ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠡᠪᠠᠰᠤ ᠪᠤᠷᠳᠤᠭ᠎ᠠ ᠬᠠᠳᠤᠵᠤ ᠬᠤᠷᠢᠶᠠᠬᠤ᠎ᠳᠤ ᠠᠩᠬᠠᠷᠬᠤ ᠵᠥᠢ᠍ᠯ
ᠨᠡᠶ᠋ᠢᠲᠡᠯᠡᠭᠰᠡᠨ ᠴᠠᠭ᠄ 2020-07-16

      ᠡᠪᠠᠰᠤ ᠪᠤᠷᠳᠤᠭ᠎ᠠ ᠵᠢ ᠬᠠᠳᠤᠵᠤ ᠬᠤᠷᠢᠶᠠᠨ ᠪᠤᠯᠪᠠᠰᠤᠷᠠᠭᠤᠯᠬᠤ᠎ᠳᠤ ᠠᠯᠬᠤᠮ ᠲᠠᠷᠠᠭ᠎ᠠ᠎ᠲᠠᠢ ᠠᠷᠢᠭᠤᠨ ᠴᠠᠪᠠᠷ ᠪᠠᠶ᠋ᠢᠯᠭ᠋ᠠᠬᠤ᠎ᠨᠢ ᠮᠠᠯ᠎ᠤᠨ ᠭᠢᠵᠢᠭ ᠭᠡᠮ᠎ᠢ ᠰᠠᠷᠭᠡᠶ᠋ᠢᠯᠠᠬᠦ᠎ᠳᠤ ᠴᠢᠬᠤᠯᠨ ᠠᠴᠢ ᠬᠤᠯᠪᠤᠭᠳᠠᠯ᠎ᠲᠠᠢ ᠶᠤᠮ᠃
      ᠲᠠᠵᠢᠭᠡᠯ ᠡᠪᠠᠰᠤ ᠵᠢ ᠵᠤᠭᠢᠬᠤ ᠴᠠᠭ᠎ᠲᠤᠨᠢ ᠬᠠᠳᠤᠵᠤ᠂ ᠲᠠᠵᠢᠭᠡᠯ ᠡᠪᠠᠰᠤᠨ᠎ᠤ ᠲᠥᠷᠤᠯ ᠵᠥᠢ᠍ᠯ᠎ᠢ᠎ᠨᠢ ᠥᠨᠳᠤᠰᠤᠯᠠᠨ ᠠᠯᠢ ᠵᠤᠭᠢᠰᠳᠠᠢ ᠭᠠᠵᠠᠷ᠎ᠨᠢ ᠬᠤᠷᠢᠶᠠᠵᠤ ᠬᠠᠳᠠᠭ᠋ᠠᠯᠠᠬᠤ ᠮᠠᠰᠢ ᠴᠢᠬᠤᠯᠨ᠃ ᠡᠰᠢ ᠰᠥᠷᠠᠯ᠂ ᠥᠷᠡᠯᠢᠭ ᠲᠠᠵᠢᠭᠡᠯ ᠡᠪᠠᠰᠤ ᠵᠢ ᠬᠠᠭᠤᠷᠠᠢ ᠭᠠᠵᠠᠷ ᠬᠠᠳᠠᠭ᠋ᠠᠯᠠᠵᠤ᠂ ᠴᠢᠭᠢᠭ ᠨᠤᠶ᠋ᠢᠳᠠᠨ᠎ᠠᠴᠠ ᠠᠯᠢ ᠪᠤᠯᠬᠤ᠎ᠪᠠᠷ ᠵᠠᠶ᠋ᠢᠯᠠᠰᠭᠢᠬᠦ ᠭᠡᠷᠡᠭᠳᠠᠢ᠃ ᠱᠥᠬᠦᠰᠤ ᠶᠠᠭᠡᠳᠠᠢ ᠡᠪᠠᠰᠤ ᠵᠢ ᠭᠡᠳᠤᠷᠭᠡᠢ ᠬᠠᠯᠠᠭᠤᠳᠠᠭᠤᠯᠬᠤ ᠥᠭᠡᠢ ᠪᠥᠭᠡᠳ ᠪᠠᠰᠨ ᠬᠥᠯᠳᠠᠭᠡᠬᠦ ᠥᠭᠡᠢ᠎ᠪᠠᠷ ᠬᠠᠳᠠᠭ᠋ᠠᠯᠠᠪᠠᠯ ᠰᠠᠶ᠋ᠢᠨ᠃ ᠶᠠᠷᠤᠩᠭᠡᠢ᠎ᠳᠡᠭᠡᠨ ᠡᠪᠠᠰᠤ ᠵᠢ ᠬᠠᠭᠤᠷᠠᠢ᠂ ᠰᠠᠯᠭᠢ ᠨᠠᠪᠳᠠᠷᠠᠳᠡᠭ ᠭᠠᠵᠠᠷ ᠬᠠᠳᠠᠭ᠋ᠠᠯᠠᠪᠠᠯ ᠵᠤᠭᠢᠨ᠎ᠠ᠃
      ᠥᠷᠡᠯᠢᠭ ᠡᠪᠠᠰᠤ᠂ ᠲᠠᠯᠠᠭᠳᠠᠭᠰᠠᠨ ᠲᠠᠵᠢᠭᠡᠯ᠎ᠢ ᠬᠤᠷᠤᠬᠠᠶ᠋ᠢᠳᠤᠯ᠎ᠠᠴᠠ ᠰᠠᠷᠭᠡᠶ᠋ᠢᠯᠠᠬᠦ ᠵᠢᠨ ᠲᠤᠯᠠᠳᠠ ᠲᠤᠭᠳᠠᠮᠠᠯ ᠬᠤᠭᠤᠴᠠᠭ᠎ᠠ᠎ᠲᠠᠢ ᠪᠠᠶ᠋ᠢᠴᠠᠭ᠋ᠠᠨ ᠥᠵᠠᠵᠤ᠂ ᠴᠢᠬᠤᠯᠨ᠎ᠲᠠᠢ ᠥᠶ᠎ᠠ᠎ᠳᠤ ᠠᠷᠢᠭᠤᠳᠬᠠᠨ ᠴᠠᠪᠠᠷᠯᠠᠵᠤ ᠴᠢᠭᠢᠭᠳᠡᠬᠦᠯᠬᠦ ᠥᠭᠡᠢ ᠪᠠᠶ᠋ᠢᠯᠭ᠋ᠠᠨ᠎ᠠ᠃

      ᠥᠨᠳᠤᠰᠦᠯᠢᠭ ᠡᠰᠢ ᠪᠥᠬᠦᠢ ᠲᠠᠵᠢᠭᠡᠯ ᠡᠪᠠᠰᠤ ᠵᠢ ᠡᠷᠭᠡᠪᠰᠢ ᠬᠠᠭᠤᠷᠠᠢ ᠭᠠᠵᠠᠷ ᠬᠠᠳᠠᠭ᠋ᠠᠯᠠᠵᠤ᠂ ᠢᠯᠵᠢᠷᠠᠵᠤ ᠡᠪᠳᠠᠷᠡᠭᠰᠠᠨ ᠪᠠᠶ᠋ᠢᠪᠠᠯ ᠴᠠᠭ ᠲᠤᠬᠠᠢ᠎ᠳᠤᠨᠢ ᠠᠷᠢᠯᠭ᠋ᠠᠨ ᠴᠠᠪᠠᠷᠯᠠᠪᠠᠯ ᠵᠤᠭᠢᠨ᠎ᠠ᠃ ᠡᠪᠠᠰᠤ ᠪᠤᠷᠳᠤᠭ᠋ᠠᠨ᠎ᠤ ᠰᠢᠮ᠎ᠠ ᠲᠠᠵᠢᠭᠡᠯ᠎ᠢ ᠬᠠᠳᠠᠭ᠋ᠠᠯᠠᠵᠤ᠂ ᠠᠮᠳᠠ ᠵᠢ ᠰᠠᠶ᠋ᠢᠵᠢᠷᠠᠭᠤᠯᠤᠨ᠂ ᠮᠠᠯ᠎ᠳᠤ ᠰᠢᠩᠭᠡᠭᠡᠭᠳᠠᠬᠦ ᠴᠢᠨᠠᠷ᠎ᠢ ᠲᠠᠭᠡᠭᠰᠢᠯᠠᠬᠦᠯᠬᠦ ᠵᠢᠨ ᠲᠥᠯᠤᠭᠡ ᠮᠠᠯ ᠵᠶ᠋ᠠᠨ ᠲᠠᠵᠢᠭᠡᠬᠦ ᠵᠢᠨ ᠤᠷᠢᠳ ᠲᠤᠭᠤᠰᠤ ᠰᠢᠷᠤᠢ᠂ ᠢᠯᠵᠢᠷᠠᠵᠤ ᠡᠪᠳᠠᠷᠡᠭᠰᠠᠨ ᠡᠪᠠᠰᠤ ᠵᠢ᠎ᠨᠢ ᠠᠷᠢᠯᠭ᠋ᠠᠨ ᠴᠠᠪᠠᠷᠯᠠᠵᠤ᠂ ᠴᠢᠬᠤᠯᠨ᠎ᠲᠠᠢ ᠥᠶ᠎ᠠ᠎ᠳᠤ ᠰᠠᠯᠭᠢᠨ᠎ᠳᠤ ᠬᠠᠳᠠᠭ᠋ᠠᠨ ᠴᠢᠭᠢᠭ᠎ᠢ᠎ᠨᠢ ᠭᠠᠷᠭ᠋ᠠᠨ᠎ᠠ᠃ ᠭᠡᠬᠦ᠎ᠳᠡᠭᠡᠨ ᠪᠥᠳᠤᠬᠦᠯᠢᠭ ᠲᠠᠵᠢᠭᠡᠯ᠎ᠢ ᠭᠡᠷᠴᠢᠭᠰᠡᠨ᠎ᠤ ᠰᠠᠬᠦᠯᠠᠷ ᠮᠠᠯ ᠵᠶ᠋ᠠᠨ ᠲᠠᠵᠢᠭᠡᠵᠤ᠂ ᠥᠨᠳᠤᠰᠦᠯᠢᠭ ᠡᠰᠢᠳᠤ ᠲᠠᠵᠢᠭᠡᠯ᠎ᠢ ᠤᠷᠢᠳᠠᠪᠠᠷ ᠭᠡᠷᠴᠢᠵᠤ ᠵᠢᠵᠢᠭᠯᠡᠭᠡᠳ ᠲᠠᠷᠠᠭ᠎ᠠ᠎ᠨᠢ ᠵᠢᠩᠨᠠᠬᠦ ᠪᠤᠶᠤ ᠴᠢᠨᠠᠵᠤ ᠲᠠᠵᠢᠭᠡᠨ᠎ᠠ᠃
      ᠡᠪᠠᠰᠤᠨ᠎ᠤ ᠰᠢᠮ᠎ᠠ ᠵᠢ ᠪᠠᠳᠤᠯᠠᠵᠤ᠂ ᠰᠤᠷᠭᠤᠭ ᠴᠢᠨᠠᠷ᠎ᠢ ᠬᠠᠳᠠᠭ᠋ᠠᠯᠠᠬᠤ ᠵᠢᠨ ᠲᠥᠯᠤᠭᠡ ᠡᠭᠢᠯᠠᠨ ᠴᠠᠴᠡᠭᠯᠠᠵᠤ ᠪᠥᠬᠦᠢ ᠥᠶ᠎ᠠ᠎ᠳᠤᠨᠢ ᠬᠠᠳᠤᠵᠤ᠂ ᠭᠡᠳᠤᠷᠭᠡᠢ ᠤᠷᠤᠶ᠋ᠢᠳᠠᠭᠤᠯᠵᠤ ᠥᠷ᠎ᠠ ᠨᠠᠪᠴᠢ᠎ᠨᠢ ᠤᠨᠠᠵᠤ ᠰᠢᠮ᠎ᠠ ᠲᠠᠵᠢᠭᠡᠯ ᠵᠶ᠋ᠠᠨ ᠠᠯᠳᠠᠬᠤ᠎ᠠᠴᠠ ᠰᠠᠷᠭᠡᠶ᠋ᠢᠯᠠᠨ᠎ᠠ᠃ ᠴᠠᠴᠡᠭ ᠨᠠᠪᠴᠢ᠎ᠲᠠᠢ᠎ᠨᠢ ᠬᠠᠭᠤᠷᠠᠢ᠎ᠪᠠᠷ᠎ᠨᠢ ᠭᠡᠷᠠᠯ ᠰᠠᠯᠭᠢ ᠨᠠᠪᠳᠠᠷᠠᠬᠦ ᠭᠠᠵᠠᠷ ᠬᠤᠷᠢᠶᠠᠬᠤ ᠵᠢ ᠠᠩᠬᠠᠷᠬᠤ ᠴᠢᠬᠤᠯᠠᠳᠠᠢ᠃
      ᠬᠠᠳᠤᠭᠰᠠᠨ ᠡᠪᠠᠰᠤ᠎ᠪᠠᠨ ᠤᠷᠤᠭᠤᠯᠬᠤ᠎ᠠᠴᠠ᠎ᠪᠠᠨ ᠡᠮᠤᠨ᠎ᠠ ᠲᠤᠩᠭ᠋ᠠᠯᠠᠭ ᠡᠳᠤᠷ᠎ᠢ ᠰᠤᠩᠭᠤᠨ ᠬᠠᠭ᠋ᠠᠰ ᠡᠳᠤᠷ ᠭᠢᠷᠢᠳᠠᠢ ᠬᠠᠳᠠᠭ᠋ᠠᠭ᠋ᠠᠳ ᠲᠠᠭᠢᠨ ᠵᠢᠵᠢᠭᠯᠡᠨ ᠤᠪᠤᠭ᠋ᠠᠯᠠᠵᠤ ᠲᠠᠯᠪᠢᠨ᠎ᠠ᠃ ᠴᠢᠬᠤᠯᠨ᠎ᠲᠠᠢ ᠥᠶ᠎ᠠ᠎ᠳᠤ ᠲᠠᠭᠢᠨ ᠨᠢᠭᠡ ᠤᠳᠠᠭ᠎ᠠ ᠲᠠᠯᠭᠡᠨ ᠬᠠᠳᠠᠭ᠋ᠠᠵᠤ ᠤᠷᠤᠭᠤᠯᠤᠨ᠎ᠠ᠃ ᠡᠪᠠᠰᠤ᠎ᠪᠠᠨ ᠤᠷᠤᠭᠤᠯᠬᠤ᠎ᠳᠠᠭᠠᠨ ᠬᠠᠭᠤᠷᠠᠢ ᠥᠨᠳᠤᠷᠭᠡᠭ ᠭᠠᠵᠠᠷ ᠪᠥᠳᠤᠬᠦᠨ ᠤᠪᠤᠭ᠎ᠠ᠎ᠪᠠᠷ ᠬᠤᠷᠢᠶᠠᠬᠤ ᠪᠤᠶᠤ ᠨᠢᠷᠤᠭᠤᠯᠳᠤᠵᠤ ᠬᠤᠷᠢᠶᠠᠨ᠎ᠠ᠃

ᠢᠷᠡᠯᠲᠡ᠄ ᠪᠠᠶᠠᠨᠨᠠᠭᠤᠷ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠭᠠᠷ ᠤᠲᠠᠰᠤ᠎ᠪᠠᠷ ᠡᠮ᠎ᠤᠨ ᠦᠯᠡᠳᠡᠭᠳᠡᠯ᠎ᠢ ᠰᠢᠯᠭ᠋ᠠᠵᠤ ᠲᠡᠢ᠍ᠢ᠍ᠯᠦᠨ᠎ᠡ ᠤᠤ⁈
ᠨᠢᠬᠡ ᠮᠤ᠌ ᠤᠢ ᠮᠤᠳᠤᠨ᠎ᠤ ᠦᠢ᠍ᠯᠡᠳᠦᠯ
ᠣᠷᠴᠢᠨ ᠲᠤᠭᠤᠷᠢᠨ᠎ᠢ ᠬᠠᠮᠠᠭ᠋ᠠᠯᠠᠬᠤ ᠮᠡᠳᠡᠯᠭᠡ
ᠤᠷᠭ᠋ᠠᠨᠢᠭ ᠳᠠᠷᠢᠶᠠᠯᠠᠩ
ᠦᠪᠤᠷ ᠮᠤᠩᠭᠤᠯ᠎ᠤᠨ ᠡᠯ᠎ᠡ ᠬᠤᠰᠢᠭᠤᠳ᠎ᠤᠨ ᠶᠡᠷᠤᠩᠬᠡᠢ ᠨᠤᠳᠤᠭ ᠲᠡᠪᠢᠰᠭᠡᠷ᠎ᠤᠨ ᠲᠡᠰ ᠲᠠᠷᠠᠭ᠋ᠠᠯᠠᠯ (ᠨᠢᠭᠡᠴᠢ᠄ ᠲᠦᠮᠡᠨ ᠲᠡᠭᠰᠢ ᠲᠦᠷᠪᠡᠯᠵᠢᠨ ᠺᠢᠯᠤᠮᠸᠲᠷ)
 
             蒙ICP备05000248号