ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠳᠠᠷᠢᠮᠠᠯ᠎ᠤᠨ ᠭᠠᠩ᠎ᠢ ᠡᠰᠡᠷᠬᠦᠴᠡᠬᠦ ᠠᠷᠭ᠎ᠠ ᠪᠠᠷᠢᠯ᠎ᠳᠤ ᠶᠠᠮᠠᠷ ᠬᠡᠳᠥᠨ ᠵᠥᠢ᠍ᠯ ᠪᠠᠶ᠋ᠢᠳᠠᠭ ᠪᠤᠢ
ᠨᠡᠶ᠋ᠢᠲᠡᠯᠡᠭᠰᠡᠨ ᠴᠠᠭ᠄ 2023-02-08

      ᠨᠢᠭᠡ᠂ ᠰᠢᠷ᠎ᠠ ᠪᠤᠷᠴᠠᠭ᠎ᠤᠨ ᠭᠠᠩ᠎ᠢ ᠡᠰᠡᠷᠬᠦᠴᠡᠬᠦ ᠠᠷᠭ᠎ᠠ ᠪᠠᠷᠢᠯ᠎ᠳᠤ ᠭᠤᠤᠯᠳᠠᠭᠤ ᠳᠤᠤᠷᠠᠬᠢ ᠬᠡᠳᠥᠨ ᠵᠥᠢ᠍ᠯ ᠪᠤᠢ᠃

     1. ᠤᠰᠥᠨ᠎ᠤ ᠡᠬᠢ ᠰᠤᠷᠪᠤᠯᠵᠢ ᠵᠢ ᠢᠳᠡᠪᠬᠢᠳᠡᠢ ᠮᠠᠯᠳᠠᠵᠤ᠂ ᠤᠰᠥ ᠨᠦᠬᠦᠪᠤᠷᠢᠯᠡᠬᠦ ᠬᠤᠳᠳᠤᠭ ᠨᠠᠮᠡᠵᠤ ᠮᠠᠯᠳᠠᠨ᠂ ᠤᠰᠤᠯᠠᠯᠳᠠ᠎ᠪᠠᠨ ᠢᠯᠭᠤᠮ ᠪᠤᠯᠭ᠋ᠠᠨ᠎ᠠ᠃

     2. ᠤᠰᠥᠨ᠎ᠳᠤ ᠭᠠᠮᠳᠠᠢ ᠤᠰᠤᠯᠠᠬᠤ ᠠᠷᠭ᠎ᠠ ᠵᠢ ᠳᠡᠯᠭᠡᠷᠡᠬᠦᠯᠥᠨ᠎ᠡ᠃ ᠳᠠᠷᠢᠶᠠᠨ ᠳᠠᠯᠠᠩ᠎ᠤᠨ ᠬᠠᠵᠠᠭᠤ᠎ᠪᠠᠷ ᠭᠤᠤ ᠮᠠᠯᠳᠠᠵᠤ᠂ ᠤᠰᠥ ᠨᠡᠪᠴᠢᠷᠡᠬᠦᠯᠥᠨ ᠤᠰᠤᠯᠠᠬᠤ᠂ ᠲᠦᠰᠦᠷᠭᠡᠨ ᠤᠰᠤᠯᠠᠬᠤ ᠵᠡᠷᠭᠡ ᠠᠷᠭ᠎ᠠ᠎ᠪᠠᠷ ᠤᠰᠤᠯᠠᠬᠤ ᠵᠢᠨ ᠬᠠᠮᠳᠥ ᠰᠦᠨᠢ ᠦᠨᠵᠢᠭᠡᠳ ᠨᠢᠮᠭᠡᠨ ᠰᠢᠷᠥᠢ᠎ᠪᠠᠷ ᠳᠠᠷᠤᠵᠤ ᠪᠤᠯᠤᠳᠠᠬᠤ ᠠᠷᠭ᠎ᠠ᠎ᠪᠠᠷ ᠤᠰᠥ ᠨᠦᠬᠦᠪᠤᠷᠢᠯᠡᠬᠦ ᠪᠠ ᠴᠢᠬᠢᠭ᠎ᠢ ᠬᠠᠮᠠᠭ᠋ᠠᠯᠠᠨ᠎ᠠ᠃

     3. ᠰᠢᠷ᠎ᠠ ᠪᠤᠷᠴᠠᠭ ᠵᠶ᠋ᠠᠨ ᠳᠠᠷᠢᠭᠰᠠᠨ᠎ᠤ ᠳᠠᠷᠠᠭ᠎ᠠ ᠪᠠᠶ᠋ᠢᠴᠠᠭ᠋ᠠᠬᠤ ᠠᠵᠢᠯ ᠵᠶ᠋ᠠᠨ ᠳᠠᠷᠦ᠋ᠢ᠍ᠬᠠᠨ ᠬᠢᠵᠤ᠂ ᠳᠠᠷᠢᠭᠰᠠᠨ᠎ᠤ ᠳᠠᠷᠠᠭ᠋ᠠᠬᠢ 3 — 5 ᠬᠤᠨᠤᠭ ᠪᠤᠯᠪᠠᠯ ᠴᠢᠬᠢᠭ᠎ᠤᠨ ᠪᠠᠶ᠋ᠢᠳᠠᠯ᠎ᠢ ᠡᠬᠢᠯᠡᠨ ᠪᠠᠶ᠋ᠢᠴᠠᠭ᠋ᠠᠵᠤ᠂ ᠰᠦᠶ᠎ᠡ ᠬᠠᠳᠠᠭᠰᠠᠨ᠂ ᠦᠷ᠎ᠡ ᠦᠬᠦᠭᠰᠡᠨ ᠭᠠᠵᠠᠷ᠎ᠲᠤ ᠴᠠᠭ ᠲᠤᠬᠠᠢ᠎ᠳᠤ᠎ᠨᠢ ᠤᠰᠤᠯᠠᠨ ᠨᠦᠬᠦᠵᠤ ᠳᠠᠷᠢᠬᠤ ᠬᠡᠷᠡᠭᠳᠡᠢ᠃ ᠴᠢᠬᠢᠯᠡᠭᠰᠡᠨ᠎ᠤ ᠳᠠᠷᠠᠭ᠎ᠠ ᠴᠢᠬᠢ ᠵᠢᠨ ᠪᠠᠶ᠋ᠢᠳᠠᠯ᠎ᠢ ᠪᠠᠶ᠋ᠢᠴᠠᠭ᠋ᠠᠵᠤ᠂ ᠰᠦᠷᠡᠬᠡᠢ ᠭᠠᠨᠭ᠌ᠳᠠᠭᠰᠠᠨ ᠭᠠᠵᠠᠷ᠎ᠲᠤ ᠤᠰᠤᠯᠠᠬᠤ ᠬᠡᠷᠡᠭᠳᠡᠢ᠃ ᠴᠢᠬᠢᠯᠡᠬᠦ᠎ᠠᠴᠠ ᠡᠮᠥᠨ᠎ᠡ ᠤᠷᠭᠤᠮᠠᠯ᠎ᠤᠨ ᠰᠦᠶ᠎ᠡ ᠵᠢᠨ ᠪᠠᠶ᠋ᠢᠳᠠᠯ᠎ᠢ ᠪᠠᠶ᠋ᠢᠴᠠᠭ᠋ᠠᠵᠤ᠂ ᠴᠢᠬᠢᠯᠡᠭᠰᠡᠨ᠎ᠨᠢ ᠵᠢᠭᠳᠡ ᠦᠬᠡᠢ ᠭᠠᠵᠠᠷ᠎ᠲᠤ ᠳᠠᠷᠦ᠋ᠢ᠍ᠬᠠᠨ ᠨᠦᠬᠦᠵᠤ ᠳᠠᠷᠢᠬᠤ ᠬᠡᠷᠡᠭᠳᠡᠢ᠃

     4. ᠰᠢᠷ᠎ᠡ ᠪᠤᠷᠴᠠᠭ ᠴᠢᠬᠢᠯᠡᠭᠰᠡᠨ᠎ᠤ ᠳᠠᠷᠠᠭ᠎ᠠ ᠬᠤᠭ ᠡᠪᠡᠰᠥ ᠵᠢ᠎ᠨᠢ ᠳᠠᠷᠦ᠋ᠢ᠍ᠬᠠᠨ ᠠᠷᠢᠯᠭ᠋ᠠᠵᠤ᠂ ᠳᠠᠷᠢᠶᠠᠨ ᠭᠠᠵᠠᠷ᠎ᠤᠨ ᠤᠰᠥᠨ᠎ᠤ ᠬᠤᠷᠤᠭᠳᠠᠯ᠎ᠢ ᠪᠠᠭ᠋ᠠᠰᠬᠠᠬᠤ ᠬᠡᠷᠡᠭᠳᠡᠢ᠃

     5. ᠬᠦᠷᠥᠰᠥᠨ᠎ᠤ ᠴᠢᠬᠢᠭ ᠠᠨᠠᠶ᠋ᠢᠬᠠᠨ ᠪᠦᠭᠡᠳ ᠤᠰᠥᠨ᠎ᠤ ᠡᠬᠢ ᠰᠤᠷᠪᠤᠯᠵᠢ ᠬᠥᠢ᠍ᠴᠡᠳ ᠦᠬᠡᠢ ᠦᠶ᠎ᠡ᠎ᠳᠤ ᠬᠦᠷᠥᠰᠥ ᠰᠤᠯᠠᠷᠠᠭᠤᠯᠬᠤ ᠪᠤᠯᠤᠨ ᠠᠷᠴᠢᠵᠤ ᠳᠠᠩᠨᠠᠪᠠᠯ ᠴᠢᠬᠢᠭ᠎ᠢ ᠬᠠᠮᠠᠭ᠋ᠠᠯᠠᠨ ᠭᠠᠨᠭ᠌ᠳᠠᠬᠤ᠎ᠠᠴᠠ ᠰᠡᠷᠬᠡᠶ᠋ᠢᠯᠡᠬᠦ᠎ᠳᠤ ᠠᠰᠢᠭᠳᠠᠢ ᠪᠠᠶ᠋ᠢᠳᠠᠭ᠃

      ᠬᠤᠶᠠᠷ᠂ ᠤᠰᠥᠨ ᠳᠤᠳᠤᠷᠭ᠎ᠠ ᠵᠢᠨ ᠭᠠᠩ᠎ᠢ ᠡᠰᠡᠷᠬᠦᠴᠡᠬᠦ ᠳᠠᠷᠢᠶᠠᠨ ᠠᠵᠢᠯ᠎ᠤᠨ ᠬᠠᠮᠢᠶᠠᠷᠤᠯᠳᠠ ᠵᠢᠨ ᠮᠡᠷᠭᠡᠵᠢᠯ᠎ᠳᠤ ᠶᠠᠮᠠᠷ ᠬᠡᠳᠥᠨ ᠵᠥᠢ᠍ᠯ ᠪᠠᠶ᠋ᠢᠳᠠᠭ ᠪᠤᠢ

     1. ᠤᠰᠥᠨ᠎ᠤ ᠡᠬᠢ ᠰᠤᠷᠪᠤᠯᠵᠢ ᠵᠢ ᠢᠳᠡᠪᠬᠢᠳᠡᠢ ᠨᠡᠭᠡᠭᠡᠵᠤ᠂ ᠤᠰᠥᠨ ᠳᠤᠳᠤᠷᠭ᠎ᠠ ᠵᠢᠨ ᠤᠷᠭᠤᠯᠳᠠ ᠵᠢᠨ ᠪᠦᠬᠦ ᠬᠤᠭᠤᠴᠠᠭ᠋ᠠᠨ᠎ᠳᠤ ᠬᠡᠷᠡᠭᠰᠡᠬᠦ ᠤᠰᠥᠨ᠎ᠤ ᠬᠡᠮᠵᠢᠶ᠎ᠡ ᠵᠢ ᠰᠠᠶ᠋ᠢᠳᠥᠷ ᠲᠦᠯᠥᠪᠯᠡᠬᠦ ᠬᠡᠷᠡᠭᠳᠡᠢ᠃

     2. ᠤᠰᠥᠨ᠎ᠳᠤ ᠭᠠᠮᠳᠠᠢ ᠤᠰᠤᠯᠠᠬᠤ ᠮᠡᠷᠭᠡᠵᠢᠯ᠎ᠢ ᠳᠡᠯᠭᠡᠷᠡᠬᠦᠯᠥᠨ᠂ ᠰᠢᠨᠵᠢᠯᠡᠬᠦ ᠤᠬᠠᠭ᠋ᠠᠨᠴᠢ᠎ᠪᠠᠷ ᠤᠰᠥ ᠠᠷᠪᠢᠯᠠᠬᠤ ᠬᠡᠷᠡᠭᠳᠡᠢ᠃ ᠠᠰᠢᠬᠳᠥ ᠪᠤᠳᠠᠯᠠᠬᠤ ᠬᠤᠭᠤᠴᠠᠭ᠋ᠠᠨ᠎ᠠᠴᠠ ᠡᠮᠥᠨ᠎ᠡ ᠬᠥᠢ᠍ᠭᠡᠨ ᠤᠰᠥ᠎ᠪᠠᠷ ᠤᠰᠤᠯᠠᠬᠤ᠎ᠪᠠᠷ ᠭᠤᠤᠯᠯᠠᠵᠤ᠂ ᠠᠰᠢᠬᠳᠥ ᠪᠤᠳᠠᠯᠠᠬᠤ ᠬᠤᠭᠤᠴᠠᠭ᠎ᠠ ᠳᠡᠬᠦᠰᠬᠦ ᠦᠶ᠎ᠡ᠎ᠳᠤ ᠤᠰᠥ ᠵᠢ᠎ᠨᠢ ᠳᠠᠷᠦ᠋ᠢ᠍ᠬᠠᠨ ᠭᠠᠳᠠᠭᠰᠢᠯᠠᠭᠤᠯᠤᠭ᠋ᠠᠳ ᠳᠠᠷᠢᠶ᠎ᠠ᠎ᠪᠠᠨ 7 — 10 ᠬᠤᠨᠤᠭ ᠡᠪᠡᠷᠡᠭᠡᠵᠤ᠂ ᠬᠠᠳᠠᠭᠤᠷᠠᠵᠤ ᠪᠤᠯᠪᠠᠰᠤᠷᠠᠬᠤ ᠬᠤᠭᠤᠴᠠᠭ᠋ᠠᠨ᠎ᠳᠤ᠎ᠨᠢ ᠴᠢᠬᠢᠭ᠎ᠲᠠᠢ᠎ᠠᠴᠠ᠎ᠨᠢ ᠬᠠᠭᠤᠷᠠᠶ᠋ᠢᠰᠢᠭᠤᠯᠥᠨ᠎ᠠ᠃

     3. ᠬᠡᠷᠪᠡ ᠳᠠᠷᠢᠭᠰᠠᠨ᠎ᠤ ᠳᠠᠷᠠᠭ᠎ᠠ ᠶᠡᠭᠡ ᠳᠠᠯᠠᠪᠠᠢ᠎ᠪᠠᠷ ᠭᠠᠨᠭ᠌ᠳᠠᠬᠤ᠎ᠳᠤ ᠬᠦᠷᠪᠡᠯ ᠬᠤᠭ ᠡᠪᠡᠰᠥ ᠵᠢ᠎ᠨᠢ ᠳᠠᠷᠦ᠋ᠢ᠍ᠬᠠᠨ ᠠᠷᠢᠯᠭ᠋ᠠᠬᠤ ᠬᠡᠷᠡᠭᠳᠡᠢ᠃

     4. ᠤᠰᠥᠨ᠎ᠤ ᠡᠬᠢ ᠰᠤᠷᠪᠤᠯᠵᠢ ᠬᠦᠷᠥᠯᠴᠡᠬᠦ ᠦᠬᠡᠢ ᠭᠠᠵᠠᠷ ᠤᠷᠤᠨ᠎ᠳᠤ ᠭᠠᠨᠭ᠌ᠳᠠᠬᠤ ᠵᠢ ᠰᠡᠷᠬᠡᠶ᠋ᠢᠯᠡᠬᠦ ᠡᠳ᠋ ᠬᠡᠷᠡᠭᠯᠡᠬᠦ ᠪᠤᠶᠤ ᠪᠦᠳᠡᠭᠡᠯᠭᠡ᠎ᠪᠠᠨ ᠵᠤᠵᠠᠭ᠋ᠠᠯᠠᠬᠤ ᠵᠡᠷᠭᠡ ᠠᠷᠭ᠎ᠠ᠎ᠪᠠᠷ ᠴᠢᠬᠢᠭ᠎ᠠᠴᠠ ᠬᠠᠮᠠᠭ᠋ᠠᠯᠠᠨ ᠭᠠᠩ᠎ᠢ ᠡᠰᠡᠷᠬᠦᠴᠡᠨ᠎ᠡ᠃
 

ᠢᠷᠡᠯᠲᠡ᠄ 《ᠮᠠᠯᠴᠢᠨ ᠳᠠᠷᠢᠶᠠᠴᠢᠨ᠎ᠤ ᠬᠡᠷᠡᠭᠯᠡᠭᠡᠨ᠎ᠤ ᠮᠡᠷᠭᠡᠵᠢᠯ ᠴᠤᠪᠤᠷᠠᠯ ᠪᠢᠴᠢᠭ》
          
ᠬᠠᠮᠢᠶ᠎ᠡ ᠪᠦᠬᠦᠢ ᠰᠣᠨᠢᠨ
【ᠲᠡᠵᠢᠭᠡᠯ ᠡᠪᠡᠰᠦ ᠲᠠᠷᠢᠬᠤ ᠮᠡᠷᠭᠡᠵᠢᠯ (ᠨᠢᠭᠡ)】 ᠬᠦᠷᠦᠰᠦ ᠰᠤᠩᠭᠤᠬᠤ
【ᠲᠡᠵᠢᠭᠡᠯ ᠡᠪᠡᠰᠦ ᠲᠠᠷᠢᠬᠤ ᠮᠡᠷᠭᠡᠵᠢᠯ (ᠬᠤᠶᠠᠷ) 】
ᠨᠣᠳᠤᠭ ᠪᠡᠯᠴᠢᠭᠡᠷ᠎ᠤᠨ ᠬᠠᠯᠬᠠᠪᠴᠢ ᠣᠢ ᠵᠢ ᠪᠠᠶ᠋ᠢᠭᠤᠯᠬᠤ ᠲᠤᠬᠠᠢ
ᠭᠠᠩ ᠬᠠᠭᠤᠷᠠᠢ ᠭᠠᠵᠠᠷ ᠮᠣᠳᠣ ᠲᠠᠷᠢᠵᠦ ᠣᠶ᠋ᠢᠵᠢᠭᠤᠯᠬᠤ᠎ᠳᠤ ᠠᠩᠬᠠᠷᠬᠤ ᠵᠦᠢ᠍ᠯ
ᠣᠶ᠋ᠢᠵᠢᠭᠤᠯᠤᠯᠭ᠎ᠠ ᠵᠢᠨ ᠨᠢᠭᠲᠠᠴᠠ ᠬᠡᠳᠦᠢ ᠪᠠᠶ᠋ᠢᠪᠠᠯ ᠵᠣᠬᠢᠬᠤ ᠪᠤᠢ
 
             蒙ICP备05000248号