1985 ᠤᠨ᠎ᠤ 10 ᠰᠠᠷ᠎ᠠ ᠵᠢᠨ 1᠎ᠠᠴᠠ ᠡᠬᠢᠯᠡᠵᠦ ᠬᠡᠷᠡᠭᠵᠢᠬᠦᠯᠦᠭᠰᠡᠨ 《ᠪᠦᠬᠦᠳᠡ ᠨᠠᠶ᠋ᠢᠷᠠᠮᠳᠠᠬᠤ ᠲᠤᠮᠳᠠᠳᠤ ᠠᠷᠠᠳ ᠤᠯᠤᠰ᠎ᠤᠨ ᠨᠤᠳᠤᠬ ᠪᠡᠯᠴᠢᠬᠡᠷ᠎ᠤᠨ ᠬᠠᠤᠯᠢ》᠎ᠳᠤ 2009 ᠤᠨ᠎ᠤ 8 ᠰᠠᠷ᠎ᠠ ᠵᠢᠨ 27᠎ᠤ ᠡᠳᠦᠷ᠂ 2013 ᠤᠨ᠎ᠤ 6 ᠰᠠᠷ᠎ᠠ ᠵᠢᠨ 29᠎ᠤ ᠡᠳᠦᠷ ᠬᠤᠶᠠᠷ ᠤᠳᠠᠭ᠎ᠠ ᠵᠠᠰᠠᠪᠤᠷᠢ ᠤᠷᠤᠭᠤᠯᠵᠠᠢ᠃
ᠵᠠᠰᠠᠪᠤᠷᠢ ᠤᠷᠤᠭᠤᠯᠤᠬᠰᠠᠨ᠎ᠤ ᠲᠠᠷᠠᠭ᠋ᠠᠬᠢ 《ᠪᠦᠬᠦᠳᠡ ᠨᠠᠶ᠋ᠢᠷᠠᠮᠳᠠᠬᠤ ᠲᠤᠮᠳᠠᠳᠤ ᠠᠷᠠᠳ ᠤᠯᠤᠰ᠎ᠤᠨ ᠲᠠᠯ᠎ᠠ ᠨᠤᠳᠤᠬ᠎ᠤᠨ ᠬᠠᠤᠯᠢ》 ᠵᠢᠨ ᠬᠤᠷᠢᠨ ᠨᠠᠢ᠍ᠮᠠᠳᠤᠭ᠋ᠠᠷ ᠵᠤᠷᠪᠤᠰ᠎ᠲᠤ᠂ 《ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠬ᠎ᠤᠨ ᠤᠷᠳᠤᠨ ᠮᠠᠯᠴᠢᠨ ᠲᠠᠷᠢᠶᠠᠴᠢᠨ᠎ᠤ ᠨᠤᠳᠤᠬ ᠪᠡᠯᠴᠢᠬᠡᠷ᠎ᠤᠨ ᠲᠤᠤᠷ ᠬᠦᠷᠢᠶ᠎ᠠ᠂ ᠡᠪᠡᠰᠤ ᠪᠤᠷᠳᠤᠭ᠎ᠠ ᠨᠦᠬᠡᠴᠡᠯᠡᠬᠦ᠂ ᠮᠠᠯ᠎ᠤᠨ ᠬᠠᠰᠢᠶ᠎ᠠ ᠰᠠᠷᠠᠪᠴᠢ᠂ ᠮᠠᠯᠴᠢᠳ᠎ᠤᠨ ᠰᠠᠭᠤᠷᠢᠰᠢᠯ ᠴᠡᠭ ᠵᠡᠷᠬᠡ ᠦᠢ᠍ᠯᠡᠳᠪᠦᠷᠢᠯᠡᠯ ᠠᠮᠢᠳᠤᠷᠠᠯ᠎ᠤᠨ ᠲᠦᠬᠦᠬᠡᠷᠦᠮᠵᠢ ᠵᠢ ᠪᠦᠲᠦᠬᠡᠨ ᠪᠠᠶ᠋ᠢᠭᠤᠯᠬᠤ ᠵᠢ ᠲᠡᠮᠵᠢᠵᠦ ᠵᠤᠷᠢᠬ᠍ᠵᠢᠭᠤᠯᠤᠨ ᠬᠦᠲᠦᠯᠵᠤ ᠵᠢᠯᠤᠭᠤᠳᠪᠠᠯ ᠵᠤᠬᠢᠨ᠎ᠠ》 ᠬᠡᠵᠦ ᠲᠤᠬᠳᠠᠭ᠋ᠠᠪᠠ᠃
2005 ᠤᠨ᠎ᠤ 1 ᠰᠠᠷ᠎ᠠ ᠵᠢᠨ 1᠎ᠠᠴᠠ ᠡᠬᠢᠯᠡᠵᠦ ᠬᠡᠷᠡᠭᠵᠢᠬᠦᠯᠦᠭᠰᠡᠨ 《ᠦᠪᠦᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠨᠤᠳᠤᠬ ᠪᠡᠯᠴᠢᠬᠡᠷ᠎ᠤᠨ ᠬᠠᠮᠢᠶᠠᠷᠤᠯᠳᠠ ᠵᠢᠨ ᠲᠦᠷᠢᠮ》᠎ᠳᠤ᠂ ᠨᠤᠳᠤᠬ ᠪᠡᠯᠴᠢᠬᠡᠷ᠎ᠤᠨ ᠡᠷᠬᠡ ᠵᠢᠨ ᠬᠠᠷᠢᠶᠠᠯᠠᠯ᠂ ᠨᠤᠳᠤᠬ ᠪᠡᠯᠴᠢᠬᠡᠷ᠎ᠢ ᠲᠦᠯᠦᠪᠵᠢᠬᠦᠯᠬᠦ᠂ ᠨᠤᠳᠤᠬ ᠪᠡᠯᠴᠢᠬᠡᠷ᠎ᠢ ᠪᠦᠲᠦᠬᠡᠨ ᠪᠠᠶ᠋ᠢᠭᠤᠯᠬᠤ᠂ ᠨᠤᠳᠤᠬ ᠪᠡᠯᠴᠢᠬᠡᠷ᠎ᠢ ᠠᠰᠢᠬᠯᠠᠬᠤ᠂ ᠨᠤᠳᠤᠬ ᠪᠡᠯᠴᠢᠬᠡᠷ᠎ᠢ ᠬᠠᠮᠠᠭ᠋ᠠᠯᠠᠬᠤ᠂ ᠨᠤᠳᠤᠬ ᠪᠡᠯᠴᠢᠬᠡᠷ᠎ᠲᠤ ᠬᠢᠨᠠᠯᠳᠠ ᠲᠠᠯᠪᠢᠵᠦ ᠬᠠᠮᠢᠶᠠᠷᠬᠤ᠂ ᠬᠠᠤᠯᠢ ᠴᠠᠭ᠋ᠠᠵᠠ ᠵᠢᠨ ᠬᠠᠷᠢᠭᠤᠴᠠᠯᠭ᠎ᠠ ᠵᠡᠷᠬᠡ ᠲᠠᠯ᠎ᠠ᠎ᠪᠠᠷ ᠲᠤᠬᠳᠠᠭ᠋ᠠᠯ ᠭᠠᠷᠭ᠋ᠠᠵᠠᠢ᠃
ᠲᠤᠰ 《ᠲᠦᠷᠢᠮ》᠎ᠤᠨ ᠠᠷᠪᠠᠨ ᠭᠤᠷᠪᠠᠳᠤᠭ᠋ᠠᠷ ᠵᠤᠷᠪᠤᠰ᠎ᠲᠤ᠂ 《ᠨᠤᠳᠤᠬ ᠪᠡᠯᠴᠢᠬᠡᠷ᠎ᠤᠨ ᠡᠷᠬᠡ ᠵᠢᠨ ᠬᠠᠷᠢᠶᠠᠯᠠᠯ᠎ᠤᠨ ᠲᠤᠬᠠᠢ ᠮᠠᠷᠭᠤᠭ᠋ᠠᠨ᠎ᠢ ᠰᠢᠢ᠍ᠳᠪᠦᠷᠢᠯᠡᠬᠦ᠎ᠠᠴᠠ ᠡᠮᠦᠨ᠎ᠠ᠂ ᠤᠤᠯ᠎ᠤᠨ ᠪᠠᠶ᠋ᠢᠬᠰᠠᠨ ᠦᠢ᠍ᠯᠡᠳᠪᠦᠷᠢᠯᠡᠯ ᠠᠮᠢᠳᠤᠷᠠᠯ᠎ᠤᠨ ᠲᠦᠬᠦᠬᠡᠷᠦᠮᠵᠢ ᠵᠢ ᠡᠪᠳᠡᠵᠦ ᠪᠤᠯᠬᠤ ᠦᠬᠡᠢ᠂ ᠲᠤᠤᠷ ᠬᠦᠷᠢᠶ᠎ᠠ᠂ ᠬᠠᠰᠢᠶ᠎ᠠ ᠰᠠᠷᠠᠪᠴᠢ᠂ ᠤᠳᠤᠷ ᠵᠡᠷᠬᠡ ᠦᠢ᠍ᠯᠡᠳᠪᠦᠷᠢᠯᠡᠯ ᠠᠮᠢᠳᠤᠷᠠᠯ᠎ᠤᠨ ᠲᠦᠬᠦᠬᠡᠷᠦᠮᠵᠢ ᠵᠢᠴᠢ ᠪᠤᠰᠤᠳ ᠦᠨᠢᠳᠡ ᠵᠢᠨ ᠴᠢᠨᠠᠷᠳᠠᠢ ᠪᠠᠷᠢᠯᠭ᠎ᠠ ᠵᠢ ᠪᠠᠶ᠋ᠢᠭᠤᠯᠵᠦ ᠪᠤᠯᠬᠤ ᠦᠬᠡᠢ》 ᠬᠡᠵᠦ ᠲᠤᠬᠳᠠᠭ᠋ᠠᠪᠠ᠃
ᠲᠤᠰ 《ᠲᠦᠷᠢᠮ》᠎ᠤᠨ ᠠᠷᠪᠠ ᠶᠢᠰᠦᠳᠦᠬᠡᠷ ᠵᠤᠷᠪᠤᠰ᠎ᠲᠤ᠂ 《ᠡᠯ᠎ᠠ ᠱᠠᠳᠤᠨ᠎ᠤ ᠠᠷᠠᠳ᠎ᠤᠨ ᠵᠠᠰᠠᠬ᠎ᠤᠨ ᠤᠷᠳᠤᠨ ᠨᠢᠬᠡᠴᠢ ᠪᠠ ᠬᠤᠪᠢ ᠬᠦᠮᠦᠨ᠎ᠤ ᠲᠠᠷᠢᠮᠠᠯ ᠪᠡᠯᠴᠢᠬᠡᠷ ᠪᠦᠲᠦᠬᠡᠨ ᠪᠠᠶ᠋ᠢᠭᠤᠯᠬᠤ᠂ ᠪᠠᠶ᠋ᠢᠭ᠋ᠠᠯᠢᠯᠢᠬ ᠨᠤᠳᠤᠬ ᠪᠡᠯᠴᠢᠬᠡᠷ᠎ᠢ ᠰᠠᠶ᠋ᠢᠵᠢᠷᠠᠭᠤᠯᠬᠤ᠂ ᠡᠪᠡᠰᠤ ᠪᠤᠷᠳᠤᠭ᠋ᠠᠨ᠎ᠤ ᠰᠠᠭᠤᠷᠢᠨ᠎ᠢ ᠪᠦᠲᠦᠬᠡᠨ ᠪᠠᠶ᠋ᠢᠭᠤᠯᠬᠤ᠂ ᠮᠠᠯᠴᠢᠳ᠎ᠤᠨ ᠰᠠᠭᠤᠷᠢᠰᠢᠯ ᠴᠡᠭ᠂ ᠭᠠᠮᠰᠢᠬ᠎ᠢ ᠰᠡᠷᠬᠡᠶ᠋ᠢᠯᠡᠬᠦ ᠰᠠᠭᠤᠷᠢᠨ᠂ ᠨᠤᠳᠤᠬ ᠪᠡᠯᠴᠢᠬᠡᠷ᠎ᠤᠨ ᠲᠤᠤᠷ ᠬᠦᠷᠢᠶ᠎ᠠ᠂ ᠡᠪᠡᠰᠤ ᠪᠤᠷᠳᠤᠭ᠎ᠠ ᠨᠦᠬᠡᠴᠡᠯᠡᠬᠦ᠂ ᠮᠠᠯ᠎ᠤᠨ ᠬᠠᠰᠢᠶ᠎ᠠ ᠰᠠᠷᠠᠪᠴᠢ ᠵᠡᠷᠬᠡ ᠠᠮᠢᠳᠤᠷᠠᠯ ᠦᠢ᠍ᠯᠡᠳᠪᠦᠷᠢᠯᠡᠯ᠎ᠤᠨ ᠲᠦᠬᠦᠬᠡᠷᠦᠮᠵᠢ ᠵᠢ ᠪᠦᠲᠦᠬᠡᠨ ᠪᠠᠶ᠋ᠢᠭᠤᠯᠬᠤ ᠵᠢ ᠵᠤᠷᠢᠬ᠍ᠵᠢᠭᠤᠯᠤᠨ ᠲᠡᠮᠵᠢᠵᠦ ᠬᠦᠲᠦᠯᠦᠨ ᠵᠢᠯᠤᠭᠤᠳᠤᠨ᠎ᠠ》 ᠬᠡᠵᠦ ᠲᠤᠬᠳᠠᠭ᠋ᠠᠪᠠ᠃
2006 ᠤᠨ᠎ᠤ 5 ᠰᠠᠷ᠎ᠠ ᠵᠢᠨ 1᠎ᠠᠴᠠ ᠡᠬᠢᠯᠡᠵᠦ ᠬᠡᠷᠡᠭᠵᠢᠬᠦᠯᠦᠭᠰᠡᠨ 《ᠦᠪᠦᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠨᠤᠳᠤᠬ ᠪᠡᠯᠴᠢᠬᠡᠷ᠎ᠤᠨ ᠬᠠᠮᠢᠶᠠᠷᠤᠯᠳᠠ ᠵᠢᠨ ᠲᠦᠷᠢᠮ᠎ᠤᠨ ᠬᠡᠷᠡᠭᠵᠢᠬᠦᠯᠬᠦ ᠨᠠᠷᠢᠨ ᠲᠦᠷᠢᠮ》᠎ᠳᠤ᠂ ᠨᠤᠳᠤᠬ ᠪᠡᠯᠴᠢᠬᠡᠷ᠎ᠢ ᠲᠠᠭ᠋ᠠᠭ᠋ᠠᠴᠢᠯᠠᠨ ᠡᠵᠡᠩᠨᠡᠬᠦ᠂ ᠨᠤᠳᠤᠬ ᠪᠡᠯᠴᠢᠬᠡᠷ᠎ᠢ ᠲᠠᠭ᠋ᠠᠭ᠋ᠠᠴᠢᠯᠠᠨ ᠡᠵᠡᠩᠨᠡᠬᠦ ᠡᠷᠬᠡ ᠵᠢ ᠰᠢᠯᠵᠢᠬᠦᠯᠬᠦ᠂ ᠮᠠᠯ ᠪᠡᠯᠴᠢᠬᠡᠷ᠎ᠤᠨ ᠲᠡᠩᠴᠡᠬᠦᠷᠢ ᠵᠢ ᠪᠠᠳᠤᠯᠠᠬᠤ᠂ ᠨᠤᠳᠤᠬ ᠪᠡᠯᠴᠢᠬᠡᠷ᠎ᠢ ᠲᠦᠯᠦᠪᠵᠢᠬᠦᠯᠵᠦ ᠪᠦᠲᠦᠬᠡᠨ ᠪᠠᠶ᠋ᠢᠭᠤᠯᠬᠤ᠂ ᠨᠤᠳᠤᠬ ᠪᠡᠯᠴᠢᠬᠡᠷ᠎ᠢ ᠠᠰᠢᠬᠯᠠᠬᠤ᠂ ᠨᠤᠳᠤᠬ ᠪᠡᠯᠴᠢᠬᠡᠷ᠎ᠢ ᠬᠠᠮᠠᠭ᠋ᠠᠯᠠᠬᠤ᠂ ᠬᠠᠤᠯᠢ ᠴᠠᠭ᠋ᠠᠵᠠ ᠵᠢᠨ ᠬᠠᠷᠢᠭᠤᠴᠠᠯᠭ᠎ᠠ ᠵᠡᠷᠬᠡ ᠲᠠᠯ᠎ᠠ᠎ᠪᠠᠷ ᠨᠠᠷᠢᠨ ᠲᠤᠬᠳᠠᠭ᠋ᠠᠯ ᠭᠠᠷᠭ᠋ᠠᠵᠠᠢ᠃
ᠲᠤᠰ 《ᠨᠠᠷᠢᠨ ᠲᠦᠷᠢᠮ》᠎ᠤᠨ ᠲᠦᠴᠢᠨ ᠲᠠᠪᠤᠳᠤᠭ᠋ᠠᠷ ᠵᠤᠷᠪᠤᠰ᠎ᠲᠤ᠂ 《ᠨᠤᠳᠤᠬ ᠪᠡᠯᠴᠢᠬᠡᠷ᠎ᠤᠨ ᠲᠤᠤᠷ ᠬᠦᠷᠢᠶ᠎ᠠ ᠵᠢ ᠪᠦᠲᠦᠬᠡᠨ ᠪᠠᠶ᠋ᠢᠭᠤᠯᠬᠤ᠎ᠳᠤ᠂ ᠨᠤᠳᠤᠬ ᠪᠡᠯᠴᠢᠬᠡᠷ᠎ᠤᠨ ᠭᠤᠤᠯ ᠪᠤᠯᠬᠤ ᠵᠠᠮ᠎ᠤᠨ ᠰᠠᠭ᠋ᠠᠳ ᠦᠬᠡᠢ ᠨᠡᠪᠲᠡᠷᠡᠬᠦ ᠵᠢ ᠪᠠᠳᠤᠯᠠᠨ᠂ ᠵᠠᠮ᠎ᠢ ᠲᠠᠰᠤᠯᠤᠬᠰᠠᠨ᠎ᠠᠴᠠ ᠪᠤᠯᠵᠦ ᠨᠤᠳᠤᠬ ᠪᠡᠯᠴᠢᠬᠡᠷ᠎ᠢ ᠲᠠᠷᠤᠵᠦ ᠡᠪᠳᠡᠬᠦ᠎ᠠᠴᠠ ᠵᠠᠶ᠋ᠢᠯᠠᠰᠬᠢᠪᠡᠯ ᠵᠤᠬᠢᠨ᠎ᠠ》 ᠬᠡᠵᠦ ᠲᠤᠭᠳᠠᠭ᠋ᠠᠵᠠᠢ᠃
ᠲᠤᠰ 《ᠨᠠᠷᠢᠨ ᠲᠦᠷᠢᠮ》᠎ᠤᠨ ᠲᠦᠴᠢᠨ ᠲᠤᠯᠤᠳᠤᠭ᠋ᠠᠷ ᠵᠤᠷᠪᠤᠰ᠎ᠲᠤ᠂ 《ᠨᠤᠳᠤᠬ ᠪᠡᠯᠴᠢᠬᠡᠷ᠎ᠲᠤ ᠪᠦᠲᠦᠬᠡᠨ ᠪᠠᠶ᠋ᠢᠭᠤᠯᠬᠤ ᠠᠵᠢᠯᠯᠠᠭ᠎ᠠ ᠶᠠᠪᠤᠬᠳᠠᠭᠤᠯᠬᠤ᠎ᠳᠤ᠂ ᠤᠷᠴᠢᠨ ᠲᠤᠭᠤᠷᠢᠨ᠎ᠢ ᠨᠦᠯᠦᠭᠡᠯᠡᠬᠦ ᠦᠨᠡᠯᠡᠯᠳᠡ ᠬᠢᠵᠦ᠂ ᠦᠨᠡᠯᠡᠯᠳᠡ᠎ᠳᠠᠬᠢ ᠤᠷᠴᠢᠨ ᠲᠤᠭᠤᠷᠢᠨ᠎ᠢ ᠬᠠᠮᠠᠭ᠋ᠠᠯᠠᠬᠤ ᠠᠷᠭ᠎ᠠ ᠬᠡᠮᠵᠢᠶ᠎ᠠ᠂ ᠠᠮᠢ ᠠᠬᠤᠢ ᠵᠢ ᠰᠡᠷᠬᠦᠬᠡᠬᠦ ᠢᠨᠵᠧᠨᠧᠷᠢᠩ᠎ᠢ ᠭᠤᠤᠯ ᠴᠤᠬ᠍ᠴᠠ ᠵᠢᠨ ᠢᠨᠵᠧᠨᠧᠷᠢᠩ᠎ᠲᠠᠢ ᠵᠡᠷᠬᠡ᠎ᠪᠠᠷ ᠵᠢᠷᠤᠵᠦ ᠲᠦᠯᠦᠪᠯᠡᠨ᠂ ᠵᠡᠷᠬᠡ᠎ᠪᠠᠷ ᠪᠠᠷᠢᠯᠭ᠎ᠠ ᠵᠢᠨ ᠠᠵᠢᠯ᠎ᠢ ᠶᠠᠪᠤᠬᠳᠠᠭᠤᠯᠤᠨ᠂ ᠵᠡᠷᠬᠡ᠎ᠪᠠᠷ ᠠᠰᠢᠬᠯᠠᠯᠳᠠ᠎ᠳᠤ ᠤᠷᠤᠭᠤᠯᠪᠠᠯ ᠵᠤᠬᠢᠨ᠎ᠠ᠃ ᠨᠤᠳᠤᠬ ᠪᠡᠯᠴᠢᠬᠡᠷ᠎ᠲᠤ ᠪᠤᠰᠤᠳ ᠠᠵᠢᠯ᠎ᠢ ᠶᠠᠪᠤᠬᠳᠠᠭᠤᠯᠬᠤ᠎ᠳᠤ᠂ ᠪᠦᠲᠦᠮᠵᠢᠳᠡᠢ ᠠᠷᠭ᠎ᠠ ᠬᠡᠮᠵᠢᠶ᠎ᠠ ᠠᠪᠴᠤ᠂ ᠨᠤᠳᠤᠬ ᠪᠡᠯᠴᠢᠬᠡᠷ᠎ᠢ ᠪᠤᠬᠢᠷᠳᠤᠭᠤᠯᠬᠤ ᠦᠬᠡᠢ᠂ ᠡᠪᠳᠡᠬᠦ ᠦᠬᠡᠢ ᠪᠠᠶ᠋ᠢᠪᠠᠯ ᠵᠤᠬᠢᠨ᠎ᠠ᠃ ᠬᠤᠰᠢᠭᠤ ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠬ᠎ᠤᠨ ᠤᠷᠳᠤᠨ᠎ᠤ ᠤᠷᠴᠢᠨ ᠲᠤᠭᠤᠷᠢᠨ᠎ᠤ ᠬᠠᠮᠠᠭ᠋ᠠᠯᠠᠯᠳᠠ ᠵᠢᠨ ᠵᠠᠰᠠᠬ ᠵᠠᠬᠢᠷᠭ᠋ᠠᠨ᠎ᠤ ᠭᠤᠤᠯ ᠬᠠᠮᠢᠶᠠᠷᠤᠯᠳᠠ ᠵᠢᠨ ᠰᠠᠯᠠᠭ᠎ᠠ ᠮᠦᠴᠢᠷ ᠨᠤᠳᠤᠬ ᠪᠡᠯᠴᠢᠬᠡᠷ ᠲᠡᠬᠡᠷ᠎ᠠ ᠬᠢᠵᠦ ᠪᠠᠶ᠋ᠢᠭ᠎ᠠ ᠪᠦᠲᠦᠬᠡᠨ ᠪᠠᠶ᠋ᠢᠭᠤᠯᠤᠯᠳᠠ ᠵᠢᠨ ᠠᠵᠢᠯᠯᠠᠭ᠎ᠠ ᠪᠠ ᠪᠤᠰᠤᠳ ᠠᠵᠢᠯᠯᠠᠭ᠎ᠠ᠎ᠳᠤ᠂ ᠪᠦᠲᠦᠬᠡᠨ ᠪᠠᠶ᠋ᠢᠭᠤᠯᠬᠤ᠎ᠠᠴᠠ ᠡᠮᠦᠨ᠎ᠠ ᠤᠷᠴᠢᠨ ᠲᠤᠭᠤᠷᠢᠨ᠎ᠤ ᠪᠠᠶ᠋ᠢᠳᠠᠯ᠎ᠤᠨ ᠪᠠᠶ᠋ᠢᠴᠠᠭ᠋ᠠᠯᠳᠠ ᠬᠢᠵᠦ᠂ ᠪᠦᠲᠦᠬᠡᠨ ᠪᠠᠶ᠋ᠢᠭᠤᠯᠬᠤ ᠶᠠᠪᠤᠴᠠ᠎ᠳᠤ ᠮᠦᠷᠳᠡᠯ ᠬᠢᠨᠠᠨ ᠬᠡᠮᠵᠢᠯᠳᠡ ᠬᠢᠵᠦ᠂ ᠪᠦᠲᠦᠭᠡᠨ ᠪᠠᠶ᠋ᠢᠭᠤᠯᠤᠯᠳᠠ ᠵᠢᠨ ᠠᠵᠢᠯᠯᠠᠭ᠎ᠠ ᠲᠠᠭᠤᠰᠤᠬᠰᠠᠨᠤ ᠲᠠᠷᠠᠭ᠎ᠠ ᠤᠷᠴᠢᠨ ᠲᠤᠭᠤᠷᠢᠨ᠎ᠤ ᠦᠨᠡᠯᠡᠨ ᠵᠢᠱ᠌ᠢᠯᠳᠡ ᠬᠢᠪᠡᠯ ᠵᠤᠬᠢᠨ᠎ᠠ》 ᠬᠡᠵᠦ ᠲᠤᠭᠳᠠᠭ᠋ᠠᠵᠠᠢ᠃