

ᠤᠢ᠍ᠢ᠍ᠷ᠎ᠠ᠎ᠳᠤ᠂ ᠨᠠᠢ᠍ᠮᠠᠨ ᠬᠣᠰᠢᠭᠤᠨ᠎ᠤ ᠭᠠᠯ ᠤᠨᠲᠠᠷᠠᠭ᠋ᠠᠬᠤ ᠠᠪᠤᠷᠠᠨ ᠲᠤᠰᠠᠯᠠᠬᠤ ᠶᠡᠬᠡ ᠠᠩᠬᠢ ᠵᠢᠨ ᠰᠠᠢ᠍ᠢ᠍ᠨ ᠳᠤᠷ᠎ᠠ ᠵᠢᠨ ᠦᠢ᠍ᠯᠡᠴᠢᠯᠡᠭᠡᠨ᠎ᠤ ᠠᠩᠬᠢ ᠬᠠᠷᠢᠶ᠎ᠠ ᠤᠷᠤᠨ᠎ᠤ᠎ᠪᠠᠨ ᠬᠠᠭᠤᠴᠢᠨ ᠰᠠᠭᠤᠭ᠋ᠠᠯᠢ ᠲᠣᠭᠣᠷᠢᠭ ᠵᠢᠡᠷ ᠭᠦᠨᠵᠡᠭᠡᠢ᠍ᠢ᠍ᠷᠡᠵᠦ᠂ ᠭᠠᠯ ᠤᠨᠲᠠᠷᠠᠭ᠋ᠠᠬᠤ ᠤᠬᠠᠭᠤᠯᠭ᠎ᠠ ᠵᠢᠨ ᠠᠵᠢᠯᠯᠠᠭ᠎ᠠ ᠥᠷᠨᠢᠭᠦᠯᠪᠡ᠃ ᠠᠵᠢᠯᠯᠠᠭ᠎ᠠ᠎ᠳᠤ᠂ ᠰᠠᠢ᠍ᠢ᠍ᠨ ᠳᠤᠷ᠎ᠠ ᠵᠢᠨ ᠦᠢᠯᠡᠴᠢᠯᠡᠭᠡᠨ᠎ᠤ ᠠᠩᠭᠢ ᠵᠢᠨ ᠭᠡᠰᠢᠭᠦᠳ ᠵᠡᠭᠡᠯᠢ ᠳᠠᠭ᠋ᠠᠤ ᠵᠢᠨ ᠬᠤᠳᠠᠯᠳᠤᠭ᠋ᠠᠨ᠎ᠤ ᠳᠡᠯᠭᠡᠭᠦᠷ ᠪᠣᠯᠤᠨ ᠰᠠᠭᠤᠭ᠋ᠠᠯᠢ ᠠᠷᠠᠳ᠎ᠲᠤ ᠤᠬᠠᠭᠤᠯᠭ᠎ᠠ ᠵᠢᠨ ᠮᠠᠲ᠋ᠧᠷᠢᠶᠠᠯ᠎ᠢ ᠥᠷᠭᠡᠨ ᠵᠶ᠋ᠡᠷ ᠲᠠᠷᠬᠠᠭ᠋ᠠᠵᠤ᠂ ᠰᠠᠭᠤᠭ᠋ᠠᠯᠢ ᠠᠷᠠᠳ᠎ᠲᠤ ᠭᠠᠯ᠎ᠤᠨ ᠠᠶᠤᠯ᠎ᠢ ᠰᠡᠷᠭᠡᠢ᠍ᠢ᠍ᠯᠡᠬᠦ ᠪᠠ ᠴᠠᠬᠢᠯᠭ᠋ᠠᠨ ᠬᠡᠷᠡᠭᠯᠡᠬᠦ᠎ᠳᠤ ᠠᠩᠬᠠᠷᠬᠤ ᠵᠦᠢᠯᠡᠰ ᠵᠡᠷᠭᠡ ᠵᠢ ᠲᠠᠢ᠍ᠢ᠍ᠯᠪᠤᠷᠢᠯᠠᠨ ᠥᠭᠪᠡ᠃