ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠬᠤᠰᠢᠭᠤ ᠰᠢᠶᠠᠨ᠎ᠤ ᠰᠣᠨᠣᠰᠬᠠᠯ
ᠥᠪᠥᠷ ᠮᠣᠩᠭᠣᠯ᠎ᠤᠨ ᠬᠢᠩᠭ᠋ᠠᠨ ᠠᠶ᠋ᠢᠮᠠᠭ᠎ᠤᠨ ᠲᠡᠮᠡᠭᠡᠴᠢ ᠤᠯᠤᠰ᠎ᠤᠨ ᠲᠠᠰ᠎ᠤᠨ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠣᠷᠣᠨ 2018 ᠣᠨ᠎ᠤ ᠪᠦᠬᠦ ᠤᠯᠤᠰ᠎ᠤᠨ ᠰᠢᠪᠠᠭᠤᠨ᠎ᠤ ᠲᠥᠷᠥᠯ᠎ᠤᠨ ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠤᠨ ᠠᠵᠢᠭᠯᠠᠯᠲᠠ ᠵᠢᠨ ᠠᠵᠢᠯ᠎ᠢ ᠪᠡᠶᠡᠯᠡᠬᠦᠯᠪᠠ
ᠨᠡᠶ᠋ᠢᠲᠡᠯᠡᠭᠰᠡᠨ ᠴᠠᠭ᠄ 2018-08-24

      ᠤᠢ ᠰᠢᠭᠤᠶ ᠵᠢᠨ ᠲᠢᠩᠬᠢᠮ᠎ᠤᠨ ᠵᠠᠰᠠᠭ᠎ᠤᠨ ᠣᠷᠳᠣᠨ᠎ᠤ

                    ᠰᠦᠯᠵᠢᠶ᠎ᠡ ᠵᠢᠨ 7 ᠰᠠᠷ᠎ᠠ ᠵᠢᠨ 6᠎ᠤ ᠡᠳᠦᠷ᠎ᠤᠨ ᠮᠡᠳᠡᠭᠡ

      ᠵᠠᠯᠠᠶ᠋ᠢᠳ ᠬᠣᠰᠢᠭᠤ ᠵᠢᠨ ᠠᠵᠢᠭᠯᠠᠯᠲᠠ ᠵᠢᠨ ᠢᠯᠡᠳᠬᠡᠭᠴᠢ ᠲᠣᠭᠣᠷᠢᠭ᠎ᠤᠨ ᠦᠷᠡᠵᠢᠯ᠎ᠤᠨ ᠰᠢᠪᠠᠭᠤᠨ᠎ᠤ ᠲᠥᠷᠥᠯ᠎ᠤᠨ ᠳᠦᠷᠰᠦ ᠵᠢᠨ ᠰᠦᠷᠦᠭ᠎ᠤᠨ ᠲᠣᠭ᠎ᠠ ᠬᠡᠮᠵᠢᠶ᠎ᠡ᠂ ᠲᠠᠷᠬᠠᠯᠲᠠ ᠵᠢᠴᠢ ᠬᠤᠪᠢᠷᠠᠯᠲᠠ ᠵᠢᠨ ᠬᠠᠨᠳᠤᠰᠢ ᠵᠢ ᠴᠠᠭ ᠲᠤᠬᠠᠶ᠎ᠳᠤᠨᠢ ᠣᠶ᠋ᠢᠯᠠᠭ᠋ᠠᠬᠤ ᠪᠠ ᠪᠦᠬᠦ ᠤᠯᠤᠰ᠎ᠤᠨ ᠰᠢᠪᠠᠭᠤᠨ᠎ᠤ ᠲᠥᠷᠥᠯ᠎ᠤᠨ ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠤᠨ ᠠᠵᠢᠭᠯᠠᠯᠲᠠ ᠵᠢᠨ ᠠᠵᠢᠯ᠎ᠳᠤ ᠨᠠᠶ᠋ᠢᠳᠠᠪᠤᠷᠢᠲᠠᠶ ᠰᠢᠨᠵᠢᠯᠡᠬᠦ ᠤᠬᠠᠭ᠋ᠠᠨᠴᠢ ᠦᠨᠳᠦᠰᠦ ᠪᠠᠷᠢᠮᠲᠠ ᠬᠠᠩᠭ᠋ᠠᠬᠤ ᠵᠢᠨ ᠲᠤᠯᠠᠳᠠ᠂ ᠲᠡᠮᠡᠭᠡᠴᠢ ᠬᠠᠮᠠᠭ᠋ᠠᠯᠠᠯᠲᠠ ᠵᠢᠨ ᠣᠷᠣᠨ ᠡᠨᠡ ᠵᠢᠯ᠎ᠤᠨ 6 ᠰᠠᠷ᠎ᠠ ᠵᠢᠨ   ᠰᠡᠬᠦᠯᠴᠢ᠎ᠳᠤ ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠤᠨ ᠠᠵᠢᠭᠯᠠᠯᠲᠠ ᠵᠢᠨ ᠠᠵᠢᠯ᠎ᠢ ᠪᠡᠶᠡᠯᠡᠬᠦᠯᠪᠠ᠃
      ᠲᠤᠰ ᠠᠵᠢᠭᠯᠠᠯᠲᠠ ᠵᠢᠨ ᠢᠯᠡᠳᠬᠡᠭᠴᠢ ᠣᠷᠣᠨ᠎ᠳᠤ ᠨᠡᠶ᠋ᠢᠲᠡ 14 ᠵᠤᠷᠪᠤᠰ ᠠᠵᠢᠭᠯᠠᠯᠲᠠ ᠵᠢᠨ ᠢᠯᠡᠳᠬᠡᠭᠴᠢ ᠱᠤᠭᠤᠮ᠂ 8 ᠠᠵᠢᠭᠯᠠᠯᠲᠠ ᠵᠢᠨ ᠢᠯᠡᠳᠬᠡᠭᠴᠢ ᠴᠡᠭ ᠪᠤᠢ᠃ ᠢᠯᠡᠳᠬᠡᠭᠴᠢ ᠱᠤᠭᠤᠮ᠎ᠤᠨ ᠠᠷᠭ᠎ᠠ ᠪᠠ ᠢᠯᠡᠳᠬᠡᠭᠴᠢ ᠴᠡᠭ᠎ᠤᠨ ᠠᠷᠭ᠎ᠠ᠎ᠪᠠᠷ ᠰᠢᠪᠠᠭᠤᠨ᠎ᠤ   ᠲᠦᠷᠦᠯ᠎ᠤᠨ ᠠᠵᠢᠭᠯᠠᠯᠲᠠ ᠬᠢᠵᠦ᠂ ᠨᠡᠶ᠋ᠢᠲᠡ 15 ᠪᠠᠭ 23 ᠢᠵᠠᠭᠤᠷ 50 ᠲᠦᠷᠦᠯ 24358 ᠰᠢᠪᠠᠭᠤᠨ᠎ᠤ ᠲᠦᠷᠦᠯ ᠠᠵᠢᠭᠯᠠᠵᠤ ᠮᠡᠳᠡᠪᠡ᠂ ᠡᠭᠦᠨ᠎ᠳᠤ ᠤᠯᠤᠰ᠎ᠤᠨ ᠨᠢᠭᠡᠳᠦᠭᠡᠷ ᠳᠡᠰ᠎ᠤᠨ ᠬᠠᠮᠠᠭ᠋ᠠᠯᠠᠯᠲᠠ᠎ᠲᠠᠢ ᠠᠯ ᠰᠡᠭᠦᠯ ᠰᠢᠪᠠᠭᠤ᠂ ᠲᠣᠭᠣᠳᠠᠭ᠂ ᠴᠠᠭ᠋ᠠᠨ ᠲᠣᠭᠣᠷᠣᠣ᠂ ᠬᠠᠯᠵᠠᠨ ᠲᠤᠭᠤᠷᠤᠤ ᠪᠤᠯᠤᠨ ᠬᠠᠷᠬᠢᠷ᠎ᠠ᠂ ᠤᠯᠤᠰ᠎ᠤᠨ ᠬᠤᠶᠠᠳᠤᠭ᠋ᠠᠷ ᠳᠡᠰ᠎ᠤᠨ ᠬᠠᠮᠠᠭ᠋ᠠᠯᠠᠯᠲᠠ᠎ᠲᠠᠢ   ᠬᠠᠯᠵᠠᠨ ᠭᠠᠯᠠᠭᠤ᠂ ᠲᠠᠷᠯᠠᠭ ᠰᠢᠷ᠎ᠠ ᠲᠠᠷᠪᠠᠵᠢ᠂ ᠤᠯᠠᠭ᠋ᠠᠨ ᠬᠥᠯᠲᠦ ᠨᠠᠴᠢᠨ ᠵᠡᠷᠭᠡ ᠪᠠᠭᠳᠠᠨ᠎ᠠ᠃ (ᠸᠧᠶ ᠰᠢᠤ ᠬᠣᠩ)

ᠢᠷᠡᠯᠲᠡ᠄ ᠬᠢᠩᠭ᠋ᠠᠨ ᠠᠶ᠋ᠢᠮᠠᠭ᠎ᠤᠨ ᠣᠶ ᠰᠢᠭᠤᠶ ᠵᠢᠨ ᠲᠣᠪᠴᠢᠶ᠎ᠠ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠪᠠᠢ᠌ᠭ᠋ᠠᠯᠢᠯᠢᠭ ᠤᠢ ᠵᠢ ᠬᠠᠮᠠᠭ᠋ᠠᠯᠠᠬᠤ ᠬᠢᠨᠠᠨ ᠪᠠᠶ᠋ᠢᠴᠠᠭ᠋ᠠᠬᠤ ᠳᠤᠭᠤᠶ᠋ᠢᠯᠠᠩ᠎ᠠᠴᠠ ᠬᠥᠯᠥᠨ ᠪᠣᠶ᠋ᠢᠷ ᠬᠣᠲᠠ ᠵᠢᠨ ᠪᠠᠶ᠋ᠢᠭ᠋ᠠᠯᠢ ᠵᠢᠨ ᠤᠢ ᠮᠣᠳᠣᠨ᠎ᠤ ᠡᠬᠢ ᠪᠠᠶᠠᠯᠢᠭ᠎ᠢ ᠬᠠᠮᠠᠭ᠋ᠠᠯᠠᠬᠤ ᠢᠨᠵᠧᠨᠧᠷᠢᠩ᠎ᠲᠤ ᠬᠣᠶᠠᠳᠤᠭ᠋ᠠᠷ ᠬᠤᠭᠤᠴᠠᠭ᠋ᠠᠨ᠎ᠤ ᠬᠢᠨᠠᠨ ᠪᠠᠢ᠌ᠴᠠᠭ᠋ᠠᠯᠳᠠ ᠬᠢᠵᠠᠢ
ᠬᠥᠯᠥᠨ ᠪᠣᠶ᠋ᠢᠷ ᠬᠣᠲᠠ ᠵᠢᠨ ᠣᠶ ᠰᠢᠭᠤᠶ ᠵᠢᠨ ᠲᠣᠪᠴᠢᠶ᠎ᠠ ᠵᠢᠨ ᠲᠤᠪᠴᠢᠶᠠᠨ ᠳᠠᠷᠤᠭ᠎ᠠ ᠫᠠᠨ ᠵᠢᠨ ᠱᠧᠩ ᠵᠡᠷᠭᠡ ᠬᠤᠩᠭᠤᠯᠵᠢ ᠣᠶ ᠰᠢᠭᠤᠶ ᠵᠢᠨ ᠲᠣᠪᠴᠢᠶ᠎ᠠ᠎ᠳᠤ ᠬᠦᠷᠴᠤ ᠪᠠᠶ᠋ᠢᠴᠠᠭ᠋ᠠᠨ ᠰᠤᠳᠤᠯᠤᠯᠲᠠ ᠪᠠ ᠵᠢᠯᠤᠭᠤᠳᠤᠯᠭ᠎ᠠ ᠬᠢᠪᠠ
ᠦᠬᠠᠶ ᠬᠣᠲᠠ ᠵᠢᠨ ᠣᠶ ᠰᠢᠭᠤᠶ ᠵᠢᠨ ᠲᠣᠪᠴᠢᠶ᠎ᠠ ᠵᠢᠨ ᠰᠢᠭᠤᠶ᠋ᠢᠲᠤ ᠣᠷᠣᠨ᠎ᠤ ᠠᠮᠤᠷ᠎ᠢ ᠬᠠᠮᠠᠭ᠋ᠠᠯᠠᠬᠤ ᠰᠡᠷᠭᠡᠶ᠋ᠢᠯᠡᠯᠲᠡ ᠵᠢᠨ ᠲᠣᠣᠷ᠎ᠨᠢ ᠨᠡᠶ᠋ᠢᠭᠡᠮ᠎ᠤᠨ ᠠᠮᠤᠷ ᠲᠦᠪᠰᠢᠨ᠎ᠢ ᠠᠬᠢᠭᠤᠯᠬᠤ ᠶᠡᠷᠦᠩᠬᠡᠶ᠋ᠢᠯᠡᠨ ᠵᠠᠰᠠᠬᠤ ᠠᠵᠢᠯ᠎ᠤᠨ ᠳᠤᠮᠳᠠ ᠵᠠᠩᠭᠢᠯᠠᠭ᠎ᠠ ᠵᠢᠨ ᠦᠢ᠍ᠯᠡᠳᠦᠯ ᠦᠵᠡᠬᠦᠯᠪᠠ
ᠪᠠᠶᠠᠨᠨᠠᠭᠤᠷ ᠬᠣᠲᠠ ᠵᠢᠨ ᠣᠶ ᠰᠢᠭᠤᠶ ᠵᠢᠨ ᠲᠣᠪᠴᠢᠶ᠎ᠠ᠎ᠠᠴᠠ 2018 ᠣᠨ᠎ᠤ ᠨᠠᠮ᠎ᠤᠨ ᠰᠤᠷᠲᠠᠯ ᠪᠠ ᠠᠷᠢᠭᠤᠨ ᠴᠢᠬᠡᠴᠢ᠎ᠪᠠᠷ ᠵᠠᠰᠠᠭ ᠪᠠᠷᠢᠬᠤ ᠪᠠᠶ᠋ᠢᠭᠤᠯᠤᠯᠲᠠ ᠪᠣᠯᠤᠨ ᠢᠯᠵᠠᠷᠠᠯ᠎ᠢ ᠡᠰᠡᠷᠭᠦᠴᠡᠬᠦ ᠠᠵᠢᠯ ᠵᠢᠴᠢ ᠭᠣᠣᠯᠳᠠᠯᠭ᠎ᠠ᠎ᠲᠠᠢ ᠠᠵᠢᠯ᠎ᠢ ᠳᠥᠯᠭᠢᠨ ᠠᠬᠢᠭᠤᠯᠬᠤ ᠬᠤᠷᠠᠯ᠎ᠢ ᠬᠤᠷᠠᠯᠳᠤᠭᠤᠯᠪᠠ
ᠦᠪᠦᠷ ᠮᠣᠩᠭᠣᠯ᠎ᠤᠨ ᠶᠡᠬᠡ ᠬᠢᠩᠭ᠋ᠠᠨ ᠳᠠᠪᠠᠭ᠎ᠠ ᠵᠢᠨ ᠤᠢ ᠰᠢᠭᠤᠶ ᠵᠢᠨ ᠲᠤᠢ᠌ᠮᠠᠷ᠎ᠤᠨ ᠪᠠᠶ᠋ᠢᠳᠠᠯ᠎ᠤᠨ ᠵᠠᠯᠭ᠋ᠠᠮᠵᠢ ᠮᠡᠳᠡᠭᠦᠯᠦᠯᠲᠡ (ᠬᠣᠶᠠᠷ)
 
             蒙ICP备05000248号