ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠬᠢᠩᠭ᠋ᠠᠨ ᠠᠶ᠋ᠢᠮᠠᠭ᠎ᠤᠨ ᠤᠯᠠᠭ᠋ᠠᠨᠬᠣᠲᠠ ᠬᠤᠲᠠ ᠵᠢᠨ ᠣᠶ ᠰᠢᠭᠤᠶ ᠵᠢᠨ ᠲᠣᠪᠴᠢᠶ᠎ᠠ 《8 · 1》᠎ᠠᠴᠠ ᠡᠮᠦᠨᠡᠬᠡᠨ ᠡᠳᠦᠷ ᠵᠡᠪᠰᠡᠭᠲᠦ ᠴᠠᠭᠳᠠᠭ᠋ᠠᠨ᠎ᠤ ᠣᠶ ᠰᠢᠭᠤᠶ ᠵᠢᠨ ᠶᠡᠬᠡ ᠪᠠᠷᠢᠭ᠋ᠠᠳᠠ᠎ᠳᠤ ᠬᠦᠷᠪᠡ
ᠨᠡᠶ᠋ᠢᠲᠡᠯᠡᠭᠰᠡᠨ ᠴᠠᠭ᠄ 2018-09-20

      ᠣᠶ ᠰᠢᠭᠤᠶ ᠵᠢᠨ ᠲᠢᠩᠬᠢᠮ᠎ᠤᠨ ᠵᠠᠰᠠᠭ᠎ᠤᠨ ᠣᠷᠳᠣᠨ᠎ᠤ ᠰᠦᠯᠵᠢᠶ᠎ᠡ 8 ᠰᠠᠷ᠎ᠠ ᠵᠢᠨ 2᠎ᠤᠨ ᠡᠳᠦᠷ᠎ᠤᠨ ᠮᠡᠳᠡᠭᠡ
     《ᠨᠠᠢ᠍ᠮᠠᠨ ᠰᠠᠷ᠎ᠠ ᠵᠢᠨ ᠨᠢᠭᠡᠨ》᠎ᠤ ᠴᠡᠷᠢᠭ ᠪᠠᠶ᠋ᠢᠭᠤᠯᠤᠭᠳᠠᠭᠰᠠᠨ ᠪᠠᠶᠠᠷ ᠬᠦᠷᠴᠦ ᠢᠷᠡᠬᠦ ᠲᠠᠰᠢᠷᠠᠮ ᠵᠶ᠋ᠠᠷ᠂ ᠤᠯᠠᠭ᠋ᠠᠨᠬᠣᠲᠠ ᠬᠤᠲᠠ ᠵᠢᠨ ᠣᠶ ᠰᠢᠭᠤᠶ ᠨᠤᠲᠤᠭ ᠪᠡᠯᠴᠢᠭᠡᠷ᠎ᠤᠨ ᠭᠠᠯ ᠰᠡᠷᠭᠡᠶ᠋ᠢᠯᠡᠬᠦ ᠠᠵᠢᠯ᠎ᠤᠨ ᠵᠢᠯᠣᠭᠣᠳᠬᠤ ᠭᠠᠵᠠᠷ᠎ᠤᠨ ᠳᠡᠳ᠋ ᠶᠡᠷᠦᠩᠬᠡᠢ ᠵᠢᠯᠤᠭᠤᠳᠤᠭᠴᠢ᠂ ᠣᠶ ᠰᠢᠭᠤᠶ ᠵᠢᠨ ᠲᠣᠪᠴᠢᠶ᠎ᠠ ᠵᠢᠨ ᠲᠤᠪᠴᠢᠶᠠᠨ ᠳᠠᠷᠤᠭ᠎ᠠ ᠴᠢᠨ ᠭᠠᠩ᠂ ᠭᠠᠯ ᠰᠡᠷᠭᠡᠶ᠋ᠢᠯᠡᠬᠦ ᠠᠵᠢᠯ᠎ᠤᠨ ᠠᠯᠪᠠᠨ ᠭᠡᠷ᠎ᠤᠨ ᠳᠡᠳ᠋ ᠡᠷᠬᠢᠯᠡᠭᠴᠢ ᠡᠾᠸ ᠬᠣᠣ ᠵᠡᠪᠰᠡᠭᠲᠦ ᠴᠠᠭᠳᠠᠭ᠎ᠠ ᠵᠢᠨ ᠤᠯᠠᠭ᠋ᠠᠨᠬᠣᠲᠠ ᠬᠤᠲᠠ ᠵᠢᠨ ᠣᠶ ᠰᠢᠭᠤᠶ ᠵᠢᠨ ᠴᠠᠭᠳᠠᠭ᠋ᠠᠨ᠎ᠤ ᠶᠡᠬᠡ ᠪᠠᠷᠢᠭ᠋ᠠᠳᠠ᠎ᠳᠤ ᠬᠦᠷᠴᠦ᠂ ᠪᠦᠬᠦ ᠣᠶ ᠰᠢᠭᠤᠢ ᠵᠢᠨ ᠴᠠᠭᠳᠠᠭ᠋ᠠᠨ᠎ᠤ ᠲᠤᠰᠢᠶᠠᠯᠲᠠᠨ ᠨᠠᠷ᠎ᠲᠤ ᠪᠠᠶᠠᠷ᠎ᠤᠨ ᠡᠳᠦᠷ᠎ᠤᠨ ᠮᠡᠨᠳᠦᠴᠢᠯᠡᠯ ᠬᠦᠷᠭᠡᠭᠰᠡᠨ ᠪᠥᠭᠡᠳ ᠪᠣᠳᠠᠰ ᠬᠦᠷᠭᠡᠵᠦ ᠲᠣᠬᠣᠨᠢᠭᠤᠯᠪᠠ᠃
      ᠴᠢᠨ ᠭᠠᠩ ᠲᠤᠪᠴᠢᠶᠠᠨ ᠳᠠᠷᠤᠭ᠎ᠠ ᠣᠢ ᠰᠢᠭᠣᠢ ᠵᠢᠨ ᠴᠠᠭᠳᠠᠭ᠋ᠠᠨ᠎ᠤ ᠶᠡᠬᠡ ᠪᠠᠷᠢᠭ᠋ᠠᠳᠠ᠎ᠠᠴᠠ ᠤᠯᠠᠭ᠋ᠠᠨᠬᠣᠲᠠ ᠬᠤᠲᠠ ᠵᠢᠨ ᠠᠮᠢ ᠠᠬᠤᠶ ᠵᠢᠨ ᠪᠦᠲᠦᠭᠡᠨ ᠪᠠᠶ᠋ᠢᠭᠤᠯᠤᠯᠲᠠ᠂ ᠤᠢ ᠰᠢᠭᠤᠢ ᠵᠢᠨ ᠬᠠᠮᠠᠭ᠋ᠠᠯᠠᠯᠲᠠ᠂ ᠠᠶᠤᠯ ᠭᠠᠮᠰᠢᠭ᠎ᠠᠴᠠ ᠠᠪᠤᠷᠠᠬᠤ ᠵᠡᠷᠭᠡ ᠲᠠᠯ᠎ᠠ ᠵᠢᠨ ᠠᠵᠢᠯ᠎ᠳᠤ ᠢᠳᠡᠪᠬᠢᠲᠡᠶ ᠬᠤᠪᠢ ᠨᠡᠮᠡᠷᠢ ᠦᠵᠡᠭᠦᠯᠦᠭᠰᠡᠨ᠎ᠳᠤ ᠴᠢᠩ ᠰᠡᠳᠬᠢᠯ᠎ᠤᠨ ᠲᠠᠯᠠᠷᠬᠠᠯ ᠵᠶ᠋ᠡᠨ ᠳᠡᠪᠰᠢᠭᠦᠯᠦᠭᠰᠡᠨ᠎ᠤ ᠬᠠᠮᠲᠤ ᠳᠠᠷᠤᠭ᠎ᠠ ᠪᠠᠶ᠋ᠢᠯᠳᠤᠭᠴᠢᠳ᠎ᠤᠨ ᠴᠢᠷᠮᠠᠶ᠋ᠢᠭᠰᠠᠨ ᠳᠡᠭᠡᠷ᠎ᠡ᠎ᠪᠠᠨ ᠴᠢᠷᠮᠠᠶ᠋ᠢᠬᠤ ᠵᠢ ᠬᠦᠰᠡᠵᠦ᠂ ᠰᠢᠯᠢᠳᠡᠭ ᠰᠠᠶ᠋ᠢᠨ ᠬᠡᠪ ᠰᠤᠷᠲᠠᠯ ᠵᠶ᠋ᠠᠨ ᠪᠠᠳᠠᠷᠠᠭᠤᠯᠤᠨ᠂ ᠤᠮᠠᠷᠠᠲᠤ ᠵᠢᠨ ᠠᠮᠢ ᠠᠬᠤᠶ ᠵᠢᠨ ᠠᠮᠤᠷ ᠲᠦᠪᠰᠢᠨ᠎ᠢ ᠬᠠᠮᠠᠭ᠋ᠠᠯᠠᠬᠤ ᠪᠠ ᠣᠷᠣᠨ ᠨᠤᠲᠤᠭ᠎ᠤᠨ ᠠᠵᠤ ᠠᠬᠤᠶ ᠵᠢᠨ ᠬᠥᠭᠵᠢᠯᠲᠡ᠎ᠳᠤ ᠬᠦᠴᠦᠲᠡᠶ ᠪᠠᠲᠤᠯᠠᠭ᠎ᠠ ᠬᠠᠩᠭ᠋ᠠᠵᠤ᠂ ᠣᠷᠣᠨ ᠨᠤᠲᠤᠭ᠎ᠤᠨ ᠪᠦᠳᠦᠭᠡᠨ ᠪᠠᠶ᠋ᠢᠭᠤᠯᠤᠯᠲᠠ᠎ᠳᠤ ᠰᠢᠨ᠎ᠡ ᠭᠠᠪᠢᠶ᠎ᠠ ᠪᠠᠶ᠋ᠢᠭᠤᠯᠰᠣᠭ᠋ᠠᠢ᠃
      ᠣᠶ ᠰᠢᠭᠤᠶ ᠵᠢᠨ ᠴᠡᠷᠢᠭ ᠠᠩᠬᠢ ᠵᠢᠨ ᠳᠠᠷᠤᠭ᠎ᠠ ᠪᠠᠶ᠋ᠢᠯᠳᠤᠭᠴᠢᠳ ᠤᠯᠠᠭ᠋ᠠᠨᠬᠣᠲᠠ ᠬᠤᠲᠠ ᠵᠢᠨ ᠣᠶ ᠰᠢᠭᠤᠶ ᠵᠢᠨ ᠲᠣᠪᠴᠢᠶ᠎ᠠ ᠵᠢᠨ ᠬᠠᠢ᠌ᠷ᠎ᠠ ᠬᠠᠯᠠᠮᠵᠢᠯᠠᠯ᠎ᠳᠤ ᠲᠠᠯᠠᠷᠬᠠᠵᠤ ᠪᠠᠶ᠋ᠢᠬᠤ ᠰᠡᠳᠭᠢᠯᠭᠡ᠎ᠪᠠᠨ ᠢᠯᠡᠳᠬᠡᠵᠦ᠂ ᠠᠷᠠᠳ᠎ᠤᠨ ᠴᠡᠷᠢᠭ᠎ᠤᠨ ᠰᠢᠯᠢᠳᠡᠭ ᠰᠤᠷᠲᠠᠯ ᠪᠠ ᠢᠷᠠᠭᠤ ᠠᠯᠳᠠᠷᠲᠤ ᠤᠯᠠᠮᠵᠢᠯᠠᠯ ᠵᠶ᠋ᠠᠨ ᠬᠠᠳᠠᠭ᠋ᠠᠯᠠᠬᠤ ᠮᠦᠷᠲᠡᠭᠡᠨ ᠴᠢᠨᠠᠭᠰᠢᠲᠠ ᠪᠠᠳᠠᠷᠠᠭᠤᠯᠵᠤ᠂ ᠤᠢ ᠰᠢᠭᠤᠶ ᠵᠢᠨ ᠭᠠᠯ ᠲᠦᠢ᠍ᠮᠡᠷ᠎ᠢ ᠤᠨᠲᠠᠷᠠᠭ᠋ᠠᠬᠤ ᠵᠢ ᠲᠡᠭᠦᠰ ᠠᠮᠵᠢᠯᠲᠠ᠎ᠲᠠᠢ ᠪᠡᠶᠡᠯᠡᠭᠦᠯᠬᠦ ᠡᠭᠦᠷᠭᠡ ᠵᠢ ᠲᠣᠬᠢᠷᠠᠭᠤᠯᠬᠤ ᠵᠢᠨ ᠬᠠᠮᠲᠤ ᠣᠷᠣᠨ ᠨᠤᠲᠤᠭ᠎ᠤᠨ ᠠᠵᠤ ᠠᠬᠤᠶ ᠵᠢᠨ ᠪᠦᠲᠦᠭᠡᠨ ᠪᠠᠶ᠋ᠢᠭᠤᠯᠤᠯᠲᠠ᠎ᠳᠤ ᠢᠳᠡᠪᠬᠢᠲᠡᠶ᠎ᠪᠠᠷ ᠲᠡᠮᠵᠢᠠ ᠣᠷᠣᠯᠴᠠᠵᠠᠭ᠋ᠠᠶ᠎ᠠ᠃

ᠢᠷᠡᠯᠲᠡ᠄ ᠬᠢᠩᠭ᠋ᠠᠨ ᠠᠶ᠋ᠢᠮᠠᠭ᠎ᠤᠨ ᠣᠶ ᠰᠢᠭᠤᠶ ᠵᠢᠨ ᠲᠣᠪᠴᠢᠶ᠎ᠠ
          
ᠬᠠᠮᠢᠶ᠎ᠡ ᠪᠦᠬᠦᠢ ᠰᠣᠨᠢᠨ
ᠤᠯᠤᠰ᠎ᠤᠨ ᠨᠢᠭᠡᠳᠦᠭᠡᠷ ᠳᠡᠰ᠎ᠤᠨ ᠭᠣᠣᠯᠳᠠᠯᠭ᠎ᠠ᠎ᠲᠠᠢ ᠬᠠᠮᠠᠭ᠋ᠠᠯᠠᠬᠤ ᠬᠡᠭᠡᠷ᠎ᠡ ᠵᠢᠨ ᠠᠮᠢᠲᠠᠨ 《ᠰᠢᠪᠠᠭᠤᠳ᠎ᠤᠨ ᠳᠣᠮᠳᠠᠬᠢ ᠮᠠᠯᠤᠷ ᠥᠲᠡᠭᠡ》 ᠪᠤᠯᠬᠤ ᠬᠠᠷ᠎ᠠ ᠥᠷᠪᠢ ᠭᠡᠭᠡᠨ ᠭᠣᠣᠯ ᠭᠣᠣᠯ᠎ᠤᠨ ᠡᠷᠭᠢ᠎ᠳᠤ ᠠᠩᠬ᠎ᠠ ᠤᠳᠠᠭ᠎ᠠ ᠢᠯᠡᠷᠡᠪᠡ
ᠬᠢᠩᠭ᠋ᠠᠨ ᠠᠶ᠋ᠢᠮᠠᠭ᠎ᠤᠨ ᠣᠶ ᠰᠢᠭᠤᠶ ᠵᠢᠨ ᠲᠣᠪᠴᠢᠶ᠎ᠠ ᠠᠷᠢᠭᠤᠨ ᠴᠢᠬᠡᠴᠢ᠎ᠪᠠᠷ ᠵᠠᠰᠠᠭ ᠪᠠᠷᠢᠬᠤ ᠰᠣᠶᠣᠯ᠎ᠤᠨ ᠪᠠᠶ᠋ᠢᠭᠤᠯᠤᠯᠲᠠ ᠵᠢᠨ ᠺᠢᠨᠣ᠋ ᠦᠵᠡᠬᠦ ᠠᠵᠢᠯᠯᠠᠭ᠎ᠠ ᠶᠠᠪᠤᠭᠳᠠᠭᠤᠯᠪᠠ
ᠨᠡᠭᠦᠳᠡᠯ᠎ᠤᠨ ᠰᠢᠪᠠᠭᠤ ᠵᠢ ᠬᠠᠮᠠᠭ᠋ᠠᠯᠠᠬᠤ᠎ᠪᠠᠷ ᠬᠠᠮᠲᠤᠷᠠᠨ ᠠᠵᠢᠯᠯᠠᠪᠠ
ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠵᠢᠨ ᠠᠵᠢᠯ᠎ᠤᠨ ᠶᠡᠷᠦᠩᠬᠡᠶ ᠥᠷᠲᠡᠭᠡ ᠵᠢᠨ ᠣᠳᠣᠷᠢᠳᠣᠯᠭ᠎ᠠ᠎ᠠᠴᠠ ᠬᠥᠯᠥᠨ ᠪᠤᠢ᠌ᠷ᠎ᠤᠨ ᠵᠠᠯᠠᠨ ᠠᠶ᠋ᠢᠯ ᠬᠤᠳᠠ ᠵᠢᠨ ᠤᠢ ᠰᠢᠭᠤᠶ ᠵᠢᠨ ᠲᠧᠭᠨᠢᠭ ᠮᠡᠷᠭᠡᠵᠢᠯ᠎ᠢ ᠳᠡᠯᠭᠡᠷᠡᠭᠦᠯᠬᠦ ᠠᠵᠢᠯ᠎ᠢ ᠪᠠᠶ᠋ᠢᠴᠠᠭ᠋ᠠᠨ ᠰᠤᠳᠤᠯᠤᠯᠲᠠ ᠬᠢᠵᠦ ᠵᠢᠭ᠋ᠠᠨ ᠵᠢᠯᠣᠭᠣᠳᠪᠠ
ᠪᠠᠶᠠᠨᠨᠠᠭᠤᠷ ᠬᠣᠲᠠ ᠵᠢᠨ ᠡᠯᠡᠰᠦ ᠵᠢ ᠪᠢᠳᠡᠬᠦᠮᠵᠢᠯᠡᠨ ᠨᠢᠰᠬᠡᠯ ᠵᠶ᠋ᠡᠷ ᠤᠢ᠌ᠵᠢᠭᠤᠯᠬᠤ ᠦᠷᠳᠡᠭᠡ 《ᠰᠢᠨ᠎ᠡ ᠴᠠᠭ ᠦᠶ᠎ᠡ᠂ ᠰᠢᠨ᠎ᠡ ᠪᠠᠶ᠋ᠢᠳᠠᠯ᠂ ᠰᠢᠨ᠎ᠡ ᠠᠵᠢᠯᠯᠠᠭ᠎ᠠ》᠎ᠪᠠᠷ ᠭᠣᠣᠯ ᠰᠡᠳᠦᠪ ᠪᠤᠯᠭ᠋ᠠᠭᠰᠠᠨ ᠴᠢᠩ ᠴᠦᠨ ᠬᠤ᠌ ᠨᠠᠭᠤᠷ᠎ᠲᠠᠬᠢ ᠠᠯᠬᠤᠭ᠎ᠠ ᠤᠷᠤᠯᠳᠤᠭ᠋ᠠᠨ᠎ᠤ ᠠᠵᠢᠯᠯᠠᠭ᠎ᠠ ᠶᠠᠪᠤᠭᠳᠠᠭᠤᠯᠪᠠ
 
             蒙ICP备05000248号