ᠠᠯᠳᠠᠨ ᠯᠢᠩᠬᠤᠸ᠎ᠠ ᠴᠡᠴᠡᠭ

ᠴᠠᠨ᠎ᠠ ᠴᠡᠴᠡᠭ
![]()
ᠤᠷᠳᠤ ᠨᠠᠪᠴᠢᠲᠤ ᠨᠣᠭᠣᠭ᠋ᠠᠨ ᠴᠡᠯᠮᠡᠨ ᠴᠡᠴᠡᠭ
![]()
ᠵᠢᠷᠤᠭ᠋ᠠᠴᠢ᠄ ᠽᠸᠩ ᠰᠢᠶᠤᠤ ᠯᠢᠶᠠᠨ ᠳᠤᠮᠳᠠᠳᠤ ᠤᠯᠤᠰ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠺᠦᠨᠮᠢᠩ᠎ᠤᠨ ᠤᠷᠭᠤᠮᠠᠯ ᠰᠤᠳᠤᠯᠬᠤ ᠭᠠᠵᠠᠷ᠎ᠤᠨ ᠳᠡᠭᠡᠳᠦ ᠵᠡᠷᠭᠡ ᠵᠢᠨ ᠢᠨᠵᠧᠨᠧᠷ
ᠠᠷᠠᠳ᠎ᠤᠨ ᠡᠳᠦᠷ᠎ᠤᠨ ᠰᠣᠨᠢᠨ᠎ᠤ ᠰᠤᠷᠪᠤᠯᠵᠢᠯᠠᠭᠴᠢ ᠶᠠᠩ ᠸᠸᠨ ᠮᠢᠩ ᠰᠤᠷᠪᠤᠯᠵᠢᠯᠠᠨ ᠡᠮᠬᠢᠯᠡᠪᠡ
ᠽᠸᠩ ᠰᠢᠶᠤᠤ ᠯᠢᠶᠠᠨ᠄ ᠤᠷᠭᠤᠮᠠᠯ᠎ᠤᠨ ᠰᠢᠨᠵᠢᠯᠡᠬᠦ ᠤᠬᠠᠭ᠋ᠠᠨ᠎ᠤ ᠵᠢᠷᠤᠭ ᠪᠣᠯ ᠣᠳᠣ ᠦᠶ᠎ᠡ ᠵᠢᠨ ᠤᠷᠭᠤᠮᠠᠯ᠎ᠤᠨ ᠠᠩᠭᠢᠯᠠᠯ᠎ᠤᠨ ᠤᠬᠠᠭ᠋ᠠᠨ᠎ᠤ ᠤᠯᠠᠮᠵᠢᠯᠠᠯ ᠮᠥᠨ᠃ ᠬᠡᠷᠪᠡ ᠥᠩᠭᠡᠷᠡᠭᠰᠡᠨ᠎ᠤ ᠤᠷᠭᠤᠮᠠᠯ᠎ᠤᠨ ᠰᠢᠨᠵᠢᠯᠡᠬᠦ ᠤᠬᠠᠭ᠋ᠠᠨ᠎ᠤ ᠵᠢᠷᠤᠭ ᠪᠣᠯ ᠠᠵᠢᠯ᠎ᠤᠨ ᠴᠢᠬᠤᠯᠠ ᠬᠡᠷᠡᠭᠴᠡᠭᠡ ᠪᠠᠢ᠌ᠭᠰᠠᠨ ᠪᠤᠯ᠂ ᠢᠷᠡᠭᠡᠳᠦᠶ ᠵᠢᠨ ᠤᠷᠭᠤᠮᠠᠯ᠎ᠤᠨ ᠰᠢᠨᠵᠢᠯᠡᠬᠦ ᠤᠬᠠᠭ᠋ᠠᠨ᠎ᠤ ᠵᠢᠷᠤᠭ ᠪᠣᠯ ᠬᠥᠮᠦᠰ᠎ᠤᠨ ᠭᠤᠸ᠎ᠠ ᠲᠠᠭ᠋ᠠᠰᠢᠶᠠᠯ ᠪᠠ ᠠᠮᠢ ᠠᠬᠤᠶ ᠵᠢᠨ ᠤᠬᠠᠮᠰᠠᠷ᠎ᠢ ᠬᠥᠮᠦᠵᠢᠭᠦᠯᠬᠦ ᠵᠢᠨ ᠬᠡᠷᠡᠭᠴᠡᠭᠡ ᠪᠣᠯᠤᠨ᠎ᠠ᠃
ᠽᠸᠩ ᠰᠢᠶᠤᠤ ᠯᠢᠶᠠᠨ᠄ ᠪᠢ ᠡᠨᠡ ᠵᠢᠯ 83 ᠨᠠᠰᠤᠲᠠᠶ᠂ ᠤᠷᠭᠤᠮᠠᠯ᠎ᠤᠨ ᠰᠢᠨᠵᠢᠯᠡᠬᠦ ᠤᠬᠠᠭ᠋ᠠᠨ᠎ᠤ ᠵᠢᠷᠤᠭ ᠵᠢᠷᠤᠭ᠋ᠠᠳ ᠨᠢᠭᠡᠨᠲᠡ 60 ᠭᠠᠷᠤᠶ ᠵᠢᠯ ᠪᠣᠯᠵᠤ ᠪᠠᠢ᠌ᠨ᠎ᠠ᠃ ᠤᠷᠭᠤᠮᠠᠯ᠎ᠤᠨ ᠰᠢᠨᠵᠢᠯᠡᠬᠦ ᠤᠬᠠᠭ᠋ᠠᠨ᠎ᠤ ᠵᠢᠷᠤᠭ᠎ᠨᠢ 《ᠤᠷᠭᠤᠮᠠᠯ᠎ᠤᠨ ᠦᠨᠡᠨ ᠵᠢᠷᠤᠭ》 ᠬᠡᠮᠡᠭᠳᠡᠵᠦ᠂ ᠠᠯᠢ ᠴᠢᠳᠠᠬᠤ᠎ᠪᠠᠷ ᠨᠢᠭᠡ ᠳᠦᠷᠰᠦ ᠵᠢᠨ ᠣᠨᠴᠠᠯᠢᠭ᠎ᠢ ᠣᠨᠣᠪᠴᠢᠲᠠᠶ ᠪᠦᠷᠢᠨ ᠭᠦᠢ᠍ᠴᠡᠳ ᠢᠯᠡᠷᠡᠭᠦᠯᠵᠦ᠂ ᠤᠷᠭᠤᠮᠠᠯ᠎ᠤᠨ ᠰᠢᠨᠵᠢᠯᠡᠬᠦ ᠤᠬᠠᠭ᠋ᠠᠨ᠎ᠤ ᠠᠭᠤᠯᠭ᠎ᠠ ᠵᠢ ᠤᠨᠤᠪᠴᠢᠳᠠᠢ ᠲᠤᠰᠬᠠᠬᠤ ᠮᠥᠷᠲᠡᠭᠡᠨ ᠭᠤᠸ᠎ᠠ ᠲᠠᠭ᠋ᠠᠰᠢᠶᠠᠯ᠎ᠲᠦ ᠴᠢᠨᠠᠷ ᠪᠠ ᠤᠷᠠᠯᠢᠭᠴᠢ ᠴᠢᠨᠠᠷᠲᠠᠢ ᠪᠠᠶ᠋ᠢᠳᠠᠭ᠃ ᠡᠨᠡ ᠬᠡᠰᠡᠭ ᠬᠤᠭᠤᠴᠠᠭ᠋ᠠᠨ᠎ᠳᠤ᠂ ᠪᠢ ᠰᠢᠯᠦᠭᠯᠡᠯᠲᠦ ᠨᠤᠮ᠎ᠳᠠᠬᠢ ᠠᠮᠢᠳᠤ ᠪᠣᠳᠠᠰ᠎ᠢ ᠰᠤᠳᠤᠯᠵᠦ ᠪᠠᠢ᠌ᠨ᠎ᠠ; ᠳᠠᠷᠠᠭ᠋ᠠᠴᠢ᠎ᠪᠠᠷ᠂ ᠪᠢ ᠪᠠᠰᠠ ᠬᠠᠯᠠᠭᠤᠨ ᠪᠦᠰᠡᠨ᠎ᠤ ᠪᠣᠷᠣᠭ᠋ᠠᠨ᠎ᠲᠤ ᠣᠶ ᠵᠢᠨ ᠲᠤᠬᠠᠢ 100 ᠲᠣᠮᠣ ᠵᠢᠷᠤᠭ᠎ᠢ ᠵᠢᠷᠤᠭᠯᠠᠬᠤ ᠬᠦᠰᠡᠯ ᠵᠶ᠋ᠠᠨ ᠪᠡᠶᠡᠯᠡᠭᠦᠯᠬᠦ ᠵᠢ ᠬᠦᠰᠡᠵᠦ ᠪᠠᠶ᠋ᠢᠨ᠎ᠠ᠃
ᠨᠢᠭᠡ᠎ᠳᠤ᠂ ᠭᠡᠷᠡᠯ ᠵᠢᠷᠤᠭ᠎ᠲᠠᠢ ᠬᠠᠷᠢᠴᠠᠭᠤᠯᠪᠠᠯ᠂ ᠤᠷᠭᠤᠮᠠᠯ᠎ᠤᠨ ᠰᠢᠨᠵᠢᠯᠡᠬᠦ ᠤᠬᠠᠭ᠋ᠠᠨ᠎ᠤ ᠵᠢᠷᠤᠭ᠎ᠨᠢ ᠳᠦᠷᠰᠦ ᠵᠢᠨ ᠣᠨᠴᠠᠯᠢᠭ᠎ᠢ ᠨᠠᠩ ᠳᠣᠪᠣᠶ᠋ᠢᠯᠭ᠋ᠠᠨ᠎ᠠ᠃ ᠠᠳᠠᠯᠢ ᠨᠢᠭᠡ ᠲᠥᠷᠥᠯ᠎ᠤᠨ ᠠᠳᠠᠯᠢ ᠪᠤᠰᠤ ᠳᠦᠷᠰᠦ ᠵᠢᠨ ᠬᠡᠯᠪᠡᠷᠢ ᠳᠦᠷᠰᠦ ᠵᠢᠨ ᠵᠥᠷᠢᠶ᠎ᠡ᠎ᠨᠢ ᠮᠠᠰᠢ ᠪᠠᠭ᠎ᠠ ᠪᠠᠶ᠋ᠢᠵᠤ ᠮᠡᠳᠡᠨ᠎ᠡ᠂ ᠬᠡᠷᠡᠯ ᠵᠢᠷᠤᠭ᠎ᠨᠢ ᠬᠡᠯᠡᠯᠭᠡᠨ ᠥᠬᠡᠶ ᠡᠨᠡ ᠬᠦ᠌ ᠳᠦᠷᠰᠦ ᠵᠢᠨ ᠪᠥᠬᠥ ᠲᠠᠯ᠎ᠠ ᠵᠢᠨ ᠪᠠᠶ᠋ᠢᠳᠠᠯ᠎ᠢ ᠢᠯᠡᠷᠡᠭᠦᠯᠵᠦ ᠴᠢᠳᠠᠨ᠎ᠠ᠂ ᠭᠡᠪᠡᠴᠦ ᠠᠪᠤᠨ ᠦᠵᠡᠬᠦ᠎ᠳᠤ ᠣᠨᠴᠠᠯᠢᠭ᠎ᠨᠢ ᠲᠡᠶ᠋ᠢᠮᠦ ᠢᠯᠡᠷᠬᠡᠶ ᠪᠢᠰᠢ᠂ ᠤᠷᠭᠤᠮᠠᠯ᠎ᠤᠨ ᠰᠢᠨᠵᠢᠯᠡᠬᠦ ᠤᠬᠠᠭ᠋ᠠᠨ᠎ᠤ ᠵᠢᠷᠤᠭ᠎ᠨᠢ ᠭᠤᠤᠯᠳᠠᠭᠤ ᠳᠦᠷᠰᠦ ᠵᠢᠨ ᠣᠨᠴᠠᠯᠢᠭ᠎ᠢ ᠢᠯᠡᠷᠡᠭᠦᠯᠵᠦ᠂ ᠨᠠᠩ ᠲᠣᠳᠣᠷᠬᠠᠶ ᠣᠯᠵᠤ ᠬᠠᠷᠠᠳᠠᠭ᠃ ᠡᠭᠦᠨ᠎ᠠᠴᠠ ᠭᠠᠳᠠᠨ᠎ᠠ᠂ ᠬᠡᠷᠡᠯ ᠵᠢᠷᠤᠭ᠎ᠨᠢ ᠴᠠᠭ᠎ᠤᠨ ᠬᠢᠵᠠᠭ᠋ᠠᠷᠯᠠᠯ᠎ᠲᠠᠢ᠂ ᠵᠥᠪᠬᠡᠨ ᠲᠡᠷᠡ ᠠᠭᠱ᠌ᠠᠨ ᠵᠠᠭᠤᠷ᠎ᠠ ᠵᠢᠨ ᠠᠮᠢᠳᠤ ᠪᠣᠳᠠᠰ᠎ᠤᠨ ᠬᠡᠯᠪᠡᠷᠢ ᠵᠢ ᠰᠡᠭᠦᠳᠡᠷᠯᠡᠵᠦ ᠴᠢᠳᠠᠨ᠎ᠠ᠂ ᠭᠡᠪᠡᠴᠦ ᠤᠷᠭᠤᠮᠠᠯ᠎ᠤᠨ ᠰᠢᠨᠵᠢᠯᠡᠬᠦ ᠤᠬᠠᠭ᠋ᠠᠨ᠎ᠤ ᠵᠢᠷᠤᠭ᠎ᠨᠢ ᠨᠢᠭᠡ ᠤᠷᠭᠤᠮᠠᠯ᠎ᠤᠨ ᠴᠡᠴᠡᠭ᠂ ᠵᠢᠮᠢᠰ᠂ ᠦᠷ᠎ᠡ ᠵᠢ ᠬᠠᠮᠲᠤᠳᠤᠨᠢ ᠵᠢᠷᠤᠵᠤ ᠭᠠᠷᠭ᠋ᠠᠵᠤ ᠪᠣᠯᠤᠨ᠎ᠠ᠃ ᠬᠣᠶᠠᠷ᠎ᠲᠤ᠂ ᠤᠷᠠᠯᠢᠭ᠎ᠤᠨ ᠭᠤᠸ᠎ᠠ ᠲᠠᠭ᠋ᠠᠰᠢᠶᠠᠯ᠎ᠤᠨ ᠲᠠᠯ᠎ᠠ᠎ᠪᠠᠷ ᠤᠷᠭᠤᠮᠠᠯ᠎ᠤᠨ ᠰᠢᠨᠵᠢᠯᠡᠬᠦ ᠤᠬᠠᠭ᠋ᠠᠨ᠎ᠤ ᠵᠢᠷᠤᠭ ᠪᠠ ᠭᠡᠷᠡᠯ ᠵᠢᠷᠤᠭ ᠪᠣᠯ ᠪᠦᠷᠢᠮᠦᠰᠦᠨ ᠠᠳᠠᠯᠢ ᠪᠤᠰᠤ ᠲᠥᠷᠥᠯ ᠵᠦᠢ᠍ᠯ ᠶᠤᠮ᠃ ᠵᠢᠷᠤᠭ ᠪᠠ ᠭᠡᠷᠡᠯ ᠵᠢᠷᠤᠭ᠎ᠨᠢ ᠤᠷᠠᠯᠢᠭ᠎ᠤᠨ ᠲᠠᠯ᠎ᠠ᠎ᠪᠠᠷ ᠥᠪᠡᠷ ᠥᠪᠡᠷ᠎ᠤᠨ ᠳᠠᠪᠠᠭᠤᠯᠢᠭ᠎ᠲᠠᠢ᠃ ᠬᠡᠳᠦᠶ ᠰᠠᠶ᠋ᠢᠨ ᠵᠢᠷᠤᠭᠴᠢᠨ ᠴᠤ᠌ ᠭᠡᠰᠡᠨ᠂ ᠭᠡᠷᠡᠯ ᠵᠢᠷᠤᠭ ᠰᠢᠭ ᠲᠡᠷᠡ᠎ᠬᠦ ᠭ᠋ᠱ᠌ᠠᠨ ᠵᠠᠭᠤᠷ᠎ᠠ ᠵᠢᠨ ᠦᠵᠡᠮᠵᠢ ᠵᠢ ᠪᠦᠬᠦ ᠲᠠᠯ᠎ᠠ᠎ᠪᠠᠷ ᠰᠡᠷᠭᠦᠭᠡᠵᠦ ᠴᠢᠳᠠᠬᠤ ᠦᠭᠡᠢ; ᠭᠡᠳᠡᠯ᠎ᠡ ᠵᠠᠷᠢᠮ ᠦᠶ᠎ᠡ᠎ᠳᠤ ᠬᠡᠷᠡᠯ ᠵᠢᠷᠤᠭ᠎ᠨᠢ ᠤᠷᠭᠤᠮᠠᠯ᠎ᠤᠨ ᠰᠢᠨᠵᠢᠯᠡᠬᠦ ᠤᠬᠠᠭ᠋ᠠᠨ᠎ᠤ ᠵᠢᠷᠤᠭ ᠰᠢᠭ᠋ ᠨᠣᠭᠣᠭ᠋ᠠᠨ ᠴᠡᠯᠮᠡᠨ ᠰᠢᠷᠠᠯᠵᠢ ᠵᠢᠨ ᠠᠮᠢᠵᠢᠷᠠᠯ᠎ᠤᠨ ᠬᠦᠴᠦᠨ᠎ᠢ ᠢᠯᠡᠳᠬᠡᠬᠦ ᠵᠢᠨ ᠠᠷᠭ᠎ᠠ ᠥᠬᠡᠶ ᠪᠠᠶ᠋ᠢᠳᠠᠭ᠃
ᠪᠢ ᠬᠠᠮᠤᠭ ᠠᠩᠬ᠎ᠠ ᠵᠢᠷᠤᠭ ᠰᠤᠷᠴᠤ ᠪᠠᠢ᠌ᠬᠤ ᠣᠶ᠋ᠢᠶ᠎ᠠ᠎ᠳᠤ᠂ ᠰᠡᠭᠦᠳᠡᠷᠯᠡᠬᠦ ᠮᠠᠰᠢᠨ ᠬᠡᠵᠦ ᠪᠠᠢ᠌ᠬᠤ ᠦᠭᠡᠢ᠎ᠠᠴᠠ ᠪᠣᠯᠵᠤ᠂ ᠲᠡᠭᠦᠵᠦ ᠠᠪᠴᠢᠷᠠᠭᠰᠠᠨ ᠴᠡᠴᠡᠭ ᠮᠠᠰᠢ ᠬᠤᠷᠳᠤᠨ ᠦᠬᠦᠰᠢᠷᠡᠨ ᠰᠢᠷᠠᠯᠠᠳᠠᠭ ᠪᠤᠯᠬᠤᠷ ᠦᠷᠭᠦᠯᠵᠢ ᠴᠠᠭ᠎ᠢ ᠠᠮᠵᠢᠬᠤ ᠵᠢᠨ ᠲᠤᠰᠠᠳᠠ ᠡᠨᠡᠬᠦ ᠴᠡᠴᠡᠭ᠎ᠢ ᠨᠢᠭᠡ ᠡᠳᠦᠷ᠎ᠲᠤ ᠵᠢᠷᠤᠵᠦ ᠪᠠᠷᠠᠭ᠋ᠠᠬᠤ᠎ᠪᠠᠷ ᠴᠢᠷᠮᠠᠢ᠌ᠳᠠᠭ; ᠭᠡᠬᠦ᠎ᠳᠤ ᠤᠳᠤᠬᠠᠨ᠎ᠠ ᠬᠡᠷᠡᠯ ᠵᠢᠷᠤᠭ᠎ᠤᠨ ᠮᠠᠰᠢᠨ᠎ᠲᠠᠢ ᠪᠣᠯᠤᠭᠰᠠᠨ ᠪᠣᠯᠬᠣᠷ ᠪᠣᠷᠣᠭ᠋ᠠᠨ᠎ᠲᠤ ᠣᠶ᠎ᠳᠤ ᠣᠴᠢᠪᠠᠯ ᠣᠯᠠᠨ ᠦᠵᠡᠮᠵᠢ ᠵᠢ ᠰᠡᠭᠦᠳᠡᠷᠯᠡᠵᠦ ᠴᠢᠳᠠᠬᠤ ᠪᠤᠯᠤᠭᠰᠠᠨ᠃ ᠭᠡᠪᠡᠴᠦ᠂ ᠬᠡᠰᠡᠭ ᠬᠤᠭᠤᠴᠠᠭ᠎ᠠ ᠠᠯᠤᠰᠯᠠᠭ᠋ᠠᠳ ᠪᠢ ᠮᠦᠨ ᠯᠡ ᠪᠣᠷᠣᠭ᠋ᠠᠨ᠎ᠲᠤ ᠣᠶ᠎ᠳᠤ ᠣᠴᠢᠨ᠎ᠠ᠂ ᠤᠴᠢᠷ᠎ᠨᠢ ᠤᠷᠭᠤᠮᠠᠯ᠎ᠤᠨ ᠲᠡᠷᠡ ᠬᠦ᠌ ᠠᠮᠢᠵᠢᠷᠠᠯ᠎ᠤᠨ ᠬᠦᠴᠦᠨ᠎ᠢ ᠲᠤᠬᠠᠶ ᠵᠢᠨ ᠲᠠᠯᠠᠪᠠᠶ᠎ᠳᠤ᠎ᠨᠢ ᠰᠠᠶᠢ ᠮᠡᠳᠡᠷᠡᠵᠦ ᠴᠢᠳᠠᠬᠤ ᠪᠤᠯᠤᠨ᠎ᠠ᠃