ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
【ᠲᠡᠵᠢᠭᠡᠯ ᠡᠪᠡᠰᠦ ᠲᠠᠷᠢᠬᠤ ᠮᠡᠷᠭᠡᠵᠢᠯ (ᠬᠤᠶᠠᠷ) 】
ᠨᠡᠶ᠋ᠢᠲᠡᠯᠡᠭᠰᠡᠨ ᠴᠠᠭ᠄ 2023-03-15

      ᠵᠤᠷᠪᠤᠰᠯᠠᠨ ᠳᠠᠷᠢᠬᠤ᠄ ᠵᠣᠬᠢᠬᠤ ᠵᠠᠢ ᠠᠯᠤᠰᠯᠠᠬᠤ ᠪᠦᠷᠢ ᠦᠷ᠎ᠡ᠎ᠪᠠᠨ ᠮᠥᠷᠯᠡᠭᠦᠯᠦᠨ ᠲᠠᠷᠢᠵᠤ᠂ ᠲᠠᠷᠢᠬᠤ ᠵᠢᠨ ᠳᠠᠭ᠋ᠠᠤ᠎ᠳᠤ ᠰᠢᠷᠣᠢ ᠬᠥᠷᠪᠡᠭᠦᠯᠬᠦ ᠠᠷᠭ᠎ᠠ ᠵᠢ ᠵᠤᠷᠪᠤᠰᠯᠠᠨ ᠳᠠᠷᠢᠬᠤ ᠭᠡᠨ᠎ᠡ᠃ ᠵᠤᠷᠪᠤᠰᠯᠠᠨ ᠲᠠᠷᠢᠬᠤ ᠦᠶ᠎ᠡ ᠵᠢᠨ ᠮᠥᠷ᠎ᠤᠨ ᠵᠠᠢ ᠵᠢᠨ ᠶᠡᠬᠡ ᠪᠠᠭ᠎ᠠ᠎ᠨᠢ ᠪᠡᠯᠴᠢᠭᠡᠷ ᠡᠪᠡᠰᠦᠨ᠎ᠤ ᠲᠥᠷᠥᠯ ᠵᠦᠢ᠍ᠯ ᠪᠠ ᠠᠰᠢᠭᠯᠠᠬᠤ ᠵᠣᠷᠢᠯᠭ᠎ᠠ᠎ᠠᠴᠠ ᠪᠣᠯᠵᠤ ᠠᠳᠠᠯᠢ ᠦᠭᠡᠢ ᠪᠠᠶ᠋ᠢᠳᠠᠭ᠂ ᠭᠡᠬᠦ᠎ᠳᠤ᠎ᠪᠠᠨ ᠥᠨᠳᠥᠷ ᠬᠤᠷᠢᠶᠠᠯᠲᠠ᠎ᠲᠠᠢ᠂ ᠴᠢᠨᠠᠷ ᠰᠠᠶ᠋ᠢᠲᠠᠢ ᠪᠡᠯᠴᠢᠭᠡᠷ ᠡᠪᠡᠰᠦ ᠪᠠ ᠬᠠᠮᠢᠶᠠᠷᠬᠤ᠎ᠳᠤ ᠳᠥᠭᠥᠮ ᠪᠠᠶ᠋ᠢᠬᠤ ᠡᠰᠡᠬᠦ᠎ᠪᠠᠷ ᠪᠠᠷᠢᠮᠵᠢᠶ᠎ᠠ ᠪᠣᠯᠭ᠋ᠠᠨ᠎ᠠ᠃ ᠡᠩ᠎ᠤᠨ ᠪᠠᠶ᠋ᠢᠳᠠᠯ᠎ᠳᠤ ᠪᠡᠯᠴᠢᠭᠡᠷ ᠡᠪᠡᠰᠦᠨ᠎ᠤ ᠮᠥᠷ᠎ᠤᠨ ᠵᠠᠢ᠎ᠨᠢ 15~30 ᠰᠡᠨᠲ᠋ᠢᠮᠸᠲᠷ ᠪᠠᠶ᠋ᠢᠳᠠᠭ᠃ ᠴᠢᠭᠢᠭᠯᠢᠭ ᠣᠷᠣᠨ ᠪᠤᠶᠤ ᠤᠰᠤᠯᠠᠯᠲᠠ ᠵᠢᠨ ᠨᠥᠬᠥᠴᠡᠯ᠎ᠲᠠᠢ ᠭᠠᠩ ᠬᠠᠭᠤᠷᠠᠢ ᠣᠷᠣᠨ᠎ᠤ ᠮᠥᠷ᠎ᠤᠨ ᠵᠠᠢ᠎ᠨᠢ 15   ᠰᠡᠨᠲ᠋ᠢᠮᠸᠲᠷ ᠪᠠᠶ᠋ᠢᠪᠠᠯ ᠵᠣᠬᠢᠨ᠎ᠠ᠃ ᠤᠰᠤᠯᠠᠯᠲᠠ ᠦᠭᠡᠢ ᠭᠠᠩ ᠬᠠᠭᠤᠷᠠᠢ ᠣᠷᠣᠨ᠎ᠤ ᠮᠥᠷ᠎ᠤᠨ ᠵᠠᠢ᠎ᠨᠢ 30   ᠰᠡᠨᠲ᠋ᠢᠮᠸᠲᠷ ᠪᠠᠶ᠋ᠢᠪᠠᠯ ᠵᠣᠬᠢᠨ᠎ᠠ᠃ ᠦᠷ᠎ᠡ ᠰᠠᠭᠤᠯᠭ᠋ᠠᠬᠤ᠎ᠳᠤ ᠮᠥᠷ᠎ᠤᠨ ᠵᠠᠢ ᠵᠢ ᠥᠷᠭᠡᠨ ᠪᠠᠶ᠋ᠢᠯᠭ᠋ᠠᠵᠤ᠂ 45-60~100   ᠰᠡᠨᠲ᠋ᠢᠮᠸᠲᠷ᠎ᠤᠨ ᠥᠷᠭᠡᠨ ᠵᠠᠢ᠎ᠲᠠᠢ ᠵᠤᠷᠪᠤᠰᠯᠠᠨ ᠲᠠᠷᠢᠨ᠎ᠠ᠃ ᠡᠨᠡ ᠮᠡᠲᠦ᠎ᠪᠠᠷ ᠪᠣᠳᠠᠭ᠋ᠠᠯᠢ ᠪᠡᠶ᠎ᠡ ᠵᠢᠨ ᠰᠢᠮ᠎ᠡ ᠲᠡᠵᠢᠭᠡᠯ᠎ᠤᠨ ᠲᠡᠯᠡᠪᠡᠢ ᠶᠡᠬᠡ᠂ ᠰᠠᠯᠬᠢ ᠨᠡᠪᠲᠡᠷᠡᠬᠦ ᠪᠠ ᠭᠡᠷᠡᠯ ᠲᠤᠰᠬᠤ ᠨᠥᠬᠥᠴᠡᠯ ᠰᠠᠶ᠋ᠢᠨ᠂ ᠰᠠᠭᠤᠷᠢ ᠪᠡᠶ᠎ᠡ ᠵᠢᠨ ᠪᠣᠶ᠋ᠢᠵᠢᠯᠲᠠ ᠰᠠᠶ᠋ᠢᠨ᠂ ᠲᠣᠭᠣᠰᠣ ᠬᠦᠷᠲᠡᠬᠦ᠎ᠨᠢ ᠭᠦᠢ᠍ᠴᠡᠳ᠂ ᠦᠷ᠎ᠡ ᠵᠢᠨ ᠤᠨᠠᠯᠲᠠ ᠥᠨᠳᠥᠷ᠂ ᠶᠠᠰᠤ ᠴᠢᠨᠠᠷ᠎ᠨᠢ ᠰᠠᠶ᠋ᠢᠨ ᠪᠠᠶ᠋ᠢᠳᠠᠭ᠃

      ᠰᠠᠴᠤᠵᠤ ᠲᠠᠷᠢᠬᠤ᠄ ᠬᠥᠮᠦᠨ᠎ᠤ ᠬᠦᠴᠦ᠎ᠪᠠᠷ ᠪᠤᠶᠤ ᠮᠠᠰᠢᠨ ᠵᠶ᠋ᠠᠷ ᠦᠷ᠎ᠡ ᠵᠢ ᠲᠡᠭᠰᠢᠯᠡᠭᠰᠡᠨ ᠬᠥᠷᠥᠰᠥᠨ᠎ᠤ ᠭᠠᠳᠠᠷᠭᠤ᠎ᠳᠤ ᠠᠯᠢ ᠴᠢᠳᠠᠬᠤ᠎ᠪᠠᠷ ᠵᠢᠭᠳᠡ ᠰᠠᠴᠤᠵᠤ᠂ ᠬᠥᠩᠭᠡᠨ ᠨᠠᠷᠬ᠎ᠠ᠎ᠪᠠᠷ ᠰᠢᠷᠣᠢ ᠬᠥᠷᠪᠡᠭᠦᠯᠬᠦ ᠪᠤᠶᠤ ᠰᠢᠷᠣᠢ ᠬᠥᠷᠪᠡᠭᠦᠯᠬᠦ ᠤᠶ᠋ᠢᠭᠡᠢ ᠪᠠᠶ᠋ᠢᠯᠭ᠋ᠠᠨ᠎ᠠ᠃ ᠰᠠᠴᠤᠵᠤ ᠲᠠᠷᠢᠬᠤ ᠮᠠᠰᠢᠨ᠎ᠨᠢ ᠭᠠᠵᠠᠷ ᠣᠷᠣᠨ ᠪᠠ ᠦᠷ᠎ᠡ ᠵᠢᠨ ᠠᠳᠠᠯᠢ ᠪᠤᠰᠤ᠎ᠠᠴᠠ ᠪᠣᠯᠵᠤ ᠠᠳᠠᠯᠢ ᠪᠤᠰᠤ ᠪᠠᠶ᠋ᠢᠵᠤ᠂ ᠭᠠᠷ ᠵᠶ᠋ᠠᠷ ᠡᠷᠭᠢᠭᠦᠯᠵᠦ ᠲᠠᠷᠢᠬᠤ ᠮᠠᠰᠢᠨ᠎ᠨᠢ ᠬᠤᠨᠢᠨ ᠲᠦᠯᠡᠭᠡ᠂ ᠴᠠᠷᠭ᠋ᠠᠰᠤ᠂ ᠬᠦᠴᠢᠩᠭᠢ ᠪᠠ ᠱᠠᠳᠠᠸᠤᠨ ᠵᠡᠷᠭᠡ ᠵᠢ ᠰᠠᠴᠤᠵᠤ ᠲᠠᠷᠢᠬᠤ᠎ᠳᠤ ᠲᠣᠬᠢᠷᠠᠮᠵᠢᠲᠠᠢ ᠪᠠᠶ᠋ᠢᠳᠠᠭ᠃ ᠨᠢᠰᠬᠡᠯ ᠵᠶ᠋ᠠᠷ ᠡᠪᠡᠰᠦ ᠲᠠᠷᠢᠬᠤ᠎ᠨᠢ ᠪᠠᠰᠠ ᠨᠢᠭᠡ ᠵᠦᠢ᠍ᠯ᠎ᠤᠨ ᠰᠠᠴᠤᠵᠤ ᠲᠠᠷᠢᠬᠤ ᠶᠠᠪᠤᠳᠠᠯ ᠪᠣᠯᠤᠨ᠎ᠠ᠃ ᠠᠭᠤᠯᠠᠷᠬᠠᠭ ᠣᠷᠣᠨ᠂ ᠨᠤᠲᠤᠭ ᠪᠡᠯᠴᠢᠭᠡᠷ᠎ᠲᠤ ᠰᠠᠴᠤᠵᠤ ᠲᠠᠷᠢᠬᠤ᠎ᠠᠴᠠ ᠡᠮᠦᠨ᠎ᠡ ᠭᠠᠵᠠᠷ᠎ᠤᠨ ᠭᠠᠳᠠᠷᠭᠤ ᠵᠢ ᠰᠠᠶ᠋ᠢᠲᠤᠷ ᠰᠢᠢ᠍ᠳᠪᠦᠷᠢᠯᠡᠬᠦ ᠬᠡᠷᠡᠭᠲᠡᠢ᠂ ᠡᠯᠡᠰᠦᠷᠬᠡᠭ ᠭᠠᠵᠠᠷ ᠪᠤᠶᠤ ᠡᠯᠡᠰᠦ ᠮᠠᠩᠬᠠᠨ᠎ᠳᠤ ᠨᠢᠰᠬᠡᠯ ᠵᠶ᠋ᠠᠷ ᠲᠠᠷᠢᠬᠤ᠎ᠳᠤ ᠡᠩ᠎ᠤᠨ ᠪᠠᠶ᠋ᠢᠳᠠᠯ᠎ᠳᠤ ᠭᠠᠵᠠᠷ᠎ᠤᠨ ᠭᠠᠳᠠᠷᠭᠤ ᠵᠢ ᠰᠢᠢ᠍ᠳᠪᠦᠷᠢᠯᠡᠬᠦ ᠠᠵᠢᠯ ᠬᠢᠬᠦ ᠦᠭᠡᠢ᠃

    ᠪᠣᠷᠳᠣᠭᠤᠷ᠎ᠲᠠᠢ ᠲᠠᠷᠢᠬᠤ᠄ ᠪᠤᠷᠳᠦᠭᠤᠷ᠎ᠲᠠᠢ ᠲᠠᠷᠢᠬᠤ᠎ᠨᠢ ᠳᠠᠷᠤᠢ ᠲᠠᠷᠢᠬᠤ ᠦᠶ᠎ᠡ᠎ᠳᠤ᠎ᠪᠠᠨ ᠪᠣᠷᠳᠣᠭᠤᠷ ᠵᠶ᠋ᠠᠨ ᠰᠢᠭᠤᠳ ᠦᠷ᠎ᠡ ᠵᠢᠨ ᠳᠣᠣᠷ᠎ᠠ ᠣᠷᠣᠭᠤᠯᠬᠤ ᠵᠢ ᠬᠡᠯᠡᠨ᠎ᠡ᠃ ᠪᠣᠷᠳᠣᠭᠤᠷ᠎ᠨᠢ ᠦᠷ᠎ᠡ᠎ᠠᠴᠠ᠎ᠪᠠᠨ ᠭᠦᠨ ᠪᠤᠯᠠᠭᠳᠠᠳᠠᠭ᠎ᠠᠴᠠ ᠪᠣᠯᠵᠣ᠂ ᠲᠠᠷᠢᠬᠤ᠎ᠠᠴᠠ᠎ᠪᠠᠨ ᠡᠮᠦᠨ᠎ᠡ ᠪᠣᠷᠳᠣᠭᠤᠷ ᠣᠷᠣᠭᠤᠯᠵᠤ ᠬᠥᠷᠥᠰᠥ ᠵᠢ ᠬᠥᠷᠪᠡᠭᠦᠯᠦᠭᠡᠳ ᠲᠠᠷᠢᠬᠤ ᠭᠦᠨ᠎ᠳᠤ ᠬᠦᠷᠭᠡᠵᠦ᠂ ᠳᠠᠷᠠᠭ᠎ᠠ᠎ᠳᠤ᠎ᠨᠢ ᠦᠷ᠎ᠡ ᠰᠠᠴᠤᠵᠤ ᠲᠠᠷᠢᠳᠠᠭ᠃ ᠡᠨᠡ᠎ᠨᠢ ᠨᠡᠯᠢᠶᠡᠳ ᠳᠠᠪᠰᠢᠩᠭᠤᠢ ᠲᠠᠷᠢᠬᠤ ᠠᠷᠭ᠎ᠠ ᠪᠠᠶ᠋ᠢᠵᠤ᠂ ᠡᠪᠡᠰᠦ ᠵᠢ ᠨᠢᠯᠬ᠎ᠠ ᠴᠢᠬᠢ ᠵᠢᠨ ᠦᠶ᠎ᠡ᠎ᠳᠤ᠎ᠨᠢ ᠴᠠᠭ ᠲᠤᠬᠠᠢ᠎ᠳᠤ᠎ᠨᠢ ᠬᠠᠩᠭ᠋ᠠᠮᠵᠢᠲᠠᠢ ᠰᠢᠮ᠎ᠡ ᠲᠡᠵᠢᠭᠡᠯ᠎ᠲᠠᠢ ᠪᠣᠯᠭ᠋ᠠᠳᠠᠭ᠃ ᠪᠣᠷᠳᠣᠭᠤᠷ᠎ᠲᠠᠢ ᠲᠠᠷᠢᠬᠤ᠎ᠳᠤ ᠭᠣᠣᠯᠳᠠᠭᠤ ᠹᠣᠰᠹᠣᠷ ᠪᠣᠷᠳᠣᠭᠤᠷ ᠣᠷᠣᠭᠤᠯᠤᠨ᠎ᠠ᠂ ᠪᠠᠰᠠ ᠠᠽᠣᠲ ᠪᠣᠷᠳᠣᠭᠤᠷ ᠪᠠ ᠺᠠᠯᠢ ᠪᠣᠷᠳᠣᠭᠤᠷ ᠵᠤᠷᠪᠤᠰᠯᠠᠨ ᠣᠷᠣᠭᠤᠯᠵᠤ ᠪᠣᠯᠤᠨ᠎ᠠ᠃ ᠪᠣᠷᠳᠣᠭᠤᠷ ᠣᠷᠣᠭᠤᠯᠬᠤ ᠭᠦᠨ᠎ᠤ ᠬᠡᠮᠵᠢᠶ᠎ᠡ᠎ᠨᠢ ᠶᠡᠷᠦ᠎ᠳᠤ᠎ᠪᠠᠨ ᠲᠠᠷᠢᠬᠤ ᠬᠡᠮᠵᠢᠶ᠎ᠡ᠎ᠠᠴᠠ ᠳᠣᠷᠣᠭᠰᠢ 4 ~ 6 ᠰᠡᠨᠲ᠋ᠢᠮᠸᠲᠷ ᠪᠠᠶ᠋ᠢᠳᠠᠭ᠃

      ᠠᠨᠵᠢᠰᠤᠨ ᠰᠤᠪᠠᠭ ᠵᠶ᠋ᠠᠷ ᠳᠠᠷᠢᠬᠤ᠄ ᠭᠠᠩ ᠬᠠᠭᠤᠷᠠᠢ ᠪᠤᠶᠤ ᠬᠠᠭ᠋ᠠᠰ ᠭᠠᠩ ᠬᠠᠭᠤᠷᠠᠢ ᠣᠷᠣᠨ᠎ᠳᠤ ᠳᠠᠷᠢᠬᠤ ᠬᠤᠭᠤᠴᠠᠭ᠋ᠠᠨ᠎ᠳᠤ 5 ~ 6 ᠰᠠᠨᠲ᠋ᠢᠮᠧᠳ᠋ᠷ ᠬᠠᠭᠤᠷᠠᠢ ᠰᠢᠷᠣᠢ ᠵᠢᠨ ᠳᠠᠪᠬᠤᠷᠭ᠎ᠠ᠎ᠲᠠᠢ᠃ ᠲᠠᠷᠢᠬᠤ᠎ᠳᠤ᠎ᠪᠠᠨ ᠤᠷᠢᠳ ᠵᠶ᠋ᠠᠷ ᠰᠤᠪᠠᠭ᠎ᠢ᠎ᠨᠢ ᠭᠠᠷᠭ᠋ᠠᠵᠤ ᠬᠥᠷᠥᠰᠥ ᠵᠢ᠎ᠨᠢ ᠬᠤᠪᠢᠶᠠᠨ᠂ ᠰᠤᠪᠠᠭ᠎ᠤᠨ ᠨᠣᠶ᠋ᠢᠲᠠᠨ ᠬᠥᠷᠥᠰᠥᠨ᠎ᠤ ᠳᠠᠪᠬᠤᠷᠭ᠎ᠠ ᠳᠡᠭᠡᠷ᠎ᠡ ᠡᠪᠡᠰᠦᠨ᠎ᠤ ᠦᠷ᠎ᠡ ᠵᠢ ᠲᠠᠷᠢᠨ᠎ᠠ᠃ ᠲᠤᠰᠬᠠᠢ ᠬᠡᠷᠡᠭᠯᠡᠬᠦ ᠠᠨᠵᠢᠰᠤᠨ ᠰᠤᠪᠠᠭ᠎ᠤᠨ ᠦᠷ᠎ᠡ ᠰᠠᠴᠤᠬᠤ ᠮᠠᠰᠢᠨ ᠪᠤᠶᠤ ᠬᠥᠮᠦᠨ᠎ᠤ ᠬᠦᠴᠦ᠎ᠪᠠᠷ᠂ ᠮᠠᠯ᠎ᠤᠨ ᠬᠦᠴᠦ᠎ᠪᠠᠷ ᠰᠤᠪᠠᠭ ᠭᠠᠷᠭ᠋ᠠᠨ ᠦᠷ᠎ᠡ ᠰᠠᠴᠤᠳᠠᠭ᠃ ᠥᠨᠳᠥᠷ ᠬᠦᠢ᠍ᠲᠡᠨ ᠣᠷᠣᠨ᠎ᠳᠤ ᠣᠯᠠᠩᠬᠢ᠎ᠳᠤ᠎ᠪᠠᠨ ᠡᠨᠡ ᠠᠷᠭ᠎ᠠ ᠵᠢ ᠬᠡᠷᠡᠭᠯᠡᠵᠦ ᠲᠠᠷᠢᠳᠠᠭ᠃

      ᠲᠡᠵᠢᠭᠡᠯ ᠡᠪᠡᠰᠦᠨ᠎ᠤ ᠲᠠᠷᠢᠬᠤ ᠭᠦᠨ᠎ᠤ ᠬᠡᠮᠵᠢᠶ᠎ᠡ᠄ ᠲᠡᠵᠢᠭᠡᠯ ᠡᠪᠡᠰᠦᠨ᠎ᠤ ᠲᠠᠷᠢᠬᠤ ᠭᠦᠨ᠎ᠤ ᠬᠡᠮᠵᠢᠶ᠎ᠡ᠎ᠨᠢ ᠭᠣᠣᠯᠳᠠᠭᠤ ᠦᠷ᠎ᠡ ᠵᠢᠨ ᠶᠡᠬᠡ ᠪᠠᠭ᠎ᠠ᠂ ᠬᠥᠷᠥᠰᠥᠨ᠎ᠤ ᠤᠰᠤᠨ᠎ᠤ ᠠᠭᠤᠯᠤᠭᠳᠠᠴᠠ ᠪᠠ ᠬᠥᠷᠥᠰᠥᠨ᠎ᠤ ᠴᠢᠨᠠᠷ ᠵᠶ᠋ᠠᠷ ᠲᠣᠭᠲᠠᠭ᠋ᠠᠭᠳᠠᠨ᠎ᠠ᠃ ᠡᠩ᠎ᠤᠨ ᠪᠠᠶ᠋ᠢᠳᠠᠯ᠎ᠳᠤ ᠠᠪᠴᠤ ᠬᠡᠯᠡᠪᠡᠯ᠂ ᠡᠪᠡᠰᠦ ᠪᠣᠷᠳᠣᠭ᠎ᠠ ᠵᠢ ᠭᠦᠢ᠍ᠬᠡᠨ ᠵᠶ᠋ᠠᠷ ᠲᠠᠷᠢᠪᠠᠯ ᠲᠣᠬᠢᠷᠠᠮᠵᠢᠲᠠᠢ᠂ ᠬᠠᠷᠢᠨ ᠪᠤᠷᠴᠠᠭ᠎ᠤᠨ ᠢᠵᠠᠭᠤᠷ᠎ᠤᠨ ᠡᠪᠡᠰᠦ ᠪᠣᠷᠳᠣᠭ᠎ᠠ ᠵᠢ ᠦᠶᠡᠲᠦ ᠤᠷᠭᠤᠮᠠᠯ᠎ᠤᠨ ᠢᠵᠠᠭᠤᠷ᠎ᠤᠨ ᠡᠪᠡᠰᠦ᠎ᠠᠴᠠ ᠨᠡᠩ ᠭᠦᠢ᠍ᠬᠡᠨ ᠵᠶ᠋ᠠᠷ ᠲᠠᠷᠢᠪᠠᠯ ᠵᠣᠬᠢᠨ᠎ᠠ᠃ ᠣᠨᠴᠠᠭ᠋ᠠᠶ᠋ᠢᠯᠠᠨ ᠦᠷ᠎ᠡ ᠵᠢᠨ ᠨᠠᠪᠴᠢ᠎ᠠᠴᠠ ᠣᠯᠳᠠᠭᠰᠠᠨ ᠡᠪᠡᠰᠦ ᠡᠪᠡᠰᠦ᠂ ᠵᠢᠱ᠌ᠢᠶᠡᠯᠡᠪᠡᠯ ᠬᠦᠷᠡᠩ ᠴᠠᠷᠭ᠋ᠠᠰᠤ᠂ ᠤᠯᠠᠭ᠋ᠠᠨ ᠪᠤᠷᠴᠠᠭ᠎ᠤᠨ ᠡᠪᠡᠰᠦ ᠵᠢ ᠬᠡᠳᠦ ᠭᠦᠨ ᠲᠠᠷᠢᠪᠠᠯ ᠦᠷ᠎ᠡ ᠵᠢᠨ ᠨᠠᠪᠴᠢ᠎ᠠᠴᠠ ᠣᠯᠳᠠᠵᠤ ᠪᠦᠲᠡᠵᠦ ᠦᠬᠦᠳᠡᠭ᠃ ᠡᠪᠡᠰᠦ ᠵᠢ 2 ~ 4   ᠰᠡᠨᠲ᠋ᠢᠮᠸᠲᠷ ᠭᠦᠨ ᠳᠠᠷᠢᠪᠠᠯ ᠵᠣᠬᠢᠨ᠎ᠠ᠃ ᠰᠡᠶ᠋ᠢᠷᠡᠭ ᠬᠥᠷᠥᠰᠥ (ᠡᠯᠡᠰᠦᠷᠬᠡᠭ ᠰᠢᠷᠣᠢ) ᠵᠢᠨ ᠵᠢᠵᠢᠭ ᠮᠥᠬᠥᠯᠢᠭᠲᠦ ᠦᠷ᠎ᠡ ᠵᠢ 2   ᠰᠡᠨᠲ᠋ᠢᠮᠸᠲᠷ᠂ ᠲᠣᠮᠣ ᠮᠥᠬᠥᠯᠢᠭᠲᠦ ᠦᠷ᠎ᠡ ᠵᠢ 3~4   ᠰᠡᠨᠲ᠋ᠢᠮᠸᠲᠷ ᠵᠶ᠋ᠠᠷ ᠲᠠᠷᠢᠵᠦ ᠣᠷᠣᠭᠤᠯᠤᠨ᠎ᠠ; ᠨᠢᠭᠲᠠ ᠬᠥᠷᠥᠰᠥᠨ᠎ᠳᠤ 1.5 ~ 2   ᠰᠡᠨᠲ᠋ᠢᠮᠸᠲᠷ ᠭᠦᠨ ᠳᠠᠷᠢᠨ᠎ᠠ᠃ ᠲᠠᠷᠢᠬᠤ ᠵᠢᠨ ᠪᠤᠰᠤᠳ ᠱᠠᠭ᠋ᠠᠷᠳᠠᠯᠭ᠎ᠠ᠄ ᠰᠠᠶ᠋ᠢᠲᠤᠷ ᠰᠢᠢ᠍ᠳᠪᠦᠷᠢᠯᠡᠭᠰᠡᠨ ᠦᠷ᠎ᠡ ᠵᠢ ᠲᠠᠷᠢᠬᠤ᠎ᠳᠤ᠎ᠪᠠᠨ ᠮᠠᠰᠢᠨ ᠵᠶ᠋ᠠᠷ ᠲᠠᠷᠢᠭᠰᠠᠨ ᠴᠤ᠌ ᠲᠡᠷᠡ᠂ ᠬᠥᠮᠦᠨ᠎ᠤ ᠬᠦᠴᠦ᠎ᠪᠠᠷ ᠲᠠᠷᠢᠭᠰᠠᠨ ᠴᠤ᠌ ᠲᠡᠷᠡ ᠴᠥᠮ ᠵᠢᠭᠳᠡ ᠲᠠᠷᠢᠬᠤ ᠬᠡᠷᠡᠭᠲᠡᠢ᠂ ᠲᠠᠷᠢᠭᠰᠠᠨ᠎ᠤ ᠳᠠᠷᠠᠭ᠎ᠠ ᠬᠥᠩᠭᠡᠨ ᠨᠠᠷᠬᠠᠳᠠᠬᠤ᠂ ᠲᠠᠪᠰᠢᠵᠦ ᠲᠡᠭᠰᠢᠯᠡᠬᠦ᠎ᠨᠢ ᠰᠢᠷᠣᠢ ᠬᠤᠴᠢᠬᠤ ᠪᠠ ᠵᠢᠭᠳᠡ ᠳᠠᠷᠤᠰᠢᠭᠤᠯᠬᠤ ᠦᠢ᠍ᠯᠡᠳᠦᠯ᠎ᠲᠠᠢ᠃ ᠵᠤᠷᠪᠤᠰᠯᠠᠨ ᠲᠠᠷᠢᠬᠤ᠎ᠳᠤ ᠰᠢᠷᠣᠢ ᠬᠤᠴᠢᠵᠤ ᠳᠠᠷᠤᠬᠤ ᠬᠡᠷᠡᠭᠲᠡᠢ᠃ ᠰᠠᠴᠤᠵᠤ ᠲᠠᠷᠢᠬᠤ᠎ᠳᠤ᠂ ᠵᠢᠱ᠌ᠢᠶᠡᠯᠡᠪᠡᠯ ᠨᠠᠮᠤᠷ᠎ᠤᠨ ᠲᠠᠷᠢᠶᠠᠯᠠᠭ᠎ᠠ ᠵᠢᠨ ᠭᠠᠵᠠᠷ ᠲᠠᠷᠢᠬᠤ᠎ᠳᠤ᠂ ᠭᠠᠵᠠᠷ ᠰᠢᠷᠣᠢ ᠴᠡᠪᠡᠷ ᠪᠥᠭᠡᠳ ᠬᠣᠭ ᠡᠪᠡᠰᠦ ᠦᠭᠡᠢ ᠪᠣᠯ ᠵᠢᠵᠢᠭ ᠮᠥᠬᠥᠯᠢᠭ ᠪᠤᠷᠴᠠᠭ᠎ᠤᠨ ᠢᠵᠠᠭᠤᠷ᠎ᠤᠨ ᠡᠪᠡᠰᠦ ᠲᠠᠷᠢᠬᠤ᠎ᠳᠤ ᠰᠢᠷᠣᠢ ᠳᠠᠷᠤᠬᠤ ᠴᠢᠬᠤᠯᠠ ᠦᠭᠡᠢ᠂ ᠶᠡᠬᠡ ᠬᠡᠪᠴᠢᠶᠡᠨ᠎ᠤ ᠨᠢᠰᠬᠡᠯ ᠵᠶ᠋ᠠᠷ ᠲᠠᠷᠢᠬᠤ ᠣᠷᠣᠨ᠎ᠳᠤ ᠬᠣᠨᠢᠨ ᠰᠦᠷᠦᠭ ᠵᠶ᠋ᠠᠷ ᠭᠢᠰᠬᠢᠭᠦᠯᠵᠦ ᠪᠣᠯᠤᠨ᠎ᠠ᠃  

ᠢᠷᠡᠯᠲᠡ᠄ ᠥᠪᠥᠷ ᠮᠣᠩᠭᠣᠯ᠎ᠤᠨ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠣᠨ ᠮᠠᠯᠵᠢᠬᠤ ᠣᠷᠣᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠨᠣᠳᠤᠭ ᠪᠡᠯᠴᠢᠭᠡᠷ᠎ᠤᠨ ᠬᠠᠯᠬᠠᠪᠴᠢ ᠣᠢ ᠵᠢ ᠪᠠᠶ᠋ᠢᠭᠤᠯᠬᠤ ᠲᠤᠬᠠᠢ
ᠭᠠᠩ ᠬᠠᠭᠤᠷᠠᠢ ᠭᠠᠵᠠᠷ ᠮᠣᠳᠣ ᠲᠠᠷᠢᠵᠦ ᠣᠶ᠋ᠢᠵᠢᠭᠤᠯᠬᠤ᠎ᠳᠤ ᠠᠩᠬᠠᠷᠬᠤ ᠵᠦᠢ᠍ᠯ
ᠣᠶ᠋ᠢᠵᠢᠭᠤᠯᠤᠯᠭ᠎ᠠ ᠵᠢᠨ ᠨᠢᠭᠲᠠᠴᠠ ᠬᠡᠳᠦᠢ ᠪᠠᠶ᠋ᠢᠪᠠᠯ ᠵᠣᠬᠢᠬᠤ ᠪᠤᠢ
ᠨᠤᠲᠤᠭ᠎ᠤᠨ ᠵᠠᠰᠠᠯ᠄ ᠬᠠᠯᠠᠭ᠋ᠠᠢ
ᠨᠠᠷᠠᠰᠤᠨ ᠮᠤᠳᠤᠨ᠎ᠤ ᠦᠷ᠎ᠡ ᠵᠢ ᠶᠠᠭ᠋ᠠᠬᠢᠵᠦ ᠴᠤᠭᠯᠠᠭᠤᠯᠬᠤ ᠪᠤᠢ
 
             蒙ICP备05000248号