ᠣᠢ᠂ ᠡᠪᠡᠰᠦ᠂ ᠤᠰᠤ ᠵᠢ ᠤᠶᠠᠯᠳᠣᠭᠤᠯᠣᠭᠰᠠᠨ ᠨᠣᠳᠤᠭ ᠪᠡᠯᠴᠢᠭᠡᠷ᠎ᠤᠨ ᠪᠦᠳᠦᠭᠡᠨ ᠪᠠᠶ᠋ᠢᠭᠤᠯᠤᠯᠲᠠ ᠬᠢᠬᠦ ᠪᠣᠯ ᠪᠥᠳᠦᠭᠡᠨ ᠪᠠᠶ᠋ᠢᠭᠤᠯᠵᠤ ᠮᠠᠯ ᠮᠠᠯᠵᠢᠬᠤ ᠦᠨᠳᠦᠰᠦᠨ ᠠᠷᠭ᠎ᠠ ᠵᠠᠮ ᠮᠥᠨ᠃ ᠣᠢ ᠰᠢᠭᠤᠢ ᠵᠢᠨ ᠪᠥᠳᠦᠭᠡᠨ ᠪᠠᠶ᠋ᠢᠭᠤᠯᠤᠯᠲᠠ ᠵᠢᠨ ᠲᠠᠯ᠎ᠠ᠎ᠪᠠᠷ ᠪᠣᠯ ᠨᠣᠳᠤᠭ ᠪᠡᠯᠴᠢᠭᠡᠷ᠎ᠤᠨ ᠬᠠᠯᠬᠠᠪᠴᠢ ᠣᠢ ᠵᠢ ᠪᠠᠶ᠋ᠢᠭᠤᠯᠬᠤ ᠶᠠᠪᠤᠳᠠᠯ ᠪᠣᠯᠤᠨ᠎ᠠ᠃ ᠨᠣᠳᠤᠭ ᠪᠡᠯᠴᠢᠭᠡᠷ᠎ᠤᠨ ᠬᠠᠯᠬᠠᠪᠴᠢ ᠣᠢᠨᠢ ᠲᠣᠣᠷ ᠬᠡᠯᠪᠡᠷᠢ᠂ ᠪᠦᠰᠡ ᠬᠡᠯᠪᠡᠷᠢ᠂ ᠪᠥᠭᠡᠮᠨᠡᠷᠡᠯ ᠬᠡᠯᠪᠡᠷᠢ ᠵᠡᠷᠭᠡ ᠭᠤᠷᠪᠠᠨ ᠬᠡᠯᠪᠡᠷᠢ ᠪᠠᠶ᠋ᠢᠳᠠᠭ᠃
ᠲᠣᠣᠷ ᠬᠡᠯᠪᠡᠷᠢ᠄ ᠡᠨᠡ᠎ᠨᠢ ᠡᠯᠡᠰᠦᠷᠭᠡᠭ ᠲᠠᠯ᠎ᠠ ᠭᠠᠵᠠᠷ᠂ ᠮᠠᠩᠬᠠᠨ ᠭᠠᠵᠠᠷ᠎ᠲᠠᠬᠢ ᠡᠪᠡᠰᠦ ᠪᠣᠷᠳᠤᠭ᠎ᠠ ᠵᠢᠨ ᠰᠠᠭᠤᠷᠢᠨ ᠭᠠᠵᠠᠷ ᠪᠣᠯᠣᠨ ᠬᠠᠳᠤᠯᠠᠩ᠎ᠤᠨ ᠲᠠᠯᠠᠪᠠᠢ ᠵᠢ ᠣᠶ᠋ᠢᠵᠢᠭᠤᠯᠬᠤ᠎ᠳᠤ ᠲᠣᠬᠢᠷᠠᠳᠠᠭ᠃ ᠡᠶ᠋ᠢᠮᠦᠷᠬᠦ ᠬᠠᠯᠬᠠᠪᠴᠢ ᠣᠢ ᠵᠢᠨ ᠪᠦᠰᠡ ᠵᠢ ᠲᠣᠬᠢᠷᠠᠭᠤᠯᠬᠤ᠎ᠳᠤ ᠰᠠᠯᠬᠢᠨ᠎ᠤ ᠵᠦᠭ ᠬᠦᠨᠳᠡᠯᠢᠳᠦᠭᠦᠯᠵᠦ᠂ ᠭᠤᠣᠯ ᠣᠢ ᠵᠢᠨ ᠪᠦᠰᠡ᠎ᠪᠠᠨ ᠰᠦᠯᠵᠢᠯᠳᠦᠵᠦ ᠣᠢ ᠵᠢᠨ ᠲᠤᠤᠷ ᠪᠤᠢ ᠪᠤᠯᠤᠨ᠎ᠠ᠃ ᠣᠢ ᠵᠢᠨ ᠪᠦᠰᠡ᠎ᠨᠢ 6 — 8 ᠮᠦᠷ ᠲᠣᠷᠤᠭ᠂ ᠪᠤᠳᠠᠯᠢᠭ ᠮᠣᠳᠣ᠎ᠪᠠᠷ ᠪᠥᠷᠢᠯᠳᠦᠭᠦᠯᠵᠦ᠂ ᠥᠷᠭᠡᠨ᠎ᠢ 12 — 20 ᠮᠸᠲᠷ ᠵᠶ᠋ᠠᠷ ᠤᠶ᠋ᠢᠵᠢᠭᠤᠯᠤᠨᠠ᠃
ᠪᠦᠰᠡ ᠬᠡᠯᠪᠡᠷᠢ᠄ ᠡᠨᠡ᠎ᠨᠢ ᠭᠤᠣᠯᠳᠠᠭᠤ ᠥᠷᠭᠡᠨ ᠠᠭᠤᠳᠠᠮ ᠴᠠᠶ᠋ᠢᠳᠠᠮ ᠭᠠᠵᠠᠷ᠂ ᠬᠠᠳᠣᠯᠠᠩ᠎ᠤᠨ ᠲᠠᠯᠠᠪᠠᠢ᠂ ᠡᠭᠡᠯᠵᠢᠯᠡᠨ ᠮᠡᠯᠵᠢᠬᠤ ᠪᠡᠯᠴᠢᠭᠡᠷ ᠵᠡᠷᠭᠡ ᠳᠤ ᠲᠣᠬᠢᠷᠠᠨ᠎ᠠ᠃ ᠡᠶ᠋ᠢᠮᠦ ᠬᠠᠯᠬᠠᠪᠴᠢ ᠣᠢ ᠵᠢᠨ ᠪᠦᠰᠡ ᠵᠢ ᠪᠠᠶ᠋ᠢᠭᠤᠯᠬᠤ᠎ᠳᠤ ᠮᠥᠨ ᠰᠠᠯᠬᠢᠨ᠎ᠤ ᠵᠦᠭ᠎ᠲᠤ ᠬᠦᠨᠳᠡᠯᠢᠳᠦᠭᠦᠯᠦᠨ ᠲᠠᠷᠢᠵᠦ᠂ ᠣᠢ ᠵᠢᠨ ᠪᠦᠰᠡ ᠵᠢᠨ ᠥᠷᠭᠡᠨ᠎ᠨᠢ 15 — 20 ᠮᠸᠲᠷ᠂ ᠨᠡᠭᠦᠳᠡᠯ ᠡᠯᠡᠰᠦ᠎ᠠᠴᠠ ᠣᠶ᠋ᠢᠷᠬᠠᠨ ᠭᠠᠵᠠᠷ᠎ᠲᠤ᠂ ᠰᠠᠯᠬᠢ ᠵᠦᠭ ᠬᠠᠨᠳᠤᠭᠰᠠᠨ ᠣᠢ ᠵᠢᠨ ᠪᠦᠰᠡ᠎ᠪᠠᠨ ᠵᠣᠬᠢᠰᠲᠡᠢ᠎ᠪᠠᠷ ᠥᠷᠭᠡᠳᠭᠡᠨ ᠣᠶ᠋ᠢᠵᠢᠭᠤᠯᠬᠤ ᠬᠡᠷᠡᠭᠲᠡᠢ᠃
ᠪᠥᠭᠡᠮᠨᠡᠷᠡᠯ ᠬᠡᠯᠪᠡᠷᠢ᠄ ᠪᠥᠭᠡᠮᠨᠡᠷᠡᠯ ᠬᠡᠯᠪᠡᠷᠢ᠎ᠨᠢ ᠲᠣᠭᠳᠠᠭᠰᠠᠨ ᠡᠭᠡᠯᠵᠢᠯᠡᠨ ᠮᠠᠯᠵᠢᠬᠤ ᠪᠡᠯᠴᠢᠭᠡᠷ ᠪᠣᠯᠣᠨ ᠡᠪᠦᠯᠵᠢᠶ᠎ᠡ ᠵᠢᠨ ᠵᠣᠰᠠᠯᠠᠩ᠎ᠤᠨ ᠭᠠᠵᠠᠷ᠂ ᠮᠠᠯ ᠤᠰᠤᠯᠠᠬᠤ ᠭᠠᠵᠠᠷ᠎ᠤᠨ ᠣᠷᠴᠢᠨ ᠲᠣᠭᠤᠷᠢᠨ᠎ᠢ ᠨᠣᠭᠤᠭ᠋ᠠᠷᠠᠭᠤᠯᠬᠤ᠎ᠳᠤ ᠲᠣᠬᠢᠷᠡᠬᠤ ᠶᠣᠮ᠃ ᠡᠨᠡ᠎ᠨᠢ ᠮᠠᠯ ᠰᠦᠷᠦᠭ ᠡᠪᠡᠰᠦᠯᠡᠬᠦ᠂ ᠤᠰᠤ ᠤᠤᠭᠤᠬᠤ᠂ ᠠᠮᠠᠷᠠᠬᠤ ᠵᠡᠷᠭᠡ᠎ᠳᠤ ᠲᠠᠭ᠋ᠠᠯᠠᠮᠵᠢᠲᠠᠢ ᠣᠷᠴᠢᠨ ᠲᠣᠭᠤᠷᠢᠨ᠎ᠢ ᠪᠤᠢ ᠪᠣᠯᠭ᠋ᠠᠵᠤ ᠰᠢᠳᠠᠮ᠎ᠠ ᠬᠠᠯᠠᠭᠤᠨ ᠪᠠ ᠰᠠᠯᠬᠢ ᠰᠢᠭᠤᠷᠭ᠋ᠠᠨ᠎ᠠᠴᠠ ᠵᠠᠶ᠋ᠢᠯᠠᠭᠤᠯᠵᠤ᠂ ᠮᠠᠯ ᠰᠦᠷᠦᠭ ᠵᠶ᠋ᠠᠨ ᠬᠠᠮᠠᠭ᠋ᠠᠯᠠᠬᠤ ᠵᠢᠨ ᠲᠥᠯᠦᠭᠡ ᠶᠤᠮ᠃ ᠡᠭᠦᠨ᠎ᠠᠴᠠ ᠭᠠᠳᠠᠨ᠎ᠡ ᠡᠯᠡᠰᠦ ᠮᠠᠩᠬ᠎ᠠ ᠵᠢ ᠲᠣᠭᠳᠠᠪᠤᠷᠢᠵᠢᠭᠤᠯᠤᠨ ᠰᠠᠯᠬᠢᠨ ᠰᠢᠭᠤᠷᠭ᠋ᠠᠨ᠎ᠢ ᠬᠠᠯᠬᠠᠯᠠᠬᠤ᠂ ᠡᠪᠡᠰᠦ ᠪᠡᠯᠴᠢᠭᠡᠷ ᠵᠶ᠋ᠠᠨ ᠬᠠᠮᠠᠭ᠋ᠠᠯᠠᠬᠤ ᠵᠡᠷᠭᠡ ᠤᠶ᠋ᠢᠯᠡᠳᠤᠯ᠎ᠲᠠᠢ ᠪᠠᠶ᠋ᠢᠳᠠᠭ᠃ ᠪᠥᠭᠡᠮᠨᠡᠷᠡᠯ ᠬᠡᠯᠪᠡᠷᠢᠲᠦ ᠬᠠᠯᠬᠠᠪᠴᠢ ᠣᠢ ᠵᠢ ᠬᠡᠰᠡᠭ ᠪᠥᠯᠥᠭᠯᠡᠯ ᠲᠣᠷᠤᠭ ᠪᠠ ᠪᠣᠳᠠᠯᠢᠭ ᠮᠣᠳᠣᠨ᠎ᠤ ᠨᠢᠭᠲᠠ ᠰᠢᠭᠤᠢ᠎ᠪᠠᠷ ᠪᠥᠷᠢᠯᠳᠦᠭᠦᠯᠬᠦ ᠬᠡᠷᠡᠭᠲᠡᠢ᠃ ᠨᠢᠭᠲᠠ ᠰᠢᠭᠤᠢ ᠵᠢᠨ ᠬᠡᠯᠪᠡᠷᠢ᠎ᠨᠢ ᠣᠯᠠᠨ ᠵᠤᠶ᠋ᠢᠯ᠂ ᠣᠯᠠᠨ ᠶᠠᠩᠵᠤ ᠵᠢᠨ ᠪᠠᠶ᠋ᠢᠵᠤ ᠪᠣᠯᠤᠨ᠎ᠠ᠃ ᠲᠥᠷᠪᠡᠯᠵᠢᠨ᠂ ᠲᠥᠭᠦᠷᠡᠭ᠂ ᠨᠣᠮᠣ ᠵᠢᠨ ᠬᠡᠯᠪᠡᠷᠢᠲᠦ᠂ 《+》 《T》 ᠬᠡᠯᠪᠡᠷᠢᠲᠦ ᠵᠡᠷᠭᠡ ᠪᠠᠶ᠋ᠢᠳᠠᠭ᠃ ᠡᠨᠡ᠎ᠨᠢ ᠣᠢ ᠵᠢᠨ ᠲᠤᠮᠳᠠ ᠡᠪᠡᠰᠦᠲᠡᠢ᠂ ᠡᠪᠡᠰᠦ ᠵᠢᠨ ᠲᠤᠮᠳᠠ ᠰᠢᠭᠤᠶ᠋ᠢᠲᠡᠢ᠂ ᠮᠣᠳᠣ ᠡᠪᠡᠰᠦ ᠬᠠᠷᠢᠯᠴᠠᠨ ᠰᠦᠯᠵᠢᠯᠳᠦᠭᠰᠡᠨ ᠪᠥᠳᠦᠴᠡ᠎ᠲᠠᠢ ᠪᠠᠶ᠋ᠢᠳᠠᠭ᠃
《ᠮᠠᠯ ᠲᠠᠷᠢᠶᠠᠯᠠᠩ᠎ᠤᠨ ᠬᠡᠷᠡᠭᠯᠡᠭᠡᠨ᠎ᠤ ᠰᠢᠨ᠎ᠡ ᠮᠡᠷᠭᠡᠵᠢᠯ》 ᠭᠡᠬᠦ ᠨᠤᠮ᠎ᠠᠴᠠ ᠪᠠᠭᠤᠯᠭ᠋ᠠᠪᠠ᠃