ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠬᠦᠨᠣᠭᠡᠯᠳᠣ ᠰᠢᠪᠡᠵᠢ ᠵᠢ ᠠᠮᠢᠳᠣ ᠪᠣᠳᠡᠰ ᠵᠶ᠋ᠠᠷ ᠰᠠᠷᠭᠡᠶ᠋ᠢᠯᠡᠨ ᠵᠠᠰᠠᠬᠤ᠎ᠳᠤ ᠶᠠᠮᠠᠷ ᠠᠷᠭ᠎ᠠ ᠪᠠᠶ᠋ᠢᠬᠤ ᠪᠣᠢ
ᠨᠡᠶ᠋ᠢᠲᠡᠯᠡᠭᠰᠡᠨ ᠴᠠᠭ᠄ 2022-09-06

      ᠬᠦᠨᠣᠬᠡᠯᠳᠣ ᠰᠢᠪᠡᠵᠢ ᠵᠢ ᠠᠮᠢᠳᠣ ᠪᠣᠳᠡᠰ ᠵᠶ᠋ᠠᠷ ᠰᠠᠷᠭᠡᠶ᠋ᠢᠯᠡᠨ ᠵᠠᠰᠠᠬᠤ᠎ᠳᠤ ᠭᠤᠣᠯᠳᠡᠭᠤ ᠲᠠᠷᠣᠯᠭ᠎ᠠ᠎ᠪᠠᠷ ᠵᠠᠰᠠᠬᠤ ᠪᠡ ᠮᠢᠺᠷᠣᠪ ᠵᠶ᠋ᠠᠷ ᠵᠠᠰᠠᠬᠤ ᠬᠤᠶᠠᠷ ᠶᠡᠭᠡ ᠲᠦᠷᠣᠯ ᠪᠠᠶ᠋ᠢᠳᠠᠭ᠂ ᠲᠠᠷᠣᠯᠭ᠎ᠠ ᠵᠢ ᠬᠠᠮᠠᠭ᠋ᠠᠯᠠᠬᠤ᠂ ᠲᠠᠷᠣᠯᠭ᠎ᠠ ᠵᠢ ᠦᠷᠡᠵᠢᠬᠦᠯᠬᠦ ᠪᠡ ᠲᠠᠯᠪᠢᠬᠤ᠂ ᠲᠠᠷᠣᠯᠭ᠎ᠠ ᠵᠢ ᠣᠷᠣᠭᠤᠯᠬᠤ ᠵᠡᠷᠭᠡ ᠪᠠᠭᠳᠡᠨ᠎ᠠ᠃

      ᠲᠠᠷᠣᠯᠭ᠎ᠠ ᠵᠢ ᠬᠠᠮᠠᠭ᠋ᠠᠯᠠᠵᠣ ᠲᠠᠬᠦᠨ᠎ᠢ ᠠᠶᠠᠨᠳᠠᠭ᠋ᠠᠨ ᠦᠷᠡᠵᠢᠬᠦᠯᠣᠨ ᠨᠡᠮᠡᠭᠳᠡᠬᠦᠯᠬᠦ᠎ᠳᠤ ᠠᠳᠡᠯᠢ ᠪᠣᠰᠣ ᠣᠷᠴᠢᠨ ᠲᠣᠭᠤᠷᠢᠨ᠎ᠤ ᠨᠦᠬᠦᠴᠠᠯ ᠲᠣᠣᠷ᠎ᠡ ᠡᠯ᠎ᠠ ᠵᠣᠶ᠋ᠢᠯ᠎ᠤᠨ ᠲᠠᠷᠣᠯᠭ᠎ᠠ ᠵᠢᠨ ᠨᠦᠬᠦᠴᠠᠯ ᠲᠣᠣᠷ᠎ᠡ ᠡᠯ᠎ᠠ ᠵᠣᠶ᠋ᠢᠯ᠎ᠤᠨ ᠲᠠᠷᠣᠯᠭ᠎ᠠ ᠵᠢᠨ ᠣᠨᠴᠠᠯᠢᠭ᠎ᠢ ᠦᠨᠳᠣᠰᠣᠯᠡᠨ ᠣᠨᠴᠠᠭ᠋ᠠᠢ ᠠᠷᠭ᠎ᠠ ᠲᠣᠬᠳᠡᠭ᠋ᠠᠨ᠎ᠠ᠃ ᠨᠢᠭᠡ ᠵᠣᠶ᠋ᠢᠯ᠎ᠤᠨ ᠰᠠᠶ᠋ᠢᠨ ᠲᠠᠷᠢᠶᠠᠯᠠᠬᠤ ᠠᠷᠭ᠎ᠠ᠎ᠨᠢ ᠲᠠᠷᠣᠯᠭ᠎ᠠ ᠵᠢ ᠬᠠᠮᠠᠭ᠋ᠠᠯᠠᠬᠤ ᠪᠡ ᠠᠰᠢᠬᠯᠠᠬᠤ᠎ᠳᠤ ᠴᠦᠮ ᠰᠠᠶ᠋ᠢᠨ ᠣᠶ᠋ᠢᠯᠡᠳᠣᠯ᠎ᠲᠠᠢ ᠪᠠᠶ᠋ᠢᠳᠠᠭ᠃ ᠵᠢᠱ᠌ᠢᠶᠠᠯᠠᠪᠡᠯ ᠣᠮᠠᠷᠡᠳᠣ ᠣᠷᠣᠨ᠎ᠳᠤ ᠬᠦᠪᠣᠩ ᠪᠠ ᠪᠣᠭᠤᠳᠡᠢ ᠵᠢ ᠠᠯᠠᠬᠯᠠᠨ ᠲᠠᠷᠢᠪᠡᠯ᠂ ᠪᠣᠭᠤᠳᠡᠢ ᠶᠠᠭ ᠪᠣᠯᠪᠠᠰᠣᠷᠡᠮᠠᠷ ᠪᠣᠯᠬᠤ ᠦᠶᠠᠰ ᠪᠣᠭᠤᠳᠡᠢ ᠵᠢᠨ ᠪᠠᠭ᠋ᠠᠷᠡᠩ ᠬᠤᠷᠣᠬᠠᠢ ᠡᠳᠣᠷ᠎ᠠᠴᠠ ᠡᠳᠣᠷ ᠪᠠᠭ᠋ᠠᠰᠳᠠᠭ᠃ ᠬᠠᠷᠢᠨ ᠬᠦᠪᠣᠩ᠎ᠨᠢ ᠶᠠᠭ ᠴᠢᠬᠢᠯᠡᠬᠦ ᠬᠤᠭᠤᠴᠠᠭ᠋ᠠᠨ᠎ᠳᠤ ᠪᠠᠶ᠋ᠢᠵᠣ᠂ ᠬᠦᠪᠣᠩ᠎ᠤᠨ ᠪᠠᠭ᠋ᠠᠷᠡᠩ ᠬᠤᠷᠣᠬᠠᠢ ᠡᠳᠣᠷ ᠢᠷᠡᠬᠦᠶ᠎ᠠ ᠬᠡᠴᠠᠬᠦᠳᠡᠵᠣ᠂ ᠣᠣᠯ᠎ᠤᠨ ᠪᠣᠭᠤᠳᠡᠢ ᠵᠢᠨ ᠲᠠᠷᠢᠶᠠᠨ᠎ᠳᠠᠬᠢ ᠪᠠᠭ᠋ᠠᠷᠡᠩ ᠬᠤᠷᠣᠬᠠᠢ ᠵᠢᠨ ᠲᠠᠷᠣᠯᠭ᠎ᠠ᠎ᠳᠤ ᠢᠳᠡᠰᠢ ᠬᠠᠩᠭ᠋ᠠᠵᠣ᠂ ᠲᠠᠳᠡ ᠵᠠᠯᠭ᠋ᠠᠭ᠎ᠠ᠎ᠪᠠᠷ ᠬᠦᠪᠣᠩ᠎ᠤᠨ ᠴᠢᠬᠢ ᠦᠭᠡᠳᠡ ᠨᠡᠬᠦᠳᠡᠯᠯᠠᠨ᠎ᠠ᠃ ᠢᠩᠬᠢᠬᠡᠳ ᠬᠦᠪᠣᠩ᠎ᠤᠨ ᠪᠠᠭ᠋ᠠᠷᠡᠩ ᠬᠤᠷᠣᠬᠠᠢ᠎ᠨᠢ ᠠᠶᠠᠨᠳᠡᠭ᠋ᠠᠨ ᠬᠢᠵᠠᠭ᠋ᠠᠷᠯᠠᠬᠳᠡᠵᠣ᠂ ᠶᠠᠮᠠᠷ ᠴᠣ᠌ ᠰᠠᠷᠭᠡᠶ᠋ᠢᠯᠡᠨ ᠵᠠᠰᠠᠬᠤ ᠠᠷᠭ᠎ᠠ ᠠᠪᠬᠤ ᠴᠢᠬᠤᠯᠡ ᠦᠭᠡᠢ᠂ ᠵᠠᠷᠢᠮ ᠬᠦᠪᠣᠩ ᠠᠯᠠᠬᠠᠯᠡᠨ ᠲᠠᠷᠢᠬᠰᠠᠨ ᠦᠭᠡᠢ ᠲᠠᠷᠢᠶᠠᠴᠢᠳ ᠪᠣᠭᠤᠳᠡᠢ ᠵᠢᠨ ᠲᠠᠷᠢᠶᠠᠨ᠎ᠠᠴᠠ᠎ᠪᠠᠨ ᠲᠠᠷᠣᠯᠭ᠎ᠠ ᠴᠣᠬᠯᠠᠭᠤᠯᠵᠣ ᠬᠦᠪᠣᠩ᠎ᠤᠨ ᠲᠠᠷᠢᠶᠠᠨ᠎ᠳᠤ᠎ᠪᠠᠨ ᠰᠢᠯᠵᠢᠬᠦᠯᠣᠨ ᠠᠪᠴᠢᠷᠠᠳᠠᠭ ᠪᠠᠶ᠋ᠢᠨ᠎ᠠ᠃ ᠪᠠᠰᠨ ᠵᠠᠷᠢᠮ ᠵᠢᠮᠢᠰ᠎ᠤᠨ ᠬᠦᠷᠢᠶᠠᠯᠡᠩ᠎ᠨᠢ ᠠᠰᠢᠬᠳᠣ ᠣᠷᠭᠤᠮᠠᠯ ᠲᠠᠷᠢᠬᠤ᠎ᠪᠠᠷ ᠲᠠᠮᠵᠢᠨ ᠵᠢᠮᠢᠰ᠎ᠤᠨ ᠬᠦᠷᠢᠶᠠᠯᠡᠩ᠎ᠤᠨ ᠣᠯᠡᠨ ᠶᠠᠩᠵᠣᠳᠣ ᠴᠢᠨᠠᠷ᠎ᠢ ᠨᠡᠮᠡᠭᠳᠡᠬᠦᠯᠬᠦ ᠵᠢᠨ ᠬᠠᠮᠳᠣ ᠲᠠᠷᠣᠯᠭ᠎ᠠ ᠵᠢᠨ ᠠᠮᠢᠳᠣᠷᠡᠬᠤ᠎ᠳᠤ ᠵᠣᠬᠢᠮᠵᠢᠳᠡᠢ ᠣᠷᠴᠢᠨ ᠲᠣᠭᠤᠷᠢᠨ ᠎ᠢ ᠨᠡᠮᠡᠭᠳᠡᠬᠦᠯᠣᠨ ᠲᠠᠷᠣᠯᠭ᠎ᠠ ᠵᠢ ᠬᠠᠮᠠᠭ᠋ᠠᠯᠠᠳᠠᠭ ᠪᠠᠶ᠋ᠢᠨ᠎ᠠ᠃

      ᠬᠦᠮᠣᠨ᠎ᠤ ᠬᠦᠴᠣ᠎ᠪᠠᠷ ᠶᠡᠭᠡ ᠬᠡᠮᠵᠢᠶᠠᠨ᠎ᠤ ᠲᠠᠷᠣᠯᠭ᠎ᠠ ᠵᠢ ᠦᠷᠡᠵᠢᠬᠦᠯᠬᠦ ᠪᠡ ᠲᠠᠯᠪᠢᠬᠤ᠎ᠨᠢ ᠶᠠᠷᠣ᠎ᠳᠤ ᠎ᠪᠠᠨ ᠪᠠᠶ᠋ᠢᠭ᠋ᠠᠯᠢ ᠵᠢᠨ ᠲᠠᠷᠣᠯᠭ᠎ᠠ ᠵᠢ ᠬᠠᠮᠠᠭ᠋ᠠᠯᠠᠬᠰᠠᠨ ᠪᠣᠯᠪᠠᠴᠣ ᠵᠠᠷᠢᠮ ᠵᠣᠶ᠋ᠢᠯ᠎ᠤᠨ ᠬᠦᠨᠣᠭᠡᠯᠳᠣ ᠰᠢᠪᠡᠵᠢ ᠵᠢᠨ ᠲᠤᠭ᠎ᠠ ᠬᠡᠮᠵᠢᠶ᠎ᠠ ᠵᠢ ᠬᠢᠵᠠᠭ᠋ᠠᠷᠯᠠᠬᠤ᠎ᠳᠤ ᠬᠠᠷᠡᠬᠠᠨ ᠬᠦᠷᠣᠯᠴᠠᠬᠦ ᠦᠭᠡᠢ ᠪᠠᠶ᠋ᠢᠳᠡᠯ ᠲᠣᠣᠷ᠎ᠡ ᠰᠠᠶᠢ ᠭᠡᠷᠡᠭᠯᠡᠳᠡᠭ ᠪᠠᠶ᠋ᠢᠨ᠎ᠠ᠃ ᠡᠶ᠋ᠢᠮᠣ᠎ᠠᠴᠠ ᠰᠠᠷᠭᠡᠶ᠋ᠢᠯᠡᠨ ᠵᠠᠰᠠᠬᠤ ᠬᠠᠷᠡᠯᠳᠡ᠎ᠨᠢ ᠲᠣᠩ ᠲᠣᠳᠣᠷᠬᠠᠢ ᠪᠠᠶ᠋ᠢᠵᠣ᠂ ᠲᠠᠷᠣᠯᠭ᠎ᠠ ᠵᠢ ᠦᠷᠡᠵᠢᠬᠦᠯᠬᠦ ᠪᠡ ᠲᠠᠯᠪᠢᠬᠤ ᠵᠢᠨ ᠴᠢᠭᠯᠡᠯᠳᠣ ᠴᠢᠨᠠᠷ᠎ᠨᠢ ᠲᠣᠩ ᠴᠢᠩᠭ᠎ᠠ ᠪᠠᠶ᠋ᠢᠬᠤ ᠶᠣᠰᠣᠳᠡᠢ᠃ ᠮᠡᠨ᠎ᠤ ᠣᠯᠣᠰ᠎ᠤᠨ ᠲᠠᠷᠣᠯᠭ᠎ᠠ ᠵᠢ ᠲᠠᠵᠢᠭᠡᠬᠦ ᠪᠡ ᠲᠠᠯᠪᠢᠬᠤ ᠲᠠᠯ᠎ᠠ᠎ᠪᠠᠷ᠎ᠬᠢ ᠰᠣᠳᠣᠯᠣᠯᠳᠡ ᠪᠣᠯᠣᠨ ᠠᠰᠢᠬᠯᠠᠯᠳᠡ᠎ᠳᠤ ᠬᠠᠮᠤᠭ ᠣᠯᠡᠨ ᠭᠡᠷᠡᠭᠯᠡᠳᠡᠭ᠎ᠨᠢ ᠣᠯᠡᠨ ᠨᠢᠳᠣᠳᠣ ᠵᠦᠭᠡᠢ ᠵᠢᠨ ᠲᠦᠷᠣᠯ᠎ᠤᠨ ᠣᠯᠡᠨ ᠵᠣᠶ᠋ᠢᠯ᠎ᠤᠨ ᠦᠨᠳᠡᠭᠡ᠎ᠲᠠᠢ ᠬᠤᠪᠢᠯᠵᠡᠨ ᠵᠦᠭᠡᠢ ᠪᠠᠶ᠋ᠢᠵᠣ᠂ ᠨᠢᠭᠡᠨᠳᠡ ᠲᠡᠸᠡᠷᠵᠢᠭ᠍ᠰᠠᠨ ᠪᠠᠶ᠋ᠢᠨ᠎ᠠ᠃ ᠭᠤᠣᠯᠳᠡᠭᠤ ᠣᠯᠡᠭ᠋ᠠᠨ ᠨᠢᠳᠣᠳᠣ ᠵᠦᠭᠡᠢ ᠵᠢ ᠠᠰᠢᠬᠯᠡᠨ ᠬᠠᠶ᠋ᠢᠷᠰᠣᠳᠣ ᠲᠡᠯᠡᠪᠴᠢᠳᠡᠨ᠎ᠤ ᠪᠠᠭ᠎ᠤᠨ ᠬᠦᠨᠣᠭᠡᠯᠳᠣ ᠰᠢᠪᠡᠵᠢ ᠵᠢ ᠰᠠᠷᠭᠡᠶ᠋ᠢᠯᠡᠨ ᠵᠠᠰᠠᠳᠠᠭ ᠶᠣᠮ᠃

      ᠭᠠᠳᠡᠨ᠎ᠠ ᠣᠷᠣᠨ᠎ᠠᠴᠠ ᠲᠠᠷᠣᠯᠭ᠎ᠠ ᠣᠷᠣᠭᠤᠯᠣᠨ ᠠᠪᠴᠢᠷᠡᠬᠤ ᠵᠢᠨ ᠵᠣᠷᠢᠯᠭ᠎ᠠ᠎ᠨᠢ ᠲᠣᠬᠠᠢ ᠵᠢᠨ ᠭᠠᠵᠡᠷ ᠎ᠤᠨ ᠲᠠᠷᠣᠯᠭ᠎ᠠ ᠵᠢᠨ ᠪᠦᠳᠣᠴᠠ ᠵᠢ ᠦᠭᠡᠷᠡᠴᠢᠯᠠᠬᠦ ᠪᠡ ᠰᠠᠶ᠋ᠢᠵᠢᠷᠡᠭᠤᠯᠣᠨ᠂ ᠬᠦᠨᠣᠭᠡᠯᠳᠣ ᠰᠢᠪᠡᠵᠢ ᠵᠢ ᠠᠶᠠᠨᠳᠡᠭ᠋ᠠᠨ ᠬᠢᠵᠠᠭ᠋ᠠᠷᠯᠠᠬᠤ ᠦᠷ᠎ᠡ ᠠᠰᠢᠭ᠎ᠢ ᠲᠡᠭᠡᠰᠢᠯᠠᠬᠦᠯᠬᠦ ᠵᠢᠨ ᠲᠦᠯᠣᠭᠡ ᠶᠣᠮ᠃ ᠡᠬᠦᠨ᠎ᠢ ᠦᠷᠬᠦᠯᠵᠢ ᠰᠢᠨ᠎ᠠ᠎ᠪᠠᠷ ᠣᠷᠣᠭᠤᠯᠵᠣ ᠢᠷᠡᠭᠰᠠᠨ ᠬᠦᠨᠣᠭᠡᠯᠳᠣ ᠰᠢᠪᠡᠵᠢ ᠵᠢ ᠠᠷᠭ᠋ᠠᠴᠠᠭ᠋ᠠᠬᠤ᠎ᠳᠤ ᠭᠡᠷᠡᠭᠯᠡᠳᠡᠭ ᠶᠣᠮ᠃ ᠬᠤᠷᠣᠬᠠᠢ ᠰᠢᠪᠡᠵᠢ ᠵᠢᠨ ᠲᠣᠳᠣᠷᠡᠬᠢ ᠴᠦᠭᠡᠨ ᠪᠣᠰᠣ ᠡᠪᠡᠳᠴᠢᠨ ᠡᠬᠦᠰᠭᠡᠭᠴᠢ ᠮᠢᠺᠷᠣᠪ᠎ᠢ ᠲᠠᠷᠢᠶᠠᠯᠡᠩ ᠣᠢ ᠰᠢᠭᠤᠢ ᠵᠢᠨ ᠬᠦᠨᠣᠭᠡᠯᠳᠣ ᠰᠢᠪᠡᠵᠢ ᠵᠢ ᠰᠠᠷᠭᠡᠶ᠋ᠢᠯᠡᠨ ᠵᠠᠰᠠᠬᠤ᠎ᠳᠤ ᠭᠡᠷᠡᠭᠯᠡᠵᠣ ᠪᠣᠯᠣᠨ᠎ᠠ᠃ ᠵᠠᠷᠢᠮ᠎ᠨᠢ ᠪᠠᠰᠠ ᠬᠤᠷᠣᠬᠠᠢ ᠰᠢᠪᠡᠵᠢ ᠵᠢᠨ ᠲᠦᠷᠰᠣ ᠵᠢᠨ ᠰᠦᠷᠥᠭ᠎ᠲᠤ ᠲᠠᠬᠤᠯ ᠡᠪᠡᠳᠴᠢᠨ ᠡᠬᠦᠰᠭᠡᠵᠣ᠂ ᠣᠷᠳᠣ ᠬᠤᠭᠤᠴᠠᠭ᠎ᠠ᠎ᠪᠠᠷ ᠬᠢᠵᠠᠭ᠋ᠠᠷᠯᠠᠬᠤ ᠦᠷ᠎ᠡ ᠠᠰᠢᠭ᠎ᠲᠤ ᠬᠦᠷᠣᠨ᠎ᠠ᠃ ᠬᠤᠷᠣᠬᠠᠢ ᠰᠢᠪᠡᠵᠢ ᠵᠢᠨ ᠡᠪᠡᠳᠴᠢᠨ ᠡᠬᠦᠰᠭᠡᠭᠴᠢ ᠮᠢᠺᠷᠣᠪ᠎ᠤᠨ ᠣᠯᠡᠩᠬᠢ᠎ᠨᠢ ᠬᠦᠮᠣᠨ ᠮᠠᠯ᠎ᠳᠤ ᠬᠤᠣᠷ ᠦᠭᠡᠢ᠂ ᠣᠷᠴᠢᠨ ᠲᠣᠭᠤᠷᠢᠨ᠎ᠢ ᠪᠣᠬᠢᠷᠳᠣᠭᠤᠯᠬᠤ ᠦᠭᠡᠢ ᠪᠠᠶ᠋ᠢᠵᠣ᠂ ᠲᠣᠬᠳᠡᠭ᠍ᠰᠠᠨ ᠨᠠᠶ᠋ᠢᠷᠡᠯᠭ᠎ᠠ ᠪᠣᠯᠭ᠋ᠠᠬᠰᠠᠨ᠎ᠤ ᠲᠠᠷᠠᠭ᠎ᠠ ᠬᠢᠮᠢ ᠵᠢᠨ ᠲᠠᠷᠢᠶᠠᠨ ᠡᠮ ᠠᠳᠡᠯᠢ ᠰᠦᠷᠴᠢᠵᠣ ᠪᠣᠯᠣᠨ᠎ᠠ᠃ ᠡᠶ᠋ᠢᠮᠣ᠎ᠠᠴᠠ ᠦᠷᠬᠦᠯᠵᠢ ᠮᠢᠺᠷᠣᠪ᠎ᠤᠨ ᠲᠠᠷᠢᠶᠠᠨ ᠡᠮ ᠭᠡᠵᠣ ᠬᠡᠯᠡᠳᠡᠭ᠃ (ᠣᠬᠠᠭ᠋ᠠᠨ)
   

ᠢᠷᠡᠯᠲᠡ᠄ ᠬᠢᠩᠭ᠋ᠠᠨ᠎ᠤ ᠡᠳᠣᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠪᠤᠷᠤ ᠴᠠᠷᠭ᠋ᠠᠰᠤ ᠵᠢ ᠲᠠᠷᠢᠬᠤ ᠮᠡᠷᠭᠡᠵᠢᠯ
ᠨᠡᠷᠡᠨ ᠬᠤᠸᠠᠷ ᠲᠠᠷᠢᠬᠤ ᠮᠡᠷᠭᠡᠵᠢᠯ
ᠡᠷᠳᠡᠨᠢ ᠰᠢᠰᠢ ᠵᠢᠨ ᠬᠠᠷ᠎ᠠ ᠲᠤᠭᠤᠰᠤᠲᠤ ᠡᠪᠡᠳᠴᠢᠨ᠎ᠢ ᠰᠡᠷᠭᠡᠶ᠋ᠢᠯᠡᠨ ᠵᠠᠰᠠᠬᠤ ᠠᠷᠭ᠎ᠠ
ᠨᠠᠷᠠᠰᠤᠨ ᠮᠤᠳᠤᠨ᠎ᠤ ᠦᠷ᠎ᠡ ᠵᠢ ᠶᠠᠭ᠋ᠠᠬᠢᠵᠦ ᠴᠤᠭᠯᠠᠭᠤᠯᠬᠤ ᠪᠤᠢ
ᠤᠢ᠌ᠲᠦ ᠪᠤᠰᠤ ᠤᠷᠤᠨ᠎ᠤ ᠤᠢ ᠮᠣᠳᠣᠨ᠎ᠤ ᠰᠠᠯᠠᠭ᠎ᠠ ᠨᠠᠮᠠᠭ᠎ᠠ ᠵᠢ ᠵᠠᠰᠠᠬᠤ ᠪᠤᠶᠤ ᠤᠢ ᠮᠤᠳᠤ ᠵᠢ ᠣᠭᠲᠣᠯᠬᠤ᠎ᠳᠤ ᠤᠢ ᠰᠢᠭᠤᠢ ᠵᠢᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠵᠶ᠋ᠠᠷ ᠬᠢᠨᠠᠨ ᠵᠦᠪᠰᠢᠶᠡᠷᠡᠬᠦᠯᠬᠦ ᠴᠢᠬᠤᠯᠠᠳᠠᠢ ᠦᠦ? ᠬᠣᠯᠪᠣᠭᠳᠠᠯ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ ᠪᠠᠢ᠌ᠨᠤ?
 
             蒙ICP备05000248号