ᠲᠥᠪ ᠷᠠᠳᠢᠣ᠋ ᠵᠢᠨ ᠮᠡᠳᠡᠭᠡ᠄ ᠮᠣᠩᠭᠣᠯ ᠤᠯᠤᠰᠤᠨ ᠣᠨᠴᠠᠭ᠋ᠠᠢ ᠪᠠᠢ᠌ᠳᠠᠯᠠᠴᠠ ᠰᠡᠷᠭᠡᠢ᠌ᠯᠡᠬᠦ ᠶᠡᠷᠦᠩᠬᠡᠢ ᠲᠣᠪᠴᠢᠶᠠ 15ᠤ ᠠ᠋ᠳᠦᠷᠤᠨ 17 ᠴᠠᠭᠲᠤ ᠮᠡᠳᠡᠭᠳᠡᠯ ᠨᠡᠢ᠌ᠲᠡᠯᠡᠵᠦ᠂ ᠣᠢ᠌ᠷᠠ ᠵᠢᠨ ᠬᠣᠶᠠᠷ ᠬᠣᠨᠣᠭᠤᠨ ᠬᠦᠴᠦᠲᠡᠢ ᠠ᠋ᠯᠡᠰᠦᠨ ᠰᠢᠭᠤᠷᠭᠠ ᠪᠠ ᠣᠨᠴᠠ ᠶᠡᠬᠡ ᠴᠠᠰᠤ ᠰᠢᠭᠤᠷᠭ᠋ᠠᠨᠳᠤ ᠠ᠋ᠨᠳᠡᠭᠰᠡᠨ ᠬᠥᠮᠥᠨ ᠨᠡᠮᠡᠭᠳᠡᠭᠡᠳ 10 ᠪᠣᠯᠵᠤ᠂ ᠪᠠᠰᠠ 11 ᠬᠥᠮᠥᠨ ᠣᠷᠣ ᠰᠤᠷᠠᠭ ᠦᠭᠡᠢ ᠪᠠᠢ᠌ᠭᠰᠠᠭ᠋ᠠᠷ ᠶᠤᠮ ᠭᠡᠵᠡᠢ᠃ ᠬᠦᠴᠦᠲᠡᠢ ᠠ᠋ᠯᠡᠰᠦᠨ ᠰᠢᠭᠤᠷᠭᠠᠠᠴᠠ ᠪᠣᠯᠵᠤ 58 ᠮᠣᠩᠭᠣᠯ ᠭᠡᠷ ᠪᠠ 121 ᠪᠠᠢ᠌ᠰᠢᠩ᠂ ᠬᠠᠰᠢᠶᠠ ᠰᠠᠷᠠᠪᠴᠢ ᠡᠪᠳᠡᠭᠳᠡᠵᠦ᠂ ᠬᠡᠳᠦᠨ ᠮᠢᠩᠭ᠋ᠠᠨ ᠮᠠᠯ ᠵᠶ᠋ᠡᠨ ᠠᠯᠳᠠᠵᠠᠢ᠃ ᠮᠣᠩᠭᠣᠯ ᠤᠯᠤᠰᠤᠨ ᠣᠯᠠᠩᠬᠢ ᠠᠢ᠌ᠮᠠᠭ ᠪᠠᠢ᠌ᠭ᠋ᠠᠯᠢ ᠵᠢᠨ ᠭᠠᠮᠰᠢᠭᠲᠤ ᠳᠠᠭ᠋ᠠᠷᠢᠭᠳᠠᠪᠠ᠃ (ᠣᠷᠴᠢᠭᠤᠯᠤᠭᠴᠢ᠄ ᠬᠥᠪᠴᠢᠨ᠂ ᠬᠢᠨᠠᠭᠴᠢ᠄ ᠰᠠᠷᠠᠭᠤᠯ ᠬᠠᠰᠲᠠᠨᠠ ᠨᠠᠢ᠌ᠷᠠᠭᠤᠯᠵᠤ ᠨᠡᠢ᠌ᠲᠡᠯᠡᠪᠡ)