ᠡᠪᠡᠰᠤ ᠬᠢᠭᠡᠳ ᠲᠡᠵᠢᠭᠡᠯ ᠪᠤᠷᠳᠤᠭ᠎ᠠ ᠲᠠᠷᠢᠵᠤ᠂ ᠠᠮᠤ ᠪᠤᠳᠠᠭ᠋ᠠᠨ᠎ᠤ ᠲᠠᠷᠢᠮᠠᠯ — ᠠᠵᠤ ᠠᠬᠤᠢ ᠵᠢᠨ ᠲᠠᠷᠢᠮᠠᠯ — ᠡᠪᠡᠰᠤ ᠬᠢᠭᠡᠳ ᠲᠡᠵᠢᠭᠡᠯ ᠪᠤᠷᠳᠤᠭ᠎ᠠ ᠵᠢᠨ ᠲᠠᠷᠢᠮᠠᠯ᠎ᠤᠨ ᠭᠤᠷᠪᠠ ᠤᠶᠠᠯᠳᠤᠭᠰᠠᠨ ᠨᠢᠭᠡ ᠴᠤᠭᠴᠠᠳᠤ ᠲᠠᠷᠢᠮᠠᠯ᠎ᠤᠨ ᠪᠦᠳᠦᠴᠨ ᠵᠢ ᠪᠠᠶ᠋ᠢᠭᠤᠯᠬᠤ ᠪᠤᠯ ᠮᠠᠯ᠎ᠳᠤ ᠴᠢᠨᠠᠷ ᠰᠠᠶ᠋ᠢᠳᠠᠢ ᠡᠪᠡᠰᠤ ᠪᠤᠷᠳᠤᠭ᠎ᠠ ᠲᠤᠳᠠᠭᠳᠠᠬᠤ ᠵᠢ ᠰᠢᠢ᠍ᠳᠪᠦᠷᠢᠯᠠᠵᠤ᠂ ᠮᠠᠯ ᠠᠵᠤ ᠠᠬᠤᠢ ᠵᠢ ᠰᠢᠯᠢᠳᠡᠭ ᠴᠢᠨᠠᠷ᠎ᠤᠨ ᠦᠨᠳᠤᠷ ᠭᠠᠷᠤᠯᠳᠠ᠎ᠲᠠᠢ ᠪᠤᠯᠭ᠋ᠠᠬᠤ ᠵᠢ ᠪᠠᠳᠤᠯᠠᠬᠤ ᠴᠢᠬᠤᠯᠨ ᠨᠢᠭᠡ ᠠᠷᠭ᠎ᠠ ᠵᠠᠮ ᠪᠤᠯᠤᠨ᠎ᠠ᠃
ᠦᠢ᠍ᠯᠡᠳᠪᠦᠷᠢᠯᠡᠯ᠎ᠤᠨ ᠦᠢ᠍ᠯᠡᠳᠤᠯᠭᠡ ᠭᠡᠷᠡᠴᠢᠯᠡᠭᠰᠡᠨ᠎ᠨᠢ᠂ ᠲᠠᠷᠢᠭᠰᠠᠨ ᠡᠪᠠᠰᠤ ᠵᠢᠨ ᠤᠨᠠᠯᠳᠠ᠎ᠨᠢ ᠪᠠᠶ᠋ᠢᠭ᠋ᠠᠯᠢᠯᠢᠭ ᠪᠡᠯᠴᠢᠭᠡᠷ᠎ᠠᠴᠠ 2 — 5 ᠲᠠᠬᠢᠨ ᠦᠨᠳᠤᠷ ᠪᠠᠶ᠋ᠢᠵᠤ᠂ ᠲᠡᠭᠦᠨᠴᠢᠯᠡᠨ ᠡᠪᠡᠰᠤᠨ᠎ᠤ ᠴᠢᠨᠠᠷ ᠰᠠᠶ᠋ᠢᠨ᠂ ᠡᠯ᠎ᠡ ᠵᠦᠢ᠍ᠯ᠎ᠤᠨ ᠰᠢᠮ᠎ᠠ ᠲᠡᠵᠢᠭᠡᠯ ᠡᠯᠪᠡᠭ ᠠᠭᠤᠯᠤᠭᠳᠠᠵᠤ ᠪᠠᠶ᠋ᠢᠳᠠᠭ᠂ ᠢᠯᠡᠩᠭᠤᠶ᠎ᠠ ᠪᠤᠷᠴᠠᠭ᠎ᠤᠨ ᠢᠵᠠᠭᠤᠷ᠎ᠤᠨ ᠪᠡᠯᠴᠢᠭᠡᠷ ᠡᠪᠡᠰᠤ ᠬᠢᠭᠡᠳ ᠲᠡᠵᠢᠭᠡᠯ ᠪᠤᠷᠳᠤᠭ᠎ᠠ ᠵᠢᠨ ᠲᠠᠷᠢᠮᠠᠯ᠎ᠤᠨ ᠤᠭᠤᠷᠠᠭ᠎ᠤᠨ ᠠᠭᠤᠯᠤᠭᠳᠠᠴᠨ᠎ᠨᠢ ᠨᠠᠷᠢᠮᠤ ᠵᠢᠨ ᠠᠭ᠎ᠠ᠂ ᠪᠤᠭᠤᠳᠠᠢ ᠵᠢᠨ ᠠᠭ᠎ᠠ᠎ᠲᠠᠢ ᠠᠳᠠᠯᠢ ᠪᠠᠶ᠋ᠢᠵᠤ᠂ ᠴᠢᠨᠠᠭᠰᠢᠯᠠᠪᠠᠯ ᠡᠷᠤᠳᠠᠰᠤ ᠪᠤᠳᠠᠰ ᠪᠤᠯᠤᠨ ᠸᠢᠲ᠋ᠠᠮᠢᠨ᠎ᠤ ᠠᠭᠤᠯᠤᠭᠳᠠᠴᠨ᠎ᠨᠢ ᠨᠠᠩ ᠡᠯᠪᠡᠭ ᠪᠠᠶ᠋ᠢᠳᠠᠭ᠃ ᠤᠯᠠᠨ ᠨᠠᠰᠤᠳᠤ ᠪᠡᠯᠴᠢᠭᠡᠷ ᠡᠪᠡᠰᠤ ᠵᠢ ᠨᠢᠭᠡ ᠲᠠᠷᠢᠪᠡᠯ 4 — 5 ᠵᠢᠯ ᠪᠤᠶᠤ ᠨᠠᠩ ᠤᠳᠠᠭ᠋ᠠᠨ ᠵᠢᠯ ᠤᠷᠭᠤᠵᠤ ᠪᠤᠯᠬᠤ ᠲᠤᠯᠨ ᠠᠰᠢᠭᠯᠠᠬᠤ ᠴᠠᠭ᠎ᠨᠢ ᠤᠷᠳᠤ᠂ ᠦᠪᠡᠷ᠎ᠤᠨ ᠦᠷᠳᠡᠭ᠎ᠨᠢ ᠲᠤᠤᠷ᠎ᠠ ᠪᠠᠶ᠋ᠢᠳᠠᠭ᠃ ᠪᠤᠷᠤ ᠴᠠᠷᠭ᠋ᠠᠰᠤ᠄ ᠪᠤᠷᠤ ᠴᠠᠷᠭ᠋ᠠᠰᠤ (ᠭᠡᠷ᠎ᠤᠨ ᠬᠤᠰᠢᠶᠠᠩᠭᠤᠷ) ᠪᠤᠯ ᠡᠭᠡᠯᠵᠢᠯᠡᠨ ᠲᠠᠷᠢᠵᠤ ᠭᠤᠤᠷᠰᠤ ᠰᠤᠯᠢᠬᠤ᠎ᠳᠤ ᠰᠠᠶ᠋ᠢᠨ ᠪᠠᠶ᠋ᠢᠳᠠᠭ ᠨᠢᠭᠡ ᠵᠦᠢ᠍ᠯ᠎ᠤᠨ ᠲᠠᠷᠢᠮᠠᠯ ᠪᠤᠯᠬᠤ ᠪᠦᠭᠡᠳ ᠲᠡᠭᠦᠨ᠎ᠢ ᠪᠤᠭᠤᠳᠠᠢ᠎ᠲᠠᠢ ᠤᠭᠰᠠᠷᠠᠭᠤᠯᠤᠨ ᠲᠠᠷᠢᠵᠤ ᠪᠤᠯᠬᠤ᠎ᠪᠠᠷ ᠪᠠᠷᠠᠬᠤ ᠦᠭᠡᠢ᠂ ᠪᠠᠰᠠ ᠲᠡᠵᠢᠭᠡᠯ ᠪᠤᠷᠳᠤᠭ᠎ᠠ ᠵᠢᠨ ᠲᠠᠷᠢᠮᠠᠯ ᠪᠤᠯᠬᠤ ᠰᠤᠷ ᠦᠭᠡᠢ ᠰᠤᠪᠤᠭᠤᠷ᠂ ᠬᠠᠷ᠎ᠠ ᠪᠤᠭᠤᠳᠠᠢ ᠡᠪᠡᠰᠤ ᠵᠡᠷᠭᠡ᠎ᠲᠠᠢ ᠡᠭᠡᠯᠵᠢᠯᠡᠨ ᠲᠠᠷᠢᠬᠤ ᠪᠤᠶᠤ ᠬᠤᠯᠢᠵᠤ ᠲᠠᠷᠢᠵᠤ ᠪᠤᠯᠤᠨ᠎ᠠ᠃ ᠪᠤᠷᠤ ᠴᠠᠷᠭ᠋ᠠᠰᠤ ᠲᠠᠷᠢᠬᠤ ᠭᠠᠵᠠᠷ ᠰᠢᠷᠤᠢ ᠵᠢ᠎ᠨᠢ ᠵᠠᠪᠡᠯ ᠨᠠᠷᠢᠨ ᠰᠠᠶ᠋ᠢᠨ ᠲᠡᠭᠰᠢᠯᠡᠵᠤ᠂ ᠬᠤᠭ ᠡᠪᠡᠰᠤ ᠦᠭᠡᠢ ᠪᠠᠶ᠋ᠢᠯᠭ᠋ᠠᠬᠤ᠂ ᠲᠠᠷᠢᠬᠤ᠎ᠠᠴᠠ ᠡᠮᠦᠨ᠎ᠠ ᠤᠷᠭ᠋ᠠᠨᠢᠭ ᠪᠤᠷᠳᠤᠭᠤᠷ ᠪᠤᠶᠤ ᠬᠢᠮᠢ ᠵᠢᠨ ᠪᠤᠷᠳᠤᠭᠤᠷ ᠤᠷᠤᠭᠤᠯᠬᠤ ᠬᠡᠷᠡᠭᠳᠡᠢ᠃ ᠪᠤᠷᠤ ᠴᠠᠷᠭ᠋ᠠᠰᠤ ᠵᠢ ᠬᠠᠪᠤᠷ ᠨᠠᠮᠤᠷ ᠲᠠᠷᠢᠳᠠᠭ᠃ ᠭᠡᠬᠦ᠎ᠳᠡᠭᠡᠨ ᠠᠭᠤᠷ ᠠᠮᠢᠰᠬᠤᠯ ᠨᠠᠯᠢᠶᠡᠳ ᠬᠦᠢ᠍ᠳᠡᠨ᠂ ᠤᠷᠭᠤᠯᠳᠠ ᠵᠢᠨ ᠤᠯᠠᠷᠢᠯ᠎ᠨᠢ ᠨᠡᠯᠢᠶᠡᠳ ᠤᠬᠤᠷ ᠭᠠᠵᠠᠷ ᠤᠷᠤᠨ᠎ᠳᠤ ᠪᠤᠯ ᠬᠠᠪᠤᠷ ᠴᠠᠭ ᠲᠠᠷᠢᠬᠤ ᠬᠡᠷᠡᠭᠳᠡᠢ; ᠬᠤᠸᠠᠪᠸᠢ ᠤᠷᠤᠨ ᠪᠤᠯᠤᠨ ᠬᠦᠬᠡᠮᠦ᠋ᠷᠡᠨ᠎ᠤ ᠤᠷᠤᠰᠬᠠᠯ ᠲᠠᠭ᠋ᠠᠤ ᠤᠷᠤᠨ᠎ᠳᠤ ᠪᠤᠯ ᠨᠠᠮᠤᠷ ᠲᠠᠷᠢᠪᠡᠯ ᠰᠠᠶ᠋ᠢᠨ ᠪᠠᠶ᠋ᠢᠳᠠᠭ᠃ ᠶᠡᠷᠤ᠎ᠳᠡᠭᠡᠨ ᠮᠤ᠌ ᠪᠦᠷᠢ 0.5 — 1 ᠺᠢᠯᠦᠭᠷᠠᠮ ᠦᠷ᠎ᠠ ᠵᠢ 2 ᠰᠡᠨᠲ᠋ᠢᠮᠸᠲᠷ ᠬᠦᠨ ᠲᠠᠷᠢᠨ᠎ᠠ᠃
ᠪᠡᠯᠡᠳᠬᠡᠭᠰᠡᠨ᠎ᠨᠢ᠄ ᠡᠷᠳᠡᠨᠢᠬᠦᠦ
ᠨᠠᠶ᠋ᠢᠷᠠᠭᠤᠯᠤᠭᠰᠠᠨ᠎ᠨᠢ᠄ ᠨᠠᠮᠤᠷ
ᠬᠢᠨᠠᠭᠰᠠᠨ᠎ᠨᠢ᠄ ᠤᠷᠢᠬᠠᠨ