ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠭᠠᠯ᠎ᠤᠨ ᠭᠠᠮᠰᠢᠭ ᠡᠭᠦᠰᠬᠦ ᠦᠶ᠎ᠡ᠎ᠳᠤ ᠤᠲᠤᠭ᠎ᠠ ᠮᠠᠨᠠᠨ᠎ᠢ ᠲᠤᠰᠭ᠋ᠠᠷᠯᠠᠵᠦ᠂ ᠨᠦᠢ᠍ᠳᠡᠨ ᠠᠯᠴᠢᠭᠤᠷ᠎ᠪᠠᠷ ᠠᠮ᠎ᠠ ᠬᠠᠮᠠᠷ ᠵᠶ᠋ᠠᠨ ᠲᠬᠠᠯᠠᠨ᠂ ᠪᠦᠬᠦᠶ᠋ᠢᠨ ᠬᠦᠶᠦᠵᠦ ᠠᠶᠤᠯ᠎ᠠᠴᠠ ᠮᠤᠯᠳᠤᠷᠠᠬᠤ ᠵᠢ ᠮᠡᠳᠡᠬᠦ ᠬᠡᠷᠡᠭᠳᠡᠢ᠃ 119 ᠤᠳᠠᠰᠦ᠎ᠪᠠᠷ ᠭᠠᠯ᠎ᠤᠨ ᠭᠠᠮᠰᠢᠭ᠎ᠢ ᠮᠡᠳᠡᠭᠦᠯᠵᠦ ᠴᠢᠳᠠᠬᠤ ᠦᠭᠡᠢ
ᠨᠡᠶ᠋ᠢᠲᠡᠯᠡᠭᠰᠡᠨ ᠴᠠᠭ᠄ 2022-04-21

      ᠭᠠᠯ᠎ᠤᠨ ᠭᠠᠮᠰᠢᠭ᠎ᠨᠢ ᠠᠷᠠᠳ ᠲᠦᠮᠡᠨ᠎ᠤ ᠠᠮᠢ ᠨᠠᠰᠦ ᠪᠠ ᠡᠳ᠋ ᠬᠤᠨ᠋ᠠᠰᠢᠯ᠎ᠳᠤ ᠯᠤᠲᠦ ᠶᠡᠭᠡ ᠬᠤᠬᠢᠷᠡᠯ ᠤᠴᠠᠷᠠᠭᠤᠯᠳᠠᠭ᠃ ᠭᠠᠯ᠎ᠤᠨ ᠭᠠᠮᠰᠢᠭ᠎ᠢ ᠠᠶᠠᠠᠳᠠᠭ᠋ᠠᠨ᠎ᠤ ᠭᠠᠯ᠎ᠤᠨ ᠭᠠᠮᠰᠢᠭ ᠪᠠ ᠵᠤᠷᠢᠭᠤᠳᠡ ᠵᠢᠨ ᠭᠠᠯ᠎ᠤᠨ ᠭᠠᠮᠰᠢᠭ ᠭᠡᠵᠦ ᠬᠤᠪᠢᠶᠠᠳᠠᠭ᠃ ᠭᠠᠵᠠᠷ ᠬᠦᠳᠡᠯᠬᠦ᠂ ᠭᠠᠯᠲᠦ ᠠᠭᠤᠯᠡ ᠳᠡᠯᠪᠡᠷᠡᠬᠦ᠂ ᠠᠶᠤᠩᠭ᠎ᠠ ᠪᠠᠭᠤᠬᠤ᠂ ᠪᠤᠳᠠᠰ ᠠᠶᠠᠠᠳᠠᠭ᠋ᠠᠨ ᠰᠢᠲᠠᠬᠤ ᠵᠡᠷᠭᠡ ᠰᠢᠯᠲᠠᠭ᠋ᠠᠨ᠎ᠠᠴᠠ ᠪᠤᠯᠵᠦ ᠡᠭᠦᠰᠦᠭᠰᠡᠨ᠎ᠢ ᠠᠶᠠᠠᠳᠠᠭ᠋ᠠᠨ᠎ᠤ ᠭᠠᠯ᠎ᠤᠨ ᠭᠠᠮᠰᠢᠭ ᠭᠡᠨ᠎ᠡ᠃ ᠬᠠᠷᠢᠨ ᠡᠳᠦᠷ ᠲᠤᠳᠤᠮ ᠎ᠤᠨ ᠦᠢ᠍ᠯᠡᠳᠪᠦᠷᠢᠯᠡᠯ ᠪᠠ ᠠᠮᠢᠳᠤᠷᠡᠯ ᠲᠤᠮᠳᠠ ᠭᠠᠯ᠂ ᠴᠠᠬᠢᠯᠭ᠋ᠠᠨ᠂ ᠰᠢᠩᠭᠡᠵᠢᠭᠰᠡᠨ ᠴᠢᠯᠠᠭᠤᠨ ᠲᠤᠰᠤᠨ᠎ᠤ ᠬᠡᠢ ᠵᠡᠷᠭᠡ ᠵᠢ ᠠᠮᠤᠷ ᠲᠦᠪᠰᠢᠨ ᠬᠡᠷᠡᠭᠯᠡᠬᠦ ᠲᠤᠠᠠᠲᠠᠭ᠋ᠠᠯ ᠎ᠠᠴᠠ ᠵᠦᠷᠢᠴᠡᠨ ᠬᠡᠷᠡᠭᠯᠡᠭᠰᠡᠨ ᠵᠢᠴᠢ ᠭᠠᠯ ᠵᠶ᠋ᠠᠷ ᠨᠠᠭ᠋ᠠᠳᠬᠤ᠂ ᠲᠠᠮᠠᠬᠢ ᠳᠠᠲᠠᠬᠤ ᠵᠡᠷᠭᠡ᠎ᠠᠴᠠ ᠪᠤᠯᠵᠦ ᠡᠭᠦᠰᠦᠭᠰᠡᠨ᠎ᠢ ᠵᠤᠷᠢᠭᠤᠳᠡ ᠵᠢᠨ ᠭᠠᠯ᠎ᠤᠨ ᠭᠠᠮᠰᠢᠭ ᠭᠡᠨ᠎ᠡ᠃

      ᠭᠠᠯ᠎ᠤᠨ ᠭᠠᠮᠰᠢᠭ ᠡᠭᠦᠰᠦᠭᠰᠡᠨ ᠦᠶ᠎ᠡ᠎ᠳᠤ ᠡᠷᠬᠡᠪᠰᠢ ᠯᠠᠪᠳᠠᠭᠤᠨ ᠲᠤᠠᠠᠲᠠᠭᠤᠨ ᠪᠠᠶ᠋ᠢᠬᠤ ᠬᠡᠷᠡᠭᠳᠡᠢ᠃ ᠭᠠᠯ᠎ᠤᠨ ᠭᠠᠮᠰᠢᠭ ᠰᠠᠶᠢ ᠡᠭᠦᠰᠬᠦ᠎ᠳᠡᠭᠡᠨ ᠰᠢᠲᠠᠬᠤ ᠬᠡᠮᠵᠢᠶ᠎ᠡ᠎ᠨᠢ ᠪᠠᠭ᠎ᠠ᠂ ᠢᠯᠴᠢ ᠢᠯᠭ᠋ᠠᠷᠠᠭᠤᠯᠤᠯᠲᠠ ᠶᠡᠭᠡ ᠪᠢᠰᠢ ᠪᠤᠯᠬᠤᠷ ᠬᠠᠮᠤᠭ ᠰᠢᠷᠦᠢ᠂ ᠨᠤᠷᠭ᠋ᠠᠭᠰᠠᠨ ᠠᠯᠴᠢᠭᠤᠷ᠂ ᠬᠦᠪᠤᠡᠭ ᠬᠦᠠᠵᠢᠯᠡ᠂ ᠮᠡᠳᠡᠢ ᠵᠡᠷᠭᠡ᠎ᠪᠠᠷ ᠳᠠᠷᠤᠵᠦ ᠤᠠᠳᠠᠷᠭ᠋ᠠᠵᠦ ᠪᠤᠯᠤᠨ᠎ᠠ᠃ ᠬᠡᠷᠪᠡ ᠬᠡᠪᠴᠢᠶ᠎ᠡ᠎ᠨᠢ ᠶᠡᠭᠡ ᠪᠦᠭᠡᠳ ᠦᠷᠭᠦᠯᠵᠢᠯᠡᠨ ᠶᠡᠬᠡᠳᠬᠦ ᠪᠤᠯᠤᠮᠵᠢ᠎ᠲᠠᠢ ᠪᠠᠶ᠋ᠢᠪᠡᠯ ᠤᠠᠲᠠᠷᠠᠭ᠋ᠠᠬᠤ᠎ᠪᠠᠷ ᠴᠢᠷᠮᠠᠶ᠋ᠢᠭᠰᠠᠨ᠎ᠤ ᠬᠡᠷᠡᠭ ᠦᠭᠡᠢ᠃ ᠬᠠᠷᠢᠨ ᠲᠤᠬᠠᠢ ᠵᠢᠨ ᠭᠠᠵᠠᠷ᠎ᠠᠴᠠ ᠴᠠᠭ᠎ᠢ ᠠᠮᠵᠢᠨ ᠲᠤᠲᠠᠭ᠋ᠠᠨ ᠵᠠᠶ᠋ᠢᠯᠠᠵᠦ᠂ 119᠎ᠪᠠᠷ ᠦᠳᠠᠰᠤᠳᠡᠨ᠂ ᠭᠠᠯ ᠤᠠᠲᠠᠷᠠᠭ᠋ᠠᠬᠤ ᠠᠩᠬᠢ᠎ᠳᠤ ᠮᠡᠳᠡᠭᠳᠡᠨ᠎ᠡ (ᠮᠠᠨ᠎ᠤ ᠤᠯᠤᠰ᠎ᠤᠨ ᠵᠠᠷᠢᠮ ᠭᠠᠵᠠᠷ ᠤᠷᠤᠨ᠎ᠳᠤ 110.119.120᠎ᠢ ᠨᠢᠭᠡᠳᠭᠡᠭᠰᠡᠨ ᠪᠠᠶ᠋ᠢᠳᠠᠭ᠂ ᠡᠨᠡ ᠪᠠᠶ᠋ᠢᠳᠡᠯ᠎ᠳᠤ 110᠎ᠳᠤ ᠤᠳᠠᠰᠤᠳᠡᠵᠦ ᠪᠤᠯᠤᠨ᠎ᠠ᠃) ᠤᠳᠠᠰᠦ ᠪᠤᠶᠤ ᠭᠠᠯ ᠤᠠᠲᠠᠷᠭ᠋ᠠᠬᠤ ᠠᠩᠬᠢ ᠦᠭᠡᠢ ᠬᠦᠳᠡᠭᠡ ᠲᠤᠰᠬᠤᠨ ᠪᠤᠶᠤ ᠠᠯᠤᠰ ᠬᠢᠵᠠᠭ᠋ᠠᠷ ᠭᠠᠵᠠᠷ ᠤᠷᠤᠨ᠎ᠳᠤ ᠪᠤᠯ ᠬᠡᠩᠬᠡᠷᠭᠡ ᠴᠡᠭ ᠳᠡᠯᠡᠳᠦᠨ᠂ ᠱᠦᠭᠯᠦ ᠦᠯᠢᠶᠡᠵᠦ᠂ ᠬᠠᠰᠬᠢᠷᠬᠤ ᠵᠡᠷᠭᠡ ᠠᠷᠭ᠎ᠠ᠎ᠪᠠᠷ ᠳᠠᠮᠵᠢᠨ ᠲᠤᠭᠤᠷᠢᠨ᠎ᠤ ᠬᠦᠮᠦᠰ᠎ᠲᠡᠭᠡᠨ ᠮᠡᠳᠡᠭᠳᠡᠨ᠎ᠡ᠃ ᠲᠦᠭᠰᠢᠭᠦᠷᠢ ᠮᠡᠳᠡᠭᠡᠯᠡᠬᠦ᠎ᠳᠡᠭᠡᠨ ᠲᠦᠢ᠍ᠮᠡᠷ ᠡᠭᠦᠰᠦᠭᠰᠡᠨ ᠪᠠᠶ᠋ᠢᠭᠤᠯᠭ᠎ᠠ᠂ ᠤᠷᠤᠰᠢᠨ ᠰᠠᠭᠤᠭ᠎ᠠ ᠤᠷᠤᠨ (ᠰᠢᠶᠠᠨ)᠂ ᠵᠡᠭᠡᠯᠢ᠂ ᠭᠤᠳᠤᠮᠵᠢ᠂ ᠡᠭᠦᠳᠡᠨ ᠳ᠋ᠤᠭ᠋ᠠᠷ ᠵᠡᠷᠭᠡ᠎ᠪᠠᠨ ᠲᠤᠳᠤ ᠬᠡᠯᠡᠬᠦ ᠬᠡᠷᠡᠭᠳᠡᠢ ᠪᠦᠭᠡᠳ ᠭᠠᠯ᠎ᠤᠨ ᠭᠠᠮᠰᠢᠭ ᠶᠠᠭᠤᠨ᠎ᠠᠴᠠ ᠡᠭᠦᠰᠴᠦ ᠶᠠᠮᠠᠷ ᠪᠤᠯᠵᠦ ᠪᠠᠶ᠋ᠢᠭ᠎ᠠ᠎ᠪᠠᠨ ᠲᠤᠳᠤᠷᠬᠠᠶ᠋ᠢᠯᠠᠨ᠎ᠠ᠃ ᠪᠠᠰᠠ ᠲᠦᠭᠰᠢᠭᠦᠷᠢ ᠮᠡᠳᠡᠭᠡᠯᠡᠭᠰᠡᠨ ᠬᠦᠮᠦᠨ᠎ᠤ ᠨᠡᠷ᠎ᠡ᠂ ᠤᠳᠠᠰᠤᠨ ᠳ᠋ᠤᠭ᠋ᠠᠷ ᠪᠠ ᠬᠠᠶᠢᠭ ᠵᠶ᠋ᠠᠨ ᠲᠤᠳᠤ ᠮᠡᠳᠡᠭᠳᠡᠨ᠎ᠡ᠃ ᠲᠦᠭᠰᠢᠭᠦᠷᠢ ᠮᠡᠳᠡᠭᠡᠯᠡᠭᠰᠡᠨ᠎ᠤ ᠬᠤᠶ᠋ᠢᠨ᠎ᠠ ᠲᠤᠰᠬᠠᠢ ᠬᠦᠮᠦᠨ ᠲᠤᠮᠢᠯᠠᠨ ᠵᠠᠮ᠎ᠤᠨ ᠬᠠᠵᠠᠭᠤ᠎ᠳᠤ ᠭᠠᠯ ᠤᠠᠲᠠᠷᠠᠭ᠋ᠠᠬᠤ ᠲᠡᠷᠭᠡ ᠵᠢ ᠲᠤᠰᠤᠭᠤᠯᠤᠨ᠂ ᠭᠠᠯ᠎ᠤ ᠭᠠᠮᠰᠢᠭ ᠡᠭᠦᠰᠦᠭᠰᠡᠨ ᠭᠠᠵᠠᠷ ᠬᠦᠷᠬᠦ ᠵᠠᠮ ᠤᠷᠤᠭᠤ ᠵᠢᠯᠤᠭᠤᠳᠤᠭᠤᠯᠤᠨ᠎ᠠ᠃

      ᠠᠮᠢᠳᠤᠷᠡᠯ ᠲᠤᠮᠳᠠ ᠤᠪᠠᠶ᠋ᠢᠨ᠎ᠳᠤ ᠦᠭᠡᠢ ᠭᠠᠯ᠎ᠳᠤ ᠪᠦᠰᠡᠯᠡᠭᠳᠡᠪᠡᠯ᠂ ᠨᠦᠭᠦᠴᠡᠯ ᠪᠠᠶ᠋ᠢᠳᠡᠯ᠎ᠳᠤ ᠵᠤᠬᠢᠴᠠᠭᠤᠯᠤᠨ᠂ ᠠᠶᠤᠯ᠎ᠠᠴᠠ ᠠᠷᠭ᠋ᠠᠯᠠᠨ ᠮᠤᠯᠲᠤᠷᠠᠨ᠎ᠠ᠃ ᠬᠡᠷᠪᠡ ᠤᠠᠲᠠᠵᠦ ᠪᠠᠶ᠋ᠢᠬᠤ᠎ᠳᠠᠭᠠᠨ ᠤᠲᠤᠭ᠋ᠠᠨ᠎ᠳᠤ ᠬᠠᠭ᠍ᠠᠵᠦ ᠰᠡᠷᠡᠪᠡᠯ᠂ ᠳᠠᠷᠤᠢ ᠲᠦᠷᠭᠡᠨ ᠤᠷᠤᠨ᠎ᠠᠴᠠ᠎ᠪᠠᠨ ᠪᠠᠭᠤᠵᠦ ᠦᠷᠦᠭᠡᠨ᠎ᠠᠴᠠ᠎ᠪᠠᠨ ᠪᠦᠬᠦᠶ᠋ᠢᠨ ᠬᠦᠶᠦᠵᠦ ᠭᠠᠷᠤᠨ᠎ᠠ᠃ ᠬᠤᠪᠴᠠᠰᠦ ᠬᠤᠨᠠᠷ ᠵᠶ᠋ᠠᠨ ᠡᠮᠦᠰᠬᠦ ᠭᠡᠵᠦ ᠤᠷᠤᠯᠳᠤᠭᠰᠠᠨ᠎ᠤ ᠴᠢᠬᠤᠯᠠ ᠦᠭᠡᠢ᠃ ᠬᠡᠷᠪᠡ ᠪᠦᠬᠦ ᠦᠷᠦᠬᠡ ᠨᠤᠴᠤᠠᠠᠰᠠᠨ ᠪᠠᠶ᠋ᠢᠪᠡᠯ ᠡᠭᠦᠳᠡ ᠤᠷᠤᠭᠤ ᠮᠦᠯᠬᠦᠨ᠎ᠡ᠃ ᠭᠠᠯ᠎ᠤᠨ ᠭᠠᠮᠰᠢᠭ᠎ᠨᠢ ᠬᠤᠤᠷᠲᠦ ᠤᠲᠤᠭ᠎ᠠ ᠡᠭᠦᠰᠭᠡᠳᠡᠭ ᠤᠴᠢᠷ᠎ᠠᠴᠠ ᠠᠶᠤᠯ᠎ᠠᠴᠠ ᠲᠤᠲᠠᠭ᠋ᠠᠬᠤ᠎ᠳᠠᠭᠠᠨ ᠨᠦᠢ᠍ᠳᠡᠨ ᠠᠯᠴᠢᠭᠤᠷ ᠪᠤᠶᠤ ᠬᠤᠪᠴᠠᠰᠤᠨ ᠡᠩᠭᠡᠷ ᠵᠶ᠋ᠠᠷ ᠵᠶ᠋ᠠᠨ ᠠᠮᠠ ᠬᠠᠮᠠᠷ ᠵᠶ᠋ᠠᠨ ᠲᠬᠠᠯᠠᠨ᠎ᠠ᠃ ᠭᠠᠯ ᠡᠭᠦᠳᠡ ᠵᠢ ᠳᠠᠭᠯᠠᠭᠰᠠᠨ ᠪᠠᠶ᠋ᠢᠪᠡᠯ ᠡᠭᠦᠳᠡ᠎ᠪᠠᠷ ᠲᠤᠲᠠᠭ᠋ᠠᠬᠤ ᠵᠢ ᠵᠤᠷᠢᠵᠦ ᠪᠤᠯᠬᠤ ᠦᠭᠡᠢ᠂ ᠪᠤᠰᠤᠳ ᠭᠠᠷᠤᠴᠠ᠎ᠪᠠᠷ ᠲᠤᠲᠠᠭ᠋ᠠᠬᠤ ᠵᠢᠨ ᠬᠠᠮᠲᠦ ᠡᠭᠦᠳᠡ ᠴᠤᠩᠬᠤ᠎ᠪᠠᠨ ᠬᠠᠭ᠋ᠠᠵᠦ᠂ ᠭᠠᠯ ᠦᠷᠭᠡᠵᠢᠵᠦ ᠪᠤᠰᠤᠳ ᠦᠷᠦᠭᠡᠨ᠎ᠳᠤ ᠤᠷᠤᠬᠤ ᠵᠢ ᠤᠳᠠᠭ᠋ᠠᠰᠢᠷᠠᠭᠤᠯᠤᠨ᠎ᠠ᠂ ᠬᠡᠷᠪᠡ ᠦᠷᠦᠭᠡ ᠵᠢ ᠭᠠᠯ ᠤᠲᠤᠭ᠎ᠠ ᠪᠦᠰᠡᠯᠡᠭᠰᠡᠨ ᠪᠠᠶ᠋ᠢᠪᠡᠯ ᠳᠠᠩᠰᠠ ᠪᠤᠶᠤ ᠬᠦᠪᠤᠡᠭ ᠬᠦᠠᠵᠢᠯᠡ᠎ᠪᠠᠨ ᠤᠰᠤᠨ᠎ᠳᠤ ᠨᠤᠷᠭ᠋ᠠᠵᠦ ᠪᠡᠶ᠎ᠡ ᠳᠡᠭᠡᠷ᠎ᠡ ᠎ᠪᠠᠨ ᠨᠦᠮᠦᠷᠬᠦ ᠬᠡᠷᠡᠭᠳᠡᠢ᠂ ᠢᠯᠠᠩᠭᠤᠶ᠎ᠠ ᠲᠤᠯᠤᠭ᠋ᠠᠢ ᠵᠢᠨ ᠬᠡᠰᠡᠭ ᠵᠶ᠋ᠠᠨ ᠰᠠᠶ᠋ᠢᠨ ᠪᠦᠳᠡᠭᠡᠵᠦ᠂ ᠨᠦᠢ᠍ᠳᠡᠨ ᠠᠯᠴᠢᠭᠤᠷ ᠵᠶ᠋ᠠᠷ ᠠᠮ᠎ᠠ ᠬᠠᠮᠠᠷ ᠵᠶ᠋ᠠᠨ ᠳᠠᠭᠯᠠᠭᠰᠠᠨ᠎ᠤ ᠳᠠᠷᠠᠭ᠎ᠠ ᠰᠠᠶᠢ ᠭᠠᠳᠠᠭᠰᠢ ᠳᠡᠮᠡᠤᠯᠤᠨ᠎ᠡ᠃ ᠤᠷᠤᠨ ᠳᠤᠤᠷ᠎ᠠ᠎ᠪᠠᠨ ᠬᠡᠪᠳᠡᠬᠦ᠂ ᠰᠢᠷᠡᠭᠡᠨ ᠳᠤᠤᠷ᠎ᠠ᠎ᠪᠠᠨ ᠬᠡᠪᠳᠡᠬᠦ ᠪᠤᠶᠤ ᠬᠠᠨᠠᠨ ᠬᠤᠷᠭᠤ᠎ᠳᠤ ᠶᠠᠭ᠋ᠠᠬᠢᠭᠰᠠᠨ ᠴᠦ᠍ ᠨᠢᠭᠤᠵᠦ ᠪᠤᠯᠬᠤ ᠦᠭᠡᠢ᠃ ᠨᠡᠩ ᠴᠦ᠍ ᠭᠡᠷ ᠳᠤᠲᠤᠷᠠᠬᠢ ᠦᠨ᠎ᠡ ᠪᠡᠨ᠎ᠡ᠎ᠲᠠᠢ ᠵᠦᠢ᠍ᠯᠡᠰ ᠵᠶ᠋ᠠᠨ ᠭᠠᠷᠭ᠋ᠠᠵᠦ ᠠᠪᠬᠤ ᠭᠡᠵᠦ ᠨᠤᠴᠤᠵᠦ ᠪᠠᠶ᠋ᠢᠭ᠎ᠠ ᠦᠷᠦᠭᠡᠨ᠎ᠳᠤ ᠪᠤᠴᠠᠨ ᠤᠷᠤᠵᠦ ᠪᠤᠯᠬᠤ ᠦᠭᠡᠢ᠃

      ᠠᠰᠠᠷ᠎ᠳᠤ ᠭᠠᠯ᠎ᠤᠨ ᠭᠠᠮᠰᠢᠭ ᠡᠭᠦᠰᠪᠡᠯ ᠴᠢᠳᠠᠬᠤ ᠵᠢᠨ ᠬᠢᠷᠢ᠎ᠳᠡᠭᠡᠨ ᠲᠤᠬᠠᠢ ᠵᠢᠨ ᠭᠠᠵᠠᠷ᠎ᠠᠴᠠ ᠲᠦᠷᠭᠡᠨ ᠵᠠᠶ᠋ᠢᠯᠠᠬᠤ ᠪᠤᠶᠤ ᠰᠢᠯᠵᠢᠨ᠎ᠡ᠃ ᠭᠡᠲᠡᠯ᠎ᠡ ᠴᠠᠬᠢᠯᠭ᠋ᠠᠨ ᠱᠠᠳᠤᠨ᠎ᠳᠤ ᠰᠠᠭᠤᠵᠦ ᠪᠤᠯᠬᠤ ᠦᠭᠡᠢ᠃ ᠬᠡᠷᠪᠡ ᠠᠰᠠᠷ᠎ᠤᠨ ᠱᠠᠲᠦ ᠭᠠᠯ᠎ᠳᠤ᠎ᠳᠤ ᠲᠦᠭᠵᠢᠭᠳᠡᠭᠰᠡᠨ ᠪᠠᠶ᠋ᠢᠪᠡᠯ ᠴᠤᠩᠬᠤᠨ ᠭᠠᠳᠠᠨ᠎ᠠ ᠤᠭᠰᠠᠷᠠᠭᠰᠠᠨ ᠤᠰᠦ ᠳᠠᠲᠠᠷᠠᠭᠤᠯᠬᠤ ᠬᠤᠭᠤᠯᠠᠢ ᠵᠢ ᠠᠳᠬᠤᠵᠦ ᠳᠤᠷᠤᠠᠠᠰᠢ ᠪᠠᠭᠤᠨ᠎ᠠ᠃ ᠭᠡᠪᠡᠴᠦ ᠤᠰᠦ ᠳᠠᠲᠠᠷᠠᠭᠤᠯᠬᠤ ᠬᠤᠭᠤᠯᠠᠢ ᠵᠢᠨ ᠪᠠᠲᠦ ᠪᠠᠬᠢ ᠪᠠᠶ᠋ᠢᠬᠤ ᠵᠢ ᠠᠩᠬᠠᠷᠬᠤ ᠬᠡᠷᠡᠭᠳᠡᠢ᠃ ᠪᠠᠰᠠ ᠨᠢᠭᠡ ᠠᠷᠭ᠎ᠠ ᠭᠡᠪᠡᠯ ᠤᠷᠦ ᠵᠢᠨ ᠪᠦᠳᠡᠭᠡᠯᠭᠡ᠎ᠪᠠᠨ ᠵᠠᠯᠭ᠋ᠠᠵᠦ᠂ ᠨᠢᠭᠡ ᠦᠵᠦᠭᠦᠷ᠎ᠢ᠎ᠨᠢ ᠴᠤᠩᠬᠤᠨ ᠬᠦᠷᠢᠶ᠎ᠡ ᠪᠤᠶᠤ ᠲᠤᠠᠠᠳᠠᠮᠠᠯ ᠪᠤᠳᠠᠰ᠎ᠲᠤ ᠤᠶᠠᠭ᠋ᠠᠳ᠂ ᠲᠡᠭᠦᠨ᠎ᠢ᠎ᠲᠠᠭᠠᠨ ᠭᠤᠯᠭᠤᠨ ᠪᠠᠭᠤᠨ᠎ᠠ᠃ ᠭᠠᠯ ᠬᠦᠴᠦᠳᠡᠢ ᠲᠦᠷᠡᠯᠵᠡᠭᠡᠳ ᠭᠠᠷᠬᠤ ᠵᠠᠮ ᠦᠭᠡᠢ ᠪᠤᠯᠤᠭᠰᠠᠨ ᠦᠶ᠎ᠡ᠎ᠳᠤ ᠦᠷᠦᠭᠡᠨ᠎ᠤ ᠡᠭᠦᠳ᠋ᠨ᠎ᠪᠠᠨ ᠪᠠᠲᠦ ᠰᠠᠬᠢᠵᠦ᠂ ᠬᠤᠪᠴᠠᠰᠦ ᠵᠡᠷᠭᠡ᠎ᠪᠠᠷ ᠡᠭᠦᠳᠡᠨ ᠵᠠᠪᠰᠠᠷ᠎ᠢ ᠪᠦᠭᠯᠡᠬᠦ ᠵᠢᠨ ᠰᠠᠴᠠᠭᠤ ᠡᠭᠦᠳᠡ᠂ ᠴᠤᠩᠬᠤ ᠵᠢᠴᠢ ᠭᠡᠷ ᠲᠤᠳᠤᠷᠠᠬᠢ ᠤᠷᠤ᠂ ᠰᠢᠷᠡᠭᠡ ᠰᠠᠠᠳᠠᠯᠢ᠂ ᠬᠦᠠᠵᠢᠯᠡ ᠳᠡᠪᠢᠰᠭᠡᠷ ᠵᠡᠷᠭᠡ ᠨᠤᠴᠤᠳᠠᠭ ᠪᠤᠳᠠᠰ᠎ᠤᠨ ᠳᠡᠭᠡᠷ᠎ᠡ ᠤᠰᠦ ᠰᠠᠴᠤᠨ᠎ᠠ᠃ ᠬᠠᠮᠲᠦ᠎ᠳᠤᠨᠢ ᠭᠠᠯ ᠤᠠᠲᠠᠷᠭ᠋ᠠᠬᠤ ᠠᠩᠬᠢ᠎ᠳᠤ ᠮᠡᠳᠡᠭᠦᠯᠵᠦ ᠠᠪᠤᠷᠡᠯ ᠳᠠᠭᠤᠳᠠᠨ᠎ᠠ᠃ ᠪᠦᠬᠦᠶ᠋ᠢᠵᠦ ᠪᠠᠶ᠋ᠢᠭ᠋ᠠᠳ ᠬᠠᠰᠬᠢᠷᠴᠦ ᠲᠤᠰᠠᠯᠠᠮᠵᠢ ᠳᠠᠭᠤᠳᠠᠨ᠎ᠠ᠂ ᠬᠡᠷᠪᠡ ᠪᠤᠰᠤᠳ᠎ᠲᠤ ᠰᠤᠨᠤᠰᠳᠠᠬᠤ ᠦᠭᠡᠢ ᠭᠡᠵᠦ ᠪᠤᠳᠤᠪᠡᠯ ᠭᠠᠷ ᠳ᠋ᠸᠡᠭ ᠨᠤᠴᠤᠭ᠋ᠠᠬᠤ ᠪᠠ ᠬᠢᠯᠠᠯᠵᠠᠮ᠎ᠠ ᠦᠩᠭᠡ᠎ᠲᠠᠢ ᠬᠤᠪᠴᠠᠰᠦ᠂ ᠠᠯᠴᠢᠭᠤᠷ ᠵᠶ᠋ᠠᠨ ᠰᠠᠵᠢᠯᠠᠬᠤ ᠪᠤᠶᠤ ᠠᠰᠠᠷ ᠤᠷᠤᠭᠤ ᠶᠠᠭᠤᠮ᠎ᠠ ᠰᠢᠳᠡᠬᠦ ᠵᠡᠷᠭᠡ ᠠᠷᠭ᠎ᠠ᠎ᠪᠠᠷ ᠬᠦᠮᠦᠰ᠎ᠤᠨ ᠠᠩᠬᠠᠷᠤᠯ᠎ᠢ ᠳᠠᠲᠠᠬᠤ ᠬᠡᠷᠡᠭᠳᠡᠢ᠃

      ᠵᠤᠴᠢᠳ᠎ᠤᠨ ᠪᠠᠭᠤᠳᠡᠯ᠂ ᠺᠢᠨᠤ᠋ ᠵᠦᠴᠦᠭᠡ ᠵᠢᠨ ᠲᠢᠶᠠᠳ᠋ᠷ᠂ ᠳᠠᠭᠤᠤ ᠪᠦᠵᠢᠭ᠎ᠤᠨ ᠲᠢᠩᠭᠢᠮ᠂ ᠬᠤᠳᠠᠯᠳᠤᠭ᠋ᠠᠨ᠎ᠤ ᠳᠡᠯᠡᠪᠤᠷ ᠵᠡᠷᠭᠡ ᠤᠯᠠᠨ ᠨᠡᠶ᠋ᠢᠲᠡ ᠵᠢᠨ ᠲᠠᠯᠠᠪᠤᠷ ᠎ᠲᠤ ᠠᠩᠬ᠎ᠠ ᠤᠴᠢᠬᠤ᠎ᠳᠠᠭᠠᠨ ᠶᠠᠭᠤᠨ᠎ᠤ ᠡᠮᠦᠨ᠎ᠡ ᠲᠠᠶ᠋ᠢᠪᠤᠡᠭ ᠡᠭᠦᠳᠡ᠂ ᠪᠠᠴᠢᠮ ᠦᠶ᠎ᠡ᠎ᠳᠤ ᠭᠠᠷᠬᠤ ᠡᠭᠦᠳᠡ᠂ ᠠᠶᠤᠯ ᠦᠭᠡᠢ ᠭᠤᠳᠤᠮ ᠵᠡᠷᠭᠡ ᠵᠢᠨ ᠪᠠᠶ᠋ᠢᠷᠢ ᠵᠢ ᠠᠵᠢᠠᠠᠯᠠᠵᠦ᠂ ᠪᠠᠴᠢᠮ ᠦᠶ᠎ᠡ᠎ᠳᠤ ᠲᠦᠷᠭᠡᠨ ᠲᠤᠲᠠᠭ᠋ᠠᠬᠤ ᠱᠤᠭᠤᠮ ᠵᠶ᠋ᠠᠨ ᠲᠤᠳᠤ ᠪᠤᠯᠭ᠋ᠠᠨ᠎ᠠ᠃ ᠢᠩᠭᠢᠪᠡᠯ ᠶᠠᠮᠠᠷ ᠨᠢᠭᠡᠨ ᠠᠶᠤᠯ᠎ᠲᠠᠢ ᠬᠡᠷᠡᠭ ᠤᠴᠢᠷ ᠡᠭᠦᠰᠦᠭᠰᠡᠨ ᠴᠦ᠍ ᠠᠮᠠᠷᠬᠠᠨ ᠵᠠᠶ᠋ᠢᠯᠠᠵᠦ ᠴᠢᠳᠠᠨ᠎ᠠ᠃ ᠭᠠᠯ ᠤᠲᠤᠭ᠎ᠠ ᠡᠭᠦᠰᠦᠭᠰᠡᠨ ᠦᠶ᠎ᠡ᠎ᠳᠤ ᠠᠶᠤᠵᠦ ᠰᠠᠠᠳᠤᠷᠬᠤ ᠦᠭᠡᠢ᠂ ᠵᠦᠭ ᠴᠢᠭ ᠵᠶ᠋ᠠᠨ ᠢᠯᠭ᠋ᠠᠵᠦ᠂ ᠲᠠᠶ᠋ᠢᠪᠤᠡᠭ ᠡᠭᠦᠳᠡ ᠪᠠ ᠠᠶᠤᠯ ᠦᠭᠡᠢ ᠭᠠᠷᠤᠴᠠ᠂ ᠠᠶᠤᠯ᠎ᠠᠴᠠ ᠵᠠᠶ᠋ᠢᠯᠠᠬᠤ ᠦᠷᠦᠬᠡ ᠵᠢ ᠤᠯᠤᠭ᠋ᠠᠳ ᠲᠤᠬᠠᠢ ᠵᠢᠨ ᠭᠠᠵᠠᠷ᠎ᠠᠴᠠ ᠲᠤᠲᠠᠭ᠋ᠠᠨ ᠭᠠᠷᠬᠤ ᠱᠤᠭᠤᠮ ᠵᠶ᠋ᠠᠨ ᠰᠤᠩᠭᠤᠨ᠎ᠠ᠃ ᠢᠩᠬᠢᠭᠰᠡᠨ᠎ᠤ ᠳᠠᠷᠠᠭ᠎ᠠ ᠳᠠᠷᠬᠠᠭ᠋ᠠᠬᠤ ᠭᠤᠳᠤᠮ ᠵᠶ᠋ᠠᠷ ᠭᠠᠳ᠋ᠬᠠᠰᠢᠯᠠᠵᠦ᠂ ᠰᠢᠬᠠᠯᠳᠤᠬᠤ᠂ ᠵᠦᠭ ᠴᠢᠭ ᠦᠭᠡᠢ ᠶᠠᠪᠤᠬᠤ᠂ ᠡᠶ᠋ᠢᠰᠢ ᠲᠡᠶ᠋ᠢᠰᠢ ᠬᠦᠶᠦᠬᠦ ᠵᠢ ᠴᠡᠭᠡᠷᠯᠡᠨ᠎ᠡ᠃ ᠵᠦᠴᠦᠭᠡ ᠵᠢᠨ ᠲᠠᠯᠠᠪᠤᠷ᠎ᠲᠤ ᠭᠠᠯ᠎ᠤᠨ ᠭᠠᠮᠰᠢᠭ ᠡᠬᠦᠰᠬᠦ᠎ᠲᠠᠢ ᠳᠠᠭ᠋ᠠᠷᠠᠯᠳᠤᠪᠡᠯ ᠵᠦᠴᠦᠭᠡ ᠵᠢᠨ ᠲᠠᠶ᠋ᠢᠰᠠ ᠤᠷᠤᠭᠤ ᠬᠦᠶᠦᠵᠦ ᠪᠤᠯᠬᠤ ᠦᠭᠡᠢ᠂ ᠲᠠᠶ᠋ᠢᠰᠠᠨ ᠳᠡᠭᠡᠷ᠎ᠡ ᠠᠮᠠᠷᠬᠠᠨ ᠰᠢᠲᠠᠬᠤ ᠪᠤᠳᠠᠰ ᠤᠯᠠᠨ ᠪᠠᠶ᠋ᠢᠬᠤ ᠮᠦᠷᠲᠡᠭᠡᠨ ᠠᠶᠤᠯ ᠦᠭᠡᠢ ᠳᠠᠷᠬᠠᠭ᠋ᠠᠬᠤ ᠭᠤᠳᠤᠮ᠎ᠨᠢ ᠴᠦ᠍ ᠲᠤᠩ ᠨᠠᠷᠢᠬᠠᠨ ᠪᠠᠶ᠋ᠢᠳᠠᠭ᠃ ᠬᠡᠷᠪᠡ ᠤᠲᠤᠭ᠎ᠠ ᠮᠠᠨᠠᠨ ᠶᠡᠭᠡ ᠪᠤᠶᠤ ᠭᠡᠨᠡᠳᠲᠡ ᠴᠠᠬᠢᠯᠭ᠋ᠠᠨ ᠲᠠᠰᠤᠷᠡᠪᠡᠯ ᠭᠡᠷᠡᠮ ᠳᠠᠭ᠋ᠠᠤ ᠳᠡᠮᠳᠡᠷᠬᠢᠯᠡᠨ ᠤᠷᠤᠠᠠᠰᠢᠯᠠᠨ᠎ᠠ᠂ ᠰᠠᠭᠤᠳᠡᠯ᠎ᠤᠨ ᠳᠤᠤᠷ᠎ᠠ ᠪᠤᠶᠤ ᠪᠤᠯᠦᠩ ᠳᠤᠲᠤᠷ᠎ᠠ ᠨᠢᠭᠤᠠᠠᠳᠡᠵᠦ ᠪᠤᠯᠬᠤ ᠦᠭᠡᠢ᠃ ᠬᠡᠷᠪᠡ ᠠᠭᠤᠯᠠᠨ ᠤᠢ᠎ᠳᠤ ᠲᠦᠢ᠍ᠮᠡᠷ ᠡᠭᠦᠰᠬᠦ᠎ᠲᠠᠢ ᠲᠤᠬᠢᠶᠠᠯᠳᠦᠪᠡᠯ ᠰᠠᠯᠬᠢᠨ᠎ᠤ ᠴᠢᠭᠯᠡᠯ᠂ ᠰᠠᠯᠬᠢᠨ᠎ᠤ ᠬᠦᠴᠦ ᠵᠢᠴᠢ ᠭᠠᠯ᠎ᠤᠨ ᠶᠡᠭᠡ ᠪᠠᠭ᠎ᠠ ᠵᠢ ᠢᠯᠭ᠋ᠠᠨ ᠲᠠᠨᠢᠵᠦ᠂ ᠰᠠᠯᠬᠢ ᠰᠦᠷᠬᠦ ᠪᠤᠶᠤ ᠰᠠᠯᠬᠢᠨ ᠬᠠᠵᠠᠭᠤᠯᠠᠬᠤ ᠮᠠᠤᠷ ᠲᠦᠪᠰᠢᠨ ᠱᠤᠭᠤᠮ᠎ᠢ ᠰᠤᠩᠭᠤᠨ ᠲᠤᠲᠠᠭ᠋ᠠᠨ᠎ᠠ᠃

      ᠬᠡᠷᠪᠡ ᠰᠠᠯᠬᠢ ᠶᠡᠭᠡ᠂ ᠭᠠᠯ ᠰᠢᠷᠦᠭᠦᠨ ᠮᠦᠷᠲᠡᠭᠡᠨ ᠦᠢ᠍ᠷᠠᠬᠠᠨ ᠪᠠᠶ᠋ᠢᠪᠡᠯ ᠠᠰᠬ᠎ᠠ ᠬᠠᠳᠠ᠂ ᠭᠤᠤ ᠰᠤᠪᠠᠭ᠎ᠲᠤ ᠲᠦᠷ ᠳᠠᠯᠳᠠᠯᠠᠵᠦ᠂ ᠭᠠᠯ᠎ᠤᠨ ᠪᠠᠶ᠋ᠢᠳᠡᠯ ᠨᠠᠮᠳᠠᠭᠰᠠᠨ ᠬᠤᠶ᠋ᠢᠨ᠎ᠠ ᠠᠶᠤᠯ᠎ᠠᠴᠠ ᠬᠡᠯᠳᠦᠷᠢᠨ᠎ᠡ᠃ ᠬᠡᠷᠪᠡ ᠭᠠᠯ᠎ᠨᠢ ᠬᠦᠮᠦᠰ᠎ᠠᠴᠠ ᠬᠤᠯᠠ ᠪᠠᠶ᠋ᠢᠪᠡᠯ ᠰᠠᠯᠬᠢ ᠰᠦᠷᠷᠬᠦ ᠴᠢᠭᠯᠡᠯ ᠪᠤᠶᠤ ᠰᠠᠯᠬᠢᠨ᠎ᠤ ᠴᠢᠭᠯᠡᠯ᠎ᠲᠠᠢ ᠡᠭᠴᠡ ᠬᠤᠶᠠᠷ ᠬᠠᠵᠠᠭᠤ ᠴᠢᠭᠯᠡᠯ ᠤᠷᠤᠭᠤ ᠲᠤᠲᠠᠭ᠋ᠠᠨ᠎ᠠ᠃ ᠶᠠᠭ᠋ᠠᠬᠢᠭᠰᠠᠨ ᠴᠦ᠍ ᠰᠠᠯᠬᠢ ᠤᠷᠤᠭᠤ ᠲᠤᠲᠠᠭ᠋ᠠᠵᠦ ᠪᠤᠯᠬᠤ ᠦᠭᠡᠢ᠂ ᠤᠴᠢᠷ᠎ᠨᠢ ᠰᠠᠯᠬᠢ᠂ ᠭᠠᠯ᠎ᠤᠨ ᠬᠤᠷᠳᠤᠴᠠ᠎ᠨᠢ ᠬᠦᠮᠦᠨ᠎ᠠᠴᠠ ᠬᠤᠷᠳᠤᠨ ᠪᠠᠶ᠋ᠢᠳᠠᠭ᠃ ᠬᠡᠷᠪᠡ ᠲᠦᠢ᠍ᠮᠡᠷ ᠶᠠᠭ ᠲᠤᠯᠵᠦ ᠢᠷᠡᠭᠰᠡᠨ ᠪᠠᠶ᠋ᠢᠪᠡᠯ ᠵᠤᠬᠢᠬᠤ ᠬᠠᠮᠠᠭ᠋ᠠᠯᠠᠬᠤ ᠠᠷᠭ᠎ᠠ ᠠᠪᠤᠭᠰᠠᠨ᠎ᠤ ᠳᠠᠷᠠᠭ᠎ᠠ ᠰᠢᠳ᠋ᠬᠠᠳᠡᠵᠦ ᠰᠢᠷᠬᠠᠳᠤᠬᠤ ᠵᠢ ᠬᠠᠶ᠋ᠢᠬᠤᠷᠤᠯ ᠦᠭᠡᠢ ᠲᠦᠢ᠍ᠮᠡᠷ ᠤᠷᠤᠭᠤ ᠳᠠᠭ᠋ᠠᠷᠢᠵᠦ᠂ ᠰᠢᠪᠲᠤᠯᠤᠨ ᠲᠤᠲᠠᠭ᠋ᠠᠨ᠎ᠠ᠃ ᠤᠪᠠᠶ᠋ᠢᠨ᠎ᠳᠤ ᠦᠭᠡᠢ᠎ᠪᠠᠷ ᠬᠤᠪᠴᠠᠰᠤᠨ᠎ᠳᠤ ᠭᠠᠯ ᠵᠤᠯᠭ᠋ᠠᠪᠡᠯ᠂ ᠰᠤᠬᠤᠷ ᠪᠠᠯᠠᠢ᠎ᠪᠠᠷ ᠬᠦᠶᠦᠵᠦ ᠪᠤᠯᠬᠤ ᠦᠭᠡᠢ᠂ ᠭᠠᠷ ᠵᠶ᠋ᠠᠷ ᠵᠶ᠋ᠠᠨ ᠬᠦᠪᠢᠵᠦ ᠴᠦ᠍ ᠪᠤᠯᠬᠤ ᠦᠭᠡᠢ᠃ ᠬᠠᠷᠢᠨ ᠳᠠᠷᠤᠢ ᠲᠦᠷᠭᠡᠨ ᠭᠠᠵᠠᠷ᠎ᠲᠤ ᠬᠡᠪᠳᠡᠨ ᠤᠷᠪᠠᠨ ᠬᠦᠷᠪᠡᠬᠦ ᠪᠤᠶᠤ ᠬᠠᠵᠠᠭᠤᠳᠡᠬᠢ ᠤᠰᠤᠨ ᠲᠤᠳᠤᠷ᠎ᠠ ᠦᠰᠦᠷᠦᠨ ᠤᠷᠤᠨ᠎ᠠ᠃ ᠬᠡᠷᠪᠡ ᠠᠮᠠᠷᠬᠠᠨ ᠤᠷᠬᠠᠳᠠᠬᠤ ᠬᠤᠪᠴᠠᠰᠦ ᠪᠠᠶ᠋ᠢᠪᠡᠯ ᠠᠯᠢ ᠲᠦᠷᠭᠡᠨ ᠵᠶ᠋ᠠᠷ ᠤᠷᠠᠵᠦ ᠳᠡᠶ᠋ᠢᠯᠦᠨ᠎ᠡ᠃ ᠠᠪᠤᠷᠠᠭᠴᠢ᠎ᠠᠴᠠ ᠭᠠᠯ ᠵᠤᠯᠠᠭ᠋ᠠᠭᠰᠠᠳ᠎ᠤᠨ ᠪᠡᠶ᠎ᠡ ᠤᠷᠤᠭᠤ ᠤᠰᠦ ᠰᠠᠴᠤᠵᠦ ᠪᠤᠯᠤᠨ᠎ᠠ᠃ ᠬᠤᠪᠴᠠᠰᠦ ᠵᠢ᠎ᠨᠢ ᠤᠷᠠᠵᠦ ᠴᠦ᠍ ᠪᠤᠯᠤᠨ᠎ᠠ᠂ ᠭᠡᠲᠡᠯ᠎ᠡ ᠭᠠᠯ ᠤᠠᠲᠠᠷᠭ᠋ᠠᠭᠤᠷ ᠵᠶ᠋ᠠᠷ ᠬᠦᠮᠦᠨ᠎ᠤ ᠪᠡᠶ᠎ᠡ ᠤᠷᠤᠭᠤ ᠰᠦᠷᠴᠢᠨ ᠬᠠᠷᠪᠤᠵᠦ ᠪᠤᠯᠬᠤ ᠦᠭᠡᠢ᠂ ᠤᠴᠢᠷ᠎ᠨᠢ ᠳᠡᠭᠡᠪᠡᠯ ᠠᠮᠠᠷᠬᠠᠨ ᠰᠢᠷᠬᠠᠲᠤᠭᠤᠯᠤᠨ᠎ᠠ᠃

      ᠭᠠᠯ ᠰᠡᠷᠭᠡᠶ᠋ᠢᠯᠡᠯᠲᠠ ᠵᠢᠨ ᠠᠶᠤᠯ ᠦᠭᠡᠢ ᠵᠢᠨ ᠳᠡᠮᠳᠡᠭ ᠪᠤᠯ ᠭᠠᠯ ᠰᠡᠷᠭᠡᠶ᠋ᠢᠯᠡᠬᠦ᠎ᠲᠠᠢ ᠬᠠᠮᠢᠶ᠎ᠠ ᠪᠦᠬᠦᠢ ᠠᠮᠤᠷ ᠲᠦᠪᠰᠢᠨ᠎ᠤ ᠮᠡᠳᠡᠭᠡ ᠵᠠᠩᠬᠢ ᠵᠢ ᠢᠯᠡᠳᠭᠡᠬᠦ ᠳᠡᠮᠳᠡᠭ ᠮᠦᠨ᠃ ᠲᠡᠷᠡ᠎ᠨᠢ ᠭᠠᠯ᠎ᠤᠨ ᠠᠶᠤᠯ᠎ᠢ ᠰᠡᠷᠭᠡᠶ᠋ᠢᠯᠡᠬᠦ ᠪᠠ ᠭᠠᠯ᠎ᠤᠨ ᠠᠶᠤᠯ᠎ᠠᠴᠠ ᠠᠪᠤᠷᠠᠬᠤ᠎ᠳᠤ ᠬᠦᠠᠳᠦ ᠴᠢᠬᠤᠯᠠ ᠵᠢᠭ᠋ᠠᠨ ᠵᠢᠯᠤᠭᠤᠳᠬᠤ ᠦᠢ᠍ᠯᠡᠳᠦᠯ ᠎ᠲᠠᠢ ᠪᠠᠶ᠋ᠢᠳᠠᠭ᠃ ᠳᠤᠤᠷ᠎ᠠ ᠵᠢᠬᠠᠰᠠᠭ᠋ᠠᠭᠰᠠᠨ ᠪᠤᠯ ᠤᠯᠠᠨ ᠳᠠᠭ᠋ᠠᠷᠠᠯᠳᠤᠳᠠᠭ ᠬᠡᠳᠦᠨ ᠵᠦᠢ᠍ᠯ ᠪᠤᠯᠤᠨ᠎ᠠ᠃

      ᠡᠭᠦᠨ᠎ᠠᠴᠠ ᠭᠠᠳᠠᠨ᠎ᠠ ᠵᠠᠷᠢᠮ ᠭᠠᠯ ᠤᠠᠲᠠᠷᠭ᠋ᠠᠬᠤ ᠬᠡᠷᠡᠭᠰᠡᠯ᠎ᠢ ᠬᠡᠷᠡᠭᠯᠡᠵᠦ ᠰᠤᠷᠬᠤ ᠬᠡᠷᠡᠭᠳᠡᠢ᠃ ᠭᠡᠷ ᠪᠦᠯᠢ᠎ᠳᠤ ᠴᠦ᠍ ᠭᠠᠯ ᠤᠠᠲᠠᠷᠭ᠋ᠠᠬᠤ ᠬᠡᠷᠡᠭᠰᠡᠯ᠎ᠢ ᠪᠡᠯᠡᠳᠭᠡᠪᠡᠯ ᠵᠤᠬᠢᠨ᠎ᠠ᠃ ᠬᠡᠷᠪᠡ ᠰᠢᠩᠭᠡᠵᠢᠭᠰᠡᠨ ᠴᠢᠯᠠᠭᠤᠨ ᠲᠤᠰᠤᠨ᠎ᠤ ᠬᠡᠢ ᠭᠤᠭᠤᠵᠢᠵᠦ ᠭᠠᠯ ᠨᠤᠴᠤᠪᠡᠯ ᠠᠯᠴᠢᠭᠤᠷ ᠪᠤᠶᠤ ᠵᠦᠯᠭᠦᠭᠦᠷ᠎ᠢ ᠨᠤᠷᠭ᠋ᠠᠵᠦ ᠭᠠᠯ ᠨᠤᠴᠤᠠᠠᠰᠠᠨ ᠬᠡᠰᠡᠭ᠎ᠢ ᠪᠦᠲᠡᠭᠡᠭᠡᠳ᠂ ᠨᠡᠭᠡᠯᠡᠬᠡᠢ ᠵᠢ ᠲᠦᠷᠭᠡᠨ ᠬᠠᠭ᠋ᠠᠨ᠎ᠠ᠃ ᠬᠡᠷᠪᠡ ᠲᠤᠰᠦ᠎ᠲᠠᠢ ᠲᠤᠭᠤᠭ᠎ᠠ ᠨᠤᠴᠤᠪᠡᠯ ᠶᠠᠭ᠋ᠠᠬᠢᠭᠰᠠᠨ ᠴᠦ᠍ ᠤᠰᠦ ᠰᠦᠷᠴᠢᠵᠦ ᠤᠠᠲᠠᠷᠭ᠋ᠠᠵᠦ ᠪᠤᠯᠬᠤ ᠦᠭᠡᠢ᠂ ᠨᠡᠩ ᠴᠦ᠍ ᠰᠢᠭᠤᠳ ᠭᠠᠷ ᠵᠶ᠋ᠠᠷ ᠵᠶ᠋ᠠᠨ ᠡᠷᠬᠦᠵᠦ ᠪᠤᠯᠬᠤ ᠦᠭᠡᠢ᠃ ᠠᠮᠠᠰᠠᠷ᠎ᠢ᠎ᠨᠢ ᠲᠦᠷᠭᠡᠨ ᠬᠠᠭ᠋ᠠᠬᠤ ᠪᠤᠶᠤ ᠪᠡᠯᠡᠳᠭᠡᠭᠡᠳ ᠪᠠᠶ᠋ᠢᠭᠰᠠᠨ ᠨᠤᠭᠤᠭ᠎ᠠ᠎ᠪᠠᠨ ᠬᠢᠵᠦ ᠤᠷᠤᠭᠤᠯᠪᠡᠯ ᠵᠤᠬᠢᠨ᠎ᠠ᠃ ᠲᠤᠭᠤᠭ᠋ᠠᠨ᠎ᠳᠠᠬᠢ ᠲᠤᠰᠦ᠎ᠨᠢ ᠠᠭ᠋ᠠᠷ᠎ᠲᠠᠢ ᠲᠤᠰᠭ᠋ᠠᠷᠯᠠᠭᠳᠠᠭᠰᠠᠭ᠋ᠠᠷ ᠯᠠ ᠭᠠᠯ ᠤᠠᠲᠠᠷᠠᠴᠢᠬᠠᠨ᠎ᠠ᠃ ᠭᠡᠷ ᠎ᠤᠨ ᠴᠠᠬᠢᠯᠭ᠋ᠠᠨ ᠬᠡᠷᠡᠭᠯᠡᠭᠦᠷ ᠭᠠᠯ ᠨᠤᠴᠤᠪᠡᠯ ᠳᠠᠷᠤᠢ ᠲᠦᠷᠭᠡᠨ ᠵᠶ᠋ᠠᠷ ᠴᠠᠬᠢᠯᠭ᠋ᠠᠨ᠎ᠤ ᠬᠠᠭ᠋ᠠᠯᠲᠠ ᠵᠢ ᠬᠠᠭ᠋ᠠᠵᠦ ᠴᠠᠬᠢᠯᠭ᠋ᠠᠨ᠎ᠢ ᠲᠠᠰᠤᠯᠬᠤ ᠪᠤᠶᠤ ᠤᠠᠠᠯᠠᠭᠤᠷ᠎ᠢ ᠰᠠᠯᠭ᠋ᠠᠭᠰᠠᠨ᠎ᠤ ᠳᠠᠷᠠᠭ᠎ᠠ ᠨᠦᠢ᠍ᠲᠡᠨ ᠨᠤᠤᠰᠤᠨ ᠳᠠᠩᠰᠠ ᠪᠤᠶᠤ ᠬᠦᠪᠤᠡᠭ ᠬᠦᠠᠵᠢᠯᠡ᠎ᠪᠠᠷ ᠪᠦᠲᠦᠭᠡᠨ᠎ᠡ᠃ ᠤᠰᠦ᠎ᠪᠠᠷ ᠤᠠᠲᠠᠷᠠᠭ᠋ᠠᠵᠦ ᠪᠤᠯᠬᠤ ᠦᠭᠡᠢ᠂ ᠳᠡᠭᠡᠬᠦ᠎ᠳᠤ ᠬᠦᠷᠪᠡᠯ ᠠᠮᠠᠷᠬᠠᠨ ᠴᠠᠬᠢᠯᠭ᠋ᠠᠨ᠎ᠳᠤ ᠴᠤᠬᠢᠭᠤᠯᠵᠦ ᠰᠢᠷᠬᠠᠳᠤᠨ᠎ᠠ᠃
 

ᠢᠷᠡᠯᠲᠡ᠄ ᠡᠷᠡᠭᠦᠯ ᠮᠡᠨᠳᠦ ᠵᠢᠨ ᠶᠡᠷᠦ ᠵᠢᠨ ᠮᠡᠳᠡᠯᠭᠡ
          
ᠬᠠᠮᠢᠶ᠎ᠡ ᠪᠦᠬᠦᠢ ᠰᠣᠨᠢᠨ
ᠦᠠᠳᠦᠷ ᠬᠦᠴᠦᠳᠡᠯ᠂ ᠨᠤᠴᠤᠮᠠᠳᠠᠭ᠋ᠠᠢ᠂ ᠳᠠᠰᠤᠷᠠᠮᠠᠳᠡᠬᠡᠢ᠂ ᠲᠤᠠᠠᠰᠢᠨ ᠬᠤᠤᠷ᠎ᠲᠠᠢ᠂ ᠰᠠᠴᠤᠷᠠᠮᠠᠬᠠᠢ ᠴᠢᠨᠠᠷ᠎ᠲᠠᠢ᠂ ᠠᠮᠢᠳᠦ ᠪᠤᠳᠠᠰ᠎ᠤᠨ ᠠᠮᠤᠷ ᠲᠦᠪᠰᠢᠨ ᠵᠡᠷᠭᠡ ᠶᠡᠷᠦ᠎ᠳᠡᠭᠡᠨ ᠬᠠᠷᠬᠠᠳᠠᠳᠠᠭ ᠠᠶᠤᠯ᠎ᠤᠨ ᠳᠡᠮᠳᠡᠭ᠎ᠢ ᠢᠯᠭ᠋ᠠᠨ ᠴᠢᠳᠠᠵᠦ᠂ ᠠᠶᠤᠯ ᠲᠦᠭᠰᠢᠭᠦᠷᠢ ᠪᠤᠳᠠᠰ᠎ᠠᠴᠠ ᠬᠤᠯ᠎ᠠ ᠪᠠᠶ᠋ᠢᠬᠤ ᠬᠡᠷᠡᠭᠳᠡᠢ
ᠭᠠᠯ ᠤᠨᠲᠠᠷᠠᠭ᠋ᠠᠭᠤᠯ᠎ᠢ ᠬᠡᠷᠡᠭᠯᠡᠬᠦ ᠠᠷᠭ᠎ᠠ
ᠬᠥᠮᠦᠨ ᠬᠠᠷ᠎ᠠ ᠭᠥᠷᠥᠭᠡᠰᠦ ᠮᠠᠨ᠎ᠤ ᠤᠯᠤᠰ᠎ᠤᠨ ᠠᠯᠢ ᠲᠥᠷᠥᠯ᠎ᠤᠨ ᠬᠠᠮᠠᠭ᠋ᠠᠯᠠᠯᠲᠠ ᠵᠢᠨ ᠠᠮᠢᠲᠠᠨ᠎ᠳᠤ ᠬᠠᠷᠢᠶᠠᠯᠠᠭᠳᠠᠬᠤ ᠪᠤᠢ?
ᠬᠦᠨᠣᠭᠡᠯᠳᠣ ᠰᠢᠪᠡᠵᠢ ᠵᠢ ᠠᠮᠢᠳᠣ ᠪᠣᠳᠡᠰ ᠵᠶ᠋ᠠᠷ ᠰᠠᠷᠭᠡᠶ᠋ᠢᠯᠡᠨ ᠵᠠᠰᠠᠬᠤ᠎ᠳᠤ ᠶᠠᠮᠠᠷ ᠠᠷᠭ᠎ᠠ ᠪᠠᠶ᠋ᠢᠬᠤ ᠪᠣᠢ
ᠪᠤᠷᠤ ᠴᠠᠷᠭ᠋ᠠᠰᠤ ᠵᠢ ᠲᠠᠷᠢᠬᠤ ᠮᠡᠷᠭᠡᠵᠢᠯ
 
             蒙ICP备05000248号