ᠨᠠᠷᠠᠰᠣᠨ ᠮᠤᠳᠤᠨ᠎ᠤ ᠦᠷ᠎ᠡ 9 ᠳ᠋ᠣᠭᠡᠷ ᠰᠠᠷ᠎ᠠ ᠵᠢᠨ ᠳᠤᠮᠳᠠᠴᠢ ᠪᠤᠶᠤ ᠰᠡᠬᠦᠯᠴᠢ᠎ᠪᠠᠷ ᠪᠤᠯᠪᠠᠰᠤᠷᠠᠳᠠᠭ᠃ ᠪᠤᠷᠭᠤᠴᠤᠭ᠎ᠨᠢ ᠨᠤᠭᠤᠭ᠋ᠠᠨᠠᠴᠠᠪᠠᠨ ᠰᠢᠷ᠎ᠠ ᠬᠦᠷᠡᠩ ᠦᠩᠬᠡ᠎ᠲᠠᠢ ᠪᠤᠯᠵᠦ᠂ ᠬᠠᠯᠢᠰᠤ᠎ᠨᠢ ᠬᠠᠭ᠋ᠠᠷᠠᠨ ᠦᠷ᠎ᠡ ᠵᠢ᠎ᠨᠢ ᠠᠪᠴᠤ ᠦᠵᠡᠬᠦ᠎ᠳᠤ ᠬᠠᠷ᠎ᠠ ᠬᠦᠷᠡᠩ ᠪᠤᠯᠤᠬᠰᠠᠨ ᠪᠠᠶ᠋ᠢᠪᠠᠯ ᠦᠷ᠎ᠡ᠎ᠨᠢ ᠬᠦᠢ᠍ᠴᠡᠳ ᠪᠤᠯᠪᠠᠰᠤᠷᠠᠬᠰᠠᠨᠤ ᠳᠡᠮᠳᠡᠭ ᠪᠤᠯᠤᠨ᠎ᠠ᠃ 9 ᠳ᠋ᠣᠭᠡᠷ ᠰᠠᠷ᠎ᠠ ᠵᠢᠨ ᠬᠤᠷᠢᠳ᠎ᠠᠴᠠ 10 ᠳ᠋ᠣᠭ᠋ᠠᠷ ᠰᠠᠷ᠎ᠠ ᠵᠢᠨ ᠠᠷᠪᠠᠳ ᠪᠤᠯᠳᠠᠯᠠᠬᠢ ᠬᠤᠭᠤᠴᠠᠭ᠋ᠠᠨ ᠳᠤ ᠲᠡᠭᠦᠵᠦ ᠪᠤᠯᠤᠨ᠎ᠠ᠃ ᠲᠡᠭᠦᠵᠦ ᠠᠪᠴᠢᠷᠠᠭᠰᠠᠨ ᠪᠤᠷᠭᠤᠴᠤᠭ ᠵᠶ᠋ᠠᠨ ᠰᠠᠯᠬᠢ ᠵᠢᠪᠡᠷ ᠨᠡᠪᠳᠡᠷᠡᠬᠦ ᠭᠠᠵᠠᠷ᠎ᠲᠤ ᠳᠡᠯᠬᠡᠨ ᠡᠳᠤᠷ ᠪᠦᠷᠢ 1 — 2 ᠤᠳᠠᠭ᠎ᠠ ᠤᠷᠪᠠᠭᠤᠯᠤᠨ ᠭᠦᠳᠡᠯᠬᠡᠵᠦ᠂ ᠰᠦᠨᠢ᠎ᠳᠡᠭᠡᠨ ᠤᠪᠤᠭ᠋ᠠᠯᠠᠭ᠋ᠠᠳ ᠪᠦᠳᠡᠬᠡᠵᠦ ᠲᠠᠯᠪᠢᠨ᠎ᠠ᠃ ᠢᠩᠬᠢᠵᠦ ᠬᠠᠳᠠᠭ᠋ᠠᠪᠠᠯ ᠬᠠᠯᠢᠰᠤ᠎ᠨᠢ ᠬᠠᠭ᠋ᠠᠷᠠᠵᠦ ᠦᠷ᠎ᠡ᠎ᠨᠢ ᠤᠨᠠᠬᠤ᠎ᠨᠢ ᠬᠤᠷᠳᠤᠨ ᠶᠤᠮ᠃ ᠤᠨᠠᠭᠰᠠᠨ ᠦᠷ᠎ᠡ ᠵᠢᠨ ᠬᠠᠯᠢᠰᠤ ᠵᠢ ᠬᠡᠶ᠋ᠢᠰᠬᠡᠨ ᠰᠠᠯᠭ᠋ᠠᠵᠦ ᠦᠷ᠎ᠡ᠎ᠪᠠᠨ ᠰᠠᠶ᠋ᠢᠳᠤᠷ ᠬᠠᠳᠠᠭ᠋ᠠᠬᠰᠠᠨᠤ ᠳᠠᠷᠠᠭ᠎ᠠ ᠬᠠᠳᠠᠭ᠋ᠠᠯᠠᠵᠦ ᠪᠤᠯᠤᠨ᠎ᠠ᠃