ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠨᠤᠲᠤᠭ᠎ᠤᠨ ᠵᠠᠰᠠᠯ᠄ ᠬᠠᠯᠠᠭ᠋ᠠᠢ
ᠨᠡᠶ᠋ᠢᠲᠡᠯᠡᠭᠰᠡᠨ ᠴᠠᠭ᠄ 2023-05-06

      ᠲᠠᠪᠤᠨ ᠰᠠᠷ᠎ᠠ ᠵᠢᠨ ᠬᠠᠯᠠᠭ᠋ᠠᠢ ᠵᠢ ᠠᠷᠠᠳ᠎ᠤᠨ ᠤᠯᠠᠮᠵᠢᠯᠠᠯᠲᠤ ᠡᠮᠴᠢᠯᠡᠭᠡᠨ᠎ᠳᠤ ᠥᠷᠭᠡᠨ ᠬᠡᠷᠡᠭᠯᠡᠳᠡᠭ᠃ ᠡᠨᠡ ᠦᠶ᠎ᠡ᠎ᠳᠤ ᠬᠠᠯᠠᠭ᠋ᠠᠢ 25 ᠊᠊᠊᠊᠊ 30 ᠰᠡᠨᠲᠢᠮᠧᠳ᠋ᠷ ᠤᠷᠭᠤᠭᠰᠠᠨ ᠪᠠᠶ᠋ᠢᠳᠠᠭ᠂ ᠲᠠᠪᠤᠨ ᠰᠠᠷ᠎ᠠ ᠵᠢᠨ ᠬᠠᠯᠠᠭ᠋ᠠᠢ ᠵᠢ ᠬᠠᠲᠠᠭ᠋ᠠᠵᠤ ᠡᠰᠡᠪᠡᠯ ᠰᠢᠭᠤᠳ ᠬᠡᠷᠡᠭᠯᠡᠵᠦ ᠪᠣᠯᠤᠨ᠎ᠠ᠃ ᠶᠡᠷᠦᠨᠢ ᠬᠠᠯᠠᠭ᠋ᠠᠢ ᠵᠢ ᠵᠠᠪᠠᠯ ᠲᠠᠪᠤᠨ ᠰᠠᠷ᠎ᠠ ᠭᠡᠰᠡᠨ ᠦᠭᠡᠢ 8 ᠊᠊᠊᠊ 9 ᠰᠠᠷ᠎ᠠ᠎ᠳᠤ ᠴᠤ᠌ ᠲᠡᠭᠦᠨ ᠠᠪᠴᠤ ᠬᠠᠲᠠᠭ᠋ᠠᠵᠤ ᠬᠡᠷᠡᠭᠯᠡᠵᠦ ᠪᠣᠯᠤᠨ᠎ᠠ᠃ ᠬᠠᠯᠠᠭ᠋ᠠᠢ ᠵᠢ ᠵᠤᠨ᠎ᠤ ᠰᠡᠬᠦᠯ᠂ ᠨᠠᠮᠤᠷ᠎ᠤᠨ ᠡᠬᠢ᠎ᠪᠠᠷ ᠬᠤᠷᠢᠶᠠᠨ ᠠᠪᠴᠤ ᠲᠠᠷᠤᠰᠢᠭᠤᠯᠤᠨ ᠵᠦᠪ ᠬᠠᠳᠠᠭ᠋ᠠᠯᠠᠬᠤ᠎ᠨᠢ ᠴᠢᠬᠤᠯᠠ ᠪᠠᠶ᠋ᠢᠳᠠᠭ᠃ ᠬᠠᠯᠠᠭ᠋ᠠᠢ᠎ᠨᠢ ᠸᠢᠲ᠋ᠠᠮᠢᠨ C ᠊᠊᠊ K᠎ᠪᠠᠷ ᠪᠠᠶᠠᠯᠢᠭ᠂ ᠤᠭᠤᠷᠠᠭ᠂ ᠲᠡᠮᠦᠷ᠂ ᠺᠠᠯᠼ᠂ ᠮᠠᠭᠨᠢ᠂ ᠴᠠᠶ᠋ᠢᠷ ᠵᠡᠷᠭᠡ ᠡᠯᠧᠮᠧᠨ᠋ᠲ᠎ᠤᠳ ᠶᠡᠭᠡ ᠬᠡᠮᠵᠢᠶ᠎ᠡ᠎ᠪᠠᠷ ᠠᠭᠤᠯᠳᠠᠭ᠃ ᠴᠢᠰᠤ ᠳᠤᠳᠠᠳᠠᠭ ᠬᠥᠮᠥᠰ 500 ᠭ᠋ᠷᠡᠮ ᠵᠥᠭᠡᠢ ᠵᠢᠨ ᠪᠠᠯ᠎ᠳᠤ 100 ᠭ᠋ᠷᠡᠮ ᠬᠠᠲᠠᠭ᠋ᠠᠵᠤ ᠨᠤᠨᠳᠠᠭᠯᠠᠭᠰᠠᠨ ᠬᠠᠯᠠᠭ᠋ᠠᠢ ᠵᠢ ᠬᠢᠵᠦ ᠨᠠᠶ᠋ᠢᠷᠠᠭᠤᠯᠤᠨ᠂ ᠬᠤᠭᠤᠯᠠᠯᠠᠭᠰᠠᠨ᠎ᠤ ᠳᠠᠷᠠᠭ᠎ᠠ ᠡᠳᠦᠷ᠎ᠲᠤ ᠬᠠᠯᠪᠠᠭ᠎ᠠ᠎ᠪᠠᠷ 3 ᠤᠳᠠᠭ᠎ᠠ ᠤᠤᠭᠤᠨ᠎ᠠ᠃ ᠡᠯᠢᠭᠡ ᠰᠥᠰᠦ ᠬᠤᠳᠣᠭᠤᠳᠣ ᠰᠢᠯᠤᠭᠤᠨ ᠭᠡᠳᠡᠰᠦᠨ᠎ᠤ ᠰᠠᠯᠢᠰᠤᠲᠤ ᠵᠢᠨ ᠦᠷᠪᠢᠰᠦᠯ᠂ ᠨᠦᠢ᠍ᠷ ᠬᠤᠯᠵᠢᠬᠤ᠂ ᠤᠰᠤᠨ ᠬᠠᠪᠤᠩ ᠬᠥᠭᠡᠬᠦ᠂ ᠡᠮᠡᠭᠲᠡᠶ᠋ᠢᠴᠦᠳ᠎ᠤᠨ ᠰᠠᠪᠠᠨ᠎ᠤ ᠡᠪᠡᠳᠴᠢᠨ᠎ᠳᠤ ᠬᠠᠯᠠᠭ᠋ᠠᠢ ᠵᠢ ᠥᠷᠭᠡᠨ ᠬᠡᠷᠡᠭᠯᠡᠨ᠎ᠡ᠃ ᠡᠭᠦᠨ᠎ᠤ ᠲᠤᠯᠠᠳᠠ 200 ᠮᠢᠯᠢᠯᠢᠲ᠋ᠧᠷ ᠬᠠᠯᠠᠭᠤᠨ ᠤᠰᠤᠨ᠎ᠳᠤ ᠬᠠᠲᠠᠭ᠋ᠠᠵᠤ ᠨᠤᠨᠲᠠᠭᠯᠠᠭᠰᠠᠨ ᠨᠢᠭᠡ ᠬᠠᠯᠪᠠᠭ᠎ᠠ ᠬᠠᠯᠠᠭ᠋ᠠᠢ ᠵᠢ ᠬᠢᠵᠦ 1 ᠴᠠᠭ ᠣᠷᠴᠢᠮ ᠢᠳᠡᠭᠡᠰᠢᠭᠦᠯᠵᠦ᠂ ᠡᠳᠤᠷ᠎ᠲᠤ ᠭᠤᠷᠪᠠ ᠬᠤᠪᠢᠶᠠᠨ ᠬᠤᠭᠤᠯᠠᠨ᠎ᠤ ᠳᠠᠷᠠᠭ᠎ᠠ ᠤᠤᠭᠤᠨ᠎ᠠ᠃ ᠠᠷᠠᠰᠤ ᠵᠢᠪᠬᠤᠭ᠋ᠠᠵᠢᠭᠤᠯᠬᠤ᠎ᠳᠤ ᠬᠠᠲᠠᠭ᠋ᠠᠵᠤ ᠨᠤᠨᠲᠠᠭᠯᠠᠭᠰᠠᠨ ᠬᠠᠯᠠᠭ᠋ᠠᠢ᠎ᠠᠴᠠ 1 ᠊᠊᠊᠊᠊ 2 ᠬᠠᠯᠪᠠᠭ᠎ᠠ ᠵᠢ ᠠᠶᠠᠭ᠋ᠠᠨ᠎ᠳᠤ ᠬᠢᠵᠦ ᠬᠠᠯᠠᠭᠤᠨ ᠤᠰᠤ᠎ᠪᠠᠷ ᠵᠢᠭᠤᠷᠠᠵᠤ 10 ᠮᠢᠨᠦ᠋ᠲ ᠢᠳᠡᠭᠡᠰᠢᠭᠦᠯᠦᠨ᠎ᠡ᠃ ᠬᠠᠯᠠᠭ᠋ᠠᠢ ᠵᠢᠨ ᠪᠦᠯᠢᠶᠡᠨ ᠵᠤᠲᠠᠩ ᠵᠶ᠋ᠠᠷ ᠨᠢᠭᠤᠷ ᠪᠣᠯᠤᠨ ᠬᠦᠵᠦᠭᠦᠨ᠎ᠳᠡᠭᠡᠨ ᠲᠦᠷᠬᠢᠵᠦ 20 ᠊᠊᠊᠊᠊ 25 ᠮᠢᠨᠦ᠋ᠲ᠎ᠤᠨ ᠳᠠᠷᠠᠭ᠎ᠠ ᠤᠰᠤ᠎ᠪᠠᠷ ᠤᠭᠢᠶᠠᠨ᠎ᠠ᠃ ᠡᠶ᠋ᠢᠨᠬᠦ ᠨᠢᠯᠬ᠎ᠠ ᠬᠠᠯᠠᠭ᠋ᠠᠢ ᠵᠢᠨ ᠮᠠᠰᠺ᠎ᠢ ᠪᠦᠬᠦ ᠲᠥᠷᠤᠯ᠎ᠤᠨ ᠠᠷᠠᠰᠤ ᠠᠷᠠᠴᠢᠯᠠᠭ᠋ᠠᠨ᠎ᠳᠤ ᠬᠡᠷᠡᠭᠯᠡᠬᠦ᠎ᠳᠤ ᠥᠩᠭᠡᠯᠢᠭ ᠪᠣᠯᠭ᠋ᠠᠬᠤ᠎ᠠᠴᠠ ᠭᠠᠳᠠᠨ᠎ᠠ ᠲᠡᠵᠢᠭᠡᠯ ᠥᠭᠬᠦ ᠰᠠᠶ᠋ᠢᠨ ᠲᠠᠯ᠎ᠠ᠎ᠲᠠᠢ᠃ ᠲᠠᠷᠢᠬᠢᠨ᠎ᠤ ᠰᠤᠳᠠᠰᠤᠨ᠎ᠤ ᠨᠠᠷᠢᠰᠤᠯ᠂ ᠦᠰᠦ ᠤᠨᠠᠯᠲᠠ ᠵᠢ ᠵᠣᠭᠰᠣᠭ᠋ᠠᠬᠤ ᠵᠣᠷᠢᠯᠭ᠎ᠠ᠎ᠪᠠᠷ ᠬᠠᠯᠠᠭ᠋ᠠᠢ ᠵᠢᠨ ᠬᠠᠨᠳᠠ᠎ᠪᠠᠷ ᠤᠭᠢᠶᠠᠵᠤ ᠱᠠᠪᠰᠢᠵᠤ ᠬᠡᠷᠡᠭᠯᠡᠵᠦ ᠪᠣᠯᠤᠨ᠎ᠠ᠃ ᠮᠥᠨ 200 ᠭ᠋ᠷᠠᠮ ᠬᠠᠲᠠᠭ᠋ᠠᠭᠰᠠᠨ ᠬᠠᠯᠠᠭ᠋ᠠᠢ ᠵᠢ 300 ᠮᠢᠯᠢᠯᠢᠲ᠋ᠧᠷ ᠤᠰᠤᠨ᠎ᠳᠤ ᠬᠢᠵᠦ ᠪᠤᠴᠠᠯᠭ᠋ᠠᠨ 200 ᠮᠢᠯᠢᠯᠢᠲ᠋ᠧᠷ ᠬᠦᠷᠲᠡᠯ᠎ᠡ ᠢᠳᠡᠭᠡᠰᠢᠭᠦᠯᠦᠭᠡᠳ ᠰᠢᠩᠭᠡᠨ ᠵᠶ᠋ᠠᠷ᠎ᠨᠢ ᠦᠰᠦ ᠪᠣᠯᠤᠨ ᠬᠤᠶ᠋ᠢᠬᠠᠨ᠎ᠳᠠᠭᠠᠨ ᠰᠦᠷᠴᠢᠵᠦ ᠱᠠᠪᠰᠢᠵᠤ ᠬᠡᠷᠡᠭᠯᠡᠨ᠎ᠡ᠃ ᠰᠤᠳᠠᠰᠤᠨ᠎ᠤ ᠨᠠᠷᠢᠰᠤᠯ᠎ᠤᠨ ᠦᠶ᠎ᠡ᠎ᠳᠤ ᠡᠮᠴᠢᠯᠡᠭᠡᠨ᠎ᠤ ᠳ᠋ᠦᠡᠭ᠎ᠨᠢ ᠡᠳᠤᠷ᠎ᠲᠤ 3 ᠴᠠᠭ ᠵᠶ᠋ᠠᠷ 15 ᠮᠢᠨᠦ᠋ᠲ ᠲᠤᠲᠤᠮ ᠬᠤᠶ᠋ᠢᠬᠠᠨ᠎ᠳᠤ ᠰᠦᠷᠴᠢᠵᠦ 7 ᠬᠤᠨᠤᠭ ᠬᠡᠷᠡᠭᠯᠡᠭᠡᠳ 14 ᠬᠤᠨᠤᠭ ᠠᠮᠠᠷᠠᠨ᠎ᠠ᠃ ᠡᠮᠴᠢᠯᠡᠭᠡ ᠵᠢ ᠦᠷ᠎ᠡ ᠳ᠋ᠦᠩ ᠭᠠᠷᠲᠠᠯ᠎ᠠ ᠦᠷᠭᠦᠯᠵᠢᠯᠡᠭᠦᠯᠦᠨ᠎ᠡ᠃ ᠦᠰᠦᠨ᠎ᠤ ᠴᠢᠨᠠᠷ᠎ᠢ ᠳᠡᠭᠡᠭᠰᠢᠯᠡᠭᠦᠯᠬᠦ᠎ᠳᠤ 7 ᠬᠤᠨᠤᠭ᠎ᠲᠤ 2 ᠊᠊᠊᠊᠊ 3 ᠤᠳᠠᠭ᠎ᠠ ᠦᠰᠦᠨ᠎ᠳᠡᠭᠡᠨ ᠰᠦᠷᠴᠢᠵᠦ ᠬᠡᠷᠡᠭᠯᠡᠨ᠎ᠡ᠃ ᠬᠠᠯᠠᠭ᠋ᠠᠢ᠎ᠲᠠᠢ ᠴᠠᠢ᠂ ᠬᠠᠯᠠᠭ᠋ᠠᠢ᠎ᠲᠠᠢ ᠬᠤᠱ᠌ᠤᠤᠷ ᠬᠠᠪᠤᠷ᠎ᠤᠨ ᠤᠯᠠᠷᠢᠯ᠎ᠳᠤ ᠬᠦᠨᠡᠰᠦ ᠲᠡᠳᠦᠢ ᠦᠭᠡᠢ ᠠᠮᠢᠨ ᠳᠡᠮ ᠪᠣᠯᠣᠨ᠎ᠠ᠃ ᠬᠠᠳᠠᠭ᠋ᠠᠯᠠᠭᠰᠠᠨ ᠬᠠᠯᠠᠭ᠋ᠠᠢ ᠵᠢ ᠬᠠᠯᠠᠭ᠋ᠠᠢ ᠴᠠᠢ᠂ ᠤᠮᠳᠠᠭ᠋ᠠᠨ᠂ ᠬᠠᠯᠠᠭ᠋ᠠᠢ᠎ᠲᠠᠢ ᠬᠤᠱ᠌ᠤᠤᠷ ᠭᠡᠬᠦ ᠮᠡᠳᠥ᠎ᠪᠠᠷ ᠬᠦᠨᠡᠰᠦᠨ᠎ᠳᠡᠭᠡᠨ ᠬᠡᠷᠡᠭᠯᠡᠵᠦ ᠪᠣᠯᠬᠤ ᠶᠤᠮ᠃ ᠬᠠᠯᠠᠭ᠋ᠠᠢ᠎ᠨᠢ ᠸᠢᠲ᠋ᠠᠮᠢᠨ C᠂ ᠣᠭᠤᠷᠠᠭ᠂ ᠳᠠᠮᠣᠷ ᠵᠡᠷᠭᠡ ᠡᠯᠪᠡᠭ ᠠᠭᠤᠯᠳᠠᠭ ᠳᠣᠯᠠ ᠱᠦᠯᠦᠨ᠎ᠳᠤ᠂ ᠮᠦᠨ ᠪᠣᠣᠵᠠ᠂ ᠱᠠᠯᠪᠢᠩ ᠬᠢᠵᠦ ᠢᠳᠡᠬᠦ᠎ᠳᠤ ᠶᠠᠳᠠᠷᠠᠭ᠎ᠠ ᠳᠠᠶ᠋ᠢᠯᠳᠠᠭ ᠪᠢᠯᠡ᠃

ᠢᠷᠡᠯᠲᠡ᠄ ᠠᠯᠠᠱᠨ ᠵᠡᠬᠦᠨ ᠬᠤᠰᠢᠭᠤᠨ᠎ᠤ ᠠᠷᠠᠳ᠎ᠤᠨ ᠵᠠᠰᠠᠭ᠎ᠤᠨ ᠤᠷᠲᠤᠨ
          
ᠬᠠᠮᠢᠶ᠎ᠡ ᠪᠦᠬᠦᠢ ᠰᠣᠨᠢᠨ
ᠨᠠᠷᠠᠰᠤᠨ ᠮᠤᠳᠤᠨ᠎ᠤ ᠦᠷ᠎ᠡ ᠵᠢ ᠶᠠᠭ᠋ᠠᠬᠢᠵᠦ ᠴᠤᠭᠯᠠᠭᠤᠯᠬᠤ ᠪᠤᠢ
ᠡᠪᠡᠰᠦ ᠲᠠᠷᠢᠬᠤ ᠠᠷᠭ᠎ᠠ ᠮᠡᠷᠭᠡᠵᠢᠯ
ᠵᠢᠮᠢᠰ᠎ᠤᠨ ᠮᠣᠳᠣᠨ᠎ᠤ ᠬᠤᠷᠣᠬᠠᠢ ᠵᠢᠨ ᠬᠥᠨᠥᠭᠡᠯ᠎ᠢ ᠲᠠᠷᠢᠶᠠᠨ ᠡᠮ ᠬᠡᠷᠡᠭᠯᠡᠬᠦ ᠦᠭᠡᠢ ᠰᠡᠷᠭᠡᠶ᠋ᠢᠯᠡᠬᠦ ᠠᠷᠭ᠎ᠠ
ᠬᠠᠶ᠋ᠢᠯᠠᠰᠤᠨ ᠮᠤᠳᠤᠨ᠎ᠤ ᠵᠤᠭ᠎ᠠ ᠬᠦᠮᠦᠨ᠎ᠤ ᠡᠷᠡᠬᠦᠯ ᠮᠡᠨᠳᠤ᠎ᠳᠤ ᠶᠡᠭᠡ ᠳᠤᠰᠠᠳᠠᠢ
ᠶᠠᠭᠤ ᠵᠢ ᠡᠯᠡᠰᠦ ᠵᠢ ᠪᠢᠳᠡᠭᠦᠮᠵᠢᠯᠡᠵᠦ ᠤᠢ᠌ᠵᠢᠭᠤᠯᠬᠤ ᠭᠡᠬᠦ ᠪᠤᠢ?
 
             蒙ICP备05000248号