ᠣᠶ᠋ᠢᠵᠢᠭᠤᠯᠤᠯᠭᠠ ᠵᠢᠨ ᠨᠢᠭᠲᠠᠴᠠ ᠲᠣᠬᠢᠷᠠᠮᠵᠢᠲᠠᠢ ᠪᠠᠶ᠋ᠢᠪᠠᠯ ᠣᠷᠣᠨ ᠵᠠᠢ ᠵᠢ ᠶᠡᠭᠡ ᠬᠡᠪᠴᠢᠶᠡᠪᠠᠷ ᠬᠢᠵᠠᠭ᠋ᠠᠷᠯᠠᠵᠤ ᠴᠢᠬᠢ ᠮᠣᠳᠣᠨᠤ ᠪᠣᠶ᠋ᠢᠵᠢᠯᠲᠠ ᠵᠢ ᠪᠠᠳᠤᠯᠠᠨ ᠨᠡᠯᠢᠶᠡᠳ ᠶᠡᠭᠡ ᠬᠠᠮᠠᠭ᠋ᠠᠯᠠᠯᠲᠠ ᠵᠢᠨ ᠠᠰᠢᠭ ᠲᠤᠰᠠ ᠪᠣᠯᠣᠨ ᠠᠵᠤ ᠠᠬᠤᠢ ᠵᠢᠨ ᠦᠷᠡ ᠠᠰᠢᠭ ᠣᠯᠬᠤ ᠰᠠᠭᠤᠷᠢ ᠵᠢ ᠲᠠᠯᠪᠢᠬᠤ ᠶᠤᠮ᠃ ᠣᠶ᠋ᠢᠵᠢᠭᠤᠯᠤᠯᠭᠠ ᠵᠢᠨ ᠨᠢᠭᠳᠠᠴᠠᠨᠢ ᠭᠡᠳᠦ ᠶᠡᠭᠡ ᠪᠠᠶ᠋ᠢᠪᠠᠯ ᠣᠢ ᠮᠣᠳᠣ ᠰᠠᠬᠤᠯᠢᠭᠵᠢᠵᠤ ᠤᠷᠭᠤᠮᠠᠯᠤᠨ ᠡᠰᠢ ᠵᠢᠨ ᠬᠤᠭᠤᠷᠣᠨᠳᠤ ᠨᠠᠷᠠᠨᠤ ᠭᠡᠷᠡᠯ᠂ ᠴᠢᠬᠢᠭ ᠤᠨ ᠬᠡᠮᠵᠢᠶᠡ᠂ ᠰᠢᠮᠡ ᠲᠡᠵᠢᠭᠡᠯ ᠪᠤᠯᠢᠶᠠᠯᠳᠤᠬᠤ ᠵᠥᠷᠢᠴᠡᠯ ᠡᠭᠦᠰᠴᠦ ᠭᠡᠳᠦ ᠡᠷᠲᠡ ᠤᠷᠭᠤᠯᠲᠠᠨᠢ ᠲᠡᠭᠰᠢ ᠦᠭᠡᠢ ᠪᠣᠯᠬᠤ ᠶᠤᠮ᠃ ᠨᠢᠭᠲᠠᠴᠠᠨᠢ ᠭᠡᠲᠦ ᠪᠠᠭᠠ ᠪᠠᠶ᠋ᠢᠪᠠᠯ ᠣᠢ ᠮᠤᠳᠤ ᠰᠠᠶ᠋ᠢᠷᠡᠭᠵᠢᠵᠦ ᠪᠤᠵᠠᠷ ᠡᠪᠡᠰᠦ ᠲᠦᠭᠦᠷᠴᠦ ᠤᠷᠭᠤᠮᠠᠯᠤᠨ ᠡᠰᠢᠨᠢ ᠰᠦᠷᠦᠭᠴᠢᠭᠰᠡᠨ ᠪᠡᠶᠡ ᠵᠢᠨ ᠬᠡᠯᠪᠡᠷᠢᠲᠠᠢ ᠪᠣᠯᠵᠤ ᠲᠡᠶ᠋ᠢᠯᠬᠦ ᠦᠭᠡᠢ᠂ ᠣᠢ ᠮᠣᠳᠣᠨᠤ ᠳᠣᠭᠳᠠᠪᠤᠷᠢᠲᠤ ᠴᠢᠨᠠᠷᠨᠢ ᠪᠠᠭᠤᠷᠠᠳᠠᠭ ᠪᠢᠯᠡ᠃
ᠣᠶ᠋ᠢᠵᠢᠭᠤᠯᠬᠤ ᠨᠢᠭᠲᠠᠴᠠ ᠵᠢ ᠲᠤᠬᠢᠷᠠᠮᠵᠢᠲᠠᠢ ᠲᠣᠭᠳᠠᠭ᠋ᠠᠬᠤᠳᠤ ᠭᠠᠵᠠᠷ ᠣᠷᠣᠨᠤ ᠪᠣᠳᠠᠳᠤ ᠪᠠᠶ᠋ᠢᠳᠠᠯ ᠵᠶ᠋ᠠᠨ ᠦᠨᠳᠦᠰᠦᠯᠡᠵᠤ ᠡᠵᠡᠩᠨᠡᠬᠦ ᠵᠣᠷᠢᠯᠭᠠ ᠪᠣᠯᠣᠨ ᠬᠡᠮᠵᠢᠶᠡ᠂ ᠮᠣᠳᠣᠨᠤ ᠲᠥᠷᠥᠯ ᠵᠤᠶ᠋ᠢᠯ ᠪᠣᠯᠣᠨ ᠬᠡᠷᠡᠭᠴᠡᠭᠡ ᠵᠡᠷᠭᠡ ᠵᠢ ᠪᠣᠳᠣᠯᠬᠢᠯᠠᠬᠤ ᠬᠡᠷᠡᠭᠲᠡᠢ᠃ ᠶᠡᠷᠦ ᠵᠢᠨ ᠪᠠᠶ᠋ᠢᠳᠠᠯ ᠲᠤᠤᠷᠠ ᠲᠠᠯᠠ ᠭᠠᠵᠡᠷ ᠪᠣᠯᠣᠨ ᠡᠯᠡᠰᠦᠷᠭᠡᠭ ᠭᠠᠵᠠᠷᠤᠨ ᠨᠢᠭᠲᠠᠴᠠᠨᠢ ᠪᠠᠭᠠ ᠰᠢᠭ᠋᠂ ᠠᠭᠤᠯᠠᠷᠬᠠᠭ ᠭᠠᠵᠠᠷ ᠶᠡᠭᠡ ᠰᠢᠭ ᠲᠠᠯᠪᠢᠲᠠᠭ᠃
ᠲᠠᠯᠠ ᠭᠠᠵᠠᠷ᠄ ᠦᠨᠳᠦᠷ ᠮᠣᠳᠣ ᠵᠢᠨ ᠣᠶ᠋ᠢᠵᠢᠭᠤᠯᠤᠯᠲᠠ ᠵᠢᠨ ᠨᠢᠭᠲᠠᠴᠠᠨᠢ ᠶᠡᠷᠦᠳᠡᠭᠡᠨ ᠮᠣ᠌ ᠪᠦᠷᠢᠳᠤ 44 — 167 ᠰᠠᠭᠤᠷᠢ᠂ ᠦᠨᠳᠦᠷ ᠮᠣᠳᠣ ᠪᠤᠲᠠ ᠮᠣᠳᠤ ᠬᠤᠯᠢᠯᠳᠣᠭᠰᠠᠨ ᠣᠶ᠋ᠢᠵᠢᠭᠤᠯᠤᠯᠲᠠ ᠵᠢ ᠮᠣ᠌ ᠪᠦᠷᠢ 167 — 333 ᠰᠠᠭᠤᠷᠢ᠂ ᠪᠤᠳᠠ ᠮᠣᠳᠣ ᠵᠢ ᠮᠣ᠌ ᠪᠦᠷᠢᠳᠤ 222 — 444 ᠰᠠᠭᠤᠷᠢᠪᠠᠷ ᠬᠢᠵᠠᠭ᠋ᠠᠷᠯᠠᠪᠠᠯ ᠵᠣᠬᠢᠨᠠ᠃
ᠡᠯᠡᠰᠦᠷᠭᠡᠭ ᠭᠠᠵᠠᠷ᠄ ᠦᠨᠳᠦᠷ ᠮᠣᠳᠣᠨᠤ ᠣᠶ᠋ᠢᠵᠢᠭᠤᠯᠤᠯᠲᠠ ᠵᠢᠨ ᠨᠢᠭᠲᠠᠴᠠᠨᠢ ᠶᠡᠷᠦᠳᠡᠭᠡᠨ ᠮᠣ᠌ ᠪᠦᠷᠢᠳᠤ 50 — 222 ᠰᠠᠭᠤᠷᠢ᠂ ᠦᠨᠳᠦᠷ ᠮᠣᠳᠣ ᠪᠣᠳᠠ ᠮᠣᠳᠣ ᠬᠤᠯᠢᠯᠳᠤᠭᠰᠠᠨ ᠣᠢ ᠵᠢᠨ ᠨᠢᠭᠲᠠᠴᠠᠨᠢ 50 — 333 ᠰᠠᠭᠤᠷᠢ᠂ ᠪᠣᠳᠠ ᠮᠣᠳᠣ ᠵᠢ ᠮᠣ᠌ ᠪᠦᠷᠢᠳᠤ 110 — 444 ᠰᠠᠭᠤᠷᠢᠪᠠᠷ ᠬᠢᠵᠠᠭ᠋ᠠᠷᠯᠠᠪᠠᠯ ᠵᠣᠬᠢᠨᠠ᠃
ᠠᠭᠤᠯᠠᠷᠬᠠᠭ ᠭᠠᠵᠠᠷ᠄ ᠦᠨᠳᠦᠷ ᠮᠣᠳᠣ ᠵᠢᠨ ᠨᠢᠭᠲᠠᠴᠠ ᠵᠢ ᠮᠣ᠌ ᠪᠦᠷᠢᠳᠤ 222 — 333 ᠰᠠᠭᠤᠷᠢ᠂ ᠦᠨᠳᠦᠷ ᠮᠣᠳᠣ ᠪᠤᠳᠠ ᠮᠣᠳᠣ ᠬᠤᠯᠢᠯᠳᠤᠭᠰᠠᠨ ᠣᠢ ᠵᠢ ᠮᠣ᠌ ᠪᠦᠷᠢᠳᠤ 222 — 333 ᠰᠠᠭᠤᠷᠢ᠂ ᠪᠤᠳᠠ ᠮᠣᠳᠣ ᠵᠢ ᠮᠣ᠌ ᠪᠦᠷᠢᠳᠤ 333 — 5690 ᠰᠠᠭᠤᠷᠢᠪᠠᠷ ᠬᠢᠵᠠᠭ᠋ᠠᠷᠯᠠᠪᠠᠯ ᠵᠣᠬᠢᠨᠠ᠃
《ᠮᠠᠯ ᠲᠠᠷᠢᠶᠠᠯᠠᠩᠤᠨ ᠬᠡᠷᠡᠭᠯᠡᠭᠡᠨᠤ ᠰᠢᠨᠡ ᠮᠡᠷᠭᠡᠵᠢᠯ》 ᠭᠡᠬᠦ ᠨᠣᠮᠠᠴᠠ ᠪᠠᠭᠤᠯᠭ᠋ᠠᠪᠠ᠃