ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠵᠢᠷᠤᠬᠲᠦ᠍ ᠨᠡᠶ᠋ᠢᠳᠡᠯᠡᠯ
ᠬᠤᠩᠭᠤᠯᠵᠢ ᠵᠢᠭ᠋ᠠᠷᠲᠤ ᠨᠠᠷᠠᠰᠤᠨ ᠤᠯᠤᠰ᠎ᠤᠨ ᠣᠶ ᠰᠢᠭᠤᠶ ᠵᠢᠨ ᠴᠡᠴᠡᠷᠯᠢᠭ
ᠨᠡᠶ᠋ᠢᠲᠡᠯᠡᠭᠰᠡᠨ ᠴᠠᠭ᠄ 2018-06-21

ᠬᠤᠩᠭᠤᠯᠵᠢ ᠵᠢᠨ ᠰᠠᠶ᠋ᠢᠬᠠᠨ ᠦᠵᠡᠮᠵᠢ     ᠬᠥᠮᠦᠨ᠎ᠤ ᠶᠢᠷᠲᠢᠨᠴᠦ ᠵᠢᠨ ᠠᠷᠰᠢ ᠵᠢᠨ ᠣᠷᠣᠨ ᠦᠭᠡᠷ᠎ᠡ ᠤᠤ ᠳ᠋ᠠ


      ᠥᠪᠥᠷ ᠮᠣᠩᠭᠣᠯ᠎ᠤᠨ ᠬᠣᠩᠭᠣᠯᠵᠢ ᠵᠢᠭ᠋ᠠᠷᠲᠤ ᠨᠠᠷᠠᠰᠤᠨ ᠤᠯᠤᠰ᠎ᠤᠨ ᠣᠶ ᠰᠢᠭᠤᠶ ᠵᠢᠨ ᠴᠡᠴᠡᠷᠯᠢᠭ᠎ᠨᠢ ᠶᠡᠬᠡ ᠬᠢᠩᠭ᠋ᠠᠨ ᠳᠠᠪᠠᠭ᠎ᠠ ᠵᠢᠨ ᠪᠠᠷᠠᠭᠤᠨ ᠬᠤᠷᠮᠤᠢ᠎ᠳᠤ ᠪᠠᠢ᠌ᠷᠢᠯᠠᠵᠦ᠂ ᠲᠡᠷᠡ᠎ᠨᠢ ᠦᠵᠡᠰᠬᠦᠯᠡᠩᠲᠦ ᠰᠠᠶ᠋ᠢᠬᠠᠨ ᠬᠥᠯᠥᠨ ᠪᠣᠶ᠋ᠢᠷ᠎ᠤᠨ ᠲᠠᠯ᠎ᠠ ᠨᠤᠲᠤᠭ᠎ᠤᠨ ᠡᠮᠦᠨᠡᠲᠦ ᠬᠡᠰᠡᠭ᠎ᠤᠨ ᠨᠢᠭᠡᠨ ᠪᠠᠢ᠌ᠭ᠋ᠠᠯᠢᠯᠢᠭ ᠨᠣᠭᠣᠭ᠋ᠠᠨ ᠬᠠᠯᠬᠠᠪᠴᠢ ᠪᠣᠯᠤᠨ᠎ᠠ᠃ ᠴᠡᠴᠡᠷᠯᠢᠭ᠎ᠨᠢ ᠦᠷᠬᠦᠯᠵᠢᠯᠡᠭᠰᠡᠨ ᠨᠡᠯᠦᠭᠡᠷ ᠶᠡᠬᠡ ᠵᠢᠭ᠋ᠠᠷᠲᠤ ᠨᠠᠷᠠᠰᠦᠨ ᠤᠢ ᠪᠠ ᠬᠡᠭᠡᠷ᠎ᠠ ᠵᠢᠨ ᠴᠢᠬᠢᠭᠯᠢᠭ ᠭᠠᠵᠠᠷ ᠵᠶ᠋ᠡᠷ ᠦᠵᠡᠮᠵᠢ ᠵᠢᠨ ᠡᠬᠢ ᠪᠠᠶᠠᠯᠢᠭ᠎ᠤᠨ ᠭᠣᠣᠯ ᠴᠣᠭᠴᠠ ᠪᠤᠯᠭ᠋ᠠᠨ᠂ 4383 ᠾᠧᠺᠲ᠋ᠠᠷ ᠪᠠᠶ᠋ᠢᠭ᠋ᠠᠯᠢ ᠵᠢᠨ ᠤᠢ᠎ᠲᠠᠢ ᠪᠠᠶ᠋ᠢᠵᠤ᠂ ᠤᠷᠤᠨ ᠲᠤᠭᠤᠷᠢᠭ᠎ᠤᠨ ᠶᠡᠷᠦᠩᠬᠡᠶ ᠲᠠᠯᠠᠪᠠᠶ ᠵᠢᠨ 65 % ᠵᠢ ᠡᠵᠡᠯᠡᠵᠦ᠂ ᠡᠭᠦᠨ᠎ᠳᠤ 4237 ᠾᠧᠺᠲ᠋ᠠᠷ ᠵᠢᠭ᠋ᠠᠷᠲᠤ ᠨᠠᠷᠠᠰᠤ᠎ᠲᠠᠢ᠂ ᠤᠷᠤᠨ ᠲᠣᠭᠣᠷᠢᠭ᠎ᠤᠨ ᠶᠡᠷᠦᠩᠬᠡᠶ ᠲᠠᠯᠠᠪᠠᠶ ᠵᠢᠨ 63 % ᠵᠢ ᠡᠵᠡᠯᠡᠵᠦ ᠪᠠᠶ᠋ᠢᠨ᠎ᠠ᠃ ᠴᠡᠴᠡᠷᠯᠢᠭ᠎ᠤᠨ ᠳᠣᠲᠣᠷ᠎ᠠ ᠪᠠᠶ᠋ᠢᠭ᠋ᠠᠯᠢ ᠵᠢᠨ ᠡᠬᠢ ᠪᠠᠶᠠᠯᠢᠭ ᠡᠯᠪᠡᠭ ᠳᠡᠯᠪᠡᠭ᠂ ᠬᠦᠭᠰᠢᠨ ᠮᠤᠳᠤ ᠰᠡᠬᠦᠢ᠌ᠨ ᠰᠦᠨᠳᠡᠷᠯᠡᠵᠦ᠂ ᠤᠷᠭᠤᠮᠠᠯ᠎ᠤᠨ ᠬᠤᠴᠢᠯᠭ᠎ᠠ ᠢᠭᠴᠤ ᠰᠠᠬᠤᠯᠢᠭ ᠪᠠᠶ᠋ᠢᠵᠤ᠂ ᠬᠠᠮᠤᠭ ᠶᠡᠬᠡ ᠮᠤᠳᠤ᠎ᠨᠢ 300 — 400 ᠵᠢᠯ᠎ᠤᠨ ᠦᠨᠳᠦᠷ ᠨᠠᠰᠤᠲᠤ ᠮᠤᠳᠤ ᠪᠤᠯᠤᠨ᠎ᠠ᠃ ᠡᠨᠳᠡ ᠤᠰᠤᠨ᠎ᠤ ᠡᠷᠬᠡᠨ᠎ᠳᠤ ᠠᠭᠤᠯᠠ ᠦᠵᠡᠮᠵᠢᠳᠠᠢ᠂ ᠠᠭᠤᠯᠠᠨ᠎ᠤ ᠡᠷᠬᠡᠨ᠎ᠳᠤ ᠤᠰᠤ ᠲᠦᠯᠬᠡᠬᠡᠨ ᠪᠠᠢ᠌ᠳᠠᠭ᠃ ᠮᠤᠷᠤᠯᠵᠠᠨ ᠤᠷᠤᠰᠤᠭᠰᠠᠨ ᠢᠮᠢᠨ ᠭᠣᠣᠯ ᠬᠦᠭᠵᠢᠯ ᠪᠠᠶᠠᠷᠲᠤ ᠠᠶᠠᠰ ᠠᠶᠠᠯᠠᠭᠤᠯᠤᠭᠰᠠᠭ᠋ᠠᠷ ᠴᠡᠴᠡᠷᠯᠢᠭ᠎ᠤᠨ ᠬᠣᠶ᠋ᠢᠲᠤ ᠬᠦᠪᠡᠬᠡ᠎ᠪᠠᠷ ᠤᠷᠤᠰᠤᠨ ᠦᠩᠭᠡᠷᠡᠨ᠎ᠠ᠃ ᠢᠮᠢᠨ ᠭᠣᠣᠯ᠎ᠤᠨ ᠬᠣᠶᠠᠷ ᠬᠦᠪᠡᠭᠡ᠎ᠪᠠᠷ ᠠᠵᠢᠯᠴᠢ ᠬᠥᠳᠡᠯᠮᠦᠷᠢᠴᠢ ᠡᠷᠡᠯᠬᠡᠭ ᠪᠠᠭ᠋ᠠᠲᠤᠷᠯᠢᠭ ᠲᠠᠯ᠎ᠠ ᠨᠤᠳᠤᠭ᠎ᠤᠨ ᠨᠡᠬᠦᠳᠡᠯᠴᠢᠨ ᠦᠨᠳᠦᠰᠦᠲᠡᠨ — ᠮᠣᠩᠭᠣᠯ ᠦᠨᠳᠦᠰᠦᠲᠡᠨ᠂ ᠡᠸᠡᠩᠬᠢ ᠦᠨᠳᠦᠰᠦᠲᠡᠨ ᠪᠣᠯᠤᠨ ᠳᠠᠭᠤᠷ ᠦᠨᠳᠦᠰᠦᠲᠡᠨ ᠦᠶ᠎ᠡ ᠤᠯᠠᠷᠢᠨ ᠠᠮᠢᠳᠤᠷᠠᠭᠰᠠᠭ᠋ᠠᠷ ᠢᠷᠡᠵᠠᠢ᠃ ᠳᠡᠳᠡᠨ᠎ᠤ ᠴᠡᠪᠡᠷ ᠪᠣᠷᠣᠭᠵᠢᠭᠤᠨ ᠦᠨᠳᠦᠰᠦᠳᠡᠨ᠎ᠤ ᠵᠠᠨᠭ᠌ ᠰᠤᠷᠲᠠᠯ᠂ ᠥᠪᠡᠷᠮᠢᠴᠡ ᠣᠨᠴᠠᠯᠢᠭ ᠪᠦᠬᠦᠢ ᠦᠨᠳᠦᠰᠦᠳᠡᠨ᠎ᠤ ᠵᠠᠩ ᠤᠢ᠌ᠯᠠ᠂ ᠬᠦᠨ ᠵᠤᠵᠠᠭ᠋ᠠᠨ ᠰᠣᠶᠣᠯ᠎ᠤᠨ ᠠᠭᠤᠯᠠᠬᠤᠨ᠎ᠨᠢ ᠤᠮᠠᠷᠠᠲᠤ ᠵᠢᠨ ᠨᠡᠭᠦᠳᠡᠯᠴᠢᠨ ᠦᠨᠳᠦᠰᠦᠲᠡᠨ᠎ᠤ ᠥᠪᠡᠷᠮᠢᠴᠡ ᠰᠣᠶᠣᠯ᠎ᠤᠨ ᠠᠭᠤᠷ ᠠᠮᠢᠰᠬᠤᠯ᠎ᠢ ᠪᠤᠢ ᠪᠤᠯᠭ᠋ᠠᠵᠠᠢ᠃
      ᠤᠢ ᠰᠢᠭᠤᠶ ᠵᠢᠨ ᠴᠡᠴᠡᠷᠯᠢᠭ᠎ᠤᠨ ᠦᠩᠬᠡ ᠦᠵᠡᠮᠵᠢ ᠵᠢᠷᠤᠭ ᠮᠡᠲᠤ ᠭᠤᠴᠤ ᠰᠠᠢ᠌ᠬᠠᠨ ᠪᠠᠢ᠌ᠵᠦ᠂ ᠳᠥᠷᠪᠡᠨ ᠤᠯᠠᠷᠢᠯ᠎ᠤᠨ ᠦᠪᠡᠷᠮᠢᠴᠡ ᠦᠵᠡᠮᠵᠢ᠎ᠨᠢ ᠭᠤᠶᠤ ᠰᠠᠢ᠌ᠬᠠᠨ ᠪᠠᠢ᠌ᠳᠠᠭ᠃ ᠬᠠᠪᠤᠷ᠎ᠤᠨ ᠤᠯᠠᠷᠢᠯ᠎ᠳᠤ ᠵᠢᠭ᠋ᠠᠷᠲᠤ ᠨᠠᠷᠠᠰᠤᠨ ᠤᠢ᠎ᠳᠠᠬᠢ ᠬᠢᠨᠭ᠌ᠭ᠋ᠠᠨ᠎ᠤ ᠬᠤᠷᠴᠠ ᠤᠯᠠᠭ᠋ᠠᠨ ᠴᠡᠴᠡᠭ ᠲᠤᠭᠰᠢᠨ ᠰᠠᠯᠬᠢᠨ ᠰᠢᠷᠦᠬᠦᠨ ᠰᠢᠭᠤᠷᠭ᠋ᠠᠨ᠎ᠳᠤ ᠣᠮᠣᠭ ᠲᠡᠬᠦᠯᠳᠠᠷ ᠲᠡᠯᠭᠡᠷᠡᠨ᠎ᠠ᠃ ᠲᠤᠯᠤᠨᠭ᠌ ᠮᠡᠲᠤ ᠰᠤᠯᠤᠩᠭ᠋ᠠᠷᠠᠨ᠂ ᠬᠡᠮᠡᠷᠯᠢᠭ ᠲᠤᠷᠭ᠎ᠠ ᠮᠡᠲᠤ ᠰᠡᠮᠡᠯᠵᠠᠨ᠎ᠠ᠂ ᠶᠠᠭ ᠯᠠ ᠳᠣᠮᠣᠭ ᠶᠠᠷᠢᠶᠠᠨ᠎ᠳᠠᠬᠢ ᠲᠤᠭᠤᠷ᠎ᠤᠨ ᠴᠡᠴᠡᠭ᠎ᠤᠨ ᠠᠷᠠᠯ ᠮᠡᠲᠤ᠃ ᠵᠤᠨ᠎ᠤ ᠤᠯᠠᠷᠢᠯ᠎ᠳᠤ ᠤᠢ ᠰᠢᠭᠤᠢ ᠦᠪᠴᠢ ᠨᠤᠭᠤᠭ᠋ᠠᠷᠠᠨ᠂ ᠦᠵᠡᠮᠵᠢᠲᠤ ᠴᠡᠴᠡᠭ ᠦᠨᠭᠭᠡ ᠢᠯᠭ᠋ᠠᠷᠠᠨ ᠲᠡᠯᠭᠡᠷᠡᠨ᠎ᠠ᠂ ᠡᠷᠪᠡᠬᠡᠶ ᠲᠤᠭᠯᠠᠨ ᠵᠥᠬᠡᠶ ᠪᠥᠵᠢᠭᠯᠡᠨ᠎ᠡ᠂ ᠰᠢᠪᠠᠭᠤᠳ᠎ᠤᠨ ᠤᠶᠠᠩᠭ᠋ᠠᠲᠤ ᠳᠠᠭᠤᠨ ᠦᠪᠴᠢ ᠤᠢ᠎ᠳᠤ ᠴᠤᠤᠷᠢᠶᠠᠳᠤᠨ᠂ ᠠᠮᠢᠵᠢᠷᠠᠯ᠎ᠤᠨ ᠵᠢᠷᠤᠭ᠎ᠢ ᠲᠡᠯᠭᠡᠨ᠎ᠠ᠃ ᠨᠠᠮᠤᠷ᠎ᠤᠨ ᠤᠯᠠᠷᠢᠯ᠎ᠳᠤ ᠵᠢᠭ᠋ᠠᠷᠲᠤ ᠨᠠᠷᠠᠰᠤᠨ᠎ᠤ ᠨᠤᠭᠤᠭ᠋ᠠᠨ᠎ᠠᠴᠠ ᠭᠠᠳᠠᠨ᠎ᠠ᠂ ᠡᠪᠡᠰᠦ ᠮᠤᠳᠤ ᠴᠡᠴᠡᠭ ᠨᠠᠪᠴᠢ ᠲᠦᠮᠡ ᠮᠢᠨᠭᠭ᠎ᠠ᠎ᠪᠠᠷ ᠬᠤᠪᠢᠷᠠᠨ᠂ ᠦᠳᠬᠡᠷᠡᠨ ᠦᠨᠭᠭᠡᠰᠢᠵᠦ᠂ ᠵᠢᠭᠳᠡᠷᠡᠭᠡ ᠤᠢ ᠦᠪᠴᠢ ᠪᠤᠳᠤᠭᠳᠠᠨ᠂ ᠲᠦᠭ ᠲᠦᠮᠡᠨ ᠲᠦᠷᠢ ᠲᠦᠷᠬᠦ ᠢᠯᠡᠷᠡᠬᠦᠯᠦᠨ᠎ᠠ᠂ ᠦᠨᠭᠭᠡᠲᠤ ᠪᠢᠷ ᠵᠶ᠋ᠡᠷ ᠦᠨᠭᠬᠡ ᠰᠤᠯᠤᠩᠭ᠋ᠠᠷᠠᠭᠰᠠᠨ ᠦᠵᠡᠰᠬᠦᠯᠡᠩᠲᠤ ᠵᠢᠷᠤᠭ᠎ᠢ ᠬᠡᠨ ᠨᠢᠭᠡ᠎ᠨᠢ ᠰᠡᠳᠬᠢᠯ ᠲᠡᠨᠢᠬᠦᠨ ᠵᠢᠷᠤᠭᠯᠠᠭᠰᠠᠨ ᠪᠤᠯ? ᠡᠪᠦᠯ᠎ᠤᠨ ᠤᠯᠠᠷᠢᠯ᠎ᠳᠤ ᠴᠠᠰᠤ ᠮᠥᠰᠥᠨ᠎ᠳᠤ ᠬᠤᠴᠢᠭᠳᠠᠨ᠂ ᠬᠠᠰ᠎ᠤᠨ ᠮᠤᠳᠤᠨ᠎ᠳᠤ ᠭᠤᠶᠤ ᠨᠠᠪᠴᠢ ᠤᠷᠭᠤᠵᠠᠢ᠂ ᠴᠠᠰᠤᠨ᠎ᠤ ᠳᠤᠮᠳᠠᠬᠢ ᠵᠢᠭ᠋ᠠᠷᠲᠤ ᠮᠤᠳᠤ ᠨᠡᠩ ᠴᠤ᠌ ᠨᠤᠮᠢᠨ ᠨᠤᠭᠤᠭ᠋ᠠᠨ ᠵᠶ᠋ᠡᠷ ᠰᠡᠬᠦᠢ᠌ᠨ ᠰᠦᠨᠳᠡᠷᠯᠡᠵᠦ᠂ ᠲᠡᠰᠬᠢᠮ᠎ᠠ ᠬᠦᠢ᠍ᠳᠡᠨ ᠰᠠᠯᠬᠢ ᠰᠢᠭᠤᠷᠭ᠋ᠠᠨ᠎ᠲᠠᠢ ᠲᠡᠮᠡᠴᠠᠨ᠎ᠠ᠃ ᠣᠶ ᠲᠤᠮᠳᠠ ᠡᠨᠳᠠ ᠲᠡᠨᠳᠠ ᠰᠡᠯᠡᠭᠦᠴᠡᠯ᠎ᠤᠨ ᠬᠣᠨᠣᠭ᠎ᠤᠨ ᠵᠢᠵᠢᠭ ᠮᠣᠳᠣᠨ ᠭᠡᠷ ᠰᠦᠭᠯᠡᠢ᠌ᠵᠦ᠂ ᠬᠡᠦᠬᠡᠳ᠎ᠤᠨ ᠳᠤᠮᠤᠭ ᠳᠣᠲᠣᠷᠠᠬᠢ ᠴᠠᠰᠤᠨ ᠭᠦᠩᠵᠦ ᠪᠠ ᠳᠣᠯᠣᠭ᠋ᠠᠨ ᠣᠳᠣᠶ ᠬᠥᠮᠦᠨ᠎ᠤ ᠶᠢᠷᠲᠢᠨᠴᠦ᠎ᠳᠤ ᠬᠦᠷᠦᠭᠰᠡᠨ ᠮᠡᠲᠤ ᠰᠠᠨᠠᠭᠳᠠᠭᠤᠯᠤᠨ᠎ᠠ᠃ 2005 ᠣᠨ᠎ᠳᠤ ᠠᠯᠳᠠᠷᠲᠤ ᠺᠢᠨᠣ᠋ ᠤᠷᠠᠯᠢᠭᠴᠢᠨ ᠸᠠᠩ ᠲᠢᠶᠸ ᠴᠧᠩ᠎ᠠᠴᠠ ᠡᠨᠡᠬᠦ ᠬᠣᠩᠭᠣᠯᠵᠢ ᠵᠢᠭ᠋ᠠᠷᠲᠤ ᠨᠠᠷᠠᠰᠤᠨ ᠤᠯᠤᠰ᠎ᠤᠨ ᠣᠶ ᠰᠢᠭᠤᠶ ᠵᠢᠨ ᠴᠡᠴᠡᠷᠯᠢᠭ ᠵᠶ᠋ᠡᠷ ᠵᠤᠭ᠋ᠠᠴᠠᠨ ᠲᠣᠭᠣᠷᠢᠬᠤ᠎ᠳᠠᠭᠠᠨ ᠰᠡᠳᠬᠢᠯ ᠬᠦᠳᠡᠯᠦᠨ ᠪᠢᠴᠢᠭᠯᠡᠵᠠᠢ᠄ 《  ᠬᠤᠩᠭᠤᠯᠵᠢ᠎ᠤᠨ ᠰᠠᠶ᠋ᠢᠬᠠᠨ ᠦᠵᠡᠮᠵᠢ   ᠬᠥᠮᠦᠨ᠎ᠤ ᠶᠢᠷᠲᠢᠨᠴᠦ ᠵᠢᠨ ᠠᠷᠰᠢ ᠵᠢᠨ ᠣᠷᠣᠨ ᠦᠭᠡᠷ᠎ᠡ ᠤᠤ ᠳ᠋ᠠ》᠃





ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠵᠢᠨ ᠲᠢᠩᠬᠢᠮ
          
ᠬᠠᠮᠢᠶ᠎ᠡ ᠪᠦᠬᠦᠢ ᠰᠣᠨᠢᠨ
ᠤᠯᠠᠨ ᠤᠯᠤᠰ᠎ᠤᠨ ᠲᠠᠰ᠎ᠤᠨ ᠬᠡᠭᠡᠷ᠎ᠡ ᠵᠢᠨ ᠰᠢᠪᠠᠭᠤᠨ᠎ᠤ ᠲᠦᠷᠦᠯ ᠥᠪᠥᠷ ᠮᠣᠩᠭᠣᠯ᠎ᠤᠨ ᠬᠠᠨ ᠠᠭᠤᠯᠠ ᠵᠢᠨ ᠤᠯᠤᠰ᠎ᠤᠨ ᠲᠠᠰ᠎ᠤᠨ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠣᠷᠣᠨ᠎ᠳᠤ ᠡᠭᠦᠷᠭᠡᠯᠡᠵᠦ ᠪᠠᠢ᠌ᠨ᠎ᠠ
ᠬᠢᠩᠭ᠋ᠠᠨ ᠠᠶ᠋ᠢᠮᠠᠭ᠎ᠤᠨ ᠤᠯᠠᠭ᠋ᠠᠨᠬᠣᠲᠠ (ᠡᠦ ᠴᠠ ᠭᠧᠤ) ᠠᠭ᠋ᠠᠷ ᠠᠶᠠᠯᠠᠯ᠎ᠤᠨ ᠤᠢ ᠰᠢᠭᠤᠶ ᠬᠠᠮᠠᠭ᠋ᠠᠯᠠᠬᠤ ᠦᠷᠲᠡᠭᠡ ᠶᠡᠬᠡ ᠬᠢᠩᠭ᠋ᠠᠨ ᠳᠠᠪᠠᠭ᠎ᠠ ᠵᠢᠨ ᠲᠦᠢ᠍ᠮᠡᠷ ᠭᠠᠷᠤᠭᠰᠠᠨ ᠭᠠᠵᠠᠷ᠎ᠢ ᠲᠤᠰᠠᠯᠠᠪᠠ
ᠬᠦᠯᠦᠨ ᠪᠤᠢ᠌ᠷ ᠬᠤᠳᠠ ᠵᠢᠨ ᠮᠠᠨᠵᠤᠤᠷ᠎ᠤᠨ ᠤᠢ ᠰᠢᠭᠤᠶ ᠵᠢᠨ ᠲᠣᠪᠴᠢᠶ᠎ᠠ ᠮᠥᠬᠥᠬᠦ ᠰᠢᠬᠠᠭᠰᠠᠨ ᠵᠡᠷᠯᠢᠭ ᠠᠮᠢᠳᠠᠨ᠎ᠤ ᠦᠢ᠍ᠯᠡᠳᠬᠦᠨ᠎ᠤ ᠬᠡᠷᠡᠭ᠎ᠢ ᠪᠠᠶ᠋ᠢᠴᠠᠭ᠋ᠠᠨ ᠢᠯᠡᠷᠡᠭᠦᠯᠪᠡ
ᠬᠤᠶᠠᠳᠤᠭ᠋ᠠᠷ ᠬᠤᠭᠤᠴᠠᠭ᠋ᠠᠨ᠎ᠤ ᠲᠤᠮᠳᠠᠳᠤ ᠤᠯᠤᠰ᠎ᠤᠨ ᠤᠯᠠᠨ ᠤᠯᠤᠰ᠎ᠤᠨ ᠭᠠᠳᠠᠭ᠋ᠠᠳᠤ ᠤᠷᠤᠭᠤᠯᠤᠯᠳᠠ ᠵᠢᠨ ᠦᠵᠡᠰᠬᠦᠯᠡᠩ᠎ᠤᠨ ᠴᠤᠭᠯᠠᠭ᠋ᠠᠨ᠎ᠤ ᠡᠬᠢᠯᠡᠯᠳᠡ ᠵᠢᠨ ᠶᠤᠰᠤᠯᠠᠯ ᠲᠡᠭᠡᠷᠡᠬᠢ ᠭᠤᠤᠯ ᠵᠤᠷᠢᠯᠳᠡᠳᠤ ᠶᠠᠷᠢᠶ᠎ᠠ ᠢᠯᠡᠳᠬᠡᠯ
ᠡᠴᠢᠨ᠎ᠡ ᠭᠠᠶ᠋ᠢᠬᠠᠯᠲᠠᠢ ᠡᠯᠡᠰᠦ ᠮᠠᠩᠬ᠎ᠠ
 
             蒙ICP备05000248号