ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠲᠠᠬᠢᠶ᠎ᠠ ᠲᠡᠵᠢᠭᠡᠪᠡᠯ ᠪᠡᠯᠴᠢᠭᠡᠷ᠎ᠢ ᠰᠠᠶ᠋ᠢᠵᠢᠷᠠᠭᠤᠯᠵᠤ ᠴᠢᠳᠠᠨ᠎ᠠ
ᠨᠡᠶ᠋ᠢᠲᠡᠯᠡᠭᠰᠡᠨ ᠴᠠᠭ᠄ 2022-02-23

      ᠲᠠᠴᠢᠷᠳᠡᠭ᠍ᠰᠠᠨ ᠲᠠᠯ᠎ᠠ ᠨᠤᠳᠤᠭ᠎ᠢ ᠰᠡᠷᠭᠦᠭᠡᠬᠦ᠎ᠨᠢ ᠤᠳᠤᠬᠠᠨ᠎ᠤ ᠰᠤᠳᠤᠯᠭ᠋ᠠᠨ᠎ᠤ ᠴᠢᠭᠯᠡᠯ᠎ᠤᠨ ᠨᠢᠭᠡ᠎ᠨᠢ ᠪᠤᠯᠤᠨ᠎ᠠ᠃ ᠳᠤᠮᠳᠠᠳᠤ ᠤᠯᠤᠰ᠎ᠤᠨ ᠰᠢᠨᠵᠢᠯᠡᠬᠦ ᠤᠬᠠᠭ᠋ᠠᠨ᠎ᠤ ᠠᠺᠠᠳᠧᠮᠢ ᠵᠢᠨ ᠠᠮᠢᠳᠤ ᠪᠤᠳᠠᠰ᠎ᠤᠨ ᠰᠤᠳᠤᠯᠭ᠋ᠠᠨ᠎ᠤ ᠲᠠᠰᠤᠭ᠎ᠤᠨ ᠬᠤᠯᠠᠨ ᠰᠢᠷᠭ᠎ᠠ ᠲᠠᠭ᠎ᠠ ᠵᠢᠨ ᠡᠯᠡᠰᠦᠨ ᠭᠠᠵᠠᠷ᠎ᠤᠨ ᠠᠮᠢ ᠠᠬᠤᠢ ᠵᠢᠨ ᠰᠤᠳᠤᠯᠠᠭ᠋ᠠᠨ᠎ᠤ ᠲᠦᠪ᠎ᠤᠨ᠎ᠬᠢᠨ ᠲᠠᠴᠢᠷ ᠭᠠᠵᠠᠷ ᠳᠡᠭᠡᠷ᠎ᠡ ᠲᠠᠬᠢᠶ᠎ᠠ ᠲᠡᠵᠢᠭᠡᠬᠦ᠎ᠨᠢ ᠵᠤᠬᠢᠬᠤ ᠬᠡᠮᠵᠢᠶᠡᠨ᠎ᠳᠤ ᠲᠠᠯ᠎ᠠ ᠨᠤᠳᠤᠭ᠎ᠤᠨ ᠲᠡᠴᠢᠷᠳᠡᠯ᠎ᠢ ᠵᠤᠬᠢᠬᠤ ᠬᠡᠮᠵᠢᠶ᠎ᠡ ᠎ᠪᠠᠷ ᠰᠠᠶ᠋ᠢᠵᠢᠷᠠᠭᠤᠯᠬᠤ ᠦᠢ᠍ᠯᠡᠳᠤᠯ᠎ᠲᠠᠢ ᠪᠠᠶ᠋ᠢᠬᠤ ᠵᠢ ᠤᠯᠵᠤ ᠮᠡᠳᠡᠵᠡᠢ᠃ ᠤᠷᠳᠤ ᠬᠤᠭᠤᠴᠠᠭ᠎ᠠ᠎ᠪᠠᠷ ᠬᠡᠲᠦᠷᠡᠳᠡᠯ᠎ᠡ ᠮᠠᠯᠵᠢᠭᠰᠠᠨ ᠪᠠ ᠠᠭᠤᠷ ᠠᠮᠢᠰᠬᠤᠯ᠂ ᠪᠠᠶ᠋ᠢᠭ᠋ᠠᠯᠢ ᠲᠤᠭᠤᠷᠢᠨ᠎ᠤ ᠬᠤᠪᠢᠷᠠᠯᠳᠠ ᠵᠡᠷᠭᠡ ᠤᠯᠠᠨ ᠵᠦᠢ᠍ᠯ᠎ᠤᠨ ᠰᠢᠯᠳᠠᠭ᠋ᠠᠨ᠎ᠠᠴᠠ ᠪᠤᠯᠵᠤ ᠲᠠᠯ᠎ᠠ ᠨᠤᠳᠤᠭ ᠲᠠᠴᠢᠷᠳᠡᠵᠤ᠂ ᠮᠠᠯ ᠠᠵᠤ ᠠᠬᠤᠢ ᠪᠠ ᠠᠮᠢ ᠠᠬᠤᠢ ᠵᠢᠨ ᠲᠣᠭᠲᠠᠪᠤᠷᠢᠲᠠᠢ ᠬᠦᠭᠵᠢᠯᠳᠡ ᠵᠢ ᠶᠡᠬᠡᠪᠡᠷ ᠨᠦᠯᠦᠭᠡᠯᠡᠵᠡᠢ᠃ ᠳᠤᠮᠳᠠᠳᠤ ᠤᠯᠤᠰ᠎ᠤᠨ ᠰᠢᠨᠵᠢᠯᠡᠬᠦ ᠤᠬᠠᠭ᠋ᠠᠨ᠎ᠤ ᠠᠺᠠᠳᠧᠮᠢ ᠵᠢᠨ ᠠᠮᠢᠳᠤ ᠪᠤᠳᠠᠰ᠎ᠤᠨ ᠰᠤᠳᠤᠯᠭ᠋ᠠᠨ᠎ᠤ ᠲᠠᠰᠤᠭ᠎ᠤᠨ ᠬᠤᠯᠠᠨ ᠰᠢᠷᠭ᠎ᠠ ᠲᠠᠭ᠎ᠠ ᠵᠢᠨ ᠡᠯᠡᠰᠦᠨ ᠭᠠᠵᠠᠷ᠎ᠤᠨ ᠠᠮᠢ ᠠᠬᠤᠢ ᠵᠢᠨ ᠰᠤᠳᠤᠯᠠᠭ᠋ᠠᠨ᠎ᠤ ᠲᠦᠪ ᠪᠠᠶ᠋ᠢᠭᠤᠯᠤᠭᠳᠠᠭᠰᠠᠨ᠎ᠠᠴᠠ ᠨᠠᠭ᠋ᠠᠰᠢ᠂ ᠬᠡᠳᠤᠨ ᠵᠢᠯ᠎ᠤᠨ ᠴᠢᠷᠮᠠᠶ᠋ᠢᠯᠭ᠎ᠠ᠎ᠪᠠᠷ ᠲᠠᠮᠵᠢᠵᠤ ᠲᠠᠴᠢᠷ ᠲᠠᠯ᠎ᠠ᠎ᠳᠤ ᠵᠤᠬᠢᠬᠤ ᠬᠡᠮᠵᠢᠶᠡᠨ᠎ᠤ ᠲᠠᠬᠢᠶ᠎ᠠ ᠲᠡᠵᠢᠬᠡᠬᠦ᠎ᠨᠢ ᠲᠠᠯ᠎ᠠ ᠨᠤᠳᠤᠭ᠎ᠤᠨ ᠤᠷᠭᠤᠮᠠᠯ ᠬᠤᠴᠢᠯᠭ᠎ᠠ ᠵᠢ ᠰᠠᠶ᠋ᠢᠵᠢᠷᠠᠭᠤᠯᠬᠤ ᠪᠠ ᠬᠦᠷᠤᠰᠤᠨ᠎ᠤ ᠴᠢᠨᠠᠷ᠎ᠢ ᠰᠠᠶ᠋ᠢᠵᠢᠷᠠᠭᠤᠯᠬᠤ᠎ᠳᠤ ᠠᠰᠢᠭᠳᠠᠢ ᠪᠠᠶ᠋ᠢᠬᠤ ᠵᠢ ᠮᠡᠳᠡᠵᠡᠢ᠃ 2009 ᠤᠨ᠎ᠠᠴᠠ ᠡᠬᠢᠯᠡᠨ ᠨᠢᠭᠡ ᠬᠡᠰᠡᠭ ᠲᠠᠴᠢᠷ ᠭᠠᠵᠠᠷ᠎ᠲᠤ ᠲᠠᠬᠢᠶ᠎ᠠ ᠲᠡᠵᠢᠭᠡᠭᠡᠳ ᠨᠤᠭᠤᠭ᠋ᠠᠨ ᠪᠦᠷᠢᠳᠤ ᠪᠤᠯᠭ᠋ᠠᠭᠰᠠᠨ ᠪᠠᠶ᠋ᠢᠨ᠎ᠠ ᠭᠡᠵᠦ ᠮᠠᠯᠴᠢᠨ ᠨᠠᠰᠤᠨ᠌ᠤ᠋ᠷᠲᠤ ᠡᠨᠡ ᠲᠤᠬᠠᠢ ᠶᠠᠷᠢᠵᠤ ᠪᠠᠶ᠋ᠢᠯ᠎ᠠ᠃ ᠲᠠᠯ᠎ᠠ ᠨᠤᠳᠤᠭ᠎ᠲᠤ ᠲᠠᠬᠢᠶ᠎ᠠ ᠲᠡᠵᠢᠭᠡᠬᠦ᠎ᠳᠤ ᠡᠪᠡᠰᠤᠨ᠎ᠤ ᠦᠷ᠎ᠠ ᠪᠠ ᠬᠤᠷᠤᠬᠠᠢ᠎ᠨᠢ ᠲᠡᠬᠢᠶᠠᠨ᠎ᠤ ᠬᠠᠮᠤᠭ ᠰᠠᠶ᠋ᠢᠨ ᠲᠡᠵᠢᠭᠡᠯ ᠪᠤᠯᠵᠤ᠂ ᠲᠠᠬᠢᠶᠠᠨ ᠪᠠᠭ᠋ᠠᠰᠤ᠎ᠨᠢ ᠡᠪᠡᠰᠤᠨ᠎ᠤ ᠬᠠᠮᠤᠭ ᠰᠠᠶ᠋ᠢᠨ ᠪᠤᠷᠳᠤᠭᠤᠷ ᠪᠣᠯᠳᠠᠭ᠃ ᠡᠶ᠋ᠢᠮᠦᠷᠬᠦᠦ ᠤᠷᠴᠢᠯ᠎ᠤᠨ ᠴᠢᠨᠠᠷ᠎ᠲᠠᠢ ᠬᠦᠭᠵᠢᠯᠳᠡ᠎ᠨᠢ ᠪᠡᠯᠡ ᠤᠷᠤᠭᠤᠯᠤᠯᠳᠠ ᠵᠢ ᠪᠠᠭ᠋ᠠᠰᠠᠬᠭ᠌ᠰᠠᠨ ᠪᠦᠭᠡᠳ ᠠᠮᠢ ᠠᠬᠤᠢ ᠵᠢᠨ ᠬᠦᠭᠵᠢᠯᠳᠡ᠎ᠳᠤ ᠠᠰᠢᠭᠳᠠᠢ ᠨᠦᠬᠦᠴᠡᠯ᠎ᠢ ᠬᠠᠩᠭ᠋ᠠᠵᠠᠢ᠃ ᠰᠤᠳᠤᠯᠭ᠋ᠠᠲᠠᠳ᠎ᠤᠨ ᠬᠡᠯᠡᠬᠦ᠎ᠳᠡᠭᠡᠨ᠂ ᠤᠤᠯ᠎ᠳᠠᠭᠠᠨ ᠮᠤ᠌ ᠪᠦᠷᠢ ᠵᠢᠨ ᠤᠨᠠᠯᠲᠠ᠎ᠨᠢ 50 ᠭ᠋ᠷᠡᠮ ᠴᠦ᠍ ᠬᠦᠷᠬᠦ ᠦᠭᠡᠢ ᠡᠨᠡ ᠭᠠᠵᠠᠷ ᠲᠠᠬᠢᠶ᠎ᠠ ᠲᠡᠵᠢᠭᠡᠭᠰᠡᠨ᠎ᠤ ᠳᠠᠷᠠᠭ᠎ᠠ ᠤᠷᠭᠤᠮᠠᠯ ᠬᠤᠴᠢᠯᠭ᠎ᠠ᠎ᠨᠢ ᠢᠯᠡᠷᠬᠡᠢ ᠰᠠᠶ᠋ᠢᠵᠢᠷᠠᠭᠰᠠᠨ ᠪᠥᠭᠡᠳ᠂ ᠮᠤ᠌ ᠪᠦᠷᠢ ᠵᠢᠨ ᠤᠨᠠᠯᠳᠠ᠎ᠨᠢ 800 ᠭᠠᠷᠤᠢ ᠵᠢᠩ᠎ᠳᠤ ᠬᠦᠷᠴᠤ᠂ ᠵᠠᠷᠢᠮ ᠤᠷᠭᠤᠮᠠᠯ᠎ᠨᠢ 1 ᠮᠸᠲᠷ ᠭᠠᠷᠤᠢ ᠥᠨᠳᠥᠷ ᠤᠷᠭᠤᠭᠰᠠᠨ ᠪᠠᠶ᠋ᠢᠯ᠎ᠠ ᠭᠡᠵᠡᠢ᠃
   

ᠢᠷᠡᠯᠲᠡ᠄
          
ᠬᠠᠮᠢᠶ᠎ᠡ ᠪᠦᠬᠦᠢ ᠰᠣᠨᠢᠨ
ᠨᠤᠲᠤᠭ ᠪᠡᠯᠴᠢᠭᠡᠷ ᠵᠶ᠋ᠠᠨ ᠲᠦᠷᠢᠶᠡᠰᠦᠯᠡᠭᠦᠯᠬᠦ ᠪᠠ ᠰᠢᠯᠵᠢᠭᠦᠯᠦᠨ ᠦᠭᠬᠦ ᠵᠢᠨ ᠴᠢᠨᠡᠷ᠎ᠤᠨ ᠢᠯᠭ᠋ᠠᠭ᠎ᠠ
ᠭᠠᠯ᠎ᠤᠨ ᠭᠠᠮᠰᠢᠭ ᠡᠭᠦᠰᠬᠦ ᠦᠶ᠎ᠡ᠎ᠳᠤ ᠤᠲᠤᠭ᠎ᠠ ᠮᠠᠨᠠᠨ᠎ᠢ ᠲᠤᠰᠭ᠋ᠠᠷᠯᠠᠵᠦ᠂ ᠨᠦᠢ᠍ᠳᠡᠨ ᠠᠯᠴᠢᠭᠤᠷ᠎ᠪᠠᠷ ᠠᠮ᠎ᠠ ᠬᠠᠮᠠᠷ ᠵᠶ᠋ᠠᠨ ᠲᠬᠠᠯᠠᠨ᠂ ᠪᠦᠬᠦᠶ᠋ᠢᠨ ᠬᠦᠶᠦᠵᠦ ᠠᠶᠤᠯ᠎ᠠᠴᠠ ᠮᠤᠯᠳᠤᠷᠠᠬᠤ ᠵᠢ ᠮᠡᠳᠡᠬᠦ ᠬᠡᠷᠡᠭᠳᠡᠢ᠃ 119 ᠤᠳᠠᠰᠦ᠎ᠪᠠᠷ ᠭᠠᠯ᠎ᠤᠨ ᠭᠠᠮᠰᠢᠭ᠎ᠢ ᠮᠡᠳᠡᠭᠦᠯᠵᠦ ᠴᠢᠳᠠᠬᠤ ᠦᠭᠡᠢ
ᠦᠠᠳᠦᠷ ᠬᠦᠴᠦᠳᠡᠯ᠂ ᠨᠤᠴᠤᠮᠠᠳᠠᠭ᠋ᠠᠢ᠂ ᠳᠠᠰᠤᠷᠠᠮᠠᠳᠡᠬᠡᠢ᠂ ᠲᠤᠠᠠᠰᠢᠨ ᠬᠤᠤᠷ᠎ᠲᠠᠢ᠂ ᠰᠠᠴᠤᠷᠠᠮᠠᠬᠠᠢ ᠴᠢᠨᠠᠷ᠎ᠲᠠᠢ᠂ ᠠᠮᠢᠳᠦ ᠪᠤᠳᠠᠰ᠎ᠤᠨ ᠠᠮᠤᠷ ᠲᠦᠪᠰᠢᠨ ᠵᠡᠷᠭᠡ ᠶᠡᠷᠦ᠎ᠳᠡᠭᠡᠨ ᠬᠠᠷᠬᠠᠳᠠᠳᠠᠭ ᠠᠶᠤᠯ᠎ᠤᠨ ᠳᠡᠮᠳᠡᠭ᠎ᠢ ᠢᠯᠭ᠋ᠠᠨ ᠴᠢᠳᠠᠵᠦ᠂ ᠠᠶᠤᠯ ᠲᠦᠭᠰᠢᠭᠦᠷᠢ ᠪᠤᠳᠠᠰ᠎ᠠᠴᠠ ᠬᠤᠯ᠎ᠠ ᠪᠠᠶ᠋ᠢᠬᠤ ᠬᠡᠷᠡᠭᠳᠡᠢ
ᠭᠠᠯ ᠤᠨᠲᠠᠷᠠᠭ᠋ᠠᠭᠤᠯ᠎ᠢ ᠬᠡᠷᠡᠭᠯᠡᠬᠦ ᠠᠷᠭ᠎ᠠ
ᠬᠥᠮᠦᠨ ᠬᠠᠷ᠎ᠠ ᠭᠥᠷᠥᠭᠡᠰᠦ ᠮᠠᠨ᠎ᠤ ᠤᠯᠤᠰ᠎ᠤᠨ ᠠᠯᠢ ᠲᠥᠷᠥᠯ᠎ᠤᠨ ᠬᠠᠮᠠᠭ᠋ᠠᠯᠠᠯᠲᠠ ᠵᠢᠨ ᠠᠮᠢᠲᠠᠨ᠎ᠳᠤ ᠬᠠᠷᠢᠶᠠᠯᠠᠭᠳᠠᠬᠤ ᠪᠤᠢ?
 
             蒙ICP备05000248号