ᠡᠪᠡᠰᠦ ᠮᠣᠳᠣᠨ᠎ᠤ ᠦᠨᠡᠰᠦ᠎ᠪᠠᠷ ᠬᠤᠷᠣᠬᠠᠢ ᠠᠯᠠᠬᠤ ᠡᠪᠡᠰᠦ ᠮᠣᠳᠣᠨ᠎ᠤ ᠦᠨᠡᠰᠦ᠎ᠪᠠᠷ ᠰᠣᠩᠭᠢᠨ᠎ᠠ ᠵᠢᠨ ᠢᠯᠠᠭ᠎ᠠ᠂ ᠦᠨᠳᠦᠰᠦᠨ᠎ᠤ ᠥᠳᠥ᠂ ᠪᠠᠭ᠋ᠠᠷᠠᠩ ᠬᠤᠷᠣᠬᠠᠢ᠂ ᠴᠣᠬᠤ ᠵᠡᠷᠭᠡ ᠬᠤᠷᠣᠬᠠᠢ ᠵᠢ ᠰᠡᠷᠭᠡᠶ᠋ᠢᠯᠡᠬᠦ᠎ᠳᠤ ᠬᠡᠷᠡᠭᠯᠡᠨ᠎ᠡ᠃ ᠡᠭᠦᠨ᠎ᠳᠤ ᠭᠤᠷᠪᠠᠨ ᠵᠦᠢ᠍ᠯ᠎ᠤᠨ ᠠᠷᠭ᠎ᠠ ᠪᠣᠢ᠄ ᠨᠢᠭᠡ᠎ᠳᠤ᠂ ᠬᠥᠷᠥᠰᠥᠨ᠎ᠳᠤ ᠣᠷᠣᠭᠤᠯᠤᠨ᠎ᠠ᠂ ᠮᠦ᠍ ᠪᠦᠷᠢ᠎ᠳᠤ 60 - 80 ᠵᠢᠩ ᠡᠪᠡᠰᠦ ᠮᠣᠳᠣᠨ᠎ᠤ ᠦᠨᠡᠰᠦ ᠵᠢ ᠲᠠᠷᠢᠬᠤ ᠰᠤᠪᠠᠭ᠎ᠲᠤ ᠣᠷᠣᠭᠤᠯᠪᠠᠯ ᠦᠨᠳᠦᠰᠦᠨ᠎ᠤ ᠬᠥᠨᠥᠭᠡᠯᠳᠦ ᠬᠤᠷᠣᠬᠠᠢ᠎ᠠᠴᠠ ᠰᠡᠷᠭᠡᠶ᠋ᠢᠯᠡᠵᠦ ᠲᠡᠶ᠋ᠢᠯᠥᠨᠡ; ᠬᠤᠶᠠᠷ᠎ᠲᠤ᠂ ᠰᠢᠭᠤᠳ ᠰᠠᠴᠤᠨ᠎ᠠ᠂ ᠡᠪᠡᠰᠦ ᠮᠣᠳᠣᠨ᠎ᠤ ᠦᠨᠡᠰᠦ ᠵᠢ ᠨᠤᠨᠳᠠᠭᠯᠠᠵᠤ ᠥᠷᠯᠥᠭᠡ ᠰᠢᠭᠦᠳᠡᠷᠢ ᠬᠠᠳᠠᠬᠤ᠎ᠠᠴᠠ ᠡᠮᠦᠨ᠎ᠡ ᠬᠤᠷᠣᠬᠠᠶ᠋ᠢᠲᠤᠭᠰᠠᠨ ᠬᠡᠰᠡᠭ᠎ᠲᠤ ᠰᠦᠷᠴᠢᠨ᠎ᠡ᠂ ᠮᠦ᠍ ᠪᠦᠷᠢ᠎ᠳᠤ 2 - 4 ᠵᠢᠩ ᠡᠪᠡᠰᠦ ᠮᠣᠳᠣᠨ᠎ᠤ ᠦᠨᠡᠰᠦ ᠵᠢ ᠬᠡᠷᠡᠭᠯᠡᠨ᠎ᠡ᠃
ᠨᠠᠪᠴᠢᠨ ᠲᠠᠮᠠᠬᠢ᠎ᠪᠠᠷ ᠬᠤᠷᠣᠬᠠᠢ ᠠᠯᠠᠬᠤ ᠨᠠᠪᠴᠢᠨ ᠲᠠᠮᠠᠬᠢ᠎ᠪᠠᠷ ᠬᠤᠷᠣᠬᠠᠢ ᠠᠯᠠᠬᠤ᠎ᠳᠤ ᠡᠡ᠊ᠡᠭ ᠲᠡᠷᠢᠭᠦᠨ᠎ᠳᠤ ᠪᠠᠭ᠋ᠠᠷᠠᠩ ᠬᠤᠷᠣᠬᠠᠢ᠂ ᠦᠮᠡᠬᠡᠢ ᠪᠢᠰ᠂ ᠢᠯᠠᠭ᠋ᠠᠨᠤ ᠥᠳᠥ ᠵᠡᠷᠭᠡ ᠵᠢ ᠰᠡᠷᠭᠡᠶ᠋ᠢᠯᠡᠬᠦ ᠪᠠ ᠵᠠᠰᠠᠬᠤ᠎ᠳᠤ ᠬᠡᠷᠡᠭᠯᠡᠨ᠎ᠡ᠃ ᠨᠠᠶ᠋ᠢᠷᠠᠭᠤᠯᠬᠤ᠎ᠠᠴᠠ ᠡᠮᠦᠨ᠎ᠡ ᠬᠠᠶᠠᠭᠳᠠᠮᠠᠯ ᠨᠠᠪᠴᠢᠨ ᠲᠠᠮᠠᠬᠢ ᠪᠣᠯᠣᠨ ᠤᠰᠤ ᠵᠢ 1᠄ 40 ᠵᠢᠨ ᠬᠠᠷᠢᠴᠠᠯ ᠵᠶ᠋ᠠᠷ ᠬᠡᠮᠵᠢᠵᠦ ᠪᠡᠯᠡᠳᠬᠡᠨ᠂ ᠤᠷᠢᠳ ᠵᠶ᠋ᠠᠷ ᠲᠠᠮᠠᠬᠢᠨ᠎ᠤ ᠨᠠᠪᠴᠢ ᠵᠢ ᠤᠷᠠᠵᠤ ᠬᠡᠮᠬᠡᠯᠦᠭᠡᠳ ᠳᠡᠭᠡᠷ᠎ᠡ᠎ᠨᠢ 10 ᠬᠤᠪᠢ ᠵᠢᠨ ᠪᠤᠴᠠᠯᠤᠭᠰᠠᠨ ᠤᠰᠤ ᠬᠢᠵᠦ ᠳᠡᠪᠲᠦᠭᠡᠨ᠂ ᠤᠰᠤ᠎ᠨᠢ ᠨᠡᠯᠢᠶᠡᠳ ᠰᠢᠩᠭᠡᠵᠦ ᠥᠳᠬᠡᠨ ᠰᠢᠭᠦᠰᠦ ᠦᠭᠡᠢ ᠪᠣᠯᠬᠤ ᠦᠶᠡᠰ ᠲᠠᠬᠢᠨ ᠲᠠᠮᠠᠬᠢᠨ᠎ᠤ ᠨᠠᠪᠴᠢ ᠵᠢ ᠰᠢᠭᠦᠵᠦ ᠭᠠᠷᠭ᠋ᠠᠨ᠂ 4 ᠤᠳᠠᠭ᠎ᠠ ᠤᠰᠤ ᠬᠤᠯᠢᠵᠤ ᠱᠦᠷᠭᠦᠭᠡᠵᠦ ᠤᠬᠢᠶᠠᠭᠰᠠᠨ᠎ᠤ ᠲᠠᠷᠠᠭ᠎ᠠ ᠰᠢᠭ᠋ᠠᠷᠤ ᠪᠠ ᠲᠠᠮᠠᠬᠢ ᠵᠢ᠎ᠨᠢ ᠱᠦᠭᠦᠵᠦ ᠭᠠᠷᠭ᠋ᠠᠨ᠂ ᠲᠠᠬᠢᠨ ᠲᠤᠭ᠎ᠠ ᠶᠣᠰᠣᠭ᠋ᠠᠷ ᠬᠤᠯᠢᠵᠤ ᠲᠠᠷᠢᠶᠠᠨ ᠭᠠᠵᠠᠷ᠎ᠲᠤ ᠰᠦᠷᠴᠢᠵᠦ ᠬᠤᠷᠣᠬᠠᠢ ᠵᠢ ᠰᠡᠷᠭᠡᠶ᠋ᠢᠯᠡᠬᠦ᠎ᠳᠤ ᠬᠡᠷᠡᠭᠯᠡᠨ᠎ᠡ᠃
ᠯᠠᠵᠤᠤ᠎ᠪᠠᠷ ᠬᠤᠷᠣᠬᠠᠢ ᠠᠯᠠᠬᠤ 1 ᠵᠢᠩ ᠰᠢᠨ᠎ᠡ ᠰᠣᠷᠭᠤᠭ ᠯᠠᠵᠤᠤ (ᠬᠡᠳᠦᠢ ᠭᠤᠱ᠌ᠤᠭᠤᠨ ᠪᠣᠯ ᠲᠡᠳᠦᠢ ᠰᠠᠶ᠋ᠢᠨ) ᠳᠡᠭᠡᠷ᠎ᠡ 30 - 40 ᠵᠢᠩ ᠤᠰᠤ ᠨᠡᠮᠡᠵᠦ 10 - 15 ᠮᠢᠨᠦ᠋ᠲ ᠴᠢᠨᠠᠭ᠋ᠠᠳ ᠰᠢᠭ᠋ᠠᠷᠤ ᠵᠢ᠎ᠨᠢ ᠰᠢᠭᠦᠵᠦ ᠭᠠᠷᠭ᠋ᠠᠨ ᠰᠢᠭᠦᠰᠦ ᠵᠢ᠎ᠨᠢ ᠦᠯᠡᠳᠡᠭᠡᠵᠦ᠂ ᠬᠠᠯᠠᠭᠤᠨ ᠳᠡᠭᠡᠷ᠎ᠡ᠎ᠨᠢ 0.2 ᠵᠢᠩ ᠬᠤᠪᠴᠠᠰᠤ ᠤᠬᠢᠶᠠᠬᠤ ᠨᠤᠨᠳᠠᠭ ᠨᠡᠮᠡᠵᠦ᠂ ᠬᠥᠷᠥᠭᠰᠡᠡᠤ ᠰᠡᠭᠦᠯᠡᠷ ᠲᠠᠬᠢᠨ 2 ᠤᠭᠤᠲᠠ ᠵᠢᠶᠠ ᠮᠸᠢ ᠵᠢᠨ ᠳ᠋ᠢᠶᠠᠨ (嘉美金点) ᠲᠣᠬᠢᠷᠠᠭᠤᠯᠤᠭᠴᠢ ᠪᠠ 100 ᠵᠢᠩ ᠤᠰᠤ ᠨᠡᠮᠡᠵᠦ ᠵᠢᠭᠳᠡ ᠬᠤᠯᠢᠭ᠋ᠠᠳ ᠰᠦᠷᠴᠢᠨ᠎ᠡ᠃ ᠡᠨᠡ ᠬᠦ᠌ ᠠᠷᠭ᠎ᠠ᠎ᠨᠢ ᠰᠢᠰᠢ ᠵᠢᠨ ᠮᠢᠩ ᠬᠤᠷᠣᠬᠠᠢ᠂ ᠲᠡᠯᠡᠭᠴᠢ ᠬᠤᠷᠣᠬᠠᠢ᠂ ᠭᠤᠷᠪᠠᠨ ᠭᠤᠣᠯᠵᠢᠳᠠᠳᠣ ᠮᠢᠩ ᠡᠷᠪᠡᠬᠡᠢ᠂ ᠨᠠᠪᠴᠢᠨ ᠬᠤᠮᠢᠭᠤᠷ ᠬᠤᠷᠣᠬᠠᠢ᠂ ᠪᠠᠭ᠋ᠠᠷᠠᠩ ᠬᠤᠷᠣᠬᠠᠢ᠂ ᠤᠯᠠᠭ᠋ᠠᠨ ᠠᠭ᠋ᠠᠯᠵᠢ᠂ ᠰᠢᠷᠣᠢ ᠵᠢᠨ ᠬᠦᠷᠢ ᠵᠡᠷᠭᠡ ᠡᠯ᠎ᠡ ᠵᠦᠢ᠍ᠯ᠎ᠤᠨ ᠬᠥᠨᠥᠭᠡᠯᠳᠦ ᠬᠤᠷᠣᠬᠠᠢ ᠵᠢ ᠬᠦᠴᠦᠨ᠎ᠲᠠᠢ ᠰᠡᠷᠭᠡᠶ᠋ᠢᠯᠡᠬᠦ ᠪᠠ ᠠᠯᠠᠵᠤ ᠲᠡᠶ᠋ᠢᠯᠥᠨᠡ᠃
ᠰᠣᠩᠭᠢᠨ᠎ᠠ ᠰᠠᠷᠢᠮᠰᠠᠭ ᠵᠶ᠋ᠠᠷ ᠬᠤᠷᠣᠬᠠᠢ ᠠᠯᠠᠬᠤ ᠰᠠᠷᠢᠮᠰᠠᠭ ᠪᠠ ᠪᠥᠭᠡᠷᠡᠩᠬᠡᠢ ᠰᠣᠩᠭᠢᠨ᠎ᠠ ᠵᠢ ᠲᠣᠰ ᠲᠣᠰ 20 ᠭ᠋ᠷᠡᠮ ᠬᠤᠯᠢᠵᠤ ᠨᠢᠴᠠᠯᠤᠨ᠂ ᠰᠡᠶ᠋ᠢᠮᠡᠬᠡᠢ ᠪᠥᠰ ᠵᠶ᠋ᠠᠷ ᠪᠠᠭᠯᠠᠵᠤ᠂ 20 ᠵᠢᠩ ᠣᠰᠣᠠ᠎ᠳᠤ 24 ᠴᠠᠭ ᠳᠡᠪᠲᠦᠭᠡᠭᠰᠡᠨᠤ ᠰᠡᠭᠦᠯᠡᠷ ᠲᠠᠬᠢᠨ ᠰᠡᠶ᠋ᠢᠮᠡᠬᠡᠢ ᠪᠥᠰᠢ ᠠᠪᠴᠤ ᠭᠠᠷᠭ᠋ᠠᠨ᠎ᠠ᠂ ᠲᠣᠰ ᠡᠮ᠎ᠤᠨ ᠰᠢᠩᠭᠡᠨ ᠵᠶ᠋ᠠᠷ ᠴᠣᠬᠤ᠂ ᠪᠠᠭ᠋ᠠᠷᠠᠩ ᠬᠤᠷᠣᠬᠠᠢ᠂ ᠤᠯᠠᠭ᠋ᠠᠨ ᠠᠭ᠋ᠠᠯᠵᠢ ᠵᠡᠷᠭᠡ ᠬᠥᠨᠥᠭᠡᠯᠳᠦ ᠬᠤᠷᠣᠬᠠᠢ ᠵᠢ ᠰᠡᠷᠭᠡᠶ᠋ᠢᠯᠡᠬᠦ ᠪᠠ ᠠᠯᠠᠬᠤ᠎ᠳᠤ ᠬᠡᠷᠡᠭᠯᠡᠵᠦ ᠪᠣᠯᠣᠨ᠎ᠠ᠃
ᠭᠤᠯᠢᠷ ᠵᠶ᠋ᠠᠷ ᠬᠤᠷᠣᠬᠠᠢ ᠠᠯᠠᠬᠤ 250 ᠭ᠋ᠷᠡᠮ ᠪᠤᠭᠤᠳᠠᠢ ᠵᠢᠨ ᠭᠤᠯᠢᠷ᠎ᠲᠤ 15 - 16 ᠵᠢᠩ ᠤᠰᠤ ᠨᠡᠮᠡᠵᠦ ᠵᠢᠭᠤᠷᠠᠭ᠋ᠠᠳ ᠭᠤᠣᠯ ᠦᠳᠡ ᠵᠢᠨ 12 ᠴᠠᠭ᠎ᠤᠨ ᠦᠶ᠎ᠡ᠎ᠪᠠᠷ ᠤᠯᠠᠭ᠋ᠠᠨ ᠠᠭ᠋ᠠᠯᠵᠢ ᠵᠢᠨ ᠬᠥᠨᠥᠭᠡᠯ᠎ᠲᠠᠢ ᠨᠠᠪᠴᠢᠨ᠎ᠤ ᠠᠷᠤ᠎ᠳᠤ ᠵᠢᠭᠳᠡ ᠰᠦᠷᠴᠢᠨ᠎ᠡ᠃ 10 ᠮᠢᠨᠦ᠋ᠲ᠎ᠤᠨ ᠲᠠᠷᠠᠭ᠎ᠠ ᠤᠯᠠᠭ᠋ᠠᠨ ᠠᠭ᠋ᠠᠯᠵᠢ ᠵᠢᠨ ᠬᠥᠯ᠎ᠨᠢ ᠭᠤᠯᠢᠷ᠎ᠲᠠᠢ ᠨᠠᠭ᠋ᠠᠯᠳᠤᠵᠤ ᠨᠠᠪᠴᠢᠨ᠎ᠤ ᠠᠷᠤ᠎ᠳᠤ ᠬᠠᠳᠠᠵᠣ ᠦᠬᠦᠬᠦ ᠪᠣᠯᠣᠨ᠎ᠠ᠃ ᠲᠣᠰ ᠠᠷᠭ᠎ᠠ ᠵᠢ ᠢᠳᠡᠰᠢᠨ ᠨᠣᠭᠤᠭ᠎ᠠ᠂ ᠵᠢᠮᠢᠰ᠎ᠤᠨ ᠮᠣᠳᠣ᠂ ᠬᠥᠪᠥᠩ ᠵᠡᠷᠭᠡ ᠲᠠᠷᠢᠮᠠᠯ᠎ᠳᠤ ᠠᠳᠠᠯᠢᠬᠠᠨ ᠬᠡᠷᠡᠭᠯᠡᠵᠦ ᠲᠣᠬᠢᠷᠠᠨ᠎ᠠ᠃
ᠪᠠᠭ᠎ᠠ ᠰᠤᠳᠠ᠎ᠪᠠᠷ ᠭᠡᠮ ᠬᠤᠷᠣᠬᠠᠢ ᠵᠢ ᠰᠡᠷᠭᠡᠶ᠋ᠢᠯᠡᠬᠦ 0.2% ᠥᠳᠬᠡᠴᠡ᠎ᠲᠠᠢ ᠪᠠᠭ᠎ᠠ ᠰᠤᠳᠠ ᠵᠢᠨ ᠠᠭᠤᠰᠤᠮᠠᠯ᠂ ᠳᠠᠷᠤᠢ 0.2 ᠵᠢᠩ ᠪᠠᠭ᠎ᠠ ᠰᠤᠳᠠ ᠳᠡᠭᠡᠷ᠎ᠡ 100 ᠵᠢᠩ ᠤᠰᠤ ᠬᠤᠯᠢᠵᠤ ᠵᠢᠭᠤᠷᠠᠭ᠋ᠠᠳ ᠰᠦᠷᠴᠢᠨ᠎ᠡ᠂ ᠲᠣᠰ ᠨᠠᠶ᠋ᠢᠷᠠᠯᠭ᠎ᠠ᠎ᠨᠢ ᠥᠷᠭᠡᠰᠥᠳᠥ ᠬᠡᠮᠬᠡ᠂ ᠴᠠᠭ᠋ᠠᠨ ᠨᠣᠭᠤᠭ᠎ᠠ ᠵᠢᠨ ᠴᠠᠭ᠋ᠠᠨ ᠲᠣᠭᠤᠰᠣᠲᠤ ᠭᠡᠮ᠂ ᠪᠣᠳᠣ ᠭᠡᠮ᠂ ᠴᠠᠭ᠋ᠠᠨ ᠬᠥᠭᠡᠴᠦ ᠭᠡᠮ ᠵᠡᠷᠭᠡ᠎ᠳᠤ ᠪᠦᠷ ᠨᠡᠯᠢᠶᠡᠳ ᠰᠠᠶ᠋ᠢᠨ ᠦᠢ᠍ᠯᠡᠳᠦᠯ᠎ᠲᠠᠢ ᠪᠠᠶ᠋ᠢᠵᠤ᠂ ᠰᠡᠷᠭᠡᠶ᠋ᠢᠯᠡᠬᠦ ᠦᠷ᠎ᠡ ᠳ᠋ᠦᠩ᠎ᠨᠢ 93.1%᠎ᠳᠤ ᠬᠥᠷᠥᠨ᠎ᠡ᠃ ᠪᠠᠰᠠ ᠲᠤᠲᠤᠷᠭ᠋ᠠᠨᠤ ᠬᠠᠯᠠᠭᠤᠨ ᠭᠡᠮ᠎ᠢ ᠭᠤᠣᠯᠯᠠᠨ ᠵᠠᠰᠠᠵᠤ ᠲᠡᠶ᠋ᠢᠯᠥᠨᠡ᠂ ᠲᠤᠲᠤᠷᠭ᠎ᠠ ᠵᠢᠨ ᠬᠢᠵᠢᠭᠰᠢᠷᠡᠭᠦ ᠲᠠᠯᠬ᠎ᠠ (稲瘟 灵)᠂ ᠭᠤᠷᠪᠠᠨ ᠴᠠᠭ᠋ᠠᠷᠢᠭᠲᠤ ᠢᠮᠢᠳᠡᠽᠥᠯ ᠵᠡᠷᠭᠡ᠎ᠲᠠᠢ ᠬᠤᠯᠢᠵᠤ ᠬᠡᠷᠡᠭᠯᠡᠪᠡᠯ ᠦᠢ᠍ᠯᠡᠳᠦᠯ᠎ᠨᠢ ᠨᠡᠮᠡᠭᠳᠡᠬᠦ ᠪᠣᠯᠣᠨ᠎ᠠ᠃ ᠭᠡᠪᠡᠴᠦ ᠬᠦᠴᠢᠯᠯᠢᠭ ᠲᠠᠷᠢᠶᠠᠨ ᠡᠮ᠎ᠲᠠᠢ ᠬᠤᠯᠢᠵᠤ ᠬᠡᠷᠡᠭᠯᠡᠵᠦ ᠪᠣᠯᠬᠤ ᠦᠭᠡᠢ᠃