ ᠳᠤ ᠴᠦᠮ ᠠᠪᠣᠷᠭᠤ ᠬᠦᠴᠦᠨ ᠢᠭᠤᠭᠳᠠᠵᠣ ᠪᠠᠶᠢᠳᠠᠭ᠂ ᠡᠨᠡ ᠨᠢ ᠡᠬᠡ ᠪᠠᠶᠢᠭᠠᠯᠢ ᠪᠢᠳᠡᠨ ᠳᠤ ᠦᠭᠭᠦᠭᠰᠡᠨ

ᠡᠷᠳᠡᠨᠢ ᠶᠢᠨ ᠠᠪᠢᠳᠠᠰ ᠶᠣᠮ᠃ ᠡᠭᠦᠨ  ᠢ ᠪᠢᠳᠡ ᠰᠡᠷᠡᠵᠣ ᠮᠡᠳᠡᠨ ᠢᠯᠡᠷᠡᠭᠦᠯᠬᠦ ᠶᠢ ᠱᠠᠭᠠᠷᠳᠠᠨ᠎ᠠ᠃ ᠬᠦᠮᠦᠨ ᠪᠦᠬᠦᠨ

ᠴᠦᠮ ᠦᠪᠡᠷ ᠤᠨ ᠨᠢᠭᠤᠭᠳᠠᠮᠠᠯ ᠬᠦᠴᠦᠨ ᠴᠢᠳᠠᠪᠦᠷᠢ ᠪᠠᠶᠢᠳᠠᠭ ᠶᠣᠮ᠃ ᠲᠡᠷᠡ ᠬᠦ ᠦᠪᠡᠷ ᠤᠨ ᠪᠡᠶ᠎ᠡ ᠪᠠᠨ ᠶᠠᠭᠤ ᠴᠦ

ᠪᠢᠰᠢ ᠭᠡᠵᠣ ᠪᠠᠰᠣᠮᠵᠢᠯᠠᠵᠣ ᠪᠠᠶᠢᠬᠤ ᠬᠦᠮᠦᠰ ᠦᠨᠡᠨ ᠳᠤ ᠪᠠᠨ ᠦᠪᠠᠷ ᠤᠨ ᠪᠡᠶ᠎ᠡ ᠶᠢᠨ ᠨᠢᠭᠤᠭᠳᠠᠮᠠᠯ ᠠᠪᠣᠷᠭᠤ

ᠬᠦᠴᠦᠨ  ᠢ ᠰᠡᠷᠭᠦᠭᠡᠵᠦ ᠳᠡᠶᠢᠯᠤᠭᠡᠳᠦᠢ ᠲᠡᠳᠦᠢ ᠶᠣᠮ᠃ ᠪᠠᠭ᠎ᠠ ᠶᠢᠨ ᠦᠶ᠎ᠡ ᠳᠤ ᠠᠯᠢ ᠪᠠᠭᠰᠢ ᠨᠢ ᠪᠢᠳᠡᠨ ᠢ

ᠢᠳᠡᠭᠡᠪᠡᠯ ᠪᠢᠳᠡ ᠲᠡᠷᠡ ᠪᠠᠭᠰᠢ ᠶᠢᠨ ᠬᠢᠴᠢᠶᠡᠯ ᠢ ᠰᠡᠳᠬᠢᠯ ᠲᠠᠯᠪᠢᠨ ᠰᠣᠨᠣᠰᠳᠠᠭ ᠪᠢᠰᠢ ᠦᠦ︖ ᠭᠡᠷ ᠤᠨ

ᠠᠬᠠᠮᠠᠳ ᠬᠡᠣᠬᠡᠳ ᠢᠶᠠᠨ ᠢᠲᠡᠭᠡᠪᠡᠯ ᠬᠡᠣᠬᠡᠳ ᠤᠨ ᠨᠢᠭᠤᠭᠳᠠᠮᠠᠯ ᠬᠦᠴᠦᠨ ᠢ ᠢᠯᠡᠷᠡᠭᠦᠯᠵᠦ᠂ ᠬᠡᠣᠬᠡᠳ ᠤᠨ

ᠳᠣᠲᠣᠭᠠᠲᠣ ᠬᠦᠴᠦᠨ ᠢ ᠪᠠᠳᠠᠷᠠᠭᠤᠯᠵᠣ ᠴᠢᠳᠠᠨ᠎ᠠ᠃ ᠡᠶᠢᠮᠦ ᠠᠴᠠ ᠢᠲᠡᠭᠡᠯ ᠪᠣᠯ ᠭᠡᠷ ᠪᠦᠯᠢ ᠶᠢᠨ ᠰᠣᠷᠭᠠᠨ

ᠬᠦᠮᠦᠵᠢᠯ ᠤᠨ ᠭᠤᠣᠯ ᠪᠣᠯᠬᠤ ᠠᠷᠭ᠎ᠠ ᠠᠪᠴᠠᠯ ᠮᠦᠨ᠃

      ᠡ᠊ᠨᠳᠠ ᠨᠢᠭᠡᠨ ᠵᠢᠱᠢᠶ᠎ᠡ ᠲᠠᠳᠠᠶ᠎ᠠ᠄ ᠡᠷᠲᠡ ᠴᠠᠭ ᠲᠤ ᠨᠢᠭᠡᠨ ᠠᠷᠪᠠᠭᠠᠳ ᠨᠠᠰᠣᠲᠠᠢ ᠬᠡᠣᠬᠡᠳ ᠪᠠᠶᠢᠵᠠᠢ᠂

ᠭᠡᠷ ᠤᠨ ᠠᠮᠢᠳᠣᠷᠠᠯ ᠨᠢ ᠶᠠᠳᠠᠭᠤ ᠠᠴᠠ ᠭᠠᠳᠠᠨ᠎ᠠ ᠭᠠᠷᠴᠦ ᠬᠠᠷ᠎ᠠ ᠪᠣᠷᠣ ᠬᠦᠯᠦᠰᠦᠨ ᠠᠵᠢᠯ ᠬᠢᠵᠠᠢ᠃ ᠭᠡᠪᠡᠴᠦ ᠲᠡᠷᠡ

ᠨᠢᠭᠡᠨ ᠳᠠᠭᠤᠴᠢᠨ ᠪᠣᠯᠬᠤ ᠬᠦᠰᠡᠯ ᠲᠠᠢ ᠪᠠᠶᠢᠵᠠᠢ᠃ ᠴᠢᠩᠭᠢᠭᠡᠳ ᠨᠢᠭᠡᠳᠦᠭᠡᠷ ᠪᠠᠭᠰᠢ ᠶᠢ ᠡᠷᠢᠨ ᠣᠴᠢᠬᠤ ᠳᠤ

ᠪᠠᠭᠰᠢ ᠨᠢ᠄ ︽ᠲᠠᠨ ᠤ ᠬᠤᠭᠤᠯᠠᠢ ᠳᠠᠭᠤᠤ ᠳᠠᠭᠤᠯᠠᠬᠤ ᠬᠤᠭᠤᠯᠠᠢ ᠪᠢᠰᠢ᠂ ᠳᠠᠪᠦᠨ ᠬᠦᠭ ᠨᠢ ᠲᠡᠭᠰᠢ ᠦᠭᠡᠢ᠂ ᠴᠢᠨᠦ

ᠳᠠᠭᠤ ᠶᠠᠭ ᠯᠠ ᠪᠠᠯᠪᠠᠷᠠᠬᠠᠢ ᠪᠦᠷᠢᠶ᠎ᠡ ᠲᠤᠤᠭᠠᠷᠴᠤ ᠪᠠᠶᠢᠭ᠎ᠠ ᠰᠢᠬ ᠵᠢᠪᠡᠬᠦᠨ ᠰᠣᠨᠣᠰᠳᠠᠨ᠎ᠠ︾ ᠭᠡᠰᠡᠨ ᠭᠡᠨ᠎ᠠ᠃ ᠡᠨᠡ

ᠦᠭᠡ ᠶᠢ ᠰᠣᠨᠣᠰᠣᠭᠰᠠᠨ ᠬᠡᠣᠬᠡᠳ ᠰᠡᠳᠬᠢᠯ ᠰᠢᠮᠰᠢᠷᠡᠨ ᠭᠡᠷ ᠲᠤ ᠪᠠᠨ ᠬᠠᠷᠢᠵᠣ ᠡᠵᠢ ᠳᠤ ᠪᠠᠨ ᠦᠪᠡᠷ ᠤᠨ

ᠣᠴᠠᠷᠠᠯ ᠢᠶᠠᠨ ᠬᠡᠯᠡᠭᠰᠡᠨ ᠳᠤ᠂ ᠡᠵᠢ ᠨᠢ᠄ ︽ᠮᠢᠨᠦ ᠬᠦᠦ ᠳᠠᠭᠤᠤ ᠳᠠᠭᠤᠯᠠᠬᠤ ᠣᠷ᠎ᠠ ᠠᠪᠢᠶᠠᠰ ᠲᠠᠢ ᠰᠢᠦ᠂ ᠴᠢᠨᠦ

ᠦᠨᠦᠳᠦᠷ ᠤᠨ ᠳᠠᠭᠤᠯᠠᠭᠰᠠᠨ ᠴᠢᠨᠢ ᠦᠴᠦᠭᠡᠳᠦᠷ ᠠᠴᠠ ᠬᠤᠯᠠ ᠰᠠᠶᠢᠬᠠᠨ ᠪᠣᠯᠣᠭᠰᠠᠨ︾ ᠭᠡᠯ᠎ᠡ᠃ ᠡᠵᠢ ᠨᠢ᠄          

︽ᠪᠢ ᠴᠢᠮ᠎ᠠ ᠳᠤ ᠪᠠᠲᠦ ᠢᠲᠡᠭᠡᠯ ᠲᠠᠢ ᠪᠠᠶᠢᠨ᠎ᠠ᠂ ᠢᠷᠡᠭᠡᠳᠦᠢ ᠳᠤ ᠴᠢ ᠯᠠᠪ ᠨᠢᠭᠡᠨ ᠠᠯᠳᠠᠷᠲᠦ ᠳᠠᠭᠤᠴᠢᠨ          

ᠪᠣᠯᠣᠨ᠎ᠠ︾ ᠭᠡᠰᠡᠨ ᠭᠡᠨ᠎ᠠ᠃ ᠬᠤᠵᠢᠮ ᠨᠢ ᠡᠨᠡ ᠬᠡᠣᠬᠡᠳ ᠦᠨᠡᠬᠡᠷ ᠨᠢᠭᠡᠨ ᠠᠯᠳᠠᠷᠲᠦ ᠳᠠᠭᠤᠴᠢᠨ ᠪᠣᠯᠣᠭᠰᠠᠨ          

ᠪᠠᠶᠢᠵᠠᠢ᠃ ᠲᠡᠭᠦᠨ ᠤ ᠨᠡᠷ᠎ᠡ ᠶᠢ ᠠᠬᠦ᠋ᠢᠺᠡᠺᠠᠯᠦᠰᠦ ᠭᠡᠳᠡᠭ᠃ ᠡᠵᠢ ᠶᠢᠨ ᠬᠢᠨᠢ ᠢᠲᠡᠭᠡᠯ ᠤᠨ ᠭᠦᠴᠦᠨ ᠠᠴᠠ ᠢᠷᠡᠭᠰᠡᠨ

ᠶᠣᠮ᠃ ᠰᠡᠳᠬᠢᠴᠡ ᠶᠢᠨ ᠵᠦᠢ ᠶᠢᠨ ᠣᠬᠠᠭᠠᠨᠲᠠᠨ ᠠᠴᠠ ︽ᠬᠡᠣᠬᠡᠳ ᠤᠨ ᠳᠣᠲᠣᠭᠠᠳᠣ ᠰᠡᠳᠬᠢᠯᠭᠡ ᠶᠢᠨ ᠬᠠᠮᠤᠭ ᠤᠨ

ᠲᠡᠭᠡᠳᠤ ᠬᠦᠰᠡᠯ ᠪᠣᠯ ᠡᠵᠢ ᠠᠪᠤ ᠶᠢᠨ ᠢᠶᠠᠨ ᠢᠲᠡᠭᠡᠯ ᠢ ᠣᠯᠬᠤ ᠳᠤ ᠪᠤᠢ︾ ᠭᠡᠵᠡᠢ᠃ ᠡᠵᠢ ᠠᠪᠤ ᠶᠢᠨ ᠢᠶᠠᠨ ᠢᠲᠡᠭᠡᠯ ᠢ

ᠠᠯᠳᠠᠭᠰᠠᠨ ᠬᠡᠣᠬᠡᠳ ᠨᠢᠭᠡ ᠨᠠᠰᠣᠨ ᠳᠤ ᠪᠠᠨ ᠦᠪᠡᠷ ᠤᠨ ᠪᠡᠶ᠎ᠡ ᠳᠤ ᠪᠠᠨ ᠢᠲᠡᠭᠡᠯ ᠦᠭᠡᠢ ᠭᠤᠲᠣᠷᠠᠵᠣ          

ᠶᠠᠪᠣᠳᠠᠭ᠃ ᠲᠠᠶᠢᠸᠠᠨ ᠤ ᠠᠯᠳᠠᠷᠲᠦ ᠵᠣᠬᠢᠶᠠᠯᠴᠢ ᠰᠠᠨ ᠮᠤᠥ ︽ᠨᠢᠭᠡ ᠨᠠᠰᠣᠨ ᠤ ᠪᠠᠶᠢᠯᠳᠣᠭᠠᠨ︾ ᠳᠤ ᠪᠠᠨ ᠢᠩᠭᠢᠵᠣ

ᠪᠢᠴᠢᠵᠠᠢ᠄ ︽ᠮᠢᠨᠦ ᠬᠠᠮᠤᠭ ᠤᠨ ᠬᠠᠷᠠᠮᠰᠠᠯᠲᠠᠢ ᠣᠴᠢᠷ ᠭᠡᠪᠡᠯ ᠡᠨᠡ ᠶᠢᠷᠲᠢᠨᠴᠦ ᠶᠢ ᠡᠵᠡᠮᠳᠡᠨ ᠣᠯᠬᠤ ᠳᠤ ᠪᠠᠶᠢᠬᠤ

ᠪᠢᠰᠢ ᠬᠠᠷᠢᠨ ᠠᠪᠤ ᠶᠢᠨ ᠰᠣᠨᠢᠷᠬᠠᠯ ᠢ ᠣᠯᠣᠭᠰᠠᠨ ᠦᠭᠡᠢ ᠳᠤ ᠪᠣᠢ︾ ᠭᠡᠵᠠᠢ᠃ ᠡᠭᠦᠨ ᠢ ᠬᠤᠵᠢᠮ ᠨᠢ ᠠᠪᠤ ᠨᠢ ᠣᠯᠵᠣ

ᠮᠠᠳᠡᠭᠡᠳ ᠬᠠᠷᠢᠭᠤ ᠳᠤ ᠨᠢ᠄ ︽ᠮᠢᠨᠦ ᠪᠡᠶ᠎ᠡ ᠶᠢᠨ ᠣᠶᠢᠷ᠎ᠠ ᠬᠤᠪᠢ ᠳᠤ ᠴᠢᠮ᠎ᠠ ᠰᠢᠬ ᠡᠶᠢᠮᠦ ᠨᠢᠯᠬ᠎ᠠ ᠡᠪᠡᠰᠣ

ᠪᠠᠶᠢᠬᠤ ᠳᠤ ᠪᠢ ᠣᠮᠣᠭᠰᠢᠨ᠎ᠠ︾ ᠭᠡᠵᠠᠢ᠃ ᠡᠨᠡ ᠬᠠᠷᠢᠭᠤ ᠶᠢ ᠰᠠᠨ ᠮᠤᠥ ᠣᠯᠵᠣ ᠦᠵᠡᠭᠡᠳ ᠨᠢᠳᠦ ᠳᠦᠭᠦᠷᠡᠩ

ᠨᠢᠯᠪᠣᠰᠣ ᠲᠠᠢ᠄ ︽ᠠᠪᠤ ᠶᠢᠨ ᠮᠢᠨᠢ ᠡᠨᠡ ᠦᠭᠡ ᠮᠢᠨᠦ ᠪᠡᠶ᠎ᠡ ᠪᠠᠨ ᠳᠣᠣᠷᠠᠰᠢᠶᠠᠬᠤ᠂ ᠬᠠᠭᠤᠷᠮᠠᠭ ᠰᠡᠳᠬᠢᠯᠭᠡ ᠪᠦᠬᠦᠨ ᠢ

ᠣᠷᠣ ᠦᠭᠡᠢ ᠠᠷᠢᠯᠭᠠᠪᠠ︾ ᠭᠡᠰᠡᠨ ᠪᠠᠶᠢᠨ᠎ᠠ᠃ ᠦᠨᠡᠨ ᠳᠤ ᠪᠠᠨ ᠬᠡᠣᠬᠡᠳ ᠤᠨ ᠰᠡᠳᠬᠢᠯᠭᠡ ᠳᠣᠲᠣᠷ᠎ᠠ ᠪᠦᠬᠦ

ᠳᠡᠯᠡᠬᠡᠢ ᠶᠢᠨ ᠬᠦᠮᠦᠰ ᠪᠦᠷ ᠵᠦᠪᠰᠢᠶᠡᠷᠡᠬᠦ ᠦᠭᠡᠢ ᠴᠣ᠋ ᠠᠪᠤ ᠡᠵᠢ ᠵᠦᠪᠰᠢᠶᠡᠷᠡᠪᠠᠯ ᠡᠨᠡ ᠳᠡᠯᠡᠬᠡᠢ ᠳᠠᠷᠦᠢ ᠪᠦᠷᠢᠨ

ᠪᠦᠲᠦᠨ ᠪᠠᠶᠢᠵᠣ ︽ᠪᠢ︾ ᠣᠷᠣᠭᠰᠢᠯᠠᠬᠤ ᠬᠦᠴᠦᠨ ᠲᠠᠢ ᠶᠣᠮ᠃ ᠡᠵᠢ ᠠᠪᠤ ᠶᠢᠨ ᠢᠶᠠᠨ ᠢᠳᠡᠭᠡᠯ ᠢ ᠣᠯᠬᠤ ᠦᠭᠡᠢ

ᠭᠤᠲᠣᠷᠠᠵᠣ ᠶᠠᠪᠣᠬᠤ ᠨᠢ ᠭᠠᠭᠴᠠ ᠰᠠᠨ ᠮᠤᠥ ᠨᠢᠭᠡᠬᠡᠨ ᠬᠦᠮᠦᠨ ᠪᠢᠰᠢ᠂ ᠣᠯᠠᠨ ᠪᠠᠶᠢᠨ᠎ᠠ᠃ ᠦᠷᠬᠦᠯᠵᠢ ᠴᠣᠬᠢᠯᠲᠠ

ᠣᠯᠳᠠᠭ ᠬᠡᠣᠬᠡᠳ ᠳᠣᠲᠣᠭᠠᠲᠣ ᠰᠡᠳᠬᠢᠯᠭᠡ ᠨᠢ ᠵᠣᠪᠠᠨᠢᠬᠤ ᠪᠠᠷ ᠪᠠᠷᠠᠬᠤ ᠦᠭᠡᠢ ᠬᠠᠶᠢᠷ᠎ᠠ ᠳᠣᠲᠠᠮᠠᠭ ᠠᠴᠠ ᠪᠣᠯᠵᠣ

ᠨᠢᠭᠡ ᠨᠠᠰᠣᠨ ᠳᠤ ᠪᠠᠨ ᠭᠤᠨᠢᠵᠣ ᠭᠤᠲᠣᠷᠠᠵᠤ ᠶᠠᠪᠣᠳᠠᠭ ᠶᠣᠮ᠃

      2. ᠬᠡᠣᠬᠡᠳ ᠤᠨ ︽ᠪᠦᠷᠢᠨ ᠪᠦᠲᠦᠨ ᠲᠡᠭᠦᠯᠳᠡᠷ ᠪᠤᠰᠤ︾ ᠭᠡᠳᠡᠭ ᠢ ᠪᠠᠭᠲᠠᠭᠠᠵᠣ ᠶᠠᠪᠣᠨ᠎ᠠ᠃ ᠶᠠᠮᠠᠷ ᠴᠣ᠋

ᠬᠦᠮᠦᠨ ᠴᠦᠮ ᠠᠯᠳᠠᠭ᠎ᠠ ᠪᠣᠷᠣᠭᠤ ᠭᠠᠷᠭᠠᠬᠤ ᠨᠢ ᠶᠠᠷᠢᠶᠠᠨ ᠦᠭᠡᠢ᠂ ᠬᠡᠣᠬᠡᠳ ᠪᠣᠷᠣᠭᠤ ᠭᠠᠷᠭᠠᠪᠠᠯ ᠲᠡᠭᠦᠨ ᠢ

ᠲᠡᠩᠳᠡᠭᠦᠦ ᠰᠢᠭᠦᠮᠵᠢᠯᠡᠬᠡᠳ ᠪᠠᠶᠢᠬᠤ ᠨᠢ ᠵᠦᠢ ᠶᠣᠰᠣᠨ ᠳᠤ ᠨᠡᠶᠢᠴᠡᠬᠦ ᠦᠭᠡᠢ᠂ ᠬᠠᠷᠢᠨ ᠠᠯᠳᠠᠭ᠎ᠠ ᠪᠣᠷᠣᠭᠤ ᠶᠢᠨ

ᠳᠣᠮᠳᠠ ᠠᠴᠠ ᠳᠣᠷᠰᠢᠯᠭ᠎ᠠ ᠬᠤᠷᠠᠮᠳᠤᠭᠤᠯᠵᠣ᠂ ᠠᠯᠳᠠᠭ᠎ᠠ ᠪᠣᠷᠣᠭᠤ ᠶᠢ ᠨᠢ ᠬᠠᠯᠠᠨ ᠰᠠᠶᠢᠵᠢᠷᠠᠭᠤᠯᠬᠤ ᠠᠷᠭ᠎ᠠ

ᠠᠪᠴᠠᠯ  ᠢ ᠡᠷᠢᠬᠦ ᠨᠢ ᠭᠤᠣᠯ ᠪᠤᠯᠤᠨ᠎ᠠ᠃ ᠵᠢᠱᠢᠶᠡᠯᠡᠪᠡᠯ᠂ ᠬᠡᠣᠬᠡᠳ ᠳᠠᠰᠬᠠᠯ ᠢᠶᠠᠨ ᠬᠢᠭᠰᠡᠨ ᠦᠭᠡᠢ ᠪᠠᠭᠰᠢ ᠳᠤ ᠪᠠᠨ

ᠰᠢᠭᠦᠮᠵᠢᠯᠡᠭᠳᠡᠵᠣ ᠣᠷᠮ᠎ᠠ ᠦᠭᠡᠢ ᠭᠡᠷ ᠲᠤ ᠪᠠᠨ ᠬᠠᠷᠢᠬᠤ ᠳᠤ ᠭᠡᠷ ᠤᠨ ᠠᠬᠠᠮᠠᠳ ᠬᠡᠣᠬᠡᠳ ᠢᠶᠠᠨ ᠬᠦᠭᠡᠷᠦᠬᠦ᠋ᠢᠯᠡᠨ

ᠣᠴᠢᠷ ᠶᠠᠪᠣᠳᠠᠯ ᠢ ᠠᠰᠠᠭᠤᠨ ᠣᠶᠢᠯᠠᠭᠠᠵᠣ ᠳᠠᠬᠢᠨ ᠠᠰᠠᠭᠤᠳᠠᠯ ᠢ ᠰᠢᠢᠳᠪᠦᠷᠢᠯᠡᠬᠦ ᠠᠷᠭ᠎ᠠ ᠠᠪᠴᠠᠯ ᠢ ᠡᠷᠢᠨ

ᠪᠣᠳᠠᠲᠠᠢ ᠠᠰᠠᠭᠤᠳᠠᠯ ᠢ ᠰᠢᠢᠳᠪᠦᠷᠢᠯᠡᠬᠦ ᠪᠠᠷ ᠴᠢᠷᠮᠠᠶᠢᠨ᠎ᠡ᠃ ᠡᠷᠲᠡᠨ ᠤ ᠦᠭᠡᠨ ᠳᠤ ᠪᠣᠷᠣᠭᠤ ᠪᠠᠨ ᠰᠣᠨᠣᠰᠣᠭᠰᠠᠨ ᠨᠢ

ᠪᠠᠶᠠᠷ᠂ ᠠᠯᠳᠠᠭ᠎ᠠ ᠪᠠᠨ ᠮᠡᠳᠡᠷᠡᠭᠰᠡᠨ ᠪᠣᠯ ᠪᠣᠷᠣᠭᠤ ᠦᠭᠡᠢ ᠭᠡᠰᠡᠨ ᠲᠠᠢ ᠠᠳᠠᠯᠢ᠃ ᠬᠡᠣᠬᠡᠳ ᠦᠪᠡᠷ ᠤᠨ ᠠᠯᠳᠠᠭ᠎ᠠ

ᠪᠣᠷᠣᠭᠤ ᠪᠠᠨ ᠮᠡᠳᠡᠷᠡᠭᠰᠡᠨ ᠨᠢ ᠪᠢᠳᠡᠨ ᠤ ᠪᠠᠶᠠᠷᠯᠠᠭᠤᠰᠢᠲᠠᠢ ᠣᠴᠢᠷ᠃ ᠬᠡᠣᠬᠡᠳ ᠨᠢᠭᠡ ᠣᠳᠠᠭ᠎ᠠ ᠠᠯᠳᠠᠭ᠎ᠠ ᠪᠣᠷᠣᠭᠤ

ᠭᠠᠷᠭᠠᠭᠰᠠᠨ ᠢᠶᠠᠨ ᠮᠡᠳᠡᠷᠡᠬᠦ ᠨᠢ ᠲᠡᠭᠦᠨ ᠤ ᠨᠢᠭᠡᠨ ᠣᠳᠠᠭᠠᠨ ᠤ ᠦᠰᠦᠨ ᠪᠤᠶᠢᠵᠢᠯᠲᠠ ᠭᠡᠵᠦ ᠦᠵᠡᠵᠦ          

ᠪᠣᠯᠣᠨ᠎ᠡ᠃ ᠭᠡᠷ ᠤᠨ ᠠᠬᠠᠮᠠᠳ ᠪᠣᠯᠣᠭᠰᠠᠳ ᠬᠡᠣᠬᠡᠳ ᠢᠶᠠᠨ ᠠᠯᠳᠠᠭ᠎ᠠ ᠪᠣᠷᠣᠭᠤ ᠭᠠᠷᠭᠠᠬᠤ ᠶᠢ ᠵᠦᠪᠰᠢᠶᠡᠷᠡᠬᠦ

ᠮᠦᠷᠲᠡᠭᠡᠨ ᠬᠡᠣᠬᠡᠳ ᠣᠶᠢᠴᠢᠭᠰᠠᠨ ᠭᠠᠵᠠᠷ ᠠᠴᠠ ᠪᠣᠰᠬᠤ ᠶᠢ ᠢᠲᠡᠭᠡᠬᠦ ᠬᠡᠷᠡᠭᠲᠡᠢ᠃ ᠠᠯᠳᠠᠭ᠎ᠠ ᠪᠣᠷᠣᠭᠤ ᠶᠢᠨ

ᠳᠣᠮᠳᠠ ᠠᠴᠠ ᠣᠬᠠᠭᠠᠷᠠᠨ ᠰᠡᠭᠡᠷᠡᠨ᠎ᠡ᠃ ᠬᠡᠷᠪᠡ ᠨᠢᠭᠡᠨ ᠬᠡᠣᠬᠡᠳ 18 ᠨᠠᠰᠣᠨ ᠠᠴᠠ ᠡᠮᠦᠨ᠎ᠡ ᠣᠯᠠᠨ ᠤᠳᠠᠭ᠎ᠠ

ᠠᠯᠳᠠᠭ᠎ᠠ ᠪᠣᠷᠣᠭᠤ ᠭᠠᠷᠭᠠᠭᠰᠠᠨ ᠪᠦᠭᠡᠳ ᠲᠡᠭᠦᠨ ᠤ ᠳᠣᠮᠳᠠ ᠣᠬᠠᠭᠠᠷᠠᠨ ᠰᠡᠭᠡᠷᠡᠭᠰᠡᠨ ᠪᠣᠯ ᠬᠤᠵᠢᠮ ᠤᠨ ᠠᠮᠢᠳᠣᠷᠠᠯ

ᠳᠣᠮᠳᠠ ᠪᠠᠨ ᠳᠣᠲᠠᠭᠤ ᠠᠯᠳᠠᠭ᠎ᠠ ᠪᠣᠷᠣᠭᠤ ᠭᠠᠷᠭᠠᠨ᠎ᠡ᠃

      3. ᠬᠡᠣᠬᠡᠳ ᠴᠦᠮ ᠨᠢᠭᠡᠨ ᠮᠦᠬᠦᠯᠢᠭ ᠦᠷ᠎ᠡ᠂ ᠲᠠᠳᠠᠨ ᠤ ᠴᠡᠴᠡᠭᠯᠡᠬᠦ ᠬᠤᠭᠤᠴᠠᠭ᠎ᠠ ᠨᠢ ᠠᠳᠠᠯᠢ ᠦᠭᠡᠢ᠂

ᠵᠠᠷᠢᠮ ᠨᠢ ᠡᠷᠲᠡ ᠴᠡᠴᠡᠭᠯᠡᠨ᠎ᠡ᠂ ᠵᠠᠷᠢᠮ ᠨᠢ ᠣᠷᠣᠢ ᠴᠡᠴᠡᠭᠯᠡᠨ᠎ᠡ᠂ ᠠᠯᠢᠪᠠ ᠴᠡᠴᠡᠭ ᠴᠦᠮ ᠴᠡᠴᠡᠭᠯᠡᠬᠦ

ᠬᠤᠭᠤᠴᠠᠭ᠎ᠠ ᠲᠠᠢ ᠶᠢ ᠢᠲᠡᠭᠡᠭᠡᠷᠡᠢ᠃ ᠭᠡᠤᠭᠡᠳ ᠢ ᠭᠦᠮᠦᠵᠢᠭᠦᠯᠭᠦ ᠳᠤ ᠶᠠᠭ ᠯᠡ ᠪᠦᠷᠢᠶ᠎ᠠ ᠬᠤᠷᠣᠬᠠᠢ ᠳᠤ ᠪᠠᠷ᠎ᠠ

ᠪᠣᠯᠵᠣ ᠵᠣᠭᠠᠴᠠᠬᠤ ᠮᠡᠲᠦ ᠰᠡᠳᠬᠢᠴᠡ ᠶᠢ ᠡᠪᠣᠷᠯᠡᠬᠦ ᠬᠡᠷᠡᠭᠲᠡᠢ ᠶᠣᠮ᠃ ᠭᠡᠷ ᠤᠨ ᠠᠬᠠᠮᠠᠳ ᠵᠠᠪᠠᠯ ᠨᠢᠭᠡᠨ ᠡᠩ

ᠲᠠᠶᠢᠪᠣᠭᠤ ᠰᠡᠳᠬᠢᠯᠭᠡ ᠶᠢ ᠡᠪᠣᠷᠯᠡᠬᠦ ᠬᠡᠷᠡᠭᠲᠡᠢ᠃

      ᠳᠣᠣᠷ᠎ᠠ ᠪᠢ ᠲᠠ ᠨᠠᠷ ᠲᠤ ᠪᠦᠷᠢᠶ᠎ᠠ ᠬᠤᠷᠣᠬᠠᠢ ᠳᠤ ᠪᠠᠷ᠎ᠠ ᠪᠣᠯᠵᠣ ᠵᠣᠭᠠᠴᠠᠬᠤ ᠭᠡᠰᠡᠨ ᠦᠯᠢᠭᠡᠷ ᠶᠠᠷᠢᠵᠣ

ᠦᠭᠭᠦᠶ᠎ᠡ᠃ ︽ᠨᠢᠭᠡᠨ ᠡᠳᠦᠷ ᠬᠤᠷᠮᠣᠰᠲᠠ ᠲᠡᠭᠷᠢ ᠨᠠᠳᠠ ᠳᠤ ᠨᠢᠭᠡᠨ ᠡᠭᠦᠷᠭᠡ ᠲᠣᠰᠢᠶᠠᠯ᠎ᠠ᠂ ᠨᠠᠮ᠎ᠠ ᠶᠢ ᠪᠦᠷᠢᠶ᠎ᠠ

ᠬᠤᠷᠣᠬᠠᠢ ᠳᠤ ᠪᠠᠷ᠎ᠠ ᠪᠣᠯᠵᠣ ᠵᠣᠭᠠᠴᠠ ᠭᠡᠵᠠᠢ᠂ ᠭᠡᠲᠡᠯ᠎ᠡ ᠡᠨᠡ ᠪᠦᠷᠢᠶ᠎ᠠ ᠬᠤᠷᠣᠬᠠᠢ ᠶᠡᠭᠡ ᠣᠳᠠᠭᠠᠨ᠂ ᠪᠢ ᠲᠡᠭᠦᠨ ᠢ

ᠪᠣᠷᠣᠭᠤᠰᠢᠶᠠᠨ ᠵᠢᠮᠡᠯᠡᠵᠣ᠂ ᠠᠶᠣᠯᠭᠠᠨ ᠨᠠᠳᠬᠠᠪᠠᠴᠣ ᠬᠤᠷᠳᠣᠨ ᠶᠠᠪᠣᠵᠣ ᠲᠡᠶᠢᠯᠬᠦ ᠦᠭᠡᠢ᠂ ᠪᠠᠶᠢᠨ ᠪᠠᠶᠢᠨ ᠪᠣᠷᠣᠭᠤ

ᠬᠦᠯᠢᠶᠡᠬᠦ ᠬᠠᠷᠠᠴᠠ ᠪᠠᠷ ᠨᠠᠮ᠎ᠠ ᠶᠢ ᠬᠠᠷᠠᠨ ᠶᠠᠭ ᠯᠠ ᠪᠢ ᠨᠢᠭᠡᠨᠲᠠ ᠪᠦᠬᠦ ᠬᠦᠴᠦᠨ ᠴᠢᠳᠠᠯ ᠢᠶᠠᠷ ᠢᠶᠠᠨ ᠴᠢᠷᠮᠠᠶᠢᠯ᠎ᠠ

ᠭᠡᠵᠦ ᠬᠡᠯᠡᠵᠣ ᠪᠠᠶᠢᠭ᠎ᠠ ᠰᠢᠬ ᠰᠠᠨᠠᠭᠳᠠᠨ᠎ᠠ᠃ ᠪᠢ ᠨᠡᠩ ᠬᠢᠯᠢᠩᠨᠡᠨ ᠲᠡᠭᠦᠨ ᠢ ᠴᠢᠷᠴᠦ ᠬᠦᠲᠡᠯᠤᠨ ᠴᠢᠩᠭᠠᠭᠠᠳ

ᠰᠢᠷᠬᠠᠲᠠᠭᠤᠯᠪᠠ᠂ ᠴᠢᠩᠭᠢᠭᠡᠳ ᠨᠡᠩ ᠣᠳᠠᠭᠠᠨ ᠪᠣᠯᠣᠯ᠎ᠠ᠃ ᠬᠤᠵᠢᠮ ᠨᠢ ᠲᠠᠷᠠ ᠣᠷᠣᠭᠰᠢ ᠪᠠᠨ ᠠᠯᠬᠤᠬᠤ ᠵᠣᠷᠢᠭ

ᠴᠣ᠋ ᠦᠭᠡᠢ ᠪᠣᠯᠴᠢᠬᠠᠯ᠎ᠠ ᠁ ᠪᠠᠰᠠ ᠨᠢᠭᠡᠨ ᠡᠳᠦᠷ ᠬᠤᠷᠮᠦᠰᠲᠠ ᠲᠡᠭᠷᠢ ᠨᠠᠮ᠎ᠠ ᠶᠢ ᠪᠦᠷᠢᠶ᠎ᠠ ᠬᠤᠷᠣᠬᠠᠢ ᠳᠤ ᠪᠠᠷ᠎ᠠ

ᠪᠣᠯᠵᠣ ᠵᠣᠭᠠᠴᠠ ᠭᠡᠯ᠎ᠡ᠂ ᠪᠢ ᠲᠡᠭᠦᠨ ᠤ ᠠᠶᠣᠨ ᠡᠮᠢᠶᠡᠵᠦ ᠪᠠᠶᠢᠭ᠎ᠠ ᠪᠠᠶᠢᠳᠠᠯ ᠢ ᠬᠠᠷᠠᠭᠠᠳ ᠦᠷᠦ ᠡᠪᠡᠳᠴᠣ

ᠠᠶᠣᠯᠭᠠᠨ ᠰᠠᠨᠳᠣᠷᠠᠭᠤᠯᠬᠤ ᠦᠭᠡᠢ ᠪᠠᠷ ᠠᠭᠠᠵᠢᠮ ᠢᠶᠠᠷ ᠠᠷᠣ ᠳᠤ ᠨᠢ ᠲᠠᠭᠠᠨ ᠶᠠᠪᠣᠯ᠎ᠠ᠂ ᠶᠠᠪᠤᠭᠰᠠᠭᠠᠷ ᠪᠠᠶᠢᠵᠤ

ᠨᠢᠳᠦᠨ ᠡᠮᠦᠨ᠎ᠡ ᠦᠩᠭᠡᠲᠦ ᠴᠡᠴᠡᠭ ᠳᠡᠯᠭᠡᠷᠡᠭᠰᠡᠨ ᠦᠵᠡᠮᠵᠢᠲᠦ ᠲᠠᠯ᠎ᠠ ᠨᠣᠲᠤᠭ ᠬᠠᠷᠠᠭᠳᠠᠯ᠎ᠠ᠃ ᠡᠶᠡᠪᠡᠷᠭᠦ ᠰᠠᠶᠢᠬᠠᠨ

ᠰᠠᠯᠬᠢᠨ ᠲᠣᠮᠳᠠ ᠡᠯᠳᠡᠪ ᠵᠦᠢᠯ ᠤᠨ ᠰᠢᠪᠠᠭᠤᠨ ᠤ ᠳᠠᠭᠤᠨ ᠪᠠ ᠣᠭᠲᠠᠷᠭᠤᠢ ᠳᠦᠭᠦᠷᠡᠩ ᠣᠳᠣᠨ ᠮᠦᠴᠢᠳ

ᠬᠠᠷᠠᠭᠳᠠᠯ᠎ᠠ᠂ ᠪᠢ ᠰᠡᠭᠡᠰᠭᠢᠨ᠂ ᠬᠤᠷᠮᠣᠰᠲᠠ ᠲᠡᠭᠷᠢ ᠨᠠᠮ᠎ᠠ ᠶᠢ ᠪᠦᠷᠢᠶ᠎ᠠ ᠬᠤᠷᠣᠬᠠᠢ ᠳᠤ ᠪᠠᠷ᠎ᠠ ᠪᠣᠯᠵᠣ ᠵᠣᠭᠠᠴᠠ

ᠭᠡᠬᠦ ᠳᠤ ᠬᠠᠷᠢᠨ ᠪᠦᠷᠢᠶ᠎ᠠ ᠬᠤᠷᠣᠬᠠᠢ ᠨᠠᠮ᠎ᠠ ᠶᠢ ᠳᠠᠭᠠᠭᠤᠯᠣᠨ ᠵᠣᠭᠠᠴᠠᠭᠰᠠᠨ ᠨᠢ ᠡᠨᠡ ᠪᠠᠶᠢᠨ᠎ᠠ ᠳ᠋ᠠ ᠭᠡᠵᠦ ᠮᠠᠳᠠᠯ᠎ᠠ ᠁

ᠨᠢᠭᠡ ᠮᠡᠳᠡᠬᠦ ᠳᠤ ᠪᠦᠷᠢᠶ᠎ᠠ ᠬᠤᠷᠣᠬᠠᠢ ᠨᠠᠳᠠ ᠠᠴᠠ ᠢᠯᠠᠭᠦᠦ ᠢᠯᠠᠯᠲᠠ ᠶᠢᠨ ᠬᠠᠷᠠᠴᠠ ᠪᠠᠷ ᠨᠠᠮ᠎ᠠ ᠶᠢ ᠬᠠᠷᠠᠨ

ᠪᠠᠶᠠᠰᠴᠤ᠂ ᠣᠳᠠᠯ ᠦᠭᠡᠢ ᠪᠠᠰᠠ ᠨᠢᠭᠡᠨ ᠵᠣᠷᠢᠯᠲᠠ ᠲᠡᠶᠢᠰᠢ ᠣᠷᠣᠭᠰᠢᠯᠠᠨ ᠶᠠᠪᠣᠯ᠎ᠠ︾᠃

      4. ᠭᠡᠷ ᠤᠨ ᠠᠬᠠᠮᠠᠳ ᠬᠡᠣᠬᠡᠳ ᠲᠤ ᠪᠠᠨ ᠬᠠᠷᠠᠬᠠᠨ ᠪᠠᠭ᠎ᠠ ᠠᠴᠠ ᠨᠢ ᠬᠦᠰᠡᠯ ᠢ ᠡᠪᠤᠷᠯᠡᠭᠦᠯᠵᠤ ᠬᠦᠰᠡᠯ ᠤᠨ

ᠬᠦᠴᠦᠨ ᠢ ᠢᠲᠡᠭᠡᠬᠦ ᠬᠡᠷᠡᠭᠲᠡᠢ᠃ ᠴᠢᠩᠭᠢᠪᠡᠯ ᠶᠠᠭᠠᠬᠢᠪᠠᠯ ᠰᠠᠶ᠋ᠢ ᠬᠡᠣᠬᠡᠳ ᠲᠤ ᠪᠠᠨ ᠬᠠᠷᠠᠬᠠᠨ ᠪᠠᠭ᠎ᠠ ᠠᠴᠠ ᠨᠢ

ᠬᠦᠰᠡᠯ ᠡᠪᠤᠷᠯᠡᠭᠦᠯᠵᠣ ᠴᠢᠳᠠᠬᠤ ᠪᠣᠢ︖ ᠨᠢᠭᠡᠳᠦᠭᠡᠷ ᠠᠷᠭ᠎ᠠ ᠨᠢ ᠳᠠᠷᠦᠢ ᠡᠵᠢ ᠠᠪᠤ ᠨᠢ ᠨᠡᠷᠡᠲᠦ ᠬᠦᠮᠦᠰ ᠢ ᠪᠢᠰᠢᠷᠡᠬᠦ

ᠪᠣᠶᠣ ᠣᠶᠢᠷ᠎ᠠ ᠬᠤᠪᠢ ᠶᠢᠨ ᠨᠡᠷ᠎ᠡ ᠲᠦᠷᠣ ᠲᠠᠢ ᠬᠦᠮᠦᠰ ᠢ ᠪᠢᠰᠢᠷᠡᠬᠦ᠃ ᠭᠡᠷ ᠲᠤ ᠪᠠᠨ ᠶᠡᠷᠣ ᠳᠤ ᠪᠠᠨ ᠡᠳᠡᠭᠡᠷ

ᠬᠦᠮᠦᠨ ᠤ ᠦᠢᠯᠡ ᠠᠵᠢᠯᠯᠠᠭ᠎ᠠ ᠶᠢ ᠶᠠᠷᠢᠬᠤ ᠪᠠᠷ ᠬᠡᠣᠬᠡᠳ ᠠᠭᠠᠵᠢᠮ ᠳᠤ ᠪᠠᠨ ᠬᠤᠵᠢᠮ ᠡᠶᠢᠮᠦ ᠨᠢᠭᠡᠨ ᠬᠦᠮᠦᠨ

ᠪᠣᠯᠣᠨ᠎ᠠ ᠭᠡᠰᠡᠨ ᠬᠦᠰᠡᠯ ᠪᠣᠳᠣᠯ ᠲᠠᠢ ᠪᠣᠯᠵᠣ ᠲᠡᠷᠡ ᠲᠡᠶᠢᠰᠢ ᠪᠠᠨ ᠬᠦᠴᠦᠯᠡᠨ ᠴᠢᠷᠮᠠᠶᠢᠨ᠎ᠡ᠃

      ᠮᠢᠨᠦ ᠡᠵᠢ ᠬᠠᠷᠠᠬᠠᠨ ᠪᠠᠭ᠎ᠠ ᠠᠴᠠ ᠪᠠᠨ ᠪᠢᠴᠢᠭ ᠦᠵᠡᠭᠰᠡᠨ ᠦᠭᠡᠢ᠂ ᠬᠡᠳᠦ᠋ᠢᠪᠡᠷ ᠰᠣᠶᠣᠯ ᠤᠨ ᠪᠠᠯᠠᠢ

ᠪᠣᠯᠪᠠᠴᠦ ᠰᠣᠶᠣᠯ ᠲᠠᠢ ᠬᠦᠮᠦᠰ ᠢ ᠲᠣᠩ ᠪᠠᠭ᠋ᠠᠷᠬᠠᠳᠠᠭ᠂ ᠲᠡᠷᠡ ᠦᠶᠡᠰ ᠲᠤ ᠮᠠᠨ ᠤ ᠠᠶᠢᠯ ᠳᠤ ᠬᠤᠶᠠᠷ ᠣᠶᠣᠲᠠᠨ

ᠪᠠᠶᠢᠵᠠᠢ᠂ ᠵᠢᠯ ᠪᠦᠷᠢ ᠶᠢᠨ ᠴᠠᠭᠠᠨ ᠰᠠᠷ᠎ᠠ ᠳᠤ ᠭᠡᠷ ᠲᠤ ᠪᠠᠨ ᠬᠠᠷᠢᠵᠦ ᠢᠷᠡᠬᠦ ᠳᠤ ᠡᠵᠢ ᠴᠦᠮ ᠣᠴᠢᠵᠣ ᠦᠵᠡᠳᠡᠭ

ᠪᠦᠭᠡᠳ ᠭᠡᠷ ᠲᠤ ᠪᠠᠨ ᠬᠠᠷᠢᠵᠣ ᠢᠷᠡᠭᠰᠡᠭᠡᠷ ᠲᠡᠷᠡ ᠬᠤᠶᠠᠷ ᠣᠶᠣᠲᠠᠨ ᠢ ᠪᠢᠰᠢᠷᠡᠨ ᠮᠠᠭᠲᠠᠭᠠᠳ ᠪᠠᠷᠠᠰᠢ ᠦᠭᠡᠢ

ᠪᠠᠶᠢᠯ᠎ᠠ᠃ ᠪᠢ ᠬᠠᠷᠠᠬᠠᠨ ᠪᠠᠭ᠎ᠠ ᠠᠴᠠ ᠪᠠᠨ ᠡᠵᠢ ᠶᠢᠨ ᠢᠶᠠᠨ ᠡᠨᠡ ᠬᠦ ᠪᠢᠰᠢᠷᠡᠯ ᠪᠠᠭ᠋ᠠᠷᠬᠠᠯ  ᠤᠨ ᠨᠦᠯᠦᠭᠡ ᠶᠢ

ᠬᠦᠷᠲᠡᠵᠦ᠂ ᠬᠤᠵᠢᠮ ᠪᠠᠰᠠ ᠡᠨᠡ ᠬᠤᠶᠠᠷ ᠣᠶᠣᠲᠡᠨ ᠲᠠᠢ ᠠᠳᠠᠯᠢ ᠶᠡᠭᠡ ᠰᠣᠷᠭᠠᠭᠤᠯᠢ ᠶᠢᠨ ᠣᠶᠣᠲᠡᠨ ᠪᠣᠯᠣᠨ᠎ᠡ

ᠭᠡᠰᠡᠨ ᠬᠦᠰᠡᠯ ᠲᠦᠷᠦᠭᠳᠡᠪᠡ᠃ ᠶᠠᠭ ᠡᠵᠢ ᠶᠢᠨ ᠡᠨᠡ ᠬᠦ ᠨᠦᠯᠦᠭᠡ ᠠᠴᠠ ᠪᠣᠯᠵᠣ ᠪᠢᠳᠡᠨ ᠤ ᠭᠡᠷ ᠤᠨ ᠠᠬ᠎ᠠ ᠳᠡᠭᠦᠦ

ᠬᠡᠲᠦᠭᠦᠯᠡ ᠴᠦᠮ ᠶᠡᠭᠡ ᠰᠣᠷᠭᠠᠭᠤᠯᠢ ᠳᠤ ᠰᠢᠯᠭᠠᠨ ᠣᠷᠣᠭᠰᠠᠨ ᠪᠠᠶᠢᠨ᠎ᠠ᠃ ᠬᠤᠶᠠᠳᠦᠭᠠᠷ ᠠᠷᠭ᠎ᠠ ᠨᠢ ᠳᠠᠷᠦᠢ

ᠬᠡᠣᠬᠡᠳ ᠲᠤ ᠪᠠᠨ ᠣᠷᠴᠢᠨ ᠳᠣᠭᠤᠷᠢᠨ ᠢ ᠡᠭᠦᠳᠴᠦ ᠦᠭᠭᠦᠨ᠎ᠡ᠃ ᠪᠦᠭᠦᠳᠡᠭᠡᠷ ︽ᠮᠧᠩ ᠡᠵᠢ ᠶᠢᠨ ᠭᠤᠷᠪᠠᠨᠲᠠ

ᠭᠡᠷ ᠨᠡᠭᠦᠭᠰᠡᠨ︾ ᠦᠯᠢᠭᠡᠷ ᠢ ᠰᠣᠨᠣᠰᠣᠭᠰᠠᠨ ᠪᠠᠶᠢᠬ᠎ᠠ᠃ ︽ᠮᠧᠩ ᠡᠵᠢ ᠶᠢᠨ ᠭᠤᠷᠪᠠᠨᠲᠠ ᠭᠡᠷ ᠨᠡᠭᠦᠭᠰᠡᠨ︾ ᠨᠢ

ᠪᠦᠷ ᠯᠡ ᠬᠡᠣᠬᠡᠳ ᠲᠤ ᠪᠠᠨ ᠨᠢᠭᠡᠨ ᠰᠠᠶᠢᠨ ᠰᠣᠷᠭᠠᠨ ᠬᠦᠮᠦᠵᠢᠭᠦᠯᠬᠦ ᠣᠷᠴᠢᠨ ᠲᠣᠭᠤᠷᠢᠨ ᠢ ᠪᠣᠢ ᠪᠣᠯᠭᠠᠬᠤ ᠶᠢᠨ

ᠲᠦᠯᠦᠭᠡ ᠶᠤᠮ᠃ ᠨᠢᠭᠡᠨ ᠰᠠᠶᠢᠨ ᠰᠠᠶᠢᠬᠠᠨ ᠰᠣᠷᠭᠠᠨ ᠬᠦᠮᠦᠵᠢᠭᠦᠯᠬᠦ ᠣᠷᠴᠢᠨ ᠲᠣᠭᠤᠷᠢᠨ ᠨᠢ ᠬᠡᠣᠬᠡᠳ ᠤᠨ

ᠰᠤᠷᠤᠯᠴᠠᠬᠤ ᠭᠦᠰᠠᠯ ᠢ ᠭᠦᠪᠦᠷᠡᠭᠦᠯᠦᠨ᠎ᠠ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠬᠤᠷᠴᠢᠨ ᠵᠡᠭᠦᠨ ᠭᠠᠷᠤᠨ ᠳᠣᠮᠳᠠᠳᠣ ᠬᠤᠰᠢᠭᠤᠨ ᠤ

                               ᠪᠣᠣ ᠯᠦᠩ ᠱᠠᠨ ᠭᠤᠣᠯ ᠰᠣᠷᠭᠠᠭᠤᠯᠢ

                               ︵ᠮᠦᠡᠭᠭᠦᠨᠴᠢᠮᠡᠭ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号